ᠡᠷᠢᠶᠡᠨ ᠬᠤᠲᠠ ᠶᠢᠨ ᠭᠡᠷᠡᠯᠳᠦᠠᠣᠳᠦ ᠰᠣᠮᠣᠨ ᠤ ︽  ᠭᠤᠪᠢ ᠶᠢᠨ ᠬᠠᠪᠣᠷ︾  ᠴᠠᠭᠠᠨ ᠰᠠᠷ᠎ᠠ ᠵᠢᠨ‌ᠦᠳᠡᠰᠢᠯᠡᠭᠡ
ᠨᠡᠶᠢᠲᠡᠯᠡᠭᠰᠡᠨ ᠴᠠᠭ᠄
2018/2/8
 ᠡᠷᠢᠶᠡᠨ ᠬᠤᠲᠠ ᠶᠢᠨ ᠭᠡᠷᠡᠯᠳᠦᠠᠣᠳᠦ ᠰᠣᠮᠣᠨ ᠤ ᠮᠠᠯᠴᠢᠳ ᠤᠨ ᠰᠢᠷ᠎ᠠ ᠨᠣᠬᠠᠢ ᠵᠢᠯ ᠤᠨ ᠴᠠᠭᠠᠨ ᠰᠠᠷ᠎ᠠ ᠶᠢᠨ ᠰᠣᠶᠣᠯ ᠣᠷᠠᠯᠢᠭ ᠤᠨ ᠦᠳᠡᠰᠢᠯᠡᠭᠡ 2018 ᠣᠨ ᠤ 2 ᠰᠠᠷ᠎ᠠ ᠶᠢᠨ 7 ᠤ  ᠡᠳᠦᠷ ᠤᠨ 19᠄ 30  ᠳᠤ ᠡᠷᠢᠶᠡᠨ ᠬᠤᠲᠠ ᠶᠢᠨ ᠰᠣᠶᠣᠯ ᠤᠨ ᠳᠦᠪ ᠣᠷᠳᠣᠨ ᠳᠤ  ᠦᠪᠡᠳᠡᠭᠰᠢ  ᠶᠡᠭᠡ ᠪᠠᠷ ᠶᠠᠪᠣᠭᠳᠠᠪᠠ᠃    ᠦᠳᠡᠰᠢᠯᠡᠭᠡ ᠳᠤ ᠬᠤᠲᠠ ᠶᠢᠨ ᠨᠠᠮ ᠤᠨ ᠬᠤᠷᠢᠶ᠎ᠠ  ᠵᠠᠰᠠᠭ ᠤᠨ ᠣᠷᠳᠣᠨ ᠤ ᠣᠳᠣᠷᠢᠳᠣᠯᠭ᠎ᠠ ᠨᠤᠭᠤᠳ ᠮᠣᠷᠢᠯᠠᠨ ᠰᠠᠭᠠᠳᠠᠵᠦ ᠬᠠᠮᠳᠦ ᠰᠣᠨᠢᠷᠬᠠᠪᠠ᠃  ᠳᠣᠭᠯᠠᠯᠲᠠ ᠳᠤ  ᠦᠪᠣᠷ ᠮᠣᠩᠭᠤᠯ ᠤᠨ ᠠᠯᠳᠠᠷᠳᠦ ᠳᠠᠭᠤᠴᠢᠨ ᠳᠣᠷᠭᠠᠨ ᠬᠤᠭᠤᠯᠠᠢ ᠲᠠᠢ ᠣᠶᠣᠨᠪᠢᠯᠢᠭ᠌  ᠂  ᠳᠠᠭᠤᠴᠢᠨ ᠣᠳᠬᠠᠨᠳᠣᠶᠠᠭ᠎ᠠ  ᠪᠣᠯᠣᠨ ᠬᠡᠷᠡᠯᠳᠦᠡᠣᠳᠦ ᠰᠣᠮᠣᠨ ᠤ ᠮᠠᠯᠴᠢᠳ ᠣᠷᠣᠯᠴᠠᠭᠰᠠᠨ ᠢᠶᠠᠷ ᠪᠠᠷᠠᠬᠤ ᠦᠭᠡᠢ ᠮᠣᠩᠭᠤᠯ ᠣᠯᠣᠰ ᠤᠨ ᠰᠠᠷᠠᠨᠬᠦ᠋ᠬᠦᠭᠡ  ᠳᠢᠶᠠᠲᠷ ᠤᠨ ᠳᠣᠭᠯᠠᠭᠴᠢᠳ  ᠂ ︽ ᠰᠢᠨ᠎ᠡ ᠦᠶ᠎ᠡ︾  ᠬᠠᠮᠳᠣᠯᠢᠭ ᠤᠨ ᠬᠢᠨᠢ ᠬᠦᠷᠦᠯᠴᠡᠨ ᠢᠷᠡᠵᠦ ᠦᠳᠡᠰᠢᠯᠡᠭᠡ ᠳᠤ ᠦᠩᠬᠡ ᠪᠣᠳᠤᠭ ᠨᠡᠮᠡᠷᠢᠯᠡᠭᠰᠡᠨ ᠪᠦᠭᠡᠳ‌‍ᠲ᠋ᠣᠮᠳᠠᠳᠦ ᠮᠣᠩᠭᠤᠯ ᠬᠤᠶᠠᠷ ᠣᠯᠣᠰ ᠤᠨ ᠨᠦᠬᠦᠷᠰᠡᠭ ᠬᠠᠷᠢᠴᠠᠭ᠎ᠠ ᠶᠢ ᠣᠯᠠᠮ ᠪᠠᠬᠢᠵᠢᠬᠦᠯᠪᠡ᠃   ᠮᠣᠩᠭᠤᠯ ᠰᠣᠶᠣᠯ ᠢᠶᠠᠨ ᠬᠡᠵᠦ ᠳᠡᠭᠡᠳᠦᠯᠡᠳᠡᠭ ᠬᠦᠷᠦᠯᠴᠡᠨ ᠢᠷᠡᠭᠰᠡᠨ ᠦᠵᠡᠭᠴᠢᠳ ᠨᠢ ᠮᠣᠩᠭᠤᠯ ᠭᠤᠶᠣᠯᠠᠯ ᠢᠶᠠᠷ ᠢᠶᠠᠨ ᠪᠦᠷᠢᠨ ᠴᠢᠮᠡᠭᠯᠡᠵᠦ᠂ ᠠᠬᠤᠢ ᠳᠠᠯᠠᠪᠠᠢ ᠶᠢ ᠦᠩᠬᠡ ᠢᠯᠭᠠᠷᠠᠭᠤᠯᠣᠨ᠂ ᠪᠢᠯᠬᠠᠲᠠᠯ᠎ᠠ  ᠰᠠᠭᠠᠳᠠᠭᠰᠠᠨ ᠨᠢ  ᠦᠳᠡᠰᠢᠯᠡᠭᠡ ᠶᠢᠨ ᠪᠠᠰᠠ ᠨᠢᠭᠡ ᠭᠤᠶᠢᠳᠠ ᠦᠵᠡᠮᠵᠢ ᠪᠣᠯᠣᠭᠰᠠᠨ ᠪᠠᠶᠢᠨ᠎ᠠ᠃ ᠮᠦᠨ ᠴᠦ ᠡᠷᠢᠶᠠᠨ ᠬᠤᠲᠠ ᠶᠢᠨ ᠮᠣᠩᠭᠤᠯᠴᠣᠳ ᠤᠨ ᠦᠪᠡᠷ  ᠤᠨ ᠦᠭᠡ ᠬᠡᠯᠡ ᠦᠪ ᠰᠣᠶᠣᠯ ᠢᠶᠠᠨ ᠬᠦᠨᠳᠦᠳᠬᠡᠨ ᠬᠠᠶᠢᠷᠠᠯᠠᠳᠠᠭ ᠬᠠᠯᠠᠭᠤᠨ ᠰᠡᠳᠬᠢᠯᠭᠡ  ᠶᠢ ᠨᠢ ᠮᠡᠳᠡᠷᠡᠬᠦ ᠪᠣᠯᠣᠨ᠎ᠠ᠃     ᠬᠤᠶᠠᠷ ᠴᠠᠭ ᠭᠠᠷᠣᠢ ᠶᠢᠨ ᠳᠣᠭᠯᠠᠯᠳᠠ ᠪᠠᠷ  ᠳᠠᠮᠵᠢᠨ  ᠂ ︽ ᠭᠤᠪᠢ ᠶᠢᠨ ᠬᠠᠪᠣᠷ︾ ᠴᠠᠭᠠᠨ ᠰᠠᠷ᠎ᠠ ᠶᠢᠨ ᠦᠳᠡᠰᠢᠯᠡᠭᠡ ᠨᠢ ᠦᠵᠡᠭᠴᠢᠳ ᠤᠨ ᠠᠯᠠᠭ᠎ᠠ ᠳᠠᠰᠢᠯᠲᠠ ᠶᠢᠨ ᠳᠣᠮᠲᠠ ᠠᠮᠵᠢᠯᠲᠠ   ᠲᠠᠢ ᠦᠨᠳᠦᠷᠯᠡᠯ᠎ᠡ  ᠃ ᠬᠡᠷᠡᠯᠲᠦᠡᠳᠳᠦ  ᠰᠣᠮᠣ ᠨᠢ  ᠡᠷᠢᠶᠡᠨ ᠬᠤᠲᠠ ᠶᠢᠨ  ᠨᠠᠮ ᠵᠠᠰᠠᠭ ᠤᠨ ᠬᠠᠶᠢᠷ᠎ᠠ ᠬᠠᠯᠠᠮᠵᠢ ᠳᠣᠣᠷ᠎ᠠ᠂ ᠦᠪᠡᠷ ᠤᠨ ᠣᠶᠣᠨ ᠣᠬᠠᠭᠠᠨ᠂ ᠣᠷ᠎ᠠ ᠠᠪᠢᠶᠠᠰ᠂ ᠣᠷᠠᠨ ᠬᠦᠳᠡᠯᠮᠣᠷᠢ ᠪᠠᠷ ᠢᠶᠠᠨ ᠠᠵᠢᠯ ᠠᠮᠢᠳᠣᠷᠠᠯ ᠢᠶᠠᠨ ᠦᠬᠡᠳᠡ ᠳᠠᠳᠠᠵᠦ᠂  ᠦᠵᠡᠰᠬᠦᠯᠡᠩᠳᠦ ᠰᠠᠶᠢᠬᠠᠨ ᠦᠪᠣᠷ ᠮᠣᠩᠭᠤᠯ ᠢᠶᠠᠨ ᠪᠦᠳᠦᠬᠡᠨ ᠪᠠᠶᠢᠭᠤᠯᠵᠦ  ᠂ ᠠᠭᠤᠣ ᠶᠡᠭᠡ ︽ ᠳᠣᠮᠳᠠᠳᠦ ᠶᠢᠨ ᠬᠦᠰᠡᠯ ᠵᠡᠬᠦᠳᠦ︾  ᠶᠢ ᠳᠡᠷᠬᠡᠯᠰᠢᠬᠦᠯᠬᠦ   ᠪᠠᠷ ᠮᠡᠷᠡᠶᠢᠵᠦ  ᠪᠠᠶᠢᠭ᠎ᠠ ᠶᠤᠮ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号