187ᠳᠦᠷᠦᠯ ᠤᠨ ᠬᠡᠷᠡᠭᠯᠡᠭᠡᠨ ᠤ ᠵᠦᠢᠯᠡᠰ ᠤᠨ ᠪᠣᠭᠤᠮᠲᠠ ᠶᠢᠨ ᠭᠠᠶᠢᠯᠢ ᠪᠠᠭᠤᠷᠠᠪᠠ
ᠨᠡᠶᠢᠲᠡᠯᠡᠭᠰᠡᠨ ᠴᠠᠭ᠄
2018/3/27
     2018 ᠤᠨ ᠳᠤ᠂ ᠮᠠᠨ ᠤ ᠤᠯᠤᠰ ᠤᠨ ᠵᠠᠷᠢᠮ ᠳᠠᠸᠠᠷ ᠤᠨ ᠪᠤᠭᠤᠮᠳᠠ ᠶᠢᠨ ᠭᠠᠶᠢᠯᠢ ᠶᠢ ᠤᠯᠠᠮ ᠨᠢᠭᠡ ᠠᠯᠬᠤᠮ ᠪᠠᠭᠤᠷᠠᠭᠤᠯᠵᠤ᠂ ᠳᠤᠮᠳᠠᠴᠢ ᠭᠠᠶᠢᠯᠢ ᠶᠢᠨ ᠨᠤᠷᠮ᠎ᠠ ᠨᠢ 17.3% ᠠᠴᠠ ᠪᠠᠭᠤᠷᠠᠭᠠᠳ 7.7% ᠪᠤᠯᠪᠠ᠃ ᠤᠯᠤᠰ ᠤᠨ ᠡᠳ᠋ ᠤᠨ ᠵᠠᠰᠠᠭ ᠤᠨ ᠶᠠᠮᠤᠨ ᠠᠴᠠ ᠥᠢᠯᠠᠭᠠᠭᠰᠠᠨ ᠢᠶᠠᠷ᠂ ᠳᠤᠰ ᠤᠳᠠᠭᠠᠨ ᠤ ᠭᠠᠶᠢᠯᠢ ᠪᠠᠭᠤᠷᠠᠭᠤᠯᠤᠭᠰᠠᠨ ᠬᠡᠪᠴᠢᠶ᠎ᠠ ᠨᠢ ᠢᠳᠡᠭᠡᠨ ᠤ ᠵᠥᠢᠯᠡᠰ᠂ ᠡᠷᠡᠭᠦᠯᠵᠢᠯ ᠤᠨ ᠡᠳ᠋᠂ ᠡᠮ᠂ ᠡᠳᠤᠷ ᠳᠤᠳᠤᠮ ᠤᠨ ᠬᠡᠷᠡᠭᠯᠡᠭᠡᠨ ᠤ ᠵᠥᠢᠯᠡᠰ᠂ ᠬᠤᠪᠴᠠᠰᠤ ᠬᠤᠨᠠᠷ᠂ ᠭᠡᠷ ᠤᠨ ᠬᠡᠷᠡᠭᠰᠡᠯ᠂ ᠰᠤᠶᠤᠯ ᠵᠤᠭᠠᠴᠠᠯ᠂ ᠪᠥᠷᠢᠨ ᠪᠠᠷᠠᠭ᠎ᠠ ᠵᠡᠷᠭᠡ 187 ᠲᠥᠷᠥᠯ ᠤᠨ ᠳᠠᠸᠠᠷ ᠢ ᠪᠠᠭᠳᠠᠭᠠᠪᠠ᠃    ᠳᠡᠭᠡᠪᠡᠯ ᠠᠯᠢ ᠠᠯᠢ ᠳᠠᠸᠠᠷ ᠤᠨ ᠭᠠᠶᠢᠯᠢ ᠨᠢ ᠪᠠᠭᠤᠷᠠᠭᠰᠠᠨ ᠪᠤᠯ︖         ᠡᠳᠤᠷ ᠳᠤᠳᠤᠮ ᠤᠨ ᠬᠡᠷᠡᠭᠯᠡᠭᠡᠨ ᠤ ᠵᠥᠢᠯᠡᠰ᠄     ᠥᠨᠤᠷᠳᠤ ᠤᠰᠤ᠂ ᠤᠷᠤᠭᠤᠯ ᠤᠨ ᠪᠤᠳᠤᠭ᠂ ᠨᠢᠳᠤᠨ ᠤ ᠴᠢᠮᠡᠭᠯᠡᠯ ᠵᠡᠷᠭᠡ ᠵᠠᠰᠠᠯ ᠵᠢᠮᠰᠡᠭ ᠤᠨ ᠡᠳ᠋᠂ ᠶᠠᠭᠤᠤ ᠵᠡᠷᠭᠡ ᠡᠳᠤᠷ ᠳᠤᠳᠤᠮ ᠤᠨ ᠬᠡᠷᠡᠭᠯᠡᠭᠡᠨ ᠤ ᠵᠥᠢᠯᠡᠰ ᠤᠨ ᠪᠤᠭᠤᠮᠳᠠ ᠶᠢᠨ ᠭᠠᠶᠢᠯᠢ 10% ᠠᠴᠠ ᠪᠠᠭᠤᠷᠠᠭᠠᠳ 5% ᠪᠤᠯᠪᠠ᠃     ᠬᠢᠮᠤᠰᠤᠨ ᠳᠤᠰᠤ᠂ ᠥᠰᠥ ᠠᠳᠤᠷᠢᠭᠤᠯᠬᠤ ᠡᠮ᠂ ᠥᠰᠥ ᠬᠡᠪᠰᠢᠭᠦᠯᠬᠦ ᠡᠳ᠋ ᠤᠨ ᠪᠤᠭᠤᠮᠳᠠ ᠶᠢᠨ ᠭᠠᠶᠢᠯᠢ ᠨᠢ 15% ᠠᠴᠠ ᠪᠠᠭᠤᠷᠠᠭᠠᠳ 5% ᠪᠤᠯᠪᠠ᠃     ᠭᠡᠵᠢᠭᠡ ᠤᠬᠢᠶᠠᠬᠤ ᠡᠳ᠋᠂ ᠪᠤᠰᠤᠳ ᠵᠢᠰᠤ ᠭᠤᠶᠤᠯᠠᠬᠤ ᠵᠥᠢᠯᠡᠰ ᠪᠤᠶᠤ ᠠᠷᠠᠰᠤ ᠬᠠᠮᠠᠭᠠᠯᠠᠬᠤ ᠡᠳ᠋ ᠵᠡᠷᠭᠡ ᠶᠢᠨ ᠪᠤᠭᠤᠮᠳᠠ ᠶᠢᠨ ᠭᠠᠶᠢᠯᠢ ᠨᠢ 6.5% ᠠᠴᠠ ᠪᠠᠭᠤᠷᠠᠭᠠᠳ 2% ᠪᠤᠯᠪᠠ᠃      ᠶᠠᠭᠤᠤ᠂ ᠰᠢᠳᠤᠨ ᠤᠳᠠᠰᠤ᠂ ᠪᠡᠶ᠎ᠠ ᠤᠬᠢᠶᠠᠯᠭ᠎ᠠ ᠶᠢᠨ ᠳᠠᠪᠤᠰᠤ᠂ ᠥᠨᠤᠷ ᠠᠷᠢᠯᠭᠠᠬᠤ ᠡᠳ᠋ ᠵᠡᠷᠭᠡ ᠶᠢᠨ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% ᠪᠤᠯᠪᠠ᠃        ᠵᠢᠵᠢᠭ ᠴᠠᠬᠢᠯᠭᠠᠨ ᠬᠡᠷᠡᠭᠰᠡᠯ᠄     ᠴᠠᠬᠢᠯᠭᠠᠨ ᠬᠥᠳᠡᠯᠭᠡᠭᠦᠷᠢᠳᠤ ᠰᠠᠬᠠᠯ ᠤᠨ ᠬᠢᠳᠤᠭ᠎ᠠ᠂ ᠴᠠᠬᠢᠯᠭᠠᠨ ᠬᠥᠳᠡᠯᠭᠡᠭᠦᠷᠢᠳᠤ ᠰᠢᠳᠤᠨ ᠱᠤᠸᠠᠵᠠ ᠶᠢᠨ ᠪᠤᠭᠤᠮᠳᠠ ᠶᠢᠨ ᠭᠠᠶᠢᠯᠢ ᠨᠢ 30% ᠠᠴᠠ ᠪᠠᠭᠤᠷᠠᠭᠠᠳ 10% ᠪᠤᠯᠪᠠ᠃ ᠡᠯ᠎ᠠ ᠵᠥᠢᠯ ᠤᠨ ᠺᠤᠹᠧ ᠶᠢᠨ ᠮᠠᠰᠢᠨ ᠵᠡᠷᠭᠡ ᠶᠢᠨ ᠪᠤᠭᠤᠮᠳᠠ ᠶᠢᠨ ᠭᠠᠶᠢᠯᠢ ᠨᠢ 32% ᠠᠴᠠ ᠪᠠᠭᠤᠷᠠᠭᠠᠳ 10% ᠪᠤᠯᠪᠠ᠃ ᠭᠡᠷ ᠤᠨ ᠬᠡᠷᠡᠭᠯᠡᠭᠡᠨ ᠤ ᠠᠦ᠋ᠲ᠋ᠣ᠋ ᠮᠢᠶᠡᠨᠪᠤᠤ ᠶᠢᠨ ᠮᠠᠰᠢᠨ᠂ ᠮᠢᠶᠠᠨᠪᠤᠤ ᠬᠠᠭᠰᠠᠭᠠᠬᠤ ᠮᠠᠰᠢᠨ᠂ ᠤᠤᠭᠤᠬᠤ ᠤᠰᠤᠨ ᠤ ᠮᠠᠰᠢᠨ ᠵᠡᠷᠭᠡ ᠶᠢᠨ ᠪᠤᠭᠤᠮᠳᠠ ᠶᠢᠨ ᠭᠠᠶᠢᠯᠢ ᠨᠢ 32% ᠠᠴᠠ ᠪᠠᠭᠤᠷᠠᠭᠠᠳ 16% ᠪᠤᠯᠪᠠ᠃ ᠤᠶᠤᠨᠴᠢ ᠭᠠᠳᠠᠭᠠᠯᠠᠬᠤ ᠳᠠᠳᠠᠭᠠᠯ ᠤᠨ ᠪᠤᠭᠤᠮᠳᠠ ᠶᠢᠨ ᠭᠠᠶᠢᠯᠢ ᠨᠢ 32% ᠠᠴᠠ ᠪᠠᠭᠤᠷᠠᠭᠠᠳ 10% ᠪᠤᠯᠪᠠ᠃        ᠨᠢᠯᠬ᠎ᠠ ᠬᠡᠤᠬᠡᠳ ᠤᠨ ᠬᠡᠷᠡᠭᠯᠡᠭᠡᠨ ᠤ ᠵᠥᠢᠯᠡᠰ᠄      ᠰᠢᠭᠡᠰᠤᠨ ᠪᠥᠰ᠂ ᠰᠢᠭᠡᠰᠤᠨ ᠥᠮᠤᠳᠤ ᠶᠢᠨ ᠪᠤᠭᠤᠮᠳᠠ ᠶᠢᠨ ᠭᠠᠶᠢᠯᠢ ᠨᠢ 7.5% ᠪᠠᠶᠢᠭᠰᠠᠨ ᠠᠴᠠ ᠭᠠᠶᠢᠯᠢ ᠬᠡᠯᠳᠤᠷᠢᠭᠦᠯᠬᠦ ᠪᠤᠯᠭᠠᠪᠠ᠃ ᠰᠢᠬᠢᠷ ᠥᠭᠡᠶᠢᠳᠡᠭᠦᠯᠥᠭᠰᠡᠨ ᠨᠢᠯᠬ᠎ᠠ ᠬᠡᠤᠬᠡᠳ ᠤᠨ ᠤᠨᠴᠠᠭᠠᠢ ᠰᠥᠨ ᠳᠠᠯᠬ᠎ᠠ ᠪᠠ ᠠᠮᠢᠨ ᠬᠥᠴᠢᠯ ᠤᠨ ᠨᠠᠶᠢᠷᠠᠯᠭ᠎ᠠ ᠲᠠᠢ ᠵᠤᠷ ᠵᠡᠷᠭᠡ ᠰᠢᠮ᠎ᠠ ᠳᠡᠵᠢᠭᠡᠯᠳᠤ ᠡᠳ᠋ ᠤᠨ ᠪᠤᠭᠤᠮᠳᠠ ᠶᠢᠨ ᠭᠠᠶᠢᠯᠢ ᠨᠢ 7.5% ᠪᠠᠶᠢᠭᠰᠠᠨ ᠠᠴᠠ ᠭᠠᠶᠢᠯᠢ ᠬᠡᠯᠳᠤᠷᠢᠭᠦᠯᠬᠦ ᠪᠤᠯᠭᠠᠪᠠ᠃ ᠨᠢᠯᠬ᠎ᠠ ᠬᠡᠤᠬᠡᠳ ᠤᠨ ᠵᠢᠳᠬᠦᠬᠦᠷ ᠳᠡᠷᠭᠡᠨ ᠤ ᠪᠤᠭᠤᠮᠳᠠ ᠶᠢᠨ ᠭᠠᠶᠢᠯᠢ ᠨᠢ 20% ᠠᠴᠠ ᠪᠠᠭᠤᠷᠠᠭᠠᠳ 10% ᠪᠤᠯᠪᠠ᠃ ᠪᠤᠰᠤᠳ ᠨᠢᠯᠬ᠎ᠠ ᠬᠡᠤᠭᠡᠳ ᠤᠨ ᠵᠢᠵᠢᠭᠯᠡᠨ ᠬᠤᠳᠠᠯᠳᠤᠬᠤ ᠪᠤᠭᠤᠯᠳᠠ ᠲᠠᠢ ᠢᠳᠡᠭᠡᠨ ᠤ ᠪᠤᠭᠤᠮᠳᠠ ᠶᠢᠨ ᠭᠠᠶᠢᠯᠢ ᠨᠢ 15% ᠠᠴᠠ ᠪᠠᠭᠤᠷᠠᠭᠠᠳ 2% ᠪᠤᠯᠪᠠ᠃         ᠢᠳᠡᠭᠡᠨ ᠤ ᠵᠥᠢᠯᠡᠰ᠄     ᠬᠥᠯᠳᠡᠭᠡᠭᠰᠡᠨ ᠵᠢᠭᠠᠰᠤ ᠵᠡᠷᠭᠡ ᠶᠢᠨ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% ᠪᠤᠯᠪᠠ᠃ ᠡᠯ᠎ᠠ ᠵᠥᠢᠯ ᠤᠨ ᠨᠤᠨᠳᠠᠭᠯᠠᠭᠰᠠᠨ ᠳᠠᠷᠠᠭ᠂ ᠪᠤᠯᠪᠠᠰᠤᠷᠠᠭᠤᠯᠤᠭᠰᠠᠨ ᠳᠠᠷᠠᠭ ᠵᠡᠷᠭᠡ ᠶᠢᠨ ᠪᠤᠭᠤᠮᠳᠠ ᠶᠢᠨ ᠭᠠᠶᠢᠯᠢ ᠨᠢ 12% ᠠᠴᠠ ᠪᠠᠭᠤᠷᠠᠭᠠᠳ 8% ᠪᠤᠯᠪᠠ᠃ ᠪᠷᠠᠽᠢᠯ ᠵᠢᠮᠢᠰ᠂ ᠪᠥᠭᠡᠷᠡᠨ ᠵᠢᠮᠢᠰ᠂ ᠨᠤᠭᠤᠭᠠᠨ ᠵᠢᠮᠢᠰ᠂ ᠰᠤᠷᠭᠤᠭ ᠵᠢᠮᠢᠰ ᠪᠤᠶᠤ ᠬᠠᠳᠠᠭᠠᠭᠰᠠᠨ ᠠᠯᠢᠮ᠎ᠠ ᠵᠡᠷᠭᠡ ᠶᠢᠨ ᠪᠤᠭᠤᠮᠳᠠ ᠶᠢᠨ ᠭᠠᠶᠢᠯᠢ ᠨᠢ ᠴᠥᠮ 7% ᠪᠤᠯᠪᠠ᠃ ᠸᠢᠰᠺᠢ ᠠᠷᠢᠬᠢ᠂ ᠨᠡᠷᠡᠮᠡᠯ ᠥᠵᠥᠮ ᠤᠨ ᠠᠷᠢᠬᠢ ᠪᠠᠷ ᠨᠡᠷᠡᠭᠰᠡᠨ ᠭᠷᠠᠳᠦ᠋ᠰ ᠠᠷᠢᠬᠢᠨ ᠤ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% ᠪᠤᠯᠪᠠ᠃          ᠬᠤᠪᠴᠠᠰᠤ ᠬᠤᠨᠠᠷ᠄      ᠡᠷᠡᠭᠳᠡᠢ ᠡᠮᠡᠭᠳᠡᠢ ᠶᠢᠨ ᠳ᠋ᠠᠴᠠᠩ᠂ ᠡᠸᠦ᠋ᠷᠥᠫᠠ ᠬᠤᠪᠴᠠᠰᠤ᠂ ᠡᠯ᠎ᠠ ᠵᠥᠢᠯ ᠤᠨ ᠡ᠊ ᠡᠭ ᠤᠨ ᠬᠤᠪᠴᠠᠰᠤ᠂ ᠳᠤᠯᠤᠭᠠᠢ ᠶᠢᠨ ᠠᠯᠴᠢᠭᠤᠷ ᠵᠡᠷᠭᠡ ᠶᠢᠨ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% ᠪᠤᠯᠪᠠ᠃ ᠤᠰᠤ ᠰᠡᠷᠭᠡᠶᠢᠯᠡᠬᠦ ᠱᠠᠬᠠᠢ ᠭᠤᠳᠤᠯ᠂ ᠠᠷᠠᠰᠤᠨ ᠴᠢᠷᠥᠭᠦᠯ ᠱᠠᠬᠠᠢ ᠵᠡᠷᠭᠡ ᠶᠢᠨ ᠪᠤᠭᠤᠮᠳᠠ ᠶᠢᠨ ᠭᠠᠶᠢᠯᠢ ᠨᠢ 24% ᠠᠴᠠ ᠪᠠᠭᠤᠷᠠᠭᠠᠳ 12% ᠪᠤᠯᠪᠠ᠃  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号