ᠥᠷᠯᠥᠭᠡᠨ ᠤ ᠨᠠᠷᠠᠨ ᠤ ᠠᠴᠢ ᠲᠤᠰᠠ
ᠨᠡᠶᠢᠲᠡᠯᠡᠭᠰᠡᠨ ᠴᠠᠭ᠄
2018/3/19
                 ᠥᠷᠯᠥᠭᠡᠨ ᠤ ᠨᠠᠷᠠᠨ ᠤ ᠠᠴᠢ ᠲᠤᠰᠠ     ᠥᠷᠯᠥᠭᠡ ᠡᠷᠲᠡ ᠪᠣᠰᠬᠤ ᠶᠢᠨ ᠥᠭᠡᠷ᠎ᠡ ᠨᠢᠭᠡᠨ ᠠᠴᠢ ᠲᠤᠰᠠ ᠨᠢ ᠲᠤᠷᠠᠬᠤ᠂ ᠵᠢᠩ ᠢᠶᠠᠨ ᠪᠠᠷᠢᠬᠤ  ︵ᠪᠡᠶ᠎ᠡ  ᠶᠢᠨ ᠵᠢᠩ ᠢᠶᠠᠨ ᠪᠠᠲᠤᠯᠠᠬᠤ  ︶ ᠳᠤ ᠣᠷᠣᠰᠢᠳᠠᠭ ᠶᠤᠮ ᠪᠠᠶᠢᠨ᠎ᠠ᠃ ᠥᠷᠯᠥᠭᠡᠨ ᠤ ᠨᠠᠷᠠ ᠶᠢ ᠬᠠᠷᠠᠭᠰᠠᠨ ᠢᠶᠠᠷ ᠡᠶᠢᠨ ᠬᠦ ᠡᠷᠡᠭᠦᠯ ᠴᠢᠭᠢᠷᠠᠭ᠂ ᠭᠤᠸ᠎ᠠ ᠦᠵᠡᠰᠬᠦᠯᠡᠩ ᠲᠠᠢ ᠪᠠᠶᠢᠬᠤ ᠶᠢ ᠶᠡᠬᠡᠬᠡᠨ ᠨᠥᠯᠦᠭᠡᠯᠡᠳᠡᠭ ᠭᠡᠳᠡᠭ ᠢ ᠡᠷᠳᠡᠮᠲᠡᠳ ᠨᠢᠭᠡᠨᠲᠡ ᠨᠣᠲᠠᠯᠠᠵᠠᠢ᠃     ᠮᠠᠨᠳᠤᠵᠤ ᠪᠤᠢ ᠨᠠᠷᠠᠨ ᠤ ᠲᠤᠶᠠᠭᠠᠨ ᠳᠤ 20 — 30 ᠮᠢᠨᠦ᠋ᠲ ᠵᠣᠭᠰᠣᠵᠤ ᠨᠠᠷᠠᠨ ᠤ ᠢᠯᠴᠢ ᠶᠢ ᠦᠪᠡᠷ  ᠲᠤ ᠪᠠᠨ ᠰᠢᠩᠭᠡᠭᠡᠭᠰᠡᠨ ᠢᠶᠠᠷ ᠲᠠᠷᠢᠬᠢ ᠲᠤᠯᠤᠭᠠᠢ ᠰᠡᠷᠭᠦᠬᠦ ᠶᠢᠨ ᠵᠡᠷᠭᠡᠴᠡᠭᠡ ᠨᠠᠷᠠᠨ ᠠᠴᠠ ᠰᠠᠴᠤᠷᠠᠬᠤ ᠭᠡᠷᠡᠯ ᠬᠦᠮᠤᠨ ᠳᠤ ᠰᠢᠩᠭᠡᠭᠡᠭᠳᠡᠭᠡᠳ ᠬᠤᠷᠮᠤᠨ ᠢ ᠨᠥᠯᠦᠭᠡᠯᠡᠵᠦ ᠤᠯᠠᠮ ᠢᠶᠠᠷ ᠲᠥᠪ ᠮᠡᠳᠡᠷᠡᠯ ᠤᠨ ᠰᠢᠰᠲ᠋ᠧᠮ ᠳᠤ ᠮᠡᠳᠡᠭᠡᠯᠡᠯ ᠢᠷᠡᠭᠰᠡᠨ ᠢᠶᠠᠷ ᠢᠯᠡᠭᠦᠳᠡᠯ ᠵᠢᠩ ᠡᠭᠦᠰᠬᠦ ᠠᠴᠠ ᠰᠡᠷᠭᠡᠶᠢᠯᠡᠳᠡᠭ ᠪᠠᠶᠢᠨ᠎ᠠ᠃ ᠥᠷᠯᠥᠭᠡ ᠪᠦᠷᠢ ᠨᠠᠷᠠᠨ ᠤ ᠭᠡᠷᠡᠯ ᠢ ᠪᠡᠶ᠎ᠡ ᠳᠤ ᠪᠠᠨ ᠰᠢᠩᠭᠡᠭᠡᠭᠰᠡᠨ ᠢᠶᠠᠷ ᠠᠷᠠᠰᠤᠨ ᠤ ᠡᠯᠳᠡᠪ ᠡᠪᠡᠳᠴᠢᠨ ᠠᠴᠠ ᠰᠡᠷᠭᠡᠶᠢᠯᠡᠵᠦ ᠪᠣᠯᠬᠤ ᠪᠥᠭᠡᠳ ᠮᠥᠨ ᠦᠳᠡᠰᠢ ᠶᠢᠨ ᠨᠤᠶᠢᠷ ᠰᠠᠶᠢᠵᠢᠷᠠᠳᠠᠭ ᠢ ᠡᠷᠳᠡᠮᠲᠡᠳ ᠣᠯᠵᠤ ᠮᠡᠳᠡᠵᠡᠢ᠃     ᠮᠠᠨᠳᠤᠬᠤ ᠨᠠᠷᠠ ᠶᠢ ᠬᠠᠷᠠᠬᠤ ᠭᠡᠵᠦ ᠡᠷᠲᠡᠯᠡᠨ ᠪᠣᠰᠤᠭᠰᠠᠨ ᠬᠦᠮᠦᠰ ᠤᠨ ᠬᠤᠪᠢ ᠳᠤ ᠲᠤᠬᠠᠢ ᠶᠢᠨ ᠡᠳᠦᠷ  ᠤᠨ ᠪᠦᠲᠦᠭᠡᠮᠵᠢ ᠨᠢ ᠴᠤ ᠮᠥᠨ ᠥᠨᠳᠥᠷ ᠪᠠᠶᠢᠬᠤ ᠨᠢ ᠭᠠᠷᠴᠠᠭ᠎ᠠ ᠦᠭᠡᠢ ᠶᠤᠮ᠃ ᠧᠦᠷᠦ᠋ᠫᠠ ᠶᠢᠨ ᠪᠠᠷᠠᠭᠤᠨ ᠬᠤᠶᠢᠲᠤ ᠪᠥᠰᠡ ᠨᠤᠲᠤᠭ ᠤᠨ ᠡᠷᠡᠭᠦᠯ ᠮᠡᠨᠳᠦ ᠶᠢᠨ ᠲᠥᠪ ᠠᠴᠠ ᠭᠠᠷᠭᠠᠭᠰᠠᠨ ᠰᠣᠳᠤᠯᠭᠠᠨ ᠤ ᠳ᠋ᠦᠩ ᠢᠶᠠᠷ ᠵᠥᠪ ᠬᠤᠭᠤᠯᠠᠯᠲᠠ ᠶᠢᠨ ᠵᠡᠷᠭᠡᠴᠡᠭᠡ ᠵᠥᠪᠬᠡᠨ ᠥᠷᠯᠥᠭᠡᠨ ᠤ ᠨᠡᠷᠡᠨ ᠤ ᠭᠡᠷᠡᠯ ᠴᠢᠷᠡᠭᠵᠢᠭᠰᠡᠨ ᠬᠦᠮᠦᠰ᠂ ᠲᠤᠷᠠᠬᠤ ᠪᠠᠷ ᠡᠷᠴᠢᠮᠲᠡᠢ ᠲᠡᠮᠡᠴᠡᠵᠦ ᠣᠷᠣᠢ ᠶᠢᠨ ᠴᠠᠭ ᠢᠶᠠᠷ ᠳᠠᠰᠬᠠᠯ ᠬᠥᠳᠡᠯᠭᠡᠭᠡᠨ ᠬᠢᠵᠦ ᠪᠠᠶᠢᠭᠰᠠᠨ ᠬᠦᠮᠦᠰ ᠲᠠᠢ ᠠᠳᠠᠯᠢᠬᠠᠨ ᠦᠷ᠎ᠡ ᠳ᠋ᠦᠩ ᠭᠠᠷᠤᠭᠰᠠᠨ ᠪᠠᠶᠢᠴᠠᠢ᠃ ᠲᠡᠭᠡᠬᠦ ᠪᠠᠷ ᠥᠷᠯᠥᠭᠡ ᠳᠤ ᠪᠠᠨ ᠡᠷᠲᠡ ᠪᠤᠰᠴᠤ᠂ ᠵᠥᠪ ᠬᠤᠭᠤᠯᠠᠯᠠᠵᠤ ᠴᠢᠳᠠᠬᠤ ᠶᠤᠮ ᠪᠣᠯ ᠶᠠᠮᠠᠷ ᠴᠤ ᠦᠨ᠎ᠡ ᠲᠥᠯᠦᠪᠦᠷᠢ ᠦᠭᠡᠢ ᠡᠷᠡᠭᠦᠯ ᠠᠷᠭ᠎ᠠ ᠪᠠᠷ ᠲᠤᠷᠠᠵᠤ ᠵᠢᠩ ᠢᠶᠠᠨ ᠪᠠᠷᠢᠵᠤ ᠪᠣᠯᠤᠨ᠎ᠠ ᠭᠡᠵᠦ ᠣᠶᠢᠯᠠᠭᠠᠵᠤ ᠪᠣᠯᠤᠨ᠎ᠠ᠃ᠨᠠᠷᠠᠨ ᠤ ᠭᠡᠷᠡᠯ ᠤᠨ ᠲᠤᠰᠠᠯᠠᠮᠵᠢ ᠲᠠᠢ ᠪᠠᠷ ᠸᠢᠲ᠋ᠠᠮᠢᠨ C ᠶᠢᠨ ᠬᠡᠷᠡᠭᠴᠡᠭᠡ ᠴᠤ ᠪᠠᠭ᠎ᠠ ᠵᠡᠷᠭᠡ ᠬᠠᠩᠭᠠᠭᠳᠠᠳᠠᠭ ᠠᠵᠢ᠃ ᠪᠠᠶᠢᠭᠠᠯᠢ ᠶᠢᠨ ᠨᠠᠲ᠋ᠦ᠋ᠷᠠᠯ ᠬᠦᠴᠦᠨ ᠵᠦᠢᠯ ᠢᠶᠠᠷ ᠪᠤᠢ ᠪᠣᠯᠵᠤ ᠪᠠᠶᠢᠭ᠎ᠠ ᠠᠮᠢᠨ ᠳᠡᠮ ᠤᠨ ᠠᠭᠤᠯᠤᠮᠵᠢ ᠶᠢ ᠦᠷᠢᠯ ᠪᠣᠯᠤᠨ ᠪᠤᠰᠤᠳ ᠬᠢᠮᠢ ᠶᠢᠨ ᠭᠠᠷᠤᠯᠲᠠᠢ ᠡᠮ ᠢᠶᠠᠷ ᠨᠥᠬᠦᠬᠦ ᠬᠡᠷᠡᠭ ᠦᠭᠡᠢ᠃     ᠸᠢᠲ᠋ᠠᠮᠢᠨ D ᠨᠢ ᠦᠶ᠎ᠡ ᠮᠦᠴᠢ ᠶᠢᠨ ᠡᠪᠡᠳᠴᠢᠨ᠂ ᠶᠠᠰᠤᠨ ᠤ ᠰᠡᠶᠢᠷᠡᠭᠵᠢᠯ᠂ ᠬᠡᠦᠬᠡᠳ ᠤᠨ ᠦᠰᠦᠯᠳᠡ ᠳᠤ ᠨᠡᠩ ᠲᠤᠰᠠᠲᠠᠢ᠃ ᠡᠶᠢᠮᠤ ᠠᠴᠠ ᠬᠡᠦᠬᠡᠳ ᠪᠠᠭᠠᠴᠤᠳ᠂ ᠠᠬᠢᠮᠠᠭ ᠨᠠᠰᠤᠨ ᠤ ᠬᠦᠮᠦᠰ ᠢ ᠵᠤᠨ ᠤ ᠳᠡᠯᠭᠡᠷ ᠴᠠᠭ ᠲᠤ ᠭᠠᠳᠠᠭ᠎ᠠ ᠨᠠᠷᠠᠯᠠᠭᠤᠯᠵᠤ ᠲᠣᠭᠯᠠᠭᠤᠯᠬᠤ ᠵᠡᠷᠭᠡ ᠪᠠᠷ ᠠᠯᠢ ᠪᠣᠯᠬᠤ ᠦᠷ᠎ᠡ ᠳ᠋ᠦᠩ ᠲᠠᠢ ᠥᠩᠭᠡᠷᠡᠭᠡᠬᠦ ᠨᠢ ᠴᠢᠬᠤᠯᠠ᠃    ᠸᠢᠲ᠋ᠠᠮᠢᠨ B ᠶᠢᠨ ᠲᠥᠷᠥᠯ ᠢ ᠬᠦᠨᠡᠰᠦᠨ ᠤ ᠨᠣᠭᠤᠭ᠎ᠠ ᠵᠢᠮᠢᠰ ᠠᠴᠠ ᠪᠦᠷᠢᠮᠦᠰᠦᠨ ᠨᠥᠬᠦᠵᠦ ᠠᠪᠤᠨ᠎ᠠ ᠭᠡᠳᠡᠭ ᠪᠣᠳᠠᠲᠤ ᠪᠠᠶᠢᠳᠠᠯ ᠳᠤ ᠨᠡᠶᠢᠴᠡᠬᠦ ᠦᠭᠡᠢ᠃ ᠡᠨᠡ ᠸᠢᠲ᠋ᠠᠮᠢᠨ ᠤ ᠠᠭᠤᠯᠤᠮᠵᠢ ᠨᠢ ᠵᠢᠮᠢᠰ ᠨᠣᠭᠤᠭᠠᠨ ᠳᠤ ᠭᠡᠬᠦ ᠠᠴᠠ  ᠪᠠᠨ ᠮᠢᠬ᠎ᠠ᠂ ᠵᠢᠭᠠᠰᠤ᠂ ᠡᠯᠢᠭᠡ᠂ ᠥᠨᠳᠡᠭᠡᠨ ᠰᠢᠷ᠎ᠠ ᠵᠡᠷᠭᠡ ᠠᠮᠢᠲᠠᠨ ᠤ ᠭᠠᠷᠤᠯ ᠲᠠᠢ ᠪᠦᠲᠦᠭᠡᠭᠳᠡᠬᠦᠨ ᠳᠤ ᠢᠯᠡᠭᠦᠦ ᠡᠯᠪᠡᠭ ᠪᠠᠶᠢᠳᠠᠭ᠃     ᠨᠠᠷᠠᠨ ᠤ ᠲᠤᠰᠠᠯᠠᠮᠵᠢ ᠲᠠᠢ ᠪᠠᠷ ᠵᠠᠷᠢᠮ ᠲᠥᠷᠥᠯ ᠤᠨ ᠸᠢᠲ᠋ᠠᠮᠢᠨ ᠠᠪᠴᠤ ᠪᠠᠶᠢᠭ᠎ᠠ ᠬᠦᠮᠦᠰ ᠬᠡᠷᠡᠭᠯᠡᠵᠦ ᠪᠤᠢ ᠰᠢᠩᠭᠡᠨ ᠢᠶᠠᠨ ᠬᠤᠶᠠᠷ ᠳᠠᠬᠢᠨ ᠨᠡᠮᠡᠭᠳᠡᠭᠦᠯᠬᠦ ᠭᠡᠷᠡᠭᠳᠠᠢ᠃ ᠬᠦᠮᠦᠨ ᠬᠥᠯᠥᠷᠡᠬᠦ ᠲᠤᠰᠤᠮ ᠢᠯᠡᠭᠦᠦ ᠶᠡᠭᠡ ᠤᠤᠭᠤᠳᠠᠭ ᠃ ᠭᠡᠬᠦ ᠳᠤ ᠪᠠᠨ ᠰᠢᠩᠭᠡᠨ ᠵᠦᠢᠯ ᠤᠤᠭᠤᠬᠤ ᠳᠤ ᠲᠣᠭᠲᠠᠭᠰᠠᠨ ᠳᠢᠭᠯᠢᠮ ᠪᠠᠶᠢᠬᠤ ᠱᠠᠭᠠᠷᠳᠠᠯᠭ᠎ᠠ ᠲᠠᠢ᠃     ᠰᠢᠩᠭᠡᠨ ᠵᠦᠢᠯ ᠤᠤᠭᠤᠬᠤ ᠳᠠᠷᠠᠭᠠᠯᠠᠯ ᠨᠢ᠂ ᠥᠷᠯᠥᠭᠡᠨ ᠤ ᠴᠠᠢ ᠠᠴᠠ ᠡᠮᠦᠨ᠎ᠡ ᠪᠣᠯᠤᠨ ᠳᠠᠷᠠᠭ᠎ᠠ ᠨᠢ ᠪᠤᠴᠠᠯᠤᠭᠰᠠᠨ ᠤᠰᠤ᠂ ᠴᠠᠢ᠂ ᠺᠣᠹᠧ᠂ ᠵᠢᠮᠢᠰ ᠤᠨ ᠰᠢᠭᠦᠰᠦ ᠶᠢ ᠬᠡᠷᠡᠭᠴᠡᠭᠡᠨ ᠤ ᠪᠠᠨ ᠳᠠᠭᠠᠤ ᠤᠤᠭᠤᠨ᠎ᠠ᠃ ᠤᠰᠤ ᠤᠤᠭᠤᠬᠤ ᠬᠦᠰᠡᠯ ᠢᠶᠠᠨ ᠬᠠᠩᠭᠠᠵᠦ ᠴᠢᠳᠠᠪᠠᠯ ᠴᠢᠨᠠᠭᠰᠢᠳᠠ ᠴᠠᠩᠭᠠᠭ᠎ᠠ ᠠᠮᠠᠷᠬᠠᠨ ᠲᠠᠶᠢᠯᠤᠭᠳᠠᠬᠤ ᠪᠣᠯᠤᠨ᠎ᠠ᠃ ᠦᠳᠡ ᠶᠢᠨ ᠦᠶ᠎ᠡ ᠳᠤ ᠬᠤᠭᠤᠯᠠᠨ ᠠᠴᠠ ᠡᠮᠦᠨ᠎ᠡ ᠠᠶᠠᠭ᠎ᠠ ᠰᠡᠷᠢᠭᠦᠴᠡᠭᠦᠯᠬᠦ ᠤᠮᠳᠠᠭᠠᠨ ᠤᠤᠭᠤᠭᠠᠳ ᠴᠠᠭ ᠤᠨ ᠳᠠᠷᠠᠭ᠎ᠠ ᠤᠤᠭᠤᠬᠤ ᠰᠢᠩᠭᠡᠨ ᠵᠦᠢᠯ ᠢᠶᠠᠨ ᠪᠠᠭ᠎ᠠ ᠪᠠᠭ᠎ᠠ ᠪᠠᠷ ᠨᠡᠮᠡᠭᠳᠡᠭᠦᠯᠦᠨ᠎ᠡ᠃ ᠣᠷᠣᠢ ᠶᠢᠨ ᠬᠤᠭᠤᠯᠠᠨ ᠤ ᠡᠮᠦᠨ᠎ᠡ ᠭᠠᠭᠴᠠ ᠠᠶᠠᠭ᠎ᠠ ᠰᠢᠩᠭᠡᠨ ᠵᠦᠢᠯ ᠤᠤᠭᠤᠨ᠎ᠠ᠃     ᠰᠢᠩᠭᠡᠨ ᠵᠦᠢᠯ ᠢ ᠢᠩᠬᠢᠵᠤ ᠳᠡᠰ ᠳᠠᠷᠠᠭᠠᠯᠠᠯ ᠲᠠᠢ ᠬᠡᠷᠡᠭᠯᠡᠵᠦ ᠰᠤᠷᠬᠤ ᠨᠢ ᠪᠡᠶ᠎ᠡ ᠶᠢᠨ ᠣᠷ᠊ ‍ᠭᠠᠨᠢᠰᠮ ᠲᠠᠬᠢ ᠬᠡᠷᠡᠭᠴᠡᠭᠡᠲᠡᠢ ᠠᠮᠢᠨ ᠳᠡᠮ ᠢ ᠲᠣᠭᠲᠠᠭᠠᠬᠤ ᠳᠤ ᠲᠤᠰᠠᠲᠠᠢ᠃     ᠬᠠᠷᠢᠨ ᠬᠡᠶᠢᠵᠢᠭᠦᠯᠦᠭᠰᠡᠨ᠂ ᠭᠠᠰ ᠲᠠᠢ ᠤᠮᠳᠠᠭ᠎ᠠ ᠶᠢ ᠪᠠᠭ᠎ᠠ ᠬᠡᠷᠡᠭᠯᠡᠭᠡᠷᠡᠢ ᠃    
 
ᠢᠷᠡᠯᠲᠡ᠄ ᠡᠷᠢᠶᠡᠨ ᠬᠤᠲᠠ ᠶᠢᠨ ᠰᠣᠷᠭᠠᠨ ᠬᠦᠮᠦᠵᠢᠯ ᠰᠢᠨᠵᠢᠯᠡᠬᠦ ᠣᠬᠠᠭᠠᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号