ᠮᠣᠩᠭᠤᠯᠴᠤᠳ ᠤᠨ ᠭᠠᠯ ᠳᠠᠬᠢᠬᠤ ᠶᠣᠰᠣᠨ
ᠨᠡᠶᠢᠲᠡᠯᠡᠭᠰᠡᠨ ᠴᠠᠭ᠄
2018/3/29

       ᠮᠣᠩᠭᠤᠯᠴᠤᠳ ᠤᠨ ᠭᠠᠯ ᠳᠠᠬᠢᠬᠤ ᠶᠣᠰᠣᠨ

    ᠭᠠᠯ ᠳᠠᠬᠢᠬᠤ ᠶᠤᠰᠤᠨ ᠭᠡᠳᠡᠭ ᠨᠢ ᠭᠠᠯ ᠢ ᠪᠢᠰᠢᠷᠡᠨ ᠰᠢᠳᠦᠵᠦ ᠭᠠᠯ ᠳᠤ ᠢᠳᠡᠭᠡᠨ ᠤᠮᠳᠠᠭᠠᠨ ᠤ ᠳᠡᠭᠡᠵᠢ ᠪᠡ

ᠠᠬᠢ᠂ ᠬᠢᠯᠠᠭᠠᠨ᠎ᠠ᠂ ᠠᠷᠴᠠ ᠳᠡᠷᠢᠬᠦᠳᠡᠨ ᠢ ᠡᠷᠬᠦᠵᠦ᠂ ᠬᠦᠵᠢ ᠵᠤᠯᠠ ᠪᠠᠷᠢᠨ᠂ ᠦᠴᠢᠭ ᠳᠠᠭᠠᠳᠬᠠᠯ ᠤᠩᠰᠢᠨ

ᠮᠦᠷᠬᠦᠵᠦ ᠳᠠᠬᠢᠳᠠᠭ ᠦᠢᠯᠡ ᠢ ᠬᠡᠯᠡᠳᠡᠭ ᠪᠦᠯᠦᠭᠡ᠃

▲ ᠭᠠᠯ ᠳᠠᠬᠢᠯᠭ᠎ᠠ ᠶᠢᠨ ᠡᠬᠦᠰᠦᠯ

  ᠮᠤᠩᠭᠤᠯᠴᠤᠳ ᠤᠨ ᠡᠪᠦᠭᠡ ᠳᠡᠭᠡᠳᠦᠰ ᠠᠯᠢ ᠡᠷᠳᠡᠨ ᠠᠴᠠ ᠭᠠᠯ ᠢ ᠡᠷᠬᠢᠮ ᠳᠡᠭᠡᠳᠦ ᠷᠢᠳᠢ ᠰᠢᠳᠢ ᠲᠠᠢ ᠶᠠᠭᠤᠮ᠎ᠠ

 ᠪᠠᠷ ᠦᠵᠡᠵᠦ᠂ ᠠᠷᠢᠭᠤᠨ ᠴᠢᠨᠠᠷ ᠲᠠᠢ᠂ ᠢᠯᠴᠢ ᠪᠠ ᠭᠡᠷᠡᠯ ᠢ ᠠᠪᠴᠢᠷᠠᠭᠴᠢ ᠰᠠᠬᠢᠭᠤᠰᠤ ᠪᠤᠯᠭᠠᠨ ᠰᠢᠳᠦᠨ

ᠳᠠᠬᠢᠭᠰᠠᠭᠠᠷ ᠢᠷᠡᠵᠡᠢ᠃ ᠮᠤᠩᠭᠤᠯ ᠠᠮᠠᠨ ᠵᠤᠬᠢᠶᠠᠯ ᠤᠨ ᠰᠤᠷᠪᠤᠯᠵᠢᠰ ᠲᠤ ᠡᠰᠨᠢᠨ ᠳᠡᠭᠵᠢᠷᠡᠭᠰᠡᠨ ᠳᠡᠦᠭᠡ ᠪᠠᠨ ︽

ᠳᠤᠯᠭ᠎ᠠ ᠶᠢᠨ ᠭᠤᠷᠪᠠᠨ ᠴᠢᠯᠠᠭᠤ︾ ᠪᠤᠶᠤ ︽ᠳᠤᠯᠭ᠎ᠠ ᠶᠢᠨ ᠭᠤᠷᠪᠠᠨ ᠴᠢᠯᠠᠭᠤ ᠪᠠᠷ ᠭᠠᠯ ᠭᠤᠯᠤᠮᠳᠠ ᠪᠠᠨ

ᠪᠤᠰᠬᠠᠵᠦ︾ ᠭᠡᠵᠦ ᠳᠦᠷᠰᠦᠯᠡᠨ ᠳᠡᠮᠳᠡᠭᠯᠡᠭᠰᠡᠨ ᠪᠠᠶᠢᠳᠠᠭ᠃ ︽ᠮᠤᠩᠭᠤᠯ ᠤᠨ ᠨᠢᠭᠤᠴᠠ ᠳᠤᠪᠴᠢᠶᠠᠨ︾ ᠤ 242

ᠳ᠋ᠤᠭᠠᠷ ᠵᠤᠶᠢᠯ ᠳᠤ ᠳᠡᠮᠳᠡᠭᠯᠡᠭᠰᠡᠨ ᠢᠶᠠᠷ᠂ ᠴᠢᠩᠬᠢᠰ ᠬᠠᠭᠠᠨ ᠦᠪᠡᠷ ᠤᠨ ᠠᠪᠠᠭ᠎ᠠ ᠳᠠᠭᠠᠷᠢᠳᠠᠢ ᠪᠠᠨ ᠬᠡᠷᠡᠶᠢᠳ ᠲᠠᠢ

ᠨᠡᠶᠢᠯᠡᠪᠡ ᠬᠡᠮᠡᠨ ᠨᠢᠳᠦᠨ ᠠᠴᠠ ᠬᠤᠯᠠ ᠪᠠᠶᠢᠯᠭᠠᠶ᠎ᠠ ᠭᠡᠰᠡᠨ ᠳᠤ ᠪᠤᠭᠤᠷᠴᠤ᠂ ᠮᠤᠬᠤᠯᠠᠢ᠂ ᠰᠢᠬᠢᠬᠤᠳᠤᠬᠤ ᠭᠤᠷᠪᠠ

︽ᠦᠪᠡᠷ ᠤᠨ ᠭᠠᠯ ᠢᠶᠠᠨ ᠰᠦᠨᠦᠭᠡᠬᠦ ᠮᠡᠳᠦ᠂ ᠦᠪᠡᠷ ᠤᠨ ᠭᠡᠷ ᠢᠶᠠᠨ ᠡᠪᠳᠡᠬᠦ ᠮᠡᠳᠦ︾ ᠭᠡᠵᠦ ᠰᠢᠬᠦᠮᠵᠢᠯᠡᠨ

ᠬᠤᠷᠢᠭᠯᠠᠳᠠᠭ᠃ ᠰᠠᠳᠤᠨ ᠲᠦᠷᠦᠯ ᠤᠨ ᠬᠤᠭᠤᠷᠤᠨᠳᠤᠬᠢ ᠡᠪᠳᠡᠷᠡᠯᠴᠡᠯ ᠨᠢ ᠭᠠᠯ ᠭᠤᠯᠤᠮᠳᠠ ᠪᠠᠨ ᠰᠦᠨᠦᠬᠡᠬᠦ ᠮᠡᠳᠦ

ᠠᠶᠤᠯᠳᠠᠢ ᠭᠡᠰᠡᠨ ᠢ ᠢᠩᠬᠢᠵᠦ ᠦᠬᠦᠯᠡᠵᠡᠢ᠃ ᠮᠤᠩᠭᠤᠯᠴᠤᠳ ᠲᠦᠷᠦᠭᠰᠡᠨ ᠨᠤᠳᠤᠭ᠂ ᠠᠮᠢᠳᠤᠷᠠᠵᠦ ᠶᠠᠪᠤᠭ᠎ᠠ

ᠭᠠᠵᠠᠷ ᠰᠢᠷᠤᠢ ᠪᠠᠨ ︽ᠡᠬᠡ ᠨᠤᠳᠤᠭ︾᠂ ︽ᠦᠯᠦᠭᠡᠢ ᠨᠤᠳᠤᠭ︾ ᠭᠡᠵᠦ ᠳᠡᠭᠡᠳᠦᠯᠡᠨ ᠳᠠᠭᠤᠳᠠᠭ ᠨᠢ ᠡᠬᠡ ᠭᠠᠵᠠᠷ

 ᠲᠤ ᠳᠤᠶᠢᠯ ᠦᠭᠡᠢ ᠬᠠᠶᠢᠷᠠᠳᠠᠢ ᠪᠠᠶᠢᠳᠠᠭ ᠤᠨ ᠤᠴᠢᠷ ᠪᠤᠶᠤ︕ ︽ᠨᠤᠳᠤᠭ︾ ᠭᠡᠰᠡᠨ ᠦᠭᠡ ᠶᠢ ᠷᠠᠰᠢᠳ᠋ —

ᠠᠳ᠋ — ᠳ᠋ᠢᠨ ᠤ ︽ᠰᠤᠳᠤᠷ ᠤᠨ ᠴᠢᠭᠤᠯᠭᠠᠨ︾ ᠳᠤ ︽ᠭᠠᠯ ᠭᠤᠯᠤᠮᠳᠠ ᠪᠤᠶᠤ ᠡᠵᠡᠨ ᠭᠡᠬᠦ ᠤᠳᠬ᠎ᠠ ᠲᠠᠢ︾

ᠬᠡᠮᠡᠨ ᠳᠠᠶᠢᠯᠪᠤᠷᠢᠯᠡᠵᠦ ᠪᠠᠶᠢᠳᠠᠭ᠃ ᠡᠨᠡᠬᠦ ᠳᠠᠶᠢᠯᠪᠤᠷᠢ ᠳᠤ ᠡᠬᠡ ᠨᠤᠳᠤᠭ᠂ ᠭᠠᠯ ᠭᠤᠯᠤᠮᠳᠠ ᠭᠡᠭᠴᠢ ᠰᠠᠯᠤᠰᠢ ᠦᠭᠡᠢ

ᠪᠠᠷᠢᠯᠳᠤᠯᠭ᠎ᠠ ᠲᠠᠢ ᠪᠠᠶᠢᠳᠠᠭ ᠤᠨ ᠤᠳᠬ᠎ᠠ ᠳᠤᠳᠤᠷᠠᠬᠤ ᠠᠭᠠᠳ ᠪᠠᠰᠠ ᠮᠤᠩᠭᠤᠯᠴᠤᠳ ᠭᠠᠯ ᠭᠤᠯᠤᠮᠳᠠ ᠶᠢ

ᠳᠡᠭᠡᠳᠦᠯᠡᠨ ᠳᠠᠬᠢᠵᠦ ᠢᠷᠡᠭᠰᠡᠨ ᠤ ᠤᠯᠪᠠᠭ᠎ᠠ ᠴᠠᠭᠠᠨ᠎ᠠ ᠨᠢ ᠴᠤᠬᠤᠯᠵᠠᠬᠤ ᠠᠵᠢ᠃ ᠮᠤᠩᠭᠤᠯᠴᠤᠳ ᠠᠽᠢᠶ᠎ᠠ ᠶᠢᠨ

ᠠᠯᠢ ᠴᠦ ᠶᠠᠰᠤᠳᠠᠨ ᠠᠴᠠ ᠤᠨᠴᠠᠭᠠᠢ ᠭᠠᠯ ᠭᠤᠯᠤᠮᠳᠠ ᠪᠠᠨ ᠡᠷᠬᠢᠮᠯᠡᠨ ᠬᠦᠨᠳᠦᠳᠭᠡᠵᠦ ᠳᠠᠬᠢᠭᠰᠠᠭᠠᠷ ᠢᠷᠡᠵᠡᠢ᠃

ᠭᠡᠳᠡᠯ᠎ᠡ ᠶᠠᠭ ᠭᠠᠯ ᠳᠠᠬᠢᠬᠤ ᠶᠤᠰᠤᠨ ᠨᠢ 13 ᠳ᠋ᠤᠭᠠᠷ ᠵᠠᠭᠤᠨ ᠤ ᠦᠶ᠎ᠡ ᠳᠤ ᠪᠤᠢ ᠪᠤᠯᠵᠠᠢ᠃ ︽ᠶᠤᠸᠠᠨ ᠤᠯᠤᠰ

 ᠤᠨ ᠳᠡᠦᠭᠡ︾ ᠳᠤ ᠬᠤᠪᠢᠯᠠᠢ ᠬᠠᠭᠠᠨ ︽ᠳᠠᠶᠢᠯᠭ᠎ᠠ ᠳᠠᠪᠢᠭ ᠤᠨ ᠶᠤᠰᠤᠨ ᠢ ᠳᠤᠭᠳᠠᠭᠠᠪᠠᠢ︾ ᠭᠡᠵᠦ ᠬᠡᠳᠦᠨᠳᠡ

ᠳᠤᠷᠠᠳᠤᠭᠰᠠᠨ ᠪᠠᠶᠢᠳᠠᠭ᠂ ᠡᠨᠡ ᠬᠦ ᠳᠠᠬᠢᠯᠭ᠎ᠠ ᠳᠠᠪᠢᠭ ᠤᠨ ᠶᠤᠰᠤᠨ ᠳᠤ ᠨᠢ ᠭᠠᠯ ᠳᠠᠬᠢᠯᠭ᠎ᠠ ᠶᠢᠨ ᠶᠤᠰᠤᠨ ᠴᠦ

ᠪᠠᠭᠳᠠᠭᠰᠠᠨ ᠪᠠᠶᠢᠬᠤ ᠶᠤᠰᠤᠳᠠᠢ᠃ ᠵᠠᠷᠢᠮ ᠮᠤᠩᠭᠤᠯ ᠪᠢᠴᠢᠭ ᠬᠠᠷ᠎ᠠ ᠳᠤ ᠬᠤᠪᠢᠯᠠᠢ ᠬᠠᠭᠠᠨ ᠠᠴᠠ ᠭᠠᠯ ᠳᠠᠬᠢᠬᠤ

ᠶᠤᠰᠤᠨ ᠢ ᠳᠤᠭᠳᠠᠭᠠᠭᠰᠠᠨ ᠳᠤᠬᠠᠢ ᠴᠢᠬᠤᠯᠠ ᠮᠡᠳᠡᠭᠡ ᠪᠠᠶᠢᠳᠠᠭ᠃ ︽ᠭᠠᠯ ᠤᠨ ᠰᠤᠳᠤᠷ ᠤᠷᠤᠰᠢᠪᠠᠢ︾ ᠳᠤ᠄ ︽

ᠰᠡᠴᠡᠨ ᠬᠠᠭᠠᠨ᠂ ᠴᠡᠮᠪᠡᠢ ᠬᠠᠳᠤᠨ ᠬᠤᠶᠠᠷ ᠤᠨ / ᠵᠠᠬᠢᠭᠰᠠᠨ ᠵᠠᠷᠯᠢᠭ ᠵᠢᠮ᠎ᠡ / ᠰᠤᠷᠭᠠᠭᠰᠠᠨ ᠰᠤᠳᠤᠷ ᠪᠦᠯᠦᠭᠡ︾

ᠭᠡᠵᠦ᠂ ︽ᠭᠠᠯ ᠤᠨ ᠳᠠᠬᠢᠯᠭ᠎ᠠ ᠠᠨᠤ︾ ᠭᠡᠬᠦ ᠰᠤᠳᠤᠷ ᠲᠤ᠄ ︽ᠬᠤᠪᠢᠯᠠᠢ ᠰᠡᠴᠡᠨ ᠬᠠᠭᠠᠨ ᠤ ᠵᠠᠷᠯᠢᠭ ᠢᠶᠠᠷ /

ᠬᠤᠳᠠᠯᠠ ᠪᠦᠬᠦᠳᠡ ᠶᠢᠨ ᠶᠤᠰᠤᠨ ᠪᠤᠯᠤᠭᠰᠠᠨ / ᠭᠠᠩ ᠳᠤᠯᠭ᠎ᠠ ᠪᠠᠨ ᠮᠢᠯᠢᠶᠠᠵᠦ / ᠭᠠᠯ ᠭᠤᠯᠤᠮᠳᠠ ᠪᠠᠨ ᠳᠠᠬᠢᠬᠤ ᠁

︾ ᠭᠡᠵᠦ ᠳᠡᠮᠳᠡᠭᠯᠡᠵᠦ ᠪᠤᠢ᠃

▲ ᠭᠠᠯ ᠤᠨ ᠪᠤᠷᠬᠠᠨ

ᠮᠤᠩᠭᠤᠯᠴᠤᠳ ᠤᠨ ᠡᠷᠳᠡᠨ ᠤ ᠰᠢᠳᠦᠵᠦ ᠪᠠᠶᠢᠭᠰᠠᠨ ᠭᠠᠯ ᠤᠨ ᠪᠤᠷᠬᠠᠨ ᠪᠤᠯ ᠮᠤᠩᠭᠤᠯ ᠪᠦᠭᠡ ᠨᠠᠷ ᠤᠨ ᠰᠡᠳᠬᠢᠨ

ᠪᠢᠰᠢᠯᠭᠠᠭᠰᠠᠨ ︽ᠤᠳᠬᠤᠨ ᠳᠡᠭᠷᠢ︾ ᠪᠤᠯᠤᠨ᠎ᠠ᠃ ᠭᠠᠯ ᠤᠨ ᠰᠤᠳᠤᠷ ᠲᠤ ᠭᠠᠷᠳᠠᠭ ︽ᠤᠳᠬᠤᠨ ᠭᠠᠯᠠᠶᠢᠬᠠᠨ

ᠡᠬᠡ︾ ᠭᠡᠰᠡᠨ ᠨᠢ ᠪᠠᠯᠠᠷ ᠡᠷᠳᠡᠨ ᠤ ᠡᠬᠡᠴᠢᠯᠡᠯ ᠤᠨ ᠤᠪᠤᠭ ᠳᠦᠷᠦᠯ ᠤᠨ ᠨᠡᠶᠢᠭᠡᠮ ᠤᠨ ᠦᠶ᠎ᠡ ᠶᠢᠨ

ᠤᠶᠢᠯᠠᠭᠠᠭᠳᠠᠬᠤᠨ ᠤ ᠤᠯᠠᠮᠵᠢᠯᠠᠯ ᠪᠤᠯᠬᠤ ᠶᠤᠮ᠃ ᠭᠠᠯ ᠤᠨ ᠰᠤᠳᠤᠷ ᠲᠤ ᠭᠠᠷᠳᠠᠭ ︽ᠤᠳ᠋︾ ᠭᠡᠰᠡᠨ ᠦᠭᠡ ᠶᠢ

ᠡᠷᠳᠡᠮᠳᠡᠳ ᠲᠦᠷᠺ ᠭᠠᠷᠤᠯ ᠲᠠᠢ ᠭᠠᠯ ᠭᠡᠰᠡᠨ ᠦᠭᠡ ᠬᠡᠵᠡᠢ᠃ ︽ᠤᠳ᠋ ᠪᠠ ᠭᠠᠯ︾ ᠭᠡᠰᠡᠨ ᠦᠭᠡ ᠶᠢᠨ ᠳᠤᠤᠷ᠎ᠠ

︽‍ᠬᠠᠨ︾ ᠳᠠᠭᠠᠪᠤᠷᠢ ᠵᠠᠯᠭᠠᠵᠦ ︽ᠤᠳᠬᠤᠨ ᠭᠠᠯᠠᠶᠢᠬᠠᠨ︾ ᠭᠡᠬᠦ ᠦᠭᠡ ᠪᠦᠳᠦᠭᠡᠵᠦ᠂ ᠭᠠᠯ ᠢ ᠡᠮ᠎ᠡ ᠬᠦᠢᠰᠦᠳᠡᠨ

ᠪᠠ ᠡᠬᠡ ᠶᠢᠨ ᠪᠦᠷᠢᠯᠸ᠎ᠠ ᠪᠤᠯᠭᠠᠨ ᠠᠮᠢ ᠨᠠᠰᠤ᠂ ᠲᠦᠷᠦᠬᠦ ᠡᠰᠨᠢᠬᠦ ᠶᠢᠨ ᠡᠬᠢ ᠡᠬᠦᠰᠦᠯ ᠢᠶᠠᠷ ᠦᠵᠡᠵᠦ ᠪᠠᠶᠢᠵᠠᠢ᠃

▲ ᠭᠠᠯ ᠳᠠᠬᠢᠯᠭ᠎ᠠ ᠶᠢᠨ ᠲᠦᠷᠦᠯ ᠭᠠᠯ ᠳᠠᠬᠢᠯᠭ᠎ᠠ ᠳᠤ ᠠᠶᠢᠯ ᠡᠷᠦᠭᠡ ᠶᠢᠨ ᠳᠠᠬᠢᠯᠭ᠎ᠠ᠂ ᠠᠯᠪᠠᠨ ᠤ ᠳᠠᠬᠢᠯᠭ᠎ᠠ᠂

ᠰᠦᠮ᠎ᠡ ᠬᠡᠶᠢᠳ ᠤᠨ ᠳᠠᠬᠢᠯᠭ᠎ᠠ ᠭᠡᠬᠦ ᠭᠤᠷᠪᠠᠨ ᠵᠤᠶᠢᠯ ᠪᠠᠶᠢᠳᠠᠭ᠃ ᠴᠠᠭ ᠬᠤᠭᠤᠴᠠᠭ᠎ᠠ ᠬᠢᠭᠡᠳ ᠳᠠᠬᠢᠯᠭ᠎ᠠ ᠬᠢᠬᠦ

ᠬᠡᠪᠴᠢᠶ᠎ᠡ ᠪᠠᠷ ᠨᠢ ᠡᠩ ᠤᠨ ᠳᠠᠬᠢᠯᠭ᠎ᠠ᠂ ᠰᠠᠷ᠎ᠠ ᠶᠢᠨ ᠳᠠᠬᠢᠯᠭ᠎ᠠ᠂ ᠤᠯᠠᠷᠢᠯ ᠤᠨ ᠳᠠᠬᠢᠯᠭ᠎ᠠ᠂ ᠶᠡᠭᠡ ᠳᠠᠬᠢᠯᠭ᠎ᠠ ᠭᠡᠵᠦ

ᠬᠡᠳᠦᠨ ᠲᠦᠷᠦᠯ ᠬᠤᠪᠢᠶᠠᠳᠠᠭ᠃

● ᠠᠶᠢᠯ ᠡᠷᠦᠭᠡ ᠶᠢᠨ ᠳᠠᠬᠢᠯᠭ᠎ᠠ ᠳᠤ ᠪᠠᠰᠠ ᠳᠠᠶᠢᠵᠢ ᠨᠠᠷ ᠤᠨ ᠳᠠᠬᠢᠯᠭ᠎ᠠ᠂ ᠬᠠᠷᠠᠴᠦ ᠠᠶᠢᠯ ᠤᠨ ᠳᠠᠬᠢᠯᠭ᠎ᠠ ᠭᠡᠵᠦ

ᠬᠤᠶᠠᠷ ᠬᠤᠪᠢᠶᠠᠳᠠᠭ᠃ ᠳᠠᠶᠢᠵᠢ ᠶᠢᠨ ᠭᠠᠯ ᠳᠠᠬᠢᠯᠭ᠎ᠠ ᠭᠡᠳᠡᠭ ᠨᠢ ᠴᠢᠩᠬᠢᠰ ᠤᠨ ᠠᠯᠳᠠᠨ ᠤᠷᠤᠭ ᠤᠨ ᠤᠳᠤᠮ

ᠪᠤᠯᠬᠤ ᠪᠤᠷᠵᠢᠬᠢᠨ ᠤᠪᠤᠭᠳᠠᠨ ᠤ ᠠᠶᠢᠯ ᠤᠨ ᠭᠠᠯ ᠳᠠᠬᠢᠯᠭ᠎ᠠ ᠶᠢ ᠵᠢᠭᠠᠵᠦ᠂ ᠬᠠᠷᠠᠴᠤ ᠠᠶᠢᠯ ᠤᠨ ᠳᠠᠬᠢᠯᠭ᠎ᠠ ᠨᠢ

ᠪᠤᠷᠵᠢᠬᠢᠨ ᠤᠪᠤᠭᠳᠠᠨ ᠠᠴᠠ ᠪᠤᠰᠤᠳ ᠮᠤᠩᠭᠤᠯ ᠤᠨ ᠡᠯ᠎ᠡ ᠤᠪᠤᠭ ᠤᠨ ᠠᠶᠢᠯ ᠡᠷᠦᠭᠡ ᠶᠢᠨ ᠳᠠᠬᠢᠯᠭ᠎ᠠ ᠶᠢ ᠬᠡᠯᠡᠵᠦ

ᠪᠤᠢ᠃

● ᠠᠯᠪᠠᠨ ᠤ ᠳᠠᠬᠢᠯᠭ᠎ᠠ ᠭᠡᠳᠡᠭ ᠨᠢ ᠭᠠᠯ ᠳᠠᠬᠢᠬᠤ ᠪᠦᠬᠦᠶᠢᠯᠡ ᠦᠢᠯᠡ ᠶᠢ ᠲᠦᠷᠦ ᠠᠴᠠ ᠪᠡᠯᠡᠳᠭᠡᠵᠦ ᠳᠠᠬᠢᠳᠠᠭ

ᠳᠠᠬᠢᠯᠭ᠎ᠠ ᠶᠢ ᠬᠡᠯᠡᠳᠡᠭ᠃ ᠪᠠᠰᠠ ᠲᠦᠷᠦ ᠶᠢᠨ ᠭᠠᠯ ᠳᠠᠬᠢᠯᠭ᠎ᠠ ᠴᠦ ᠭᠡᠳᠡᠭ᠃ ᠮᠤᠩᠭᠤᠯ ᠬᠠᠭᠠᠨᠳᠤ ᠲᠦᠷᠦ ᠶᠢᠨ

ᠦᠶ᠎ᠡ ᠳᠤ ᠳᠤᠭᠳᠠᠭᠠᠵᠦ ᠬᠡᠳᠦᠨ ᠵᠠᠭᠤᠨ ᠤᠨ ᠢᠶᠠᠷ ᠤᠯᠠᠮᠵᠢᠯᠠᠵᠦ ᠢᠷᠡᠭᠰᠡᠨ ᠴᠢᠩᠬᠢᠰ ᠤᠨ ᠨᠠᠢᠮᠠᠨ ᠴᠠᠭᠠᠨ

ᠤᠷᠳᠤᠨ ᠤ ᠭᠤᠯᠤᠮᠳᠠ ᠶᠢᠨ ᠳᠠᠬᠢᠯᠭ᠎ᠠ᠂ ᠪᠦᠭᠡ ᠪᠡᠯᠬᠦᠳᠡᠢ᠂ ᠬᠠᠪᠤᠳᠤ ᠬᠠᠰᠠᠷ᠂ ᠦᠭᠡᠳᠡᠢ᠂ ᠳᠤᠯᠤᠢ᠂ ᠡᠰᠢ

ᠬᠠᠳᠤᠨ ᠤ ᠭᠤᠯᠤᠮᠳᠠ ᠶᠢᠨ ᠳᠠᠬᠢᠯᠭ᠎ᠠ ᠵᠡᠷᠭᠡ ᠪᠠᠭᠳᠠᠨ᠎ᠠ᠃ ᠳᠠᠬᠢᠯᠭ᠎ᠠ ᠳᠠᠪᠢᠭ ᠤᠨ ᠬᠢᠨᠢ ᠶᠤᠰᠤ ᠶᠢ ᠮᠤᠩᠭᠤᠯ

ᠬᠠᠭᠠᠨ ᠤ ᠵᠠᠷᠯᠢᠭ ᠢᠶᠠᠷ ᠳᠤᠭᠳᠠᠭᠠᠵᠦ᠂ ᠳᠠᠬᠢᠯᠭ᠎ᠠ ᠳᠤ ᠤᠩᠰᠢᠬᠤ ᠦᠴᠢᠭ ᠢᠷᠦᠭᠡᠯ ᠨᠢ ᠴᠦ ᠳᠤᠰ ᠳᠤᠰ ︽

ᠠᠯᠳᠠᠨ ᠤᠷᠳᠤᠨ ᠤ ᠭᠤᠯᠤᠮᠳᠠ ᠶᠢᠨ ᠦᠴᠢᠭ︾᠂ ︽ᠡᠰᠢ ᠬᠠᠳᠤᠨ ᠤ ᠭᠤᠯᠤᠮᠳᠠ ᠶᠢᠨ ᠦᠴᠢᠭ︾᠂ ︽ᠪᠦᠭᠡ

ᠪᠡᠯᠬᠦᠳᠡᠢ ᠶᠢᠨ ᠭᠤᠯᠤᠮᠳᠠ ᠶᠢᠨ ᠦᠴᠢᠭ︾ ᠭᠡᠬᠦ ᠮᠡᠳᠦ ᠶᠢᠨ ᠰᠤᠳᠤᠷ ᠪᠢᠴᠢᠭ ᠲᠠᠢ ᠪᠦᠭᠡᠳ ︽ᠭᠤᠯᠤᠮᠳᠠ

ᠳᠦᠭᠡᠨᠡᠬᠦ ᠳᠠᠷᠤᠮᠵᠢ ︵ᠳᠡᠰ ᠳᠠᠷᠠᠭ᠎ᠠ︶︾ ᠭᠡᠬᠦ ᠰᠤᠳᠤᠷ ᠲᠠᠢ᠂ ᠪᠠᠰᠠ ᠳᠠᠬᠢᠯᠭ᠎ᠠ ᠳᠠᠪᠢᠭ ᠦᠢᠯᠡᠳᠦᠭᠴᠢ ᠳᠤᠰᠬᠠᠢ

ᠠᠯᠪᠠᠳᠤ ᠲᠠᠢ ᠪᠠᠶᠢᠵᠠᠢ᠃ ᠴᠢᠩᠬᠢᠰ᠂ ᠪᠦᠭᠡ ᠪᠡᠯᠬᠦᠳᠡᠢ᠂ ᠦᠭᠡᠳᠡᠢ᠂ ᠳᠤᠯᠤᠢ ᠨᠠᠷ ᠤᠨ ᠭᠠᠯ ᠭᠤᠯᠤᠮᠳᠠ ᠶᠢᠨ

ᠳᠠᠬᠢᠯᠭ᠎ᠠ ᠨᠢ ᠮᠤᠩᠭᠤᠯ ᠲᠦᠷᠦ ᠠᠴᠠ ᠳᠤᠭᠳᠠᠭᠠᠭᠰᠠᠨ ᠨᠡᠶᠢᠳᠡ ᠮᠤᠩᠭᠤᠯ ᠤᠨ ᠳᠠᠬᠢᠯᠭ᠎ᠠ ᠳᠤᠯᠠ ᠮᠤᠩᠭᠤᠯ

ᠰᠤᠷᠪᠤᠯᠵᠢ ᠪᠢᠴᠢᠭ ᠳᠤ ︽ᠶᠡᠷᠦᠩᠭᠡᠢ ᠶᠢᠨ ᠰᠢᠳᠦᠭᠡᠨ︾ ᠭᠡᠵᠦ ᠤᠨᠤᠭᠠᠵᠦ ᠨᠡᠷᠡᠶᠢᠳᠴᠠᠢ᠃ ᠳᠡᠶᠢᠮᠦ ᠠᠴᠠ

ᠭᠠᠭᠴᠠ ᠠᠯᠳᠠᠨ ᠤᠷᠤᠭᠳᠠᠨ ᠤ ᠳᠠᠬᠢᠯᠭ᠎ᠠ ᠭᠡᠵᠦ ᠠᠳᠡᠬᠦᠦ ᠤᠶᠢᠯᠠᠭᠠᠵᠦ ᠦᠯᠦ ᠪᠤᠯᠤᠨ᠎ᠠ᠃ ᠴᠢᠩ ᠤᠯᠤᠰ ᠤᠨ

ᠦᠶ᠎ᠡ ᠠᠴᠠ ᠠᠪᠤᠭᠠᠳ ᠳᠤᠰ ᠵᠠᠭᠤᠨ ᠤ ᠳᠠᠪᠢᠭᠠᠳ ᠤᠨ ᠪᠤᠯᠳᠠᠯ᠎ᠠ ᠶᠡᠭᠡ ᠵᠤᠤ᠂ ᠰᠢᠯᠢ ᠶᠢᠨ ᠭᠤᠤᠯ᠂

ᠤᠯᠠᠭᠠᠨᠴᠠᠪ ᠤᠨ ᠤᠯᠠᠨ ᠬᠤᠰᠢᠭᠤᠳ ᠪᠦᠷ ︽ᠬᠤᠰᠢᠭᠤ ᠶᠠᠮᠤᠨ ᠤ ᠭᠠᠯ ᠳᠠᠬᠢᠵᠦ︾ ᠪᠠᠶᠢᠭᠰᠠᠨ ᠪᠦᠭᠡᠳ ᠬᠦᠭᠡᠴᠢ

᠂ ᠵᠤᠯᠠᠴᠢ᠂ ᠵᠠᠳᠴᠢᠨ ᠭᠠᠯᠴᠢ ᠮᠡᠳᠦ ᠶᠢᠨ ᠴᠤᠯᠠ ᠲᠠᠢ ᠶᠠᠮᠤᠨ ᠤ ᠭᠠᠯ ᠳᠠᠬᠢᠳᠠᠭ ᠳᠤᠰᠬᠠᠢ ᠠᠵᠢᠯ ᠳᠤᠰᠢᠶᠠᠯᠳᠠᠨ

 ᠢᠶᠠᠷ ᠭᠠᠯ ᠳᠠᠬᠢᠭᠤᠯᠵᠦ ᠪᠠᠶᠢᠵᠠᠢ᠃

● ᠰᠦᠮ᠎ᠡ ᠬᠡᠶᠢᠳ ᠤᠨ ᠳᠠᠬᠢᠯᠭ᠎ᠠ ᠭᠡᠳᠡᠭ ᠨᠢ ᠯᠠᠮᠠ ᠨᠠᠷ ᠳᠤᠭᠠᠩ ᠷᠠᠰᠠᠩ ᠳᠠᠭᠠᠨ ᠬᠤᠷᠠᠯ ᠬᠤᠷᠠᠵᠦ ᠳᠠᠬᠢᠳᠠᠭ

ᠭᠠᠯ ᠤᠨ ᠳᠠᠬᠢᠯᠭ᠎ᠠ᠃ ᠲᠦᠪᠡᠳ ᠤᠨ ᠰᠦᠮ᠎ᠡ ᠬᠡᠶᠢᠳ ᠲᠤ ᠭᠠᠯ ᠳᠠᠬᠢᠳᠠᠭ ᠵᠠᠩᠰᠢᠯ ᠦᠭᠡᠢ᠂ ᠬᠠᠷᠢᠨ ᠮᠤᠩᠭᠤᠯ

ᠰᠦᠮ᠎ᠡ ᠬᠡᠶᠢᠳ ᠲᠤ ᠯᠡ ᠭᠠᠯ ᠳᠠᠬᠢᠳᠠᠭ᠃

● ᠡᠩ ᠤᠨ ᠭᠠᠯ ᠳᠠᠬᠢᠯᠭ᠎ᠠ ᠭᠡᠳᠡᠭ ᠨᠢ ᠶᠡᠷᠦ ᠶᠢᠨ ᠴᠠᠭ ᠲᠤ ᠡᠳᠦᠷ ᠳᠤᠳᠤᠮ ᠤᠨ ᠢᠳᠡᠭᠡᠨ ᠤᠮᠳᠠᠭᠠᠨ ᠤ ᠳᠡᠭᠡᠵᠢ

 ᠪᠠᠨ ᠭᠠᠯ ᠳᠠᠭᠠᠨ ᠡᠷᠬᠦᠬᠦ᠂ ᠤᠷᠤᠭ ᠬᠤᠷᠢᠮ ᠳᠡᠭᠡᠷ᠎ᠡ ᠭᠠᠯ ᠭᠤᠯᠤᠮᠳᠠ ᠳᠠᠭᠠᠨ ᠮᠦᠷᠬᠦᠬᠦ ᠪᠤᠶᠤ ᠬᠡᠦᠭᠡᠳ

ᠦᠷᠡᠴᠢᠯᠡᠬᠦ᠂ ᠬᠡᠦᠭᠡᠳ ᠲᠠᠢ ᠪᠤᠯᠬᠤ᠂ ᠠᠶᠠᠨ ᠵᠢᠩ ᠳᠤ ᠶᠠᠪᠤᠬᠤ᠂ ᠴᠡᠷᠢᠭ ᠳᠠᠶᠢᠨ ᠳᠤ ᠮᠤᠷᠳᠠᠬᠤ᠂ ᠳᠡᠭᠡᠷᠡᠮ

ᠬᠤᠯᠠᠭᠠᠢ ᠠᠷᠪᠢᠳᠤᠬᠤ᠂ ᠭᠠᠩ ᠭᠠᠮᠰᠢᠭ ᠪᠤᠯᠬᠤ᠂ ᠡᠪᠡᠳᠴᠢᠨ ᠬᠢᠵᠢᠭ ᠳᠡᠯᠭᠡᠷᠡᠬᠦ᠂ ᠴᠢᠨ᠋ᠸ᠎ᠠ ᠨᠤᠬᠠᠢ ᠳᠤᠭᠰᠢᠷᠠᠬᠤ

ᠵᠡᠷᠭᠡ ᠡᠯᠳᠡᠪ ᠤᠴᠢᠷ ᠲᠤ ᠭᠠᠯ ᠭᠤᠯᠤᠮᠳᠠ ᠪᠠᠨ ᠳᠡᠭᠢᠵᠦ ᠠᠪᠤᠷᠠᠯ ᠳᠠᠭᠠᠳᠬᠠᠯ ᠭᠤᠶᠤᠬᠤ ᠵᠠᠩ ᠦᠢᠯᠡ ᠶᠢ ᠬᠡᠯᠡᠨ᠎ᠡ

᠃ ᠡᠬᠦᠨ ᠢ ᠪᠠᠰᠠ ᠡᠳᠦᠷ ᠤᠨ ᠳᠠᠬᠢᠯᠭ᠎ᠠ ᠴᠦ ᠭᠡᠳᠡᠭ᠃

● ᠰᠠᠷ᠎ᠠ ᠶᠢᠨ ᠭᠠᠯ ᠳᠠᠬᠢᠯᠭ᠎ᠠ ᠭᠡᠳᠡᠭ ᠨᠢ ᠰᠠᠷ᠎ᠠ ᠪᠦᠷᠢ ᠶᠢᠨ ᠰᠢᠨ᠎ᠡ ᠶᠢᠨ ᠨᠢᠭᠡᠨ᠂ ᠰᠢᠨ᠎ᠡ ᠶᠢᠨ ᠭᠤᠷᠪᠠᠨ ᠳᠤ ︽

ᠭᠤᠯᠤᠮᠳᠠ ᠳᠦᠭᠡᠨᠡᠵᠦ︾ ︵ᠭᠤᠯᠤᠮᠳᠠ ᠳᠦᠭᠡᠨᠡᠬᠦ ᠭᠡᠳᠡᠭ ᠨᠢ ︽ᠠᠯᠳᠠᠨ ᠤᠷᠳᠤᠨ ᠤ ᠭᠤᠯᠤᠮᠳᠠ ᠶᠢᠨ ᠪᠠᠭ᠎ᠠ

ᠦᠴᠢᠭ︾ ᠢ ᠳᠠᠭᠤᠳᠠᠨ ᠳᠡᠬᠦᠰᠬᠦ ᠳᠤ ᠳᠤᠤᠯᠢ ᠶᠠᠮᠤᠳᠤ ᠠᠴᠠ ᠮᠤᠳᠤᠨ ᠳᠤ ᠬᠠᠳᠬᠤᠭᠰᠠᠨ ᠰᠡᠬᠦᠯ ᠢᠶᠠᠷ ᠳᠤᠯᠭᠠᠨ

ᠤᠴᠤᠭ ᠢ ᠳᠦᠭᠡᠨᠡᠬᠦ ᠶᠢ ᠬᠡᠯᠡᠨ᠎ᠡ︶ ᠭᠠᠯ ᠢᠶᠠᠨ ᠳᠠᠬᠢᠳᠠᠭ ᠵᠠᠩᠰᠢᠯ᠃ ᠵᠤᠩᠬᠢᠯᠠᠬᠤ ᠮᠤᠩᠭᠤᠯᠴᠤᠳ ᠴᠠᠭᠠᠨ

ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠭᠤᠯᠤᠮᠳᠠ ᠳᠠᠭᠠᠨ ᠢᠳᠡᠭᠡᠨ ᠤ ᠳᠡᠭᠡᠵᠢ ᠡᠷᠬᠦᠨ ᠭᠠᠯ ᠢᠶᠠᠨ ᠳᠠᠬᠢᠳᠠᠭ᠃

● ᠤᠯᠠᠷᠢᠯ ᠤᠨ ᠭᠠᠯ ᠳᠠᠬᠢᠯᠭ᠎ᠠ ᠭᠡᠳᠡᠭ ᠨᠢ ᠲᠦᠷᠪᠡᠨ ᠤᠯᠠᠷᠢᠯ ᠳᠤ ᠳᠤᠬᠢᠶᠠᠯᠳᠤᠭᠤᠯᠤᠨ ᠭᠠᠯ ᠳᠠᠬᠢᠳᠠᠭ ᠵᠠᠩ

ᠦᠢᠯᠡ᠃ ᠡᠬᠦᠨ ᠳᠤ ᠭᠤᠤᠯᠳᠠᠭᠤ ᠴᠢᠩᠬᠢᠰ ᠤᠨ ᠨᠠᠢᠮᠠᠨ ᠴᠠᠭᠠᠨ ᠤᠷᠳᠤᠨ ᠤ ᠬᠠᠪᠤᠷ ᠤᠨ ᠤᠯᠠᠷᠢᠯ ᠤᠨ ᠴᠠᠭᠠᠨ

ᠰᠦᠷᠦᠭ ᠤᠨ ᠳᠠᠬᠢᠯᠭ᠎ᠠ᠂ ᠵᠤᠨ ᠤ ᠤᠯᠠᠷᠢᠯ ᠤᠨ ᠨᠠᠭᠤᠷ ᠤᠨ ᠳᠠᠬᠢᠯᠭ᠎ᠠ᠂ ᠨᠠᠮᠤᠷ ᠤᠨ ᠤᠯᠠᠷᠢᠯ ᠤᠨ ᠰᠡᠷᠭᠡ ᠶᠢᠨ

ᠳᠠᠬᠢᠯᠭ᠎ᠠ᠂ ᠡᠪᠦᠯ ᠤᠨ ᠤᠯᠠᠷᠢᠯ ᠤᠨ ᠳᠡᠰᠡᠮᠡᠨ ᠳᠠᠬᠢᠯᠭ᠎ᠠ ᠵᠡᠷᠭᠡ ᠨᠠᠢᠮᠠᠨ ᠴᠠᠭᠠᠨ ᠤᠷᠳᠤᠨ ᠳᠤ ᠭᠠᠯ ᠳᠠᠬᠢᠳᠠᠭ

ᠵᠠᠩᠰᠢᠯ ᠪᠠᠭᠳᠠᠭᠳᠠᠨ᠎ᠠ᠃ ● ᠶᠡᠭᠡ ᠭᠠᠯ ᠳᠠᠬᠢᠯᠭ᠎ᠠ ᠪᠢᠯᠢᠭ ᠤᠨ ᠤᠯᠠᠷᠢᠯ ᠤᠨ ᠡᠪᠦᠯ ᠤᠨ ᠰᠡᠬᠦᠯ ᠰᠠᠷ᠎ᠠ ᠶᠢᠨ

ᠬᠤᠷᠢᠨ ᠭᠤᠷᠪᠠᠨ ︵ᠬᠤᠷᠢᠨ ᠳᠦᠷᠪᠡᠨ︶ ᠤ ᠭᠠᠯ ᠤᠨ ᠳᠠᠬᠢᠯᠭ᠎ᠠ᠃ ᠡᠬᠦᠨ ᠢ ᠪᠠᠰᠠ ᠤᠨ ᠤ ᠭᠠᠯ ᠳᠠᠬᠢᠯᠭ᠎ᠠ᠂

ᠡᠪᠦᠯ ᠤᠨ ᠭᠠᠯ ᠳᠠᠬᠢᠯᠭ᠎ᠠ ᠭᠡᠳᠡᠭ᠃ ᠮᠤᠩᠭᠤᠯ ᠳᠠᠶᠠᠭᠠᠷ ᠪᠢᠯᠢᠭ ᠤᠨ ᠤᠯᠠᠷᠢᠯ ᠤᠨ ᠡᠪᠦᠯ ᠤᠨ ᠰᠡᠬᠦᠯ ᠰᠠᠷ᠎ᠠ ᠶᠢᠨ

ᠬᠤᠷᠢᠳ ᠠᠴᠠ ᠬᠤᠶᠢᠰᠢ ᠭᠠᠯ ᠳᠠᠬᠢᠳᠠᠭ᠃ ᠡᠨᠡ ᠤᠳᠠᠭᠠᠨ ᠤ ᠳᠠᠬᠢᠯᠭ᠎ᠠ ᠨᠢ ᠨᠡᠶᠢᠳᠡᠮ ᠤᠨ ᠴᠢᠨᠠᠷ ᠲᠠᠢ ᠪᠠᠶᠢᠵᠦ

ᠬᠦᠢᠴᠡᠳᠭᠡᠬᠦ ᠵᠠᠩ ᠦᠢᠯᠡ ᠨᠢ ᠠᠷᠪᠢᠨ ᠳᠤᠯᠠ ᠶᠡᠭᠡ ᠳᠠᠬᠢᠯᠭ᠎ᠠ ᠭᠡᠳᠡᠭ᠃ ᠪᠢᠯᠢᠭ ᠤᠨ ᠤᠯᠠᠷᠢᠯ ᠤᠨ ᠡᠪᠦᠯ ᠤᠨ

ᠰᠡᠬᠦᠯ ᠰᠠᠷ᠎ᠠ ᠶᠢ ᠪᠠᠰᠠ ᠬᠦᠭᠡᠭᠡ ᠰᠠᠷ᠎ᠠ᠂ ᠦᠭᠡᠯᠵᠢᠨ ᠰᠠᠷ᠎ᠠ᠂ ᠯᠠ ᠰᠠᠷ᠎ᠠ ᠭᠡᠳᠡᠭ᠃ ᠮᠤᠩᠭᠤᠯᠴᠤᠳ ᠤᠨ ᠤᠯᠠᠩᠬᠢ

 ᠨᠢ ᠳᠤᠰ ᠰᠠᠷ᠎ᠠ ᠶᠢᠨ ᠬᠤᠷᠢᠨ ᠭᠤᠷᠪᠠᠨ᠂ ᠬᠤᠷᠢᠨ ᠲᠦᠷᠪᠡᠨ ᠳᠤ ᠳᠠᠬᠢᠳᠠᠭ᠃ ᠪᠠᠷᠭᠤ ᠶᠢᠨ ᠵᠠᠷᠢᠮ ᠨᠤᠳᠤᠭ ᠤᠨ

ᠬᠢᠨᠢ ᠬᠤᠷᠢᠨ ᠵᠢᠷᠭᠤᠭᠠᠨ ᠳᠤ ᠳᠠᠬᠢᠳᠠᠭ᠃ ᠤᠩᠭᠤᠳ ᠳᠠᠬᠢᠵᠦ ᠪᠠᠶᠢᠭᠰᠠᠨ ᠬᠦᠪᠡᠭᠡᠳᠦ ᠰᠢᠷ᠎ᠡ ᠶᠢᠨ ᠶᠢᠰᠦ ᠶᠢᠨ

ᠰᠤᠮᠤᠨ ᠤ ᠵᠠᠷᠢᠮ ᠠᠶᠢᠯ᠂ ᠠᠪᠠᠭ᠎ᠠ ᠶᠢᠨ ᠡᠹᠦ᠋ ᠶᠢᠨ ᠬᠠᠯᠬ᠎ᠠ ᠠᠶᠢᠯ᠂ ᠬᠦᠬᠡᠨᠠᠭᠤᠷ ᠤᠨ ᠳᠡᠭᠡᠳᠦ ᠮᠤᠩᠭᠤᠯ ᠤᠨ

ᠵᠠᠷᠢᠮ ᠬᠤᠰᠢᠭᠤᠳ ᠡᠪᠦᠯ ᠤᠨ ᠰᠡᠬᠦᠯ ᠰᠠᠷ᠎ᠠ ᠶᠢᠨ ᠪᠢᠳᠡᠬᠦᠨ ᠳᠤ ᠭᠠᠯ ᠢᠶᠠᠨ ᠳᠠᠬᠢᠳᠠᠭ᠃ ᠲᠡᠶᠢᠮᠦ ᠠᠴᠠ ᠡᠨᠡ

ᠰᠠᠷ᠎ᠠ ᠶᠢᠨ ᠬᠤᠷᠢᠳ ᠢ ᠪᠠᠰᠠ ᠭᠠᠯ ᠤᠨ ᠬᠤᠷᠢᠳ ᠭᠡᠵᠦ ᠬᠡᠯᠡᠳᠡᠭ ᠪᠢᠯᠡ᠃

︽ᠮᠤᠩᠭᠤᠯ ᠤᠨ ᠨᠢᠭᠤᠴᠠ ᠳᠤᠪᠴᠢᠶᠠᠨ︾ ᠵᠡᠷᠭᠡ ᠰᠤᠷᠪᠤᠯᠵᠢ ᠪᠢᠴᠢᠭ ᠤᠳ ᠠᠴᠠ ᠬᠠᠶᠢᠬᠤ ᠳᠤ 13 ᠳ᠋ᠤᠭᠠᠷ

ᠵᠠᠭᠤᠨ ᠤ ᠳᠤᠮᠳᠠᠴᠢ ᠦᠶ᠎ᠡ ᠪᠤᠯᠳᠠᠯ᠎ᠠ ᠭᠠᠯ ᠳᠠᠬᠢᠬᠤ ᠳᠤᠭᠳᠠᠭᠰᠠᠨ ᠰᠠᠷ᠎ᠠ ᠡᠳᠦᠷ ᠪᠠᠶᠢᠭᠰᠠᠨ ᠦᠭᠡᠢ᠃ ᠳᠡᠷᠡ

ᠦᠶ᠎ᠡ ᠳᠤ ᠭᠤᠤᠯᠳᠠᠭᠤ ᠪᠠᠶᠠᠷ ᠨᠠᠶᠢᠷ ᠲᠤ ᠳᠤᠬᠢᠶᠠᠯᠳᠤᠭᠤᠯᠤᠨ ᠭᠠᠯ ᠭᠤᠯᠤᠮᠳᠠ ᠳᠠᠭᠠᠨ ᠶᠡᠭᠡ ᠰᠢᠭ ᠳᠠᠬᠢᠯᠭ᠎ᠠ

ᠡᠷᠬᠦᠵᠦ ᠪᠠᠶᠢᠵᠠᠢ᠃ ᠤᠯᠠᠮᠵᠢᠯᠠᠯ ᠶᠠᠷᠢᠶᠠᠨ ᠳᠤ ᠴᠢᠩᠬᠢᠰ ᠬᠠᠭᠠᠨ ᠳᠠᠶᠢᠨ ᠳᠤ ᠮᠤᠷᠳᠠᠭᠠᠳ ᠪᠤᠴᠠᠬᠤ ᠦᠶ᠎ᠡ ᠳᠤ

ᠤᠷᠢᠳᠠᠵᠦ ᠢᠷᠡᠭᠰᠡᠳ ᠨᠢ ᠬᠤᠷᠢᠨ ᠭᠤᠷᠪᠠᠨ ᠳᠤ ᠭᠠᠯ ᠢᠶᠠᠨ ᠳᠠᠬᠢᠵᠦ᠂ ᠡᠳᠦᠷ ᠢᠶᠠᠨ ᠠᠳᠡᠬᠦᠷᠡᠵᠦ ᠢᠷᠡᠭᠰᠡᠳ ᠨᠢ

ᠬᠤᠷᠢᠨ ᠲᠦᠷᠪᠡᠨ ᠳᠤ ᠭᠠᠯ ᠢᠶᠠᠨ ᠳᠠᠬᠢᠳᠠᠭ ᠭᠡᠰᠡᠨ ᠬᠡᠯᠡᠯᠭᠡ ᠪᠠᠶᠢᠳᠠᠭ᠃ ᠤᠯᠠᠮᠵᠢᠯᠠᠯ ᠶᠠᠷᠢᠶᠠᠨ ᠳᠤ ᠪᠠᠰᠠ ᠬᠠᠷᠠᠴᠤ

ᠠᠶᠢᠯ ᠨᠢ ᠬᠤᠷᠢᠨ ᠭᠤᠷᠪᠠᠨ ᠳᠤ᠂ ᠳᠠᠶᠢᠵᠢ ᠨᠠᠷ ᠨᠢ ᠬᠤᠷᠢᠨ ᠲᠦᠷᠪᠡᠨ ᠳᠤ ᠭᠠᠯ ᠳᠠᠬᠢᠳᠠᠭ ᠭᠡᠳᠡᠭ᠃ ᠶᠤᠸᠠᠨ

ᠤᠯᠤᠰ ᠤᠨ ᠦᠶ᠎ᠡ ᠳᠤ ᠴᠢᠩᠬᠢᠰ ᠤᠨ ᠠᠯᠳᠠᠨ ᠤᠷᠤᠭᠳᠠᠨ ᠢ ︽ᠳᠠᠶᠢᠵᠢ︾ ᠭᠡᠬᠦ ᠪᠤᠯᠤᠭᠰᠠᠨ ᠳᠤᠯᠠ ᠬᠤᠷᠢᠨ

ᠭᠤᠷᠪᠠᠨ ᠪᠠ ᠬᠤᠷᠢᠨ ᠲᠦᠷᠪᠡᠨ ᠳᠤ ᠭᠠᠯ ᠳᠠᠬᠢᠬᠤ ᠶᠤᠰᠤ ᠨᠢ ᠶᠤᠮ ᠶᠤᠸᠠᠨ ᠤᠯᠤᠰ ᠤᠨ ᠦᠶ᠎ᠡ ᠠᠴᠠ ᠨᠠᠰᠢ

ᠪᠤᠯᠤᠭᠰᠠᠨ ᠪᠠᠶᠢᠨ᠎ᠠ᠃ ᠮᠤᠩᠭᠤᠯ ᠤᠷᠤᠨ ᠤ ᠵᠠᠷᠢᠮ ᠨᠤᠳᠤᠭ ᠢᠶᠠᠷ ᠭᠠᠯ ᠤᠨ ᠪᠤᠷᠬᠠᠨ ᠬᠤᠷᠢᠨ ᠭᠤᠷᠪᠠᠨ ᠳᠤ ᠳᠡᠭᠷᠢ

 ᠠᠴᠠ ᠪᠠᠭᠤᠵᠦ᠂ ᠬᠤᠷᠢᠨ ᠲᠦᠷᠪᠡᠨ ᠳᠤ ᠳᠡᠭᠷᠢ ᠳᠤ ᠭᠠᠷᠳᠠᠭ ᠭᠡᠳᠡᠭ᠃ ᠡᠶᠢᠮᠦ ᠠᠴᠠ ᠵᠠᠷᠢᠮ ᠠᠶᠢᠯ ᠨᠢ ᠭᠠᠯ ᠤᠨ

ᠪᠤᠷᠬᠠᠨ ᠢᠶᠠᠨ ᠤᠭᠳᠤᠵᠦ ᠬᠤᠷᠢᠨ ᠭᠤᠷᠪᠠᠨ ᠳᠤ ᠳᠠᠬᠢᠳᠠᠭ᠂ ᠵᠠᠷᠢᠮ ᠠᠶᠢᠯ ᠨᠢ ᠭᠠᠯ ᠤᠨ ᠪᠤᠷᠬᠠᠨ ᠢᠶᠠᠨ ᠦᠳᠡᠵᠦ

ᠬᠤᠷᠢᠨ ᠲᠦᠷᠪᠡᠨ ᠳᠤ ᠳᠠᠬᠢᠳᠠᠭ ᠭᠡᠳᠡᠭ᠃ ᠡᠨᠡ ᠨᠢ ᠬᠤᠷᠢᠨ ᠭᠤᠷᠪᠠᠨ᠂ ᠬᠤᠷᠢᠨ ᠳᠦᠷᠪᠡᠨ ᠳᠤ ᠭᠠᠯ ᠳᠠᠬᠢᠬᠤ

ᠪᠤᠯᠤᠭᠰᠠᠨ ᠤᠴᠢᠷ ᠤᠨ ᠬᠠᠮᠤᠭ ᠤᠨ ᠤᠨᠤᠪᠴᠢᠳᠠᠢ ᠬᠡᠯᠡᠯᠭᠡ ᠮᠦᠨ᠃

▲ ᠭᠠᠯ ᠳᠠᠬᠢᠬᠤ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠡᠪᠴᠢᠬᠦᠦ ᠬᠤᠰ ᠪᠠ ᠡᠪᠡᠰᠦ ᠮᠤᠳᠤ᠂

ᠢᠳᠡᠭᠡᠨ ᠤ ᠵᠤᠶᠢᠯ᠂ ᠡᠮᠦᠰᠭᠡᠯ ᠰᠡᠳᠡᠷ ᠢ ᠪᠡᠯᠡᠳᠭᠡᠵᠦ ᠤᠳᠤᠭ᠎ᠠ ᠳᠤᠭᠤᠰᠤ ᠪᠠᠨ ᠱᠦᠬᠦᠷᠳᠡᠨ ᠭᠠᠯ ᠳᠠᠬᠢᠬᠤ ᠪᠠᠷ

ᠪᠡᠯᠡᠳᠭᠡᠳᠡᠭ ᠵᠠᠩᠰᠢᠯ᠃

● ᠡᠪᠴᠢᠬᠦᠦ ᠬᠤᠰ ᠪᠡᠯᠡᠳᠭᠡᠬᠦ ᠶᠤᠰᠤᠨ ᠡᠪᠦᠯ ᠤᠨ ᠦᠬᠦᠴᠡ ᠭᠠᠷᠭᠠᠬᠤ ᠦᠶᠡᠰ ᠬᠠᠮᠠᠭᠤ ᠬᠢᠵᠢᠭ ᠬᠦᠷᠳᠡᠭᠰᠡᠨ

ᠦᠭᠡᠢ᠂ ᠴᠢᠨ᠋ᠸ᠎ᠠ ᠨᠤᠬᠠᠢ ᠳᠤ ᠬᠠᠵᠠᠭᠳᠠᠭᠰᠠᠨ ᠦᠭᠡᠢ ᠴᠠᠭᠠᠨ ᠪᠤᠶᠤ ᠬᠠᠯᠵᠠᠨ ᠬᠤᠨᠢ ᠶᠢ ᠠᠯᠠᠵᠦ ᠡᠪᠴᠢᠬᠦᠦ ᠪᠠ

ᠬᠤᠰ ᠢ ᠨᠢ ᠭᠠᠯ ᠳᠠᠬᠢᠯᠭ᠎ᠠ ᠳᠤ ᠬᠡᠷᠡᠭᠯᠡᠬᠦ ᠪᠠᠷ ᠪᠡᠯᠡᠳᠭᠡᠳᠡᠭ ᠵᠠᠩᠰᠢᠯ᠃

● ᠡᠪᠡᠰᠦ ᠮᠤᠳᠤ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠬᠠᠶᠢᠯᠠᠰᠤᠨ ᠮᠤᠳᠤ ᠪᠠ ᠬᠢᠯᠭᠠᠨ᠎ᠠ᠂

ᠲᠦᠷᠸᠠ ︵ᠦᠯᠦᠩ ᠴᠠᠭᠠᠨ︶ ᠳᠡᠬᠦᠵᠦ ᠪᠡᠯᠡᠳᠭᠡᠳᠡᠭ ᠵᠠᠩᠰᠢᠯ᠃

● ᠭᠠᠯ ᠤᠨ ᠳᠤᠭᠤᠰᠤ ᠬᠦᠪᠢᠬᠦ ᠶᠤᠰᠤᠨ ᠭᠠᠯ ᠳᠠᠬᠢᠬᠤ ᠡᠳᠦᠷ ᠡᠷᠳᠡᠯᠡᠨ ᠮᠠᠯ ᠢᠶᠠᠨ ᠪᠡᠯᠴᠢᠭᠡᠭᠡᠳ ᠭᠡᠷ ᠤᠨ ᠡᠳ᠋ᠯᠡᠯ

ᠬᠡᠷᠡᠭᠰᠡᠯ᠂ ᠬᠦᠷᠢᠶ᠎ᠠ ᠬᠠᠰᠢᠶ᠎ᠠ᠂ ᠭᠡᠷ ᠤᠨ ᠤᠶᠢᠷ᠎ᠠ ᠬᠠᠪᠢ ᠶᠢᠨ ᠢᠶᠠᠨ ᠤᠳᠤᠭ᠎ᠠ ᠳᠤᠭᠤᠰᠤ ᠶᠢ ᠨᠢ ᠬᠦᠪᠢᠵᠦ

ᠴᠡᠪᠡᠷᠯᠡᠬᠦ ᠵᠠᠩᠰᠢᠯ᠂ ᠵᠠᠷᠢᠮ ᠭᠠᠵᠠᠷ ᠲᠤ ᠪᠠᠰᠠ ᠤᠳᠤᠭ᠎ᠠ ᠱᠦᠬᠦᠷᠳᠡᠬᠦ ᠭᠡᠳᠡᠭ᠃

● ᠤᠳᠠᠰᠤ ᠡᠭᠡᠷᠡᠬᠦ ᠶᠤᠰᠤᠨ ᠭᠠᠯ ᠤᠨ ᠡᠪᠴᠢᠬᠦᠦ ᠵᠠᠰᠠᠬᠤ ᠳᠤ ᠬᠡᠷᠡᠭᠯᠡᠬᠦ ᠤᠩᠭᠠᠰᠤᠨ ᠤᠳᠠᠰᠤ ᠶᠢ ᠡᠭᠡᠷᠡᠵᠦ

ᠪᠡᠯᠡᠳᠭᠡᠳᠡᠭ ᠵᠠᠩᠰᠢᠯ᠃

● ᠡᠪᠴᠢᠬᠦᠦ ᠵᠠᠰᠠᠬᠤ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠡᠪᠴᠢᠬᠦᠨ ᠤ ᠮᠢᠬ᠎ᠠ ᠶᠢ ᠱᠤᠯᠤᠨ ᠰᠠᠯᠭᠠᠵᠦ

ᠨᠤᠤᠰᠤᠨ ᠤᠳᠠᠰᠤ ᠪᠠᠷ ᠤᠷᠢᠶᠠᠨ ᠳᠠᠬᠢᠯᠭ᠎ᠠ ᠳᠤ ᠬᠡᠷᠡᠭᠯᠡᠬᠦ ᠪᠠᠷ ᠪᠡᠯᠡᠳᠭᠡᠳᠡᠭ ᠵᠠᠩᠰᠢᠯ᠃

● ᠳᠠᠯᠠᠯᠭᠠᠨ ᠭᠡᠰᠢᠭ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠳᠡᠭ ᠳᠠᠯᠠᠯᠭᠠᠨ ᠰᠠᠭᠤᠯᠭ᠎ᠠ ᠳᠤ

ᠡᠪᠴᠢᠬᠦᠨ ᠤ ᠭᠡᠷᠰᠡᠩ᠂ ᠴᠤᠷᠤᠢ ᠶᠢᠨ ᠮᠢᠬ᠎ᠠ᠂ ᠱᠠᠭᠠᠨᠳᠤ᠂ ᠲᠦᠷᠪᠡᠨ ᠦᠨᠳᠦᠷ ᠵᠡᠷᠭᠡ ᠶᠢ ᠬᠢᠵᠦ ᠳᠠᠬᠢᠯᠭ᠎ᠠ ᠳᠤ

ᠪᠡᠯᠡᠳᠭᠡᠳᠡᠭ ᠵᠠᠩᠰᠢᠯ᠃

● ᠠᠮᠤᠰᠤ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠬᠦ ᠮᠢᠬ᠎ᠠ ᠴᠢᠨᠠᠭᠰᠠᠨ ᠱᠦᠯᠦᠨ ᠳᠤ ᠠᠭᠠᠷᠤᠤᠯ᠂

ᠴᠢᠪᠠᠭ᠎ᠠ᠂ ᠪᠤᠷᠠᠮ᠂ ᠰᠢᠷ᠎ᠠ ᠳᠤᠰᠤ ᠬᠢᠵᠦ ᠨᠠᠷᠢᠮᠤ᠂ ᠮᠤᠩᠭᠤᠯ ᠠᠮᠤ ᠪᠤᠶᠤ ᠳᠤᠳᠤᠷᠭ᠎ᠠ ᠪᠠᠷ ᠠᠭᠰᠢᠭᠠᠭᠰᠠᠨ

ᠪᠤᠳᠠᠭ᠎ᠠ ᠴᠢᠨᠠᠬᠤ ᠵᠠᠩᠰᠢᠯ᠃

● ᠳᠤᠰᠤᠭᠠᠯ ᠪᠡᠯᠡᠳᠭᠡᠬᠦ ᠶᠤᠰᠤᠨ ᠭᠠᠯ ᠳᠠᠬᠢᠬᠤ ᠳᠠᠭᠠᠨ ᠭᠠᠯ ᠤᠨ ᠲᠦᠯᠦ ᠶᠢ ᠬᠦᠭᠵᠢᠬᠡᠬᠦ ᠪᠠᠷ ᠭᠠᠯ ᠳᠤ

ᠳᠤᠰᠤᠭᠠᠳᠠᠭ ᠰᠠᠷᠬᠤᠳ᠂ ᠳᠤᠰᠤ᠂ ᠬᠠᠯᠢᠮ ᠦᠭᠡᠬᠦ ᠶᠢ ᠬᠤᠳᠬᠤᠵᠦ ᠬᠤᠯᠢᠭᠰᠠᠨ ᠡᠳ᠋ ᠢ ᠪᠡᠯᠡᠳᠭᠡᠳᠡᠭ ᠵᠠᠩᠰᠢᠯ᠃

ᠳᠤᠰᠤᠭᠠᠯ ᠢ ᠪᠠᠰᠠ ︽ᠰᠢᠵᠢᠮ︾᠂ ︽ᠰᠢᠳᠠᠮ︾ ᠭᠡᠬᠦ ᠮᠡᠳᠦ ᠪᠠᠷ ᠨᠡᠷᠡᠯᠡᠳᠡᠭ᠃

● ᠡᠮᠦᠰᠬᠡᠯ ᠪᠡᠯᠡᠳᠭᠡᠬᠦ ᠶᠤᠰᠤᠨ ᠳᠤᠯᠭᠠᠨ ᠤ ᠤᠴᠤᠭ ᠲᠤ ᠡᠯᠬᠦᠬᠦ ᠪᠤᠶᠤ ᠭᠠᠯ ᠳᠠᠬᠢᠯᠭ᠎ᠠ ᠳᠤ ᠬᠡᠷᠡᠭᠯᠡᠬᠦ ᠬᠦᠭᠡ᠂

ᠴᠠᠭᠠᠨ᠂ ᠰᠢᠷ᠎ᠠ᠂ ᠨᠤᠭᠤᠭᠠᠨ᠂ ᠤᠯᠠᠭᠠᠨ ᠳᠠᠪᠤᠨ ᠦᠩᠭᠡ ᠶᠢᠨ ᠪᠦᠰ ᠪᠤᠶᠤ ᠳᠤᠷᠭ᠎ᠠ ᠪᠠᠷ ᠬᠢᠭᠰᠡᠨ ᠡᠮᠦᠰᠭᠡᠯ

ᠪᠡᠯᠡᠳᠭᠡᠳᠡᠭ ᠵᠠᠩᠰᠢᠯ᠃

● ᠰᠡᠳᠡᠷ ᠪᠡᠯᠡᠳᠭᠡᠬᠦ ᠶᠤᠰᠤᠨ ᠮᠤᠩᠭᠤᠯᠴᠤᠳ ᠭᠠᠯ ᠳᠠᠬᠢᠯᠭ᠎ᠠ ᠳᠤ ᠳᠠᠪᠤᠨ ᠬᠤᠰᠢᠭᠤ ᠮᠠᠯ ᠪᠤᠶᠤ ᠨᠤᠬᠠᠢ ᠪᠠᠨ

ᠰᠡᠳᠡᠷᠯᠡᠬᠦ ᠳᠤ ᠵᠡᠬᠦᠯᠭᠡᠳᠡᠭ ᠰᠡᠳᠡᠷ ᠪᠡᠯᠡᠳᠭᠡᠬᠦ ᠵᠠᠩᠰᠢᠯ᠃

● ᠭᠠᠯ ᠤᠨ ᠵᠤᠯᠠ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠬᠡᠷᠡᠭᠯᠡᠳᠡᠭ ᠠᠮᠤᠰᠤ ᠪᠤᠳᠠᠭ᠎ᠠ ᠪᠠᠷ ᠬᠢᠭᠰᠡᠨ ᠵᠤᠯᠠ

ᠪᠡᠯᠡᠳᠭᠡᠬᠦ ᠵᠠᠩᠰᠢᠯ᠃

● ᠭᠠᠯ ᠤᠨ ᠪᠠᠯᠢᠩ ᠪᠡᠯᠡᠳᠭᠡᠬᠦ ᠶᠤᠰᠤᠨ ᠭᠤᠯᠢᠷ ᠢᠶᠠᠷ ᠳᠠᠪᠤᠨ ᠬᠤᠰᠢᠭᠤ ᠮᠠᠯ ᠪᠤᠶᠤ ᠰᠡᠷᠭᠡ ᠤᠨᠤᠭᠰᠠᠨ ᠬᠦᠮᠦᠨ

 ᠤ ᠪᠠᠯᠢᠩ ᠪᠠᠷᠢᠵᠦ ᠭᠠᠯ ᠳᠠᠬᠢᠬᠤ ᠳᠤ ᠬᠡᠷᠡᠭᠯᠡᠬᠦ ᠪᠠᠷ ᠪᠡᠯᠡᠳᠭᠡᠳᠡᠭ ᠵᠠᠩᠰᠢᠯ᠃

● ᠭᠠᠯ ᠤᠨ ᠰᠤᠳᠤᠷ ᠪᠡᠯᠡᠳᠭᠡᠬᠦ ᠶᠤᠰᠤᠨ ᠭᠠᠯ ᠳᠠᠬᠢᠯᠭ᠎ᠠ ᠳᠤ ᠤᠩᠰᠢᠬᠤ ᠭᠠᠯ ᠤᠨ ᠰᠤᠳᠤᠷ ᠢ ᠪᠡᠯᠡᠳᠭᠡᠵᠦ

ᠲᠦᠬᠦᠷᠭᠡᠬᠦ ᠵᠠᠩᠰᠢᠯ᠂᠃

▲ ᠭᠠᠯ ᠳᠠᠬᠢᠬᠤ ᠶᠤᠰᠤᠨ ᠬᠤᠨᠢ ᠪᠠᠷ ᠭᠠᠯ ᠳᠠᠬᠢᠬᠤ᠂ ᠡᠪᠴᠢᠬᠦᠦ ᠪᠠᠷ ᠭᠠᠯ ᠳᠠᠬᠢᠬᠤ᠂ ᠮᠤᠩᠭᠤᠯ ᠭᠡᠷ ᠲᠤ ᠭᠠᠯ

ᠳᠠᠬᠢᠬᠤ᠂ ᠪᠠᠶᠢᠰᠢᠩ ᠳᠤ ᠭᠠᠯ ᠳᠠᠬᠢᠬᠤ᠂ ᠮᠠᠯ ᠨᠤᠬᠠᠢ ᠰᠡᠳᠡᠷᠯᠡᠬᠦ᠂ ᠭᠠᠯ ᠤᠨ ᠴᠡᠭᠡᠷ ᠵᠡᠷᠭᠡ ᠶᠤᠰᠤᠨ ᠪᠠᠭᠳᠠᠳᠠᠭ᠃

● ᠬᠤᠨᠢ ᠪᠠᠷ ᠭᠠᠯ ᠳᠠᠬᠢᠬᠤ ᠶᠤᠰᠤᠨ ᠰᠢᠯᠢ ᠶᠢᠨ ᠭᠤᠤᠯ᠂ ᠴᠠᠬᠠᠷ᠂ ᠪᠠᠷᠭᠤ᠂ ᠤᠷᠳᠤᠰ᠂ ᠤᠯᠠᠭᠠᠨᠴᠠᠪ ᠤᠨ

ᠵᠠᠷᠢᠮ ᠠᠶᠢᠯ ᠤᠳ ᠤᠨ ᠬᠤᠨᠢ ᠪᠠᠷ ᠭᠠᠯ ᠳᠠᠬᠢᠳᠠᠭ ᠵᠠᠩ ᠦᠢᠯᠡ᠃ ᠬᠤᠷᠢᠨ ᠭᠤᠷᠪᠠᠨ ᠪᠤᠶᠤ ᠬᠤᠷᠢᠨ ᠲᠦᠷᠪᠡᠨ

 ᠳᠤ ᠭᠠᠯ ᠳᠠᠬᠢᠳᠠᠭ ᠠᠶᠢᠯ ᠨᠢ ᠳᠡᠷᠡ ᠡᠳᠦᠷ ᠲᠡᠭᠡᠨ ᠬᠤᠨᠢ ᠪᠠᠨ ᠤᠳᠤᠯᠭ᠎ᠠ ᠪᠠᠷ ᠠᠷᠢᠭᠤᠳᠬᠠᠨ ᠴᠠᠭᠠᠨ ᠢᠰᠡᠭᠡᠢ

ᠳᠠᠪᠢᠰᠴᠦ ᠨᠢᠳᠤᠯᠠᠭᠠᠳ ᠳᠦᠷᠪᠡᠨ ᠰᠢᠬᠢᠷ᠎ᠡ ᠶᠢ ᠠᠷᠠᠰᠤᠨ ᠳᠤ ᠨᠢ ᠳᠠᠭᠠᠭᠤᠯᠵᠦ᠂ ᠠᠷᠠᠰᠤᠨ ᠤ ᠬᠦᠷᠦᠰᠦᠨ ᠳᠠᠯ᠎ᠠ

ᠳᠡᠭᠡᠷ᠎ᠡ ᠬᠤᠨᠢᠨ ᠤ ᠳᠤᠯᠤᠭᠠᠢ᠂ ᠮᠦᠴᠢ ᠪᠠ ᠪᠦᠬᠦ ᠮᠢᠬ᠎ᠠ ᠶᠢ ᠬᠡᠪᠳᠡᠵᠦ ᠪᠠᠶᠢᠭ᠎ᠠ ᠬᠤᠨᠢᠨ ᠤ ᠮᠠᠶ᠋ᠢᠭ ᠲᠠᠢ ᠳᠠᠯᠪᠢᠨ᠎ᠠ

᠃ ᠭᠡᠷ ᠤᠨ ᠡᠵᠡᠨ ᠨᠢ ᠭᠠᠯ ᠳᠠᠬᠢᠭᠴᠢ ᠪᠦᠬᠦ ᠬᠦᠮᠦᠰ ᠲᠤ ᠬᠦᠰᠬᠦᠯᠡᠭᠰᠡᠨ ᠦᠭᠡᠬᠦ᠂ ᠬᠢᠯᠭᠠᠨ᠎ᠠ᠂ ᠬᠠᠶᠢᠯᠠᠰᠤᠨ

ᠮᠦᠴᠢᠷ ᠳᠦᠭᠡᠭᠡᠨ ᠦᠭᠴᠦ ᠭᠠᠯ ᠳᠠᠭᠠᠨ ᠦᠭᠡᠬᠦ᠂ ᠬᠢᠯᠭᠠᠨ᠎ᠠ ᠡᠷᠬᠦᠵᠦ ᠮᠦᠷᠬᠦᠬᠦ ᠳᠤ ᠪᠤᠰᠤᠳ ᠬᠦᠮᠦᠰ ᠴᠦ

ᠳᠠᠭᠠᠯᠴᠠᠨ ᠦᠭᠡᠬᠦ᠂ ᠬᠢᠯᠭᠠᠨ᠎ᠠ᠂ ᠬᠠᠶᠢᠯᠠᠰᠤᠨ ᠮᠦᠴᠢᠷ ᠢᠶᠠᠨ ᠭᠠᠯ ᠳᠤ ᠡᠷᠬᠦᠵᠦ ᠮᠦᠷᠬᠦᠨ᠎ᠡ᠃ ᠳᠠᠷᠠᠭ᠎ᠠ ᠨᠢ

ᠲᠦᠷᠪᠡᠨ ᠬᠦᠮᠦᠨ ᠪᠠᠷᠠᠭᠤᠨ ᠭᠠᠷ ᠢᠶᠠᠷ ᠢᠶᠠᠨ ᠬᠤᠨᠢᠨ ᠠᠷᠠᠰᠤᠨ ᠤ ᠲᠦᠷᠪᠡᠨ ᠰᠢᠬᠢᠷ᠎ᠡ ᠠᠴᠠ ᠳᠠᠮᠨᠠᠨ ᠡᠬᠦᠳᠡ ᠪᠠᠷ

ᠭᠠᠷᠴᠦ ᠵᠡᠬᠦᠨ ᠰᠦᠪᠡᠭᠡ ᠪᠠᠨ ᠳᠤᠯᠤᠨ ᠠᠷᠠᠰᠤ ᠲᠠᠢ ᠮᠢᠬ᠎ᠠ ᠶᠢ ᠳᠡᠭᠡᠭᠰᠢ ᠳᠤᠷᠤᠭᠰᠢ ᠬᠦᠳᠡᠯᠭᠡᠨ ᠳᠠᠯᠠᠯᠭ᠎ᠠ ᠠᠪᠴᠦ

ᠭᠡᠷ ᠢᠶᠠᠨ ᠨᠠᠷᠠᠨ ᠵᠦᠪ ᠢᠶᠠᠷ ᠭᠤᠷᠪᠠ ᠡᠷᠬᠢᠵᠦ ᠤᠷᠤᠵᠦ ᠢᠷᠡᠭᠡᠳ ᠳᠤᠭᠤᠭ᠎ᠠ ᠳᠠᠯᠪᠢᠵᠦ ᠳᠠᠯᠠᠯᠭ᠎ᠠ ᠳᠠᠯᠠᠯᠤᠭᠰᠠᠨ

ᠮᠢᠬ᠎ᠠ ᠪᠠᠨ ᠴᠢᠨᠠᠵᠦ ᠢᠳᠡᠳᠡᠭ᠃ ᠡᠨᠡ ᠬᠤᠨᠢᠨ ᠮᠢᠬ᠎ᠠ ᠶᠢ ᠮᠦᠨ ᠦᠳᠡᠰᠢ ᠳᠡᠭᠡᠨ ᠪᠦᠬᠦᠳᠡ ᠶᠢ ᠴᠡᠪᠡᠷᠯᠡᠨ ᠢᠳᠡᠵᠦ

ᠱᠦᠯᠦ ᠠᠴᠠ ᠨᠢ ᠠᠮᠰᠠᠭᠠᠳ ᠶᠠᠰᠤ ᠶᠢ ᠨᠢ ᠳᠦᠯᠦᠳᠡᠭ᠃ ᠡᠨᠡᠬᠦ ᠳᠠᠬᠢᠯᠭ᠎ᠠ ᠶᠢᠨ ᠶᠤᠰᠤᠯᠠᠯ ᠢ ᠮᠤᠩᠭᠤᠯᠴᠤᠳ

ᠶᠡᠬᠡᠪᠴᠢᠯᠡᠨ ᠢᠩᠬᠢᠵᠦ ᠬᠦᠢᠴᠡᠳᠭᠡᠳᠡᠭ ᠪᠠᠶᠢᠪᠠ᠃

● ᠡᠪᠴᠢᠬᠦᠦ ᠪᠠᠷ ᠭᠠᠯ ᠳᠠᠬᠢᠬᠤ ᠶᠤᠰᠤᠨ ᠬᠤᠨᠢᠨ ᠤ ᠡᠪᠴᠢᠬᠦᠦ ᠪᠠᠷ ᠭᠤᠤᠯ ᠳᠠᠬᠢᠯ ᠳᠠᠪᠢᠭ ᠪᠤᠯᠭᠠᠨ ᠭᠠᠯ

ᠳᠠᠬᠢᠳᠠᠭ ᠵᠠᠩᠰᠢᠯ᠃ ᠪᠦᠬᠦᠯᠢ ᠬᠤᠨᠢ ᠪᠠᠷ ᠭᠠᠯ ᠳᠠᠬᠢᠳᠠᠭ ᠨᠢ ᠪᠦᠭᠡ ᠮᠦᠷᠬᠦᠯ ᠤᠨ ᠵᠠᠩ ᠦᠢᠯᠡ ᠪᠠᠶᠢᠵᠦ᠂

ᠡᠪᠴᠢᠬᠦᠦ ᠪᠠᠷ ᠭᠠᠯ ᠳᠠᠬᠢᠳᠠᠭ ᠨᠢ ᠰᠢᠷ᠎ᠠ ᠶᠢᠨ ᠱᠠᠰᠢᠨ ᠤ ᠨᠤᠮᠯᠠᠯ ᠪᠦᠭᠡ ᠮᠦᠷᠬᠦᠯ ᠤᠨ ᠶᠤᠰᠤᠨ ᠲᠠᠢ

ᠬᠤᠳᠬᠤᠯᠳᠤᠭᠰᠠᠨ ᠵᠨᠵᠢ ᠲᠠᠢ ᠵᠠᠩ ᠦᠢᠯᠡ ᠪᠤᠯᠤᠨ᠎ᠠ᠃ ᠯᠠᠮᠠ ᠨᠠᠷ ᠰᠢᠷ᠎ᠠ ᠶᠢᠨ ᠱᠠᠰᠢᠨ ᠤ ᠨᠤᠮᠯᠠᠯ ᠢᠶᠠᠨ

ᠵᠢᠷᠤᠮᠯᠠᠨ ᠮᠤᠩᠭᠤᠯᠴᠤᠳ ᠤᠨ ᠭᠠᠯ ᠳᠠᠬᠢᠬᠤ ᠵᠠᠩᠰᠢᠯ ᠳᠤ ᠡᠯᠳᠡᠪ ᠠᠭᠤᠯᠭ᠎ᠠ ᠨᠡᠮᠡᠵᠦ ᠳᠠᠬᠢᠯᠭ᠎ᠠ ᠮᠦᠷᠬᠦᠯ ᠢ ᠨᠢ

ᠨᠠᠷᠢᠨ ᠪᠤᠯᠭᠠᠵᠦ ᠭᠠᠯ ᠳᠠᠬᠢᠯᠭ᠎ᠠ ᠶᠢᠨ ᠰᠤᠶᠤᠯ ᠢ ᠴᠢᠨᠠᠭᠰᠢᠳᠠ ᠬᠦᠭᠵᠢᠬᠦᠯᠦᠨ ᠳᠡᠯᠭᠡᠷᠡᠬᠦᠯᠵᠡᠢ᠃ ᠡᠪᠴᠢᠬᠦᠦ ᠪᠠᠷ

ᠳᠠᠬᠢᠬᠤ ᠪᠤᠯᠤᠭᠰᠠᠨ ᠨᠢ ᠬᠤᠨᠢ ᠪᠠᠷ ᠳᠠᠬᠢᠬᠤ ᠪᠠᠨ ᠬᠢᠯᠪᠠᠷᠴᠢᠯᠠᠵᠦ ᠡᠪᠴᠢᠬᠦᠦ ᠪᠠᠷ ᠬᠤᠨᠢ ᠶᠢ ᠤᠷᠤᠯᠠᠭᠤᠯᠤᠭᠰᠠᠨ

ᠬᠡᠷᠡᠭ ᠪᠤᠯᠤᠨ᠎ᠠ᠃ ᠡᠪᠴᠢᠬᠦᠦ ᠪᠠᠷ ᠭᠤᠤᠯ ᠳᠠᠬᠢᠯ ᠳᠠᠪᠢᠭ ᠪᠤᠯᠭᠠᠭᠰᠠᠨ ᠤ ᠤᠴᠢᠷ ᠨᠢ ︽ᠬᠠᠮᠤᠭ ᠮᠢᠬᠠᠨ ᠤ

ᠳᠡᠪᠢᠰᠭᠡᠷ ᠡᠪᠴᠢᠬᠦᠦ︾ ᠭᠡᠳᠡᠭ ᠲᠤ ᠤᠷᠤᠰᠢᠨ᠎ᠡ᠃ ᠭᠠᠯ ᠤᠨ ᠡᠪᠴᠢᠬᠦᠨ ᠤ ᠭᠡᠷᠰᠡᠩ ᠳᠤ ᠨᠢ ᠠᠷᠠᠰᠤ ᠶᠢ ᠨᠢ

ᠦᠯᠡᠳᠡᠭᠡᠵᠦ ᠠᠪᠳᠠᠭ ᠨᠢ ᠮᠦᠨ ᠯᠡ ᠠᠷᠠᠰᠤ ᠲᠠᠢ ᠬᠤᠨᠢ ᠪᠠᠷ ᠳᠠᠬᠢᠵᠦ ᠪᠠᠶᠢᠬᠤ ᠰᠠᠨᠠᠭ᠎ᠠ ᠶᠢ ᠢᠯᠡᠳᠭᠡᠳᠡᠭ᠃

ᠮᠤᠩᠭᠤᠯᠴᠤᠳ ᠡᠪᠴᠢᠬᠦᠦ ᠶᠢ ᠬᠠᠳᠤᠨ ᠬᠦᠮᠦᠨ ︵ᠡᠮ᠎ᠡ ᠬᠦᠢᠰᠦᠳᠡᠨ︶ ᠤ ᠵᠤᠭᠤᠭ ᠢᠶᠠᠷ ᠬᠡᠷᠡᠭᠯᠡᠳᠡᠭ ᠵᠠᠩᠰᠢᠯ

 ᠲᠠᠢ᠃ ᠡᠶᠢᠮᠦ ᠠᠴᠠ ᠭᠠᠯ ᠤᠨ ᠪᠤᠷᠬᠠᠨ ᠢᠶᠠᠨ ᠡᠬᠡ ᠶᠢᠨ ᠪᠦᠷᠢᠯᠸ᠎ᠠ ᠭᠡᠵᠦ ᠪᠢᠰᠢᠷᠠᠨ ᠰᠢᠳᠦᠵᠦ ᠡᠪᠴᠢᠬᠦᠦ ᠪᠠᠷ ᠭᠠᠯ

ᠳᠠᠬᠢᠯᠭ᠎ᠠ ᠶᠢᠨ ᠭᠤᠤᠯ ᠳᠠᠪᠢᠭ ᠪᠤᠯᠭᠠᠭᠰᠠᠨ ᠶᠤᠮ᠃

● ᠮᠤᠩᠭᠤᠯ ᠭᠡᠷ ᠲᠤ ᠭᠠᠯ ᠳᠠᠬᠢᠬᠤ ᠶᠤᠰᠤᠨ ᠮᠤᠩᠭᠤᠯ ᠭᠡᠷ ᠲᠤ ᠭᠠᠯ ᠳᠠᠬᠢᠬᠤ ᠳᠡᠰ ᠳᠠᠷᠠᠭ᠎ᠠ᠂ ᠰᠠᠭᠤᠳᠠᠯ

ᠪᠠᠶᠢᠷᠢᠯᠠᠯ ᠵᠡᠷᠭᠡ ᠳᠤ ᠬᠤᠯᠪᠤᠭᠳᠠᠬᠤ ᠵᠠᠩᠰᠢᠯ᠃ ᠦᠳᠡᠰᠢ ᠰᠢᠷ᠎ᠠ ᠪᠦᠷᠦᠢ ᠳᠠᠰᠤᠷᠠᠵᠦ ᠤᠳᠤ ᠪᠠᠷᠢᠯᠳᠤᠬᠤ ᠦᠶ᠎ᠡ

 ᠪᠠᠷ ᠳᠤᠯᠭᠠᠨ ᠳᠠᠭᠠᠨ ᠦᠭᠡᠷ ᠤᠨ ᠬᠤᠷ ᠠᠷᠭᠠᠯ ᠵᠡᠷᠭᠡᠯᠡᠵᠦ᠂ ᠬᠠᠶᠢᠯᠠᠰᠤᠨ ᠮᠤᠳᠤ ᠪᠠᠨ ᠳᠤᠯᠭᠠᠨ ᠤ ᠪᠠᠨ ᠬᠠᠵᠠᠭᠤ

 ᠳᠤ ᠵᠡᠷᠭᠡᠯᠡᠨ ᠳᠠᠯᠪᠢᠵᠦ᠂ ᠳᠤᠯᠭᠠᠨ ᠤ ᠶᠠᠨᠳᠠᠷ ︵ᠪᠠᠰᠠ ᠬᠦᠷᠢᠶ᠎ᠡ᠂ ᠬᠡᠶᠡᠩ ᠭᠡᠳᠡᠭ︶ ᠤᠨ ᠳᠤᠳᠤᠷ᠎ᠠ

ᠳᠤᠭᠤᠷᠢᠭᠤᠯᠤᠨ ᠨᠡᠶᠢᠳᠡᠮ ᠳᠤ ᠨᠢ ᠠᠮᠢᠳᠤ ᠰᠢᠷᠤᠢ ︵ᠰᠢᠨ᠎ᠡ ᠰᠢᠷᠤᠢ᠂ ᠴᠡᠪᠨᠷ ᠡᠯᠡᠰᠦ︶ ᠠᠰᠬᠠᠳᠠᠭ᠃ ᠶᠠᠨᠳᠠᠷ

 ᠤᠨ ᠳᠤᠳᠤᠷ᠎ᠠ ᠳᠠᠯ᠎ᠠ ᠶᠢᠨ ᠲᠦᠷᠪᠡᠨ ᠦᠨᠴᠦᠭ ᠲᠤ ᠤᠩᠭᠠᠰᠤ ᠪᠤᠶᠤ ᠪᠠᠭ᠎ᠠ ᠰᠢᠭ᠋ ᠲᠦᠷᠪᠡᠯᠵᠢᠯᠡᠨ ᠵᠦᠰᠦᠭᠰᠡᠨ

ᠴᠠᠭᠠᠨ ᠮᠤᠤᠳᠤ ᠴᠠᠭᠠᠰᠤ ᠳᠡᠪᠢᠰᠴᠦ ᠪᠢᠴᠢᠬᠠᠨ ᠳᠠᠪᠠᠭ ᠲᠠᠢ ᠠᠮᠤᠰᠤᠨ ᠵᠤᠯᠠ ᠪᠠᠨ ᠲᠦᠷᠪᠡᠨ ᠦᠨᠴᠦᠭ ᠲᠤ ᠨᠢ

ᠳᠠᠯᠪᠢᠳᠠᠭ᠃ ᠤᠷᠳᠤᠰ᠂ ᠤᠷᠠᠳ᠂ ᠠᠯᠠᠰᠠᠨ ᠳᠤ ᠡᠨᠡ ᠲᠦᠷᠪᠡᠨ ᠠᠮᠤᠰᠤᠨ ᠵᠤᠯᠠᠨ ᠤ ᠳᠤᠤᠷ᠎ᠠ ᠴᠠᠭᠠᠨ ᠨᠤᠤᠰᠤᠨ

ᠳᠡᠭᠡᠷ᠎ᠡ ᠪᠢᠴᠢᠬᠠᠨ ᠲᠦᠷᠪᠡᠯᠵᠢᠨ ᠤᠯᠠᠭᠠᠨ ᠴᠠᠭᠠᠰᠤ ᠳᠠᠪᠬᠤᠷᠯᠠᠨ ᠳᠡᠪᠢᠰᠬᠦ ᠪᠤᠶᠤ ᠤᠩᠭᠠᠰᠤ ᠬᠡᠷᠡᠭᠯᠡᠬᠦ ᠦᠭᠡᠢ

ᠴᠠᠭᠠᠨ᠂ ᠤᠯᠠᠭᠠᠨ ᠬᠤᠶᠠᠷ ᠦᠩᠭᠡ ᠶᠢᠨ ᠴᠠᠭᠠᠰᠤ ᠳᠡᠪᠢᠰᠳᠡᠭ ᠴᠦ ᠪᠤᠢ᠃ ᠢᠩᠭᠢᠭᠡᠳ ᠳᠠᠪᠤᠨ ᠦᠩᠭᠡ ᠶᠢᠨ

ᠡᠮᠦᠰᠭᠡᠯ ᠢᠶᠠᠨ ᠤᠴᠤᠭ ᠤᠨ ᠤᠷᠤᠢ ᠠᠴᠠ ᠡᠯᠬᠦᠳᠡᠭ᠃ ᠦᠵᠦᠮᠦᠴᠢᠨ᠂ ᠪᠠᠭᠠᠷᠢᠨ᠂ ᠬᠡᠰᠢᠭᠳᠡᠨ ᠳᠤ ᠤᠴᠤᠭ ᠠᠴᠠ

ᠡᠯᠬᠦᠬᠦ ᠦᠭᠡᠢ ᠳᠤᠯᠭᠠᠨ ᠤ ᠲᠦᠷᠪᠡᠨ ᠤᠴᠤᠭ ᠢ ᠳᠦᠰᠢᠬᠦᠯᠵᠦ ᠳᠠᠯᠪᠢᠳᠠᠭ᠃ ᠵᠠᠷᠢᠮ ᠭᠠᠵᠠᠷ ᠲᠤ ᠳᠤᠯᠭᠠᠨ ᠤ

ᠲᠦᠷᠪᠡᠨ ᠤᠴᠤᠭ ᠤᠨ ᠳᠤᠤᠷ᠎ᠠ ᠳᠠᠯ᠎ᠠ ᠳᠤ ᠭᠤᠯᠢᠷ ᠢᠶᠠᠨ ᠵᠠᠰᠠᠭᠰᠠᠨ ᠪᠠᠯᠢᠩ ᠢᠶᠠᠨ ᠵᠢᠭᠰᠠᠭᠠᠵᠦ ᠳᠠᠯᠪᠢᠳᠠᠭ᠃

ᠦᠵᠦᠮᠦᠴᠢᠨ ᠤ ᠵᠠᠷᠢᠮ ᠠᠶᠢᠯ ᠨᠢ ᠳᠠᠪᠤᠨ ᠬᠤᠰᠢᠭᠤ ᠮᠠᠯ ᠤᠨ ᠳᠦᠷᠰᠦᠳᠡᠢ ᠪᠠᠯᠢᠩ ᠪᠦᠷᠢ ᠳᠤ ᠬᠡᠳᠦᠨ ᠪᠦᠮᠪᠦᠯ

ᠬᠢᠵᠦ ᠳᠠᠭᠠᠯᠳᠤᠭᠤᠯᠳᠠᠭ᠃

ᠭᠠᠯ ᠳᠠᠬᠢᠬᠤ ᠬᠦᠮᠦᠰ ᠴᠤᠭᠯᠠᠷᠠᠨ᠂ ᠠᠬᠠᠮᠠᠳ ᠳᠤᠮᠤᠭᠠᠳᠠᠢ ᠨᠢ ᠬᠤᠶᠢᠮᠦᠷ ᠭᠤᠤᠯᠯᠠᠨ ᠰᠠᠭᠤᠵᠦ᠂ ᠪᠦᠰᠡᠶᠢᠴᠤᠤᠯ

 ᠨᠢ ᠪᠠᠷᠠᠭᠤᠨ ᠳᠠᠯ᠎ᠠ ᠪᠠᠷ᠂ ᠪᠦᠰᠡᠬᠦᠶᠢᠴᠤᠳ ᠨᠢ ᠵᠡᠬᠦᠨ ᠳᠠᠯ᠎ᠠ ᠪᠠᠷ ᠰᠠᠭᠤᠵᠦ᠂ ᠭᠡᠦᠭᠡᠳ ᠰᠢᠤᠬᠠᠳ ᠢ ᠬᠤᠶᠢᠮᠤᠷ

ᠭᠠᠷᠭᠠᠳᠠᠭ ᠦᠭᠡᠢ᠃ ᠭᠠᠯ ᠳᠠᠬᠢᠭᠴᠢ ᠬᠦᠮᠦᠰ ᠳᠡᠪᠡᠯ ᠮᠠᠯᠠᠭᠠᠢ ᠪᠠᠨ ᠳᠡᠷᠢ ᠳᠡᠭᠰᠢ ᠡᠮᠦᠰᠴᠦ᠂ ᠬᠡᠦᠭᠡᠳ ᠪᠠᠭᠠᠴᠤᠳ

 ᠤᠨ ᠨᠢᠭᠤᠷ ᠭᠠᠷ ᠢ ᠨᠢ ᠤᠬᠢᠶᠠᠵᠦ ᠠᠷᠢᠭᠤᠨ ᠴᠡᠪᠡᠷ ᠪᠠᠶᠢᠬᠤ ᠶᠢ ᠡᠷᠬᠢᠮᠨᠡᠨ᠎ᠡ᠃ ᠭᠠᠯ ᠳᠠᠬᠢᠬᠤ ᠠᠶᠢᠯ ᠤᠨ ᠡᠵᠡᠭᠳᠡᠢ

 ᠨᠢ ᠳᠤᠯᠤᠭᠠᠢ ᠶᠢᠨ ᠵᠠᠰᠠᠯ ᠢᠶᠠᠨ ᠵᠡᠬᠦᠵᠦ᠂ ᠪᠦᠷᠬᠦ ᠮᠠᠯᠠᠭᠠᠢ ᠪᠠᠨ ᠡᠮᠦᠰᠴᠦ᠂ ᠵᠡᠬᠦᠨ ᠡᠮᠦᠨ᠎ᠡ ᠡᠷᠬᠢᠨᠡᠭ ᠬᠠᠪᠢ ᠳᠤ

ᠵᠤᠭᠰᠤᠳᠠᠭ᠃ ᠳᠠᠷᠠᠭ᠎ᠠ ᠨᠢ ᠳᠤᠯᠭᠠᠨ ᠤ ᠡᠮᠦᠨ᠎ᠡ᠂ ᠡᠬᠦᠳᠡᠨ ᠭᠤᠤᠯ ᠳᠤ ᠴᠠᠭᠠᠨ ᠬᠤᠨᠢᠨ ᠠᠷᠠᠰᠤ ᠶᠢ ᠦᠰᠦ ᠶᠢ

 ᠨᠢ ᠳᠡᠭᠡᠭᠰᠢ ᠬᠠᠷᠠᠭᠤᠯᠵᠦ᠂ ᠳᠤᠯᠤᠭᠠᠢ ᠶᠢ ᠨᠢ ᠳᠤᠯᠭ᠎ᠠ ᠶᠢᠨ ᠵᠦᠭ ᠲᠤ ᠬᠠᠨᠳᠤᠭᠤᠯᠤᠨ ᠳᠡᠪᠢᠰᠴᠦ ︵ᠤᠷᠳᠤᠰ᠂

ᠠᠯᠠᠱᠠᠨ᠂ ᠤᠷᠠᠳ ᠤᠨ ᠭᠡᠰᠡᠭ ᠠᠶᠢᠯ ᠨᠢ ᠴᠠᠭᠠᠨ ᠢᠰᠡᠭᠡᠢ ᠳᠡᠪᠢᠰᠳᠡᠭ︶᠂ ᠠᠷᠠᠰᠤᠨ ᠤ ᠡᠮᠦᠨ᠎ᠡ ᠪᠠᠭ᠎ᠠ ᠰᠢᠷᠡᠭᠡ

ᠳᠠᠯᠪᠢᠨ ᠳᠡᠭᠡᠷ᠎ᠡ ᠨᠢ ᠳᠠᠪᠠᠭ ᠲᠠᠢ ᠵᠠᠰᠠᠭᠰᠠᠨ ᠡᠪᠴᠢᠬᠦᠦ ᠶᠢ ᠪᠦᠳᠦᠷᠭᠡᠢ ᠶᠢ ᠨᠢ ᠳᠤᠯᠭ᠎ᠠ ᠦᠭᠡᠳᠡ ᠬᠠᠨᠳᠤᠭᠤᠯᠤᠨ

ᠳᠠᠯᠪᠢᠳᠠᠭ᠃ ᠯᠠᠮᠠ ᠪᠠᠶᠢᠪᠠᠯ ᠡᠨᠡ ᠦᠶ᠎ᠡ ᠳᠤ ᠨᠤᠮ ᠤᠩᠰᠢᠵᠦ ᠰᠠᠩ ᠳᠠᠯᠪᠢᠳᠠᠭ᠃ ᠤᠯᠠᠩᠬᠢ ᠠᠶᠢᠯ ᠯᠠᠮᠠ ᠦᠭᠡᠢ

ᠪᠤᠯᠬᠤᠷ ᠭᠡᠷ ᠤᠨ ᠡᠵᠡᠨ ᠦᠪᠡᠷ ᠢᠶᠠᠨ ᠤᠳᠤᠯᠭ᠎ᠠ ᠳᠠᠯᠪᠢᠵᠦ ᠭᠠᠯ ᠳᠤᠯᠭ᠎ᠠ ᠪᠠᠨ ᠠᠷᠢᠭᠤᠳᠬᠠᠵᠦ ᠬᠤᠶᠢᠮᠤᠷ

ᠰᠠᠭᠤᠭᠰᠠᠨ ᠬᠦᠮᠦᠨ ᠠᠴᠠ ᠡᠬᠢᠯᠡᠨ ᠪᠤᠶᠢᠪᠤᠷ ᠲᠠᠢ ᠤᠳᠤᠯᠭ᠎ᠠ ᠪᠠᠨ ᠳᠠᠮᠵᠢᠭᠤᠯᠵᠦ ᠵᠦᠪ ᠢᠶᠠᠷ ᠨᠢᠭᠡ ᠡᠷᠬᠢᠬᠦᠯᠵᠦ

ᠠᠷᠢᠭᠤᠳᠬᠠᠨ᠎ᠠ᠃

ᠭᠡᠷ ᠤᠨ ᠡᠵᠡᠭᠳᠡᠢ ᠪᠤᠷᠬᠠᠨ ᠳᠠᠭᠠᠨ ᠵᠤᠯᠠ ᠡᠷᠬᠦᠵᠦ᠂ ᠶᠠᠨᠳᠠᠷ ᠤᠨ ᠲᠦᠷᠪᠡᠨ ᠦᠨᠴᠦᠭ ᠲᠠᠬᠢ ᠠᠮᠤᠰᠤᠨ ᠵᠤᠯᠠ ᠪᠠᠨ

ᠡᠷᠬᠦᠭᠡᠳ ᠳᠤᠯᠭᠠᠨ ᠳᠤ ᠵᠡᠷᠭᠡᠯᠡᠭᠰᠡᠨ ᠠᠷᠭᠠᠯ ᠢᠶᠠᠨ ᠨᠤᠴᠤᠭᠠᠨ᠎ᠠ᠃ ᠭᠡᠷ ᠤᠨ ᠡᠵᠡᠨ ᠨᠢ ᠬᠠᠶᠢᠯᠠᠰᠤᠨ ᠮᠤᠳᠤ ᠪᠠᠨ

ᠳᠤᠯᠭᠠᠨ ᠤ ᠤᠴᠤᠭ ᠤᠨ ᠳᠤᠳᠤᠷ᠎ᠠ ᠵᠡᠬᠦᠨᠳᠡᠢ ᠪᠠᠷᠠᠭᠤᠨᠳᠠᠢ ᠨᠢᠭᠡ ᠨᠢᠭᠡ᠂ ᠬᠤᠶᠢᠨ᠎ᠠ ᠡᠮᠦᠨ᠎ᠡ ᠨᠢᠭᠡ ᠨᠢᠭᠡ ᠪᠠᠷ

ᠦᠵᠦᠬᠦᠷ ᠢ ᠨᠢ ᠵᠦᠷᠢᠬᠦᠯᠡᠨ ᠭᠤᠷᠪᠠᠨ ᠳᠠᠪᠬᠤᠷ ᠵᠡᠷᠭᠡᠯᠡᠵᠦ ᠳᠠᠯᠪᠢᠭᠠᠳ ᠬᠤᠨᠢᠨ ᠠᠷᠠᠰᠤᠨ ᠳᠡᠭᠡᠷ᠎ᠡ ᠬᠤᠷᠮᠤᠢ ᠪᠠᠨ

ᠳᠡᠪᠢᠰᠴᠦ ᠪᠠᠭ᠎ᠠ ᠰᠢᠷᠡᠭᠡᠨ ᠳᠡᠭᠡᠷᠡᠬᠢ ᠡᠪᠴᠢᠬᠦᠦ ᠶᠢ ᠫᠢᠯᠠ ᠶᠢ ᠨᠢ ᠤᠷᠬᠢᠨ ᠰᠦᠪᠡᠷᠭᠡᠳᠡᠰᠦ ᠶᠢᠨ ᠳᠤᠤᠷ᠎ᠠ ᠠᠴᠠ

ᠪᠠᠷᠢᠵᠦ ᠪᠦᠳᠦᠷᠭᠡᠢ ᠶᠢ ᠨᠢ ᠳᠤᠯᠭ᠎ᠠ ᠤᠷᠤᠭᠤ ᠬᠠᠨᠳᠤᠭᠤᠯᠤᠨ᠄ ︽ᠠᠢ︕ ᠤᠦ᠂ ᠠᠢ︕︾ ᠭᠡᠵᠦ ᠳᠠᠭᠠᠭ᠎ᠠ

ᠶᠠᠳᠠᠵᠦ ᠪᠠᠶᠢᠭ᠎ᠠ ᠲᠦᠷᠢᠯᠡᠨ ᠳᠤᠯᠭᠠᠨ ᠳᠤ ᠰᠠᠭᠤᠯᠭᠠᠵᠦ ᠭᠠᠯ ᠳᠠᠭᠠᠨ ᠭᠤᠷᠪᠠᠨ ᠰᠦᠬᠦᠳᠡᠯ ᠢᠶᠠᠷ ᠶᠢᠰᠦᠨᠳᠡ

ᠮᠦᠷᠬᠦᠨ᠎ᠡ᠃ ᠳᠠᠷᠠᠭ᠎ᠠ ᠨᠢ ᠭᠡᠷ ᠤᠨ ᠡᠵᠡᠭᠳᠡᠢ ᠳᠤᠯᠭᠠᠨ ᠤ ᠵᠡᠬᠦᠨ ᠳᠠᠯ᠎ᠠ ᠳᠤ ᠵᠤᠭᠰᠤᠵᠦ ᠵᠡᠬᠦᠨ ᠭᠠᠷ ᠲᠠᠭᠠᠨ

ᠳᠤᠰᠤᠭᠠᠯ ᠬᠢᠭᠰᠡᠨ ᠰᠠᠪᠠ ᠪᠠᠷᠢᠵᠦ ᠪᠠᠷᠠᠭᠤᠨ ᠭᠠᠷ ᠲᠠᠬᠢ ᠬᠠᠯᠪᠠᠭᠠᠨ ᠰᠢᠨᠠᠭ᠎ᠠ ᠪᠠᠷ ᠢᠶᠠᠨ ᠳᠤᠰᠤᠭᠠᠯ ᠠᠴᠠ

ᠤᠳᠬᠤᠨ ᠠᠪᠴᠦ ᠳᠤᠯᠭᠠᠨ ᠤ ᠵᠡᠬᠦᠨ ᠡᠮᠦᠨ᠎ᠡ ᠠᠴᠠ ᠡᠬᠢᠯᠡᠨ ᠵᠦᠪ ᠢᠶᠠᠷ ᠡᠷᠬᠢᠵᠦ ᠤᠴᠤᠭ ᠲᠤ ᠳᠤᠭᠳᠠᠭᠠᠭᠰᠠᠨ

ᠡᠮᠦᠰᠭᠡᠯ ᠳᠤ ᠳᠤᠰᠤᠭᠠᠯ ᠳᠤᠰᠤᠭᠠᠨ᠎ᠠ᠃ ᠦᠭᠡᠬᠦ ᠳᠤᠰᠤ ᠭᠠᠯ ᠲᠠᠢ ᠠᠪᠤᠯᠴᠠᠮᠠᠭᠴᠠ ᠭᠠᠯ ᠤᠨ ᠲᠦᠯᠦ ᠪᠠᠳᠠᠷᠠᠨ

ᠭᠡᠷ ᠤᠨ ᠳᠤᠭᠤᠨᠤ ᠳᠤᠯᠬᠤ ᠰᠢᠬᠠᠳᠠᠭ᠃ ᠭᠠᠯ ᠤᠨ ᠳᠦᠯᠦ ᠪᠠᠭ᠎ᠠ ᠨᠠᠮᠵᠢᠬᠤ ᠳᠤ ᠭᠡᠷ ᠤᠨ ᠡᠵᠡᠭᠳᠡᠢ ︵ᠪᠡᠷᠢ

ᠪᠠᠭᠤᠯᠭᠠᠭᠰᠠᠨ ᠪᠠᠶᠢᠪᠠᠯ ᠡᠨᠡ ᠠᠵᠢᠯ ᠢ ᠪᠡᠷᠢ ᠨᠢ ᠬᠦᠢᠴᠡᠳᠭᠡᠨ᠎ᠡ︶ ᠭᠠᠯ ᠳᠠᠭᠠᠨ ᠳᠤᠰᠤᠭᠠᠯ ᠨᠡᠮᠡᠬᠦ ᠳᠤ ᠭᠡᠷ ᠤᠨ

ᠡᠵᠡᠨ ᠨᠢ ᠰᠠᠭᠤᠳᠠᠯ ᠳᠠᠭᠠᠨ ᠰᠠᠭᠤᠵᠦ ᠭᠠᠯ ᠳᠠᠬᠢᠯᠭ᠎ᠠ ᠶᠢᠨ ᠰᠤᠳᠤᠷ ᠤᠩᠰᠢᠨ᠎ᠡ᠃ ᠡᠨᠡ ᠨᠢ ᠡᠪᠴᠢᠬᠦᠦ ᠡᠷᠬᠦᠵᠦ

ᠭᠠᠯ ᠳᠠᠬᠢᠬᠤ ᠵᠠᠩ ᠦᠢᠯᠡ ᠶᠢᠨ ᠨᠢᠭᠡᠨ ᠲᠦᠷᠦᠯ ᠪᠤᠯᠤᠨ᠎ᠠ᠃ ᠨᠤᠳᠤᠭ ᠨᠤᠳᠤᠭ ᠤᠨ ᠬᠤᠭᠤᠷᠤᠨᠳᠤ ᠪᠠᠨ ᠵᠢᠭᠠᠬᠠᠨ

ᠵᠦᠷᠢᠶ᠎ᠡ ᠲᠠᠢ ᠪᠤᠯᠪᠠᠴᠦ ᠮᠤᠩᠭᠤᠯᠴᠤᠳ ᠮᠤᠩᠭᠤᠯ ᠭᠡᠷ ᠲᠤ ᠶᠡᠬᠡᠪᠴᠢᠯᠡᠨ ᠡᠶᠢᠨᠬᠦ ᠮᠠᠶ᠋ᠢᠭ ᠢᠶᠠᠷ ᠭᠠᠯ ᠤᠨ ᠳᠠᠬᠢᠯᠭ᠎ᠠ

 ᠶᠢᠨ ᠦᠢᠯᠡ ᠶᠢ ᠬᠦᠢᠴᠡᠳᠭᠡᠳᠡᠭ᠃

● ᠪᠠᠶᠢᠰᠢᠩ ᠳᠤ ᠭᠠᠯ ᠳᠠᠬᠢᠬᠤ ᠶᠤᠰᠤᠨ ᠨᠡᠶᠢᠭᠡᠮ ᠳᠡᠦᠭᠡ᠂ ᠭᠠᠵᠠᠷ ᠳᠠᠷᠢᠶᠠᠯᠠᠩ᠂ ᠠᠵᠦ ᠦᠢᠯᠡᠳᠪᠤᠷᠢ ᠶᠢᠨ

ᠬᠦᠭᠵᠢᠯᠳᠡ ᠶᠢ ᠳᠠᠭᠠᠯᠳᠤᠨ ᠮᠤᠩᠭᠤᠯᠴᠤᠳ ᠤᠨ ᠪᠠᠶᠢᠰᠢᠩ ᠳᠤ ᠰᠠᠭᠤᠵᠦ ᠡᠪᠦᠯᠵᠢᠳᠡᠭ ᠨᠢ ᠤᠯᠠᠰᠢᠷᠠᠵᠠᠢ᠃

ᠤᠷᠳᠤᠰ᠂ ᠤᠷᠠᠳ᠂ ᠴᠠᠬᠠᠷ ᠤᠨ ᠪᠠᠶᠢᠰᠢᠩ ᠳᠤ ᠰᠠᠭᠤᠳᠠᠭ ᠠᠶᠢᠯ ᠨᠢ ᠭᠠᠯ ᠳᠠᠬᠢᠬᠤ ᠪᠤᠯᠪᠠᠯ ᠰᠢᠪᠠᠷ ᠵᠤᠤᠬᠠᠨ

ᠳᠡᠭᠡᠷ᠎ᠡ ᠪᠤᠶᠤ ᠵᠤᠤᠬᠠᠨ ᠳᠤᠳᠤᠷ᠎ᠠ ᠭᠠᠩ ᠳᠤᠯᠭ᠎ᠠ ᠪᠠᠨ ᠳᠠᠯᠪᠢᠵᠦ ᠭᠠᠯ ᠢᠶᠠᠨ ᠳᠠᠬᠢᠳᠠᠭ᠃ ᠳᠠᠬᠢᠬᠤ ᠵᠠᠩ ᠦᠢᠯᠡ

 ᠨᠢ ᠪᠠᠷᠤᠭ ᠯᠡ ᠮᠤᠩᠭᠤᠯ ᠭᠡᠷ ᠲᠤ ᠭᠠᠯ ᠳᠠᠬᠢᠳᠠᠭ ᠲᠠᠢ ᠠᠳᠠᠯᠢ ᠪᠠᠶᠢᠳᠠᠭ᠃ ᠠᠳᠠᠯᠢ ᠦᠭᠡᠢ ᠵᠤᠶᠢᠯ ᠨᠢ ᠭᠡᠷ ᠤᠨ

ᠡᠵᠡᠨ ᠨᠢ ᠵᠤᠤᠬᠠᠨ ᠠᠮᠠᠰᠠᠷ ᠤᠨ ᠡᠰᠡᠷᠬᠦ ᠵᠦᠭ ᠠᠴᠠ ᠡᠪᠴᠢᠬᠦᠦ ᠪᠠᠨ ᠡᠷᠬᠦᠵᠦ ᠮᠦᠷᠬᠦᠳᠡᠭ᠃ ᠬᠠᠨᠵᠤᠨ ᠳᠡᠭᠡᠷ᠎ᠡ

ᠰᠠᠭᠤᠬᠤ ᠳᠠᠭᠠᠨ ᠨᠠᠰᠤᠳᠠᠢ ᠳᠤᠮᠤᠭᠠᠳᠠᠢ ᠬᠦᠮᠦᠰ ᠨᠢ ᠰᠢᠷᠡᠭᠡᠨ ᠤ ᠭᠤᠤᠯ ᠢᠶᠠᠷ ᠰᠠᠭᠤᠵᠦ ᠪᠤᠰᠤᠳ ᠨᠢ ᠵᠡᠬᠦᠨ

ᠪᠠᠷᠠᠭᠤᠨ ᠳᠠᠯ᠎ᠠ ᠭᠡᠵᠦ ᠮᠤᠩᠭᠤᠯ ᠭᠡᠷ ᠰᠢᠭ ᠳᠤᠳᠤᠷᠬᠠᠢ ᠢᠯᠭᠠᠬᠤ ᠦᠭᠡᠢ ᠳᠤᠷ᠎ᠠ ᠪᠠᠷ ᠰᠠᠭᠤᠵᠠᠭᠠᠳᠠᠭ᠃ ᠤᠯᠠᠩᠬᠢ

ᠪᠠᠶᠢᠰᠢᠩ ᠲᠠᠢ ᠠᠶᠢᠯ ᠨᠢ ᠪᠤᠷᠬᠠᠨ ᠢᠶᠠᠨ ᠬᠠᠨᠵᠤᠨ ᠳᠡᠭᠡᠷ᠎ᠡ ᠪᠠᠨ ᠳᠠᠬᠢᠳᠠᠭ ᠦᠭᠡᠢ᠂ ᠬᠠᠷᠢᠨ ᠬᠦᠰᠡᠷ ᠲᠤ

ᠬᠤᠷᠭᠤᠨ ᠳᠡᠭᠡᠷ᠎ᠡ ᠪᠤᠶᠤ ᠬᠦᠩᠭᠠᠷᠠᠪᠠ ᠳᠤ ᠳᠠᠬᠢᠳᠠᠭ ᠪᠠᠶᠢᠵᠠᠢ᠃ ᠰᠡᠬᠦᠯᠳᠡᠵᠦ ᠢᠷᠡᠭᠡᠳ ᠭᠠᠩ ᠳᠤᠯᠭ᠎ᠠ ᠬᠡᠷᠡᠭᠯᠡᠬᠦ

ᠦᠭᠡᠢ ᠰᠢᠪᠠᠷ ᠵᠤᠤᠬᠠᠨ ᠳᠠᠭᠠᠨ ᠳᠠᠬᠢᠯᠭ᠎ᠠ ᠡᠷᠬᠦᠳᠡᠭ ᠪᠤᠯᠵᠠᠢ᠃ ᠰᠢᠪᠠᠷ ᠵᠤᠤᠬᠠᠨ ᠳᠤ ᠭᠠᠯ ᠳᠠᠬᠢᠬᠤ ᠳᠠᠭᠠᠨ

ᠳᠤᠭᠤᠭ᠎ᠠ ᠪᠠᠨ ᠠᠪᠴᠦ ᠵᠤᠤᠬᠠᠨ ᠳᠠᠭᠠᠨ ᠠᠷᠭᠠᠯ ᠵᠡᠷᠭᠡᠯᠡᠨ᠂ ᠬᠠᠶᠢᠯᠠᠰᠤᠨ ᠮᠤᠳᠤ ᠪᠠᠨ ᠠᠷᠭᠠᠯ ᠤᠨ ᠳᠡᠭᠡᠷ᠎ᠡ

ᠵᠡᠷᠭᠡᠯᠡᠵᠦ᠂ ᠵᠤᠤᠬᠠᠨ ᠤ ᠳᠡᠭᠡᠷ᠎ᠡ ᠳᠠᠯ᠎ᠠ ᠶᠢᠨ ᠲᠦᠷᠪᠡᠨ ᠦᠨᠴᠦᠭ ᠲᠤ ᠫᠢᠯᠡ ᠲᠠᠢ ᠲᠦᠷᠪᠡᠨ ᠠᠮᠤᠰᠤᠨ ᠵᠤᠯᠠ ᠪᠠᠨ

ᠳᠠᠯᠪᠢᠵᠦ᠂ ᠵᠤᠤᠬᠠᠨ ᠠᠮᠠᠰᠠᠷ ᠤᠨ ᠬᠠᠮᠠᠷ ᠳᠡᠭᠡᠷ᠎ᠡ ᠨᠢᠭᠡ ᠴᠦᠬᠦᠴᠡ ᠵᠤᠯᠠ ᠡᠷᠬᠦᠵᠦ᠂ ᠳᠠᠪᠤᠨ ᠦᠩᠭᠡ ᠶᠢᠨ

ᠡᠮᠦᠰᠭᠡᠯ ᠨᠢᠭᠡ ᠶᠢ ᠵᠠᠰᠠᠵᠦ ᠡᠪᠴᠢᠬᠦᠨ ᠳᠡᠭᠡᠷ᠎ᠡ ᠳᠠᠯᠪᠢᠭᠠᠳ ᠭᠡᠷ ᠤᠨ ᠡᠵᠡᠨ ᠨᠢ ᠭᠠᠯ ᠳᠠᠭᠠᠨ ᠡᠷᠬᠦᠵᠦ ᠮᠦᠷᠬᠦᠳᠡᠭ

᠃ ᠭᠡᠷ ᠤᠨ ᠡᠵᠡᠭᠳᠡᠢ ᠵᠤᠤᠬᠠᠨ ᠠᠮᠠᠰᠠᠷ ᠤᠨ ᠳᠠᠯ᠎ᠠ ᠳᠤ ᠵᠤᠭᠰᠤᠵᠦ᠂ ᠭᠠᠯ ᠤᠨ ᠰᠤᠳᠤᠷ ᠤᠩᠰᠢᠬᠤ ᠭᠡᠰᠢᠭ

ᠳᠠᠭᠤᠳᠠᠬᠤ ᠪᠦᠷᠢ ᠳᠤᠰᠤᠭᠠᠯ ᠢᠶᠠᠨ ᠭᠠᠯ ᠳᠠᠭᠠᠨ ᠡᠷᠬᠦᠳᠡᠭ᠃ ᠤᠷᠳᠤᠰ᠂ ᠤᠷᠠᠳ᠂ ᠬᠦᠬᠡᠨᠠᠭᠤᠷ ᠤᠨ ᠵᠠᠷᠢᠮ

ᠠᠶᠢᠯ ᠨᠢ ᠰᠡᠬᠦᠯᠳᠡᠵᠦ ᠢᠷᠡᠭᠡᠳ ᠭᠠᠯ ᠤᠨ ᠳᠠᠬᠢᠯᠭ᠎ᠠ ᠶᠢ ᠤᠯᠠᠮ ᠳᠦᠬᠦᠮᠴᠢᠯᠡᠨ ᠵᠤᠤᠬᠠᠨ ᠠᠮᠠᠰᠠᠷ ᠢᠶᠠᠷ ᠵᠠᠰᠠᠭᠰᠠᠨ

ᠡᠪᠴᠢᠬᠦᠦ ᠪᠠᠨ ᠡᠷᠬᠦᠪᠡᠯ ᠪᠤᠯᠴᠢᠬᠠᠳᠠᠭ᠃ ᠬᠠᠷᠠᠴᠢᠨ᠂ ᠲᠦᠮᠡᠳ᠂ ᠪᠠᠷᠠᠭᠤᠨ ᠴᠠᠬᠠᠷ ᠤᠨ ᠵᠠᠷᠢᠮ ᠬᠤᠰᠢᠭᠤᠳ᠂

ᠤᠷᠳᠤᠰ ᠤᠨ ᠵᠡᠬᠦᠨᠭᠠᠷ᠂ ᠳᠠᠯᠠᠳ ᠤᠨ ᠵᠠᠷᠢᠮ ᠠᠶᠢᠯ ᠨᠢ ᠬᠢᠳᠡᠳ ᠲᠠᠢ ᠬᠤᠯᠢᠯᠳᠤᠨ ᠰᠠᠭᠤᠷᠢᠰᠢᠭᠰᠠᠨ ᠠᠴᠠ ᠭᠠᠯ

ᠳᠠᠬᠢᠬᠤ ᠵᠠᠩ ᠦᠢᠯᠡ ᠨᠢ ᠬᠢᠳᠡᠳ ᠲᠠᠢ ᠪᠠᠷᠤᠭ ᠠᠳᠠᠯᠢᠪᠳᠤᠷ ᠪᠤᠯᠵᠦ ᠡᠪᠦᠯ ᠤᠨ ᠰᠡᠬᠦᠯ ᠰᠠᠷ᠎ᠠ ᠶᠢᠨ ᠬᠤᠷᠢᠨ

ᠭᠤᠷᠪᠠᠨ ᠳᠤ ᠭᠠᠯ ᠳᠠᠭᠠᠨ ᠨᠠᠷᠢᠮᠤ ᠶᠢᠨ ᠡᠪᠡᠰᠦ ᠰᠢᠳᠠᠭᠠᠵᠦ ᠮᠦᠷᠬᠦᠳᠡᠭ ᠪᠤᠯᠵᠠᠢ᠃ ᠪᠠᠰᠠ ᠭᠠᠯ ᠤᠨ ᠪᠤᠷᠬᠠᠨ

ᠬᠤᠪᠴᠢ ᠭᠡᠵᠦ ᠰᠢᠯᠦᠭᠡᠢ ᠠᠮᠤ᠂ ᠰᠢᠯᠦᠭᠡᠢ ᠳᠤᠳᠤᠷᠭ᠎ᠠ ᠪᠠᠷ ᠪᠤᠳᠠᠭ᠎ᠠ ᠴᠢᠨᠠᠵᠦ ᠵᠤᠤᠬ᠎ᠠ ᠪᠠᠨ ᠰᠢᠪᠠᠭᠠᠳ ︽

ᠬᠤᠪᠴᠢ ᠪᠤᠷᠬᠠᠨ︾ ᠤ ᠠᠮᠠ ᠶᠢ ᠴᠠᠪᠠᠤᠳᠠᠵᠦ ᠪᠠᠶᠢᠨ᠎ᠠ ᠭᠡᠳᠡᠭ ᠪᠤᠯᠵᠠᠢ᠃

● ᠮᠠᠯ ᠨᠤᠬᠠᠢ ᠰᠡᠳᠡᠷᠯᠡᠬᠦ ᠶᠤᠰᠤᠨ ᠭᠠᠯ ᠤᠨ ᠳᠠᠬᠢᠯᠭ᠎ᠠ ᠳᠤ ᠳᠠᠪᠤᠨ ᠬᠤᠰᠢᠭᠤ ᠮᠠᠯ ᠪᠠ ᠨᠤᠬᠠᠢ ᠰᠡᠳᠡᠷᠯᠡᠬᠦ ᠳᠤ

ᠬᠤᠯᠪᠤᠭᠳᠠᠬᠤ ᠵᠠᠩ ᠦᠢᠯᠡ᠃ ᠤᠷᠳᠤᠰ᠂ ᠬᠡᠰᠢᠭᠳᠡᠨ᠂ ᠪᠠᠭᠠᠷᠢᠨ ᠵᠡᠷᠭᠡ ᠭᠠᠵᠠᠷ ᠤᠳ ᠲᠤ ᠭᠠᠯ ᠤᠨ ᠳᠠᠬᠢᠯᠭ᠎ᠠ

 ᠳᠤ ᠭᠤᠤᠯᠳᠠᠭᠤ ᠢᠮᠠᠭ᠎ᠠ ᠰᠡᠳᠡᠷᠯᠡᠵᠦ᠂ ᠴᠠᠬᠠᠷ ᠲᠤ ᠬᠤᠨᠢ᠂ ᠦᠭᠡᠷ᠂ ᠮᠤᠷᠢ ᠰᠡᠳᠡᠷᠯᠡᠳᠡᠭ᠃ ᠠᠯᠠᠱᠠᠨ ᠳᠤ ᠬᠠᠷᠢᠨ

ᠳᠡᠮᠡᠭᠡ ᠰᠡᠳᠡᠷᠯᠡᠳᠡᠭ᠃ ᠤᠷᠳᠤᠰ᠂ ᠬᠡᠰᠢᠭᠳᠡᠨ ᠵᠡᠷᠭᠡ ᠭᠠᠵᠠᠷ ᠰᠡᠳᠡᠷᠯᠡᠬᠦ ᠢᠮᠠᠭ᠎ᠠ ᠪᠠᠨ ᠭᠠᠯ ᠳᠠᠬᠢᠭᠰᠠᠨ ᠭᠡᠷ ᠲᠡᠭᠡᠨ

ᠤᠷᠤᠭᠤᠯᠵᠦ ᠰᠡᠳᠡᠷ ᠢᠶᠠᠨ ᠬᠦᠵᠦᠬᠦᠨ ᠳᠤ ᠨᠢ ᠵᠡᠬᠦᠯᠭᠡᠵᠦ ᠯᠠᠮᠠ ᠨᠤᠮ ᠤᠩᠰᠢᠵᠦ ᠷᠠᠪᠨᠠᠶᠢᠯᠠᠭᠰᠠᠨ ᠤ ᠳᠠᠷᠠᠭ᠎ᠠ ᠭᠡᠷ

 ᠠᠴᠠ ᠭᠠᠷᠭᠠᠳᠠᠭ᠃ ᠬᠠᠷᠢᠨ ᠴᠠᠬᠠᠷ᠂ ᠰᠢᠯᠢ ᠶᠢᠨ ᠭᠤᠤᠯ᠂ ᠤᠯᠠᠭᠠᠨᠴᠠᠪ ᠤᠨ ᠠᠶᠢᠯ ᠤᠳ ᠰᠡᠳᠡᠷ ᠪᠡ ᠮᠠᠯ ᠤᠨ

ᠬᠦᠵᠦᠪᠴᠢ ᠪᠠᠨ ᠪᠡᠯᠡᠳᠭᠡᠨ ᠭᠠᠯ ᠳᠠᠬᠢᠯᠭ᠎ᠠ ᠳᠤ ᠠᠷᠢᠭᠤᠯᠠᠵᠦ ᠰᠡᠬᠦᠯᠡᠷ ᠨᠢ ᠬᠠᠭᠤᠴᠢᠨ ᠰᠡᠳᠡᠷ ᠢ ᠨᠢ ᠰᠤᠯᠢᠵᠦ

ᠰᠢᠨ᠎ᠡ ᠶᠢ ᠵᠡᠬᠦᠯᠭᠡᠳᠡᠭ᠃ ᠰᠢᠨ᠎ᠡ ᠰᠡᠳᠡᠷᠯᠡᠬᠦ ᠮᠠᠯ ᠢ ᠪᠤᠯ ᠭᠠᠯ ᠳᠠᠬᠢᠯᠭ᠎ᠠ ᠳᠤ ᠠᠷᠢᠭᠤᠯᠠᠵᠦ ᠳᠠᠷᠨᠢᠳᠠᠭᠰᠠᠨ ᠰᠡᠳᠡᠷ

 ᠢᠶᠠᠨ ᠬᠤᠷᠢᠶᠠᠵᠦ ᠪᠠᠶᠢᠭᠠᠳ ᠰᠢᠨ᠎ᠡ ᠵᠢᠯ ᠳᠤ ᠮᠠᠯ ᠳᠠᠭᠠᠨ ᠵᠡᠬᠦᠯᠭᠡᠳᠡᠭ᠃ ᠰᠡᠳᠡᠷᠯᠡᠭᠰᠡᠨ ᠮᠠᠯ ᠢ ︽ᠤᠩᠭᠤᠨ ᠮᠠᠯ︾

ᠭᠡᠳᠡᠭ᠃ ᠪᠠᠰᠠ ᠵᠠᠷᠢᠨ ᠨᠤᠳᠤᠭ ᠲᠤ ︽ᠪᠤᠷᠬᠠᠨ ᠤ ᠮᠠᠯ︾ ᠭᠡᠳᠡᠭ᠃ ᠤᠩᠭᠤᠯᠠᠭᠰᠠᠨ ᠮᠠᠯ ᠢ ᠠᠯᠠᠵᠦ

ᠬᠤᠳᠠᠯᠳᠤᠵᠦ ᠪᠤᠯᠬᠤ ᠦᠭᠡᠢ᠃ ᠤᠯᠠᠭᠠᠨ᠂ ᠬᠦᠷᠡᠩ᠂ ᠬᠦᠭᠡ ᠢᠮᠠᠭ᠎ᠠ ᠰᠡᠳᠡᠷᠯᠡᠳᠡᠭ ᠨᠢ ᠭᠠᠯ ᠤᠨ ᠪᠤᠷᠬᠠᠨ

ᠮᠢᠷᠠᠨᠵᠠ ᠳᠠᠭᠠᠨ ᠬᠦᠯᠦᠭ ᠪᠤᠯᠭᠠᠵᠦ ᠡᠷᠬᠦᠭᠰᠡᠨ ᠰᠠᠨᠠᠭ᠎ᠠ ᠲᠠᠢ ᠶᠤᠮ᠃ ᠮᠤᠩᠭᠤᠯᠴᠤᠳ ᠡᠷᠳᠡ ᠢᠵᠠᠭᠤᠷ ᠠᠴᠠ

ᠨᠤᠬᠠᠢ ᠳᠠᠭᠠᠨ ᠳᠤᠩ ᠬᠠᠶᠢᠷᠠᠳᠠᠢ ᠳᠤᠯᠠ ᠦᠪᠡᠷ ᠤᠨ ᠬᠠᠶᠢᠷᠠᠳᠠᠢ ᠨᠤᠬᠠᠢ ᠪᠠᠨ ᠰᠡᠳᠡᠷᠯᠡᠳᠡᠭ᠃ ᠵᠠᠷᠢᠮ ᠨᠢ ᠨᠠᠮᠤᠷ

 ᠤᠨ ᠳᠠᠯᠠᠯᠭ᠎ᠠ ᠪᠠᠷ᠂ ᠵᠠᠷᠢᠮ ᠨᠢ ᠠᠩ ᠤᠨ ᠳᠠᠯᠠᠯᠭ᠎ᠠ ᠪᠠᠷ᠂ ᠵᠠᠷᠢᠮ ᠨᠢ ᠡᠪᠦᠯ ᠤᠨ ᠳᠠᠬᠢᠯᠭ᠎ᠠ ᠪᠠᠷ ᠰᠡᠳᠡᠷᠯᠡᠳᠡᠭ

ᠪᠢᠯᠡ

▲ ᠭᠠᠯ ᠤᠨ ᠴᠡᠭᠡᠷ ᠶᠤᠰᠤᠨ ᠮᠤᠩᠭᠤᠯᠴᠤᠳ ᠭᠠᠯ ᠢ ᠠᠮᠢ ᠨᠠᠰᠤ᠂ ᠡᠳ᠋ ᠠᠭᠤᠷᠰᠤᠨ᠂ ᠴᠡᠪᠡᠷ ᠠᠷᠢᠭᠤᠨ᠂

ᠬᠦᠴᠦᠨ ᠴᠢᠳᠠᠯ᠂ ᠵᠤᠯ ᠵᠢᠷᠭᠠᠯ᠂ ᠬᠦᠭᠵᠢᠯ ᠪᠠᠳᠠᠷᠠᠯ ᠤᠨ ᠪᠡᠯᠭᠡ ᠳᠡᠮᠳᠡᠭ ᠢᠶᠠᠷ ᠦᠵᠡᠨ ᠰᠢᠳᠦᠨ ᠪᠢᠰᠢᠷᠠᠵᠦ ᠭᠠᠯ

 ᠤᠨ ᠪᠤᠷᠬᠠᠨ ᠢᠶᠠᠨ ᠬᠦᠨᠳᠦᠳᠭᠡᠵᠦ᠂ ᠬᠢᠯᠢᠩᠨᠠᠨ ᠳᠤᠭᠰᠢᠷᠠᠬᠤ᠂ ᠪᠤᠵᠠᠷᠳᠤᠵᠦ ᠮᠠᠭᠤᠳᠠᠬᠤ ᠠᠴᠠ ᠬᠢᠴᠢᠶᠠᠨ

ᠪᠤᠯᠭᠤᠮᠵᠢᠯᠠᠬᠤ ᠳᠤ ᠬᠤᠯᠪᠤᠭᠳᠠᠭᠰᠠᠨ ᠴᠡᠭᠡᠷ ᠶᠤᠰᠤᠨ ᠢ ᠦᠬᠦᠯᠡᠨ᠎ᠡ᠃ ᠡᠬᠦᠨ ᠳᠤ ᠶᠡᠷᠦᠳᠡ ᠶᠢᠨ ᠴᠡᠭᠡᠷ ᠪᠠ ᠭᠠᠯ

ᠳᠠᠬᠢᠯᠭ᠎ᠠ ᠶᠢᠨ ᠴᠡᠭᠡᠷ ᠭᠡᠵᠦ ᠬᠤᠶᠠᠷ ᠲᠦᠷᠦᠯ ᠪᠤᠢ᠃

● ᠡᠩ ᠤᠨ ᠴᠠᠭ ᠲᠤ ᠭᠠᠯ ᠤᠨ ᠪᠤᠷᠬᠠᠨ ᠢᠶᠠᠨ ᠳᠡᠭᠡᠳᠦᠯᠡᠨ ᠬᠦᠨᠳᠦᠳᠭᠡᠵᠦ᠂ ᠭᠠᠯ ᠭᠤᠯᠤᠮᠳᠠ ᠶᠢᠨ ᠲᠡᠭᠡᠬᠦᠷ

ᠠᠯᠬᠤᠵᠦ ᠭᠠᠷᠬᠤ᠂ ᠭᠠᠯ ᠳᠤ ᠬᠦᠯ ᠢᠶᠠᠨ ᠡᠭᠡᠭᠡᠬᠦ᠂ ᠭᠠᠯ ᠤᠷᠤᠭᠤ ᠠᠯᠴᠠᠶᠢᠬᠤ᠂ ᠭᠠᠯ ᠳᠤᠳᠤᠷ᠎ᠠ ᠬᠢᠳᠤᠭ᠎ᠠ

ᠰᠢᠪᠦᠭᠡ ᠲᠦᠷᠦᠬᠦ᠂ ᠭᠠᠯ ᠢ ᠬᠠᠷᠢᠶᠠᠵᠦ ᠮᠠᠭᠤᠯᠠᠬᠤ ᠶᠢ ᠴᠡᠭᠡᠷᠯᠡᠳᠡᠭ᠃ ᠭᠠᠯ ᠭᠤᠯᠤᠮᠳᠠ ᠪᠠᠨ ᠪᠤᠵᠠᠷᠳᠤᠬᠤ ᠠᠴᠠ

ᠬᠢᠴᠢᠶᠡᠵᠦ ᠭᠠᠯ ᠳᠤ ᠰᠤᠩᠬᠢᠨ᠎ᠠ ᠰᠠᠷᠢᠮᠰᠤᠭ ᠤᠨ ᠬᠠᠯᠢᠰᠤ᠂ ᠨᠤᠬᠠᠢ᠂ ᠭᠠᠭ᠋ᠠᠢ᠂ ᠰᠢᠪᠠᠭᠤᠨ ᠤ ᠪᠠᠭᠠᠰᠤ᠂ ᠦᠳᠦ

 ᠶᠢ ᠬᠢᠬᠦ᠂ ᠬᠦᠯ ᠭᠠᠷ ᠤᠨ ᠬᠢᠮᠤᠰᠤ ᠪᠠᠨ ᠬᠢᠬᠦ᠂ ᠨᠢᠰᠦ ᠨᠢᠯᠮᠤᠰᠤ ᠪᠠᠨ ᠭᠠᠯ ᠲᠠᠢ ᠤᠶᠢᠷᠠᠳᠤᠭᠤᠯᠬᠤ᠂

ᠬᠦᠩᠭᠡᠵᠢᠭᠰᠡᠨ ᠡᠮᠡᠭᠳᠡᠢ ᠭᠠᠯ ᠳᠤ ᠤᠶᠢᠷᠠᠳᠤᠬᠤ ᠵᠡᠷᠭᠡ ᠶᠢ ᠴᠡᠭᠡᠷᠯᠡᠳᠡᠭ᠃ ᠵᠤᠤᠬ᠎ᠠ ᠳᠤᠯᠭ᠎ᠠ ᠶᠢ ᠲᠦᠷᠦᠭᠡᠯᠡᠨ

ᠵᠤᠭᠰᠤᠬᠤ᠂ ᠵᠤᠤᠬ᠎ᠠ ᠳᠤᠯᠭᠠᠨ ᠳᠡᠭᠡᠷ᠎ᠡ ᠰᠠᠭᠤᠬᠤ᠂ ᠵᠤᠤᠬᠠᠨ ᠳᠡᠭᠡᠷ᠎ᠡ ᠪᠤᠵᠠᠷ ᠶᠠᠭᠤᠮ᠎ᠠ ᠳᠠᠯᠪᠢᠬᠤ ᠵᠡᠷᠭᠡ ᠶᠢ

ᠴᠡᠭᠡᠷᠯᠡᠳᠡᠭ᠂ ᠵᠦᠷᠢᠴᠡᠪᠡᠯ ᠭᠠᠯ ᠤᠨ ᠪᠤᠷᠬᠠᠨ ᠠᠭᠤᠷᠯᠠᠨ᠎ᠠ ᠭᠡᠳᠡᠭ᠃ ᠭᠠᠯ ᠳᠤ ᠰᠦ ᠳᠤᠰᠤᠭᠠᠬᠤ᠂ ᠭᠠᠯ ᠳᠡᠭᠡᠬᠦᠷ

ᠤᠯᠠᠭᠠᠨ ᠪᠦᠰ ᠡᠷᠬᠢᠬᠦᠯᠬᠦ ᠵᠡᠷᠭᠡ ᠶᠢ ᠴᠡᠭᠡᠷᠯᠡᠳᠡᠭ᠃ ᠭᠠᠯ ᠤᠨᠳᠠᠷᠠᠭᠠᠬᠤ ᠳᠠᠭᠠᠨ ᠴᠤᠬᠢᠬᠤ ᠪᠤᠶᠤ ᠬᠢᠰᠬᠢᠬᠦ ᠶᠢ

ᠴᠡᠭᠡᠷᠯᠡᠳᠡᠭ᠂ ᠭᠠᠯ ᠤᠷᠤᠭᠤ ᠤᠰᠤ ᠬᠢᠬᠦ ᠶᠢ ᠨᠡᠩ ᠴᠡᠭᠡᠷᠯᠡᠳᠡᠭ᠃ ᠭᠠᠯ ᠳᠤ ᠰᠢᠷᠡᠯᠵᠢ ᠲᠦᠯᠡᠬᠦ ᠶᠢ ᠴᠡᠭᠡᠷᠯᠡᠳᠡᠭ᠃

ᠠᠷᠠᠳ ᠤᠨ ᠶᠠᠷᠢᠶᠠᠨ ᠳᠤ ︽ᠰᠢᠷᠡᠯᠵᠢ ᠪᠠᠷ ᠭᠠᠯ ᠢᠶᠠᠨ ᠪᠢᠳᠡᠭᠡᠢ ᠲᠠᠬᠢ᠂ ᠱᠠᠯᠵᠠ ᠪᠠᠷ ᠬᠤᠳᠠ ᠪᠠᠨ ᠪᠢᠳᠡᠬᠡᠢ

ᠡᠵᠡᠯᠡᠬᠦᠯ︾ ᠭᠡᠳᠡᠭ᠃ ᠬᠤᠶᠠᠷ ᠭᠡᠷ ᠤᠨ ᠬᠤᠭᠤᠷᠤᠨᠳᠤ ᠤᠳᠤᠭ᠎ᠠ ᠲᠠᠢ ᠭᠠᠯ ᠵᠦᠭᠡᠭᠡᠬᠦ ᠶᠢ ᠴᠡᠭᠡᠷᠯᠡᠳᠡᠭ᠂

ᠨᠤᠴᠤᠯᠳᠤᠭᠠᠨ ᠵᠢᠭᠤᠷᠠᠯᠳᠤᠭᠠᠨ ᠪᠤᠯᠤᠨ᠎ᠠ ᠭᠡᠳᠡᠭ᠃ ᠬᠤᠪᠤᠩ ᠲᠠᠢ ᠭᠠᠯ ᠢᠶᠠᠨ ᠬᠡᠵᠢᠶᠡᠳᠡ ᠬᠦᠷᠦᠩᠭᠡ ᠦᠭᠡᠢ

ᠪᠤᠯᠳᠠᠯ᠎ᠠ ᠤᠨᠳᠠᠷᠠᠭᠠᠵᠦ ᠪᠤᠯᠬᠤ ᠦᠭᠡᠢ᠃ ᠬᠡᠦᠭᠡᠳ ᠪᠠᠭᠠᠴᠤᠳ ᠭᠠᠯ ᠢᠶᠠᠷ ᠨᠠᠭᠠᠳᠬᠤ ᠶᠢ ᠳᠠᠰᠤ ᠴᠡᠭᠡᠷᠯᠡᠨ᠂ ᠭᠠᠯ

 ᠤᠨ ᠪᠤᠷᠬᠠᠨ ᠬᠢᠯᠢᠩᠨᠡᠨ᠎ᠡ ᠭᠡᠳᠡᠭ᠂ ᠪᠠᠰᠠ ᠮᠠᠯ ᠨᠢ ᠰᠠᠷᠨᠢᠬᠤ ᠪᠤᠶᠤ ᠮᠠᠯ ᠢᠶᠠᠨ ᠠᠯᠳᠠᠨ᠎ᠠ ᠭᠡᠳᠡᠭ᠃ ᠡᠨᠡ

ᠮᠡᠳᠦᠴᠢᠯᠡᠨ ᠭᠠᠯ ᠤᠨ ᠴᠡᠭᠡᠷ ᠶᠤᠰᠤᠨ ᠮᠠᠰᠢ ᠤᠯᠠᠨ ᠪᠤᠢ᠃

● ᠭᠠᠯ ᠳᠠᠬᠢᠭᠰᠠᠨ ᠤ ᠳᠠᠷᠠᠭᠠᠬᠢ ᠭᠤᠷᠪᠠᠨ ᠡᠳᠦᠷ ᠢ ᠭᠠᠯ ᠤᠨ ᠴᠡᠭᠡᠷ ᠭᠡᠳᠡᠭ᠃ ᠭᠡᠰᠢᠭ ᠪᠤᠶᠠᠨ ᠨᠢ

ᠶᠠᠪᠤᠴᠢᠬᠠᠨ᠎ᠠ ᠭᠡᠵᠦ ᠡᠨᠡ ᠭᠤᠷᠪᠠᠨ ᠬᠤᠨᠤᠭ ᠲᠤ ᠭᠡᠷ ᠠᠴᠠ ᠶᠠᠭᠤᠮ ᠭᠠᠷᠬᠤ ᠶᠢ ᠴᠡᠭᠡᠷᠡᠯᠨ᠎ᠡ᠃ ᠤᠨᠴᠠᠭᠠᠢ ᠤᠴᠢᠷ

 ᠢᠶᠠᠷ ᠭᠠᠳᠠᠨ᠎ᠠ ᠶᠢᠨ ᠬᠦᠮᠦᠨ ᠳᠤ ᠶᠠᠮᠠᠷ ᠶᠠᠭᠤᠮ᠎ᠠ ᠦᠭᠬᠦ ᠳᠤ ᠬᠦᠷᠪᠡᠯ ᠭᠠᠳᠠᠨ᠎ᠠ ᠰᠠᠪᠠᠨ ᠳᠤ ᠰᠡᠮᠡᠭᠡᠷ ᠬᠢᠵᠦ

ᠳᠠᠯᠪᠢᠨ᠎ᠠ᠂ ᠠᠪᠬᠤ ᠬᠦᠮᠦᠨ ᠨᠢ ᠴᠦ ᠳᠠᠭᠤ ᠦᠭᠡᠢ ᠠᠪᠴᠦ ᠶᠠᠪᠤᠳᠠᠭ᠃ ᠭᠤᠷᠪᠠ ᠬᠤᠨᠤᠭ ᠤᠨ ᠳᠠᠷᠠᠭ᠎ᠠ

ᠳᠠᠯᠠᠯᠭᠠᠨ ᠰᠠᠭᠤᠯᠭ᠎ᠠ ᠪᠠᠨ ᠨᠡᠭᠡᠭᠡᠵᠦ ᠭᠡᠰᠢᠭ ᠢᠶᠠᠨ ᠭᠡᠷ ᠤᠨ ᠪᠦᠬᠦᠳᠡᠭᠡᠷ ᠠᠮᠰᠠᠵᠠᠭᠠᠵᠦ᠂ ᠬᠤᠳᠠ ᠤᠰᠤᠨ ᠤ ᠠᠬ᠎ᠠ

ᠳᠡᠬᠦᠦ ᠲᠦᠷᠦᠯ ᠰᠠᠳᠤᠨ ᠳᠠᠭᠠᠨ ᠭᠠᠯ ᠤᠨ ᠭᠡᠰᠢᠭ ᠭᠡᠵᠦ ᠬᠦᠷᠭᠡᠳᠡᠭ ᠪᠤᠶᠤ ᠭᠠᠳᠠᠭᠰᠢ ᠭᠠᠷᠤᠭᠰᠠᠳ ᠲᠠᠭᠠᠨ ᠵᠠᠪᠠᠯ

ᠬᠤᠪᠢ ᠦᠯᠡᠳᠡᠭᠡᠵᠦ ᠳᠠᠯᠪᠢᠳᠠᠭ᠃ ᠭᠠᠯ ᠤᠨ ᠴᠡᠭᠡᠷ ᠳᠠᠶᠢᠯᠵᠦ᠂ ᠭᠠᠯ ᠤᠨ ᠭᠡᠰᠢᠭ ᠬᠤᠪᠢᠶᠠᠬᠤ ᠶᠤᠰᠤ ᠨᠢ ᠶᠡᠭᠡ

ᠳᠦᠯᠦᠪ ᠠᠳᠠᠯᠢ ᠪᠤᠯᠪᠠᠴᠦ ᠨᠤᠳᠤᠭ ᠨᠤᠳᠤᠭ ᠲᠤ ᠪᠠᠭ᠎ᠠ ᠰᠠᠭ᠎ᠠ ᠵᠦᠷᠢᠶ᠎ᠡ ᠲᠠᠢ ᠪᠠᠶᠢᠳᠠᠭ᠃ ᠪᠠᠰᠠ ᠡᠵᠡᠬᠦᠢ

ᠳᠤᠯᠤᠭᠠᠨ ᠬᠤᠨᠤᠭ ︵ᠵᠤᠯᠠ ᠰᠠᠷ᠎ᠠ ᠶᠢᠨ ᠬᠤᠷᠢᠨ ᠭᠤᠷᠪᠠᠨ ᠠᠴᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ

ᠪᠤᠯᠳᠠᠯ᠎ᠠ︶ ᠳᠤᠳᠤᠷ᠎ᠠ ᠳᠡᠮᠦᠷ ᠰᠢᠯᠡᠬᠡᠬᠦᠷ ᠢᠶᠠᠷ ᠭᠠᠯ ᠰᠢᠯᠡᠭᠡᠬᠦ ᠶᠢ ᠴᠡᠭᠡᠷᠯᠡᠨ᠎ᠡ᠂ ᠭᠠᠯ ᠤᠨ ᠪᠤᠷᠬᠠᠨ ᠰᠤᠴᠢᠨ᠎ᠠ ᠭᠡᠬᠦ

 ᠶᠢᠨ ᠤᠴᠢᠷ ᠪᠦᠷ ᠮᠤᠳᠤᠨ ᠰᠢᠯᠡᠭᠡᠬᠦᠷ ᠬᠡᠷᠡᠭᠯᠡᠳᠡᠭ᠃ ᠨᠠᠭᠠᠴᠦ ᠶᠢᠨ ᠭᠠᠯ ᠳᠠᠬᠢᠬᠤ ᠳᠤ ᠵᠢᠭᠡ ᠬᠦᠮᠦᠨ ᠤᠷᠤᠯᠴᠠᠬᠤ

 ᠶᠢ ᠴᠡᠭᠡᠷᠯᠡᠨ᠎ᠡ᠃ ᠭᠠᠯ ᠳᠠᠬᠢᠬᠤ ᠡᠪᠴᠢᠬᠦᠦ ᠶᠢ ᠮᠦᠯᠵᠢᠬᠦ ᠳᠡᠭᠡᠨ ᠡᠪᠴᠢᠬᠦᠨ ᠤ ᠬᠤᠷᠤᠭᠤ ᠶᠠᠰᠤ ᠶᠢ ᠮᠤᠯᠳᠤᠯᠠᠬᠤ

 ᠶᠢ ᠴᠡᠭᠡᠷᠯᠡᠵᠦ ᠵᠠᠪᠠᠯ ᠪᠦᠳᠦᠨ ᠪᠠᠶᠢᠯᠭᠠᠳᠠᠭ᠃ ᠭᠠᠯ ᠳᠠᠬᠢᠬᠤ᠂ ᠢᠳᠡᠭᠡᠨ ᠡᠷᠬᠦᠬᠦ ᠦᠶ᠎ᠡ ᠳᠡᠭᠡᠨ ᠤᠯᠠᠭᠠᠨ ᠰᠠᠪᠬ᠎ᠠ

ᠬᠡᠷᠡᠭᠯᠡᠬᠦ ᠶᠢ ᠴᠡᠭᠡᠷᠯᠡᠵᠦ᠂ ᠵᠠᠪᠠᠯ ᠬᠠᠷ᠎ᠠ ᠰᠠᠪᠬ᠎ᠠ ᠪᠠᠷ ᠡᠷᠬᠦᠵᠦ ᠳᠠᠬᠢᠳᠠᠭ᠃ ᠭᠠᠯ ᠳᠠᠬᠢᠬᠤ ᠦᠶ᠎ᠡ ᠳᠤ ᠭᠠᠯ ᠤᠨ

ᠬᠠᠶᠢᠴᠢ ᠶᠢ ᠢᠯᠠ ᠪᠠᠶᠢᠯᠭᠠᠬᠤ ᠶᠢ ᠴᠡᠭᠡᠷᠯᠡᠵᠦ ᠨᠢᠭᠤᠵᠦ ᠳᠠᠯᠪᠢᠳᠠᠭ᠃ ᠭᠠᠯ ᠳᠠᠬᠢᠭᠰᠠᠨ ᠤ ᠳᠠᠷᠠᠭ᠎ᠠ ᠭᠤᠷᠪᠠᠨ

ᠡᠳᠦᠷ ᠤᠨ ᠳᠤᠳᠤᠷ᠎ᠠ ᠦᠨᠡᠰᠦ᠂ ᠬᠤᠭ ᠤᠨ ᠵᠤᠶᠢᠯ ᠢᠶᠠᠨ ᠭᠠᠷᠭᠠᠬᠤ ᠶᠢ ᠴᠡᠭᠡᠷᠯᠡᠨ᠎ᠡ᠃

 
ᠢᠷᠡᠯᠲᠡ᠄ ︽ᠮᠣᠩᠭᠤᠯ ᠵᠠᠩ ᠦᠢᠯᠠ ᠶᠢᠨ ᠨᠡᠪᠳᠡᠷᠬᠡᠢ ᠳᠣᠯᠢ — ᠣᠶᠣᠨ ᠤ ᠪᠣᠳᠢ︾
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号