︽ᠠᠮᠵᠢᠯᠳᠠ ᠶᠢᠨ ᠦᠨᠳᠦᠰᠦ — ᠵᠦᠪ ᠳᠠᠳᠬᠠᠯ︾ | ᠭᠡᠰᠡᠨ ᠭᠡᠰᠡᠭᠯᠡᠯ ᠢ ᠤᠩᠰᠢᠭᠰᠠᠨ ᠲᠦᠷᠦᠭᠳᠡᠯ | | | ᠡᠷᠢᠶᠡᠨ ᠬᠤᠳᠠ ᠶᠢᠨ ᠮᠤᠩᠭᠤᠯ ᠪᠠᠭ᠎ᠠ ᠰᠤᠷᠭᠠᠭᠤᠯᠢ ︵6.3︶ ᠮᠦᠩᠭᠡᠵᠢᠨ | | | ᠮᠠᠨ ᠤ ᠰᠤᠷᠭᠠᠭᠤᠯᠢ ᠨᠢ ᠡᠷᠢᠶᠡᠨ ᠬᠤᠳᠠ ᠶᠢᠨ ᠵᠢᠭᠠᠬᠤ ᠶᠢ ᠰᠤᠳᠤᠯᠬᠤ ᠲᠠᠰᠤᠭ ᠤᠨ ᠬᠠᠶᠢᠳᠠᠩ ᠪᠠᠭᠰᠢ ᠶᠢ | ᠵᠠᠯᠠᠵᠦ ᠪᠢᠳᠠᠨ ᠳᠤ ︽ᠠᠮᠵᠢᠯᠳᠠ ᠶᠢᠨ ᠦᠨᠳᠦᠰᠦ — ᠵᠦᠪ ᠳᠠᠳᠬᠠᠯ︾ ᠭᠡᠰᠡᠨ ᠲᠤᠰᠬᠠᠢ ᠰᠡᠳᠦᠪ ᠢᠶᠠᠷ ᠶᠠᠷᠢᠶ᠎ᠠ | ᠬᠢᠯᠭᠡᠭᠰᠡᠨ ᠶᠤᠮ᠃ ᠬᠠᠶᠢᠳᠠᠩ ᠪᠠᠭᠰᠢ ᠪᠢᠳᠠᠨ ᠳᠤ ᠮᠠᠰᠢ ᠰᠠᠶᠢᠬᠠᠨ ᠶᠠᠷᠢᠶ᠎ᠠ ᠭᠢᠭᠰᠡᠨ ᠤ ᠬᠠᠮᠳᠦ ︽ᠠᠮᠵᠢᠯᠳᠠ ᠶᠢᠨ | ᠦᠨᠳᠦᠰᠦ — ᠵᠦᠪ ᠳᠠᠳᠬᠠᠯ︾ ᠭᠡᠰᠡᠨ ᠭᠡᠰᠡᠭᠯᠡᠯ ᠳᠤ ᠡᠰᠢᠯᠡᠭᠰᠡᠨ ᠤᠯᠠᠨ ᠰᠠᠶᠢᠬᠠᠨ ᠰᠤᠷᠭᠠᠮᠵᠢᠳᠦ ᠦᠡᠭᠡ ᠶᠢ | ᠲᠠᠷᠤᠮᠠᠯᠯᠠᠨ ᠲᠠᠷᠬᠠᠭᠠᠵᠦ᠂ ᠤᠩᠰᠢᠵᠦ ᠦᠵᠡᠭᠡᠷᠡᠢ ᠭᠡᠰᠡᠨ ᠶᠤᠮ᠃ ᠪᠢ ᠡᠨᠡᠬᠦ ᠭᠡᠰᠡᠭᠯᠡᠯ ᠢ ᠤᠩᠰᠢᠭᠠᠳ ᠶᠡᠭᠡ | ᠶᠠᠭᠤᠮ᠎ᠠ ᠤᠶᠢᠯᠠᠭᠠᠵᠦ ᠮᠡᠳᠡᠯ᠎ᠡ᠃ ᠭᠡᠤᠭᠡᠳ ᠪᠢᠳᠠ ᠨᠠᠷ ᠰᠠᠶᠢᠨ ᠰᠤᠷᠴᠦ ᠤᠯᠤᠰ ᠲᠦᠷᠦ ᠳᠤ ᠪᠠᠨ ᠨᠢᠭᠡ ᠮᠦᠷᠦᠨ | ᠤ ᠬᠦᠴᠦᠨ ᠪᠤᠯᠤᠨ᠎ᠠ ᠭᠡᠵᠦ ᠶᠠᠷᠢᠳᠠᠭ᠂ ᠭᠡᠪᠡᠴᠦ ᠶᠠᠭᠠᠬᠢᠵᠦ ᠶᠡᠭᠡ ᠰᠠᠶᠢᠨ ᠰᠤᠷᠴᠦ ᠡᠷᠳᠡᠮ ᠮᠡᠳᠡᠯᠭᠡ ᠲᠠᠢ ᠪᠠᠶᠢᠯ᠎ᠠ | ᠴᠦ ᠭᠡᠰᠡᠨ ᠶᠤᠰᠤ ᠰᠤᠷᠳᠠᠬᠤᠨ ᠢ ᠡᠷᠬᠢᠮᠯᠡᠬᠦ ᠦᠭᠡᠢ ᠯᠡ ᠪᠤᠯ ᠲᠡᠷᠡ ᠶᠡᠭᠡ ᠡᠷᠳᠡᠮ ᠮᠡᠳᠡᠯᠭᠡ ᠶᠠᠮᠠᠷ ᠴᠦ ᠭᠡᠷᠡᠭ | ᠦᠭᠡᠢ ᠶᠤᠮ ᠪᠠᠶᠢᠨ᠎ᠠ᠃ ᠮᠡᠳᠡᠭᠡᠵᠢ᠂ ᠭᠡᠤᠭᠡᠳ ᠪᠢᠳᠠ ᠨᠠᠷ ᠢᠷᠡᠭᠡᠳᠦᠢ ᠶᠢᠨ ᠢᠳᠡᠭᠡᠯ ᠨᠠᠶᠢᠳᠠᠪᠦᠷᠢ ᠰᠢᠦ ᠳ᠋ᠠ᠂ | ᠪᠢᠳᠠ ᠨᠠᠷ ᠠᠴᠠ ᠯᠡ ᠡᠨᠡ ᠢᠷᠡᠭᠡᠳᠦᠢ ᠶᠢᠨ ᠤᠯᠤᠰ ᠲᠦᠷᠦ ᠶᠢ ᠬᠢᠷᠢ ᠵᠡᠷᠭᠡ ᠦᠨᠳᠦᠷ ᠲᠦᠪᠰᠢᠨ ᠳᠤ ᠮᠠᠨᠳᠤᠬᠤ | ᠶᠢ ᠲᠤᠭᠳᠠᠭᠠᠳᠠᠭ ᠶᠤᠮ᠃ ᠵᠠ ᠳᠡᠭᠡᠪᠡᠯ ᠡᠬᠦᠨ ᠢ ᠭᠡᠯᠡᠬᠦ ᠶᠢ ᠪᠤᠯᠢᠶ᠎ᠠ᠂ ᠪᠢᠳᠠ ᠨᠠᠷ ᠢ ᠶᠤᠰᠤ ᠰᠤᠷᠳᠠᠬᠤᠨ ᠲᠠᠢ | ᠪᠤᠯᠭᠠᠬᠤ ᠭᠡᠵᠦ ᠦᠪᠡᠷ ᠤᠨ ᠪᠡᠶ᠎ᠡ ᠪᠠᠨ ᠪᠤᠳᠤᠯ ᠦᠭᠡᠢ᠂ ᠬᠠᠬᠢᠷ ᠡᠪᠦᠯ᠂ ᠬᠠᠷᠠᠩᠭᠤᠢ ᠰᠦᠨᠢ ᠶᠢ ᠬᠠᠶᠢᠬᠤᠷᠤᠯ | ᠦᠭᠡᠢ ᠵᠢᠭᠠᠵᠦ ᠪᠠᠶᠢᠭ᠎ᠠ ᠬᠦᠨᠳᠦᠳᠦ ᠪᠠᠭᠰᠢ ᠨᠠᠷ ᠢ ᠪᠠᠨ ᠪᠤᠳᠤᠬᠤ ᠭᠡᠷᠡᠭᠳᠠᠢ ᠪᠢᠵᠠ ᠳ᠋ᠠ᠂ ᠳᠡᠳᠡᠭᠡᠷ ᠬᠦᠮᠦᠰ ᠡᠷᠳᠡ | ᠪᠤᠰᠴᠦ᠂ ᠤᠷᠤᠢ ᠤᠨᠳᠠᠵᠦ᠂ ᠴᠠᠭ ᠤᠨ ᠬᠤᠭᠤᠯᠠ ᠪᠠᠨ ᠴᠠᠭ ᠲᠠᠭᠠᠨ ᠴᠦ ᠤᠯᠵᠦ ᠢᠳᠡᠬᠦ ᠦᠭᠡᠢ ᠪᠠᠶᠢᠳᠠᠭ᠃ | ᠭᠡᠪᠡᠴᠦ ᠪᠠᠭᠰᠢ ᠬᠦᠮᠦᠨ ᠭᠡᠳᠡᠭ ᠴᠠᠭᠠᠨ᠎ᠠ ᠪᠠᠨ ᠯᠡ ᠤᠨᠳᠤᠤ᠂ ᠰᠤᠷᠭᠠᠭᠤᠯᠢ ᠶᠢᠨ ᠬᠦᠷᠢᠶᠡᠨ ᠳᠤ ᠤᠷᠤᠵᠦ ᠢᠷᠡᠬᠦ | ᠪᠠᠷ ᠪᠦᠬᠦᠯᠢ ᠶᠠᠳᠠᠷᠠᠯ ᠵᠦᠳᠡᠷᠡᠯ ᠢᠶᠠᠨ ᠮᠠᠷᠳᠠᠴᠢᠬᠠᠳᠠᠭ ᠡᠶᠢᠮᠦ ᠯᠡ ᠠᠭᠤᠤ ᠶᠡᠭᠡ ᠬᠦᠮᠦᠰ ᠪᠢᠯᠡ᠃ | ᠡᠨᠡ ᠯᠡ ᠬᠦᠮᠦᠰ ᠪᠢᠳᠠ ᠨᠠᠷ ᠲᠤ ᠨᠠᠶᠢᠳᠠᠵᠦ ᠪᠠᠶᠢᠭ᠎ᠠ ᠰᠢᠦ ᠳ᠋ᠠ᠂ ᠰᠤᠷᠤᠭᠴᠢ ᠪᠢᠳᠠ ᠨᠠᠷ ᠢ ᠶᠤᠰᠤ | ᠰᠤᠷᠳᠠᠬᠤᠨ ᠲᠠᠢ ᠬᠦᠮᠦᠨ ᠪᠤᠯᠤᠨ ᠬᠦᠮᠦᠵᠢᠭᠳᠡᠭᠡᠳ ︽ᠠᠯᠢ ᠨᠢᠭᠡᠨ ᠡᠳᠦᠷ᠂ ᠮᠢᠨᠦ ᠰᠤᠷᠤᠭᠴᠢ ᠪᠠᠭᠰᠢ ᠪᠤᠯᠤᠭᠠᠳ | ᠡᠮᠦᠨ᠎ᠡ ᠮᠢᠨᠢ ᠵᠤᠭᠰᠤᠵᠦ ᠪᠠᠶᠢᠬᠤ ᠪᠤᠯᠤᠨ᠎ᠠ︾ ᠭᠡᠵᠦ ᠶᠠᠭᠠᠬᠢᠭᠰᠠᠨ ᠶᠡᠭᠡ ᠮᠦᠷᠦᠭᠡᠳᠴᠦ ᠪᠠᠶᠢᠭ᠎ᠠ ᠶᠢ ᠮᠡᠳᠡᠨ᠎ᠡ ᠤᠤ︖ | ᠡᠶᠢᠮᠦ ᠯᠡ ᠶᠡᠭᠡ ᠬᠦᠰᠡᠯᠡᠩ ᠢ ᠨᠢ ᠪᠢᠳᠠ ᠨᠠᠷ ᠬᠦᠰᠡᠷᠳᠡᠬᠦᠯᠵᠦ ᠪᠤᠯᠬᠤ ᠦᠭᠡᠢ ᠪᠢᠵᠠ ᠳ᠋ᠠ᠃ ᠵᠠ᠂ ᠶᠠᠭᠠᠬᠢᠬᠤ | ᠪᠤᠢ᠂ ᠵᠠᠪᠠᠯ ᠪᠠᠭᠰᠢ ᠪᠤᠯᠬᠤ ᠭᠡᠷᠡᠭᠳᠠᠢ ᠭᠡᠰᠡᠨ ᠪᠢᠰᠢ᠂ ᠬᠠᠷᠢᠨ ᠪᠢᠳᠠ ᠨᠠᠷ ᠢ ᠢᠷᠡᠭᠡᠳᠦᠢ ᠳᠤ ᠪᠠᠨ ᠭᠡᠷᠡᠭᠴᠡᠭᠡ ᠲᠠᠢ | ᠂ ᠤᠯᠤᠰ ᠲᠦᠷᠦ ᠳᠤ ᠪᠠᠨ ᠨᠠᠶᠢᠳᠠᠪᠦᠷᠢᠳᠠᠢ ᠬᠦᠮᠦᠨ ᠪᠤᠯᠤᠭᠠᠰᠠᠢ ᠭᠡᠵᠦ ᠯᠡ ᠬᠢᠴᠢᠶᠡᠯ ᠨᠤᠮ᠂ ᠶᠤᠰᠤ ᠰᠤᠷᠳᠠᠬᠤᠨ | ᠢ ᠵᠢᠭᠠᠵᠦ ᠪᠠᠶᠢᠭ᠎ᠠ ᠶᠤᠮ᠃ ᠭᠡᠷᠪᠡ ᠲᠠ ᠭᠠᠭᠴᠠ ᠯᠡ ᠬᠢᠴᠢᠶᠡᠯ ᠢᠶᠠᠨ ᠰᠠᠶᠢᠨ ᠰᠤᠷᠬᠤ ᠳᠤ ᠯᠡ ᠪᠤᠯᠤᠨ᠎ᠠ ᠭᠡᠵᠦ | ᠪᠤᠳᠤᠵᠦ ᠪᠠᠶᠢᠪᠠᠯ ᠲᠡᠷᠡ ᠪᠤᠳᠤᠯ ᠴᠢᠨᠢ ᠴᠢᠮ᠎ᠠ ᠶᠢ ᠠᠮᠵᠢᠯᠳᠠ ᠳᠤ ᠬᠡᠵᠢᠶ᠎ᠡ ᠴᠦ ᠬᠦᠷᠭᠡᠵᠦ ᠴᠢᠳᠠᠬᠤ ᠦᠭᠡᠢ ᠭᠡᠳᠡᠭ | ᠢ ᠮᠡᠳᠡᠭᠡᠷᠡᠢ︕ ᠶᠠᠭᠤᠨ ᠤ ᠲᠤᠯᠠ ᠶᠤᠰᠤ ᠰᠤᠷᠳᠠᠬᠤᠨ ᠤ ᠬᠢᠴᠢᠶᠡᠯ ᠤᠷᠤᠳᠠᠭ ᠶᠤᠮ ᠪᠤᠢ︖ ᠲᠡᠷᠡ ᠯᠡ ᠶᠤᠰᠤ | ᠰᠤᠷᠳᠠᠬᠤᠨ ᠤ 40 ᠮᠢᠨᠦ᠋ᠲ ᠤᠨ ᠬᠢᠴᠢᠶᠡᠯ ᠴᠢᠨᠦ ᠨᠠᠰᠤᠨ ᠲᠤᠷᠰᠢᠳᠠ ᠶᠢᠨ ᠠᠮᠢᠳᠤᠷᠠᠯ ᠬᠦᠰᠡᠯᠡᠩ ᠢ ᠴᠢᠨᠢ | ᠤᠷᠭᠤᠭᠤᠯᠵᠦ᠂ ᠠᠮᠵᠢᠯᠳᠠ ᠳᠤ ᠬᠦᠷᠭᠡᠵᠦ ᠴᠢᠳᠠᠬᠤ ᠶᠤᠮ᠂ ᠡᠶᠢᠮᠦ ᠯᠡ ᠬᠦᠴᠦᠨ ᠲᠠᠢ ᠭᠡᠳᠡᠭ ᠢ ᠮᠡᠳᠡᠭᠡᠷᠠᠢ︕ | ᠮᠦᠨ ᠴᠦ ᠪᠢᠳᠠ ᠨᠠᠷ ᠲᠤ ᠬᠠᠮᠤᠭ ᠠᠴᠠ ᠴᠢᠬᠤᠯᠠ ᠬᠢᠬᠦ ᠭᠡᠷᠡᠭᠳᠠᠢ ᠵᠤᠶᠢᠯ ᠪᠠᠶᠢᠭ᠎ᠠ᠂ ᠲᠡᠷᠡ ᠨᠢ ᠶᠠᠭᠤ ᠪᠤᠢ | ᠭᠡᠪᠡᠯ ᠲᠠᠳᠬᠠᠯ᠃ ᠳᠠᠳᠬᠠᠯ ᠳᠤ ︽ᠰᠠᠶᠢᠨ ᠳᠠᠳᠬᠠᠯ︾ ᠪᠠ ︽ᠮᠠᠭᠤ ᠳᠠᠳᠬᠠᠯ︾ ᠭᠡᠵᠦ ᠪᠠᠶᠢᠳᠠᠭ᠂ ᠬᠦᠮᠦᠰ | ᠮᠠᠭᠤ ᠳᠠᠳᠬᠠᠯ ᠤᠨ ᠤᠷᠰᠢᠭ ᠢᠶᠠᠷ ᠶᠡᠭᠡ ᠠᠮᠵᠢᠯᠳᠠ ᠪᠠᠨ ᠠᠯᠳᠠᠳᠠᠭ᠃ ᠬᠠᠷᠢᠨ ᠵᠦᠪ ᠳᠠᠳᠬᠠᠯ ᠨᠢ ᠡᠬᠦᠨ ᠲᠠᠢ | ᠡᠰᠡᠷᠬᠦ ᠪᠠᠶᠢᠵᠦ᠂ ᠨᠢᠭᠡ ᠬᠦᠮᠦᠨ ᠢ ᠬᠢᠷᠢ ᠶᠡᠭᠡ ᠦᠨᠳᠦᠷ ᠲᠤ ᠬᠦᠷᠭᠡᠳᠡᠭ ᠢ ᠲᠠ ᠨᠠᠷ ᠮᠡᠳᠡᠨ᠎ᠡ ᠤᠤ︖ | ᠬᠦᠮᠦᠰ ᠳᠠᠳᠬᠠᠯ ᠢ ᠦᠪᠡᠷ ᠲᠡᠭᠡᠨ ᠯᠡ ᠪᠤᠢ ᠪᠤᠯᠭᠠᠳᠠᠭ᠃ ᠮᠦᠨ ᠴᠦ ᠳᠠᠳᠬᠠᠯ ᠢ ︽ᠰᠠᠶᠢᠨ︾ ᠡᠰᠡᠬᠦᠯ᠎ᠡ | ︽ᠮᠠᠭᠤ︾ ᠪᠤᠯᠭᠠᠬᠤ ᠶᠢ ᠦᠪᠡᠷᠳᠡᠭᠡᠨ ᠯᠡ ᠲᠤᠭᠳᠠᠭᠠᠨ᠎ᠠ᠃ ᠡᠶᠢᠮᠦ ᠠᠴᠠ ᠲᠠᠨ ᠤ ᠠᠵᠢᠯ ᠭᠡᠷᠡᠭ ᠤᠨ ᠠᠮᠵᠢᠯᠳᠠ | ᠪᠤᠯᠤᠮᠵᠢ ᠴᠢᠨᠢ ᠦᠷᠬᠦᠯᠵᠢ ᠲᠠᠨ ᠠᠴᠠ ᠰᠢᠯᠳᠠᠭᠠᠯᠠᠭᠳᠠᠨ᠎ᠠ ᠰᠢᠦ ᠳ᠋ᠠ᠂ ᠲᠡᠷᠡ ᠬᠢᠷᠢ ᠶᠡᠭᠡ ᠵᠦᠪ ᠰᠠᠶᠢᠨ ᠳᠠᠳᠬᠠᠯ | ᠲᠠᠢ ᠪᠤᠯ ᠦᠪᠡᠷ ᠤᠨ ᠴᠢᠨᠢ ᠠᠮᠵᠢᠯᠳᠠ ᠪᠤᠯᠤᠮᠵᠢ ᠪᠦᠬᠦᠶᠢᠯᠡ ᠶᠠᠪᠤᠳᠠᠯ ᠴᠢᠨᠢ ᠠᠮᠵᠢᠯᠳᠠ ᠲᠠᠢ ᠪᠠᠷ ᠦᠷᠬᠦᠯᠵᠢᠯᠡᠨ᠎ᠡ | ᠭᠡᠳᠡᠭ ᠢ ᠬᠦᠨ ᠤᠶᠢᠯᠠᠭᠠᠵᠦ ᠠᠪᠤᠭᠠᠷᠠᠢ︕ | ᠡᠶᠢᠮᠦ ᠠᠴᠠ ᠨᠠᠶᠢᠵᠠ ᠨᠦᠬᠦᠳ ᠮᠢᠨᠢ᠂ ᠬᠠᠷᠠᠬᠠᠨ ᠪᠠᠭ᠎ᠠ ᠠᠴᠠ ᠪᠠᠨ ᠠᠮᠵᠢᠯᠳᠠ ᠶᠢ ᠦᠨᠳᠦᠰᠦ ᠠᠴᠠ ᠨᠢ | ᠡᠬᠢᠯᠡᠵᠦ᠂ ᠵᠦᠪ ᠳᠠᠳᠬᠠᠯ ᠢᠶᠠᠷ ᠪᠡᠶᠡᠯᠡᠬᠦᠯᠵᠦ ᠰᠤᠷᠬᠤ ᠭᠡᠷᠡᠭᠳᠠᠢ ᠪᠠᠶᠢᠨ᠎ᠠ᠃ | |