ᠮᠤᠩᠭᠤᠯ ᠱᠤᠭᠴᠢᠨ‌ᠦᠷᠭᠡᠨᠳᠡᠯᠭᠡᠷ
ᠨᠡᠶᠢᠲᠡᠯᠡᠭᠰᠡᠨ ᠴᠠᠭ᠄
2018/3/28
ᠮᠤᠩᠭᠤᠯ ᠱᠤᠭᠴᠢᠨ‌ᠦᠷᠭᠡᠨᠳᠡᠯᠭᠡᠷ        ᠦᠷᠭᠡᠨᠳᠡᠯᠭᠡᠷ ᠭᠡᠬᠦ ᠪᠠᠷ ᠤᠯᠠᠩᠬᠢ ᠬᠦᠮᠤᠰ ᠮᠡᠳᠡᠬᠦ ᠦᠭᠡᠢ ᠪᠤᠯᠪᠠᠴᠤ ︽ᠬᠠᠮᠠᠷ ᠠᠠᠵᠢᠶ᠎ᠠ︾ ᠭᠡᠬᠦ ᠶᠤᠮ ᠪᠤᠯ ᠬᠦᠭᠰᠢᠨ ᠵᠠᠯᠠᠭᠤ ᠦᠭᠡᠢ ᠰᠠᠶᠢᠨ ᠳᠠᠨᠢᠳᠠᠬ᠃ ᠦᠷᠭᠡᠨᠳᠡᠯᠭᠡᠷ ᠪᠤᠯ 1989 ᠤᠨ ᠳᠤ ︽ᠬᠠᠮᠠᠷ ᠠᠠᠵᠢᠶ᠎ᠠ︾  ᠱᠤᠬ ᠢᠶᠠᠷ ᠢᠶᠠᠨ  ᠦᠷᠭᠡᠨ ᠤᠯᠠᠨ ᠳᠦᠮᠡᠨ ᠳᠡᠭᠡᠨ ᠳᠠᠨᠢᠬᠳᠠᠬᠰᠠᠨ ᠮᠠᠨ ᠤ ᠤᠷᠤᠨ ᠤ ᠠᠯᠳᠠᠷᠳᠤ ᠱᠤᠬᠴᠢᠨ ᠪᠤᠯᠤᠨ᠎ᠠ᠃      ᠦᠷᠭᠡᠨᠳᠡᠯᠭᠡᠷ ᠪᠤᠯ ᠰᠦᠨᠢᠳ ᠪᠠᠷᠠᠭᠤᠨ ᠬᠤᠰᠢᠭᠤᠨ ᠤ ᠤᠤᠯ ᠤᠨ  ᠨᠤᠭᠤᠭᠠᠠᠨᠢᠷᠤᠭᠤ  ᠰᠤᠮᠤᠨ ᠤ  ᠨᠤᠭᠤᠭᠠᠠᠨᠢᠷᠤᠭᠤ ᠭᠠᠴᠠᠭᠠᠨ ᠤ ᠬᠦᠮᠤᠨ᠃ ᠳᠡᠭᠦᠨ ᠤ ᠡᠵᠢ ᠨᠢ ᠰᠠᠶᠢᠬᠠᠨ ᠬᠤᠭᠤᠯᠠᠢ ᠲᠠᠢ ᠬᠤᠳᠠ ᠤᠰᠤᠨ ᠳᠠᠭᠠᠨ ᠨᠡᠷᠡᠳᠡᠢ ᠳᠠᠭᠤᠴᠢᠨ ᠪᠠᠶᠢᠵᠤ᠂ ᠠᠪᠤ ᠨᠢ ᠴᠤ ᠵᠦᠴᠤᠭᠡ ᠳᠤᠬᠯᠠᠬᠤ ᠳᠤ ᠶᠡᠭᠡ ᠠᠪᠢᠶᠠᠰ ᠲᠠᠢ ᠬᠦᠮᠤᠨ ᠪᠠᠶᠢᠬᠰᠠᠨ ᠶᠤᠮ᠃ ᠠᠪᠤ  ᠡᠵᠢ ᠶᠢᠨ ᠢᠶᠠᠨ  ᠤᠷᠠᠯᠢᠬ ᠤᠨ ᠠᠪᠢᠶᠠᠰ ᠢ ᠦᠪᠴᠢᠨ ᠳᠦᠷᠦᠭᠰᠡᠨ ᠦᠷᠭᠡᠨᠳᠡᠯᠭᠡᠷ ᠦᠪᠡᠷ ᠤᠨ ᠡᠷᠭᠡ ᠦᠭᠡᠢ  ᠤᠷᠠᠯᠢᠬ ᠲᠤ  ᠳᠤᠷᠠᠳᠠᠢ᠃  ᠭᠠᠴᠠᠭᠠᠨ ᠳᠠᠭᠠᠨ ᠪᠠᠶᠢᠬᠤ ᠳᠠᠭᠠᠨ ᠡᠮᠴᠢ ᠶᠢᠨ ᠪᠤᠯᠪᠠᠰᠤᠷᠠᠯ ᠳᠤ ᠤᠷᠤᠯᠴᠠᠵᠤ᠂ ᠳᠦᠷᠪᠡᠨ ᠵᠢᠯ ᠬᠦᠯ  ᠨᠢᠴᠤᠭᠦᠨ  ᠡᠮᠴᠢ  ᠬᠢᠵᠠᠢ᠃  ᠰᠡᠭᠦᠯᠡᠷ ᠨᠢ ᠡᠮᠨᠡᠯᠭᠡ ᠶᠢᠨ  ᠰᠤᠷᠭᠠᠭᠤᠯᠢ ᠳᠤ  ᠰᠢᠯᠭᠠᠭᠤᠯᠵᠠᠢ᠃  ᠬᠠᠷᠢᠨ  ᠶᠠᠬ  ᠰᠠᠶᠢᠬᠠᠨ  ᠡᠨᠡ  ᠦᠶ᠎ᠠ  ᠰᠤᠮᠤᠨ ᠳᠤᠨᠢ  ᠤᠷᠠᠯᠢᠬ ᠤᠨ ᠰᠤᠷᠭᠠᠭᠤᠯᠢ ᠠᠴᠠ ᠰᠤᠷᠤᠬᠴᠢ ᠡᠯᠰᠡᠬᠦ ᠪᠤᠯᠵᠤ ᠰᠤᠮᠤᠨ ᠳᠠᠷᠤᠭ᠎ᠠ ᠨᠢ ᠳᠤᠭᠤᠢ ᠶᠢᠨ ᠠᠷᠤ ᠳᠡᠭᠡᠷ᠎ᠠ ᠪᠠᠨ ᠳᠡᠭᠦᠨ ᠢ  ᠰᠠᠭᠤᠯᠭᠠᠵᠤ ︽ᠡᠨᠡ ᠬᠡᠤᠬᠡᠳ ᠰᠠᠶᠢᠬᠠᠨ ᠳᠠᠭᠤᠯᠠᠳᠠᠬ︾ ᠭᠡᠵᠤ ᠰᠢᠯᠭᠠᠭᠤᠯᠬᠤ ᠪᠠᠷ ᠠᠪᠠᠴᠢᠵᠤ ᠦᠭᠭᠦᠭᠰᠡᠨ ᠪᠠᠶᠢᠯ᠎ᠠ᠃ ︽ᠭᠠᠩᠭᠠᠩ ᠬᠠᠷ᠎ᠠ︾᠂ ︽ᠬᠦᠳᠡᠭᠡ ᠳᠠᠯ᠎ᠠ ᠳᠤ ᠮᠦᠩᠭᠡ ᠶᠢᠨ ᠨᠠᠷᠠᠨ ᠮᠠᠠᠳᠤᠯ᠎ᠠ︾ ᠭᠡᠬᠦ  ᠳᠠᠭᠤᠤ ᠶᠢ  ᠳᠠᠭᠤᠯᠠᠵᠤ᠂  ᠪᠠᠰᠠ  ᠵᠦᠴᠤᠭᠡ  ᠮᠡᠳᠡᠬᠦ  ᠦᠭᠡᠢ ᠳᠡᠭᠦᠨ ᠢᠶᠠᠷ  ᠭᠡᠰᠡᠭ  ᠵᠦᠴᠤᠭᠡ  ᠳᠤᠬᠯᠠᠭᠤᠯᠤᠭᠠᠳ  ᠠᠯᠠᠭᠠᠨ ᠠᠴᠠ ᠨᠢ  ᠤᠯᠠ ᠳᠤᠨᠢ  ᠳᠤᠯᠳᠠᠯ᠎ᠠ  ᠬᠡᠮᠵᠢᠭᠡᠳ  ᠶᠠᠪᠤᠵᠠᠢ᠃ ᠤᠷᠠᠯᠢᠬ ᠤᠨ ᠰᠤᠷᠭᠠᠭᠤᠯᠢ ᠳᠤ ᠰᠢᠯᠭᠠᠭᠤᠯᠤᠭᠠᠳ  ᠪᠠᠶᠢᠳᠠᠯ᠎ᠠ  ᠡᠮᠨᠡᠯᠭᠡ ᠶᠢᠨ  ᠰᠤᠷᠭᠠᠭᠤᠯᠢ ᠳᠤ  ᠡᠯᠰᠡᠭᠳᠡᠭᠰᠡᠨ  ᠮᠡᠳᠡᠭᠳᠡᠯ ᠤᠨ ᠪᠢᠴᠢᠭ ᠪᠠᠭᠤᠵᠤ᠂ ᠪᠦᠬᠦ ᠬᠦᠮᠤᠰ ᠪᠦᠷ ᠳᠡᠭᠦᠨ ᠢ ᠡᠮᠴᠢ ᠶᠢᠨ ᠰᠤᠷᠭᠠᠭᠤᠯᠢ ᠳᠤ ᠶᠠᠪᠤᠭᠤᠯᠬᠤ  ᠰᠠᠨᠠᠭᠠᠳᠠᠢ  ᠪᠠᠶᠢᠯ᠎ᠠ᠃  ᠭᠡᠪᠡᠴᠤ ᠭᠠᠷᠠᠬ ᠤᠨ ᠬᠢᠨᠢ ᠳᠠᠷᠠᠭ᠎ᠠ ᠤᠷᠠᠯᠢᠬ ᠤᠨ ᠰᠤᠷᠭᠠᠭᠤᠯᠢ ᠶᠢᠨ ᠡᠯᠰᠡᠬᠦ  ᠮᠡᠳᠡᠭᠳᠡᠯ  ᠴᠤ  ᠬᠦᠷᠴᠤ  ᠢᠷᠡᠭᠰᠡᠨ ᠳᠤ  ᠦᠷᠭᠡᠨᠳᠡᠯᠭᠡᠷ ᠳᠤᠳᠤᠷ᠎ᠠ ᠪᠠᠨ ᠬᠠᠭ᠎ᠠ ᠪᠠᠶᠠᠷᠯᠠᠵᠠᠢ᠃ ᠢᠩᠬᠢᠵᠤ ᠯᠡ  ᠡᠮᠴᠢ  ᠪᠤᠯᠬᠤ  ᠪᠠᠶᠢᠬᠰᠠᠨ  ᠦᠷᠭᠡᠨᠳᠡᠯᠭᠡᠷ  ᠤᠷᠠᠯᠢᠬᠴᠢᠨ  ᠪᠤᠯᠬᠤ ᠪᠠᠷ ᠰᠢᠭᠤᠳᠴᠠᠢ᠃               ᠬᠤᠵᠢᠮ ᠨᠢ ᠦᠷᠭᠡᠨᠳᠡᠯᠭᠡᠷ ᠤᠷᠠᠯᠢᠬ ᠤᠨ ᠰᠤᠷᠭᠠᠭᠤᠯᠢ ᠠᠴᠠ  ᠳᠡᠭᠦᠰᠴᠤ  ᠤᠷᠠᠯᠢᠬ  ᠵᠦᠴᠤᠭᠡ ᠶᠢᠨ  ᠪᠦᠯᠬᠦᠮ ᠳᠤ ᠬᠤᠪᠢᠶᠠᠬᠳᠠᠨ ᠠᠵᠢᠯᠯᠠᠵᠤ᠂ ︽ᠬᠠᠮᠠᠷ ᠠᠠᠵᠢᠶ᠎ᠠ︾ ᠪᠤᠯᠬᠤ ᠠᠶᠠᠨ ᠢᠶᠠᠨ ᠡᠬᠢᠯᠡᠭᠦᠯᠦᠭᠰᠡᠨ ᠪᠠᠶᠢᠨ᠎ᠠ᠃  ᠨᠢᠭᠡ  ᠤᠳᠠᠭ᠎ᠠ  ᠳᠡᠭᠡᠳᠤ ᠱᠠᠳᠤ ᠠᠴᠠ ᠪᠠᠴᠢᠮ ᠵᠢᠭᠠᠪᠤᠷᠢ ᠢᠷᠡᠵᠤ ᠴᠠᠭᠠᠨ ᠰᠠᠷ᠎ᠠ ᠶᠢᠨ ᠦᠳᠡᠰᠢᠯᠭᠡ ᠳᠤ ᠱᠤᠬ ᠶᠡᠷᠢᠶ᠎ᠠ ᠪᠠᠶᠢᠬᠤ ᠬᠡᠷᠡᠭᠳᠡᠢ ᠭᠡᠵᠠᠢ᠃ ᠡᠮᠤᠨ᠎ᠠ ᠡᠳᠤᠷ ᠨᠢ ᠦᠷᠭᠡᠨᠳᠡᠯᠭᠡᠷ ᠲᠤ ᠱᠤᠬ ᠶᠡᠷᠢᠶ᠎ᠠ ᠪᠡᠯᠡᠳᠭᠡᠬᠦ ᠡᠬᠦᠷᠭᠡ ᠪᠠᠭᠤᠯᠭᠠᠵᠠᠢ᠃ ᠨᠢᠭᠡᠯᠡ  ᠡᠳᠤᠷ ᠤᠨ  ᠵᠠᠢ ᠳᠤ  ᠶᠠᠮᠠᠷ  ᠱᠤᠬ ᠶᠠᠷᠢᠶ᠎ᠠ ᠪᠡᠯᠡᠳᠭᠡᠬᠦ ᠪᠤᠢ ᠭᠡᠵᠤ ᠳᠡᠷᠡᠪᠡᠷ ᠴᠡᠷᠢᠭ ᠤᠨ ᠨᠤᠭᠤᠭᠠᠨ ᠳ᠋ᠠᠴᠠᠩ ᠡᠮᠤᠰᠴᠤ  ᠨᠠᠷᠠᠪᠴᠢᠨ ᠳᠠᠭᠠᠨ  ᠤᠷᠤᠵᠤ  ᠰᠠᠭᠤᠵᠠᠢ᠃ ᠤᠴᠢᠷ ᠨᠢ ᠡᠪᠤᠯ ᠤᠨ ᠴᠠᠬ ᠪᠠᠶᠢᠵᠤ᠂ ᠬᠠᠳᠠᠮ ᠤᠨ ᠬᠢᠨᠢ ᠤᠯᠠᠨ ᠬᠦᠮᠤᠨ ᠢᠷᠡᠴᠢᠬᠡᠭᠡᠳ ᠪᠠᠶᠢᠵᠠᠢ᠃ ᠡᠬᠢᠯᠡᠭᠡᠳ ᠯᠡ  ᠠᠪᠤᠪᠠᠯ ᠰᠠᠨᠠᠭ᠎ᠠ ᠪᠠᠷ ᠪᠤᠯᠳᠠᠬ ᠪᠢᠰᠢ᠂ ᠨᠠᠶᠢᠷᠠᠭᠤᠯᠵᠤ ᠵᠤᠬᠢᠶᠠᠬᠰᠠᠨ ᠴᠠᠭᠠᠰᠤ ᠨᠢ ᠭᠠᠵᠠᠷ ᠳᠦᠭᠦᠷᠡᠩ ᠦᠷᠦᠭᠳᠡᠨ᠎ᠠ᠃ ᠦᠷ ᠤᠨ ᠭᠤᠷᠪᠠᠨ ᠴᠠᠬ ᠲᠤ ᠭᠡᠨᠡᠳᠳᠡ ᠳᠠᠷᠬᠠᠨ ᠮᠤᠤᠮᠢᠩᠭᠠᠨ ᠬᠤᠯᠪᠤᠭᠠᠳᠤ  ᠬᠤᠰᠢᠭᠤᠨ ᠳᠤ  ᠳᠧᠯᠸᠢᠰ  ᠵᠦᠴᠤᠭᠡ  ᠳᠤᠬᠯᠠᠵᠤ  ᠪᠠᠶᠢᠬᠤ ᠳᠠᠭᠠᠨ ᠳᠡᠷᠭᠡᠨ ᠵᠢᠯᠤᠭᠤᠴᠢ ᠪᠠᠨ ᠭᠤᠶᠤᠵᠤ ᠵᠠᠮ ᠳᠤᠰᠴᠤ ᠪᠠᠶᠢᠬᠰᠠᠨ ᠰᠤᠬᠳᠤᠭᠤ  ᠨᠠᠰᠤᠳᠠᠨ ᠢ  ᠳᠡᠭᠡᠭᠡᠭᠰᠡᠨ  ᠤᠴᠢᠷ ᠨᠢ  ᠬᠢᠯᠡᠰᠬᠢᠨ ᠪᠤᠳᠤᠬᠳᠠᠪᠠ᠃ ᠨᠠᠰᠤᠳᠠᠨ ᠤ ᠳᠡᠷᠭᠡᠨ ᠳᠡᠭᠡᠷ᠎ᠠ ᠡᠭᠦᠰᠦᠭᠰᠡᠨ ᠱᠤᠬ ᠲᠠᠢ ᠤᠴᠢᠷ᠂ ᠳᠠᠯ᠎ᠠ  ᠨᠢᠳᠤᠨ ᠤ  ᠳᠤᠷᠠᠨ ᠢᠶᠠᠨ  ᠪᠠᠷᠢᠵᠤ᠂ ᠳᠡᠭᠦᠨ ᠤ ᠨᠢᠷᠤᠭᠤᠨ ᠳᠡᠭᠡᠷ᠎ᠠ ᠨᠢ ᠳᠤᠯᠵᠤ ᠬᠤᠯᠠ ᠶᠢ ᠳᠤᠷᠠᠠᠳᠠᠵᠤ ᠪᠠᠶᠢᠬᠰᠠᠨ ᠵᠡᠷᠭᠡ ᠬᠦᠭᠳᠡᠢ ᠤᠴᠢᠷ ᠪᠤᠳᠤᠯ ᠳᠤᠨᠢ  ᠤᠷᠤᠵᠤ ᠢᠷᠡᠯ᠎ᠠ᠃ ᠡᠭᠦᠨ ᠢᠶᠠᠨ ᠳᠡᠷᠡ ᠨᠢᠭᠡᠯᠡ ᠠᠮᠢᠰᠬᠤᠭ᠎ᠠ ᠪᠠᠷ ᠦᠷᠯᠤᠭᠡ ᠶᠢᠨ ᠳᠤᠯᠤᠭᠠᠨ  ᠴᠠᠬ  ᠪᠤᠯᠳᠠᠯ᠎ᠠ  ᠪᠢᠴᠢᠵᠤ᠂  ᠰᠦᠨᠢᠵᠢᠨ ᠠᠵᠢᠯᠯᠠᠭᠠᠳ ᠨᠦᠢᠷᠮᠤᠬ ᠪᠠᠶᠢᠬᠰᠠᠨ ᠨᠠᠶᠢᠷᠠᠭᠤᠯᠤᠬᠴᠢ ᠳᠠᠭᠠᠨ ᠠᠪᠠᠴᠢᠵᠤ ᠦᠭᠭᠦᠭᠰᠡᠨ ᠪᠠᠶᠢᠨ᠎ᠠ᠃ ᠠᠵᠢᠯ ᠡᠬᠢᠯᠡᠬᠦ ᠪᠠᠷ  ᠤᠯᠠᠨ ᠤᠳᠤᠷᠢᠳᠤᠯᠭ᠎ᠠ ᠶᠢᠨ  ᠡᠮᠤᠨ᠎ᠠ  ᠳᠡᠭᠦᠨ ᠤ  ᠪᠢᠴᠢᠭᠰᠡᠨ  ᠱᠤᠬ ᠢ  ᠤᠩᠰᠢᠭᠤᠯᠬᠤ ᠳᠤ  ᠤᠯᠠᠨ ᠢᠶᠠᠷ ᠢᠶᠠᠨ  ᠶᠠᠮᠠᠷᠴᠤ  ᠴᠢᠮᠡᠭᠡ ᠭᠠᠷᠤᠬᠰᠠᠨ ᠦᠭᠡᠢ᠃ ᠬᠠᠷᠢᠨ ᠵᠢᠮᠪᠠᠵᠠᠮᠰᠤ ᠪᠠᠭᠰᠢ ︽ᠮᠢᠨᠤ  ᠬᠦᠤ  ᠪᠤᠯᠴᠢᠬᠠᠨ᠎ᠠ᠂  ᠦᠨᠤᠳᠤᠷ ᠲᠡᠭᠡᠨ  ᠰᠢᠩᠭᠡᠭᠡᠨ᠎ᠠ︾  ᠭᠡᠵᠤ ᠬᠡᠯᠡᠭᠡᠳ ᠶᠠᠪᠤᠴᠢᠬᠠᠵᠠᠢ᠃ ᠦᠪᠡᠷ ᠲᠡᠭᠡᠨ  ᠪᠢᠴᠢᠭᠰᠡᠨ  ᠪᠤᠯᠬᠤᠷ  ᠳᠤᠤᠷ᠎ᠠ ᠨᠢ  ᠴᠡᠭᠡᠵᠢᠯᠡᠴᠢᠭᠡᠵᠡᠢ᠃  ᠳᠡᠭᠡᠭᠡᠳ  ᠡᠬᠢᠯᠡᠭᠡᠳ ᠶᠡᠷᠢᠬᠤ ᠳᠤ ᠯᠡ ᠠᠯᠠᠭ᠎ᠠ ᠳᠡᠰᠢᠯᠳᠡ ᠶᠢᠨ ᠴᠢᠮᠡᠭᠡ ᠨᠢᠵᠢᠬᠢᠨᠡᠵᠤ᠂ ᠤᠳᠠᠳᠠᠯ᠎ᠠ ᠦᠷᠭᠦᠯᠵᠢᠯᠡᠵᠤ  ᠪᠠᠶᠢᠯ᠎ᠠ᠃  ᠶᠡᠷᠢᠵᠤ  ᠪᠠᠷᠠᠭᠠᠳ ᠳᠠᠶᠢᠰᠠᠨ ᠠᠴᠠ ᠪᠠᠭᠤᠨ᠎ᠠ ᠭᠡᠬᠦ ᠳᠤ ᠪᠠᠭᠤᠯᠭᠠᠬᠤ ᠦᠭᠡᠢ  ᠦᠷᠭᠦᠯᠵᠢᠯᠡᠨ  ᠠᠯᠠᠭ᠎ᠠ  ᠳᠠᠰᠢᠵᠤ᠂  ᠳᠡᠷᠡᠪᠡᠷ  ᠳᠦᠷᠪᠡ  ᠤᠳᠠᠭ᠎ᠠ ᠶᠤᠰᠤᠯᠠᠵᠤ ᠪᠠᠶᠢᠭᠠᠳ ᠳᠦᠩᠬᠡᠵᠢ ᠳᠠᠶᠢᠰᠠᠨ ᠠᠴᠠ ᠪᠠᠭᠤᠬᠰᠠᠨ ᠪᠠᠶᠢᠨ᠎ᠠ᠃ ︽ᠬᠠᠮᠠᠷ ᠠᠠᠵᠢᠶ᠎ᠠ︾ ᠱᠤᠬ ᠢᠶᠠᠨ ᠶᠡᠷᠢᠵᠤ ᠪᠠᠷᠠᠭᠠᠳ ᠭᠠᠷᠬᠤ ᠳᠤ ᠤᠯᠠᠨ ᠰᠤᠷᠤᠬᠴᠢ  ︽ᠬᠠᠮᠠᠷ  ᠠᠠᠵᠢᠶ᠎ᠠ︾  ᠭᠡᠵᠤ  ᠠᠷᠤ ᠠᠴᠠ ᠨᠢ  ᠪᠡᠷᠬᠢᠷᠡᠵᠤ  ᠪᠠᠶᠢᠬᠰᠠᠨ  ᠭᠡᠨ᠎ᠠ᠃  ᠳᠠᠷᠠᠭ᠎ᠠ ᠦᠷᠯᠤᠭᠡ ᠨᠢ  ᠪᠠᠶᠢᠭᠤᠯᠤᠯᠭ᠎ᠠ ᠳᠠᠭᠠᠨ  ᠤᠴᠢᠬᠤ  ᠵᠠᠮ ᠳᠤ  ᠨᠠᠶᠠ  ᠭᠠᠷᠤᠬᠰᠠᠨ  ᠪᠤᠭᠤᠷᠤᠯ   ᠪᠠᠭᠰᠢ ᠲᠠᠢ   ᠳᠠᠭᠠᠷᠠᠬᠤ ᠳᠤ ︽ᠡᠬᠦᠨ ᠠᠴᠠ ᠬᠤᠵᠢᠮ  ᠬᠠᠮᠠᠷ  ᠠᠠᠵᠢᠶ᠎ᠠ  ᠪᠤᠯᠤᠬᠰᠠᠨ︾  ᠭᠡᠵᠤ  ᠶᠡᠷᠢᠵᠤ  ᠪᠠᠶᠢᠵᠠᠢ᠃  ︽ᠬᠠᠮᠠᠷ  ᠠᠠᠵᠢᠶ᠎ᠠ︾ ᠨᠢ  ᠦᠪᠤᠷ ᠮᠤᠩᠭᠤᠯ ᠤᠨ ᠮᠤᠩᠭᠤᠯ ᠱᠤᠬ ᠶᠡᠷᠢᠶᠡᠨ ᠤ ᠳᠠᠪᠴᠠᠩ ᠳᠤ ᠨᠡᠯᠢᠶᠡᠳ ᠶᠡᠭᠡ ᠳᠤᠩᠰᠤᠯᠳᠠ  ᠡᠭᠦᠰᠭᠡᠵᠤ᠂  ᠡᠬᠦᠨ ᠠᠴᠠ  ᠡᠬᠢᠯᠡᠵᠤ ᠭᠠᠭᠴᠠ ᠬᠦᠮᠤᠨ ᠤ  ᠱᠤᠬ  ᠶᠡᠷᠢᠶ᠎ᠠ  ᠳᠡᠯᠭᠡᠷᠡᠵᠤ᠂  ᠱᠤᠬ  ᠶᠡᠷᠢᠶᠡᠨ ᠳᠤ  ᠪᠠᠭᠠᠵᠢ  ᠬᠡᠷᠡᠭᠰᠡᠯ  ᠡᠬᠢᠯᠡᠵᠤ  ᠵᠡᠷᠤᠬᠰᠡᠨ  ᠵᠡᠷᠭᠡ ᠬᠤᠪᠢᠷᠠᠯᠳᠠ ᠶᠢ ᠠᠪᠴᠢᠷᠠᠵᠠᠢ᠃        ᠬᠠᠮᠠᠷ ᠠᠠᠵᠢᠶ᠎ᠠ ᠭᠤᠸᠠᠢ ᠤᠳᠤᠬᠠᠨ ᠤ  ᠮᠠᠨ ᠤ  ᠤᠷᠤᠨ ᠤ  ᠱᠤᠬ  ᠶᠡᠷᠢᠶᠡᠨ ᠤ  ᠬᠦᠷᠢᠶ᠎ᠠ  ᠴᠠᠷᠠᠭᠠᠨ ᠳᠤ  ᠰᠢᠨ᠎ᠠ ︽ᠤᠳᠤᠳ︾ ᠴᠤᠯᠭᠤᠷᠠᠨ  ᠭᠠᠷᠴᠤ  ᠢᠷᠡᠵᠤ  ᠪᠠᠶᠢᠭ᠎ᠠ ᠳᠤ  ᠰᠡᠳᠬᠢᠯ  ᠬᠠᠨᠤᠮᠵᠢᠳᠠᠢ  ᠪᠠᠶᠢᠯ᠎ᠠ᠃  ᠭᠡᠪᠡᠴᠤ  ᠳᠤᠳᠠᠬᠳᠠᠯ ᠲᠠᠢ ᠠᠰᠠᠭᠤᠳᠠᠯ ᠮᠦᠨ ᠤᠷᠤᠰᠢᠬᠰᠠᠭᠠᠷ ᠪᠠᠶᠢᠨ᠎ᠠ᠃ ᠳᠡᠭᠦᠨ ᠤ ᠦᠵᠡᠬᠦ ᠪᠠᠷ᠂ ᠳᠤᠰᠬᠠᠢ ᠮᠡᠷᠭᠡᠵᠢᠯ ᠤᠨ ᠬᠢᠷᠢ ᠳᠦᠪᠰᠢᠨ ᠬᠦᠷᠤᠯᠴᠡᠬᠦ ᠦᠭᠡᠢ ᠪᠠᠶᠢᠵᠤ᠂ ᠬᠦᠯ ᠤᠯᠠ ᠪᠠᠨ ᠠᠷᠠᠢ ᠤᠯᠬᠤ ᠦᠭᠡᠢ ᠪᠠᠶᠢᠨ᠎ᠠ᠃ ᠬᠠᠯᠬ᠎ᠠ ᠶᠢᠨ ᠬᠢ ᠶᠢ  ᠳᠠᠭᠤᠷᠢᠶᠠᠵᠤ  ᠪᠤᠯᠬᠤ  ᠪᠤᠯᠪᠠᠴᠤ ᠦᠪᠡᠷ ᠤᠨ ᠶᠠᠭᠤᠮ᠎ᠠ  ᠪᠤᠯᠭᠠᠵᠤ  ᠰᠢᠩᠭᠡᠭᠡᠵᠤ  ᠠᠭᠤᠰᠬᠠᠬᠤ  ᠬᠡᠷᠡᠭᠳᠡᠢ᠂  ᠬᠠᠷᠢᠨ  ᠦᠬᠦᠮᠡᠯ ᠢᠶᠠᠷ  ᠳᠠᠭᠤᠷᠢᠶᠠᠬᠤ  ᠪᠢᠰᠢ᠃ ᠦᠵᠡᠭᠴᠢᠳ ᠢ ᠬᠦᠡᠳᠤᠯᠡᠵᠤ  ᠳᠠᠳᠠᠨ ᠤ  ᠡᠮᠤᠨ᠎ᠠ ᠠᠴᠠ  ᠪᠤᠳᠤᠯᠬᠢᠯᠡᠬᠤ  ᠴᠢᠬᠤᠯᠠᠳᠠᠢ᠃  ᠵᠤᠬᠢᠶᠠᠨ  ᠪᠠᠶᠢᠭᠤᠯᠬᠤ᠂  ᠵᠤᠬᠢᠶᠠᠯ ᠪᠦᠳᠤᠭᠡᠯ ᠵᠡᠷᠭᠡ ᠳᠠᠯ᠎ᠠ ᠪᠠᠷ ᠶᠡᠭᠡ ᠳᠤᠳᠠᠮᠠᠬ ᠪᠠᠶᠢᠨ᠎ᠠ ᠭᠡᠵᠤ ᠦᠵᠡᠯᠳᠡ ᠪᠠᠨ ᠶᠡᠷᠢᠵᠤ ᠪᠠᠶᠢᠯ᠎ᠠ᠃ ᠳᠡᠷᠡᠪᠡᠷ ᠪᠠᠰᠠ ᠰᠢᠨ᠎ᠠ ᠤᠷᠠᠨ ᠪᠦᠳᠤᠭᠡᠯ ᠭᠠᠷᠭᠠᠵᠤ ᠦᠵᠡᠭᠴᠢ ᠤᠯᠠᠨ ᠢᠶᠠᠨ ᠪᠠᠶᠠᠰᠬᠠᠨ᠎ᠠ ᠭᠡᠵᠤ ᠢᠳᠡᠭᠡᠯ ᠳᠦᠬᠦᠷᠡᠩ ᠶᠡᠷᠢᠬᠰᠡᠨ ᠪᠢᠯᠡ᠃                                                                              
 
ᠢᠷᠡᠯᠲᠡ᠄ ᠲᠥᠪ ᠲᠧᠯᠸᠢᠰ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号