ᠮᠣᠩᠭᠤᠯᠴᠤᠳ ᠤᠨ ᠠᠮᠠᠨ ᠵᠠᠩᠬᠢ ᠬᠡᠯᠡᠬᠦ ᠶᠣᠰᠦ
ᠨᠡᠶᠢᠲᠡᠯᠡᠭᠰᠡᠨ ᠴᠠᠭ᠄
2018/3/29
          ᠮᠣᠩᠭᠤᠯᠴᠤᠳ ᠤᠨ ᠠᠮᠠᠨ ᠵᠠᠩᠬᠢ ᠬᠡᠯᠡᠬᠦ ᠶᠣᠰᠦ      ᠰᠠᠳᠤᠨ ᠲᠦᠷᠦᠯ ᠳᠤ ᠨᠢ ᠮᠡᠳᠡᠭᠦᠯᠦᠨ ᠵᠦᠪᠴᠢᠯᠡᠵᠤ ᠪᠠᠶᠢᠭᠠᠳ᠂ ︽ᠪᠣᠯᠬᠤ᠂ ᠲᠣᠬᠢᠷᠠᠬᠤ︾ ᠬᠡᠵᠦ ᠦᠵᠡᠪᠡᠯ᠂ ᠰᠠᠳᠤᠨ ᠲᠦᠷᠦᠯ ᠳᠤ ᠨᠢ ᠮᠡᠳᠡᠭᠦᠯᠦᠨ ᠵᠦᠪᠴᠢᠯᠡᠵᠤ ᠪᠠᠶᠢᠭᠠᠳ᠂ ︽ᠪᠣᠯᠬᠤ᠂ ᠲᠣᠬᠢᠷᠠᠬᠤ︾ ᠬᠡᠵᠦ ᠦᠵᠡᠪᠡᠯ᠂ ᠬᠦᠦ ᠶᠢᠨ ᠠᠪᠤ ᠡᠵᠢ᠂ ᠬᠡᠦᠭᠡᠨ ᠤ ᠬᠡᠷ ᠤᠨ ᠬᠦᠮᠦᠰ ᠢ ᠡᠷᠢᠵᠤ᠂ ᠬᠤᠶᠠᠷ ᠬᠡᠦᠭᠡᠳ ᠤᠨ ᠪᠠᠶᠢᠳᠠᠯ ᠶᠠᠪᠤᠳᠠᠯ ᠢ ᠬᠡᠯᠡᠵᠤ᠂ ᠬᠠᠳᠠᠭ ᠲᠠᠯᠪᠢᠨ ᠠᠮᠠᠨ ᠵᠠᠩᠬᠢ ᠪᠠᠨ ᠬᠡᠯᠡᠬᠦ ᠡᠳᠤᠷ ᠢᠶᠠᠨ ᠲᠤᠭᠳᠠᠭᠠᠨ᠎ᠠ  ᠃      ᠡᠳᠤᠷ ᠲᠤᠭᠳᠠᠭᠠᠬᠤ ᠳᠤ ᠪᠠᠨ ᠪᠡᠯᠭᠡ ᠲᠠᠢ ᠰᠠᠶᠢᠨ ᠡᠳᠤᠷ ᠢ ᠰᠤᠩᠭᠤᠨ᠎ᠠ᠃ ᠰᠤᠩᠭᠤᠭᠰᠠᠨ ᠡᠳᠤᠷ ᠢᠶᠠᠨ ᠡᠵᠢ ᠠᠪᠤ ᠨᠢ ᠪᠤᠶᠤ ᠠᠬ᠎ᠠ ᠨᠠᠷ ᠠᠴᠠ ᠨᠢ ᠴᠤ ᠪᠤᠯᠤᠨ᠎ᠠ᠂ ᠬᠤᠶᠠᠷ ᠬᠦᠮᠦᠨ ᠪᠤᠶᠤ ᠲᠠᠪᠤ ᠲᠦᠷᠪᠡᠨ ᠬᠦᠮᠦᠨ ᠪᠡᠯᠡᠭ ᠲᠡᠭᠡᠵᠢ ᠪᠠᠨ ᠠᠪᠴᠤ ︽ᠠᠮᠠᠨ ᠵᠠᠩᠬᠢ︾ ᠬᠡᠯᠡᠬᠦ ᠪᠠᠷ ᠬᠡᠣᠬᠡᠨ ᠤ ᠭᠡᠷ ᠲᠤ ᠬᠦᠷᠦᠭᠡᠳ᠂ ᠪᠡᠯᠡᠭ ᠬᠠᠳᠠᠭ ᠢᠶᠠᠨ ᠲᠠᠯᠪᠢᠵᠤ᠂ ᠬᠡᠷ ᠤᠨ ᠬᠢᠨᠢ ᠪᠠᠷᠠᠭᠤᠨ ᠬᠤᠶᠢᠮᠤᠷ ᠰᠠᠭᠤᠨ᠎ᠠ᠃ ᠭᠡᠷ ᠤᠨ ᠡᠵᠡᠨ ᠠᠴᠠ ᠴᠠᠢ ᠬᠤᠭᠤᠯᠠ ᠪᠠᠨ ᠪᠠᠯᠠᠳᠬᠡᠨ  ᠲᠠᠯᠪᠢᠵᠤ᠂ ᠴᠠᠭ᠎ᠠ ᠪᠠᠨ ᠡᠷᠬᠦᠨ ᠲᠠᠬᠡᠵᠢᠯᠡᠬᠦᠯᠦᠨ᠎ᠡ᠃ ᠬᠦᠬᠡᠨᠠᠭᠤᠷ ᠤᠨ ᠬᠤᠱᠣᠳᠴᠣᠳ ᠪᠣᠯ ᠴᠠᠭ᠎ᠠ ᠪᠠᠨ ᠲᠡᠭᠡᠵᠢᠯᠡᠬᠦ ᠳᠤ ᠬᠦᠷᠦᠭᠰᠡᠨ ᠬᠡᠶᠢᠴᠢᠨ ᠠᠴᠠ ᠪᠠᠨ ᠡᠬᠢᠯᠡᠨ᠂ ᠵᠦᠪ ᠲᠡᠰᠢ ᠡᠷᠬᠢᠭᠦᠯᠦᠨ ᠲᠡᠭᠡᠵᠢᠯᠡᠨ᠎ᠡ᠃ ᠴᠠᠭ᠎ᠠ ᠪᠠᠨ ᠰᠢᠷᠡᠭᠡ ᠳᠡᠬᠡᠷᠡᠬᠢ ᠢᠳᠡᠬᠡᠨ ᠳᠡᠬᠡᠵᠢ ᠶᠢᠨ ᠬᠠᠮᠤᠭ ᠡᠬᠢᠨ ᠳᠤ ᠨᠢ ᠲᠠᠯᠪᠢᠨ᠎ᠠ ︵ᠴᠠᠭ᠎ᠠ ᠶᠢ ᠠᠶᠢᠷᠠᠭ᠂ ᠰᠦ᠂ ᠴᠦᠷᠮ᠎ᠡ᠂ ᠴᠡᠭᠡ᠂ ᠲᠠᠷᠠᠭ ᠵᠡᠷᠭᠡ ᠴᠠᠭᠠᠨ ᠢᠳᠡᠭᠡ ᠪᠠᠷ ᠲᠠᠯᠪᠢᠬᠤ ᠶᠤᠰᠤᠳᠠᠢ︶ ᠡᠬᠢᠯᠡᠨ ᠴᠠᠭ᠎ᠠ ᠳᠡᠬᠡᠵᠢᠯᠡᠬᠦᠯᠳᠡᠭ ᠨᠢ ᠮᠠᠰᠢ ᠶᠡᠭᠡ ᠣᠴᠢᠷ ᠣᠳᠬ᠎ᠠ ᠲᠠᠢ᠃ ᠮᠣᠩᠭᠤᠯᠴᠣᠳ ᠤᠨ ᠡᠷᠬᠢᠮᠯᠡᠳᠡᠭ ᠴᠠᠭᠠᠨ ᠦᠩᠬᠡ ᠶᠢᠨ ᠪᠡᠯᠭᠡᠳᠡᠯ᠂ ᠰᠦᠨ ᠴᠠᠭᠠᠨ ᠰᠡᠳᠬᠢᠯ ᠤᠨ ᠪᠡᠯᠭᠡᠳᠡᠯ᠂ ᠪᠦᠬᠦ ᠶᠠᠭᠤᠮᠠᠨ ᠤ ᠡᠬᠢᠯᠡᠯ ᠤᠨ ᠪᠡᠯᠭᠡᠳᠡᠯ᠂ ᠠᠯᠢᠪᠠ ᠰᠠᠶᠢᠨ  ᠰᠠᠶᠢᠬᠠᠨ ᠤ ᠪᠠᠯᠭᠡᠳᠡᠯ᠂ ᠣᠷᠤᠭ ᠤᠨ ᠶᠠᠪᠣᠳᠠᠯ ᠪᠦᠳᠦᠵᠦ ᠪᠦᠷᠢᠯᠳᠦᠬᠦ ᠶᠢᠨ ᠪᠡᠯᠬᠡᠳᠡᠯ ᠬᠡᠬᠦᠴᠢᠯᠡᠨ ᠠᠷᠪᠢᠨ ᠣᠳᠬ᠎ᠠ ᠰᠠᠨᠠᠭ᠎ᠠ ᠠᠭᠤᠯᠵᠦ ᠪᠠᠶᠢᠨ᠎ᠠ᠃ ︽ᠴᠠᠭᠠᠨ ᠰᠠᠷ᠎ᠠ ᠶᠢᠨ ᠰᠢᠨᠡᠯᠡᠬᠦ ᠴᠠᠭᠠᠯᠠᠬᠤ ᠶᠣᠰᠣ ᠨᠢ ᠰᠢᠨ᠎ᠡ ᠵᠢᠯ᠂ ᠰᠢᠨ᠎ᠡ ᠰᠠᠷ᠎ᠠ᠂ ᠰᠢᠨ᠎ᠡ ᠡᠳᠦᠷ ᠤᠨ ᠪᠡᠯᠭᠡ ᠶᠢ ᠨᠡᠶᠢᠬᠡᠮ ᠨᠡᠶᠢᠳᠠᠮ ᠳᠠᠶᠠᠭᠠᠷ ᠢᠶᠠᠨ ᠪᠡᠯᠭᠡᠰᠢᠶᠠᠨ ᠲᠡᠮᠳᠡᠭᠯᠡᠵᠦ︾ ᠪᠠᠶᠢᠭ᠎ᠠ ᠰᠢᠬ ᠴᠠᠭ᠎ᠠ  ᠲᠡᠬᠡᠵᠢᠯᠡᠬᠦᠯᠬᠦ ᠪᠠᠷ ᠪᠦᠬᠦ ᠶᠠᠭᠤᠮᠠᠨ ᠤ ᠰᠠᠶᠢᠨ ᠰᠠᠶᠢᠬᠠᠨ ᠡᠬᠢᠯᠡᠯ ᠤᠨ ᠪᠠᠯᠭᠡ ᠳᠡᠮᠪᠡᠷᠡᠯ ᠪᠣᠯᠭᠠᠵᠦ ᠪᠠᠶᠢᠭ᠎ᠠ ᠠᠵᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号