ᠮᠣᠩᠭᠤᠯ ᠤᠨ ᠲᠣᠮᠤᠭᠳᠣ ᠬᠠᠳᠣᠳ
ᠨᠡᠶᠢᠲᠡᠯᠡᠭᠰᠡᠨ ᠴᠠᠭ᠄
2018/3/28
           ᠮᠣᠩᠭᠤᠯ ᠤᠨ ᠲᠣᠮᠤᠭᠳᠣ ᠬᠠᠳᠣᠳ           ᠪᠤᠳᠤᠯᠭᠠᠳᠣ ᠮᠡᠷᠭᠡᠨ ᠰᠠᠮᠣᠷ ᠭᠦᠩᠵᠤ       ᠰᠠᠮᠤᠷ ᠭᠦᠩᠵᠤ ᠪᠤᠯ ᠣᠮᠠᠷᠠᠳᠣ ᠶᠣᠸᠠᠨ ᠤ ᠲᠡᠤᠬᠡᠨ ᠳᠤ  ᠠᠯᠳᠠᠷ  ᠮᠠᠨᠳᠣᠭᠰᠠᠨ  ᠭᠠᠪᠢᠶᠠᠳᠣ  ᠡᠮᠡᠭᠳᠡᠢ  ᠪᠤᠯᠤᠨ᠎ᠠ᠃ ᠲᠡᠷᠡ ᠪᠠᠷ᠂ ᠴᠢᠩᠭᠢᠰ ᠬᠠᠭᠠᠨ ᠤ ᠪᠠᠶᠢᠭᠤᠯᠤᠭᠰᠠᠨ ᠶᠡᠭᠡ ᠮᠣᠩᠭᠤᠯ ᠤᠨ ᠲᠤᠯᠭᠤᠷ ᠲᠦᠷᠦ ᠬᠠᠭᠠᠴᠠᠯ ᠵᠠᠳᠠᠷᠠᠯ ᠤᠨ  ︽ᠬᠠᠷᠠᠩᠭᠤᠢ ᠦᠶ᠎ᠡ ᠳᠤ ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠭᠡᠢ ᠣᠬᠠᠭᠠᠨ ᠪᠤᠳᠤᠯᠭ᠎ᠠ ᠪᠠᠷ ᠬᠤᠶᠠᠷ ᠤᠳᠠᠭ᠎ᠠ  ᠠᠪᠣᠷᠠᠵᠤ᠂ ᠴᠢᠩᠭᠢᠰ ᠡᠪᠦᠭᠡ ᠶᠢᠨ ᠢᠶᠠᠨ  ᠴᠢᠰᠣ ᠶᠢ  ᠦᠪᠯᠡᠵᠤ  ᠲᠦᠷᠦᠭᠰᠡᠨ ᠤ  ᠬᠤᠪᠢ ᠳᠤ  ᠶᠡᠭᠡ  ᠠᠯᠳᠠᠷ ᠢ ᠨᠢ  ᠭᠤᠳᠣᠭᠠᠯ  ᠦᠭᠡᠢ ᠮᠠᠨᠳᠣᠭᠤᠯᠵᠤ ᠶᠠᠪᠤᠭᠰᠠᠨ ᠢᠶᠠᠷ ᠦᠢᠷᠠᠳ ᠊᠊᠊᠊᠊᠊᠊ ᠮᠤᠩᠭᠤᠯ ᠤᠨ ᠲᠡᠤᠬᠡᠨ ᠳᠤ ᠣᠯᠠᠨ ᠰᠠᠶᠢᠬᠠᠨ ᠲᠤᠮᠤᠭ ᠦᠯᠡᠳᠡᠭᠡᠭᠰᠡᠨ  ᠶᠤᠮ᠃ ᠰᠠᠮᠤᠷ ᠭᠦᠩᠵᠤ ᠪᠤᠯ ᠴᠢᠩᠭᠢᠰ ᠬᠠᠭᠠᠨ ᠬᠤᠶᠢᠴᠢ ᠣᠭᠰᠠᠭᠠᠨ ᠤ ᠡᠯᠪᠡᠭ ᠨᠢᠭᠦᠯᠰᠦᠩᠭᠦᠢ ᠬᠠᠭᠠᠨ ᠤ ᠦᠬᠢᠨ᠃ ᠮᠠᠨᠳᠣᠬᠠᠢ ᠰᠡᠴᠡᠨ ᠬᠠᠳᠣᠨ       ᠮᠠᠨᠳᠣᠬᠠᠢ ᠰᠡᠴᠡᠨ ᠬᠠᠳᠣᠨ  ᠪᠤᠯ  ᠮᠤᠩᠭᠤᠯᠴᠣᠳ ᠤᠨ  ᠬᠦᠨᠳᠣᠳᠬᠡᠨ  ᠰᠢᠳᠦᠳᠡᠭ  ᠡᠷᠳᠡᠨ ᠤ  ᠭᠤᠷᠪᠠᠨ  ᠠᠭᠤᠣ ᠡᠮᠡᠭᠳᠡᠢ ᠶᠢᠨ ᠨᠢᠭᠡ ᠪᠤᠯᠤᠨ᠎ᠠ᠃ ᠲᠡᠷᠡ ᠵᠦᠢᠷᠯᠡᠰᠢ ᠦᠭᠡᠢ ᠠᠤᠭ᠎ᠠ ᠵᠤᠷᠢᠭ ᠪᠠ ᠴᠡᠴᠡᠨ  ᠣᠬᠠᠭᠠᠨ ᠢᠶᠠᠷ  ᠴᠢᠩᠬᠢᠰ  ᠬᠠᠭᠠᠨ ᠤ ᠣᠷᠤᠭ ᠲᠠᠰᠣᠷᠤᠮᠠᠷ ᠪᠠᠶᠢᠭᠰᠠᠨ  ᠮᠤᠩᠭᠤᠯ  ᠬᠠᠭᠠᠨᠳᠣ  ᠲᠦᠷᠦ ᠶᠢ  ᠵᠠᠯᠭᠠᠭᠤᠯᠵᠤ᠂  ᠵᠠᠭᠤ  ᠰᠢᠬᠠᠮ  ᠵᠢᠯ  ᠦᠷᠭᠦᠯᠵᠢᠯᠡᠭᠰᠡᠨ ᠮᠣᠩᠭᠤᠯ ᠤᠨ ᠨᠡᠶᠢᠭᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠬᠡ ᠶᠢ ᠡᠴᠦᠰᠯᠡᠭᠦᠯᠦᠨ᠂ ᠲᠠᠷᠠᠬᠠᠢ ᠪᠣᠳᠠᠷᠬᠠᠢ  ᠮᠣᠩᠭᠤᠯ ᠤᠨ ᠠᠶᠢᠮᠠᠭ ᠤᠭᠰᠠᠭ᠎ᠠ ᠨᠤᠭᠤᠳ ᠢ ᠨᠢᠭᠡᠨ ᠵᠢᠯᠤᠭᠤᠨ ᠳᠤ  ᠬᠤᠷᠢᠶᠠᠭᠰᠠᠨ ᠢᠶᠠᠷ  ᠪᠠᠷᠠᠬᠤ  ᠦᠭᠡᠢ᠂  ᠮᠤᠩᠭᠤᠯ ᠤᠨ  ᠨᠡᠶᠢᠭᠡᠮ ᠤᠨ ᠬᠦᠭᠵᠢᠯᠳᠡ ᠶᠢᠨ  ᠭᠡᠷᠡᠯ  ᠰᠠᠴᠣᠷᠠᠭᠰᠠᠨ  ᠰᠢᠨ᠎ᠡ  ᠨᠢᠭᠡᠨ  ᠬᠠᠭᠤᠳᠠᠰᠤ  ᠲᠡᠯᠭᠡᠭᠳᠡᠬᠦ ᠳᠤ  ᠲᠠᠶᠢᠪᠣᠩ  ᠰᠠᠶᠢᠬᠠᠨ  ᠨᠦᠬᠦᠴᠡᠯ ᠢ ᠪᠦᠷᠢᠯᠳᠦᠭᠦᠯᠦᠨ ᠦᠭᠴᠡᠢ᠃ ᠲᠡᠷᠡ ᠪᠤᠯ ᠨᠢᠭᠡᠨ ᠰᠢᠯᠭᠠᠷᠠᠭᠰᠠᠨ  ᠣᠯᠤᠰ  ᠲᠦᠷᠦᠴᠢᠨ  ᠮᠦᠷᠳᠡᠭᠡᠨ  ᠴᠣᠯᠭᠤᠷᠠᠭᠰᠠᠨ  ᠴᠡᠷᠢᠭ ᠲᠠᠶᠢᠨ ᠤ ᠪᠤᠳᠤᠯᠭᠠᠳᠠᠨ᠂ ᠠᠯᠳᠠᠷᠳᠣ ᠨᠡᠶᠢᠭᠡᠮ ᠤᠨ ᠵᠢᠳᠭᠦᠯᠳᠡᠨ ᠪᠤᠯᠤᠨ᠎ᠠ᠃ ᠮᠠᠨᠳᠣᠬᠠᠢ ᠰᠡᠴᠡᠨ  ᠬᠠᠳᠣᠨ  ᠪᠤᠯ  ᠲᠦᠮᠡᠳ ᠤᠨ ᠡᠩᠬᠦᠳ ᠤᠨ ᠬᠦᠮᠦᠨ᠃ 1447 ᠤᠨ ᠳᠤ ᠮᠡᠨᠳᠦᠯᠡᠪᠡ᠃ ᠲᠡᠭᠦᠨ ᠤ ᠡᠴᠢᠭᠡ ᠨᠢ ᠴᠣᠷᠣᠰᠪᠠᠢ ᠲᠡᠮᠤᠷ  ᠴᠢᠩᠰᠠᠩ  ᠭᠡᠳᠡᠭ᠃ ᠮᠠᠨᠳᠣᠭᠤᠯ ᠬᠠᠭᠠᠨ ︵1463 -1467︶ ᠤ ᠪᠠᠭ᠎ᠠ ᠬᠠᠳᠣᠨ ᠨᠢ ᠪᠤᠯᠤᠨ᠎ᠠ᠃ ᠮᠠᠨᠳᠣᠬᠠᠢ ᠰᠡᠴᠡᠨ ᠬᠠᠳᠣᠨ ᠭᠤᠴᠢᠨ ᠭᠤᠷᠪᠠᠨ ᠨᠠᠰᠣ ᠲᠠᠢ ᠦᠶ᠎ᠡ ᠳᠡᠭᠡᠨ ᠴᠢᠩᠭᠢᠰ ᠤᠨ ᠠᠯᠳᠠᠨ ᠣᠷᠤᠭᠳᠠᠨ ᠤ ᠬᠤᠶᠢᠴᠢᠰ ᠪᠤᠯᠬᠤ ᠪᠠᠳᠣᠮᠦ᠋ᠩᠬᠡ ︵1474  -1533︶ ᠶᠢ ᠡᠷᠭᠦᠨ ᠲᠡᠳᠬᠦᠵᠤ ᠪᠣᠳᠠᠷᠠᠭᠰᠠᠨ ᠣᠯᠤᠰ ᠢ ᠨᠢ ᠬᠤᠷᠢᠶᠠᠨ᠂ ᠲᠤᠯᠭᠤᠷ ᠲᠦᠷᠦ ᠶᠢ ᠨᠢ  ᠴᠣᠭᠴᠠᠯᠠᠨ  ᠦᠭᠴᠣ᠂  ᠮᠤᠩᠭᠤᠯ ᠤᠨ ᠲᠡᠤᠬᠡᠨ ᠳᠠᠬᠢ ᠬᠤᠶᠠᠳᠣᠭᠠᠷ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠪᠡ᠃         ᠡᠷᠬᠡᠳᠤ ᠬᠠᠳᠣᠨ ᠵᠦᠩᠬᠡᠨ          ᠤᠯᠠᠨ ᠠᠴᠠ ᠬᠡᠳᠦ᠋ᠢᠳᠦᠭᠰᠡᠨ ᠴᠡᠴᠡᠨ  ᠪᠢᠯᠢᠭ᠂  ᠣᠬᠠᠭᠠᠨ  ᠵᠢᠪᠬᠤᠭ᠎ᠠ ᠪᠠᠷ ᠢᠶᠠᠨ  ᠮᠣᠩᠭᠤᠯᠴᠣᠳ ᠤᠨ  ᠭᠠᠶᠢᠬᠠᠯ ᠪᠢᠰᠢᠷᠡᠯ ᠢ ᠣᠯᠵᠤ ᠶᠠᠪᠤᠭᠰᠠᠨ ᠪᠠᠭᠠᠳᠣᠷ ᠰᠣᠣᠳᠣ ᠡᠮᠡᠭᠳᠡᠢ ᠪᠤᠯ  ᠵᠦᠩᠬᠡᠨ  ᠬᠠᠳᠣᠨ  ᠪᠤᠯᠤᠨ᠎ᠠ᠃  ᠲᠡᠷᠡ ᠪᠠᠷ  ᠮᠤᠩᠭᠤᠯ ᠤᠨ ᠪᠠᠷᠠᠭᠤᠨ ᠭᠠᠷ ᠤᠨ ᠲᠦᠮᠡᠳ ᠤᠨ ᠲᠦᠷᠦᠭᠦᠤ ᠠᠯᠳᠠᠨ ᠬᠠᠭᠠᠨ ︵1507 -1581︶  ᠤ ᠬᠠᠳᠣᠨ  ᠪᠤᠯᠣᠨ᠎ᠠ᠃  ᠵᠦᠩᠬᠡᠨ ᠬᠠᠳᠣᠨ ᠪᠤᠯ ᠦᠩᠭᠡ ᠵᠢᠰᠣ ᠭᠤᠸ᠎ᠠ ᠬᠡᠬᠡᠨᠴᠢᠷ ᠮᠦᠷᠳᠡᠭᠡᠨ ᠣᠢ ᠤᠬᠠᠭᠠᠨ ᠴᠡᠴᠡᠨ ᠰᠡᠷᠭᠦᠯᠡᠩ ᠢᠶᠠᠷ ᠪᠠᠷᠠᠬᠤ  ᠦᠭᠡᠢ  ᠲᠠᠭᠤᠣ ᠪᠦᠵᠢᠭ ᠲᠤ ᠠᠪᠢᠶᠠᠰᠯᠢᠭ᠃ ᠲᠡᠷᠡ ᠮᠦᠨ ᠬᠦᠯᠦᠭ ᠤᠨ ᠨᠢᠷᠣᠭᠤᠨ ᠳᠤ ᠰᠠᠯᠬᠢᠯᠠᠨ ᠬᠦᠪᠴᠢᠳᠣ  ᠨᠣᠮᠤ  ᠲᠠᠯᠠᠵᠤ᠂  ᠴᠡᠷᠢᠭ ᠤᠨ ᠡᠷᠳᠡᠮ ᠳᠤ ᠴᠠᠭᠠᠷᠠᠨ ᠨᠡᠪᠳᠡᠷᠡᠭᠰᠡᠨ ᠡᠷᠡᠮᠡᠬᠡᠢ ᠪᠠᠭᠠᠳᠣᠷ ᠡᠮᠡᠭᠳᠡᠢ ᠪᠤᠯᠤᠨ᠎ᠠ᠃ ᠲᠡᠭᠡᠬᠦ ᠳᠤ ᠠᠯᠳᠠᠨ ᠬᠠᠭᠠᠨ ᠤ  ᠭᠦᠨ  ᠢᠳᠡᠭᠡᠯ ᠢ ᠤᠯᠵᠤ᠂ ᠠᠯᠳᠠᠨ ᠬᠠᠭᠠᠨ ᠤ ᠨᠣᠶᠠᠷᠬᠠᠯ ᠢ ᠪᠠᠬᠢᠵᠢᠭᠦᠯᠦᠨ᠂ ᠮᠢᠩ ᠣᠯᠤᠰ ᠯᠤᠭ᠎ᠠ ᠶᠢᠨ  ᠬᠢᠯᠢ ᠶᠢᠨ  ᠰᠣᠯᠢᠯᠴᠠᠭ᠎ᠠ  ᠶᠠᠪᠤᠯᠴᠠᠭ᠎ᠠ ᠵᠢᠴᠢ ᠲᠣᠳᠣᠭᠠᠳᠣ ᠶᠢᠨ ᠡᠪ ᠨᠢᠭᠡᠳᠦᠯ ᠳᠤ ᠴᠢᠬᠤᠯᠠ ᠦᠢᠯᠡᠳᠦᠯ ᠦᠵᠡᠭᠦᠯᠵᠤ ᠶᠠᠪᠤᠭᠰᠠᠨ ᠶᠤᠮ᠃      ᠵᠦᠩᠬᠡᠨ ᠬᠠᠳᠣᠨ ᠪᠠᠰᠠ ᠠᠮᠣᠳᠠᠢ ᠰᠡᠴᠡᠨ ᠬᠠᠭᠠᠨ᠂ ᠪᠣᠳᠠᠰᠢᠷᠢ ᠬᠤᠩ ᠲᠠᠶᠢᠵᠢ ᠨᠠᠷ ᠲᠠᠢ  ᠬᠠᠮᠳᠣᠷᠠᠨ᠂  ᠰᠢᠷᠡᠭᠡᠳᠣ ᠭᠦᠤᠰᠢ ᠴᠣᠷᠵᠢ᠂ ᠠᠶᠣᠰᠢ᠂ ᠠᠨᠠᠨᠳᠠ ᠮᠠᠨᠽᠣᠰᠢᠷᠢ ᠪᠤᠯᠤᠨ ᠪᠠᠷᠠᠭᠤᠨ ᠭᠤᠷᠪᠠᠨ ᠲᠦᠮᠡᠨ ᠤ  ᠬᠡᠯᠡᠮᠣᠷᠴᠢ  ᠮᠡᠷᠭᠡᠳ ᠢ  ᠵᠤᠬᠢᠶᠠᠨ ᠪᠠᠶᠢᠭᠤᠯᠵᠤ᠂ 1602 ᠊᠊᠊᠊ 1607 ᠤᠨ ᠬᠦᠷᠳᠡᠯ᠎ᠡ᠂ ᠵᠢᠷᠭᠤᠭᠠᠨ ᠵᠢᠯ ᠤᠨ ᠬᠤᠭᠤᠴᠠᠭᠠᠨ ᠳᠤ ᠭᠠᠨᠵᠤᠤᠷ ᠨᠤᠮ ᠢ  ᠮᠤᠩᠭᠤᠯ ᠬᠡᠯᠡ ᠪᠠᠷ ︽ᠪᠦᠷᠢᠨ ᠲᠡᠭᠦᠰ ᠣᠷᠴᠢᠭᠤᠯᠵᠤ︾ ᠲᠡᠭᠦᠰᠭᠡᠭᠰᠡᠨ ᠲᠡᠤᠬᠡ ᠲᠠᠢ᠃                 ᠴᠢᠯᠠᠭᠤᠨ ᠳᠤ ᠠᠮᠢᠯᠠᠭᠰᠠᠨ ᠭᠤᠶᠣ ᠡᠮᠡᠭᠳᠡᠢ ᠲᠠᠵᠢ ᠮᠠᠬᠠᠯ        ᠮᠣᠩᠭᠤᠷ ︵ᠮᠤᠩᠭᠤᠯ︶ ᠬᠠᠭᠠᠨᠳᠣ ᠣᠯᠤᠰ ᠤᠨ ᠪᠠᠳᠠᠷᠠᠯ ᠬᠦᠭᠵᠢᠯ ᠢ ᠲᠣᠰᠬᠠᠨ᠂ ᠵᠢᠩᠬᠢᠨᠢ ᠴᠡᠪᠡᠷ ᠬᠠᠶᠢᠷ᠎ᠠ ᠶᠢᠨ ᠪᠡᠯᠭᠡ ᠲᠡᠮᠳᠡᠭ ᠪᠤᠯᠤᠭᠰᠠᠨ ︽ᠡᠨᠡᠳᠬᠡᠭ ᠤᠨ ᠡᠷᠳᠡᠨᠢ︾ ᠭᠡᠮᠡᠭᠴᠢ ᠲᠠᠵᠢ ︵ᠲᠠᠶᠢᠵᠢ︶ ᠮᠠᠬᠠᠯ ᠤᠨ ᠪᠤᠩᠬᠤᠨ ᠨᠢ ᠲᠡᠯᠡᠬᠡᠢ ᠶᠢᠨ  ᠲᠤᠯᠤᠭᠠᠨ ᠭᠠᠶᠢᠬᠠᠮᠰᠢᠭᠳᠣ ᠪᠠᠷᠢᠯᠭ᠎ᠠ ᠶᠢᠨ ᠨᠢᠭᠡ ᠪᠤᠯᠵᠤ ᠬᠤᠷᠸ᠎ᠠ ᠳᠤ ᠠᠯᠳᠠᠷᠰᠢᠵᠤ ᠪᠤᠢ᠃        ᠲᠠᠵᠢ ᠮᠠᠬᠠᠯ ᠪᠤᠯ ᠮᠤᠩᠭᠤᠷ ᠬᠠᠭᠠᠨᠳᠣ ᠣᠯᠤᠰ ᠤᠨ ᠲᠠᠪᠣᠳᠣᠭᠠᠷ ᠦᠶ᠎ᠡ ᠶᠢᠨ ᠬᠠᠭᠠᠨ ᠱ᠊ • ᠵᠠᠭᠠᠨ ︵ᠪᠠᠰᠠ ᠰᠠᠩᠵᠠᠢ ᠭᠡᠵᠤ ᠵᠠᠷᠢᠮ ᠨᠤᠮ ᠳᠤ ᠲᠡᠮᠳᠡᠭᠯᠡᠵᠤ ᠪᠤᠢ︶ ᠤ ᠬᠠᠶᠢᠷᠠᠳᠠᠢ ᠬᠠᠳᠣᠨ ᠨᠢ ᠪᠤᠯᠤᠨ᠎ᠠ᠃ ᠲᠡᠷᠡ ᠡᠨᠡᠳᠬᠡᠭ ᠤᠨ ᠣᠮᠠᠷᠠᠳᠣ ᠬᠡᠰᠡᠭ ᠲᠠᠬᠢ ᠨᠢᠭᠡᠨ ᠮᠤᠩᠭᠤᠯ ᠢᠵᠠᠭᠤᠷᠳᠡᠨ ᠤ ᠭᠡᠷ ᠲᠤ ᠲᠦᠷᠦᠪᠡ᠃ ᠬᠤᠷᠸ᠎ᠠ ᠳᠤ  ᠬᠤᠣᠰ  ᠦᠭᠡᠢ  ᠭᠤᠶᠤ  ᠦᠵᠡᠰᠭᠦᠯᠡᠩ  ᠮᠦᠷᠳᠡᠭᠡᠨ ᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ ᠴᠡᠪᠡᠷ ᠠᠷᠢᠭᠤᠨ ᠬᠠᠶᠢᠷ᠎ᠠ ᠶᠢ  ᠲᠡᠭᠡᠳᠦᠯᠡᠵᠤ  ᠶᠠᠪᠤᠭᠰᠠᠨ  ᠠᠭᠤᠣ ᠶᠡᠭᠡ ᠮᠤᠩᠭᠤᠯ ᠡᠮᠡᠭᠳᠡᠢ ᠪᠤᠯᠤᠨ᠎ᠠ᠃         ᠲᠠᠵᠢ ᠬᠠᠳᠣᠨ ᠪᠤᠯ ᠦᠩᠭᠡ ᠵᠢᠰᠣ ᠪᠠ ᠪᠡᠶ᠎ᠡ ᠭᠠᠯᠪᠢᠷ ᠬᠤᠣᠰ ᠦᠭᠡᠢ ᠭᠤᠶᠣ ᠦᠵᠡᠰᠭᠦᠯᠡᠩ ᠮᠦᠷᠳᠡᠭᠡᠨ ᠣᠬᠠᠭᠠᠨ ᠰᠠᠨᠠᠭ᠎ᠠ᠂ ᠢᠨᠠᠭ ᠬᠠᠶᠢᠷ᠎ᠠ᠂ ᠪᠣᠳᠤᠯ ᠰᠡᠳᠬᠢᠯ᠂  ᠪᠢᠯᠢᠭ  ᠠᠪᠢᠶᠠᠰ᠂  ᠦᠢᠯᠡ  ᠶᠠᠪᠣᠳᠠᠯ ᠤᠨ  ᠡᠷᠬᠢᠮ  ᠰᠠᠶᠢᠬᠠᠨ  ᠪᠦᠬᠦᠨ ᠢ ᠪᠦᠷᠢᠳᠦᠭᠦᠯᠦᠭᠰᠡᠨ ᠲᠡᠭᠦᠰ ᠭᠤᠸ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠣ ᠰᠡᠷᠡᠭᠦᠨ ᠦᠶ᠎ᠡ ᠶᠢᠨ  ᠦᠢᠯᠡ  ᠶᠠᠪᠣᠳᠠᠯ  ᠲᠡᠤᠬᠡ ᠰᠣᠳᠣᠷ ᠲᠤ ᠲᠡᠮᠡᠢ ᠲᠡᠮᠳᠡᠭᠯᠡᠭᠰᠡᠨ ᠦᠭᠡᠢ  ᠪᠣᠯᠪᠠᠴᠣ  ᠭᠠᠨᠳᠢᠭ  ᠴᠢᠯᠠᠭᠤᠨ ᠳᠤ  ᠠᠮᠢᠯᠠᠭᠰᠠᠨ  ᠭᠤᠶᠣ  ᠲᠦᠷᠬᠦ ᠨᠢ  ᠵᠢᠩᠬᠢᠨᠢ ᠠᠷᠢᠭᠤᠨ ᠬᠠᠶᠢᠷ᠎ᠠ ᠶᠢᠨ ᠰᠢᠳᠦᠭᠡᠨ ᠪᠤᠯᠤᠨ  ᠠᠮᠢᠯᠠᠵᠤ  ᠬᠦᠮᠦᠨ  ᠲᠦᠷᠦᠯᠬᠢᠳᠡᠨ ᠳᠤ  ᠪᠠᠭ᠋ᠠᠷᠬᠠᠭᠳᠠᠨ  ᠲᠠᠭᠠᠯᠠᠭᠳᠠᠵᠤ  ᠪᠠᠶᠢᠬᠤ ᠮᠦᠷᠳᠡᠭᠡᠨ ᠡᠨᠡᠳᠬᠡᠭ᠂ ᠮᠤᠩᠭᠤᠷ ᠬᠠᠭᠠᠨᠳᠣ ᠣᠯᠤᠰ᠂ ᠮᠣᠩᠭᠤᠯ ᠡᠮᠡᠭᠳᠡᠢ ᠶᠢᠨ  ᠡᠷᠬᠢᠮᠰᠦᠭ  ᠰᠠᠶᠢᠬᠠᠨ ᠢ  ᠲᠡᠯᠡᠬᠡᠢ  ᠳ᠋ᠠᠬᠢᠨ ᠳᠤ ᠦᠨᠢ ᠮᠦᠩᠬᠡ ᠠᠯᠳᠠᠷᠰᠢᠭᠤᠯᠵᠤ ᠪᠠᠶᠢᠭ᠎ᠠ ᠶᠤᠮ᠃ ᠲᠠᠵᠢ ᠬᠠᠳᠣᠨ ᠨᠠᠰᠣ ᠪᠠᠷᠠᠭᠠᠳ  300  ᠭᠠᠷᠦᠢ  ᠵᠢᠯ  ᠪᠤᠯᠵᠤ  ᠪᠠᠶᠢᠭ᠎ᠠ ᠪᠣᠯᠪᠠᠴᠣ ᠲᠡᠯᠡᠬᠡᠢ ᠶᠢᠨ ᠬᠦᠮᠦᠨ ᠠᠷᠠᠳ ᠤᠨ ᠰᠡᠳᠬᠢᠯ ᠵᠢᠷᠦᠬᠡᠨ ᠳᠤ ᠮᠥᠨ ᠯᠠ ᠠᠮᠢᠳᠣ ᠪᠠᠷ ᠢᠶᠠᠨ  ᠪᠠᠶᠢᠭ᠎ᠠ  ᠰᠢᠭ᠋  ᠪᠠᠶᠢᠵᠤ᠂ ᠮᠤᠩᠭᠤᠯ ᠡᠮᠡᠭᠳᠡᠢ ᠶᠢᠨ ᠵᠢᠰᠣ ᠭᠠᠯᠪᠢᠷ ᠬᠢᠭᠡᠳ ᠣᠶᠤᠨ ᠰᠠᠨᠠᠭᠠᠨ ᠤ ᠭᠤᠸ᠎ᠠ ᠰᠠᠶᠢᠬᠠᠨ ᠵᠢᠴᠢ ᠰᠣᠶᠣᠯ ᠤᠨ  ᠢᠷᠠᠭᠤ  ᠰᠠᠶᠢᠬᠠᠨ ᠬᠦᠷᠳᠡᠭᠡᠯ ᠢᠶᠠᠷ ᠢᠶᠠᠨ ᠪᠦᠮᠪᠤᠷᠴᠡᠭ ᠢ  ᠢᠪᠢᠯᠭᠡᠵᠤ᠂  ᠮᠤᠨᠳᠠᠭ  ᠲᠤᠮᠤ  ᠵᠤᠭᠠᠴᠠᠯ ᠤᠨ  ᠦᠷᠳᠡᠭ᠂  ᠰᠣᠶᠤᠯ ᠤᠨ  ᠦᠷᠳᠡᠭ ᠢ ᠡᠭᠦᠳᠦᠨ᠂ ᠡᠨᠡᠳᠬᠡᠭ ᠤᠨ ᠠᠷᠠᠳ ᠲᠦᠮᠡᠨ ᠢ ᠢᠪᠡᠭᠡᠨ ᠲᠡᠳᠬᠦᠵᠤ ᠪᠤᠢ᠃         ᠴᠢᠩ ᠪᠢᠰᠢᠷᠡᠯᠳᠣ ᠲᠠᠶᠢᠬᠠᠯ ᠬᠠᠳᠣᠨ ᠡᠬᠡ         ᠡᠬᠡ ᠲᠠᠶᠢᠬᠠᠯ ᠬᠠᠳᠣᠨ ᠪᠤᠯ 17 ᠳ᠋ᠣᠭᠠᠷ ᠵᠠᠭᠤᠨ ᠤ  ᠡᠬᠢᠨ ᠤ  ᠵᠢᠯ ᠤᠳ ᠲᠤ  ᠠᠯᠳᠠᠷ  ᠮᠠᠨᠳᠣᠭᠰᠠᠨ  ᠣᠶᠤᠳᠠᠨ ᠬᠠᠳᠣᠨ ᠪᠤᠯᠤᠨ᠎ᠠ᠃ ᠲᠡᠶᠢᠮᠤ ᠠᠴᠠ ᠮᠤᠩᠭᠤᠯ ᠤᠨ ᠲᠡᠤᠬᠡᠨ ᠳᠤ ᠲᠡᠭᠦᠨ ᠢ ︽ᠴᠢᠩ ᠪᠢᠰᠢᠷᠡᠯᠳᠣ ᠲᠠᠶᠢᠬᠠᠯ ᠬᠠᠳᠣᠨ ᠡᠬᠡ︾ ᠭᠡᠮᠡᠨ ᠬᠦᠨᠳᠦᠳᠬᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠣᠨ ᠪᠤᠯ  ᠲᠠᠶᠠᠨ  ᠬᠠᠭᠠᠨ ᠤ  ᠣᠳᠬᠤᠨ  ᠬᠦᠤ  ᠭᠡᠷᠰᠠᠨᠵᠢ  ︵ᠪᠠᠰᠠ ᠭᠡᠷᠰᠠᠨᠵᠢ ᠯᠠᠶᠢᠬᠤᠷ ᠭᠡᠳᠡᠭ︶ ᠶᠢᠨ ᠭᠤᠷᠪᠠᠳᠣᠭᠠᠷ ᠬᠦᠪᠡᠭᠦᠨ ᠣᠶᠢᠵᠢᠨ ᠨᠤᠶᠠᠨ ᠤ ᠬᠦᠤ  ᠪᠠᠭ᠋ᠠᠷᠠᠢ  ᠬᠤᠰᠢᠭᠤᠴᠢ ᠶᠢᠨ  ᠬᠠᠳᠣᠨ ᠪᠤᠯᠤᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠴᠡᠴᠡᠨ ᠰᠡᠷᠭᠦᠯᠡᠩ᠂ ᠤᠢ ᠪᠢᠯᠢᠭ ᠴᠣᠭᠤᠷᠬᠠᠢ᠂ ᠪᠢᠴᠢᠭ ᠰᠣᠶᠤᠯ ᠳᠤ ᠰᠢᠮᠳᠠᠨ᠂ ᠮᠤᠩᠭᠤᠯ ᠲᠦᠪᠡᠳ ᠦᠰᠦᠭ ᠪᠢᠴᠢᠭ ᠲᠤ ᠨᠡᠪᠳᠡᠷᠡᠵᠡᠢ᠃ ᠲᠡᠭᠡᠭᠡᠳ ᠣᠶᠤᠳᠠᠨ ᠡᠮᠡᠭᠳᠡᠢ ᠪᠤᠯᠤᠨ ᠠᠯᠳᠠᠷᠰᠢᠵᠡᠢ᠃         ᠴᠢᠩ ᠪᠢᠰᠢᠷᠡᠯᠳᠤ ᠲᠠᠶᠢᠬᠠᠯ ᠬᠠᠳᠣᠨ ᠪᠢᠴᠢᠭ ᠰᠣᠶᠤᠯ ᠳᠤ ᠨᠡᠪᠳᠡᠷᠡᠵᠤ᠂  ᠮᠤᠩᠭᠤᠯ  ᠰᠣᠶᠤᠯ ᠤᠨ  ᠭᠦᠭᠵᠢᠯᠳᠡ ᠳᠤ ᠪᠠᠯᠠᠷᠠᠰᠢ ᠦᠭᠡᠢ ᠵᠢᠳᠬᠦᠯ  ᠦᠭᠭᠦᠭᠰᠡᠨ ᠢᠶᠠᠷ  ᠪᠠᠷᠠᠬᠤ  ᠦᠭᠡᠢ  ᠬᠦᠪᠡᠭᠦᠨ  ᠴᠣᠭᠳᠤ  ︵ᠴᠣᠭᠳᠣ  ᠲᠠᠶᠢᠵᠢ︶ ᠪᠠᠨ  ᠪᠠᠯᠴᠢᠷ ᠪᠠᠭ᠎ᠠ ᠠᠴᠠ ᠨᠢ ᠪᠢᠴᠢᠭ ᠰᠣᠶᠤᠯ ᠢᠶᠠᠷ ᠭᠡᠶᠢᠭᠦᠯᠦᠨ ᠬᠦᠮᠦᠵᠢᠭᠦᠯᠵᠤ ᠪᠢᠯᠡ᠃ ᠬᠠᠳᠣᠨ ᠡᠬᠡ ᠶᠢᠨ ᠢᠶᠠᠨ ᠭᠡᠷᠡᠯᠳᠦᠭᠰᠡᠨ ᠣᠬᠠᠭᠠᠨ᠂ ᠬᠠᠳᠠᠭᠤ ᠬᠦᠮᠦᠵᠢᠯ ᠢ ᠲᠡᠭᠡᠳᠦᠯᠡᠨ᠂ ᠴᠣᠭᠳᠣ ᠲᠠᠶᠢᠵᠢ ᠪᠣᠰᠣᠳ ᠠᠴᠠ ᠴᠣᠯᠭᠤᠷᠠᠭᠰᠠᠨ ᠶᠡᠭᠡ ᠪᠢᠯᠢᠭ  ᠠᠪᠢᠶᠠᠰ ᠲᠠᠢ  ᠠᠯᠳᠠᠷᠳᠤ ᠢᠷᠠᠭᠤ ᠨᠠᠶᠢᠷᠠᠭᠴᠢ᠂ ᠲᠡᠤᠬᠡᠴᠢ ᠮᠦᠷᠳᠡᠭᠡᠨ ᠭᠠᠷᠮᠠᠭᠠᠢ ᠣᠯᠤᠰ ᠲᠦᠷᠦᠴᠢᠨ᠂ ᠡᠬᠡ ᠣᠷᠤᠨᠴᠢ  ᠪᠠᠭᠠᠳᠣᠷ  ᠪᠤᠯᠤᠭᠰᠠᠨ  ᠶᠤᠮ᠃ ᠲᠠᠶᠢᠬᠠᠯ ᠬᠠᠳᠣᠨ ᠡᠬᠡ 1601 ᠤᠨ ᠠᠴᠠ ᠡᠬᠢᠯᠡᠨ᠂ ᠬᠦᠤ ᠴᠣᠭᠳᠣ ᠲᠠᠢ ᠪᠠᠨ ᠲᠦᠪᠡᠳ  ᠬᠡᠯᠡᠨ ᠠᠴᠠ  ᠪᠤᠷᠬᠠᠨ ᠤ  ᠨᠤᠮ ᠰᠣᠳᠣᠷ ᠢ ᠣᠷᠴᠢᠭᠤᠯᠬᠤ ᠶᠢᠨ ᠲᠠᠭᠠᠣ ᠣᠷᠠᠨ ᠵᠤᠬᠢᠶᠠᠯ᠂ ᠲᠡᠤᠬᠡ᠂ ᠬᠦᠨ ᠤᠬᠠᠭᠠᠨ᠂  ᠠᠨᠠᠭᠠᠬᠤ  ᠣᠬᠠᠭᠠᠨ  ᠵᠡᠷᠭᠡ  ᠣᠯᠠᠨ ᠲᠦᠷᠦᠯ ᠤᠨ  ᠨᠤᠮ  ᠰᠣᠳᠣᠷ ᠢ  ᠮᠤᠩᠭᠤᠯᠴᠢᠯᠠᠵᠤ᠂  ᠠᠷᠠᠳ   ᠲᠦᠮᠡᠨ ᠢᠶᠠᠨ   ᠭᠡᠭᠡᠷᠡᠭᠦᠯᠦᠨ᠂   ᠮᠤᠩᠭᠤᠯ   ᠰᠣᠶᠤᠯ ᠤᠨ ᠭᠦᠭᠵᠢᠯᠳᠡ ᠳᠤ ᠯᠤᠳᠤ ᠶᠡᠭᠡ ᠭᠠᠪᠢᠶ᠎ᠡ ᠵᠢᠳᠭᠦᠯ ᠦᠵᠡᠭᠦᠯᠦᠭᠰᠡᠨ ᠶᠤᠮ᠃ ᠡᠭᠦᠨ ᠤ ᠲᠠᠭᠠᠤ ᠲᠡᠷᠡ ᠪᠠᠰᠠ ᠬᠦᠪᠡᠭᠦᠨ  ᠴᠣᠭᠳᠣ ᠲᠠᠶᠢᠵᠢ ᠲᠠᠢ ᠪᠠᠨ ᠪᠦᠬᠦᠯᠢ ᠠᠷᠪᠠᠨ ᠵᠢᠯ ᠤᠨ  ᠴᠠᠭ ᠢ  ᠵᠠᠷᠣᠴᠠᠭᠤᠯᠣᠨ᠂  ᠲᠣᠣᠯᠠ ᠶᠢᠨ  ᠪᠠᠷᠠᠭᠤᠨ ᠳᠠᠬᠢ  ᠵᠢᠷᠦᠬᠡᠨ  ᠨᠡᠷᠡᠳᠤ ᠠᠭᠤᠯᠠ ᠶᠢᠨ ᠡᠩᠭᠡᠷ ᠲᠣ ᠵᠢᠷᠭᠤᠭᠠᠨ ᠰᠦᠮ᠎ᠡ ᠶᠢ ᠪᠠᠶᠢᠭᠤᠯᠵᠤ ᠪᠢᠯᠡ᠃ ᠡᠳᠡᠭᠡᠷ ᠰᠦᠮ᠎ᠡ ᠬᠡᠶᠢᠳ ᠨᠢ  ᠮᠤᠩᠭᠤᠯ  ᠨᠤᠳᠤᠭ ᠲᠤ ᠱᠠᠰᠢᠨ ᠲᠡᠯᠭᠡᠷᠡᠭᠦᠯᠬᠦ ᠶᠢᠨ ᠲᠠᠭᠠᠣ ᠮᠤᠩᠭᠤᠯ ᠰᠣᠶᠤᠯ ᠤᠨ ᠦᠯᠦᠭᠡᠢ ᠪᠤᠯᠵᠤ᠂ ᠦᠶ᠎ᠡ ᠦᠶ᠎ᠡ ᠶᠢᠨ ᠬᠦᠮᠦᠰ ᠢ ᠰᠣᠶᠤᠯᠵᠢᠭᠤᠯᠤᠨ ᠭᠡᠭᠡᠷᠡᠭᠦᠯᠵᠤ ᠪᠠᠶᠢᠪᠠ᠃ ᠡᠨᠡᠬᠦ ᠠᠯᠳᠠᠷ ᠬᠦᠨᠳᠣᠳᠡᠢ  ᠰᠣᠶᠤᠯᠳᠣ  ᠡᠬᠡ ᠪᠠᠨ  ᠮᠦᠩᠬᠡ  ᠲᠣᠷᠠᠰᠴᠣ  ᠶᠠᠪᠣᠬᠤ ᠶᠢᠨ  ᠲᠦᠯᠦᠭᠡ᠂ ᠮᠤᠩᠭᠤᠯ ᠤᠯᠤᠰ ᠤᠨ ᠠᠯᠳᠠᠷᠳᠣ ᠢᠷᠠᠭᠤ ᠨᠠᠶᠢᠷᠠᠭᠴᠢ ᠭᠡ᠊ • ᠢᠰᠢᠬᠦᠣ ︽ᠴᠢᠩ ᠪᠢᠰᠢᠷᠡᠯᠳᠣ ᠲᠠᠶᠢᠬᠠᠯ  ᠬᠠᠳᠣᠨ  ᠡᠬᠡ︾  ᠭᠡᠬᠦ ᠭᠠᠶᠢᠬᠠᠯᠳᠠᠢ ᠰᠢᠯᠦᠭ ᠢ ᠪᠦᠳᠦᠭᠡᠵᠤ᠂ ᠡᠨᠡᠬᠦ ᠨᠢᠭᠡᠨ ᠦᠶ᠎ᠡ ᠶᠢᠨ ᠰᠣᠣ ᠪᠢᠯᠢᠭᠳᠣ ᠬᠠᠳᠣᠨ  ᠡᠬᠡ ᠶᠢᠨ  ᠠᠷᠢᠭᠤᠬᠠᠨ  ᠵᠢᠳᠬᠦᠯ ᠢ ᠳᠦᠩᠨᠡᠭᠰᠡᠨ ᠪᠠᠶᠢᠨ᠎ᠠ᠃        ︽ᠡᠬᠡ ᠬᠤᠩ ᠲᠠᠶᠢᠵᠢ ᠶᠢᠨ ᠪᠢᠰᠢᠷᠡᠯᠳᠣ ᠲᠠᠶᠢᠬᠠᠯ ᠡᠬᠡ \ ᠡᠷᠳᠡᠮ ᠤᠨ ᠲᠠᠯᠠᠢ ᠶᠢ ᠱᠦᠭᠦᠷᠳᠡᠭᠰᠡᠨ ᠣᠶᠤᠳᠠᠨ  ᠮᠥᠨ ᠪᠤᠶᠤ ᠡᠳᠦᠭᠡ ᠮᠢᠨᠤ ᠰᠢᠯᠦᠭ ᠲᠠᠬᠢ ᠰᠣᠶᠤᠨ ᠭᠡᠭᠡᠷᠡᠭᠰᠡᠨ ᠲᠡᠭᠦᠨ ᠢ ᠡᠬᠡ ᠣᠷᠤᠨᠴᠢ ᠬᠦᠤ ᠲᠠᠢ ᠨᠢ ᠠᠭᠠᠷ ᠨᠢᠭᠡᠨ  ᠦᠵᠡᠪᠡᠢ᠃ ᠮᠡᠳᠡᠭᠰᠡᠨ ᠡᠷᠳᠡᠮ ᠢᠶᠠᠨ ᠲᠦᠭᠡᠭᠡᠬᠦ ᠪᠠᠷ  ᠴᠠᠭᠠᠨ  ᠬᠠᠷᠰᠢ  ᠪᠠᠶᠢᠭᠤᠯᠪᠠ  \  ᠮᠡᠷᠭᠡᠳ  ᠰᠡᠴᠡᠳ ᠤᠨ  ᠰᠣᠳᠣᠷ ᠤᠳ ᠢ  ᠤᠨ ᠲᠠᠷᠠᠭᠠᠯᠠᠵᠤ ᠣᠷᠴᠢᠭᠤᠯᠪᠠ  \  ᠰᠣᠶᠤᠯ ᠤᠨ  ᠦᠷ᠎ᠡ  ᠲᠠᠷᠢᠬᠤ ᠶᠢ  ᠡᠬᠡ  ᠬᠦᠤ  ᠡᠷᠡᠮᠡᠯᠵᠡᠪᠡ  \  ᠰᠣᠯᠣᠩᠭᠠᠨ  ᠣᠬᠠᠭᠠᠨ ᠰᠠᠴᠣᠷᠠᠭᠤᠯᠤᠨ ᠨᠢᠭᠡᠨ ᠦᠶ᠎ᠡ ᠴᠡᠴᠡᠭᠯᠡᠪᠡ \ ᠬᠠᠯᠬ᠎ᠠ ᠶᠢᠨ  ᠪᠢᠰᠢᠷᠡᠯᠳᠣ  ᠬᠠᠳᠣᠨ ᠤ  ᠬᠦᠰᠡᠯ ᠢᠶᠠᠨ  ᠪᠡᠶᠡᠯᠡᠪᠡ  \  ᠬᠠᠳᠣᠨ ᠲᠣᠣᠯᠠ ᠶᠢᠨ ᠣᠷᠤᠰᠬᠠᠯ ᠰᠢᠭ᠋ ᠡᠬᠡ ᠶᠢᠨ ᠰᠡᠳᠬᠢᠯ ᠮᠡᠯᠳᠡᠯᠵᠡᠪᠡ \ ᠬᠠᠩᠭᠠᠢ ᠬᠠᠨ ᠤ  ᠠᠭᠤᠯᠠᠨ ᠳᠤ  ᠣᠶᠠᠷᠠᠵᠤ  ᠭᠠᠷᠣᠭᠰᠠᠨ ᠬᠤᠩ ᠲᠠᠶᠢᠵᠢ \ ᠬᠠᠯᠠᠭᠤᠳᠤ ᠡᠭᠡᠴᠢ ᠪᠠᠨ ᠰᠠᠨᠠᠭᠠᠯᠵᠠᠨ ᠣᠶᠠᠩᠭ᠎ᠠ ᠶᠢᠨ ᠰᠢᠯᠦᠭ ᠲᠠᠳᠠᠯᠠᠪᠠ \ ᠪᠢᠯᠢᠭᠳᠣ ᠲᠠᠳᠡᠨ ᠤ  ᠬᠦᠰᠡᠯ ᠢ ᠴᠠᠭ ᠤᠨ ᠰᠠᠯᠬᠢ ᠠᠷᠴᠢᠪᠠ \ ᠪᠢᠴᠢᠭ ᠤᠨ ᠪᠦᠳᠦᠭᠡᠯ ᠨᠤᠮ ᠢ ᠨᠢ ᠣᠯᠠᠭᠠᠨ ᠲᠦᠢᠮᠡᠷ ᠢᠳᠡᠪᠡ  \  ᠪᠢᠷ  ᠶᠠᠨᠲᠠᠢ  ᠶᠠᠭᠤ ᠶᠢ ᠨᠢ ᠰᠢᠷ᠎ᠠ ᠶᠢᠨ ᠱᠠᠰᠢᠨ ᠬᠤᠭᠤᠴᠢᠪᠠ \ ᠪᠡᠭᠡ ᠪᠠᠷ ᠴᠦ ᠲᠣᠳᠠᠭ᠎ᠠ ᠦᠭᠡᠢ ᠲᠡᠳᠡ ᠴᠠᠭᠠᠨ ᠴᠠᠭᠠᠰᠣ  ᠴᠦ  ᠦᠭᠡᠢ  ᠦᠯᠡᠳᠡᠪᠡ  \ ᠴᠢᠩ ᠤᠨ ᠬᠠᠭᠠᠳ ᠤᠳ ᠮᠣᠩᠭᠤᠯ ᠢ ᠬᠠᠭᠠᠯᠤᠨ ᠪᠣᠳᠠᠯᠠᠵᠤ ᠡᠬᠢᠯᠡᠪᠡ \ ᠴᠢᠩᠭᠢᠰ ᠤᠨ ᠣᠭᠰᠠᠭᠠᠳᠣ ᠨᠤᠶᠠᠳ ᠰᠠᠯᠤᠨ ᠪᠣᠳᠠᠷᠠᠵᠤ ᠣᠷᠪᠠᠪᠠ \ ᠲᠡᠭᠰᠢ ᠪᠣᠳᠤᠯᠭ᠎ᠠ ᠪᠠᠨ ᠠᠯᠳᠠᠭᠰᠠᠨ ᠳᠤ ᠲᠦᠷᠦ ᠣᠯᠤᠰ ᠬᠢᠮᠤᠷᠠᠪᠠ \ ᠴᠢᠩ  ᠲᠠᠶᠢᠬᠠᠯ  ᠬᠠᠳᠣᠭᠳᠠᠨ ᠤ  ᠰᠡᠳᠬᠢᠯ ᠰᠠᠨᠠᠭ᠎ᠠ ᠦᠢᠮᠤᠷᠡᠪᠡ \ ᠬᠠᠯᠬ᠎ᠠ ᠶᠢᠨ  ᠲᠤᠮᠤ  ᠨᠤᠶᠠᠳ  ᠰᠢᠷ᠎ᠠ ᠶᠢᠨ  ᠱᠠᠰᠢᠨ ᠳᠤ  ᠣᠷᠤᠯᠳᠣᠪᠠ  \  ᠬᠠᠷᠢ ᠶᠢᠨ  ᠪᠣᠳᠤᠯᠭ᠎ᠠ ᠬᠡᠷᠡᠭᠵᠢᠵᠤ ᠠᠶᠣᠯ ᠵᠠᠨᠤᠯ ᠦᠩᠭᠡᠯᠵᠡᠪᠡ \ ᠠᠷᠪᠠᠨ ᠲᠤᠯᠤᠳᠠᠬᠢ ᠵᠠᠭᠤᠨ ᠳᠤ ᠰᠢᠷ᠎ᠠ ᠣᠯᠠᠭᠠᠨ ᠮᠦᠷᠭᠦᠯᠳᠦᠪᠡ \ ᠠᠮᠣᠷ  ᠵᠠᠶᠠᠭ᠎ᠠ ᠦᠵᠡᠭᠦᠯᠬᠦ ᠬᠠᠭᠠᠳ ᠨᠤᠶᠠᠳ ᠰᠦᠷᠭᠡᠭᠦᠯᠳᠦᠪᠡ \ ᠠᠷᠣ ᠬᠠᠯᠬ᠎ᠠ ᠶᠢᠨ ᠴᠣᠭᠳᠣ ᠲᠠᠶᠢᠵᠢ ᠴᠠᠰᠣᠳᠣ  ᠲᠦᠪᠡᠳ ᠢ  ᠵᠣᠷᠢᠪᠡ  \ ᠠᠬᠠᠶᠢᠳᠠᠨ ᠪᠢᠰᠢᠷᠡᠯᠳᠣ ᠬᠠᠳᠣᠨ ᠲᠠᠶᠢᠬᠠᠯ ᠤᠨ ᠠᠮᠢᠳᠣᠷᠠᠯ ᠲᠡᠮᠡᠴᠡᠯ ᠲᠡᠭᠦᠰᠪᠡ︾ ᠬᠡᠮᠡᠪᠡ᠃         ᠠᠪᠠᠢ ᠬᠠᠳᠣᠨ        ᠠᠪᠠᠢ ᠬᠠᠳᠣᠨ ᠪᠤᠯ ᠲᠦᠷᠪᠡᠨ ᠦᠢᠷᠠᠳ ᠤᠨ ᠲᠡᠤᠬᠡᠨ ᠳᠤ ᠠᠯᠳᠠᠷᠳᠠᠢ ᠰᠣᠣ ᠪᠢᠯᠢᠭᠳᠣ ᠡᠮᠡᠭᠳᠡᠢ ᠶᠤᠮ᠃ ᠲᠡᠷᠡ ᠪᠠᠷ ᠦᠢᠷᠠᠳᠴᠣᠳ ᠤᠨ ᠣᠮᠤᠭᠰᠢᠯ ᠪᠠᠭ᠋ᠠᠷᠬᠠᠯ ᠢ ᠲᠠᠳᠠᠭᠰᠠᠨ ︽ᠲᠠᠪᠣᠨ ᠪᠠᠷᠰ︾ ᠭᠡᠮᠡᠭᠳᠡᠭᠰᠡᠨ ᠲᠠᠪᠣᠨ ᠬᠡᠤᠬᠡᠳ ᠢᠶᠠᠨ ᠲᠦᠷᠦᠭᠦᠯᠦᠨ ᠦᠰᠭᠡᠭᠰᠡᠨ ᠮᠦᠷᠳᠡᠭᠡᠨ ᠦᠢᠷᠠᠳ ᠡᠷᠡᠴᠣᠳ ᠤᠨ ᠬᠠᠳᠠᠭᠤ ᠰᠢᠨᠳᠠᠰᠣ᠂ ᠠᠷᠭ᠎ᠠ ᠪᠣᠳᠣᠯᠭ᠎ᠠ᠂ ᠭᠠᠷᠮᠠᠭᠠᠢ ᠵᠤᠷᠢᠭ  ᠰᠦᠯᠳᠡ ᠪᠠᠷ ᠬᠡᠤᠬᠡᠳ ᠢᠶᠠᠨ ᠬᠦᠮᠦᠵᠢᠭᠦᠯᠦᠭᠰᠡᠨ ᠪᠠᠭᠠᠳᠣᠷ ᠡᠬᠡ ᠶᠤᠮ᠃ ᠠᠪᠠᠢ ᠬᠠᠳᠣᠨ ᠬᠡᠤᠬᠡᠳ ᠢᠶᠠᠨ ᠦᠭᠡᠯᠡᠢ ᠶᠡᠭᠡ ᠪᠤᠯᠳᠠᠯ᠎ᠠ ᠬᠤᠱᠣᠳ ᠠᠶᠢᠮᠠᠭ ᠢ ᠵᠠᠰᠠᠭᠯᠠᠨ ᠶᠠᠪᠤᠵᠤ᠂ ᠬᠤᠱᠤᠳ  ᠠᠶᠢᠮᠠᠭ ᠤᠨ  ᠬᠦᠴᠦᠷᠬᠡᠭᠵᠢᠨ  ᠮᠠᠨᠳᠣᠬᠤ ᠳᠤ  ᠰᠠᠭᠤᠷᠢ  ᠲᠠᠯᠪᠢᠵᠤ  ᠦᠭᠭᠦᠭᠰᠡᠨ ᠪᠦᠭᠡᠳ ᠬᠤᠱᠣᠳᠴᠣᠳ ᠤᠨ ᠲᠦᠷᠪᠡᠨ ᠦᠢᠷᠠᠳ ᠤᠨ ᠴᠢᠭᠤᠯᠭᠠᠨ ᠳᠤ ᠲᠡᠷᠢᠭᠦᠯᠵᠤ ᠶᠠᠪᠤᠬᠤ ᠪᠠᠶᠢᠷᠢ ᠰᠠᠭᠤᠷᠢ ᠶᠢ ᠪᠠᠳᠣᠯᠠᠭᠰᠠᠨ ᠶᠤᠮ᠃ ᠠᠪᠠᠢ ᠬᠠᠳᠤᠨ ᠪᠤᠯ ᠴᠣᠷᠣᠰ ᠠᠶᠢᠮᠠᠭ ᠤᠨ ᠰᠣᠷᠪᠤᠯᠵᠢᠳᠣ ᠭᠡᠷ ᠤᠨ ᠦᠬᠢᠨ ᠶᠤᠮ᠃ ᠲᠡᠷᠡ ᠬᠠᠨᠢ  ᠨᠤᠶᠠᠨ ᠤ  ᠭᠤᠤᠯ ᠬᠠᠳᠣᠨ ᠪᠠᠶᠢᠪᠠ᠃                                                                    
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号