ᠮᠣᠩᠭᠤᠯ ᠳᠡᠪᠡᠯ ᠤᠨ ᠳᠡᠣᠬᠡ | | | ᠠᠯᠢᠪᠠ ᠣᠯᠤᠰ ᠦᠨᠳᠦᠰᠦᠲᠡᠨ᠂ ᠠᠷᠠᠳ ᠲᠦᠮᠡᠨ ᠤ ᠴᠢᠬᠤᠯᠠ ᠲᠣᠷᠠᠰᠬᠠᠯ ᠨᠢ ᠦᠨᠳᠦᠰᠦᠲᠡᠨ ᠤ | ᠬᠤᠪᠴᠠᠰᠤ ᠮᠦᠨ ᠪᠦᠭᠡᠳ ᠬᠦᠮᠦᠨ ᠤ ᠨᠡᠶᠢᠭᠡᠮ ᠤᠨ ᠲᠡᠣᠬᠡ ᠣᠯᠠᠨ ᠵᠢᠯ ᠢᠶᠠᠷ ᠲᠡᠰᠣᠷᠠᠯᠲᠠ ᠦᠭᠡᠢ ᠦᠷᠭᠦᠯᠵᠢᠯᠡᠨ | ᠬᠤᠪᠢᠰᠤᠨ ᠦᠭᠡᠷᠡᠴᠢᠯᠡᠭᠳᠡᠵᠦ᠂ ᠬᠦᠮᠦᠨ ᠤ ᠡᠮᠤᠰᠤᠭ᠍ᠰᠠᠨ ᠬᠤᠪᠴᠠᠰᠤ ᠴᠦ ᠬᠦᠭᠵᠢᠯ ᠤᠨ ᠢᠶᠠᠨ ᠶᠠᠪᠤᠴᠠ ᠳᠤ | ᠲᠤᠬᠠᠢ ᠶᠢᠨ ᠴᠠᠭ ᠦᠶ᠎ᠡ ᠶᠢᠨ ᠢᠶᠠᠨ ᠨᠡᠶᠢᠭᠡᠮ᠂ ᠰᠣᠶᠣᠯ ᠰᠢᠨᠵᠢᠯᠡᠬᠦ ᠣᠬᠠᠭᠠᠨ᠂ ᠲᠧᠭᠨᠢᠭ ᠤᠨ ᠬᠦᠭᠵᠢᠯ ᠵᠡᠷᠭᠡ | ᠶᠢᠨ ᠨᠦᠯᠦᠭᠡᠨ ᠠᠴᠠ ᠬᠠᠮᠢᠶᠠᠷᠤᠨ ᠣᠯᠠᠨ ᠦᠪᠡᠷᠮᠢᠴᠡ ᠬᠡᠪ ᠮᠠᠶ᠋ᠢᠭ ᠬᠡᠯᠪᠡᠷᠢ ᠳᠤᠨᠵᠢ ᠶᠢ ᠪᠦᠷᠢᠳᠦᠭᠦᠯᠦᠨ ᠪᠤᠢ | ᠪᠤᠯᠭᠠᠵᠤ ᠡᠴᠦᠰ ᠤᠨ ᠬᠤᠪᠢᠯᠪᠣᠷᠢ ᠪᠠᠨ ᠣᠯᠤᠭᠰᠠᠨ ᠪᠠᠶᠢᠳᠠᠭ᠃ | ᠬᠦᠮᠦᠨ ᠲᠦᠷᠦᠯᠬᠢᠲᠡᠨ ᠤ ᠰᠣᠶᠣᠯ ᠢᠷᠭᠡᠨᠰᠢᠯ ᠳᠤ ᠮᠣᠩᠭᠤᠯ ᠣᠭᠰᠠᠭᠠᠲᠠᠨ ᠤ ᠣᠷᠣᠭᠤᠯᠣᠭᠰᠠᠨ ᠦᠨᠡᠲᠣ | ᠵᠦᠢᠯᠡᠰ ᠤᠨ ᠨᠢᠭᠡ ᠪᠤᠯ ᠮᠣᠩᠭᠤᠯ ᠬᠤᠪᠴᠠᠰᠤᠨ ᠤ ᠰᠣᠶᠣᠯ ᠮᠦᠨ ᠪᠢᠯᠡ᠃ ᠡᠨᠡ ᠰᠣᠶᠣᠯ ᠮᠣᠩᠭᠤᠯ | ᠣᠭᠰᠠᠭᠠᠲᠠᠨ ᠲᠦᠪ ᠠᠽᠢᠶ᠎ᠠ ᠶᠢᠨ ᠦᠨᠳᠦᠷᠯᠢᠭ ᠲᠡᠭᠡᠷ᠎ᠡ ᠡᠭᠦᠰᠦᠨ ᠪᠦᠷᠢᠯᠳᠦᠵᠤ ᠡᠬᠢᠯᠡᠭᠰᠡᠨ ᠣᠯᠠᠨ ᠮᠢᠩᠭᠠᠨ ᠵᠢᠯ | ᠤᠨ ᠲᠡᠷᠲᠡᠭᠡ ᠠᠴᠠ ᠣᠯᠪᠠᠭᠠᠲᠠᠢ ᠪᠦᠭᠡᠳ ᠮᠠᠨ ᠤ ᠡᠷᠡᠨ ᠠᠴᠠ ᠡᠮᠦᠨ᠎ᠡ 2 ᠳ᠋ᠣᠭᠠᠷ ᠵᠠᠭᠤᠨ ᠠᠴᠠ ᠲᠦᠷᠦ ᠣᠯᠤᠰ | ᠢᠶᠠᠨ ᠪᠠᠶᠢᠭᠤᠯᠤᠨ ᠬᠦᠴᠦᠷᠬᠡᠭᠵᠢᠨ ᠮᠠᠨᠳᠣᠭᠰᠠᠨ ᠾᠦᠩᠨᠣ ᠭᠦᠷᠦᠨ ᠤ ᠦᠶ᠎ᠡ ᠳᠤ ᠮᠣᠩᠭᠤᠯ ᠦᠨᠳᠦᠰᠦᠲᠡᠨ ᠤ | ᠬᠤᠪᠴᠠᠰᠤᠨ ᠤ ᠨᠡᠶᠢᠲᠡᠯᠢᠭ ᠰᠢᠨᠵᠢ ᠲᠦᠷᠬᠦ ᠴᠡᠭᠴᠡᠷᠡᠵᠤ ᠪᠦᠷᠢᠯᠳᠦᠭᠰᠡᠨ ᠢ ᠰᠣᠳᠣᠯᠭ᠎ᠠ ᠰᠢᠨᠵᠢᠯᠡᠭᠡᠨ ᠤ ᠦᠷ᠎ᠠ | ᠳ᠋ᠦᠩ ᠬᠠᠷᠠᠭᠤᠯᠵᠣ ᠪᠠᠶᠢᠭ᠎ᠠ ᠪᠢᠯᠡ᠃ ᠮᠣᠩᠭᠤᠯ ᠦᠨᠳᠦᠰᠦᠲᠡᠨ ᠤ ᠬᠤᠪᠴᠠᠰᠤ ᠨᠢ ᠮᠠᠨ ᠤ ᠣᠷᠣᠨ ᠤ ᠴᠠᠭ | ᠠᠭᠤᠷ ᠤᠨ ᠨᠦᠬᠦᠴᠡᠯ ᠪᠤᠯᠤᠨ ᠲᠦᠷᠪᠡᠨ ᠣᠯᠠᠷᠢᠯ ᠤᠨ ᠪᠠᠶᠢᠳᠠᠯ ᠳᠤ ᠵᠣᠬᠢᠴᠠᠭᠰᠠᠨ ᠲᠦᠷᠪᠡᠨ ᠴᠠᠭ ᠤᠨ ᠭᠤᠣᠯ | ᠬᠤᠪᠴᠠᠰᠤ ᠪᠤᠯᠬᠤ ᠳᠡᠪᠡᠯ ᠶᠤᠮ᠃ | ᠳᠡᠪᠡᠯ ᠭᠡᠰᠡᠨ ᠦᠭᠡᠨ ᠤ ᠣᠴᠢᠷ ᠢ ᠲᠠᠶᠢᠯᠪᠣᠷᠢᠯᠠᠪᠠᠯ᠂ ᠮᠣᠩᠭᠤᠯ ᠪᠢᠴᠢᠭ ᠲᠤ ᠮᠣᠩᠭᠤᠯ ᠡᠷᠲᠡᠨ ᠤ ᠣᠷᠳᠤ | ᠡᠭᠡᠰᠢᠭ ᠡᠭᠦᠰᠦᠭᠰᠡᠨ ᠵᠦᠢ ᠳᠤᠭᠲᠠᠭᠠᠯ ᠲᠠᠢ ᠬᠤᠯᠪᠤᠬᠤ ᠪᠦᠭᠡᠳ ᠡᠨᠡ ᠦᠭᠡ ᠶᠢ ᠢᠵᠠᠭᠤᠷ ︽ᠳᠡᠪ︾ ᠨᠢ ︽ | ᠲᠡᠪᠰᠢᠬᠦ᠂ ᠲᠡᠭᠡᠭᠦᠷ᠂ ᠲᠡᠭᠡᠷ᠎ᠡ︾ ᠭᠡᠰᠡᠨ ᠣᠳᠬ᠎ᠠ ᠣᠶᠢᠷᠠᠯᠴᠠᠭ᠎ᠠ ︽ᠲᠡᠭᠡᠭᠦᠷ ᠨᠦᠮᠦᠷᠳᠡᠭ ᠶᠠᠭᠤᠮ᠎ᠠ︾ ᠭᠡᠰᠡᠨ | ᠠᠭᠤᠯᠭ᠎ᠠ ᠲᠠᠢ᠃ | ᠮᠣᠩᠭᠤᠯ ᠳᠡᠪᠡᠯ ᠬᠤᠪᠴᠠᠰᠤᠨ ᠤ ᠬᠦᠭᠵᠢᠯ ᠲᠡᠣᠬᠡᠨ ᠵᠠᠮᠨᠠᠯ ᠠᠴᠠ ᠲᠤᠪᠴᠢ ᠳᠣᠷᠠᠳᠪᠠᠯ ᠮᠣᠩᠭᠤᠯᠴᠣᠳ | ᠤᠨ ᠬᠤᠪᠴᠠᠰᠤᠨ ᠤ ᠨᠡᠩ ᠡᠷᠲᠡᠨ ᠤ ᠲᠣᠷᠠᠰᠬᠠᠯ ᠨᠢ ᠰᠢᠨ᠎ᠡ ᠴᠢᠯᠠᠭᠤᠨ ᠵᠡᠪᠰᠡᠭ ᠤᠨ ᠦᠶ᠎ᠡ᠂ ᠬᠦᠷᠡᠯ᠂ ᠲᠡᠮᠦᠷ | ᠤᠨ ᠦᠶ᠎ᠡ ᠶᠢᠨ ᠰᠤᠳᠤᠯᠤᠯ ᠤᠨ ᠣᠯᠳᠠᠪᠣᠷᠢ ᠠᠴᠠ ᠮᠡᠳᠡᠭᠳᠡᠬᠦ ᠪᠦᠭᠡᠳ ᠣᠭᠰᠠᠭᠠᠲᠠᠨ ᠤ ᠦᠪᠡᠷᠮᠢᠴᠡ ᠶᠠᠩᠵᠦ | ᠮᠠᠶ᠋ᠢᠭ ᠢ ᠣᠯᠤᠭᠰᠠᠨ ᠨᠢ ᠮᠠᠨ ᠤ ᠡᠷᠡᠨ ᠤ ᠡᠮᠦᠨᠡᠬᠢ ᠴᠠᠭ ᠤᠨ ᠮᠣᠩᠭᠤᠯ ᠣᠪᠤᠭᠲᠠᠨ ᠤ ᠡᠪᠦᠭᠡ ᠲᠡᠭᠡᠳᠦᠰ ᠪᠤᠯᠬᠤ | ᠾᠦᠩᠨᠣ ᠨᠠᠷ ᠤᠨ ᠦᠶ᠎ᠡ ᠳᠤ ᠬᠠᠮᠤᠷᠤᠭᠳᠠᠬᠤ᠃ ᠾᠦᠩᠨᠣ ᠨᠠᠷ ᠤᠨ ᠬᠤᠪᠴᠠᠰᠤ ᠨᠢ ᠮᠣᠩᠭᠤᠯ ᠣᠷᠣᠨ ᠤ ᠡᠷᠡᠰ | ᠲᠡᠷᠰ ᠠᠭᠤᠷ ᠠᠮᠢᠰᠬᠤᠯ ᠳᠤ ᠵᠣᠬᠢᠴᠠᠭᠰᠠᠨ᠂ ᠮᠠᠯ ᠠᠵᠤ ᠠᠬᠤᠢ ᠡᠷᠬᠢᠯᠡᠵᠤ ᠨᠡᠭᠦᠳᠡᠯᠯᠡᠨ ᠠᠵᠤ ᠲᠦᠷᠦᠳᠡᠭ | ᠨᠦᠬᠦᠴᠡᠯ ᠲᠠᠢ ᠶᠡᠬᠡᠳᠠ ᠣᠶᠠᠯᠳᠣᠭᠰᠠᠨ ᠬᠡᠯᠪᠡᠷᠢ ᠮᠠᠶ᠋ᠢᠭ ᠲᠠᠢ ᠪᠠᠶᠢᠵᠠᠢ᠃ ᠾᠦᠩᠨᠣ ᠨᠠᠷ ᠤᠨ ᠬᠤᠪᠴᠠᠰᠤᠨ ᠤ | ᠵᠦᠢᠯᠡᠰ᠂ ᠮᠣᠩᠭᠤᠯ ᠭᠠᠵᠠᠷ ᠪᠦᠬᠦᠢ ᠾᠦᠩᠨᠣ ᠶᠢᠨ ᠪᠤᠯᠠᠰᠢᠨ ᠠᠴᠠ ᠪᠡᠶᠡᠲᠦ ᠪᠠᠷ ᠣᠯᠳᠠᠭᠰᠠᠨ ᠪᠠᠶᠢᠳᠠᠭ᠃ | ᠲᠡᠷᠡᠬᠦ ᠰᠣᠨᠢᠨ ᠲᠣᠷᠠᠰᠬᠠᠯ ᠢ ᠠᠭᠤᠯᠣᠭᠰᠠᠨ ᠪᠤᠯᠠᠰᠢ ᠨᠢ ᠲᠦᠪ ᠠᠶᠢᠮᠠᠭ ᠤᠨ ᠪᠠᠶᠠᠨᠴᠢᠨᠳᠠᠮᠣᠨᠢ ᠰᠤᠮᠤ ᠶᠢᠨ ᠨᠣᠲᠤᠭ | ᠲᠤ ᠪᠠᠶᠢᠭ᠎ᠠ ᠨᠣᠶᠠᠨ ᠠᠭᠤᠯᠠ ᠶᠢᠨ ᠪᠤᠯᠠᠰᠢ ᠶᠤᠮ᠃ ᠠᠳᠡ ᠠᠴᠠ ᠣᠯᠳᠠᠭᠰᠠᠨ ᠬᠤᠪᠴᠠᠰᠤᠨ ᠤ ᠵᠦᠢᠯ ᠾᠦᠩᠨᠣ | ᠨᠠᠷ ᠤᠨ ᠬᠤᠪᠴᠠᠰᠤᠨ ᠤ ᠪᠠᠶᠢᠳᠠᠯ ᠲᠦᠯᠦᠪ ᠢ ᠬᠠᠷᠠᠭᠤᠯᠵᠣ ᠪᠠᠶᠢᠭ᠎ᠠ ᠶᠤᠮ᠃ ᠣᠯᠳᠠᠪᠣᠷᠢ ᠶᠢᠨ ᠲᠤᠳᠤᠷ᠎ᠠ | ᠣᠭᠯᠠᠵᠤ ᠡᠮᠦᠰᠳᠡᠭ᠂ ᠮᠢᠨᠵᠢᠨ ᠡᠮᠵᠢᠶᠡᠷᠢ ᠲᠠᠢ᠂ ᠪᠠᠴᠢᠭᠤ ᠬᠠᠨᠴᠤᠢ ᠲᠠᠢ᠂ ᠬᠤᠶᠠᠷ ᠮᠦᠷᠦ ᠪᠤᠯᠤᠨ ᠠᠷᠣ ᠭᠤᠣᠯ | ᠢᠶᠠᠷ ᠨᠢ ᠠᠩ ᠤᠨ ᠦᠰᠦ ᠬᠠᠳᠠᠭᠰᠠᠨ᠂ ᠣᠭᠯᠠᠭᠠ ᠵᠠᠬ᠎ᠠ ᠶᠢᠨ ᠢᠷᠮᠡᠭ ᠢ ᠪᠦᠰ ᠮᠢᠨᠵᠢ ᠪᠠᠷ ᠡᠮᠵᠢᠭᠰᠡᠨ | ᠬᠤᠪᠴᠠᠰᠤ ᠪᠠᠶᠢᠭᠰᠠᠨ ᠪᠠᠶᠢᠨ᠎ᠠ᠃ ᠳᠡᠪᠡᠯ ᠤᠨ ᠣᠷᠳᠤ ᠨᠢ 1.17 ᠮᠧᠲᠷ᠂ ᠦᠷᠭᠡᠨ ᠨᠢ ᠬᠠᠨᠴᠤᠢ ᠶᠢᠨ ᠬᠠᠮᠳᠤ | 1.94 ᠮᠧᠲᠷ ᠪᠤᠯᠤᠨ᠎ᠠ᠃ ᠡᠨᠡ ᠳᠡᠪᠡᠯ ᠢ ᠪᠦᠭᠡ ᠢᠲᠤᠬᠠᠨ ᠤ ᠶᠤᠮ ᠤᠤ ᠢᠵᠠᠭᠤᠷᠲᠠᠨ ᠤ ᠡᠮᠦᠰᠳᠡᠭ ᠬᠤᠪᠴᠠᠰᠤ | ᠪᠠᠶᠢᠭᠰᠠᠨ ᠪᠠᠶᠢᠬᠤ ᠭᠡᠵᠦ ᠰᠣᠳᠣᠯᠣᠭᠠᠴᠢᠳ ᠦᠵᠡᠳᠡᠭ᠃ | ᠮᠣᠩᠭᠤᠯ ᠳᠡᠪᠡᠯ ᠤᠨ ᠣᠷᠢᠳᠤᠭᠤᠷ ᠢᠶᠠᠨ ᠪᠢᠲᠡᠭᠦᠦ ᠵᠦᠷᠢᠳᠡᠭ ᠡᠩᠭᠡᠷ ᠨᠢ ᠡᠪᠦᠷ ᠢᠶᠠᠷ ᠰᠠᠯᠬᠢ | ᠣᠷᠤᠭᠤᠯᠬᠤ ᠦᠭᠡᠢ᠂ ᠪᠦᠰᠡᠯᠡᠵᠤ ᠶᠠᠭᠤᠮ᠎ᠠ ᠡᠪᠦᠷᠲᠦᠯᠡᠬᠦ ᠳᠤ ᠵᠣᠬᠢᠯᠳᠣᠭᠰᠠᠨ ᠪᠠᠶᠢᠨ᠎ᠠ᠃ ᠮᠦᠨ ᠳᠡᠪᠡᠯ ᠤᠨ | ᠨᠢᠳᠤᠷᠭ᠎ᠠ ᠨᠢ ᠭᠠᠷ ᠬᠠᠮᠠᠭᠠᠯᠠᠬᠤ ᠪᠤᠯᠤᠨ ᠶᠠᠭᠤᠮ᠎ᠠ ᠪᠠᠷᠢᠬᠤ ᠵᠢᠭᠢᠷᠢᠭ ᠪᠤᠯᠳᠠᠭ᠃ | ᠾᠦᠩᠨᠣ ᠨᠠᠷ ᠤᠨ ᠬᠤᠪᠴᠠᠰᠤᠨ ᠤ ᠳᠡᠭᠡᠷᠡᠬᠢ ᠲᠣᠷᠠᠰᠬᠠᠯ ᠪᠤᠯᠤᠭᠠᠳ ᠡᠷᠲᠡᠨ ᠤ ᠵᠢᠷᠤᠭ ᠤᠨ ᠳᠦᠷᠰᠦᠨ | ᠠᠴᠠ ᠦᠵᠡᠪᠡᠯ ᠲᠡᠳᠡᠨ ᠤ ᠳᠡᠪᠡᠯ ᠨᠢ ᠶᠡᠭᠡ ᠲᠦᠯᠦᠪ ᠣᠷᠢᠳᠤᠭᠤᠷ ᠢᠶᠠᠨ ᠬᠠᠭᠠᠷᠬᠠᠢ ᠲᠦᠷᠪᠡᠯᠵᠢᠨ ᠪᠤᠶᠤ | ᠰᠤᠯᠤᠭᠠᠢ ᠮᠥᠭᠡᠷᠦᠯᠵᠢᠨ ︵ᠭᠦᠳᠦᠭᠡᠷ ᠲᠠᠰᠢᠭᠤ︶ ᠡᠩᠭᠡᠷ ᠲᠠᠢ ᠪᠠᠶᠢᠭᠰᠠᠨ ᠪᠣᠯᠣᠯᠲᠠᠢ᠃ ᠡᠨᠡᠬᠦ ᠰᠤᠯᠤᠭᠠᠢ ᠡᠩᠭᠡᠷ | ᠨᠢ ᠨᠡᠶᠢᠲᠡ ᠨᠡᠭᠦᠳᠡᠯᠴᠢᠨ ᠠᠶᠢᠮᠠᠭ ᠤᠳ ᠲᠤ ᠳᠡᠯᠭᠡᠷᠡᠵᠣ ᠪᠠᠶᠢᠭᠠᠳ ᠬᠤᠵᠢᠮ ᠮᠣᠩᠭᠤᠯ ᠣᠭᠰᠠᠭᠠᠲᠠᠨ ᠤ ᠬᠢ | ᠵᠦᠪ᠂ ᠲᠦᠷᠦᠭ ᠣᠪᠤᠭᠲᠠᠨ ᠤ ᠬᠢ ᠨᠢ ᠪᠤᠷᠤᠭᠤ ᠡᠩᠭᠡᠷ ᠲᠠᠢ ᠪᠣᠯᠣᠭᠰᠠᠨ ᠪᠠᠶᠢᠨ᠎ᠠ᠃ | ᠠᠰᠤᠷᠤ ᠠᠭᠤᠳᠠᠮ ᠭᠠᠵᠠᠷ ᠨᠣᠲᠤᠭ ᠲᠠᠢ ᠪᠡᠯᠴᠢᠭᠡᠷ ᠤᠨ ᠮᠠᠯ ᠠᠵᠤ ᠠᠬᠤᠢ᠂ ᠠᠩ ᠬᠦᠷᠦᠬᠡ ᠡᠷᠬᠢᠯᠡᠳᠡᠭ | ᠨᠡᠭᠦᠳᠡᠯᠴᠢᠨ ᠮᠣᠩᠭᠤᠯᠴᠣᠳ ᠴᠦᠬᠡᠨ ᠬᠦᠮᠦᠨ ᠠᠮᠠ ᠲᠠᠢ ᠣᠷᠣᠨ ᠤ ᠬᠦᠷᠦᠰᠦ ᠭᠠᠵᠠᠷ ᠲᠠᠷᠢᠶᠠᠯᠠᠩ ᠡᠷᠬᠢᠯᠡᠬᠦ ᠳᠤ | ᠲᠡᠳᠦᠶᠢᠯᠡ ᠲᠤᠬᠢᠷᠠᠮᠵᠢ ᠦᠬᠡᠢ ᠲᠣᠯᠠ ᠬᠡᠷᠡᠭᠴᠡᠭᠡᠨ ᠤ ᠪᠦᠰ ᠪᠠᠷᠠᠭ᠎ᠠ᠂ ᠲᠤᠷᠭ᠎ᠠ ᠳᠤᠷᠳᠤᠩ᠂ ᠲᠠᠷᠢᠶ᠎ᠠ ᠪᠤᠳᠠᠭ᠎ᠠ ᠪᠠᠨ | ᠵᠡᠷᠭᠡᠯᠡᠳᠡᠭᠡ ᠣᠷᠣᠰᠢᠬᠤ ᠰᠠᠭᠤᠷᠢᠨ ᠣᠪᠣᠭ ᠠᠶᠢᠮᠠᠭ ᠤᠳ ᠠᠴᠠ ᠠᠪᠳᠠᠭ᠃ ᠵᠠᠷᠢᠮ ᠳᠠᠭᠠᠨ ᠬᠤᠳᠠᠯᠳᠣᠭᠠᠨ ᠤ | ᠬᠡᠯᠡᠴᠡᠯ ᠢᠶᠠᠷ ᠪᠠᠷᠠᠭ᠎ᠠ ᠰᠤᠯᠢᠯᠴᠠᠭᠠᠨ ᠤ ᠮᠠᠶ᠋ᠢᠭ ᠢᠶᠠᠷ᠂ ᠶᠠᠷᠢᠶ᠎ᠠ ᠬᠡᠯᠡᠯᠴᠡᠭᠡᠷ ᠢᠶᠠᠷ ᠪᠦᠳᠣᠬᠦ ᠦᠭᠡᠢ ᠦᠶ᠎ᠡ ᠳᠤ | ᠳᠠᠭᠠᠷᠢᠵᠤ ᠲᠡᠭᠡᠷᠡᠮᠳᠡᠨ ᠠᠪᠳᠠᠭ ᠪᠠᠶᠢᠭᠰᠠᠨ ᠲᠤᠬᠠᠢ ᠲᠡᠣᠬᠡᠨ ᠳᠤ ᠲᠡᠮᠳᠡᠭᠯᠡᠭᠰᠡᠨ ᠪᠠᠶᠢᠳᠠᠭ᠃ ᠳᠠᠶᠢᠨᠴᠢ᠂ ᠮᠤᠷᠢᠨ | ᠳᠤ ᠭᠠᠷᠮᠠᠭᠠᠢ ᠮᠣᠩᠭᠤᠯᠴᠣᠳ ᠤᠨ ᠬᠤᠪᠴᠠᠰᠤ ᠬᠦᠮᠦᠨ ᠤ ᠬᠦᠳᠡᠯᠬᠡᠬᠡᠨ ᠳᠤ ᠪᠦᠷᠢᠨ ᠵᠣᠬᠢᠴᠠᠭᠰᠠᠨ᠂ ᠲᠠᠶᠢᠪᠣᠩ | ᠴᠠᠭ ᠲᠤ ᠴᠦ᠂ ᠳᠠᠶᠢᠨ ᠲᠤᠯᠤᠭᠠᠨ ᠤ ᠦᠶ᠎ᠡ ᠳᠤ ᠴᠦ ᠥᠭᠡᠷᠡᠴᠢᠯᠡᠭᠳᠡᠬᠦ ᠪᠠᠷ ᠦᠭᠡᠢ ᠬᠡᠪ ᠵᠠᠭᠪᠣᠷ ᠲᠠᠢ᠂ ᠰᠠᠯᠬᠢ | ᠬᠠᠭᠠᠭᠰᠠᠨ ᠪᠢᠲᠡᠭᠦᠦ ᠡᠩᠭᠡᠷ ᠲᠠᠢ᠂ ᠭᠠᠷ ᠳᠠᠭᠠᠷᠠᠬᠤ ᠦᠭᠡᠢ ᠨᠢᠳᠤᠷᠭ᠎ᠠ ᠲᠠᠢ ᠳᠡᠪᠡᠯ᠂ ᠮᠤᠷᠢᠨ ᠲᠡᠭᠡᠷ᠎ᠡ ᠣᠳᠠᠭᠠᠨ | ᠶᠠᠪᠤᠬᠤ ᠳᠤ ᠪᠡᠶ᠎ᠡ ᠳᠤ ᠲᠦᠰᠢᠭ ᠲᠠᠢ ᠦᠷᠭᠡᠨ ᠪᠦᠰᠡ᠂ ᠣᠷᠳᠤ ᠦᠮᠦᠳᠣ᠂ ᠡᠪᠦᠳᠦᠭ ᠬᠦᠷᠦᠭᠰᠡᠨ ᠣᠷᠳᠤ | ᠲᠦᠷᠡᠢ ᠲᠠᠢ ᠭᠤᠲᠤᠯ ᠰᠡᠯᠲᠡ ᠠᠴᠠ ᠪᠦᠲᠦᠵᠤ ᠪᠠᠶᠢᠪᠠ᠃ | ᠡᠷᠲᠡᠨ ᠤ ᠮᠣᠩᠭᠤᠯ ᠨᠡᠶᠢᠲᠡ ᠬᠦᠮᠦᠰ ᠤᠨ ᠳᠡᠪᠡᠯ ᠨᠢ ᠵᠦᠪ ᠡᠩᠭᠡᠷ ᠲᠠᠢ᠂ ᠡᠩᠭᠡᠷ ᠨᠢ ᠲᠦᠷᠪᠡᠯᠵᠢᠨ | ᠮᠥᠭᠡᠷᠦᠯᠵᠢᠨ ᠪᠠᠶᠢᠭᠰᠠᠨ ᠪᠦᠭᠡᠳ ᠳᠡᠭᠡᠬᠡᠨ ᠦᠶ᠎ᠡ ᠳᠡᠭᠡᠨ ᠪᠦᠲᠦᠭᠦᠨ ᠴᠡᠮᠪᠡ᠂ ᠠᠷᠠᠰᠤᠨ ᠳᠡᠪᠡᠯ ᠡᠮᠦᠰᠳᠡᠭ | ᠪᠠᠶᠢᠭᠰᠠᠨ ᠢᠶᠠᠨ ᠬᠤᠵᠢᠮ ᠭᠠᠳᠠᠨ᠎ᠠ ᠶᠢᠨ ᠪᠦᠰ ᠲᠣᠷᠭᠠᠮᠰᠤᠭ᠂ ᠠᠯᠳᠠ ᠬᠠᠳᠬᠤᠮᠠᠯᠯᠠᠭᠰᠠᠨ ᠲᠣᠷᠭᠠᠮᠰᠤᠭ ᠳᠡᠪᠡᠯ | ᠡᠮᠦᠰᠳᠡᠭ ᠪᠣᠯᠵᠠᠢ᠃ ᠳᠡᠪᠡᠯ ᠤᠨ ᠦᠩᠭᠡ ᠨᠢ ᠶᠡᠭᠡ ᠲᠦᠯᠦᠪ ᠣᠯᠠᠭᠠᠨ᠂ ᠶᠠᠭᠠᠨ᠂ ᠭᠦᠨ ᠣᠯᠠᠭᠠᠨ᠂ ᠨᠣᠭᠤᠭᠠᠨ | ᠪᠠᠶᠢᠬᠤ ᠶᠢᠨ ᠰᠠᠴᠠᠭᠤ ᠭᠤᠣᠯᠴᠢᠯᠠᠨ ᠨᠠᠷᠠ᠂ ᠰᠠᠷ᠎ᠠ᠂ ᠯᠤᠣ᠂ ᠭᠠᠷᠤᠳᠢ ᠶᠢᠨ ᠳᠦᠷᠰᠣ᠂ ᠴᠡᠴᠡᠭ ᠤᠨ ᠬᠡ ᠲᠠᠢ | ᠪᠠᠶᠢᠭᠰᠠᠨ ᠠᠵᠢ᠃ ᠲᠡᠪᠡᠯ ᠤᠨ ᠢᠶᠠᠨ ᠰᠤᠯᠤᠭᠠᠢ ᠲᠠᠯ᠎ᠠ ᠳᠤ ᠣᠨᠤᠭ᠎ᠠ ᠬᠢᠵᠦ᠂ ᠪᠠᠷᠠᠭᠤᠨ ᠭᠠᠷ ᠲᠠᠯ᠎ᠠ ᠳᠠᠭᠠᠨ | ᠭᠤᠷᠪᠠ᠂ ᠵᠡᠭᠦᠨ ᠭᠠᠷ ᠲᠠᠯ᠎ᠠ ᠳᠠᠭᠠᠨ ᠨᠢᠭᠡ ᠲᠤᠪᠴᠢ ᠬᠠᠳᠠᠳᠠᠭ ᠪᠠᠶᠢᠭᠰᠠᠨ ᠪᠠᠶᠢᠨ᠎ᠠ᠃ ᠶᠠᠳᠠᠭᠤ ᠬᠦᠮᠦᠰ ᠨᠢ ᠡᠪᠦᠯ | ᠴᠠᠭ ᠲᠤ ᠨᠣᠬᠠᠢ ᠢᠮᠠᠭᠠᠨ ᠤ ᠠᠷᠠᠰᠤ ᠪᠠᠷ᠂ ᠴᠢᠳᠠᠭᠤ ᠨᠢ ᠦᠨᠡᠭᠡᠨ ᠤ ᠠᠷᠠᠰᠤ ᠪᠠᠷ ᠳᠠᠬᠤ ᠬᠢᠵᠦ ᠡᠮᠦᠰᠳᠡᠭ | ᠪᠠᠶᠢᠭᠰᠠᠨ ᠪᠠ ᠬᠠᠭᠠᠳ ᠶᠡᠬᠡᠰ ᠨᠢ ᠪᠤᠯᠠᠭ᠎ᠠ ᠬᠡᠷᠡᠮᠦ ᠳᠠᠬᠤ ᠲᠠᠢ ᠪᠠᠶᠢᠪᠠ᠃ | 13 ᠳ᠋ᠣᠭᠠᠷ — 14 ᠳ᠋ᠣᠭᠡᠷ ᠵᠠᠭᠤᠨ ᠤ ᠦᠶ᠎ᠡ ᠶᠢᠨ ᠮᠣᠩᠭᠤᠯᠴᠣᠳ ᠤᠨ ᠬᠤᠪᠴᠠᠰᠤᠨ ᠤ ᠬᠡᠪ ᠮᠠᠶ᠋ᠢᠭ ᠢ | ᠲᠡᠷᠡ ᠴᠠᠭ ᠤᠨ ᠫᠧᠷᠰ᠂ ᠨᠠᠩᠭᠢᠶᠠᠳ᠂ ᠧᠦ᠋ᠷᠦᠫᠡ ᠰᠣᠷᠪᠤᠯᠵᠢ ᠶᠢᠨ ᠵᠢᠷᠤᠭ ᠰᠡᠯᠲᠡ ᠡᠷᠲᠡᠨ ᠤ ᠰᠤᠳᠤᠯᠤᠯ ᠤᠨ | ᠪᠡᠶᠡᠲᠤ ᠬᠡᠷᠡᠭᠯᠡᠭᠳᠡᠬᠦᠨ ᠪᠤᠯᠤᠨ ᠮᠣᠩᠭᠤᠯ ᠢᠶᠠᠷ ᠵᠤᠷᠴᠢᠭᠰᠠᠨ ᠡᠯᠴᠢ ᠵᠢᠭᠤᠯᠴᠢᠳ ᠤᠨ ᠲᠡᠮᠳᠡᠭᠯᠡᠯ ᠳᠤ ︽ᠮᠣᠩᠭᠤᠯ | ᠤᠨ ᠨᠢᠭᠤᠴᠠ ᠲᠤᠪᠴᠢᠶ᠎ᠠ︾᠂ ︽ᠰᠤᠳᠤᠷ ᠤᠨ ᠴᠢᠭᠤᠯᠭᠠᠨ︾᠂ ︽ᠶᠤᠧᠠᠨ ᠣᠯᠤᠰ ᠤᠨ ᠰᠣᠳᠣᠷ︾ ᠵᠡᠷᠭᠡ | ᠰᠣᠷᠪᠤᠯᠵᠢ ᠵᠣᠬᠢᠶᠠᠯ ᠤᠨ ᠮᠡᠳᠡᠭᠡ᠂ ᠪᠠᠷᠢᠮᠳᠠ ᠳᠤ ᠳᠣᠷᠠᠳᠣᠭᠰᠠᠨ ᠢ ᠪᠠᠷᠢᠮᠵᠢᠶᠠᠯᠠᠨ ᠮᠡᠳᠡᠵᠦ ᠪᠤᠯᠤᠨ᠎ᠠ᠃ ᠮᠣᠩᠭᠤᠯ | ᠭᠦᠷᠦᠨ ᠤ ᠶᠡᠭᠡ ᠬᠠᠭᠠᠳ ᠮᠦᠩᠬᠡ 1252 ᠣᠨ ᠳᠤ᠂ ᠬᠤᠪᠢᠯᠠᠢ ᠬᠠᠭᠠᠨ 1275 ᠣᠨ ᠳᠤ ᠲᠠᠶᠢᠯᠭ᠎ᠠ | ᠶᠣᠰᠣᠯᠠᠯ ᠤᠨ ᠬᠤᠪᠴᠠᠰᠤᠨ ᠤ ᠳᠦᠷᠢᠮ ᠬᠠᠤᠯᠢ ᠶᠢ ᠣᠳᠠᠭ᠎ᠠ ᠳᠠᠷᠠᠭ᠎ᠠ ᠭᠠᠷᠭᠠᠨ ᠲᠤᠭᠳᠠᠭᠠᠭᠰᠠᠨ ᠪᠦᠭᠡᠳ | ᠴᠢᠩᠭᠢᠬᠦ ᠳᠤ ᠪᠠᠨ ᠬᠠᠭᠤᠴᠢᠨ ᠬᠡᠯᠪᠡᠷᠢ ᠶᠢ ᠬᠡᠪ ᠢᠶᠠᠷ ᠠᠪᠴᠤ᠂ ᠴᠢᠮᠡᠭ ᠢ ᠮᠠᠰᠢ ᠶᠡᠭᠡ ᠪᠤᠯᠭᠠᠭᠰᠠᠨ ᠪᠠᠶᠢᠨ᠎ᠠ᠃ | 15 ᠳ᠋ᠣᠭᠠᠷ — 17 ᠳ᠋ᠣᠭᠠᠷ ᠵᠠᠭᠤᠨ ᠤ ᠦᠶ᠎ᠡ ᠶᠢᠨ ᠮᠣᠩᠭᠤᠯ ᠤᠨ ᠲᠡᠣᠬᠡ ᠰᠤᠶᠤᠯ ᠤᠨ ᠪᠡᠶᠡᠲᠤ | ᠲᠣᠷᠠᠰᠬᠠᠯ ᠬᠠᠷᠢᠴᠠᠩᠭᠤᠢ ᠡᠯᠪᠡᠭ ᠪᠢᠰᠢ ᠶᠢᠨ ᠲᠤᠳᠤᠷ᠎ᠠ ᠲᠡᠷᠡ ᠴᠠᠭ ᠤᠨ ᠬᠦᠮᠦᠰ ᠤᠨ ᠬᠤᠪᠴᠠᠰᠤ᠂ ᠭᠤᠶᠤᠯᠠᠯ | ᠤᠨ ᠲᠤᠬᠠᠢ ᠵᠦᠢᠯ ᠴᠦ ᠲᠡᠳᠦᠶᠢᠯᠡ ᠠᠷᠪᠢᠨ ᠦᠭᠡᠢ ᠶᠤᠮ᠃ ᠲᠡᠣᠬᠡ ᠣᠷᠠᠨ ᠵᠣᠬᠢᠶᠠᠯ ᠤᠨ ᠪᠢᠴᠢᠭ ᠵᠣᠬᠢᠶᠠᠯ᠂ | ᠮᠣᠩᠭᠤᠯ ᠢᠶᠠᠷ ᠵᠣᠷᠴᠢᠭᠰᠠᠳ ᠤᠨ ᠲᠡᠮᠳᠡᠭᠯᠡᠯ ᠳᠤ ᠳᠤᠷᠠᠳᠤᠭᠰᠠᠨ ᠵᠠᠷᠢᠮ ᠳᠤᠷᠠᠰᠬᠠᠯ ᠳᠤ ᠳᠦᠷᠰᠦᠯᠡᠭᠳᠡᠭᠰᠡᠨ | ᠵᠦᠢᠯ ᠠᠴᠠ ᠣᠷᠭᠤᠭᠤᠯᠤᠨ ᠡᠨᠡ ᠦᠶ᠎ᠡ ᠶᠢᠨ ᠬᠤᠪᠴᠠᠰᠤᠨ ᠤ ᠲᠤᠬᠠᠢ ᠲᠣᠶᠢᠮᠣᠯᠠᠨ ᠦᠭᠦᠯᠡᠭᠰᠡᠨ ᠪᠠᠶᠢᠳᠠᠭ᠃ | ᠲᠡᠮᠳᠡᠭᠯᠡᠯ ᠳᠤ ᠳᠡᠪᠡᠯ ᠨᠢ ᠨᠠᠷᠢᠨ ᠬᠠᠨᠴᠤᠢ ᠲᠠᠢ᠂ ᠵᠢᠵᠢᠭᠬᠡᠨ ᠨᠢᠳᠤᠷᠭ᠎ᠠ ᠲᠠᠢ᠂ ᠬᠠᠨᠴᠤᠢ ᠨᠢ ᠨᠠᠷᠢᠨ | ᠨᠣᠭᠤᠯᠣᠭᠠᠰᠣᠲᠠᠢ ᠲᠡᠭᠡᠷ᠎ᠡ ᠲᠡᠭᠦᠨ ᠳᠡᠭᠡᠨ ᠵᠢᠵᠢᠭ ᠬᠠᠵᠢᠯᠭ᠎ᠠ ᠭᠠᠷᠭᠠᠨ᠂ ᠪᠠᠷᠰ᠂ ᠬᠠᠯᠢᠭᠤ᠂ ᠪᠤᠯᠠᠭ᠎ᠠ᠂ ᠮᠢᠨᠵᠢ | ᠵᠡᠷᠭᠡ ᠠᠮᠢᠳᠠᠨ ᠪ᠊ ᠦᠰᠦ ᠪᠠᠷ ᠡᠮᠵᠢᠭᠰᠡᠨ ᠪᠠᠶᠢᠳᠠᠭ᠃ ᠮᠦᠨ ᠦᠶ᠎ᠡ ᠳᠤ ᠦᠰᠦᠨ ᠤ ᠣᠷᠤᠨ ᠳᠤ ᠠᠯᠲᠠᠲᠤ | ᠲᠤᠷᠭ᠎ᠠ᠂ ᠲᠡᠬᠡᠲᠦ ᠳᠤᠷᠳᠤᠩ ᠢᠶᠠᠷ ᠡᠮᠵᠢᠳᠡᠭ ᠪᠣᠯᠣᠭᠰᠠᠨ ᠪᠠᠶᠢᠨ᠎ᠠ᠃ | ︽ᠮᠣᠩᠭᠤᠯ ᠤᠨ ᠡᠪᠦᠭᠡ ᠲᠡᠭᠡᠳᠦᠰ ᠪᠤᠯᠬᠤ ᠳ᠋ᠣᠩᠬᠤ᠂ ᠬᠢᠲᠠᠨ᠂ ᠰᠢᠶᠠᠨᠪᠢ ᠨᠠᠷ ᠤᠨ ᠬᠤᠪᠴᠠᠰᠤᠨ ᠤ | ᠵᠠᠭᠪᠤᠷ ᠢ ᠮᠠᠨᠵᠤ ᠨᠠᠷ ᠳᠠᠭᠤᠷᠢᠶᠠᠵᠤ᠂ ᠣᠯᠠᠮ ᠢᠶᠠᠷ ᠮᠠᠨᠵᠤ ᠨᠠᠷ ᠢᠶᠠᠷ ᠳᠠᠮᠵᠢᠨ ᠵᠡᠭᠦᠨ ᠡᠮᠣᠨᠡᠳᠣ ᠠᠽᠢᠶ᠎ᠠ ᠶᠢᠨ | ᠣᠷᠣᠨ ᠨᠤᠭᠤᠳ ᠲᠤ ᠮᠣᠩᠭᠤᠯ ᠬᠡᠪ ᠬᠢᠴᠠ ᠶᠢᠨ ᠬᠤᠪᠴᠠᠰᠤ ᠲᠦᠭᠡᠭᠰᠡᠨ᠃︾ ᠶᠡᠷᠦ ᠨᠢ ᠾᠦᠩᠨᠣ ᠶᠢᠨ | ᠬᠤᠪᠴᠠᠰᠤᠨ ᠤ ᠮᠠᠶ᠋ᠢᠭ ᠲᠡᠳᠡᠨ ᠤ ᠲᠦᠷᠦᠯ ᠠᠶᠢᠮᠠᠭ ᠤᠨ ᠳᠤᠮᠳᠠ ᠳᠡᠯᠭᠡᠷᠡᠭᠡᠳ ᠵᠤᠭᠰᠤᠭᠰᠠᠨ ᠦᠭᠡᠢ᠂ ᠣᠶᠢᠷ᠎ᠠ | ᠬᠦᠷᠰᠢ ᠬᠢᠲᠠᠳ ᠭᠠᠵᠠᠷ ᠪᠠᠰᠠ ᠨᠡᠪᠳᠡᠷᠡᠭᠰᠡᠨ ᠪᠠᠶᠢᠨ᠎ᠠ᠃ | ᠳᠡᠯᠡᠬᠡᠢ ᠳᠤ ᠬᠠᠮᠤᠭ ᠤᠨ ᠬᠦᠴᠣᠷᠬᠡᠭ ᠣᠯᠤᠰ ᠪᠠᠶᠢᠭᠤᠯᠵᠤ ᠪᠠᠶᠢᠭᠰᠠᠨ ᠮᠣᠩᠭᠤᠯᠴᠣᠳ ᠤᠨ ᠬᠤᠪᠴᠠᠰᠤ ᠶᠢ | ᠭᠠᠳᠠᠨ᠎ᠠ ᠶᠢᠨ ᠬᠢᠨ ᠣᠯᠠᠨᠳᠠ ᠳᠠᠭᠤᠷᠢᠶᠠᠳᠠᠭ ᠪᠠᠶᠢᠭᠰᠠᠨ ᠪᠤᠯ ᠬᠤᠵᠢᠮ ᠬᠦᠴᠦ ᠨᠢ ᠮᠦᠬᠦᠵᠦ᠂ ᠮᠠᠨᠵᠤ ᠴᠢᠩ | ᠣᠯᠤᠰ ᠤᠨ ᠨᠣᠶᠠᠷᠬᠠᠯ ᠳᠤ ᠪᠠᠶᠢᠭᠰᠠᠨ / 1615 — 1911 / ᠣᠨ ᠤ ᠦᠶ᠎ᠡ ᠳᠤ ᠮᠣᠩᠭᠤᠯ ᠤᠨ | ᠢᠵᠡᠭᠤᠷᠳᠠᠨ ᠶᠡᠬᠡᠰ ᠳᠡᠭᠡᠳᠦᠰ ᠤᠨ ᠡᠮᠦᠰᠭᠡᠯ ᠳᠤ ᠮᠠᠨᠵᠤ — ᠬᠢᠲᠠᠳ ᠬᠤᠪᠴᠠᠰᠤᠨ ᠤ ᠵᠠᠭᠪᠣᠷ ᠨᠦᠯᠦᠬᠡᠯᠡᠵᠡᠢ᠃ | 1911 ᠣᠨ ᠳᠤ ᠮᠣᠩᠭᠤᠯ ᠮᠠᠨᠵᠣ ᠶᠢᠨ ᠡᠷᠬᠡᠰᠢᠶᠡᠯ ᠠᠴᠠ ᠠᠩᠬᠢᠵᠢᠷᠠᠬᠤ ᠳᠤ᠂ ᠨᠣᠶᠠᠳ ᠲᠦᠰᠢᠮᠡᠳ ᠤᠨ ᠵᠡᠷᠭᠡ | ᠳᠡᠪ᠂ ᠶᠠᠩᠪᠠ ᠶᠢᠨ ᠬᠤᠪᠴᠠᠰᠤ ᠶᠢ ᠮᠣᠩᠭᠤᠯ ᠬᠡᠪ ᠰᠢᠨᠵᠢ ᠶᠢᠨ ᠪᠣᠯᠭᠠᠨ ᠦᠭᠡᠷᠡᠴᠢᠯᠡᠬᠦ ᠵᠠᠷᠯᠢᠭ ᠭᠠᠷᠴᠠᠢ᠃ ︽ | ᠶᠣᠰᠣᠯᠠᠯ ᠤᠨ ᠴᠠᠭᠠᠵᠠᠨ ᠤ ᠪᠢᠴᠢᠭ︾ ᠲᠤ ᠲᠦᠷᠦ ᠶᠢᠨ ᠶᠣᠰᠣᠯᠠᠯ ᠤᠨ ᠦᠶ᠎ᠡ ᠳᠤ ᠬᠡᠷᠡᠭᠯᠡᠬᠦ ᠬᠤᠪᠴᠠᠰᠤᠨ ᠤ | ᠲᠢᠭ ᠵᠠᠶ᠋ᠢᠭ ᠢ ᠨᠠᠷᠢᠪᠴᠢᠯᠠᠨ ᠵᠢᠭᠠᠵᠣ᠂ ᠡᠷᠲᠡᠨ ᠤ ᠡᠨᠡᠳᠬᠡᠭ ᠬᠠᠭᠠᠳ ᠤᠨ ᠪᠤᠯᠤᠨ ᠲᠦᠪᠡᠳ ᠯᠠᠮᠠ ᠨᠠᠷ ᠤᠨ | ᠬᠤᠪᠴᠠᠰᠣᠨ ᠠᠴᠠ ᠰᠠᠨᠠᠭ᠎ᠠ ᠠᠪᠴᠤ᠂ ᠮᠣᠩᠭᠤᠯ ᠬᠤᠪᠴᠠᠰᠤᠨ ᠤ ᠶᠡᠷᠦᠩᠬᠡᠢ ᠵᠠᠭᠪᠣᠷ ᠲᠤ ᠲᠣᠯᠭᠤᠷᠢᠯᠠᠨ | ᠮᠣᠩᠭᠤᠯ ᠣᠯᠤᠰ ᠤᠨ ᠬᠠᠭᠠᠨ ᠤ ᠶᠠᠩᠪᠠ ᠶᠢᠨ ᠬᠤᠪᠴᠠᠰᠤ ᠶᠢ ᠴᠣ ᠰᠢᠨ᠎ᠠ ᠪᠠᠷ ᠡᠭᠦᠰᠭᠡᠨ ᠵᠣᠬᠢᠶᠠᠭᠰᠠᠨ ᠲᠡᠦᠬᠡ | ᠲᠠᠢ᠃ | ᠮᠣᠩᠭᠤᠯ ᠳᠡᠪᠡᠯ ᠤᠨ ᠭᠤᠣᠯ ᠣᠨᠴᠠᠯᠢᠭ ᠨᠢ ᠪᠠᠷᠠᠭᠤᠨ ᠲᠠᠰᠢ ᠪᠤᠯᠤᠨ ᠲᠦᠷᠪᠡᠯᠵᠢᠨ ᠡᠪᠦᠷ᠂ ᠵᠠᠯᠭᠠᠮᠠᠯ | ᠬᠠᠨᠴᠤᠢ ᠲᠠᠢ ᠬᠤᠶᠠᠷ ᠲᠠᠰᠢᠶ᠎ᠠ ᠪᠦᠬᠦᠢ ᠪᠡᠶ᠎ᠡ ᠲᠠᠢ᠂ ᠲᠤᠳᠤᠭᠤᠷ ᠭᠠᠳᠠᠭᠤᠷ ᠡᠩᠭᠡᠷ ᠲᠠᠢ ᠪᠤᠯᠤᠨ᠎ᠠ᠃ ᠮᠠᠨᠵᠤ | ᠡᠩᠭᠡᠷ ᠠᠴᠠ ᠢᠯᠭᠠᠭ᠎ᠠ ᠲᠠᠢ ᠨᠢ ᠮᠠᠨᠵᠤ ᠳᠡᠪᠡᠯ ᠨᠢ ᠵᠠᠬ᠎ᠠ ᠦᠭᠡᠢ᠂ ᠲᠦᠷᠪᠡᠯᠵᠢᠨ ᠡᠩᠭᠡᠷ ᠲᠠᠢ᠂ ᠪᠦᠰᠡᠯᠡᠬᠦ ᠪᠠᠷ | ᠬᠤᠨᠢᠶᠠᠰᠤᠲᠠᠢ ᠪᠠᠶᠢᠳᠠᠭ ᠪᠤᠯ ᠮᠣᠩᠭᠤᠯ ᠳᠡᠪᠡᠯ ᠨᠢ ᠪᠤᠰᠤᠭ᠎ᠠ ᠡᠭᠴᠡ ᠵᠠᠬ᠎ᠠ ᠲᠠᠢ ᠭᠦᠳᠦᠭᠡᠷ ᠲᠦᠷᠪᠡᠯᠵᠢᠨ ᠡᠩᠭᠡᠷ | ᠲᠠᠢ ᠪᠠᠶᠢᠳᠠᠭ᠃ | ᠦᠨᠳᠦᠰᠦᠲᠡᠨ ᠤ ᠬᠤᠪᠴᠠᠰᠤ ᠣᠭᠰᠠᠭᠠᠲᠠᠨ ᠤ ᠵᠦᠢ ᠶᠢᠨ ᠦᠨᠡᠮᠯᠡᠬᠦ ᠪᠤᠯᠵᠤ ᠢᠷᠡᠭᠰᠡᠨ ᠠᠴᠠ ᠭᠠᠳᠠᠨ᠎ᠠ | ᠵᠠᠷᠢᠮ ᠦᠶ᠎ᠡ ᠳᠤ ᠣᠯᠤᠰ ᠲᠦᠷᠦ ᠶᠢᠨ ᠣᠳᠬ᠎ᠠ᠂ ᠶᠣᠭᠲᠠ ᠰᠠᠨᠠᠭ᠎ᠠ ᠶᠢ ᠠᠭᠤᠯᠳᠠᠭ ᠪᠠᠶᠢᠪᠠ᠃ ᠳᠤᠮᠤᠭ | ᠦᠬᠦᠯᠡᠷᠦᠨ᠄ ︽ᠮᠣᠩᠭᠤᠯ ᠨᠣᠶᠠᠨ ᠬᠢᠲᠠᠳ ᠲᠤ ᠲᠤᠯᠭ᠎ᠠ ᠵᠠᠬᠢᠶᠠᠯᠠᠵᠠᠢ᠃ ᠴᠢᠩᠭᠢᠬᠦ ᠳᠤ ᠪᠠᠨ ᠲᠣᠲᠣᠭᠤ ᠶᠢ ᠨᠢ | ᠪᠠᠳᠠᠷᠠᠵᠤ ᠪᠤᠢ ᠳᠦᠯᠦ ᠪᠠᠷ ᠬᠢᠰᠦᠭᠡᠢ ᠭᠡᠵᠦ᠃ ᠬᠢᠲᠠᠳ ᠲᠤ ᠲᠡᠷᠡ ᠬᠦᠰᠡᠯᠳᠡ ᠶᠢ ᠣᠮᠠᠷᠳᠠᠵᠦ᠂ ᠲᠣᠲᠣᠭᠤ ᠶᠢ | ᠳᠦᠯᠦ ᠪᠠᠷ ᠪᠤᠰᠤ᠂ ᠬᠤᠩ ᠬᠡᠷᠢᠶᠡᠨ ᠤ ᠬᠤᠰᠢᠭᠤ ᠮᠠᠶ᠋ᠢᠭ ᠢᠶᠠᠷ ᠬᠢᠵᠦ ᠢᠷᠡᠭᠦᠯᠵᠡᠢ᠃ ᠮᠣᠩᠭᠤᠯ ᠤᠨ ᠭᠠᠵᠠᠷ | ᠰᠢᠷᠣᠢ ᠶᠢ ᠬᠤᠩ ᠬᠡᠷᠢᠶᠡᠨ ᠤ ᠬᠤᠰᠢᠭᠤ ᠪᠠᠷ ᠲᠤᠭᠰᠢᠭᠤᠯᠬᠤ ᠭᠡᠰᠡᠨ ᠰᠠᠨᠠᠭ᠎ᠠ ᠠᠭᠤᠯᠣᠭᠰᠠᠨ ᠭᠡᠵᠦ ᠬᠠᠭᠠᠨ | ᠣᠨᠣᠭᠠᠨ ᠣᠬᠠᠪᠠ᠃ ᠬᠦᠷᠰᠢ ᠭᠦᠷᠦᠨ ᠲᠠᠢ ᠪᠠᠨ ᠮᠠᠭᠤᠲᠠᠭᠠᠳ ᠶᠠᠭᠠᠬᠢᠬᠤᠪ᠂ ᠰᠠᠨᠠᠭ᠎ᠠ ᠶᠢ ᠨᠢ ᠮᠡᠳᠡᠭᠰᠡᠨ ᠰᠠᠶᠢᠨ | ᠪᠣᠯᠣᠯ᠎ᠠ᠃ ᠬᠤᠩ ᠬᠡᠷᠢᠶ᠎ᠡ ᠮᠠᠨ ᠤ ᠭᠠᠵᠠᠷ ᠰᠢᠷᠤᠢ᠂ ᠭᠠᠯ ᠭᠤᠯᠤᠮᠲᠠ ᠶᠢ ᠲᠤᠩᠰᠢᠵᠤ ᠵᠢᠷᠣᠬᠡᠯᠡᠬᠦ ᠦᠭᠡᠢ ᠰᠦᠷᠬᠦ | ᠣᠬᠠᠭᠠᠨ ᠢ ᠰᠡᠶᠢᠯᠦᠶᠡ ᠭᠡᠳ ᠠᠯᠪᠠᠳᠣ ᠨᠠᠷ ᠲᠠᠢ ᠪᠠᠨ ᠵᠦᠪᠯᠡᠯᠳᠦᠨ᠂ ᠦᠷᠭᠦᠯᠵᠢ ᠭᠤᠯᠤᠮᠲᠠ ᠶᠢᠨ ᠢᠶᠠᠨ ᠵᠠᠬ᠎ᠠ ᠳᠤ | ᠪᠠᠶᠢᠳᠠᠭ ᠭᠠᠯ ᠤᠨ ᠡᠵᠡᠨ ᠡᠬᠡᠨᠡᠷ ᠬᠦᠮᠦᠨ ᠤ ᠬᠤᠪᠴᠠᠰᠤ ᠶᠢ ᠵᠢᠭᠦᠷᠲᠡᠨ ᠤ ᠬᠠᠭᠠᠨ ᠬᠠᠨ ᠭᠠᠷᠤᠳᠢ ᠶᠢᠨ ᠰᠦᠷ | ᠵᠢᠪᠬᠤᠯᠠᠩᠲᠤ ᠲᠦᠷᠢ ᠶᠢ ᠲᠠᠭᠤᠷᠢᠶᠠᠯᠭᠠᠨ ᠬᠢᠬᠦ ᠪᠣᠯᠣᠭᠰᠠᠨ ᠭᠡᠳᠡᠭ᠃ ᠬᠠᠯᠬ᠎ᠠ ᠡᠬᠡᠨᠠᠷ ᠤᠨ ᠬᠤᠪᠴᠠᠰᠤ | ᠲᠦᠷᠦᠭᠰᠡᠨ ᠣᠴᠢᠷ ᠡᠶᠢᠮᠦ᠃︾ | ᠵᠤᠨ ᠤ ᠣᠯᠠᠷᠢᠯ ᠳᠤ ᠳᠠᠩ ᠳᠡᠪᠡᠯ᠂ ᠲᠠᠪᠬᠤᠷ ᠲᠡᠷᠯᠢᠭ᠂ ᠬᠠᠪᠤᠷ ᠨᠠᠮᠤᠷ ᠲᠤ ᠬᠦᠪᠦᠩ ᠲᠠᠢ ᠳᠡᠪᠡᠯ᠂ | ᠬᠤᠷᠠᠭᠠᠨ ᠳᠣᠲᠣᠷ ᠲᠠᠢ ᠳᠡᠪᠡᠯ ᠡᠮᠦᠰᠳᠡᠭ᠃ | ᠮᠣᠩᠭᠤᠯ ᠠᠷᠠᠳ ᠤᠨ ᠬᠤᠪᠴᠠᠰᠤ ᠭᠤᠶᠤᠯᠠᠯ ᠬᠡᠳᠦᠶᠢᠪᠡᠷ ᠶᠠᠰᠣᠲᠠᠨ ᠶᠠᠰᠤᠳᠠᠨ ᠢᠶᠠᠨ ᠣᠨᠴᠠᠯᠢᠭ ᠪᠦᠬᠦᠢ | ᠪᠤᠯᠪᠠᠴᠤ ᠮᠣᠩᠭᠤᠯ ᠲᠣᠭᠤᠷᠭᠠᠲᠠᠨ ᠤ ᠨᠡᠶᠢᠲᠡ ᠶᠢᠨ ᠨᠢᠭᠡ ᠬᠡᠪ ᠮᠠᠶ᠋ᠢᠭ ᠲᠠᠢ᠂ ᠢᠵᠢᠯ ᠳᠦᠰᠦᠯᠢᠭ ᠵᠠᠭᠪᠣᠷ ᠲᠠᠢ | ᠪᠤᠯᠤᠨ᠎ᠠ᠃ ᠢᠯᠠᠩᠭᠤᠶ᠎ᠠ ᠡᠷᠡᠭᠲᠠᠶᠢᠴᠣᠳ ᠤᠨ ᠬᠤᠪᠴᠠᠰᠤ ᠨᠢ ᠦᠪᠡᠷ ᠬᠤᠭᠤᠷᠤᠨᠳᠤ ᠪᠠᠨ ᠢᠯᠭᠠᠷᠠᠬᠤ ᠪᠤᠯᠪᠠᠴᠤ | ᠶᠡᠷᠦᠩᠬᠡᠢ ᠪᠠᠶᠢᠳᠠᠯ ᠨᠢ ᠠᠯᠢ ᠴᠦ ᠨᠣᠲᠤᠭ ᠲᠤ ᠠᠳᠠᠯᠢᠪᠳᠤᠷ ᠪᠠᠶᠢᠳᠠᠭ᠃ ᠬᠠᠷᠢᠨ ᠡᠮᠡᠭᠲᠡᠶᠢᠴᠣᠳ ᠤᠨ | ᠬᠤᠪᠴᠠᠰᠤ ᠲᠣᠬᠠᠶᠢᠯᠠᠪᠠᠯ᠂ ᠡᠬᠡᠨᠡᠷ ᠬᠦᠮᠦᠨ ᠤ ᠬᠤᠪᠴᠠᠰᠤ ᠭᠤᠶᠤᠯᠠᠯ ᠨᠡᠯᠢᠶᠡᠳ ᠦᠪᠡᠷᠮᠢᠴᠡ ᠪᠤᠯᠤᠨ᠎ᠠ᠃ | ᠮᠣᠩᠭᠤᠯ ᠠᠷᠠᠳ ᠤᠨ ᠬᠤᠪᠴᠠᠰᠤ ᠶᠢ ᠬᠠᠭᠤᠴᠢᠨ ᠤ ᠠᠷᠣ ᠮᠣᠩᠭᠤᠯ ᠪᠤᠯᠬᠤ ᠬᠠᠯᠬ᠎ᠠ ᠲᠦᠷᠪᠡᠨ ᠠᠶᠢᠮᠠᠭ᠂ | ᠬᠤᠪᠲᠤ ᠶᠢᠨ ᠬᠢᠵᠠᠭᠠᠷ ᠤᠨ ᠪᠠᠶᠢᠳᠠᠯ ᠢᠶᠠᠷ ᠠᠪᠴᠤ ᠦᠵᠡᠪᠡᠯ ᠳᠠᠷᠠᠭᠠᠬᠢ ᠦᠨᠳᠦᠰᠦᠨ ᠬᠡᠳᠦᠨ ᠲᠦᠷᠦᠯ ᠳᠤ | ᠬᠠᠮᠤᠷᠤᠭᠳᠠᠵᠤ ᠪᠠᠶᠢᠯ᠎ᠠ᠃ ᠡᠭᠦᠨ ᠳᠤ᠄ ᠬᠠᠯᠬ᠎ᠠ ᠮᠠᠶ᠋ᠢᠭ ᠤᠨ ᠬᠤᠪᠴᠠᠰᠤ ᠭᠤᠶᠤᠯᠠᠯ᠂ ᠣᠶᠢᠷᠠᠳ ᠮᠠᠶ᠋ᠢᠭ ᠤᠨ | ᠬᠤᠪᠴᠠᠰᠤ ᠭᠤᠶᠤᠯᠠᠯ᠂ ᠵᠠᠪᠰᠠᠷ ᠤᠨ ᠮᠠᠶ᠋ᠢᠭ ᠤᠨ ᠬᠤᠪᠴᠠᠰᠤ ᠭᠤᠶᠤᠯᠠᠯ ︵ᠪᠤᠭᠳᠠ ᠬᠠᠭᠠᠨᠲᠤ ᠣᠯᠤᠰ ᠤᠨ | ᠪᠦᠷᠢᠯᠳᠦᠬᠦᠨ ᠳᠤ ᠪᠠᠶᠢᠭᠰᠠᠨ ᠳᠠᠷᠬᠠᠳ᠂ ᠴᠠᠳᠠᠨ᠂ ᠳᠠᠷᠢᠭᠠᠩᠭ᠎ᠠ ᠵᠡᠷᠭᠡ ᠶᠠᠰᠤᠲᠠᠨ ᠨᠤᠭᠤᠳ ᠪᠤᠯᠤᠨ᠎ᠠ︶ | ᠣᠳᠤ ᠮᠠᠨ ᠤ ᠣᠷᠤᠨ ᠳᠤ ᠨᠣᠲᠣᠭᠯᠠᠳᠠᠭ ᠬᠤᠷᠢᠭᠠᠳ ᠶᠠᠰᠤᠳᠠᠨ ᠤ ᠳᠡᠪᠡᠯ ᠨᠢ 400 ᠣᠷᠴᠢᠮ᠂ ᠭᠤᠲᠤᠯ | ᠨᠢ ᠬᠤᠷᠢᠭᠠᠳ᠂ ᠪᠦᠰᠡ ᠨᠢ ᠠᠷᠪᠠ ᠣᠷᠴᠢᠮ ᠲᠦᠷᠦᠯ ᠪᠠᠶᠢᠳᠠᠭ᠃ ᠵᠢᠱᠢᠶ᠎ᠡ ᠨᠢ᠄ ᠮᠣᠩᠭᠤᠯ ᠳᠤ ᠠᠮᠢᠳᠣᠷᠠᠳᠠᠭ | ᠬᠠᠯᠬ᠎ᠠ᠂ ᠪᠤᠷᠢᠶᠠᠳ᠂ ᠳᠠᠷᠢᠭᠠᠩᠭ᠎ᠠ᠂ ᠣᠶᠢᠷᠠᠳ ᠵᠡᠷᠭᠡ ᠣᠯᠠᠨ ᠶᠠᠰᠤᠳᠠᠨ ᠤ ᠬᠤᠪᠴᠠᠰᠤ ᠲᠤᠲᠤᠷ᠎ᠠ ᠪᠠᠨ | ᠢᠯᠭᠠᠷᠠᠬᠤ ᠪᠦᠭᠡᠳ ᠡᠳᠡᠭᠡᠷ ᠠᠴᠠ ᠬᠡᠣᠬᠡᠳ ᠡᠷᠡᠭᠲᠠᠶᠢᠴᠤᠳ ᠤᠨ ᠬᠤᠭᠤᠷᠤᠨᠳᠤ ᠪᠠᠨ ᠳᠦᠰᠦᠭᠡᠲᠠᠢ᠂ ᠬᠠᠷᠢᠨ | ᠡᠮᠡᠭᠲᠠᠶᠢᠴᠤᠳ ᠤᠨ ᠬᠢ ᠨᠡᠯᠢᠶᠡᠳ ᠢᠯᠭᠠᠭ᠎ᠠ ᠲᠠᠢ ᠪᠤᠯᠤᠨ᠎ᠠ᠃ |