ᠳᠦᠯ ᠤᠨ  ᠣᠭᠤᠲᠠ ᠮᠢᠯᠢᠶᠠᠬᠤ ᠶᠣᠰᠣᠨ
ᠨᠡᠶᠢᠲᠡᠯᠡᠭᠰᠡᠨ ᠴᠠᠭ᠄
2018/3/22
      ᠳᠦᠯ ᠤᠨ ᠤᠭᠤᠳᠠ ᠭᠡᠵᠤ ᠬᠠᠪᠤᠷ ᠳᠦᠯ ᠳᠤᠰᠬᠤ ᠦᠶᠡᠰ ᠲᠤ ᠬᠤᠷᠠᠭ᠎ᠠ ᠢᠰᠢᠭᠡ ᠪᠠᠨ ᠬᠢᠳᠡᠭ ᠤᠭᠤᠳᠠ ᠶᠢ ᠬᠡᠯᠡᠳᠡᠭ᠃ ᠬᠠᠪᠤᠷ ᠬᠤᠨᠢ ᠬᠤᠷᠠᠭᠠᠯᠠᠵᠤ ᠡᠬᠢᠯᠡᠬᠦ ᠳᠤ ᠬᠤᠨᠢᠴᠢᠨ ᠬᠤᠷᠠᠭᠠᠨ ᠤ ᠪᠠᠨ ᠤᠭᠤᠳᠠ ᠶᠢ ᠠᠪᠴᠤ ᠶᠠᠪᠤᠳᠠᠭ ᠶᠤᠮ᠃ ᠤᠯᠠᠨ ᠬᠤᠨᠢ ᠲᠠᠢ ᠠᠶᠢᠯ ᠬᠤᠶᠠᠷ ᠤᠭᠤᠳᠠ ᠬᠡᠷᠡᠭᠯᠡᠳᠡᠭ᠃ ᠢᠰᠡᠭᠡᠢ ᠪᠠᠷ ᠬᠢᠭᠰᠡᠨ ᠪᠤᠯᠬᠤᠷ ᠤᠭᠤᠳᠠ ᠨᠢ ᠬᠦᠩᠭᠡᠨ ᠵᠦᠭᠡᠯᠡᠨ ᠪᠠᠶᠢᠳᠠᠭ ᠮᠦᠷᠳᠡᠭᠡᠨ ᠨᠢᠯᠬ᠎ᠠ ᠬᠤᠷᠠᠭ᠎ᠠ ᠢᠰᠢᠭᠡ ᠬᠢᠬᠦ ᠳᠤ ᠬᠠᠮᠤᠭ ᠤᠨ ᠵᠤᠬᠢᠮᠵᠢ ᠲᠠᠢ ᠶᠤᠮ᠃ ᠤᠭᠤᠳᠠ ᠳᠠᠭᠠᠨ ᠳᠡᠮᠡᠭᠡᠨ ᠤᠩᠭᠠᠰᠤ ᠪᠠᠷ ᠳᠡᠮᠤᠨ ᠤᠶᠤᠡᠡᠰᠡᠨ ᠤᠭᠤᠰᠤᠷ ᠬᠠᠳᠠᠳᠠᠭ᠃ ᠤᠭᠤᠳᠠ ᠨᠢ ᠨᠤᠷᠤᠪᠡᠯ ᠬᠠᠳᠠᠭᠠᠳᠠᠭ᠃ ᠮᠠᠯᠴᠢᠳ ᠬᠠᠪᠤᠷ ᠳᠦᠷᠤᠬᠦᠤ ᠤᠳᠠᠭ᠎ᠠ ᠤᠭᠤᠳᠠ ᠡᠬᠦᠷᠬᠦ ᠡᠳᠤᠷ ᠤᠭᠤᠳᠠ ᠳᠠᠭᠠᠨ ᠰᠢᠬᠢᠷ ᠪᠤᠤᠪᠤ᠂ ᠦᠷᠤᠮ᠎ᠠ᠂ ᠬᠤᠷᠤᠳ᠂ ᠰᠢᠷ᠎ᠠ ᠳᠤᠰᠤ ᠵᠡᠷᠭᠡ ᠶᠢ ᠬᠢᠵᠤ ᠶᠠᠪᠤᠭᠤᠯᠳᠠᠭ ᠨᠢ ᠤᠤᠭᠠᠨ ᠳᠦᠯ ᠢᠶᠠᠨ ᠳᠤᠰᠴᠤ᠂ ︽ᠤᠭᠤᠳᠠ ᠪᠠᠨ ᠮᠢᠯᠢᠶᠠᠵᠤ︾ ᠪᠠᠶᠢᠭ᠎ᠠ ᠶᠠᠪᠤᠳᠠᠯ ᠪᠤᠯᠤᠨ᠎ᠠ᠃ ᠳᠦᠯ ᠤᠨ ᠬᠦᠭ ᠤᠨ ᠦᠶᠡᠰ ᠲᠤ ᠦᠳᠡ ᠶᠢᠨ ᠭᠤᠤᠯ ᠢᠶᠠᠷ ᠬᠤᠨᠢ ᠪᠠᠨ ᠳᠤᠰᠴᠤ ᠬᠤᠷᠠᠭ᠎ᠠ ᠶᠢ ᠨᠢ ᠠᠪᠴᠢᠷᠠᠳᠠᠭ᠃ ᠬᠤᠨᠢ ᠳᠤᠰᠬᠤ ᠳᠤ ᠭᠡᠤᠭᠡᠳ ᠪᠠᠭᠠᠴᠤᠳ ᠤᠴᠢᠨ᠎ᠠ᠃ ᠬᠡᠷᠪᠡ ᠬᠤᠶᠠᠷ ᠠᠴᠠ ᠳᠡᠭᠡᠭᠰᠢ ᠢᠬᠢᠷᠡᠯᠡᠭᠰᠡᠨ ᠳᠦᠯ ᠭᠠᠷᠪᠠᠯ ᠭᠡᠳᠤᠨ ᠭᠡᠤᠭᠡᠳ ᠢ ᠤᠷᠤᠯᠳᠤᠭᠤᠯᠤᠨ ᠬᠦᠶᠤᠯᠭᠡᠵᠤ ᠢᠬᠢᠷ᠎ᠡ ᠳᠦᠯ ᠢ ᠳᠤᠰᠤᠭᠤᠯᠤᠨ᠂ ᠲᠡᠷᠢᠬᠦᠨ᠂ ᠳᠡᠳ᠋ ᠢ ᠨᠢ ᠱᠠᠩᠨᠠᠳᠠᠭ᠃ ᠮᠠᠯ ᠳᠦᠯᠯᠡᠵᠤ ᠪᠠᠶᠢᠭ᠎ᠠ ᠦᠶᠡᠰ ᠲᠤ ᠭᠡᠤᠭᠡᠳ ᠱᠠᠭ᠎ᠠ ᠨᠠᠭᠠᠳᠬᠤ ᠶᠢ ᠶᠡᠭᠡ ᠴᠡᠭᠡᠷᠯᠡᠳᠡᠭ᠃ ᠱᠠᠭ᠎ᠠ ᠨᠠᠭᠠᠳᠪᠠᠯ ᠮᠠᠶᠢᠭ ᠳᠦᠯ ᠭᠠᠷᠤᠨ᠎ᠠ ᠭᠡᠵᠤ ᠬᠡᠯᠡᠳᠡᠭ ᠶᠤᠮ᠃ ᠮᠠᠯ ᠳᠦᠯᠯᠠᠵᠤ ᠪᠠᠶᠢᠭ᠎ᠠ ᠢᠳᠡ ᠦᠶᠡᠰ ᠳᠦᠯ ᠢᠶᠠᠨ ᠳᠤᠭᠠᠯᠠᠬᠤ ᠶᠢ ᠴᠡᠭᠡᠷᠯᠡᠨ᠎ᠡ᠃ ᠬᠤᠷᠠᠭ᠎ᠠ ᠢᠰᠢᠭᠡ ᠴᠢᠮᠬᠢᠬᠦ ᠪᠤᠶᠤ ᠢᠮᠨᠡᠬᠦ ᠦᠶᠡᠰ ᠰᠠᠶ᠋ᠢ ᠳᠣᠭᠠᠯᠠᠯᠲᠠ ᠬᠢᠳᠡᠭ
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号