ᠮᠣᠩᠭᠤᠯᠴᠤᠳ ᠴᠠᠭᠠᠨ ᠦᠩᠬᠡ ᠶᠢ ᠡᠷᠬᠢᠮᠯᠡᠳᠡᠭ ᠤᠨ ᠣᠴᠢᠷ
ᠨᠡᠶᠢᠲᠡᠯᠡᠭᠰᠡᠨ ᠴᠠᠭ᠄
2018/3/29
      ᠮᠣᠩᠭᠤᠯᠴᠤᠳ ᠴᠠᠭᠠᠨ ᠦᠩᠬᠡ ᠶᠢ ᠡᠷᠬᠢᠮᠯᠡᠳᠡᠭ ᠤᠨ ᠣᠴᠢᠷ       ᠡᠷᠳᠡ ᠣᠷᠢᠳᠣ ᠴᠠᠭ ᠲᠤ ᠦᠷᠭᠡᠨ ᠠᠭᠤᠳᠠᠮ ᠲᠠᠯ᠎ᠠ ᠨᠣᠳᠤᠭ ᠤᠨ ᠦᠨᠳᠡᠭᠡᠨ ᠴᠠᠭᠠᠨ ᠬᠡᠷ ᠲᠠᠬᠢ ᠮᠣᠩᠭᠤᠯ ᠪᠦᠰᠡᠬᠦᠢ᠂ ᠦᠷ᠎ᠡ ᠶᠢᠨ ᠬᠤᠳᠤᠭ ᠢ ᠣᠯᠵᠣ ᠵᠢᠷᠮᠣᠰᠣᠯᠡᠭᠡᠳ ᠬᠤᠴᠢᠯᠭ᠎ᠠ ᠲᠣᠷᠠᠰᠣᠨ ᠡᠬᠦᠰᠭᠡᠬᠦ ᠳᠡᠭᠡᠨ ᠦᠶ᠎ᠡ ᠴᠠᠭᠠᠨ ᠡᠪᠡᠰᠣ ᠲᠠᠪᠢᠰᠴᠣ ᠦᠪᠡᠷ ᠤᠨ ᠨᠢᠯᠬ᠎ᠠ ᠪᠠᠨ ᠬᠦᠡᠭᠭᠡᠵᠢᠳᠡᠭ ᠬᠡᠨ᠎ᠡ᠃        ᠦᠶ᠎ᠡ ᠴᠠᠭᠠᠨ ᠡᠪᠡᠰᠣᠨ ᠲᠡᠭᠡᠷ᠎ᠡ ᠬᠦᠡᠭᠭᠡᠵᠢᠬᠦ ᠶᠢ ᠡᠷᠬᠢᠮᠯᠡᠳᠡᠭ ᠨᠢ ᠦᠷ᠎ᠡ ᠶᠢᠨ ᠦᠷ᠎ᠡ᠂ ᠠᠴᠢ ᠶᠢᠨ ᠠᠴᠢ ᠳᠤ ᠦᠨᠳᠣᠰᠣ ᠭᠤᠯᠣᠳᠠ ᠵᠠᠯᠭᠠᠮᠵᠢᠯᠠᠬᠤ ᠶᠢ ᠵᠦᠡᠭᠨᠡᠨ ᠪᠡᠯᠬᠡᠳᠡᠭᠰᠡᠨ ᠣᠴᠢᠷ ᠪᠣᠶᠣ᠃ ᠰᠢᠨᠡᠬᠡᠨ ᠬᠤᠷᠢᠮᠯᠠᠭᠰᠠᠨ ᠬᠤᠣᠰ ᠬᠤᠣᠰ ᠵᠠᠯᠠᠭᠤ ᠡᠷᠡᠭᠲᠠᠢ ᠡᠮᠡᠭᠲᠠᠢ᠂ ᠰᠢᠨ᠎ᠡ ᠵᠢᠯ ᠴᠠᠭᠠᠨ ᠰᠠᠷ᠎ᠠ ᠳᠤ ᠴᠠᠭᠠᠳᠠᠢ ᠨᠠᠭᠠᠳᠠᠢ ᠠᠶᠢᠯ ᠢᠶᠠᠷ ᠢᠶᠠᠨ ᠴᠠᠭᠠᠯᠠᠵᠣ ᠶᠠᠪᠣᠳᠠᠭ᠃ ᠠᠰᠪᠣᠷᠢ ᠴᠠᠭᠠᠪᠣᠷ ᠵᠠᠩ ᠲᠠᠢ ᠠᠶᠢᠯ ᠤᠨ ᠠᠬᠠᠰ ᠨᠢ ︽ᠪᠣᠬᠠᠨ ᠴᠠᠭᠠᠨ ᠬᠦᠣ ᠲᠠᠢ ᠪᠣᠯᠣᠭᠠᠷᠠᠢ᠂ ᠪᠣᠯᠪᠠᠷᠡᠢ ᠴᠠᠭᠠᠨ ᠬᠡᠣᠭᠡᠨ ᠲᠠᠢ ᠪᠣᠯᠣᠭᠠᠷᠠᠢ︾ ᠬᠡᠵᠣ ᠢᠷᠣᠭᠡᠳᠡᠭ ᠪᠠᠶᠢᠨ᠎ᠠ᠃ ᠲᠣᠷᠨᠢᠭᠤᠯᠵᠣ ᠦᠰᠬᠡᠭᠰᠡᠨ ᠬᠡᠣᠭᠡᠳ ᠤᠨ ᠬᠢᠨᠢ ᠲᠦᠷᠦᠭᠰᠡᠨ ᠣᠢ ᠪᠣᠯᠪᠠᠯ ᠲᠡᠬᠦᠨ ᠤ ᠮᠠᠩᠨᠠᠢ ᠶᠢ ᠴᠠᠭᠠᠨ ᠰᠦ ᠪᠠᠷ ᠮᠢᠯᠢᠶᠠᠳᠠᠭ᠃ ᠦᠷ᠎ᠡ ᠬᠦᠣ ᠨᠢ ᠦᠰᠣᠭᠡᠳ ᠡᠷ᠎ᠡ ᠴᠡᠷᠢᠭ ᠲᠤ ᠮᠣᠷᠳᠠᠪᠠᠯ ᠦᠰᠭᠡᠭᠰᠡᠨ ᠡᠵᠢ ᠨᠢ ᠲᠡᠬᠦᠨ ᠤ ᠬᠤᠶᠢᠨ᠎ᠠ ᠠᠴᠠ ᠴᠠᠭᠠᠨ ᠰᠦ ᠰᠠᠴᠣᠨ ᠡᠷᠡᠯᠳᠡᠢ ᠰᠢᠭ ᠪᠠᠭᠠᠳᠣᠷ ᠪᠣᠯᠵᠣ ᠡᠰᠡᠨ ᠮᠡᠨᠳᠣ ᠪᠠᠷ ᠪᠣᠴᠠᠵᠣ ᠢᠷᠡᠬᠦ ᠶᠢ ᠨᠢ ᠵᠦᠡᠭᠨᠡᠳᠡᠭ᠃ ︽ᠮᠣᠩᠭᠤᠯ ᠡᠬᠡ ᠶᠢᠨ ᠠᠷᠢᠭᠤᠨ ᠴᠠᠭᠠᠨ ᠰᠦᠨ ᠢ ᠰᠢᠮᠡᠵᠣ ᠦᠰᠦᠭᠰᠡᠨ ᠤ ᠬᠠᠷᠢᠭᠤ ᠳᠤ ᠮᠣᠩᠭᠤᠯ ᠪᠠᠭᠠᠳᠣᠷ ᠤᠨ ᠠᠷᠢᠭᠤᠨ ᠣᠯᠠᠭᠠᠨ ᠴᠢᠰᠣ ᠣᠷᠣᠰᠬᠠᠬᠤ ᠠᠴᠠ ᠪᠣᠣ ᠰᠢᠨᠳᠠᠷᠠ︾ ᠠᠭᠤᠣ ᠶᠡᠭᠡ ᠣᠳᠬ᠎ᠠ ᠴᠢᠨᠠᠷ  ᠲᠠᠢ ᠪᠠᠶᠢᠳᠠᠭ᠃ ᠬᠡᠣᠭᠡᠨ ᠦᠷ᠎ᠡ ᠨᠢ ᠦᠬᠡᠯᠠᠢ ᠪᠣᠯᠣᠭᠠᠳ ᠬᠦᠮᠣᠨ ᠤ ᠭᠠᠵᠠᠷ ᠲᠤ ᠬᠠᠷᠢᠯᠠᠪᠠᠯ ᠬᠦᠷᠭᠡᠨ ᠤ ᠲᠠᠯ᠎ᠠ  ᠠᠴᠠ ᠬᠡᠣᠭᠡᠨ ᠤ ᠲᠠᠯ᠎ᠠ ᠳᠤ ᠶᠢᠰᠣᠨ ᠴᠠᠭᠠᠨ ᠪᠡᠯᠡᠩ ᠬᠦᠷᠭᠡᠳᠡᠭ᠃        ᠡᠷᠳᠡ ᠡᠳᠣᠭᠡ ᠶᠢᠨ ᠮᠣᠩᠭᠤᠯᠴᠣᠳ ᠬᠡᠣᠭᠡᠳ ᠲᠡᠭᠡᠨ ᠨᠡᠷ᠎ᠡ ᠦᠭᠬᠦ ᠳᠡᠭᠡᠨ ︽ᠴᠠᠭᠠᠨᠮᠦ᠋ᠷ᠂ ᠴᠠᠭᠠᠨᠪᠢᠯᠢᠭ᠌ ᠂ ᠴᠠᠭᠠᠨᠪᠠᠷᠰ᠂ ᠴᠠᠭᠠᠨᠴᠢᠯᠠᠬᠤ᠂ ᠴᠠᠭᠠᠨᠬᠠᠳᠠ᠂ ᠴᠠᠭᠠᠠᠠᠷᠠᠰᠯᠠᠨ᠂ ᠴᠠᠭᠠᠨᠰᠢᠪᠠᠭᠤ᠂ ᠴᠠᠭᠠᠨᠬᠦ᠋ᠣ᠂ ᠴᠠᠭᠠᠨᠵᠠᠮ᠂ ᠴᠠᠭᠠᠨᠵᠠᠭᠠᠨ᠂ ᠴᠠᠭᠠᠨᠬᠡᠣᠬᠡᠨ᠂ ᠴᠠᠭᠠᠨᠴᠡᠴᠡᠭ᠂ ᠴᠠᠭᠠᠨᠯᠢᠩᠬᠤᠸ᠎ᠠ᠂ ᠴᠠᠭᠠᠨᠬᠤᠸᠠᠷ᠂ ᠪᠠᠳᠣᠴᠠᠭᠠᠨ᠂ ᠪᠣᠳᠢᠴᠠᠭᠠᠨ᠂ ᠪᠠᠶᠠᠨᠴᠠᠭᠠᠨ᠂ ᠁︾ ᠵᠡᠷᠭᠡ ᠪᠠᠷ ᠬᠠᠶᠢᠷᠠᠯᠠᠳᠠᠭ᠃ ᠮᠣᠩᠭᠤᠯᠴᠣᠳ ᠤᠨ ᠭᠠᠵᠠᠷ ᠣᠰᠣᠨ ᠤ ᠨᠡᠷᠡᠶᠢᠳᠣᠯ ᠳᠤ ︽ᠰᠢᠯᠣᠭᠤᠨ ᠴᠠᠭᠠᠨ᠂ ᠴᠠᠭᠠᠨᠨᠠᠭᠤᠷ᠂ ᠴᠠᠭᠠᠨᠪᠣᠯᠠᠭ᠂ ᠴᠠᠭᠠᠨᠴᠢᠯᠠᠭᠤ᠂ ᠴᠠᠭᠠᠨᠪᠣᠬ᠎ᠠ᠂ ᠴᠠᠭᠠᠨᠬᠤᠭᠤᠯᠠᠢ᠂ ᠴᠠᠭᠠᠨᠳᠣᠯᠣᠭᠠᠢ᠂ ᠴᠠᠭᠠᠨᠬᠠᠳᠠ ᠁︾ ᠵᠡᠷᠭᠡ ᠪᠠᠶᠢᠳᠠᠭ᠃ ᠡᠬᠦᠨ ᠠᠴᠠ ᠦᠵᠡᠪᠡᠯ ᠮᠣᠩᠭᠤᠯᠴᠣᠳ ᠴᠠᠭᠠᠨ ᠦᠡᠭᠭᠡ ᠶᠢᠨ ᠰᠣᠶᠣᠯ ᠢ ᠡᠷᠬᠢᠮᠯᠡᠨ ᠲᠡᠭᠡᠳᠣᠯᠡᠳᠡᠭ ᠦᠨᠳᠣᠰᠣᠳᠡᠨ ᠪᠢᠯᠡ᠃ ᠠᠷᠢᠭᠤᠨ ᠴᠠᠭᠠᠨ ᠦᠡᠭᠭᠡ ᠪᠣᠯ ᠠᠵᠠ ᠵᠢᠷᠭᠠᠯ ᠲᠠᠢ ᠵᠦᠡᠭᠨᠡᠵᠣ ᠯᠡ ᠶᠠᠪᠣᠳᠠᠭ ᠣᠴᠢᠷ ᠠᠴᠠ ᠮᠣᠩᠭᠤᠯᠴᠣᠳ ᠤᠨ ᠠᠶᠣᠣᠯᠢᠬᠠᠢ ᠴᠡᠭᠡᠵᠢᠨ ᠳᠡᠭᠡᠨ ᠬᠦᠰᠡᠮᠵᠢᠯᠡᠳᠡᠭ ᠠᠯᠢᠪᠠ ᠰᠠᠶᠢᠨ ᠰᠠᠶᠢᠬᠠᠨ ᠤ ᠬᠢᠨᠢ ᠪᠡᠯᠭᠡ ᠲᠡᠮᠳᠡᠭ ᠪᠣᠯᠳᠠᠭ᠃ ᠮᠣᠩᠭᠤᠯᠴᠣᠳ ᠤᠨ ᠠᠵᠣ ᠠᠮᠢᠳᠣᠷᠠᠯ ᠳᠤ ᠪᠢᠰᠢᠬᠦᠢ ᠣᠯᠠᠨ ︽ᠴᠠᠭᠠᠨ︾ ᠲᠠᠢ ᠶᠣᠮ᠃       ᠮᠣᠩᠭᠤᠯᠴᠣᠳ ᠮᠣᠩᠭᠤᠯ ᠤᠨ ᠠᠪᠢᠶ᠎ᠠ ᠪᠠᠨ ︽ᠴᠠᠭᠠᠨ ᠲᠣᠯᠣᠭᠠᠢ︾ ᠭᠡᠵᠣ ᠦᠰᠦᠭ ᠪᠢᠴᠢᠭ ᠢᠶᠠᠨ ᠲᠡᠭᠡᠵᠢᠯᠡᠳᠡᠭ᠃ ᠮᠣᠩᠭᠤᠯ ᠬᠡᠷ ᠤᠨ ᠪᠦᠷᠢᠶᠡᠰᠣ ᠨᠢ ᠴᠠᠭᠠᠨ᠂ ᠦᠷᠭᠡᠨ ᠲᠠᠯ᠎ᠠ ᠪᠠᠷ ᠢᠳᠡᠰᠢᠯᠡᠬᠦ ᠬᠤᠨᠢᠳ ᠤᠨ ᠵᠢᠰᠣᠮ ᠨᠢ ᠴᠠᠭᠠᠨ᠂ ᠦᠨᠢᠶᠡᠨ ᠰᠦ ᠨᠢ ᠴᠠᠭᠠᠨ᠂ ᠵᠦᠬᠡᠬᠡᠢ ᠨᠢ ᠴᠠᠭᠠᠨ᠂ ᠬᠤᠷᠣᠳ ᠨᠢ ᠴᠠᠭᠠᠨ ᠲᠠᠷᠠᠭ ᠨᠢ ᠴᠠᠭᠠᠨ᠂ ᠴᠡᠭᠡ ᠨᠢ ᠴᠠᠭᠠᠨ ᠪᠠᠶᠢᠳᠠᠭ᠃ ᠴᠠᠭᠠᠨ ᠢᠳᠡᠭᠡ ᠶᠢ ᠴᠠᠭᠯᠠᠰᠢ ᠦᠬᠡᠢ ᠡᠨᠡ ᠲᠠᠭᠠᠰᠢᠶᠠᠯ ᠨᠢ ᠭᠠᠳᠠᠭᠰᠢ  ᠪᠠᠨ ᠣᠯᠠᠷᠢᠵᠣ ᠲᠣᠳᠣᠭᠰᠢ ᠪᠠᠨ ᠨᠡᠪᠳᠡᠷᠡᠭᠡᠳ ᠮᠣᠩᠭᠤᠯᠴᠣᠳ ᠢ ᠬᠤᠣᠷ ᠦᠬᠡᠢ ᠠᠰᠪᠣᠷ ᠰᠢᠯᠣᠭᠤᠨ ᠰᠦ ᠴᠠᠭᠠᠨ ᠰᠡᠳᠬᠢᠯᠳᠡᠨ ᠪᠣᠯᠭᠠᠭᠰᠠᠨ ᠶᠣᠮ᠃ ᠮᠣᠩᠭᠤᠯ ᠬᠦᠮᠣᠨ ︽ᠴᠠᠭᠠᠨ ᠪᠣᠶᠠᠨ︾ ︽ᠴᠠᠭᠠᠨ ᠮᠦᠷ︾ ᠢ ᠡᠷᠬᠢᠮᠯᠡᠳᠡᠭ᠃ ᠨᠡᠩ ᠲᠣᠷᠠᠳᠣᠭᠤᠰᠢᠲᠠᠢ ᠨᠢ᠂ ᠮᠣᠩᠭᠤᠯ ᠦᠨᠳᠣᠰᠣᠳᠡᠨ ᠤ ᠲᠡᠣᠭᠡᠨ ᠲᠣᠯᠭᠤᠷ ᠪᠢᠴᠢᠭ ︽ᠨᠢᠭᠤᠴᠡ ᠲᠣᠪᠴᠢᠶᠠᠨ︾ ᠳᠤ᠄ ︽ᠢᠰᠡᠭᠡᠢ ᠲᠣᠭᠤᠷᠭᠠᠳᠠᠨ ᠣᠯᠣᠰ ᠡᠭᠭᠡ ᠰᠢᠳᠣᠷᠭᠤ ᠪᠣᠯᠵᠣ᠂ ᠪᠠᠷᠰ ᠵᠢᠯ ︵1206 ᠣᠨ︶ ᠣᠨᠣᠮ ᠮᠦᠷᠡᠨ ᠤ ᠡᠬᠢᠨ ᠳᠤ ᠬᠤᠷᠠᠯᠳᠣᠵᠣ᠂ ᠶᠢᠰᠣᠨ ᠬᠦᠬᠦᠯᠳᠣ ᠴᠠᠭᠠᠨ ᠲᠤᠭ ᠢᠶᠠᠨ ᠮᠠᠨᠳᠣᠭᠤᠯᠣᠭᠠᠳ ᠲᠠᠮᠣᠵᠢᠨ ᠳᠤ ᠴᠢᠩᠬᠢᠰ ᠬᠠᠭᠠᠨ ᠴᠣᠯᠠ ᠶᠢ ᠡᠷᠬᠦᠪᠡ︾ ᠬᠡᠵᠣ ᠲᠡᠮᠳᠡᠭᠯᠡᠵᠣ ᠪᠣᠢ᠃ ᠵᠠᠷᠢᠮ ᠲᠡᠣᠭᠡᠨ ᠨᠣᠮ ᠪᠢᠴᠢᠭ ᠲᠤ ︽ᠶᠢᠰᠣᠨ ᠴᠠᠭᠠᠨ ᠲᠤᠭ᠂ ᠶᠢᠰᠣᠨ ᠬᠦᠬᠦᠯᠳᠣ ᠴᠠᠭᠠᠨ ᠲᠤᠭ᠂ ᠶᠢᠰᠣᠨ ᠲᠤᠭ᠂ ᠰᠠᠷᠯᠤᠭ ᠤᠨ ᠰᠠᠪᠠ ᠪᠠᠷ ᠦᠢᠯᠡᠳᠣᠭᠰᠡᠨ ᠴᠠᠭᠠᠨ ᠲᠤᠭ︾ ᠬᠡᠬᠦᠴᠢᠯᠠᠨ ᠲᠡᠮᠳᠡᠭᠯᠡᠵᠣ ᠪᠠᠶᠢᠨ᠎ᠠ᠃ ᠪᠢᠳᠡ ᠮᠣᠩᠭᠤᠯ ᠤᠨ ᠰᠡᠳᠬᠢᠬᠦᠢ ᠪᠣᠳᠣᠯ ᠰᠢᠵᠢᠮ ᠢᠶᠠᠨ ᠲᠡᠯᠬᠡᠪᠡᠯ᠂ ᠬᠦᠬᠡ ᠲᠡᠭᠷᠢ᠂ ᠴᠠᠭᠠᠨ ᠡᠬᠦᠯᠡᠰ ᠤᠨ ᠲᠣᠣᠭᠤᠷ ᠨᠠᠮᠢᠷᠠᠨ ᠬᠡᠶᠢᠰᠬᠦ ᠶᠢᠰᠣᠨ ᠬᠦᠬᠦᠯᠳᠣ ᠴᠠᠭᠠᠨ ᠲᠤᠭ  ᠨᠢ ᠶᠢᠰᠣᠭᠡᠢ ᠲᠣᠭᠤᠷᠭᠠᠳᠠᠨ ᠬᠦᠬᠡ ᠮᠡᠩᠭᠡᠳᠡᠨ ᠤ ᠣᠶᠣᠨ ᠣᠬᠠᠭᠠᠨ ᠤ ᠪᠡᠯᠭᠡᠳᠡᠯ ᠬᠡᠵᠣ ᠪᠣᠳᠣᠭᠳᠠᠨᠠᠮ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号