ᠳᠠᠯᠠᠶᠢᠭᠴᠢ ᠳᠠᠭᠠᠨ49 ᠬᠤᠨᠤᠭ ᠴᠡᠬᠡᠷ ᠬᠢᠳᠡᠭ ᠤᠨ ᠶᠣᠰᠣᠨ | | | ᠮᠣᠩᠭᠤᠯᠴᠤᠳ ᠲᠠᠯᠠᠶᠢᠭᠴᠢ ᠪᠣᠯᠤᠭᠰᠠᠨ ᠬᠦᠮᠦᠨ ᠳᠡᠭᠡᠨ 49 ᠬᠤᠨᠤᠭ ᠤᠨ ᠴᠡᠭᠡᠷ ᠢ ᠮᠠᠰᠢ ᠴᠢᠩᠭ᠎ᠠ ᠢᠶᠠᠷ | ᠬᠢᠳᠡᠭ᠂ ᠵᠢᠱᠢᠶᠡᠯᠡᠪᠡᠯ ᠳᠠᠭᠤᠤ ᠳᠠᠭᠤᠯᠠᠵᠤ ᠪᠠᠶᠠᠷᠯᠠᠵᠤ ᠬᠥᠭᠡᠷᠬᠦ ᠦᠭᠡᠢ᠂ ᠠᠷᠢᠬᠢ ᠤᠤᠭᠤᠬᠤ ᠦᠭᠡᠢ᠂ ᠬᠡᠷᠡᠯᠳᠤᠵᠤ | ᠴᠤᠤᠭᠢᠯᠳᠤᠬᠤ ᠦᠭᠡᠢ᠂ ᠲᠣᠯᠢᠨ ᠳᠤ ᠪᠡᠶ᠎ᠡ ᠪᠠᠨ ᠬᠠᠷᠠᠬᠤ ᠦᠭᠡᠢ᠂ ᠮᠠᠯ ᠵᠠᠷᠤᠬᠤ ᠦᠭᠡᠢ ᠭᠡᠬᠦ ᠮᠡᠲᠤ ᠁ ᠪᠠᠰᠠ | 49 ᠬᠤᠨᠤ᠋ᠭ ᠲᠤᠨᠢ ᠡᠳᠤᠷ ᠠᠯᠠᠭᠠᠰᠯ ᠦᠭᠡᠢ ᠵᠤᠯᠠ ᠮᠠᠨᠳᠤᠭᠠᠵᠤ᠂ ᠠᠷᠴᠠ ᠤᠭᠢᠭᠤᠯᠳᠠᠭ᠃ ᠡᠨᠡ ᠨᠢ ᠴᠤᠬᠤᠮ | ᠶᠠᠮᠠᠷ ᠤᠴᠢᠷ ᠤᠳᠬ᠎ᠠ ᠲᠠᠢ ᠶᠤᠮ ᠪᠣᠢ ᠭᠡᠪᠡᠯ ᠬᠦᠮᠦᠨ ᠲᠠᠯᠠᠶᠢᠭᠴᠢ ᠪᠣᠯᠤᠮᠠᠭᠴᠠ ᠪᠡᠶᠡᠨ ᠠᠴᠠ ᠨᠢ ᠭᠤᠷᠪᠠᠨ | ᠰᠦᠨᠡᠰᠤ ᠵᠠᠳᠠᠷᠠᠳᠠᠭ᠃ ᠨᠢᠭᠡ ᠰᠦᠨᠡᠰᠤ ᠨᠢ ᠭᠡᠷ ᠢᠶᠠᠨ ᠰᠠᠬᠢᠵᠤ᠂ ᠨᠢᠭᠡ ᠰᠦᠨᠡᠰᠤ ᠨᠢ ᠬᠡᠭᠦᠷ ᠢᠶᠠᠨ ᠰᠠᠬᠢᠵᠤ᠂ | ᠨᠢᠭᠡ ᠰᠦᠨᠡᠰᠤ ᠨᠢ ᠲᠥᠷᠤᠯ ᠢᠶᠠᠨ ᠣᠯᠬᠤ ᠪᠠᠷ ᠳᠠᠷᠤᠢ ᠲᠡᠭᠷᠢ ᠳᠤ ᠭᠠᠷᠬᠤ ᠪᠠᠷ ᠶᠠᠪᠤᠳᠠᠭ᠃ ᠬᠡᠷᠪᠡ ᠴᠡᠭᠡᠷ ᠶᠣᠰᠤ | ᠪᠠᠨ ᠰᠠᠶᠢᠨ ᠬᠢᠬᠦ ᠦᠭᠡᠢ ᠪᠣᠯ ᠭᠡᠷ ᠲᠡᠭᠡᠨ ᠪᠠᠶᠢᠳᠠᠭ ᠰᠦᠨᠡᠰᠤ ᠨᠢ ᠭᠤᠮᠤᠳᠠᠵᠤ ᠭᠤᠮᠤᠳᠠᠯ ᠨᠡᠬᠡᠳᠡᠭ᠂ ᠠᠷᠴᠠᠨ ᠤ | ᠤᠲᠤᠭ᠎ᠠ ᠨᠢ ᠲᠡᠭᠷᠢ ᠳᠤ ᠭᠠᠷᠬᠤ ᠰᠦᠨᠡᠰᠤ ᠶᠢᠨ ᠬᠢᠨᠢ ᠵᠠᠮ ᠨᠢ ᠪᠣᠯᠵᠤ ᠵᠤᠯᠠ ᠨᠢ ᠵᠠᠮ ᠢ ᠨᠢ ᠭᠡᠷᠡᠯᠲᠦᠭᠦᠯᠦᠭᠴᠢ | ᠭᠡᠷᠡᠯ ᠭᠡᠭᠡ ᠪᠣᠯᠳᠠᠭ᠃ ᠲᠡᠭᠡᠭᠡᠳ ᠲᠡᠭᠷᠢ ᠳᠤ ᠣᠴᠢᠭᠰᠠᠨ ᠰᠦᠨᠡᠰᠤ ᠶᠢ ᠨᠢ 49 ᠬᠤᠨᠤᠭ ᠤᠨ ᠳᠠᠷᠠᠭ᠎ᠠ ᠥᠪᠡᠷ | ᠤᠨ ᠬᠢᠨᠢ ᠪᠤᠶᠠᠨ ᠨᠢᠭᠦᠯ ᠤᠨ ᠬᠡᠮᠵᠢᠶ᠎ᠡ ᠪᠠᠷ ᠨᠢ ᠰᠢᠭᠦᠵᠤ ᠲᠥᠷᠤᠯ ᠣᠯᠭᠤᠬᠤ ᠶᠢ ᠨᠢ ᠲᠣᠭᠲᠠᠭᠠᠳᠠᠭ᠃ ᠲᠥᠷᠤᠯ | ᠢᠶᠠᠨ ᠣᠯᠵᠤ ᠪᠠᠷᠠᠮᠠᠭᠴᠠ ᠡᠳᠡᠭᠡᠷ ᠰᠦᠨᠡᠰᠤ ᠨᠢ ᠪᠦᠭᠦᠳᠡᠭᠡᠷ ᠢᠶᠠᠨ ᠣᠯᠤᠭᠰᠠᠨ ᠲᠥᠷᠤᠯ ᠳᠡᠭᠡᠨ ᠪᠤᠴᠠᠳᠠᠭ᠃ | ᠦᠯᠡᠳᠡᠭᠰᠡᠨ ᠬᠦᠮᠦᠰ ᠨᠢ ᠴᠦ 49 ᠬᠤᠨᠤᠭ ᠤᠨ ᠳᠠᠷᠠᠭ᠎ᠠ ᠴᠡᠭᠡᠷ ᠬᠠᠷ᠎ᠠ ᠪᠠᠨ ᠲᠠᠶᠢᠯᠵᠤ ᠴᠠᠶᠢᠯᠠᠯᠭ᠎ᠠ | ᠬᠢᠳᠡᠭ᠃ ᠲᠠᠯᠠᠶᠢᠭᠴᠢ ᠶᠢᠨ ᠢᠶᠠᠨ ᠬᠤᠶᠢᠲᠤ ᠮᠥᠷ ᠢ ᠰᠠᠶᠢᠨ ᠬᠢᠬᠦ ᠦᠭᠡᠢ ᠪᠣᠯ ᠰᠦᠨᠡᠰᠤ ᠲᠥᠭᠡᠷᠢᠵᠤ ᠵᠠᠭᠤᠷᠠᠳᠤ | ᠶᠢᠨ ᠰᠦᠨᠡᠰᠤ ᠪᠣᠯᠳᠠᠭ᠃ ᠡᠨᠡᠬᠦ ᠴᠡᠭᠡᠷ ᠶᠣᠰᠤ ᠨᠢ ᠬᠡᠳᠦᠶᠢᠪᠡᠷ ᠣᠳᠣ ᠶᠢᠨ ᠬᠥᠮᠦᠰ ᠤᠨ ᠦᠵᠡᠯ ᠳᠤ ᠬᠡᠶᠢᠰᠪᠦᠷᠢ | ᠮᠡᠲᠤ ᠰᠠᠨᠠᠭᠳᠠᠵᠤ ᠪᠠᠶᠢᠪᠠᠴᠤ ᠲᠡᠷᠡ ᠨᠢ ᠲᠠᠯᠠᠶᠢᠭᠴᠢ ᠢᠶᠠᠨ ᠬᠦᠨᠳᠦᠳᠬᠡᠨ ᠬᠠᠶᠢᠷᠠᠯᠠᠬᠤ ᠵᠠᠩ ᠦᠢᠯᠡ ᠶᠢ ᠨᠢᠭᠡᠨ | ᠬᠡᠮᠵᠢᠶ᠎ᠡ ᠪᠠᠷ ᠬᠠᠷᠠᠭᠤᠯᠵᠤ ᠪᠠᠶᠢᠭ᠎ᠠ ᠶᠤᠮ᠃ ᠤᠤᠯ ᠨᠢ ᠬᠦᠮᠦᠨ ᠦᠬᠦᠯ᠎ᠡ ᠭᠡᠵᠤ ᠬᠡᠯᠡᠬᠦ ᠶᠢ ᠶᠡᠭᠡ ᠪᠠᠷ ᠴᠡᠭᠡᠷᠯᠡᠳᠡᠭ᠂ | ᠪᠤᠷᠬᠠᠨ ᠪᠣᠯᠤᠯ᠎ᠠ᠂ ᠲᠠᠯᠠᠶᠢᠭᠴᠢ ᠪᠣᠯᠣᠯ᠎ᠠ᠂ ᠥᠩᠭᠡᠷᠡᠴᠢᠬᠡᠯᠠ ᠭᠡᠵᠤ ᠬᠡᠯᠡᠳᠡᠭ᠂ ᠬᠠᠷᠢᠨ ᠣᠳᠣ ᠶᠢᠨ ᠬᠥᠮᠦᠰ ᠤᠨ | ᠶᠡᠬᠡᠩᠭᠢ ᠨᠢ ᠲᠡᠷᠡ ᠦᠬᠦᠴᠢᠬᠡᠵᠤ ᠭᠡᠨ᠎ᠡ᠂ ᠡᠨᠡ ᠦᠬᠦᠴᠢᠬᠡᠯ᠎ᠡ ᠯᠡ ᠭᠡᠵᠤ ᠶᠠᠷᠢᠬᠤ ᠪᠣᠯᠤᠭᠠᠳ ᠪᠠᠶᠢᠨ᠎ᠠ᠃ | ᠤᠬᠠᠭᠠᠨ ᠳᠠᠭᠠᠨ ᠬᠦᠮᠦᠨ ᠢ ᠬᠦᠨᠳᠦᠯᠡᠬᠦ ᠰᠠᠶᠢᠬᠠᠨ ᠵᠠᠩ ᠳᠠᠳᠭᠠᠯ ᠮᠢᠨᠢ ᠢᠪᠴᠢᠭᠦᠷᠡᠵᠤ ᠪᠠᠶᠢᠭ᠎ᠠ ᠶᠢᠨ ᠢᠯᠡᠷᠡᠯ | ᠪᠣᠯᠬᠤ ᠨᠢ ᠡ ᠁ |