| | ᠳᠠᠪᠣᠨ ᠦᠩᠬᠡ ᠶᠢᠨ ᠬᠠᠳᠠᠭ ᠤᠨ ᠪᠡᠯᠬᠡᠳᠡᠯ ᠪᠠ ᠮᠦᠨ ᠴᠢᠨᠠᠷ | | ᠳᠠᠪᠣᠨ ᠦᠩᠬᠡ ᠶᠢᠨ ᠬᠠᠳᠠᠭ ᠢ ᠬᠠᠳᠠᠭᠠᠯᠠᠬᠤ ᠨᠢ ᠪᠣᠶᠠᠨ ᠳᠣᠭᠳᠠᠭᠠᠵᠦ ᠪᠠᠶᠠᠨ ᠴᠢᠨᠡᠬᠡᠯᠢᠭ᠂ ᠭᠠᠢ ᠭᠠᠷᠣᠵᠠ | ᠦᠭᠡᠢ᠂ ᠡᠩᠬᠡ ᠳᠦᠪᠰᠢᠨ ᠶᠠᠪᠣᠬᠤ ᠶᠢ ᠪᠡᠯᠬᠡᠳᠡᠳᠡᠭ᠃ ᠳᠠᠪᠣᠨ ᠦᠩᠬᠡ ᠶᠢᠨ ᠬᠠᠳᠠᠭ ᠢ ᠳᠠᠷᠠᠭᠠᠬᠢ ᠳᠠᠷᠠᠭᠠᠯᠠᠯ ᠢᠶᠠᠷ | ᠪᠠᠶᠢᠷᠢᠯᠠᠭᠤᠯᠬᠤ ᠪᠦᠬᠡᠳ ᠦᠩᠬᠡ ᠪᠦᠷᠢ ᠨᠢ ᠦᠬᠡᠷ᠎ᠡ ᠦᠬᠡᠷ᠎ᠡ ᠣᠳᠬ᠎ᠠ ᠰᠠᠨᠠᠭ᠎ᠠ ᠶᠢ ᠢᠯᠡᠷᠬᠡᠶᠢᠯᠡᠵᠦ ᠪᠠᠶᠢᠳᠠᠭ᠃ | | ᠴᠡᠩᠬᠡᠷ ᠬᠠᠳᠠᠭ | ᠮᠦᠩᠬᠡ ᠳᠡᠭᠷᠢ ᠶᠢᠨ ᠦᠩᠬᠡ᠂ ᠠᠮᠣᠷ ᠳᠠᠶᠢᠪᠣᠩ ᠤᠨ ᠪᠡᠯᠬᠡᠳᠡᠯ᠂ ᠠᠯᠢᠪᠠ ᠬᠤᠣᠷᠯᠠᠯ ᠦᠢᠯᠡᠳᠬᠦ ᠬᠤᠣᠷᠳᠠᠨ | ᠳᠠᠶᠢᠰᠣᠨ ᠪᠦᠬᠦᠳᠠ ᠶᠢ ᠬᠡᠰᠬᠡᠨ ᠴᠡᠬᠡᠷᠯᠡᠬᠦᠯᠬᠦ ᠦᠢᠯᠡ ᠶᠢ ᠪᠦᠳᠦᠬᠡᠨ᠎ᠡ᠃ ᠴᠩᠬᠡᠷ ᠦᠩᠬᠡ ᠶᠢᠨ ᠬᠠᠳᠠᠭ ᠢ | ᠳᠦᠬᠡᠮᠡᠯ ᠬᠡᠷᠡᠭᠯᠡᠳᠡᠭ ᠪᠦᠬᠡᠳ ᠦᠪᠡᠷ ᠬᠤᠭᠤᠷᠣᠨᠳᠦ ᠪᠠᠨ᠂ ᠠᠬ᠎ᠠ ᠳᠡᠬᠦᠣᠰ ᠲᠡᠭᠡᠨ ᠪᠠᠷᠢᠵᠦ ᠵᠣᠯᠭᠠᠳᠠᠭ᠃ | | ᠰᠢᠷ᠎ᠠ ᠬᠠᠳᠠᠭ | ᠠᠯᠢᠪᠠ ᠮᠠᠭᠤ ᠪᠦᠬᠦᠨ ᠤ ᠵᠠᠶᠢᠯᠠᠭᠤᠯᠵᠦ᠂ ᠴᠤᠭ ᠵᠣᠯᠪᠣᠭ᠎ᠠ᠂ ᠨᠠᠰᠦ ᠪᠣᠶᠠᠨ᠂ ᠳᠡᠬᠦᠰ ᠡᠳ᠋ᠯᠡᠯ᠂ ᠢᠷᠡᠭᠤ | ᠠᠯᠳᠠᠷ᠂ ᠱᠠᠰᠢᠨ ᠤ ᠢᠵᠠᠭᠤᠷ ᠦᠨᠳᠣᠰᠦ ᠶᠢ ᠰᠢᠨ᠎ᠡ ᠶᠢᠨ ᠰᠠᠷ᠎ᠠ ᠮᠡᠲᠦ ᠳᠡᠯᠬᠡᠷᠡᠬᠦᠯᠬᠦ ᠦᠢᠯᠡ ᠶᠢ ᠪᠦᠳᠦᠬᠡᠨ᠎ᠡ᠃ | ᠰᠢᠷ᠎ᠠ ᠦᠩᠬᠡ ᠶᠢᠨ ᠬᠠᠳᠠᠭ ᠢ ᠪᠠᠭᠰᠢ ᠳᠠᠭᠠᠨ ᠪᠠᠷᠢᠳᠠᠭ ᠦᠭᠡᠷ᠎ᠡ ᠬᠦᠮᠦᠨ ᠳᠤ ᠪᠠᠷᠢᠳᠠᠭ ᠦᠭᠡᠢ᠃ | | ᠴᠠᠭᠠᠨ ᠬᠠᠳᠠᠭ | ᠡᠬᠡ ᠶᠢᠨ ᠰᠦᠨ ᠤ ᠦᠩᠬᠡ ᠲᠠᠢ᠂ ᠰᠡᠳᠬᠢᠯ ᠠᠷᠢᠭᠤᠨ᠂ ᠪᠣᠳᠢ ᠰᠡᠳᠬᠢᠯ ᠲᠠᠢ᠂ ᠦᠭᠯᠢᠭᠡᠴᠢ ᠪᠣᠶᠠᠨ ᠲᠠᠢ᠃ | ᠬᠠᠷᠠᠩᠭᠤᠢ ᠶᠢ ᠬᠡᠶᠢᠭᠡᠬᠦᠯᠳᠡᠭ ᠠᠮᠣᠷᠯᠢᠩᠭᠤᠢ ᠶᠢᠨ ᠦᠩᠬᠡ ᠣᠴᠢᠷ ᠡᠪᠡᠳᠴᠢᠨ᠂ ᠪᠠᠷᠴᠢᠳ᠂ ᠠᠳᠠ᠂ ᠳᠣᠳᠬᠠᠷ᠂ | ᠬᠤᠯᠠᠭᠠᠢ ᠳᠡᠭᠡᠷᠡᠮ ᠢ ᠠᠷᠢᠯᠭᠠᠬᠤ᠂ ᠰᠠᠨᠠᠭᠰᠠᠨ ᠵᠦᠢᠯ ᠢ ᠪᠦᠳᠦᠬᠡᠬᠦ ᠳᠤ ᠪᠡᠯᠬᠡᠰᠢᠶᠡᠳᠡᠭ᠃ ᠴᠠᠭᠠᠨ ᠦᠩᠬᠡ ᠶᠢᠨ | ᠬᠠᠳᠠᠭ ᠢ ᠬᠠᠮᠤᠭ ᠤᠨ ᠰᠠᠶᠢᠨ ᠰᠠᠶᠢᠬᠠᠨ᠂ ᠬᠦᠨᠳᠦᠳᠬᠡᠳᠡᠭ ᠬᠦᠮᠦᠨ ᠳᠡᠭᠡᠨ ᠡᠷᠬᠦᠨ ᠪᠠᠷᠢᠳᠠᠭ᠃ | | ᠣᠯᠠᠭᠠᠨ ᠬᠠᠳᠠᠭ | ᠭᠠᠯ ᠭᠤᠯᠣᠮᠲᠠ ᠪᠠᠳᠠᠷᠠᠨ ᠳᠡᠭᠡᠭᠰᠢᠯᠡᠬᠦ ᠶᠢᠨ ᠪᠡᠯᠬᠡᠳᠡᠯ᠃ ᠶᠢᠷᠳᠢᠨᠴᠦ ᠶᠢᠨ ᠶᠢᠰᠦᠨ ᠬᠦᠰᠡᠯ ᠢ ᠪᠦᠷᠢᠳᠦᠬᠦᠯᠬᠦ | ᠪᠦᠬᠦ ᠵᠦᠢᠯ ᠢ ᠦᠪᠡᠷ ᠲᠡᠭᠡᠨ ᠪᠣᠶᠣ ᠨᠠᠭᠠᠰᠢ ᠪᠠᠨ ᠬᠤᠷᠢᠶᠠᠬᠤ ᠦᠢᠯᠠ ᠶᠢ ᠪᠦᠳᠦᠬᠡᠨ᠎ᠡ᠃ ᠪᠣᠷᠬᠠᠨ ᠱᠠᠰᠢᠨ ᠤ | ᠳᠠᠪᠣᠨ ᠮᠠᠬᠠᠪᠣᠳ ᠤᠨ ᠳᠣᠰᠬᠠᠢ ᠦᠢᠯᠠ ᠳᠤ ᠬᠡᠷᠡᠭᠯᠡᠳᠡᠭ ᠪᠦᠬᠡᠳ ᠬᠦᠮᠦᠰ ᠲᠤ ᠪᠠᠷᠢᠵᠦ ᠵᠣᠯᠭᠠᠳᠠᠭ ᠦᠭᠡᠢ᠃ | | ᠨᠣᠭᠤᠭᠠᠨ ᠬᠠᠳᠠᠭ | ᠳᠡᠯᠬᠡᠷᠡᠨ ᠠᠷᠪᠢᠵᠢᠬᠤ ᠶᠢᠨ ᠪᠡᠯᠬᠡᠳᠡᠯ ᠲᠠᠢ᠃ ᠨᠣᠭᠤᠭᠠᠨ ᠦᠩᠬᠡ ᠶᠢᠨ ᠬᠠᠳᠠᠭ ᠢ ᠪᠣᠷᠬᠠᠨ ᠱᠠᠰᠢᠨ ᠤ ᠳᠠᠪᠣᠨ | ᠮᠠᠬᠠᠪᠣᠳ ᠢ ᠪᠡᠯᠬᠡᠳᠡᠭᠰᠡᠨ ᠳᠣᠰᠬᠠᠢ ᠦᠢᠯᠡ ᠳᠤ ᠬᠡᠷᠡᠭᠯᠡᠳᠡᠭ ᠪᠦᠬᠡᠳ ᠬᠦᠮᠦᠰ ᠲᠤ ᠪᠠᠷᠢᠵᠦ ᠵᠣᠯᠭᠠᠳᠠᠭ ᠦᠭᠡᠢ᠃ |