ᠬᠡᠤᠬᠡᠳ ᠢ ᠠᠵᠠ ᠵᠢᠷᠭᠠᠯ ᠲᠠᠢ ᠪᠤᠯᠭᠠᠬᠤ ᠠᠷᠪᠠᠨ ᠨᠢᠭᠤᠴᠠ | | ᠰᠡᠬᠦᠯ ᠤᠨ ᠦᠶ᠎ᠡ ᠳᠤ ᠵᠠᠯᠠᠭᠤ ᠠᠪᠤ ᠡᠵᠢ ᠤᠳ ᠨᠠᠳᠠ ᠠᠴᠠ ︽ᠶᠠᠫᠤᠨᠴᠤᠳ ᠬᠡᠤᠬᠡᠳ ᠢᠶᠠᠨ ᠶᠠᠭᠠᠬᠢᠵᠤ | ᠦᠰᠭᠡᠵᠦ ᠬᠦᠮᠦᠵᠢᠬᠦᠯᠦᠨ᠂ ᠲᠦᠯᠦᠪᠰᠢᠷᠡᠬᠦᠯᠳᠡᠭ ᠪᠤᠢ︾ ᠭᠡᠵᠦ ᠶᠡᠬᠡᠪᠡᠷ ᠠᠰᠠᠭᠤᠬᠤ ᠪᠤᠯᠪᠠ᠃ ᠡᠶᠢᠮᠦ | ᠠᠰᠠᠭᠤᠯᠳᠠ ᠲᠠᠯᠪᠢᠵᠤ ᠪᠠᠶᠢᠨ᠎ᠠ ᠭᠡᠳᠡᠭ ᠪᠤᠯ ᠰᠠᠶᠢᠨ ᠬᠡᠷᠡᠭ᠃ ᠬᠦᠮᠦᠨ ᠪᠦᠬᠦᠨ ᠠᠪᠤ ᠡᠵᠢ ᠪᠤᠯᠳᠠᠭ ᠴᠤ ᠬᠦᠮᠦᠨ | ᠪᠦᠬᠦᠨ ᠰᠤᠷᠭᠠᠨ ᠬᠦᠮᠦᠵᠢᠬᠦᠯᠦᠭᠴᠢ ᠪᠤᠯᠬᠤ ᠪᠤᠯᠤᠮᠵᠢ ᠦᠭᠡᠢ᠃ ᠲᠡᠭᠡᠬᠦ ᠪᠠᠷ ᠦᠷ᠎ᠡ ᠬᠡᠤᠬᠡᠳ ᠢᠶᠠᠨ ᠪᠤᠰᠤᠳ ᠤᠨ | ᠵᠢᠱᠢᠶ᠎ᠡ ᠪᠠᠷ ᠠᠪᠤ ᠡᠵᠢ᠂ ᠠᠬᠠᠮᠠᠳ ᠨᠠᠰᠤᠳᠠᠳ ᠠᠴᠠ᠂ ᠪᠠᠭᠰᠢ᠂ ᠰᠤᠷᠭᠠᠨ ᠬᠦᠮᠦᠵᠢᠬᠦᠯᠦᠭᠴᠢᠳ ᠠᠴᠠ ᠠᠰᠠᠭᠤᠵᠤ | ᠵᠢᠭᠠᠯᠭᠠᠵᠤ ᠪᠠᠶᠢᠵᠤ ᠯᠡ ᠦᠰᠭᠡᠵᠦ ᠪᠤᠶᠢᠵᠢᠭᠤᠯᠤᠨ᠎ᠠ ᠰᠢᠦ ᠳ᠋ᠠ᠃ ︽ᠬᠡᠤᠬᠡᠳ ᠢ ᠠᠵᠠ ᠵᠢᠷᠭᠠᠯ ᠲᠠᠢ ᠪᠤᠯᠭᠠᠬᠤ | 10 ᠨᠢᠭᠤᠴᠠ︾ ᠭᠡᠰᠡᠨ ᠲᠠᠨᠢᠯᠴᠠᠭᠤᠯᠭ᠎ᠠ ᠮᠠᠲ᠋ᠧᠷᠢᠶᠠᠯ ᠢ itm ama,jp ᠭᠡᠳᠡᠭ ᠰᠠᠶᠢᠳ᠋ ᠠᠴᠠ ᠤᠯᠤᠭᠰᠠᠨ | ᠢᠶᠠᠨ ᠤᠷᠴᠢᠭᠤᠯᠤᠨ ᠲᠠᠨᠢᠯᠴᠠᠭᠤᠯᠵᠤ ᠪᠠᠶᠢᠨ᠎ᠠ᠃ | ᠡᠨᠡ ᠠᠷᠪᠠᠨ ᠨᠢᠭᠤᠴᠠ ᠪᠤᠯ ᠬᠦᠮᠦᠨ ᠪᠦᠬᠦᠨ ᠤ ᠤᠯᠵᠤ ᠮᠡᠳᠡᠭᠡ ᠦᠭᠡᠢ᠂ ᠡᠷᠳᠡᠮᠳᠡᠨ ᠮᠡᠷᠭᠡᠳ ᠨᠡᠭᠡᠭᠡᠵᠦ | ᠢᠯᠡᠷᠡᠬᠦᠯᠦᠭᠰᠡᠨ ᠤᠨᠴᠠ ᠶᠢᠨ ᠵᠤᠶᠢᠯ ᠤᠭᠳᠤ ᠪᠢᠰᠢ᠃ ᠮᠠᠰᠢ ᠡᠩ ᠤᠨ᠂ ᠪᠢᠳᠡ ᠪᠦᠬᠦᠳᠡ ᠶᠢᠨ ᠮᠡᠳᠡᠳᠡᠭ᠂ ᠪᠢᠳᠡ | ᠪᠦᠬᠦᠨ ᠤ ᠬᠢᠵᠦ ᠴᠢᠳᠠᠳᠠᠭ ᠯᠡ ᠠᠵᠢᠯ᠃ ᠶᠡᠷᠦ ᠨᠢ ᠪᠤᠯ ︽ᠡᠩ ᠤᠨ︾ ᠶᠠᠭᠤᠮᠠᠨ ᠲᠤᠲᠤᠷ᠎ᠠ ᠯᠡ ᠠᠭᠤᠤ | ᠶᠠᠭᠤᠮ᠎ᠠ ᠪᠠᠶᠢᠭᠠᠳ ᠪᠠᠶᠢᠬᠤ ᠰᠢᠭ᠋ ᠰᠠᠨᠠᠭᠳᠠᠳᠠᠭ᠃ ᠪᠢᠳᠡ ᠯᠡ ︽ᠠᠮᠧᠷᠢᠺᠠ ᠳᠤ ᠶᠠᠮᠠᠷ ᠪᠠᠶᠢᠨ᠎ᠠ᠂ ᠡᠸᠤᠷᠦ᠋ᠫᠡᠴᠤᠳ | ᠶᠠᠭᠠᠬᠢᠳᠠᠭ ᠭᠡᠨ᠎ᠡ᠂ ᠶᠠᠭ ᠰᠠᠯᠪᠤᠷᠢ ᠶᠢᠨ ᠬᠢ ᠰᠢᠭ ᠨᠢ ᠳ᠋ᠤᠺᠲ᠋ᠤᠷ ᠫᠷᠤᠹᠧᠰᠰᠤᠷ ᠤᠳ ᠶᠠᠭᠤ ᠭᠡᠵᠦ ᠬᠡᠯᠡᠭᠰᠡᠨ | ᠪᠠᠶᠢᠨ᠎ᠠ︖︾ ᠭᠡᠳ ᠯᠡ᠂ ᠲᠤᠮᠤ ᠶᠠᠭᠤᠮ᠎ᠠ ᠬᠠᠶᠢᠭᠠᠳ ᠪᠠᠶᠢᠳᠠᠭ ᠪᠤᠯᠬᠤ ᠠᠴᠠ ᠦᠨᠡᠨᠳᠡᠭᠡᠨ ︽ᠬᠢᠮᠤᠷᠠᠯ ᠠᠴᠠ | ᠭᠠᠷᠬᠤ ᠠᠷᠭ᠎ᠠ︾ ᠴᠤ ᠪᠢᠳᠡᠨ ᠤ ᠤᠭᠤᠷᠠᠭ ᠲᠠᠷᠢᠬᠢᠨ ᠳᠤ ᠪᠠᠶᠢᠵᠤ ᠯᠡ ᠪᠠᠶᠢᠭ᠎ᠠ᠃ ᠬᠡᠤᠬᠡᠳ ᠬᠦᠮᠦᠵᠢᠬᠦᠯᠬᠦ ᠴᠤ | ᠪᠠᠰᠠ ᠠᠳᠠᠯᠢ᠃ ᠭᠠᠳᠠᠨᠠᠬᠢ ᠶᠢᠨ ᠡᠯᠳᠡᠪ ᠤᠨ ᠰᠦᠯᠵᠢᠶ᠎ᠡ᠂ ᠬᠤᠭᠤᠰᠤᠨ ᠤᠨᠤᠯ ᠳᠤ ᠢᠳᠡᠭᠡᠭᠡᠳ᠂ ᠳᠠᠭᠠᠭᠠᠳ | ᠪᠠᠶᠢᠬᠤ ᠶᠤᠮ ᠪᠤᠯ ᠪᠢᠳᠡᠨ ᠤ ᠲᠤᠯᠤᠭᠠᠢ ᠠᠮᠠᠷᠬᠠᠨ ︽ᠡᠷᠬᠢᠬᠦᠯᠦᠭᠳ᠋ᠨᠨᠡ︾ ᠰᠢᠦ᠃ ᠡᠶᠢᠮᠦᠷᠬᠦ ᠪᠠᠶᠢᠳᠠᠯ ᠤᠳᠤ ᠴᠦ | ᠭᠡᠳ ᠤᠷᠤᠰᠢᠵᠦ ᠯᠡ ᠪᠠᠶᠢᠨ᠎ᠠ᠃ ᠵᠠ ᠢᠩᠬᠢᠭᠡᠳ 10 ᠨᠢᠭᠤᠴᠠ ᠶᠢ ᠲᠠᠨᠢᠯᠴᠠᠭᠤᠯᠤᠶ᠎ᠠ᠄ | 1. ᠠᠪᠤ ᠡᠵᠢ ᠬᠡᠤᠬᠡᠳ ᠲᠠᠢ ᠪᠠᠨ ᠢᠨᠢᠶᠡᠳᠦ ᠲᠠᠢ ᠬᠦᠭᠵᠢᠯᠳᠡᠢ ᠶᠠᠷᠢᠶ᠎ᠠ᠂ ᠤᠨᠢᠭ᠎ᠠ ᠶᠠᠷᠢᠵᠤ ᠢᠨᠢᠶᠡᠯᠳᠦᠵᠦ | ᠪᠠᠶᠢᠬᠤ ᠬᠡᠷᠡᠭᠲᠡᠢ᠃ ᠬᠡᠤᠬᠡᠳ ᠢᠶᠠᠷ ᠢᠶᠠᠨ ᠤᠨᠢᠭ᠎ᠠ ᠪᠠᠨ ᠶᠠᠷᠢᠭᠤᠯᠬᠤ᠃ ᠤᠨᠢᠭ᠎ᠠ ᠪᠠᠨ ᠶᠠᠷᠢᠵᠤ ᠴᠠᠭ ᠢ | ᠦᠩᠭᠡᠷᠡᠭᠡᠬᠦ ᠨᠢ ᠬᠡᠤᠬᠡᠳ ᠢ ᠴᠢᠯᠦᠭᠡᠳᠡᠢ ᠪᠤᠯᠭᠠᠳᠠᠭ᠂ ᠬᠠᠪᠴᠢᠭᠳᠠᠮᠠᠯ ᠪᠢᠰᠢ ᠪᠤᠯᠭᠠᠳᠠᠭ᠂ ᠨᠠᠶᠢᠵᠠ ᠨᠦᠬᠦᠳ ᠲᠠᠢ | ᠪᠤᠯᠭᠠᠳᠠᠭ᠂ ᠰᠲᠷᠧᠰᠰ ᠲᠠᠷᠤᠮᠳᠠ ᠶᠢ ᠮᠡᠳᠡᠷᠡᠬᠦ ᠦᠭᠡᠢ ᠪᠤᠯᠭᠠᠳᠠᠭ ᠠᠴᠢ ᠬᠤᠯᠪᠤᠭᠳᠠᠯ ᠲᠠᠢ᠃ | 2. ᠬᠡᠤᠬᠡᠳ ᠢ ᠲᠠᠪᠤᠨ ᠨᠠᠰᠤ ᠬᠦᠷᠲᠡᠯ᠎ᠡ ᠨᠢ ᠠᠪᠤ ᠡᠵᠢ ᠶᠢᠨ ᠵᠦᠭ ᠠᠴᠠ ︽ᠬᠤᠷᠢᠭᠯᠠᠭᠰᠠᠨ᠂ | ᠡᠰᠡᠷᠬᠦᠴᠡᠭᠰᠡᠨ︾ ᠦᠢᠯᠡᠳᠦᠯ ᠬᠢᠬᠦ ᠦᠭᠡᠢ ᠪᠠᠶᠢᠬᠤ᠃ ᠡᠨᠡ ᠴᠠᠭ ᠬᠤᠭᠤᠴᠠᠭᠠᠨ ᠳᠤ ᠬᠦᠴᠦ ᠪᠠᠷ ᠬᠤᠷᠢᠭᠯᠠᠬᠤ᠂ | ᠬᠡᠤᠬᠡᠳ ᠤᠨ ᠬᠦᠰᠡᠯ ᠢ ᠪᠤᠭᠤᠬᠤ ᠵᠡᠷᠭᠡ ᠦᠢᠯᠡᠳᠦᠯ ᠬᠢᠪᠡᠯ ᠮᠠᠭᠠᠳ ᠦᠭᠡᠢ ᠨᠠᠰᠤᠨ ᠲᠤᠷᠰᠢᠳᠠ ᠨᠢ ᠮᠠᠭᠤ | ᠨᠦᠯᠦᠭᠡ ᠪᠤᠯᠵᠤ ᠦᠯᠡᠳᠡᠬᠦ ᠶᠢ ᠦᠭᠡᠶᠢᠰᠭᠡᠬᠦ ᠦᠭᠡᠢ᠃ ᠠᠪᠤ ᠡᠵᠢ ᠬᠡᠷᠪᠡ ᠠᠭᠤᠷ ᠪᠠᠴᠢᠮᠳᠠᠯ ᠢᠶᠠᠨ ᠪᠠᠷᠢᠵᠤ | ᠴᠢᠳᠠᠳᠠᠭ ᠦᠭᠡᠢ ᠪᠤᠯ ᠶᠠᠭᠠᠬᠢᠳᠠᠭ ᠴᠤ ᠪᠠᠶᠢᠭᠰᠠᠨ ᠡᠬᠦᠨ ᠢ ᠪᠠᠨ ᠳᠡᠪᠴᠢᠬᠦ ᠶᠤᠰᠤᠳᠠᠢ᠃ | 3. ᠠᠪᠤ ᠡᠵᠢ ᠦᠪᠡᠷ ᠲᠤ ᠪᠠᠨ ᠰᠠᠨᠠᠭ᠎ᠠ ᠵᠤᠪᠠᠵᠤ᠂ ᠦᠪᠡᠷ ᠲᠤ ᠪᠠᠨ ᠱᠠᠭᠠᠷᠳᠠᠯᠭ᠎ᠠ ᠲᠠᠯᠪᠢᠳᠠᠭ ᠪᠠᠶᠢᠬᠤ᠃ | ᠢᠩᠬᠢᠵᠦ ᠦᠪᠡᠷ ᠢ ᠪᠠᠨ ︽ᠦᠰᠭᠡᠵᠦ ᠦᠨᠳᠡᠶᠢᠯᠭᠡᠭᠰᠡᠨ︾ ᠤ ᠠᠴᠢ ᠪᠠᠷ ᠬᠦᠨᠳᠦᠷᠦᠯ ᠪᠡᠷᠭᠡᠰᠢᠶᠡᠯ ᠢ ᠳᠠᠪᠠᠨ | ᠲᠤᠭᠤᠯᠤᠨ᠎ᠠ᠃ ᠠᠪᠤ ᠡᠵᠢ ᠶᠢᠨ ᠡᠨᠡ ᠪᠠᠶᠢᠳᠠᠯ ᠢ ᠬᠠᠷᠠᠵᠤ ᠪᠤᠢ ᠬᠡᠤᠬᠡᠳ ᠴᠤ ᠦᠪᠡᠷ ᠢ ᠪᠠᠨ ᠡᠶᠢᠮᠦ ᠬᠦᠮᠦᠨ | ᠪᠤᠯᠭᠠᠬᠤ ᠭᠡᠵᠦ ᠵᠢᠳᠬᠦᠵᠦ ᠡᠬᠢᠯᠡᠨ᠎ᠡ᠃ ᠠᠪᠤ ᠡᠵᠢ ᠬᠦᠮᠦᠵᠢᠯ ᠤᠨ ᠵᠢᠱᠢᠶ᠎ᠡ ᠪᠤᠯᠵᠤ ᠪᠠᠶᠢᠨ᠎ᠠ ᠭᠡᠰᠡᠨ ᠦᠭᠡ᠃ | 4. ᠬᠡᠤᠬᠡᠳ ᠢ ᠴᠢᠯᠦᠭᠡᠲᠡᠢ ᠪᠠᠶᠢᠯᠭᠠᠨ᠎ᠠ᠃ ᠬᠡᠤᠬᠡᠳ ᠢ ︽ᠡᠬᠦᠷ ᠢᠶᠠᠨ ᠡᠪᠳᠡᠨ︾ ᠭᠠᠷᠬᠤ ᠦᠶ᠎ᠡ ᠳᠤ ᠨᠢ | ᠴᠢᠯᠦᠭᠡᠳᠡᠢ ᠶᠠᠪᠤᠭᠤᠯᠬᠤ ᠬᠡᠷᠡᠭᠲᠡᠢ᠃ ᠢᠩᠬᠢᠴᠢᠭᠡᠬᠦ ᠪᠤᠯᠪᠠᠤ᠂ ᠲᠡᠭᠡᠴᠢᠬᠡᠬᠦ ᠪᠤᠯᠪᠠᠤ ᠭᠡᠳ ᠯᠡ ᠰᠠᠨᠠᠭ᠎ᠠ ᠵᠤᠪᠠᠭᠠᠳ | ᠪᠠᠶᠢᠳᠠᠭ ᠠᠪᠤ ᠡᠵᠢ ᠰᠢᠨ᠎ᠡ ᠵᠤᠶᠢᠯ ᠢ ᠮᠡᠳᠡᠷᠡᠨ ᠤᠶᠢᠯᠠᠭᠠᠬᠤ ᠬᠡᠤᠬᠡᠳ ᠲᠤ ᠰᠠᠭᠠᠳ ᠪᠤᠯᠬᠤ ᠠᠴᠠ ᠪᠠᠨ ᠦᠭᠡᠷ᠎ᠡ | ᠶᠠᠭᠤᠮ᠎ᠠ ᠦᠭᠡᠢ᠃ ᠴᠠᠭ ᠨᠢ ᠢᠷᠡᠬᠦ ᠪᠠᠷ ︽ᠨᠢᠰᠦᠨ ᠤᠳᠬᠤ︾ ᠬᠡᠤᠬᠡᠳ ᠢᠶᠠᠨ ᠡᠬᠦᠨ ᠳᠤᠨᠢ ᠡᠷᠳᠡ ᠠᠴᠠ | ᠪᠡᠯᠡᠳᠭᠡ᠃ | 5. ᠠᠪᠤ ᠡᠵᠢ ᠬᠤᠶᠠᠷ ᠤᠨ ᠬᠢᠨᠢ ᠲᠤᠳᠤᠨᠤ ᠬᠠᠷᠢᠯᠴᠠᠭ᠎ᠠ ᠠᠮᠢᠳᠤᠷᠠᠯ ᠤᠨ ᠪᠤᠳᠠᠳᠤ ᠲᠤᠯᠢ ᠯᠡ ᠭᠡᠰᠡᠨ ᠦᠭᠡ | ᠃ ᠠᠪᠤ ᠡᠵᠢ ᠤᠳ ︽ᠬᠡᠤᠬᠡᠳ ᠲᠠᠢ ᠪᠤᠯᠤᠯ᠎ᠠ︾ ᠭᠡᠳ ᠯᠡ ᠦᠪᠡᠷᠰᠡᠳ ᠢ ᠪᠠᠨ ᠮᠠᠷᠳᠠᠵᠤ ᠪᠤᠯᠬᠤ ᠦᠭᠡᠢ᠃ ᠪᠠᠭ᠎ᠠ | ᠨᠠᠰᠤᠨ ᠤ ᠬᠡᠤᠬᠡᠳ ᠲᠠᠢ ᠠᠪᠤ ᠡᠵᠢ ᠰᠠᠯᠵᠤ ᠰᠠᠷᠨᠢᠬᠤ ᠲᠤᠬᠠᠢ ᠪᠤᠳᠤᠵᠤ ᠪᠠᠶᠢᠬᠤ ᠶᠤᠮ ᠪᠤᠯ ᠬᠡᠤᠬᠡᠳ ᠨᠢ ᠨᠤᠶᠢᠷᠠ | ᠶᠢᠨ ᠲᠤᠳᠠᠭᠳᠠᠯ ᠲᠠᠢ ᠪᠤᠯᠳᠠᠭ ᠭᠡᠰᠡᠨ ᠡᠷᠳᠡᠮᠳᠡᠳ ᠤᠨ ᠰᠤᠳᠤᠯᠭ᠎ᠠ ᠪᠤᠢ᠃ ᠠᠪᠤ ᠡᠵᠢ ᠨᠢ ᠠᠮᠠ ᠬᠡᠯᠡ ᠪᠠᠨ | ᠤᠯᠬᠤ ᠦᠭᠡᠢ᠂ ᠠᠮᠠ ᠨᠡᠭᠡᠭᠡᠪᠡᠯ ᠯᠡ ᠮᠠᠷᠭᠤᠯᠳᠠᠴᠢᠬᠠᠬᠤ ᠭᠡᠳ ᠪᠠᠶᠢᠪᠠᠯ ᠬᠡᠤᠬᠡᠳ ᠠᠮᠤᠷ ᠲᠠᠶᠢᠪᠤᠩ ᠪᠠᠶᠢᠵᠤ | ᠴᠢᠳᠠᠬᠤ ᠦᠭᠡᠢ᠃ ᠡᠶᠢᠮᠦ ᠶᠠᠭᠤᠮ᠎ᠠ ᠶᠢ ᠦᠷ᠎ᠡ ᠬᠡᠤᠬᠡᠳ ᠲᠡᠭᠡᠨ ᠪᠤᠤ ᠬᠠᠷᠠᠭᠤᠯ᠃ | 6. ᠰᠡᠳᠬᠢᠯ ᠰᠠᠨᠠᠭ᠎ᠠ ᠪᠠᠷ ᠤᠨᠠᠨ᠂ ᠠᠭᠤᠷ ᠤᠴᠠᠭᠠᠷ ᠲᠤ ᠠᠪᠳᠠᠪᠠᠯ ᠠᠪᠤ ᠡᠵᠢ ᠤᠳ ᠦᠪᠡᠷ ᠢ ᠪᠠᠨ | ᠤᠳᠤᠷᠢᠳᠤᠨ᠂ ᠠᠭᠤᠷ ᠤᠨᠳᠤᠴᠠᠯ ᠢᠶᠠᠨ ᠲᠠᠷᠤᠨ᠂ ᠰᠡᠳᠬᠢᠯ ᠰᠠᠨᠠᠭ᠎ᠠ ᠪᠠᠨ ᠠᠷᠢᠭᠤᠰᠬᠠᠵᠤ ᠪᠠᠢ᠃ ᠠᠭᠤᠷ | ᠤᠴᠠᠭᠠᠷ ᠲᠠᠢ ᠡᠵᠢ ᠶᠢᠨ ᠭᠠᠷ ᠢᠶᠠᠷ ᠦᠰᠦᠭᠰᠡᠨ ᠬᠡᠤᠬᠡᠳ ᠰᠤᠷᠭᠠᠭᠤᠯᠢ ᠳᠤ ᠤᠷᠤᠬᠤ ᠳᠠᠭᠠᠨ ᠳᠠᠷᠤᠮᠳᠠ | ᠶᠠᠳᠠᠷᠠᠭᠠᠨ ᠳᠤ ᠤᠷᠤᠬᠤ ᠳᠠᠭᠠᠨ ᠠᠮᠠᠷᠬᠠᠨ ᠪᠤᠯᠳᠠᠭ᠃ | 7. ᠬᠡᠤᠬᠡᠳ ᠲᠠᠢ ᠪᠠᠨ ᠨᠠᠶᠢᠷᠰᠠᠭ ᠰᠠᠶᠢᠬᠠᠨ ᠬᠠᠷᠢᠴᠠᠳᠠᠭ ᠪᠠᠶᠢᠬᠤ ᠬᠡᠷᠡᠭᠲᠡᠢ᠃ ︽ᠵᠦᠪᠬᠡᠨ ᠴᠢ ᠪᠢᠳᠡ | ᠬᠤᠶᠠᠷ ᠤᠨ ᠨᠢᠭᠤᠴᠠ︾ ᠭᠡᠳ ᠯᠡ᠂ ᠬᠡᠤᠬᠡᠳ ᠲᠠᠢ ᠪᠠᠨ ᠬᠠᠮᠤᠭ ᠪᠠᠶᠢᠳᠠᠭ ᠢᠶᠠᠨ ᠠᠮᠢᠨᠴᠢᠯᠠᠨ ᠶᠠᠷᠢᠳᠠᠭ ᠪᠤᠯ | ᠡᠬᠦᠨ ᠰᠢᠭ ᠴᠢᠬᠤᠯᠠ ᠶᠠᠭᠤᠮ᠎ᠠ ᠦᠭᠡᠢ᠃ ᠰᠢᠯᠵᠢᠯᠳᠡ ᠶᠢᠨ ᠨᠠᠰᠤ ᠬᠦᠷᠲᠡᠯ᠎ᠡ ᠨᠢ ᠬᠡᠤᠬᠡᠳ ᠲᠠᠢ ᠪᠠᠨ ᠵᠢᠩᠬᠢᠨᠢ | ᠲᠤᠳᠤᠨᠤ ᠬᠠᠷᠢᠴᠠᠭ᠎ᠠ ᠲᠠᠢ ᠪᠠᠶᠢᠵᠤ ᠴᠢᠳᠠᠬᠤ ᠶᠤᠮ ᠪᠤᠯ ︽ᠠᠪᠤ ᠡᠵᠢ ᠬᠡᠤᠬᠡᠳ ᠤᠨ ᠬᠠᠶᠢᠷ᠎ᠠ︾ ᠨᠠᠰᠤᠨ | ᠲᠤᠷᠰᠢᠳᠠ ᠦᠷᠬᠦᠯᠵᠢᠯᠡᠨ᠎ᠡ ᠭᠡᠰᠡᠨ ᠦᠭᠡ᠃ | 8. ᠬᠡᠤᠬᠡᠳ ᠠᠷᠪᠠᠨ ᠨᠠᠰᠤᠨ ᠳᠤ ᠬᠦᠷᠦᠭᠡᠳ ᠢᠷᠡᠬᠦ ᠪᠠᠷ ᠯᠡ ᠠᠪᠤ ᠡᠵᠢ ᠶᠢᠨ ᠦᠭᠡᠳᠡ ᠠᠴᠠ ︽ | ᠲᠠᠶᠢᠯᠪᠤᠷᠢ ᠲᠠᠯᠪᠢᠭᠠᠳ︾ ᠡᠬᠢᠯᠡᠳᠡᠭ᠃ ᠬᠡᠤᠬᠡᠳ ᠬᠦᠮᠦᠰ ᠲᠠᠢ ᠦᠪᠡᠷ ᠤᠨ ᠪᠤᠳᠤᠯ ᠢᠶᠠᠷ ᠬᠠᠷᠢᠴᠠᠵᠤ ᠡᠬᠢᠯᠡᠵᠦ | ᠪᠠᠶᠢᠭ᠎ᠠ ᠨᠢ ᠡᠨᠡ᠃ ᠨᠠᠶᠢᠵᠠ ᠨᠦᠬᠦᠳ ᠲᠠᠢ ᠪᠠᠨ ᠴᠤ ᠢᠩᠬᠢᠵᠦ ᠬᠠᠷᠢᠴᠠᠵᠤ ᠡᠬᠢᠯᠡᠨ᠎ᠡ᠃ ᠡᠬᠦᠨ ᠢ ᠤᠭᠳᠤ | ᠠᠩᠬᠠᠷᠠᠬᠤ ᠦᠭᠡᠢ ᠶᠤᠮ ᠰᠢᠭ ᠯᠡ ᠪᠠᠶᠢᠬᠤ ᠬᠡᠷᠡᠭᠲᠡᠢ ᠶᠤᠮ ᠰᠢᠦ᠃ | 9. ᠦ ᠰᠡᠪ ᠦᠭᠡᠢ ᠲᠡᠭᠦᠰ ᠬᠦᠮᠦᠨ ᠭᠡᠵᠦ ᠬᠠᠮᠢᠭ᠎ᠠ ᠴᠤ ᠪᠠᠶᠢᠳᠠᠭ ᠦᠭᠡᠢ᠃ ᠲᠡᠶᠢᠮᠦ ᠤᠴᠢᠷ ᠠᠴᠠ | ᠬᠡᠤᠬᠡᠳ ᠢᠶᠠᠨ ᠭᠠᠶᠢᠬᠠᠮᠰᠢᠭ ᠲᠠᠢ ᠪᠤᠯᠭᠠᠬᠤ ᠭᠡᠳ ᠯᠡ ᠦᠪᠡᠷ ᠢ ᠪᠠᠨ ᠵᠤᠪᠠᠭᠠᠭᠠᠳ ᠬᠡᠷᠡᠭ ᠦᠭᠡᠢ᠃ ᠬᠡᠤᠬᠡᠳ | ᠪᠦᠷᠢ ᠳᠤ ᠦᠪᠡᠷ ᠦᠪᠡᠷ ᠤᠨ ᠰᠠᠶᠢᠨ ᠲᠠᠯ᠎ᠠ᠂ ᠰᠤᠯᠠ ᠲᠠᠯ᠎ᠠ ᠪᠤᠢ᠃ ᠬᠡᠤᠬᠡᠳ ᠮᠠᠨᠢ ᠰᠠᠶᠢᠨ ᠬᠦᠮᠦᠨ ᠪᠠᠶᠢᠬᠤ | ᠶᠤᠰᠤᠳᠠᠢ ᠭᠡᠵᠦ ᠪᠤᠳᠤᠭᠠᠳ ᠯᠡ᠂ ᠵᠢᠳᠬᠦᠭᠡᠳ ᠪᠠᠶᠢᠭ᠎ᠠ ᠵᠠᠯᠠᠭᠤ ᠠᠪᠤ ᠡᠵᠢ ᠦᠪᠡᠷᠰᠡᠳ ᠢᠶᠠᠨ ᠶᠠᠳᠠᠷᠨᠴᠤ᠂ ᠡᠴᠦᠰ | ᠲᠤ ᠦᠪᠡᠷ ᠲᠡᠭᠡᠨ ᠢᠳᠡᠭᠡᠯ ᠦᠭᠡᠢ ᠪᠤᠯᠤᠨ᠎ᠠ᠃ ᠬᠠᠷᠢᠨ ᠢᠩᠬᠢᠵᠦ ︽ᠵᠤᠪᠠᠯ ᠦᠭᠡᠢ︾᠂ ᠬᠡᠤᠬᠡᠳ ᠢᠶᠠᠨ ᠦᠪᠡᠷ | ᠤᠨ ᠬᠢ ᠪᠠᠷ ᠢᠶᠠᠨ ᠯᠡ ᠦᠰᠭᠡᠬᠦ ᠬᠡᠷᠡᠭᠲᠡᠢ᠃ | 10. ᠬᠡᠤᠬᠡᠳ ᠢᠶᠠᠨ ᠵᠦᠪ ᠬᠦᠮᠦᠨ ᠪᠤᠯᠭᠠᠬᠤ ᠶᠢᠨ ᠲᠤᠯᠠᠳᠠ ᠬᠡᠤᠬᠡᠳ ᠢᠶᠠᠨ ᠰᠠᠶᠢᠨ ︽ᠮᠡᠳᠡᠵᠦ ᠲᠠᠨᠢᠬᠤ︾ | ᠬᠡᠷᠡᠭᠲᠡᠢ᠃ ᠠᠪᠤ ᠡᠵᠢ ᠤᠳ ᠬᠡᠤᠬᠡᠳ ᠢᠶᠠᠨ ᠶᠠᠭᠠᠬᠢᠵᠤ ᠬᠦᠮᠦᠵᠢᠬᠦᠯᠬᠦ ᠪᠠᠨ ᠦᠪᠡᠷᠰᠡᠳ ᠢᠶᠠᠨ ᠮᠡᠳᠡᠭᠡᠳ ᠪᠠᠶᠢᠭ᠎ᠠ | ᠶᠤᠮ ᠰᠢᠭ ᠯᠡ ᠰᠠᠨᠠᠳᠠᠭ᠃ ᠬᠠᠷᠢᠨ ᠡᠨᠡ ᠠᠵᠢᠯ ᠰᠠᠨᠠᠭᠰᠠᠨ ᠤ ᠵᠤᠷᠢᠭ ᠢᠶᠠᠷ ᠪᠤᠯᠬᠤ ᠦᠭᠡᠢ᠃ ᠠᠪᠤ ᠡᠵᠢ ᠬᠡᠤᠭᠡᠳ | ᠢᠶᠠᠨ ᠵᠦᠪ ︽ᠲᠠᠨᠢᠭᠰᠠᠨ︾ ᠤ ᠠᠴᠢ ᠪᠠᠷ ᠦᠪᠡᠷ ᠤᠨ ᠢᠶᠠᠨ ᠬᠡᠤᠬᠡᠳ ᠲᠤ ᠲᠤᠬᠢᠷᠠᠬᠤ ᠬᠦᠮᠦᠵᠢᠬᠦᠯᠦᠨ | ᠲᠦᠯᠦᠪᠰᠢᠷᠡᠬᠦᠯᠬᠦ ᠠᠷᠭ᠎ᠠ ᠶᠢ ᠤᠯᠤᠨ᠎ᠠ᠃ ᠬᠠᠳᠠᠭᠤ ᠴᠢᠩᠭ᠎ᠠ ᠠᠪᠤ ᠡᠵᠢ ᠲᠠᠢ ᠬᠡᠤᠬᠡᠳ ᠤᠳ ᠤᠨ ᠲᠠᠯ᠎ᠠ ᠤᠷᠴᠢᠮ | ᠨᠢ ᠠᠶᠤᠮᠠᠬᠠᠢ᠂ ᠰᠡᠳᠬᠢᠯ ᠢᠶᠠᠷ ᠤᠨᠠᠮᠠᠳᠠᠭᠠᠢ ᠪᠤᠯᠤᠭᠰᠠᠨ ᠪᠠᠶᠢᠳᠠᠭ ᠢ ᠠᠩᠬᠠᠷᠬᠤ ᠬᠡᠷᠡᠭᠲᠡᠢ᠃ | |