ᠪᠠᠭᠰᠢ  ᠱᠠᠪᠢ ᠶᠢᠨ ᠪᠠᠷᠢᠯᠳᠣᠯᠭ᠎ᠠ ᠶᠢᠨ ᠶᠣᠰᠣᠨ
ᠨᠡᠶᠢᠲᠡᠯᠡᠭᠰᠡᠨ ᠴᠠᠭ᠄
2018/3/29
         ᠪᠠᠭᠰᠢ  ᠱᠠᠪᠢ ᠶᠢᠨ ᠪᠠᠷᠢᠯᠳᠣᠯᠭ᠎ᠠ ᠶᠢᠨ ᠶᠣᠰᠣᠨ       ᠡᠷᠲᠡᠮᠳᠤ ᠪᠠᠭᠰᠢ ᠠᠴᠠ ᠨᠤᠮ ᠤᠨ ᠤᠪᠢᠳᠠᠰ ᠢ ᠰᠤᠷᠳᠠᠭ᠂ ᠪᠠᠭᠰᠢ ᠨᠢ ᠴᠤ ᠱᠠᠪᠢ ᠪᠠᠨ ᠡᠨᠡᠷᠡᠨ ᠬᠠᠶᠢᠷᠠᠯᠠᠵᠥ᠂ ᠡᠴᠢᠬᠡ ᠶᠢᠨ ᠤᠷᠤᠨ ᠳᠤ ᠡᠴᠢᠬᠡ᠂ ᠡᠬᠡ ᠶᠢᠨ ᠤᠷᠤᠨ ᠳᠤ ᠡᠬᠡ ᠪᠤᠯᠳᠠᠭ ᠭᠡᠳᠡᠭ᠂ ᠪᠠᠭᠰᠢ ᠱᠠᠪᠢ  ᠶᠢᠨ ᠪᠠᠷᠢᠯᠳᠤᠭᠠᠨ ᠤ ᠶᠤᠰᠤ ᠶᠢ ᠦᠬᠦᠯᠡᠭᠰᠡᠨ ᠲᠦᠪᠡᠳ᠂ ᠮᠤᠩᠭᠤᠯ ᠬᠡᠯᠨ ᠪᠠᠷ ᠪᠢᠴᠢᠭᠰᠡᠨ ᠤᠯᠠᠨ ᠪᠦᠳᠥᠭᠡᠯ ᠪᠤᠢ᠃       ᠯᠠᠮᠨ ᠪᠠᠭᠰᠢ ᠳᠤ ᠱᠠᠪᠢ ᠤᠷᠤᠬᠤ ᠳᠠᠭᠠᠨ ᠵᠤᠯᠨ᠂ ᠬᠦᠵᠢ᠂ ᠬᠠᠳᠠᠭ ᠪᠠᠷᠢᠳᠠᠭ ᠠᠵᠡᠢ᠂ ᠵᠤᠯᠨ ᠪᠠᠷᠢᠳᠠᠭ ᠤᠴᠢᠳᠠᠭ ᠤᠨ ᠤᠴᠢᠷ ᠨᠢ ᠮᠤᠩᠬᠠᠭ ᠬᠠᠷᠠᠩᠬᠤᠢ ᠶᠢᠨ ᠪᠠᠨ ᠲᠤᠶᠢᠯ ᠢ ᠯᠠᠮᠨ ᠪᠠᠭᠰᠢ ᠪᠠᠷ ᠭᠡᠷᠡᠯᠳᠡᠭᠦᠯᠵᠥ ᠶᠠᠪᠤᠬᠤ ᠭᠡᠰᠡᠨ ᠤ ᠪᠡᠯᠭᠡᠳᠡᠯ᠂ ᠬᠦᠵᠢ ᠪᠠᠷᠢᠵᠥ ᠤᠴᠢᠳᠠᠭ ᠤᠨ ᠤᠴᠢᠷ ᠨᠢ ᠯᠠᠮᠨ ᠪᠠᠭᠰᠢ ᠠᠴᠠ ᠠᠷᠢᠭᠤᠨ ᠲᠠᠩᠰᠤᠭ ᠦᠨᠥᠷ ᠦᠨᠥᠷᠳᠥᠵᠥ ᠪᠠᠶᠢᠨ᠎ᠠ ᠭᠡᠰᠡᠨ ᠤ ᠬᠢ᠂ ᠬᠠᠳᠠᠭ ᠪᠠᠷᠢᠳᠠᠭ ᠨᠢ ᠡᠩᠬᠡ ᠠᠮᠤᠭᠤᠯᠠᠩ ᠪᠠᠶᠢᠬᠤ ᠶᠢᠨ ᠶᠤᠰᠤ᠃       ᠱᠠᠪᠢ ᠨᠢ ᠪᠠᠭᠰᠢ ᠶᠢᠨ ᠪᠠᠨ ᠲᠡᠷᠭᠡᠳᠡ ᠴᠤ ᠨᠠᠷᠢᠨ ᠲᠢᠭ ᠶᠤᠰᠤ ᠶᠢ ᠰᠠᠬᠢᠳᠠᠭ ᠨᠤᠮ ᠲᠠᠢ᠂ ᠯᠠᠮᠨ ᠪᠠᠭᠰᠢ  ᠶᠢᠨ ᠪᠠᠨ ᠬᠡᠯᠡᠭᠰᠡᠨ ᠢ ᠡᠷᠲᠡᠮ ᠤᠨ ᠬᠤᠷ᠎ᠠ ᠪᠠᠭᠤᠯᠭᠠᠵᠥ ᠪᠠᠶᠢᠨ᠎ᠠ ᠭᠡᠵᠥ ᠪᠢᠰᠢᠷᠡᠵᠥ᠂ ᠦᠬᠡ ᠨᠢ ᠲᠠᠭᠠᠳᠠᠭ ᠶᠤᠰᠤᠲᠠᠢ᠂ ᠦᠨᠳᠥᠷ ᠲᠡᠭᠡᠳᠥ ᠰᠠᠭᠤᠳᠠᠯ ᠳᠤ ᠰᠠᠭᠤᠬᠤ ᠤᠴᠢᠷ ᠦᠭᠡᠢ᠂ ᠨᠤᠮ ᠢᠶᠠᠨ ᠭ᠊ ᠬᠢᠴᠢᠶᠡᠩᠬᠦᠶᠢᠯᠡᠨ ᠦᠵᠡᠵᠥ ᠪᠢᠰᠢᠯᠭᠠᠬᠤ ᠶᠤᠰᠤᠲᠠᠢ᠂ ᠪᠤᠷᠬᠠᠨ ᠤ ᠨᠤᠮ ᠦᠵᠡᠵᠥ ᠪᠠᠶᠢᠭ᠎ᠠ ᠬᠦᠮᠥᠨ ᠠᠷᠢᠭᠤᠨ ᠨᠢᠩᠵᠢᠨ ᠰᠡᠳᠬᠢᠯ ᠲᠠᠢ ᠪᠠᠶᠢᠳᠠᠭ ᠤᠴᠢᠷᠲᠠᠢ᠂ ᠬᠤᠯᠤᠭᠠᠨ᠎ᠠ᠂ ᠰᠢᠷᠭᠤᠯᠵᠢ ᠬᠦᠶᠥᠯᠳᠡᠵᠥ ᠪᠠᠶᠢᠬᠤ ᠳᠤ ᠰᠠᠬᠢᠯ ᠬᠦᠷᠳᠡᠭᠰᠡᠨ ᠬᠦᠮᠥᠨ ᠳᠤ ᠠᠯᠠᠬᠤ ᠭᠡᠳᠡᠭ ᠰᠠᠨᠠᠭ᠎ᠠ ᠲᠦᠷᠥᠬᠦ ᠶᠤᠰᠤ ᠦᠭᠡᠢ᠃       ᠪᠠᠭᠰᠢ ᠨᠢ ᠱᠠᠪᠢ ᠪᠠᠨ ᠬᠠᠶᠢᠷᠠᠯᠠᠨ ᠬᠠᠮᠠᠭᠠᠯᠠᠳᠠᠭ ᠶᠤᠮ᠂ ᠪᠠᠭᠰᠢ ᠯᠠᠮᠨ ᠱᠠᠪᠢ ᠪᠠᠨ ᠰᠠᠨᠠᠭᠠᠨ ᠳᠤ ᠦᠭᠡᠢ ᠨᠢᠬᠦᠯ ᠬᠢᠭᠡᠳ ᠲᠠᠮᠤ ᠶᠢᠨ ᠤᠷᠤᠨ ᠳᠤ ᠤᠷᠤᠴᠢᠬᠠᠭᠰᠠᠨ ᠪᠠᠶᠢᠬᠤ ᠳᠤ ᠦᠪᠡᠷ ᠢᠶᠠᠨ ᠰᠢᠳᠠᠭᠠᠨ ᠪᠠᠶᠢᠵᠥ ᠭᠠᠷᠭᠠᠵᠥ ᠠᠪᠳᠠᠭ ᠶᠤᠰᠤᠲᠠᠢ᠃      ᠱᠠᠪᠢ ᠨᠢ ᠯᠠᠮᠨ ᠪᠠᠭᠰᠢ ᠶᠢᠨ ᠪᠠᠨ ᠨᠡᠷ᠎ᠡ ᠶᠢ ᠬᠡᠯᠡᠬᠦ ᠠᠴᠠ ᠴᠡᠭᠡᠷᠡᠯᠡᠳᠡᠭ᠂ ᠠᠩᠬ᠎ᠠ ᠱᠠᠪᠢ ᠤᠷᠤᠬᠤ ᠳᠠᠭᠠᠨ ᠡᠬᠢᠯᠡᠭᠡᠳ ᠯᠠᠮᠨ ᠪᠠᠭᠰᠢ ᠳᠠᠭᠠᠨ᠂ ᠲᠠᠷᠠᠭ᠎ᠠ ᠨᠢ ᠪᠤᠷᠬᠠᠨ ᠳᠤᠨᠢ ᠭᠤᠷᠪᠠ ᠭᠤᠷᠪᠠᠨ ᠤᠳᠠᠭ᠎ᠠ ᠮᠦᠷᠬᠦᠳᠡᠭ ᠵᠠᠩᠰᠢᠯᠲᠠᠢ      ᠮᠤᠩᠭᠤᠯᠴᠤᠳ ᠡᠷᠲᠡ ᠲᠡᠭᠡᠷ᠎ᠡ ᠴᠠᠭ ᠠᠴᠠ ᠨᠤᠮ ᠤᠨ ᠪᠠᠭᠰᠢ ᠪᠠᠨ ︿︿ᠭᠤᠴᠢᠨ ᠴᠠᠭᠠᠨ ᠦᠰᠥᠭ ᠵᠢᠭᠠᠭᠰᠠᠨ ᠠᠴᠢᠳᠠᠨ ᠬᠡᠮᠡᠨ ᠲᠡᠭᠡᠳᠥᠯᠡᠭᠰᠡᠭᠡᠷ ᠢᠷᠡᠵᠡᠢ᠂ ᠶᠡᠷᠥ ᠠᠴᠠ ᠪᠠᠭᠰᠢ ᠬᠦᠮᠥᠨ ᠢ ᠬᠡᠨ ᠬᠡᠮᠡᠪᠡᠰᠥ ᠨᠢᠭᠡᠨ ᠦᠰᠥᠭ ᠤᠨ ᠠᠴᠠᠭ ᠵᠢᠭᠠᠭᠰᠠᠨ ᠴᠤ ᠲᠡᠬᠦᠨ ᠢᠶᠠᠨ ᠨᠤᠮ ᠤᠨ ᠪᠤᠶᠠᠨ ᠬᠦᠷᠳᠡᠭᠡᠭᠰᠡᠨ ᠠᠴᠢᠳᠠᠨ ᠬᠡᠮᠡᠨ ᠲᠡᠭᠡᠳᠥᠯᠡᠳᠡᠭ ᠠᠪᠠᠢ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号