ᠡᠷᠢᠶᠡᠨ ᠬᠤᠲᠠ ᠶᠢᠨ ᠪᠣᠭᠤᠮᠲᠠ ᠶᠢᠨ ᠳᠣᠮᠳᠠᠳᠦ ᠡᠸᠦ᠋ᠷᠦᠫᠠ ᠶᠢᠨ ᠱᠣᠭᠤᠮ ᠨᠡᠮᠡᠭᠳᠡᠭᠡᠳ18 ᠱᠣᠭᠤᠮ ᠪᠣᠯᠪᠠ
ᠨᠡᠶᠢᠲᠡᠯᠡᠭᠰᠡᠨ ᠴᠠᠭ᠄
2018/2/7
 ᠳᠣᠮᠳᠠᠳᠦ ᠣᠯᠣᠰ ᠤᠨ ᠰᠣᠨᠢᠨ ᠰᠦᠯᠵᠢᠶ᠎ᠡ ᠶᠢᠨ 2 ᠰᠠᠷ᠎ᠠ ᠶᠢᠨ 2 ᠤ ᠡᠳᠦᠷ ᠤᠨ ᠴᠠᠬᠢᠯᠭᠠᠨ ︵ ᠯᠢ ᠠᠢ ᠫᠢᠩ᠂ ᠯᠢᠶᠠᠩ ᠰᠢᠶᠣᠣ ᠬᠤᠩ︶ ᠦᠪᠣᠷ ᠮᠣᠩᠭᠤᠯ ᠤᠨ ᠡᠷᠢᠶᠡᠨ ᠬᠤᠲᠠ ᠶᠢᠨ ᠰᠢᠯᠭᠠᠨ ᠪᠠᠶᠢᠴᠠᠭᠠᠬᠤ ᠬᠡᠵᠢᠭ ᠢ ᠪᠠᠶᠢᠴᠠᠭᠠᠬᠤ ᠳᠣᠪᠴᠢᠶ᠎ᠠ 2  ᠡᠳᠦᠷ ᠤᠨ ᠮᠡᠳᠡᠬᠡᠯᠡᠯ ᠢᠶᠠᠷ ᠡᠷᠢᠶᠡᠨ ᠬᠤᠲᠠ ᠶᠢᠨ ᠪᠣᠭᠤᠮᠲᠠ ᠶᠢᠨ ᠳᠣᠮᠳᠠᠳᠦ ᠡᠸᠦ᠋ᠷᠦᠫᠠ ᠶᠢᠨ ᠱᠣᠭᠤᠮ ᠨᠡᠮᠡᠭᠳᠡᠭᠡᠳ18 ᠱᠣᠭᠤᠮ ᠪᠣᠯᠪᠠ᠃  ᠳᠣᠰ ᠡᠳᠦᠷ᠂ ᠨᠠᠨᠵᠢᠩ ᠠᠴᠠ ᠡᠬᠢᠯᠡᠯᠳᠠ ᠶᠢᠨ ᠴᠢᠭ ᠢᠶᠠᠨ ᠪᠣᠯᠭᠠᠭᠰᠠᠨ ᠳᠣᠮᠳᠠᠳᠦ ᠡᠸᠦ᠋ᠷᠦᠫᠠ ᠶᠢᠨ ᠳᠡᠮᠣᠷ ᠵᠠᠮ ᠤᠨ ᠱᠣᠭᠤᠮ ᠨᠢ ᠠᠩᠬ᠎ᠠ ᠣᠳᠠᠭ᠎ᠠ ᠡᠷᠢᠶᠠᠨ  ᠬᠤᠲᠠ  ᠶᠢᠨ ᠪᠣᠭᠤᠮᠳᠠ ᠳᠤ ᠬᠦᠷᠴᠦ᠂ ᠡᠷᠢᠶᠡᠨ ᠬᠤᠲᠠ ᠶᠢᠨ ᠰᠢᠯᠭᠠᠨ ᠪᠠᠶᠢᠴᠠᠭᠠᠬᠤ ᠬᠡᠵᠢᠭ ᠪᠠᠶᠢᠴᠠᠭᠠᠬᠤ ᠳᠣᠪᠴᠢᠶᠠᠨ ᠤ ᠰᠢᠯᠭᠠᠨ ᠪᠠᠶᠢᠴᠠᠭᠠᠯᠳᠠ ᠪᠠᠷ ᠳᠠᠮᠵᠢᠨ᠂  ᠣᠷᠣᠰ ᠤᠨ ᠺᠡᠯᠢᠡᠰᠢᠲᠡ ᠣᠷᠣᠭᠤ ᠠᠶᠠᠯᠠᠯ ᠢᠶᠠᠨ ᠡᠬᠢᠯᠡᠬᠦᠯᠦᠯ᠎ᠡ᠃  ᠳᠣᠰ ᠲᠡᠮᠣᠷ ᠵᠠᠮ ᠤᠨ ᠱᠣᠭᠤᠮ ᠨᠢ ᠨᠠᠶᠢᠲᠡ42 ᠴᠢᠩᠬᠡᠯᠢᠭ   ᠲᠠᠢ᠂ ᠬᠦᠨᠳᠦ ᠨᠢ 492.07 ᠳᠣᠨ᠂ ᠪᠠᠷᠠᠭᠠᠨ ᠤ ᠦᠷᠳᠡᠭ ᠨᠢ350.95 ᠳᠦᠮᠡᠨ ᠳ᠋ᠣᠯᠯᠠᠷ᠂ ᠳᠡᠬᠡᠬᠡᠪᠣᠷᠢᠯᠡᠬᠦ  ᠪᠣᠳᠠᠰ‌ᠨᠢ ᠪᠦᠰ ᠪᠠᠷᠠᠭ᠎ᠠ᠂ ᠮᠠᠯᠠᠭᠠᠢ ᠭᠤᠳᠣᠯ᠂ ᠳᠣᠭᠤᠢ ᠳᠡᠷᠭᠡ ᠵᠡᠷᠭᠡ᠃ ᠨᠠᠨᠵᠢᠩ ᠤᠨ ᠲᠡᠭᠡᠭᠡᠪᠣᠷᠢ ᠶᠢᠨ ᠱᠤᠭᠤᠮ ᠤᠨ ᠠᠮᠵᠢᠯᠳᠠ   ᠲᠠᠢ ᠨᠡᠪᠲᠡᠷᠡᠬᠦ ᠶᠢ ᠳᠠᠭᠠᠯᠳᠣᠨ᠂ ᠡᠷᠢᠶᠡᠨ ᠬᠤᠲᠠ ᠶᠢᠨ ᠪᠣᠭᠤᠮᠲᠠ ᠶᠢᠨ ᠳᠣᠮᠳᠠᠳᠦ ᠡᠸᠦ᠋ᠷᠦᠫᠠ ᠶᠢᠨ ᠱᠣᠭᠤᠮ ᠨᠡᠮᠡᠭᠳᠡᠭᠡᠳ18 ᠱᠣᠭᠤᠮ ᠪᠣᠯᠪᠠ᠃  ᠡᠷᠢᠶᠡᠨ ᠬᠤᠲᠠ ᠶᠢᠨ ᠰᠢᠯᠭᠠᠨ ᠪᠠᠶᠢᠴᠠᠭᠠᠬᠤ ᠬᠡᠵᠢᠭ ᠪᠠᠶᠢᠴᠠᠭᠠᠬᠤ  ᠳᠣᠪᠴᠢᠶ᠎ᠠ ︽ᠨᠢᠭᠡ ᠪᠦᠰᠡ ᠨᠢᠭᠡ ᠵᠠᠮ︾ ᠱᠣᠭᠤᠮ ᠳᠠᠭᠠᠣ ᠣᠯᠣᠰ ᠣᠷᠣᠨ ᠤ ᠬᠠᠮᠢᠶ᠎ᠠ ᠪᠦᠬᠦᠢ ᠳᠦᠷᠦ ᠶᠢᠨ ᠪᠣᠳᠣᠯᠭ᠎ᠠ ᠶᠢ ᠬᠦᠴᠦᠳᠠᠢ ᠳᠡᠮᠵᠢᠬᠦ ᠶᠢ ᠴᠢᠩᠭᠠᠳᠬᠠᠵᠦ᠂ ᠳᠣᠮᠳᠠᠳᠦ ᠡᠸᠦ᠋ᠷᠦᠫᠠ ᠶᠢᠨ  ᠳᠡᠮᠣᠷ ᠵᠠᠮ ᠤᠨ ᠱᠣᠭᠤᠮ ᠳᠡᠭᠡᠷ᠎ᠡ ︽ᠰᠠᠭᠠᠳ ᠦᠭᠡᠢ  ᠭᠠᠷᠴᠠ ᠵᠠᠮ ︾ ᠵᠡᠷᠭᠡ ᠶᠢᠨ ᠳᠦᠭᠦᠮ ᠦᠵᠡᠬᠦᠯᠬᠦ ᠦᠢᠯᠡᠴᠢᠯᠡᠭᠡ ᠬᠠᠩᠭᠠᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号