ᠮᠡᠨᠳᠦᠴᠢᠯᠡᠬᠦ ᠶᠣᠰᠣᠨ | | ᠮᠣᠩᠭᠤᠯᠴᠣᠳ ᠡᠷᠳᠡ ᠲᠡᠭᠡᠳᠣᠰ ᠠᠴᠠ ᠪᠠᠨ ᠠᠪᠣᠭᠠᠳ ᠠᠭᠤᠯᠵᠠᠭᠰᠠᠨ ᠪᠦᠬᠦᠳᠡ ᠲᠠᠢ ᠬᠠᠮᠢᠭ᠎ᠠ ᠴᠣ᠋ | ᠬᠡᠰᠡᠨ ᠵᠠᠪᠠᠯ ︿ᠠᠮᠣᠷ ᠮᠡᠳᠣ﹀ ᠮᠡᠳᠡᠳᠡᠭ ᠶᠣᠰᠣ ᠵᠠᠩᠰᠢᠯ ᠲᠠᠢ ︿ᠠᠮᠣᠷ ᠮᠠᠨᠳᠣ﹀ ᠮᠡᠳᠡᠳᠡᠭ ᠶᠣᠰᠣ ᠵᠠᠩᠰᠢᠯ ᠲᠠᠢ | ᠪᠣᠯᠪᠠᠰᠣᠨ ᠦᠨᠳᠣᠰᠣᠳᠠᠨ ᠶᠣᠮ᠃ ᠨᠡᠩ ᠴᠢᠨᠠᠭᠰᠢᠯᠠᠭᠠᠳ ᠮᠣᠩᠭᠤᠯ ᠬᠦᠮᠦᠨ ᠶᠠᠭᠤᠨ ᠤ ᠣᠷᠢᠳ ᠶᠠᠭᠤᠮ᠎ᠠ | ᠪᠦᠬᠦᠨ ᠤ ᠰᠠᠶᠢᠨ ᠰᠠᠶᠢᠬᠠᠨ ᠢ ᠵᠦᠩᠨᠡᠨ ᠪᠡᠯᠭᠡᠳᠡᠳᠡᠭ ᠪᠣᠶᠣ ᠬᠦᠰᠡᠨ ᠢᠷᠦᠭᠡᠳᠡᠭ ᠨᠢ ᠶᠠᠮᠠᠷ ᠴᠣ᠋ ᠶᠠᠭᠤᠮ᠎ᠠ ᠪᠦᠬᠦᠨ | ᠢ ᠪᠦᠷ ᠰᠠᠶᠢᠨ ᠰᠠᠶᠢᠬᠠᠨ ᠲᠠᠯ᠎ᠠ ᠠᠴᠠ ᠨᠢ ᠰᠠᠨᠠᠵᠣ ᠰᠠᠷᠪᠠᠶᠢᠵᠣ ᠶᠠᠪᠣᠳᠠᠭ ᠨᠢᠭᠳᠠ ᠬᠤᠯᠪᠣᠭ᠎ᠠ ᠲᠠᠢ ᠬᠡᠵᠣ ᠦᠵᠡᠵᠣ | ᠪᠣᠯᠣᠨ᠎ᠠ︔ | | ᠦᠬᠡᠨ ᠤ ᠲᠦᠷᠦᠬᠦᠣ ᠮᠡᠨᠳᠣ᠂ ᠡᠪᠡᠰᠤᠨ ᠤ ᠲᠦᠷᠦᠬᠦᠤ ᠠᠬᠢ 》 ᠬᠡᠳᠡᠭᠴᠢᠯᠡᠨ ᠠᠭᠤᠯᠵᠠᠭᠰᠠᠨ ᠪᠦᠬᠦᠨ | ᠲᠠᠢ ᠮᠡᠨᠳᠣ ᠮᠡᠳᠡᠬᠦ ᠪᠦᠬᠡᠳ ᠲᠠᠨᠢᠬᠤ᠂ ᠲᠠᠨᠢᠬᠤ ᠦᠭᠡᠢ ᠬᠦᠮᠦᠨ ᠪᠦᠬᠦᠨ ᠳᠤ ᠠᠮᠣᠷ ᠠᠰᠠᠭᠤᠳᠠᠭ ᠶᠣᠰᠣ ᠵᠠᠩᠰᠢᠯ | ᠲᠠᠢ ᠶᠣᠮ᠃ ᠲᠡᠬᠦᠣᠮᠡᠳ ᠬᠦᠮᠦᠨ ᠨᠢ ᠣᠷᠢᠳ ᠢᠶᠠᠷ ᠠᠬᠠᠮᠡᠳ ᠬᠦᠮᠦᠨ ᠳᠡᠭᠡᠨ ᠮᠡᠳᠣ ᠮᠡᠳᠡᠨ᠎ᠡ᠃ 《ᠲᠠ ᠰᠠᠶᠢᠨ | ᠤᠤ︖ 》 ᠬᠡᠵᠣ ᠬᠠᠷᠢᠭᠤ ᠠᠰᠠᠭᠤᠨ᠎ᠠ᠃ ᠢᠨᠩᠬᠢᠵᠤ ᠬᠠᠷᠢᠯᠴᠠᠨ ᠠᠮᠣᠷ ᠰᠠᠶᠢᠨ ᠢᠶᠠᠨ ᠠᠰᠠᠭᠤᠯᠴᠠᠳᠠᠭ ᠶᠣᠮ︔ | | ᠬᠡᠷᠪᠡ ᠮᠣᠷᠢᠳᠡᠢ ᠶᠠᠭᠠᠷᠠᠣ ᠶᠠᠪᠣᠵᠣ ᠪᠠᠶᠢᠭ᠎ᠠ ᠦᠶᠡᠰ ᠵᠠᠮ ᠲᠡᠬᠡᠷ᠎ᠡ ᠣᠴᠠᠷᠠᠪᠠᠯ ᠵᠠᠪᠠᠯ ᠪᠠᠷᠠᠭᠤᠨ ᠲᠦᠷᠦᠬᠡ | ᠪᠠᠨ ᠮᠣᠯᠳᠣᠯᠵᠣ ᠮᠣᠷᠢᠨ ᠠᠴᠠ ᠪᠠᠨ ᠪᠠᠭᠤᠭᠰᠠᠨ ᠢ ᠣᠷᠣᠯᠠᠭᠤᠯᠵᠣ ᠮᠡᠨᠳᠣ ᠮᠡᠳᠡᠯᠴᠡᠨ ᠦᠩᠭᠡᠷᠡᠳᠡᠭ᠃ ᠨᠠᠰᠣᠳᠠᠢ | ᠲᠣᠮᠣᠭᠠᠳᠠᠢ ᠬᠦᠮᠦᠨ ᠲᠠᠢ ᠠᠮᠣᠷ ᠮᠡᠳᠣ ᠮᠡᠳᠡᠬᠦ ᠳᠤ ᠵᠡᠪᠠᠯ ᠬᠦᠨᠳᠣᠳᠭᠡᠯ ᠦᠬᠡᠰ ᠢ ᠬᠡᠷᠡᠭᠯᠡᠳᠡᠭ ᠶᠣᠮ᠃ 《 ᠲᠠᠨ | ᠤ ᠪᠡᠶ᠎ᠡ ᠯᠠᠭᠱᠠᠨ ᠲᠣᠩᠭᠠᠯᠠᠭ ᠤᠤ︖ 》《 ᠬᠠᠭᠤᠴᠢᠨ ᠴᠢᠨᠢ ᠰᠠᠶᠢᠨᠣᠣ︖ 》 ᠬᠡᠬᠦ ᠮᠡᠳᠣ ᠪᠠᠷ | ᠬᠦᠨᠳᠣᠳᠭᠡᠨ ᠮᠡᠨᠳᠣᠴᠢᠯᠡᠳᠡᠭ ᠶᠣᠮ᠃ ᠨᠡᠩ ᠴᠣ᠋ ᠲᠦᠷᠪᠡᠨ ᠣᠯᠠᠷᠢᠯ ᠳᠤ ᠵᠣᠬᠢᠴᠠᠭᠤᠯᠵᠤ ᠠᠮᠣᠷ ᠮᠡᠨᠳᠣ | ᠮᠡᠳᠡᠯᠴᠡᠳᠡᠭ ᠪᠦᠬᠡᠳ ᠨᠡᠭᠦᠳᠡᠯ ᠠᠮᠢᠳᠣᠷᠠᠯ ᠤᠨ ᠠᠵᠢᠯ ᠲᠦᠷᠦᠯ ᠵᠢᠴᠢ ᠮᠠᠯ ᠠᠵᠣ ᠠᠬᠤᠢ ᠠᠭᠤᠷ ᠠᠮᠢᠰᠬᠤᠯ ᠤᠨ | ᠰᠠᠶᠢᠨ ᠰᠠᠶᠢᠬᠠᠨ ᠢ ᠠᠰᠠᠭᠤᠨ ᠰᠣᠷᠠᠭᠯᠠᠵᠣ᠂ ᠠᠮᠣᠷ ᠮᠡᠨᠳᠣ ᠪᠠᠨ ᠮᠡᠳᠡᠯᠴᠡᠳᠡᠭ ᠵᠠᠩᠰᠢᠭᠰᠠᠨ ᠰᠠᠶᠢᠬᠠᠨ ᠬᠡᠯᠡᠯᠬᠡ | ᠮᠡᠨᠳᠣᠴᠢᠯᠡᠭᠡ ᠪᠠᠶᠢᠳᠠᠭ᠃ ᠵᠢᠱᠢᠶᠡᠯᠡᠪᠡᠯ᠂ ᠬᠠᠪᠣᠷ ᠮᠠᠯ ᠲᠦᠯᠯᠡᠵᠤ ᠪᠠᠶᠢᠭ᠎ᠠ ᠦᠶ᠎ᠡ ᠳᠤ 《 ᠲᠦᠯ ᠮᠡᠨᠳᠣ ᠤᠤ︖ | 》᠂《ᠢᠬᠡᠷ᠎ᠡ ᠠᠷᠪᠢᠨ ᠤᠤ︖ 》《ᠲᠦᠯ ᠤᠨ ᠴᠠᠳᠬᠠᠯᠳᠠ ᠶᠠᠮᠠᠷ ᠪᠣᠢ︖ 》《 ᠬᠠᠪᠰᠠᠷᠭ᠎ᠠ ᠦᠬᠡᠢ | ᠰᠠᠶᠢᠬᠠᠨ ᠬᠠᠪᠣᠷ ᠪᠣᠯᠵᠣ ᠪᠠᠶᠢᠨ᠎ᠠ ᠤᠤ︖》 ᠬᠡᠬᠦ ᠵᠡᠷᠬᠡ ᠪᠠᠷ ᠠᠮᠣᠷ ᠠᠰᠠᠭᠤᠨ ᠠᠭᠤᠯᠵᠠᠳᠠᠭ ᠶᠣᠮ᠃ ᠵᠣᠨ ᠪᠣᠯ | ᠦᠩ ᠦᠩᠭᠡᠰᠢᠭ ᠰᠠᠶᠢᠬᠠᠨ ᠣᠯᠠᠷᠢᠯ ᠪᠣᠯᠬᠤᠷ ᠠᠭᠤᠯᠵᠠᠬᠤ ᠳᠠᠭᠠᠨ《 ᠰᠠᠶᠢᠬᠠᠨ ᠵᠣᠰᠠᠵᠣ ᠪᠠᠶᠢᠨ᠎ᠠ ᠤᠤ︖ | 》《 ᠮᠠᠯ ᠤᠨ ᠲᠠᠷᠭᠤ ᠬᠦᠴᠣ ᠰᠠᠶᠢᠨ ᠤᠤ︖》《ᠬᠤᠷ᠎ᠠ ᠪᠣᠷᠣᠭᠠᠨ ᠡᠯᠪᠡᠭ ᠤᠤ︖ 》 ᠬᠡᠬᠦ ᠮᠡᠳᠣ ᠪᠠᠷ | ᠠᠮᠣᠷ ᠠᠰᠠᠭᠤᠨ ᠮᠡᠳᠡᠯᠴᠡᠳᠡᠭ᠃ ᠨᠠᠮᠣᠷ ᠪᠣᠯ 《ᠬᠠᠳᠣᠯᠡᠩ ᠰᠠᠶᠢᠨ ᠤᠤ︖》《ᠨᠠᠮᠣᠷ ᠤᠨ ᠠᠵᠢᠯ | ᠲᠦᠪᠬᠢᠨᠡᠵᠤ ᠪᠠᠶᠢᠨ᠎ᠠ ᠤᠤ︖︖ 》 ᠬᠡᠬᠦ ᠮᠡᠳᠣ᠂ ᠡᠪᠦᠯ ᠤᠨ ᠣᠯᠠᠷᠢᠯ ᠳᠤ 《 ᠮᠠᠯ ᠤᠨ ᠣᠨᠳᠣᠷᠣᠯᠳᠠ | ᠰᠠᠶᠢᠨ ᠤᠤ︖ 》《 ᠴᠠᠰᠣ ᠰᠢᠭᠤᠷᠭ᠎ᠠ ᠦᠬᠡᠢ ᠤᠤ︖ 》《 ᠵᠣᠳ ᠦᠬᠡᠢ ᠦᠩ ᠡᠪᠦᠯ ᠪᠣᠯᠬᠤ ᠨᠢ ᠳ᠋ᠠ︕ | 》 ᠬᠡᠭᠦ ᠮᠡᠳᠣ ᠪᠠᠷ ᠨᠡᠭᠦᠳᠡᠯ ᠠᠮᠢᠳᠣᠷᠠᠯ ᠪᠡ ᠮᠠᠯ ᠰᠦᠷᠦᠭ᠂ ᠪᠡᠯᠴᠢᠭᠡᠷ ᠤᠰᠤᠨ ᠵᠡᠷᠭᠡ ᠠᠵᠣ ᠠᠬᠤᠢ ᠶᠢᠨ | ᠪᠠᠶᠢᠳᠠᠯ ᠢ ᠠᠰᠠᠭᠤᠨ ᠮᠡᠨᠳᠣᠴᠢᠯᠡᠳᠡᠭ ᠶᠣᠮ᠃ ᠬᠤᠳᠠ ᠬᠦᠳᠡᠭᠡ᠂ ᠬᠤᠨᠢᠨ ᠤ ᠬᠦᠮᠦᠰ ᠠᠭᠤᠯᠵᠠᠬᠤ ᠳᠠᠭᠠᠨ | ᠬᠠᠷᠢᠯᠴᠠᠨ ᠰᠣᠨᠢᠨ ᠰᠠᠶᠢᠬᠠᠨ ᠵᠣᠶᠢᠯ ᠢ ᠠᠰᠠᠭᠤᠨ ᠮᠡᠨᠳᠣᠴᠢᠯᠡᠳᠡᠭ᠃ ᠵᠢᠱᠢᠶᠡᠯᠡᠪᠡᠯ 《 ᠴᠢᠬᠢᠨ ᠳᠤ ᠴᠢᠮᠡᠭ | ᠪᠣᠯᠣᠮᠠᠷ᠂ ᠰᠣᠨᠣᠷ ᠲᠤ ᠰᠣᠨᠢᠨ ᠪᠣᠯᠣᠮᠠᠷ ᠶᠠᠭᠤᠨ ᠪᠠᠶᠢᠬᠤ ᠪᠣᠢ︖ 》《 ᠰᠣᠨᠢᠨ ᠶᠠᠭᠤ ᠲᠠᠢ ᠪᠣᠢ︖ 》ᠬᠡᠬᠦ | ᠳᠤ ᠪᠦᠷ ᠬᠠᠷᠢᠭᠤᠯᠳᠠ ᠦᠭᠳᠡᠭ ᠪᠦᠭᠡᠳ 《ᠶᠠᠮᠡᠷ ᠶᠠᠮᠠᠷ ᠰᠣᠨᠢᠨ ᠲᠠᠢ︖ 》 ᠲᠡᠮᠡᠢ ᠰᠣᠨᠢᠨ ᠶᠠᠭᠤᠮ᠎ᠠ ᠦᠬᠡᠢ | ᠦᠶ᠎ᠡ ᠳᠤ《 ᠲᠠᠶᠢᠪᠣᠩ ᠰᠠᠶᠢᠨ ᠪᠠᠶᠢᠨ᠎ᠠ 》 ᠬᠡᠬᠦ ᠮᠡᠳᠣ ᠪᠠᠷ ᠬᠠᠷᠢᠭᠤᠯᠳᠠᠭ ᠶᠣᠮ᠃ | | ᠴᠠᠭᠠᠨ ᠰᠠᠷ᠎ᠠ ᠰᠢᠨᠡᠯᠡᠬᠦ ᠳᠤ ᠵᠠᠪᠠᠯ 《 ᠲᠠ᠂ ᠰᠠᠶᠢᠨ ᠰᠢᠨᠡᠯᠡᠪᠡ ᠤᠤ︖》 ᠬᠡᠵᠣ ᠠᠮᠣᠷ ᠮᠡᠨᠳᠣ | ᠠᠰᠠᠭᠤᠳᠠᠭ ᠪᠦᠬᠡᠳ 《 ᠰᠠᠶᠢᠨ ᠰᠢᠨᠡᠯᠡᠯ᠎ᠡ 》 ᠬᠡᠵᠣ ᠬᠠᠷᠢᠭᠤᠯᠳᠠᠭ ᠶᠣᠮ᠃ ᠬᠡᠪᠡᠴᠣ ᠴᠠᠭ᠎ᠠ ᠲᠠᠢ ᠬᠦᠮᠦᠨ | ᠠᠮᠦᠷ ᠮᠡᠨᠳᠣ ᠮᠡᠳᠡᠯᠴᠡᠳᠡᠭ ᠦᠭᠡᠢ᠂ ᠴᠠᠭᠠᠨ ᠤ ᠶᠠᠪᠣᠳᠠᠯ ᠳᠤ ᠣᠴᠠᠷᠠᠭᠰᠠᠨ ᠬᠦᠮᠦᠨ ᠬᠠᠷᠢᠯᠴᠢᠨ ᠠᠮᠦᠷ ᠮᠡᠳᠡᠳᠡᠭ | ᠦᠬᠡᠢ᠃ ᠢᠩᠬᠢᠵᠤ ᠣᠴᠢᠭᠰᠠ ᠭᠠᠵᠠᠷ ᠪᠣᠯᠭᠠᠨ᠂ ᠣᠠᠷᠠᠭᠰᠠᠨ ᠬᠦᠮᠦᠨ ᠪᠦᠭᠦᠳᠡ ᠬᠡᠵᠢᠶ᠎ᠡ ᠬᠠᠮᠢᠭ᠎ᠠ ᠬᠡᠰᠡᠨ ᠦᠬᠡᠢ | ᠠᠮᠡᠨ ᠠᠴᠠ ᠪᠠᠨ ᠰᠠᠶᠢᠨ ᠤ ᠢᠷᠣᠭᠡᠯ ᠰᠠᠶᠢᠬᠠᠨ ᠤ ᠪᠡᠯᠭᠡᠳᠡᠯ ᠢ ᠰᠠᠯᠭᠠᠳᠠᠭ ᠦᠭᠡᠢ ᠰᠠᠶᠢᠬᠠᠨ ᠰᠡᠳᠬᠢᠯ᠂ ᠴᠠᠶᠢᠯᠭᠠᠨ | ᠰᠠᠨᠠᠭ᠎ᠠ ᠲᠠᠢ ᠪᠣᠯᠪᠠᠰᠣᠨ ᠰᠣᠷᠳᠠᠯ ᠲᠠᠢ ᠪᠠᠶᠢᠳᠠᠭ ᠶᠣᠮ᠃ ᠡᠨᠡ ᠨᠢ ᠶᠠᠭ《 ᠠᠮᠠᠨ ᠤ ᠪᠡᠯᠭᠡ ᠬᠠᠮᠢᠭᠠᠰᠢ ᠪᠣᠯ | ᠠᠰᠢᠳᠠ ᠶᠢᠨ ᠪᠡᠯᠭᠡ ᠲᠡᠶᠢᠰᠢ ᠪᠠᠨ 》 ᠬᠡᠵᠣ ᠬᠡᠯᠡᠳᠡᠭ ᠶᠣᠰᠣ ᠪᠢᠯᠡ︔ | | ᠮᠣᠩᠭᠤᠯᠴᠣᠳ ᠶᠡᠷᠤ ᠠᠴᠠ ᠮᠣᠷᠢ ᠪᠠᠨ ᠣᠨᠣᠵᠣ ᠠᠶᠢᠯ ᠰᠠᠭᠠᠬᠠᠯᠳᠠ ᠪᠠᠨ ᠲᠣᠭᠤᠷᠢᠳᠠᠭ ᠵᠠᠩᠰᠢᠯ ᠲᠠᠢ | ᠶᠣᠮ᠃ ᠬᠡᠷ ᠤᠨ ᠣᠶᠢᠷᠬᠠᠨ᠂ ᠮᠣᠷᠢᠨ ᠤ ᠣᠶᠠᠭᠠᠨ ᠤ ᠲᠡᠷᠭᠡᠳᠡ ᠢᠷᠡᠭᠡᠳ ᠲᠣᠰᠴᠣ ᠭᠠᠷᠬᠤ ᠬᠦᠮᠦᠨ ᠦᠬᠡᠢ | ᠵᠡᠪᠡᠯ 《ᠨᠣᠬᠠᠢ ᠪᠠᠨ ᠬᠤᠷᠢᠭᠠᠷᠠᠢ 》 ᠬᠡᠵᠣ ᠢᠩᠬᠢᠵᠤ ᠭᠡᠷ ᠠᠴᠠ ᠬᠦᠮᠦᠨ ᠭᠠᠷᠴᠣ ᠨᠣᠬᠠᠢ ᠪᠠᠨ ᠬᠤᠷᠢᠬᠤ ᠶᠢᠨ | ᠲᠠᠠᠭᠤ ᠮᠣᠷᠢᠨ ᠤ ᠣᠶᠠᠭᠠᠨ ᠤ ᠣᠶᠢᠷ᠎ᠠ ᠣᠴᠢᠵᠣ ᠵᠣᠴᠢᠨ ᠢᠶᠠᠨ ᠣᠭᠳᠣᠵᠣ ᠠᠪᠴᠢᠷᠠᠳᠠᠭ᠃ | | ᠮᠣᠷᠢᠨ ᠤ ᠣᠶᠠᠭ᠎ᠠ ᠨᠢ ᠮᠣᠩᠭᠤᠯ ᠠᠶᠢᠯ ᠤᠨ ᠬᠡᠷ ᠤᠨ ᠡᠮᠣᠨ᠎ᠡ ᠵᠦᠭ ᠬᠡᠷ ᠠᠴᠠ ᠨᠡᠯᠢᠶᠡᠳ ᠵᠠᠶᠢᠳᠠᠢ | ᠪᠠᠶᠢᠳᠠᠭ ᠶᠣᠮ᠃ ᠢᠷᠡᠭᠰᠡᠨ ᠬᠡᠶᠢᠴᠢᠨ ᠢ ᠣᠭᠳᠣᠵᠣ ᠠᠪᠬᠤ ᠳᠠᠭᠠᠨ ᠰᠠᠶᠢᠨ ᠢᠷᠡᠪᠡ ᠤᠤ︖ 《 ᠵᠠᠮ ᠳᠠᠭᠠᠨ | ᠰᠠᠶᠢᠨ ᠵᠦᠳᠡᠷᠡᠪᠡ ᠤᠤ︖ 》 ᠬᠡᠬᠦ ᠮᠡᠳᠣ ᠠᠰᠠᠭᠤᠨ ᠮᠡᠨᠳᠣᠴᠢᠯᠡᠵᠣ᠂ ᠬᠡᠷ ᠤᠨ ᠡᠭᠦᠳᠡᠨ ᠳᠤ ᠢᠷᠡᠭᠰᠡᠨ ᠵᠣᠴᠢᠨ | ᠢᠶᠠᠨ ᠣᠷᠢᠳ ᠢᠶᠠᠷ ᠭᠡᠷ ᠲᠡᠭᠡᠨ ᠵᠠᠯᠠᠵᠣ ᠣᠷᠣᠭᠤᠯᠳᠠᠭ᠃ ᠬᠡᠬᠦ ᠳᠤ ᠢᠷᠡᠭᠰᠡᠨ ᠵᠣᠴᠢᠨ ᠨᠢ ᠬᠡᠷᠪᠡ ᠵᠠᠯᠠᠭᠤ | ᠪᠠᠭᠠᠴᠣᠳ ᠪᠠᠶᠢᠵᠣ᠂ ᠬᠡᠷ ᠤᠨ ᠡᠵᠡᠨ ᠨᠠᠰᠣᠳᠠᠢ ᠲᠣᠮᠣᠭᠠᠳᠠᠢ ᠬᠦᠮᠦᠨ ᠪᠠᠶᠢᠭᠰᠠᠨ ᠪᠣᠯ ᠭᠡᠷ ᠤᠨ ᠡᠵᠡᠨ ᠢ ᠨᠢ | ᠣᠷᠢᠳ ᠢᠶᠠᠷ ᠬᠡᠷ ᠲᠤᠨᠢ ᠣᠷᠣᠭᠤᠯᠳᠠᠭ ᠵᠠᠩᠰᠢᠯ ᠲᠠᠢ᠃ ᠬᠡᠷ ᠲᠤ ᠣᠷᠣᠭᠤᠯᠬᠤ ᠳᠠᠭᠠᠨ《 ᠵᠠ︕ ᠮᠣᠷᠢᠯᠠᠵᠣ | ᠪᠠᠭᠤ︕ 》 ᠬᠡᠮᠡᠨ ᠭᠡᠷ ᠲᠡᠭᠡᠨ ᠣᠷᠣᠭᠤᠯᠣᠭᠰᠠᠨ ᠤ ᠲᠠᠷᠠᠭ᠎ᠠ 《 ᠲᠡᠭᠡᠭᠰᠢ ᠪᠠᠨ ᠰᠠᠭᠠᠳᠠ》 ᠬᠡᠵᠣ | ᠬᠦᠨᠳᠣᠳᠭᠡᠨ ᠰᠠᠭᠤᠯᠭᠠᠳᠠᠭ᠃ ᠭᠡᠷ ᠤᠨ ᠡᠵᠡᠨ ᠶᠡᠷᠣ ᠠᠴᠠ ᠭᠡᠷ ᠤᠨ ᠬᠤᠶᠢᠮᠣᠷ ᠲᠤ ᠵᠠᠪᠢᠯᠠᠵᠣ ᠰᠠᠭᠤᠨ᠎ᠠ᠃ | ᠢᠷᠡᠭᠰᠡᠨ ᠵᠣᠴᠢᠨ ᠳᠠᠭᠠᠨ ᠴᠠᠢ ᠠᠶᠠᠭᠠᠯᠠᠵᠣ ᠴᠠᠭᠠᠨ ᠢᠳᠡᠭᠡ ᠲᠠᠯᠪᠢᠵᠣ ᠴᠠᠢ ᠪᠠᠨ ᠣᠤᠭᠤᠵᠣ ᠪᠠᠷᠠᠭᠰᠠᠨ ᠤ | ᠲᠠᠷᠠᠭ᠎ᠠ ᠠᠷᠢᠬᠢ ᠬᠡᠮᠨᠡᠵᠣ᠂ ᠱᠦᠯᠦ ᠬᠤᠭᠤᠯᠠ ᠠᠮᠰᠠᠭᠤᠯᠳᠠᠭ ᠶᠣᠮ᠃ ᠢᠷᠡᠭᠰᠡᠨ ᠵᠣᠴᠢᠨ ᠪᠣᠴᠠᠬᠤ ᠦᠶᠡᠰ ᠲᠤ | ᠮᠦᠨ ᠬᠦ᠋ ᠣᠶᠠᠭᠠᠨ ᠲᠡᠭᠡᠷ᠎ᠡ ᠣᠴᠢᠵᠣ ᠨᠣᠬᠠᠢ ᠪᠠᠨ ᠬᠤᠷᠢᠵᠣ ᠨᠠᠰᠣᠳᠠᠢ ᠲᠣᠮᠣᠭᠠᠳᠠᠢ ᠬᠦᠮᠦᠨ ᠤ ᠮᠣᠷᠢᠨ ᠤ ᠬᠢᠨᠢ | ᠴᠣᠯᠪᠣᠭᠤᠷ ᠢ ᠨᠢ ᠴᠢᠩᠭᠠᠯᠠᠵᠣ᠂ ᠮᠣᠷᠢᠨ ᠳᠤᠨᠢ ᠮᠣᠷᠳᠠᠭᠤᠯᠵᠣ ᠦᠭᠳᠡᠭ ᠪᠦᠬᠡᠳ 《 ᠵᠠᠮ ᠳᠠᠭᠠᠨ ᠰᠠᠶᠢᠨ | ᠶᠠᠪᠣᠭᠠᠷᠠᠢ︕ 》 ᠬᠡᠵᠣ ᠰᠠᠶᠢᠨ ᠢᠶᠠᠷ ᠵᠦᠩᠨᠡᠨ ᠪᠡᠯᠭᠡᠳᠡᠵᠣ ᠶᠠᠪᠣᠭᠤᠯᠳᠠᠭ ᠵᠠᠩ ᠵᠠᠩᠰᠢᠯ ᠲᠠᠢ ᠶᠣᠮ︔ | | |