ᠮᠣᠩᠭᠤᠯ ᠬᠡᠷ ᠪᠠᠷᠢᠯᠭ᠎ᠠ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2018/3/29
                ᠮᠣᠩᠭᠤᠯ ᠬᠡᠷ ᠪᠠᠷᠢᠯᠭ᠎ᠠ ᠶᠢᠨ ᠴᠡᠭᠡᠷ ᠶᠣᠰᠣᠨ       ᠬᠡᠷ ᠪᠠᠶᠢᠰᠢᠩ ᠤᠨ ᠴᠡᠬᠡᠷ ᠶᠣᠰᠣᠨ ᠠᠶᠢᠯ ᠤᠨ ᠬᠡᠷ ᠵᠦᠭ ᠬᠠᠨᠳᠣᠵᠤ ᠭᠠᠳᠠᠭᠠᠯᠠᠬᠤ ᠶᠢ ᠴᠡᠬᠡᠷᠯᠡᠨ᠎ᠡ ᠠᠭᠤᠯᠠ ᠶᠢᠨ ᠠᠷᠣ ᠭᠠᠵᠠᠷ ᠲᠤ ᠬᠡᠷ ᠪᠠᠷᠢᠬᠤ ᠶᠢ ᠴᠡᠬᠡᠷᠯᠡᠨ᠎ᠡ᠃ ᠲᠦᠰᠢᠬᠦᠷᠢ ᠪᠠᠶᠢᠬᠤ ᠦᠭᠡᠢ ᠪᠣᠯᠣᠨ᠎ᠠ ᠬᠡᠳᠡᠭ᠃ ᠬᠡᠪᠡᠴᠦ ᠵᠠᠷᠢᠮ ᠨᠣᠳᠤᠭ ᠲᠤ ᠠᠭᠤᠯᠠᠨ ᠠᠷᠣ ᠪᠠᠷ ᠰᠠᠭᠤᠪᠠᠯ ᠰᠠᠶᠢᠨ᠂ ᠠᠭᠤᠯᠠᠨ ᠡᠮᠦᠨ᠎ᠡ ᠰᠠᠭᠤᠷᠰᠢᠪᠠᠯ ᠴᠠᠰᠦᠨ  ᠳᠤ ᠲᠠᠷᠣᠭᠳᠠᠨ᠎ᠠ ᠬᠡᠳᠡᠭ ᠴᠦ ᠪᠣᠢ᠃       ᠠᠷᠣ ᠪᠠᠷ ᠢᠶᠠᠨ ᠵᠠᠮ ᠲᠠᠢ ᠭᠠᠵᠠᠷ ᠲᠤ ᠨᠣᠳᠣᠭᠯᠠᠨ ᠰᠠᠭᠤᠬᠤ ᠶᠢ ᠴᠡᠬᠡᠷᠯᠡᠳᠡᠭ᠂, ᠡᠶᠢᠮᠦᠷᠬᠦ ᠭᠠᠵᠠᠷ ᠲᠤ ᠨᠣᠳᠣᠭᠯᠠᠪᠠᠯ ︽ᠰᠢᠯᠢᠨ ᠬᠦᠵᠦᠬᠦᠦ ᠨᠢ ᠲᠠᠷᠣᠭᠳᠠᠨ᠎ᠠ︾ ᠬᠡᠨ᠎ᠡ᠃ ᠦᠬᠡᠷ᠎ᠡ ᠪᠠᠷ ᠬᠡᠯᠡᠪᠡᠯ᠂ ᠡᠨᠡ ᠠᠶᠢᠯ ᠤᠨ ᠬᠡᠢ ᠮᠣᠷᠢ ᠬᠡᠪᠳᠡᠨ ᠦᠬᠡᠳᠡᠯᠡᠬᠦ ᠦᠭᠡᠢ ᠬᠡᠨ᠎ᠡ᠃       ᠡᠬᠦᠳᠡ ᠠᠯᠳᠠᠯᠠᠵᠣ ᠵᠣᠭᠰᠣᠬᠤ ᠶᠢ ᠴᠡᠬᠡᠷᠯᠡᠨ᠎ᠡ᠃ ᠲᠡᠭᠷᠢ ᠶᠢᠨ ᠲᠠᠭᠤᠨ ᠳᠤ ᠬᠠᠷᠰᠢ ᠬᠡᠬᠦ ᠪᠣᠶᠣ ᠣᠷᠣᠬᠤ ᠭᠠᠷᠬᠤ ᠶᠢ ᠬᠠᠷᠰᠢᠯᠠᠨ᠎ᠠ ᠬᠡᠨ᠎ᠡ᠂ ᠪᠠᠰᠠ ᠲᠠᠷᠢᠶ᠎ᠠ ᠠᠯᠳᠠᠨ᠎ᠠ ᠴᠦ ᠬᠡᠳᠡᠭ᠃ ᠡᠬᠦᠳᠡ ᠪᠠᠨ ᠬᠦᠴᠦᠳᠠᠢ ᠨᠡᠬᠡᠬᠡᠵᠤ ᠬᠠᠭᠠᠬᠤ ᠶᠢ ᠴᠡᠬᠡᠷᠯᠠᠨ᠎ᠠ᠃ ᠢᠩᠬᠢᠪᠡᠯ ᠲᠠᠷᠣᠢ ᠶᠣᠰᠤ ᠵᠦᠢ ᠮᠡᠳᠡᠬᠦ ᠦᠭᠡᠢ᠂ ᠲᠤᠷ᠎ᠠ ᠦᠬᠡᠶᠢᠴᠡᠭᠰᠡᠨ ᠤ ᠪᠣᠳᠠᠳᠣ ᠢᠯᠡᠷᠡᠯ ᠪᠣᠯᠣᠨ᠎ᠠ᠃ ᠡᠬᠦᠳᠡ ᠪᠠᠷ ᠣᠬᠤᠷᠢᠵᠤ ᠤᠷᠤᠬᠤ ᠶᠢ ᠴᠡᠬᠡᠷᠯᠡᠨ᠎ᠡ᠃ ᠲᠠᠯᠠᠯᠭ᠎ᠠ ᠲᠠᠯᠠᠯᠣᠭᠠᠳ ᠣᠷᠣᠵᠣ ᠢᠷᠡᠬᠦ  ᠳᠡᠭᠡᠨ ᠰᠠᠶ᠋ᠢ ᠢᠩᠬᠢᠳᠡᠭ᠃ ᠡᠬᠦᠳᠡ ᠪᠠᠷ ᠣᠰᠣ ᠠᠰᠬᠠᠬᠤ ᠶᠢ ᠴᠡᠬᠡᠷᠯᠡᠳᠡᠭ᠃ ᠡᠬᠦᠳᠡᠨ ᠰᠠᠬᠢᠭᠤᠯᠣᠭᠰᠠᠨ ᠢᠶᠠᠨ ᠰᠦᠷᠴᠢᠭᠰᠡᠨ ᠲᠠᠢ ᠠᠳᠠᠯᠢ ᠬᠡᠨ᠎ᠡ᠃       ᠡᠬᠦᠳᠡ ᠰᠡᠬᠦᠵᠤ ᠣᠷᠣᠬᠤ ᠳᠠᠭᠠᠨ ᠪᠣᠷᠣᠭᠤ ︵ᠪᠠᠷᠠᠭᠤᠨ︶ ᠲᠠᠯ᠎ᠠ ᠶᠢ ᠴᠡᠬᠡᠷᠯᠡᠨ᠎ᠡ᠃ ᠵᠠᠪᠠᠯ ᠵᠦᠪ ︵ᠵᠡᠬᠦᠨ︶ ᠲᠠᠯ᠎ᠠ ᠶᠢ ᠰᠡᠬᠦᠵᠤ ᠤᠷᠤᠨ᠎ᠠ᠃ ᠦᠭᠡᠢ ᠪᠣᠯ ︽ᠵᠠᠭᠤ ᠬᠦᠷᠳᠡᠯ᠎ᠡ ᠲᠤᠭ᠎ᠠ ᠮᠡᠳᠡᠬᠦ ᠦᠭᠡᠢ᠂ ᠵᠡᠬᠦᠨᠰᠢ ᠪᠠᠷᠠᠭᠤᠨᠰᠢ ᠵᠦᠭ ᠢᠯᠭᠠᠬᠤ ᠦᠭᠡᠢ︾ ᠬᠦᠮᠦᠨ ᠭᠡᠵᠤ ᠵᠢᠮᠡᠯᠡᠭᠳᠡᠨ᠎ᠡ᠃ ᠡᠬᠦᠳᠡ ᠲᠣᠰᠴᠣ ᠠᠰᠠᠯᠠᠵᠣ ᠰᠠᠭᠤᠬᠤ ᠶᠢ ᠴᠡᠬᠡᠷᠯᠡᠨ᠎ᠡ᠃ ᠢᠩᠬᠢᠪᠡᠯ ᠲᠠᠷᠣᠢ ︽ᠲᠡᠭᠷᠢ ᠶᠢᠨ ᠲᠠᠭᠤᠨ ᠤ ᠬᠠᠷᠰᠢ︾ ᠬᠡᠳᠡᠭ ᠡᠬᠦᠳᠡᠨ ᠠᠴᠠ ᠡᠮᠦᠨᠡᠰᠢ ᠡᠬᠦᠳᠡ ᠭᠤᠣᠯᠳᠠᠵᠣ ᠭᠠᠳᠠᠭᠠᠯᠠᠬᠤ ᠶᠢ ᠴᠡᠬᠡᠷᠯᠡᠨ᠎ᠡ᠃ ᠬᠡᠢ ᠮᠣᠷᠢ ᠰᠦᠯᠳᠡ ᠶᠢ ᠪᠣᠵᠠᠷᠯᠠᠨ᠎ᠠ ᠬᠡᠳᠡᠭ᠃ ᠡᠬᠦᠳᠡᠨ ᠠᠰ ᠡᠮᠦᠨ᠎ᠡ ᠣᠰᠣ ᠵᠠᠳᠠᠭᠠᠢ ᠲᠠᠢ ᠭᠠᠵᠠᠷ ᠲᠤ ᠬᠡᠷ ᠪᠠᠷᠢᠬᠤ ᠶᠢ ᠴᠡᠬᠡᠷᠯᠡᠨ᠎ᠡ᠃ ᠡᠬᠦᠳᠡᠨ ᠪᠣᠷᠣᠭᠤ ᠲᠠᠯ᠎ᠠ ᠪᠠᠷ ᠭᠠᠷᠬᠤ ᠶᠢ ᠴᠡᠬᠡᠷᠯᠡᠨ᠎ᠡ᠃ ᠭᠠᠷᠣᠵᠠ ᠲᠠᠢ ᠪᠣᠯᠣᠨ᠎ᠠ ᠭᠡᠬᠦ ᠪᠣᠶᠣ ᠲᠣᠮ ᠬᠠᠷᠢᠭᠤᠯᠭ᠎ᠠ ᠬᠢᠬᠦ ᠶᠠᠭᠤᠮ᠎ᠠ ᠶᠢ ᠡᠬᠦᠳᠡᠨ ᠪᠣᠷᠣᠭᠤ ᠲᠠᠯ᠎ᠠ ᠪᠠᠷ ᠭᠠᠷᠳᠠᠭ ᠲᠣᠯᠠ ᠴᠢᠳᠬᠦᠷ ᠤᠨ ᠶᠠᠪᠣᠬᠤ ᠡᠬᠦᠳᠡ ᠭᠡᠵᠤ ᠠᠮᠢᠳᠣ ᠬᠦᠮᠦᠨ ᠭᠠᠷᠳᠠᠭ ᠦᠭᠡᠢ᠃ ᠡᠳᠦᠷ ᠪᠠᠷ ᠡᠷᠦᠬᠡ ᠬᠡᠷ ᠢ ᠪᠦᠳᠡᠬᠡᠬᠦ ᠶᠢ ᠴᠡᠬᠡᠷᠯᠡᠳᠡᠭ᠃ ︽ᠡᠨᠡ ᠠᠶᠢᠯ ᠤᠨ ᠨᠢᠬᠡ ᠬᠦᠮᠦᠨ ᠨᠢ ᠦᠬᠦᠵᠡᠢ ᠭᠡᠵᠤ︾ ᠬᠡᠯᠡᠯᠴᠡᠳᠡᠭ ᠦᠬᠦᠭᠰᠡᠨ ᠬᠦᠮᠦᠨ ᠲᠠᠯᠪᠢᠭᠰᠠᠨ ᠬᠡᠷ ᠰᠠᠶ᠋ᠢ ᠢᠩᠬᠢᠳᠡᠭ᠃ ᠡᠷᠦᠬᠡ ᠶᠢ ᠨᠢ ᠰᠡᠬᠦᠬᠡᠳ ᠬᠤᠰᠢᠭᠤ ᠶᠢ  ᠨᠢ ᠲᠠᠬᠢᠵᠤ ᠪᠣᠴᠠᠭᠠᠨ ᠲᠣᠳᠠᠭᠤ ᠪᠦᠳᠡᠬᠡᠬᠦ ᠶᠢ ᠴᠡᠬᠡᠷᠯᠡᠨ᠎ᠡ᠃ ᠬᠦᠮᠦᠨ ᠦᠬᠦᠪᠡᠯ ᠢᠩᠬᠢᠵᠤ ᠪᠦᠳᠡᠬᠡᠳᠡᠭ ᠭᠡᠨ᠎ᠡ᠃ ᠨᠣᠶᠠᠨ ᠨᠢᠷᠣᠭᠤ ︵ᠭᠤᠣᠯ ᠨᠢᠷᠣᠭᠤ︶ ᠪᠣᠰᠬᠠᠬᠤ ᠡᠳᠦᠷ ᠡᠮᠡᠭᠳᠡᠢ ᠬᠦᠮᠦᠨ ᠢᠷᠡᠬᠦ ᠶᠢ ᠴᠡᠬᠡᠷᠯᠡᠨ᠎ᠡ᠃        ᠪᠠᠶᠢᠰᠢᠩ ᠬᠡᠷ ᠤᠨ ᠨᠢᠷᠣᠭᠤ ᠲᠣᠰᠴᠦ ᠣᠨᠳᠠᠬᠤ ᠶᠢ ᠴᠡᠬᠡᠷᠯᠡᠳᠡᠭ᠃ ᠢᠩᠬᠢᠪᠡᠯ ︽ᠬᠠᠷ᠎ᠠ ᠲᠠᠷᠣᠨ᠎ᠠ︾ ᠬᠡᠳᠡᠭ᠃ ᠪᠠᠶᠢᠰᠢᠩ ᠬᠡᠷ ᠪᠠᠷᠢᠬᠤ ᠳᠠᠭᠠᠨ ᠤᠨᠤᠨ ᠤ ᠦᠵᠦᠬᠦᠷ ᠢ ᠲᠦᠷᠦᠬᠦᠯᠠ ᠬᠠᠨᠳᠣᠭᠤᠯᠬᠤ ᠲᠠᠯᠪᠢᠬᠤ ᠶᠢ ᠴᠡᠬᠡᠷᠯᠡᠳᠡᠭ᠃ ᠵᠠᠪᠠᠯ ᠪᠦᠳᠦᠬᠦᠨ ᠲᠠᠯ᠎ᠠ ᠶᠢ ᠨᠢ ᠲᠦᠷᠦᠬᠦᠯᠡ ᠬᠠᠨᠳᠣᠭᠤᠯᠤᠨ ᠨᠠᠷᠢᠨ ᠦᠵᠦᠬᠦᠷ ᠢ ᠨᠢ ᠬᠤᠶᠢᠰᠢ ᠬᠠᠨᠳᠣᠭᠤᠯᠣᠨ ᠲᠠᠯᠪᠢᠳᠠᠭ᠃ ᠪᠠᠶᠢᠰᠢᠩ ᠬᠡᠷ ᠪᠠᠷᠢᠬᠤ ᠳᠠᠭᠠᠨ ᠨᠢᠷᠣᠭᠤᠨ ᠤ ᠦᠵᠦᠬᠦᠷ ᠢ ᠪᠠᠷᠠᠭᠤᠨ ᠭᠠᠷ ᠵᠦᠭ ᠬᠠᠨᠳᠣᠭᠤᠯᠬᠤ ᠶᠢ ᠴᠡᠬᠡᠷᠯᠡᠳᠡᠭ᠃ ᠵᠠᠪᠠᠯ ᠵᠡᠬᠦᠨ ᠭᠠᠷ ᠵᠦᠭ ᠬᠠᠨᠳᠣᠭᠤᠯᠣᠨ᠎ᠠ᠃ ᠪᠠᠭᠠᠨ᠎ᠠ ᠶᠢᠨ ᠠᠴᠠᠨ ᠲᠠᠯ᠎ᠠ ᠶᠢ ᠲᠣᠳᠣᠭᠰᠢ ᠬᠠᠨᠳᠣᠭᠤᠯᠣᠨ ᠣᠷᠣᠭᠤᠯᠬᠤ ᠪᠣᠶᠣ ᠲᠣᠳᠣᠭᠰᠢ ᠬᠠᠨᠳᠣᠭᠤᠯᠣᠨ ᠭᠠᠷᠭᠠᠵᠣ ᠶᠢ ᠴᠡᠬᠡᠷᠯᠡᠨ᠎ᠡ᠃       ᠪᠠᠭᠠᠨ᠎ᠠ ᠶᠢ ᠲᠠᠯᠪᠢᠬᠤ ᠳᠠᠭᠠᠨ ᠠᠴᠠᠨ ᠲᠠᠯ᠎ᠠ ᠶᠢ ᠲᠣᠳᠣᠭᠰᠢ ᠬᠠᠨᠳᠣᠭᠤᠯᠣᠨ ᠲᠠᠯᠪᠢᠬᠤ ᠶᠢ ᠴᠡᠬᠡᠷᠯᠡᠨ᠎ᠡ᠃ ᠪᠠᠭᠠᠨ᠎ᠠ ᠪᠣᠯ ᠬᠡᠷ ᠤᠨ ᠰᠦᠯᠳᠡ ᠶᠤᠮ ᠬᠡᠳᠡᠭ᠃ ᠪᠠᠷᠠᠭᠤᠨ ᠬᠤᠶᠢᠨ᠎ᠠ ᠪᠠᠨ ᠣᠩᠭᠤᠷᠬᠠᠢ ᠲᠠᠢ ᠭᠠᠵᠠᠷ ᠤᠨ ᠪᠠᠶᠢᠴᠠ ᠪᠦᠬᠦᠢ ᠨᠣᠳᠤᠭ ᠲᠤ ᠬᠡᠷ ᠪᠠᠷᠢᠬᠤ ᠶᠢ ᠴᠡᠬᠡᠷᠯᠡᠨ᠎ᠡ᠃ ᠪᠣᠱᠤᠭ᠎ᠠ ᠬᠢᠰᠬᠢᠬᠦ ᠶᠢ ᠴᠡᠬᠡᠷᠯᠡᠨ᠎ᠡ᠃ ᠬᠡᠢ ᠮᠣᠷᠢ ᠬᠡᠪᠳᠡᠨ᠎ᠡ᠃ ︽ᠡᠳ᠋ ᠤᠨ ᠡᠬᠢ ᠬᠠᠳᠠᠭ᠂ ᠬᠡᠷ ᠤᠨ ᠡᠬᠢ ᠡᠬᠦᠳᠡ︾ ᠬᠡᠳᠡᠭ᠃ ᠮᠠᠷᠺᠦ ᠫᠣᠯᠣ ᠶᠢᠨ ᠵᠢᠭᠤᠯᠴᠢᠯᠠᠯ ᠤᠨ ᠲᠡᠮᠳᠡᠭᠯᠡᠯ  ᠳᠤ᠄ ︽ᠶᠡᠭᠡ ᠬᠠᠭᠠᠨ ᠤ ᠮᠣᠷᠢᠯᠠᠨ ᠰᠠᠭᠠᠳᠠᠳᠠᠭ ᠦᠷᠦᠬᠡ ᠬᠠᠷᠰᠢ ᠪᠦᠬᠦᠨ ᠤ ᠡᠬᠦᠳᠡᠨ ᠲᠡᠬᠡᠷ᠎ᠡ ᠰᠢᠳᠠᠮ ᠪᠠᠷᠢᠭᠰᠠᠨ ᠬᠤᠶᠠᠷ ᠡᠬᠦᠳᠡ ᠰᠠᠬᠢᠭᠴᠢ ᠵᠣᠭᠰᠣᠵᠣ ᠪᠠᠶᠢᠳᠠᠭ᠃ ᠡᠨᠡ ᠪᠣᠯ ᠶᠡᠷᠦ ᠨᠢ ᠡᠬᠦᠳᠡᠨ ᠪᠣᠱᠤᠭ᠎ᠠ ᠶᠢ ᠠᠯᠬᠤᠵᠣ ᠭᠠᠷᠴᠦ ᠪᠣᠯᠬᠤ ᠠᠴᠠ ᠪᠢᠰᠢ ᠬᠠᠷᠢᠨ ᠬᠢᠰᠬᠢᠵᠣ ᠦᠯᠦ ᠪᠣᠯᠬᠤ ᠣᠴᠢᠷ ᠲᠡᠬᠦᠨ ᠢ ᠬᠠᠷᠠᠵᠣ ᠵᠣᠭᠰᠣᠵᠣ ᠪᠠᠶᠢᠭ᠎ᠠ ᠬᠡᠷᠡᠭ ᠶᠤᠮ᠃ ᠬᠡᠷᠪᠡ ᠬᠡᠨ ᠬᠦᠮᠦᠨ ᠬᠡᠴᠢᠶᠡᠮᠵᠢ ᠦᠭᠡᠢ ᠪᠠᠷ ᠡᠬᠦᠳᠡᠨ ᠪᠣᠱᠣᠭᠠᠨ ᠲᠡᠬᠡᠷ᠎ᠡ ᠬᠦᠯ ᠬᠦᠷᠬᠡᠭᠰᠡᠨ ᠪᠠᠶᠢᠪᠠᠯ ᠡᠳᠡᠬᠡᠷ ᠡᠬᠦᠳᠡ ᠰᠠᠬᠢᠭᠴᠢᠳ ᠲᠡᠬᠦᠨ ᠤ ᠬᠤᠪᠴᠠᠰᠦ ᠶᠢ ᠨᠢ ᠲᠠᠶᠢᠯᠵᠣ ᠠᠪᠬᠤ ᠪᠣᠶᠣ ᠵᠣᠭᠤᠰ ᠮᠦᠩᠬᠦ ᠪᠠᠷ ᠲᠣᠷᠭᠠᠳᠠᠭ᠃ ᠬᠤᠪᠴᠠᠰᠦ ᠶᠢ ᠨᠢ ᠲᠠᠶᠢᠯᠵᠣ ᠠᠪᠬᠤ ᠦᠭᠡᠢ ᠪᠣᠯ ᠲᠤᠭ᠎ᠠ ᠬᠡᠮᠵᠢᠶ᠎ᠡ ᠲᠠᠢ ᠰᠢᠳᠠᠮᠳᠠᠨ᠎ᠠ᠃ ᠡᠨᠡ ᠨᠢ ᠶᠡᠷᠦ ᠠᠴᠠ ᠡᠬᠦᠳᠡᠨ ᠪᠣᠱᠤᠭ᠎ᠠ ᠶᠢ ᠬᠢᠰᠬᠢᠪᠡᠯ ᠬᠡᠢ ᠮᠣᠷᠢ ᠬᠡᠪᠳᠡᠨ᠎ᠡ ᠭᠡᠵᠤ ᠦᠵᠡᠳᠡᠭ ᠣᠴᠢᠷ ᠠᠴᠠ ᠰᠠᠶ᠋ᠢ ᠡᠶᠢᠮᠦ ᠲᠦᠷᠢᠮ ᠲᠣᠭᠳᠠᠭᠠᠵᠠᠢ︾ ᠬᠡᠵᠡᠢ᠃ ᠪᠣᠱᠣᠭᠠᠨ ᠲᠡᠬᠡᠷ᠎ᠡ ᠠᠯᠴᠠᠶᠢᠯᠵᠤ ᠰᠠᠭᠤᠬᠤ ᠶᠢ ᠴᠡᠬᠡᠷᠯᠡᠨ᠎ᠡ᠃ ᠡᠴᠢᠬᠡ ᠶᠢᠨ ᠢᠶᠠᠨ ᠰᠢᠯᠢᠨ ᠬᠦᠵᠦᠬᠦᠨ ᠲᠡᠬᠡᠷ᠎ᠡ ᠰᠠᠭᠤᠵᠣ ᠪᠠᠶᠢᠨ᠎ᠠ ᠤᠤ ᠬᠡᠳᠡᠭ᠃ ᠪᠣᠱᠣᠭᠠᠨ ᠲᠡᠬᠡᠷ᠎ᠡ ᠵᠣᠭᠰᠣᠬᠤ ᠶᠢ ᠴᠡᠬᠡᠷᠯᠡᠳᠡᠭ᠃ ᠢᠩᠬᠢᠪᠡᠯ ︽ᠣᠷᠣᠵᠣ ᠭᠠᠷᠬᠤ ᠬᠠᠷᠰᠢᠯᠠᠨ᠎ᠠ︾ ᠬᠡᠬᠦ ᠪᠣᠶᠣ ︽ᠪᠣᠱᠤᠭ᠎ᠠ ᠶᠢ ᠠᠯᠬᠤᠳᠠᠭ ᠠᠴᠠ ᠪᠢᠰᠢ ᠵᠣᠭᠰᠣᠳᠠᠭ ᠪᠢᠰᠢ︾ ᠭᠡᠵᠤ ᠬᠡᠯᠡᠭᠳᠡᠨ᠎ᠡ᠃ ᠬᠠᠶᠢᠯᠠᠰᠣᠨ ᠮᠣᠳᠣ ᠪᠠᠷ ᠬᠡᠷ ᠤᠨ ᠣᠨᠢ ᠨᠢᠷᠦᠭᠤ ᠬᠢᠬᠦ ᠶᠢ ᠴᠡᠬᠡᠷᠯᠡᠳᠡᠭ ᠶᠤᠮ᠃ ᠢᠩᠬᠢᠪᠡᠯ ᠬᠡᠷ ᠤᠨ ᠡᠵᠡᠨ ᠳᠤ ᠬᠠᠳᠠᠭᠤ ᠬᠡᠭᠦ ᠪᠣᠶᠣ ᠭᠠᠯ ᠤᠨ ᠠᠶᠣᠯ ᠭᠠᠷᠣᠨ᠎ᠠ ᠬᠡᠳᠡᠭ ᠪᠢᠯᠡ᠃        ᠬᠠᠨᠵᠤᠨ ᠢᠷᠮᠡᠭ ᠲᠡᠬᠡᠷ᠎ᠡ ᠭᠠᠭᠴᠠ ᠬᠦᠯ ᠢᠶᠠᠨ ᠲᠠᠮᠨᠠᠬᠤ ᠪᠣᠶᠣ ᠲᠦᠷᠦᠬᠡᠯᠡᠵᠣ ᠵᠣᠭᠰᠣᠬᠤ ᠶᠢ ᠴᠡᠬᠡᠷᠯᠡᠨ᠎ᠡ ᠃ ᠶᠠᠯᠠᠳᠠᠨ ᠢ ᠰᠢᠳᠬᠡᠬᠦ ᠳᠡᠭᠡᠨ ᠢᠩᠬᠢᠳᠡᠭ ᠭᠡᠭᠦ ᠪᠣᠶᠣ ᠬᠡᠷ ᠤᠨ ᠡᠵᠡᠨ ᠤ ᠬᠢᠨ ᠰᠢᠯᠢᠨ ᠬᠦᠵᠦᠬᠦᠦ ᠬᠢᠰᠬᠢᠵᠣ ᠪᠠᠶᠢᠬᠤ ᠲᠠᠢ ᠠᠳᠠᠯᠢ ᠬᠡᠳᠡᠭ᠃ ᠬᠠᠨᠵᠣᠨ ᠢᠷᠡᠮᠡᠭ ᠲᠡᠬᠡᠷ᠎ᠡ ᠰᠠᠨᠳᠠᠶᠢᠯᠠᠵᠣ ᠰᠠᠭᠤᠬᠤ ᠶᠢ ᠴᠡᠬᠡᠷᠯᠡᠳᠡᠭ᠃ ᠢᠩᠬᠢᠪᠡᠯ ︽ᠴᠢᠨ᠋ᠸ᠎ᠠ ᠳᠤ ᠲᠠᠭᠤᠭᠳᠠᠭᠰᠠᠨ ᠬᠤᠨᠢ ᠤᠤ︖︾ ᠬᠡᠮᠡᠨ ᠠᠮᠠ ᠪᠠᠨ ᠠᠰᠠᠭᠤᠯᠭᠠᠳᠠᠭ᠃ ᠰᠠᠨᠳᠣᠷᠴᠦ ᠶᠠᠭᠠᠷᠠᠭᠰᠠᠨ ᠬᠦᠮᠦᠨ ᠰᠠᠶ᠋ᠢ ᠢᠩᠬᠢᠳᠡᠭ ᠬᠡᠨ᠎ᠡ᠃ ᠬᠠᠨᠵᠤᠨ ᠤ ᠪᠠᠷᠠᠭᠤᠨ ᠲᠠᠯ᠎ᠠ ᠳᠤ ᠡᠮᠡᠭᠳᠡᠢ ᠬᠦᠮᠦᠨ ᠣᠨᠳᠠᠬᠤ ᠶᠢ ᠴᠡᠬᠡᠷᠯᠡᠨ᠎ᠡ᠃ ᠬᠠᠨᠵᠣᠨ ᠤ ᠵᠡᠬᠦᠨ ᠲᠠᠯ᠎ᠠ ᠳᠤ ᠡᠷᠡᠭᠳᠡᠢ ᠬᠦᠮᠤᠨ ᠣᠨᠳᠠᠬᠤ ᠶᠢ ᠴᠡᠬᠡᠷᠯᠡᠨ᠎ᠡ᠃ ᠬᠠᠨᠵᠤᠨ ᠲᠡᠬᠡᠷ᠎ᠡ ᠬᠦᠨᠳᠡᠯᠡᠨ ᠬᠡᠪᠳᠡᠬᠦ ᠶᠢ ᠴᠡᠬᠡᠷᠯᠡᠨ᠎ᠡ᠃ ᠡᠬᠡᠳᠦᠣᠰ ᠬᠦᠮᠦᠨ ᠰᠠᠶ᠋ᠢ ᠢᠩᠬᠢᠳᠡᠭ᠃ ᠬᠠᠭᠤᠴᠢᠨ ᠨᠣᠳᠤᠭ ᠲᠡᠬᠡᠷ᠎ᠡ ᠰᠢᠨ᠎ᠠ ᠬᠡᠷ ᠪᠠᠷᠢᠬᠤ ᠳᠤ ᠣᠷᠣᠭᠰᠢ ᠨᠡᠬᠦᠯᠬᠡᠬᠦ ᠶᠢ ᠴᠡᠬᠡᠷᠯᠡᠨ᠎ᠡ᠃ ᠪᠠᠯ ᠬᠡᠷ ᠲᠤ ᠪᠣᠶᠣ ᠪᠠᠭ᠎ᠠ ᠣᠬᠤᠷᠢᠭᠤᠯᠵᠣ ᠪᠠᠷᠢᠨ᠎ᠠ᠃ ᠬᠡᠳᠦᠨ ᠡᠷᠦᠬᠡ ᠲᠠᠢ ᠲᠣᠰᠬᠤᠨ ᠳᠤ ᠰᠠᠭᠤᠬᠤ ᠳᠠᠭᠠᠨ ᠬᠦᠮᠦᠨ ᠤ ᠬᠡᠷ ᠤᠨ ᠠᠰ ᠲᠣᠣᠷ᠎ᠠ ᠲᠠᠯ᠎ᠠ ᠳᠤ ᠰᠠᠭᠤᠬᠤ ᠶᠢ ᠴᠡᠬᠡᠷᠯᠡᠨ᠎ᠡ᠃ ᠬᠡᠷᠪᠡ ᠶᠠᠮᠠᠷ ᠨᠢᠬᠡᠨ ᠵᠦᠢᠯ ᠤᠨ ᠰᠢᠯᠳᠠᠭᠠᠨ ᠠᠴᠠ ᠪᠣᠯᠵᠣ᠂ ᠦᠷᠦᠬᠡᠯ ᠬᠦᠮᠦᠨ ᠤ ᠬᠡᠷ ᠤᠨ ᠡᠮᠦᠨ᠎ᠡ ᠬᠡᠷ ᠪᠠᠷᠢᠬᠤ ᠴᠢᠬᠤᠯᠠ ᠲᠠᠢ ᠵᠠᠪᠠᠯ ᠪᠠᠭ᠎ᠠ ᠵᠦᠷᠢᠬᠦᠯᠡᠰᠬᠢᠨ ᠪᠠᠷᠢᠬᠤ ᠬᠡᠷᠡᠭᠳᠡᠢ᠃ ᠬᠤᠶᠠᠷ ᠠᠴᠠ ᠲᠡᠬᠡᠭᠰᠢ ᠠᠶᠢᠯ ᠡᠷᠦᠬᠡ ᠪᠠᠶᠢᠷᠢᠯᠠᠨ ᠰᠠᠭᠤᠬᠤ ᠳᠠᠭᠠᠨ ᠲᠡᠬᠦᠮᠡᠳ ᠪᠣᠶᠣ ᠵᠢᠬᠡ ᠨᠢ ᠪᠠᠷᠠᠭᠤᠨ ᠲᠠᠯ᠎ᠠ ᠳᠤᠨᠢ ᠰᠠᠭᠤᠬᠤ ᠶᠢ ᠴᠡᠬᠡᠷᠯᠡᠨ᠎ᠡ᠃ ᠵᠠᠪᠠᠯ ᠠᠬᠠᠮᠠᠳ ᠪᠣᠶᠣ ᠨᠠᠭᠠᠴᠣ ᠨᠢ ᠪᠠᠷᠠᠭᠤᠨ ᠲᠠᠯ᠎ᠠ ᠳᠤᠨᠢ ᠨᠣᠳᠣᠭᠰᠢᠨ ᠰᠠᠭᠤᠬᠤ ᠵᠣᠷᠰᠢᠯ ᠪᠣᠢ᠃        ᠬᠦᠷᠢᠶ᠎ᠡ ᠬᠠᠰᠢᠶᠠᠨ ᠳᠠᠭᠠᠨ ᠡᠬᠦᠳᠡ ᠭᠠᠷᠭᠠᠬᠤ ᠳᠤ ᠭᠤᠣᠯ ᠬᠡᠷ ᠤᠨ ᠡᠬᠦᠳᠡ ᠲᠠᠢ ᠪᠠᠨ ᠭᠤᠣᠯᠳᠣᠭᠤᠯᠵᠤ ᠭᠠᠷᠭᠠᠬᠤ ᠶᠢ ᠴᠡᠬᠡᠷᠯᠡᠳᠡᠭ᠃ ᠠᠶᠢᠯ ᠨᠢ ᠭᠠᠷᠣᠵᠠ ᠲᠠᠢ ᠪᠣᠯᠣᠨ᠎ᠠ ᠬᠡᠨ᠎ᠡ᠃ ᠭᠠᠢ ᠪᠠᠷᠴᠢᠳ ᠢ ᠭᠠᠷᠭᠠᠬᠤ ᠨᠣᠮ ᠬᠦᠷᠢᠮ ᠬᠢᠪᠡᠯ ᠰᠠᠶ᠋ᠢ ᠡᠷᠦᠬᠡ ᠶᠢᠨ ᠣᠭᠤᠰᠣᠷ ᠢ ᠡᠬᠦᠳᠡᠨ ᠪᠣᠷᠣᠭᠤ ᠲᠠᠯ᠎ᠠ ᠪᠠᠷ ᠬᠡᠷ ᠲᠤ ᠣᠷᠣᠭᠤᠯᠳᠠᠭ ᠪᠣᠶᠣ ᠲᠡᠬᠡᠬᠦᠷ ᠨᠢ ᠠᠯᠬᠤᠬᠤ ᠶᠢ ᠴᠡᠬᠡᠷᠯᠡᠳᠡᠭ᠃ ᠬᠡᠷ ᠢᠶᠠᠨ ᠪᠠᠭᠤᠯᠭᠠᠬᠤ ᠳᠤ ᠲᠣᠭᠤᠨᠣ ᠪᠠᠨ ᠬᠠᠨ᠎ᠠ ᠶᠢᠨ ᠲᠣᠯᠣᠭᠠᠢ ᠳᠤ ᠬᠦᠷᠬᠡᠳᠡᠭ ᠦᠭᠡᠢ᠃ ᠬᠡᠷ ᠤᠨ ᠡᠬᠦᠳᠡ ᠪᠠᠨ ᠠᠭᠤᠯᠠᠨ ᠣᠷᠣᠢ ᠶᠢᠨ ᠣᠨᠢ ᠵᠦᠭ ᠲᠠᠭᠠᠷᠠᠭᠤᠯᠬᠤ ᠶᠢ ᠴᠡᠬᠡᠷᠯᠡᠳᠡᠭ ᠪᠢᠯᠡ ᠬᠡᠷ ᠤᠨ ᠡᠮᠦᠨ᠎ᠡ ᠨᠦᠬᠡ᠂ ᠭᠤᠤ ᠰᠣᠪᠠᠭ ᠮᠠᠯᠳᠠᠬᠤ ᠶᠢ ᠴᠡᠬᠡᠷᠯᠠᠨ᠎ᠠ᠃       ᠬᠡᠷ ᠤᠨ ᠢᠶᠠᠨ ᠪᠠᠷᠠᠭᠤᠨ ᠬᠤᠶᠢᠳᠣ ᠪᠦᠯᠦᠩ ᠳᠤ ᠰᠠᠭᠤᠬᠤ ᠶᠢ ᠴᠡᠬᠡᠷᠯᠠᠳᠡᠭ᠃ ᠬᠡᠷ ᠤᠨ ᠢᠶᠠᠨ ᠵᠡᠬᠦᠨ ᠪᠠᠷᠠᠭᠤᠨ ᠬᠤᠶᠠᠷ ᠲᠠᠯ᠎ᠠ ᠳᠤᠨᠢ ᠵᠠᠯᠭᠠᠵᠣ ᠲᠣᠭᠤᠯ ᠬᠡᠷ ᠪᠠᠷᠢᠬᠤ ᠶᠢ ᠴᠡᠬᠡᠷᠯᠡᠳᠡᠭ᠃ ᠣᠴᠢᠷ ᠨᠢ ᠲᠡᠷᠡ ᠬᠤᠶᠠᠷ ᠲᠠᠯ᠎ᠠ ᠶᠢᠨ ᠲᠣᠭᠤᠯ ᠬᠡᠷ ᠨᠢ ᠲᠠᠯᠠᠪᠴᠢ ᠪᠣᠯᠵᠣ ᠡᠨᠡ ᠬᠡᠷ ᠨᠢ ᠨᠢᠰᠴᠣ ᠪᠠᠶᠢᠭ᠎ᠠ ᠲᠠᠢ ᠠᠳᠠᠯᠢ ᠲᠣᠯᠠ ᠬᠡᠷ ᠤᠨ ᠡᠵᠡᠨ ᠤ ᠪᠣᠶᠠᠨ ᠨᠢ ᠲᠠᠭᠠᠭᠠᠬᠤ ᠦᠭᠡᠢ ᠬᠡᠨ᠎ᠡ᠃ ᠬᠡᠷ ᠤᠨ ᠪᠦᠰᠠ ᠳᠤ ᠣᠨᠤᠭ᠎ᠠ ᠮᠠᠯ ᠣᠶᠠᠬᠤ ᠶᠢ ᠴᠡᠬᠡᠷᠯᠡᠨ᠎ᠡ᠃ ᠬᠦᠮᠦᠨ ᠰᠠᠭᠤᠬᠤ ᠣᠷᠣᠨ ᠤ ᠭᠠᠳᠠᠰᠣ ᠪᠣᠯᠭᠠᠨ ᠣᠨᠤᠭ᠎ᠠ ᠣᠶᠠᠪᠠᠯ ᠬᠦᠮᠦᠨ ᠢ ᠲᠤᠷᠤᠮᠵᠢᠯᠠᠭᠰᠠᠨ ᠬᠡᠷᠡᠭ ᠪᠣᠯᠣᠨ᠎ᠠ᠃ ᠬᠡᠷ ᠤᠨ ᠪᠦᠰᠡᠯᠡᠬᠦᠷ ᠢ ᠣᠷᠢᠶᠠᠯᠳᠣᠭᠤᠯᠵᠣ ᠪᠦᠰᠡᠯᠡᠬᠦ ᠶᠢ ᠴᠡᠬᠡᠷᠯᠡᠨ᠎ᠡ᠃ ᠬᠡᠷ ᠵᠠᠭᠤᠷ᠎ᠠ ᠪᠠᠨ ᠬᠡᠷᠡᠬᠦᠯ ᠪᠣᠯᠣᠨ᠎ᠠ ᠭᠡᠨ᠎ᠡ᠃      ᠬᠡᠷ ᠤᠨ ᠬᠤᠶᠢᠮᠣᠷ ᠪᠣᠶᠣ ᠲᠡᠬᠡᠳᠡᠢ ᠲᠠᠯ᠎ᠠ ᠳᠤ ᠡᠮᠡᠭᠳᠡᠢ ᠬᠦᠮᠦᠨ ᠭᠠᠷᠬᠤ ᠶᠢ ᠴᠡᠬᠡᠷᠯᠡᠨ᠎ᠡ᠃ ᠪᠣᠷᠬᠠᠨ ᠰᠢᠳᠦᠬᠡᠨ ᠪᠣᠶᠣ ᠭᠠᠯ ᠭᠤᠯᠣᠮᠳᠠ ᠶᠢ ᠪᠣᠵᠠᠷᠯᠠᠨ᠎ᠠ ᠭᠡᠵᠤ ᠦᠵᠡᠳᠡᠭ᠃ ᠬᠡᠷ ᠪᠠᠷᠢᠬᠤ ᠳᠠᠭᠠᠨ ᠡᠬᠦᠳᠡ ᠶᠢ ᠨᠢ ᠬᠤᠯᠠ  ᠶᠢᠨ ᠠᠭᠤᠯᠠ᠂ ᠣᠪᠣᠭ᠎ᠠ ᠦᠨᠳᠦᠷ ᠭᠠᠵᠠᠷ ᠴᠢᠭᠯᠡᠬᠦᠯᠵᠤ ᠪᠠᠷᠢᠬᠤ ᠶᠢ ᠴᠡᠬᠡᠷᠯᠡᠨ᠎ᠡ᠃ ᠬᠡᠷ ᠤᠨ ᠡᠮᠦᠨ᠎ᠡ ᠲᠠᠯ᠎ᠠ  ᠳᠠᠭᠠᠨ ᠬᠠᠷᠠᠩᠭᠤᠢ ᠨᠠᠭᠤᠷ ᠲᠠᠢ ᠭᠠᠵᠠᠷ ᠪᠠᠷᠢᠬᠤ ᠶᠢ ᠴᠡᠬᠡᠷᠯᠡᠨ᠎ᠡ᠃ ᠡᠶᠢᠮᠣ ᠪᠣᠯᠪᠠᠯ ᠦᠷ᠎ᠡ ᠠᠴᠢᠨᠠᠷ ᠨᠢ ᠬᠠᠳᠠᠵᠣ ᠦᠬᠡᠶᠢᠷᠡᠨ᠎ᠡ ᠬᠡᠨ᠎ᠡ᠃ ᠬᠡᠷ ᠪᠠᠷᠢᠬᠤ ᠳᠤ ᠲᠡᠭᠰᠢᠬᠡᠨ ᠪᠣᠶᠣ ᠠᠷᠣ ᠳᠠᠭᠠᠨ ᠲᠤᠰᠢᠭ᠍ᠳᠡᠢ ᠭᠠᠵᠠᠷ ᠢ ᠰᠣᠩᠭᠤᠨ᠎ᠠ᠃ ᠬᠠᠷᠢᠨ ᠵᠡᠬᠦᠨ ᠪᠠᠷᠠᠭᠤᠨ ᠬᠤᠶᠠᠷ ᠲᠠᠯ᠎ᠠ ᠳᠠᠭᠠᠨ ᠰᠡᠳᠡᠷᠬᠡᠢ ᠣᠨᠢ ᠪᠠᠶᠢᠬᠤ ᠶᠢ ᠴᠡᠬᠡᠷᠯᠡᠳᠡᠭ᠃ ᠣᠴᠢᠷ ᠨᠢ ᠬᠤᠶᠠᠷ ᠲᠠᠯ᠎ᠠ ᠨᠢ ᠬᠤᠶᠢᠰᠢᠳᠠ ᠶᠢᠨ ᠦᠷ᠎ᠡ ᠬᠡᠦᠬᠡᠳ ᠢ ᠲᠦᠯᠦᠬᠡᠯᠡᠳᠡᠭ ᠬᠡᠨ᠎ᠡ᠃ ᠬᠤᠶᠢᠨ᠎ᠠ ᠪᠠᠨ ᠲᠦᠰᠢᠭᠳᠡᠢ ᠬᠡᠳᠡᠭ ᠨᠢ ᠲᠠᠷᠣᠢ ᠬᠤᠶᠢᠰᠢᠳᠠ ᠶᠢᠨ ᠦᠷ᠎ᠡ ᠬᠡᠦᠬᠡᠳ ᠲᠡᠭᠡᠨ ᠲᠦᠰᠢᠭ ᠲᠣᠯᠭᠠᠭᠤᠷᠢ ᠲᠠᠢ ᠪᠣᠯᠳᠠᠭ ᠬᠡᠨ᠎ᠡ᠃ ᠬᠡᠷ ᠲᠤ ᠶᠡᠭᠡ ᠠᠮᠢᠰᠬᠤᠭᠠᠳᠠᠵᠣ ᠣᠷᠣᠬᠤ ᠶᠢ ᠴᠡᠬᠡᠷᠯᠡᠨ᠎ᠡ᠃ ᠢᠩᠬᠢᠪᠡᠯ ᠲᠠᠷᠣᠢ ᠪᠣᠰᠣᠳ ᠢᠶᠠᠷ ︽ᠬᠤᠯᠠᠭᠠᠢ ᠲᠡᠬᠡᠷᠡᠮ ᠤᠤ︖︾ ᠭᠡᠵᠤ ᠠᠮᠠ ᠪᠠᠨ ᠠᠰᠠᠭᠤᠯᠭᠠᠳᠠᠭ ᠶᠤᠮ᠃ ᠬᠡᠷ ᠲᠦᠰᠢᠵᠣ ᠵᠣᠭᠰᠣᠳᠠᠭ ᠦᠭᠡᠢ᠂ ᠪᠡᠯᠪᠡᠰᠣᠷᠬᠦ ᠶᠢᠨ ᠰᠢᠨᠵᠢ ᠭᠡᠵᠤ ᠴᠡᠬᠡᠷᠯᠡᠨ᠎ᠡ᠃ ᠬᠡᠷ ᠲᠣᠳᠣᠷ᠎ᠠ ᠵᠠᠯ᠎ᠠ ᠫᠣᠣᠵᠢᠩ ᠲᠠᠯᠪᠢᠬᠤ ᠶᠢ ᠴᠡᠬᠡᠷᠯᠡᠨ᠎ᠡ᠃       ᠮᠣᠩᠭᠤᠯ ᠬᠡᠷ ᠢ ᠪᠠᠭᠤᠯᠭᠠᠬᠤ ᠳᠤ ᠬᠠᠮᠤᠭ ᠲᠡᠷᠢᠬᠦᠨ ᠳᠤ ᠡᠷᠦᠬᠡ ᠪᠠᠨ ᠠᠪᠴᠦ᠂ ᠬᠦᠮᠦᠨ ᠤ ᠬᠦᠯ ᠠᠴᠠ ᠬᠤᠯᠠ ᠰᠢᠭ ᠲᠠᠯᠪᠢᠨ ᠦᠷᠦᠬᠡᠯ ᠪᠣᠰᠣᠳ ᠢ ᠠᠯᠬᠤᠵᠣ ᠬᠢᠰᠬᠢᠬᠦ ᠶᠢ ᠴᠡᠬᠡᠷᠯᠡᠨ᠎ᠡ᠃ ᠮᠣᠩᠭᠤᠯ ᠬᠡᠷ ᠤᠨ ᠡᠷᠦᠬᠡ ᠶᠢ ᠬᠡᠷ ᠤᠨ ᠮᠠᠯᠠᠭᠠᠢ᠂ ᠣᠷᠣᠢ ᠶᠢᠨ ᠴᠢᠮᠡᠭ ᠬᠡᠳᠡᠭ ᠪᠦᠬᠡᠳ ᠬᠡᠷ ᠤᠨ ᠬᠠᠨ ᠣᠷᠬᠢᠯ ᠪᠣᠯᠬᠤ ᠲᠣᠭᠤᠨᠣ ᠶᠢᠨ ᠣᠷᠣᠢ  ᠳᠤ ᠪᠠᠶᠢᠷᠢᠯᠠᠭᠰᠠᠨ᠂ ᠠᠶᠢᠯ ᠤᠨ ᠭᠠᠯ ᠭᠤᠯᠣᠮᠳᠠ ᠲᠡᠬᠡᠷ᠎ᠡ ᠪᠠᠶᠢᠳᠠᠭ ᠣᠴᠢᠷ ᠠᠴᠠ ᠡᠷᠦᠬᠡ ᠶᠢ ᠬᠦᠨᠳᠦᠳᠬᠡᠨ ᠦᠵᠡᠳᠡᠭ᠃ ᠡᠶᠢᠮᠣ ᠠᠴᠠ ᠠᠷᠠᠳ ᠤᠨ ᠶᠠᠷᠢᠶᠠᠨ ᠳᠤ᠄ ︽ᠲᠠᠳᠠᠮᠠᠯ ᠲᠦᠷᠪᠡᠨ ᠣᠭᠤᠰᠣᠷ ᠲᠠᠢ᠂ ᠲᠡᠷᠬᠡᠯ ᠨᠠᠷᠠᠨ  ᠠᠴᠠ ᠬᠡᠯᠬᠢᠶᠡᠯᠡᠭᠰᠡᠨ᠂ ᠲᠡᠭᠷᠢ ᠶᠢᠨ ᠰᠢᠬᠦᠷ ᠡᠷᠦᠬᠡ︾ ᠬᠡᠳᠡᠭ ᠪᠢᠯᠠ᠂ ᠡᠷᠦᠬᠡ ᠨᠢ ᠠᠶᠢᠯ ᠬᠡᠷ ᠤᠨ ᠨᠡᠬᠦᠳᠡᠯ ᠳᠤ ᠠᠴᠢᠶ᠎ᠠ ᠬᠦᠰᠬᠡ ᠶᠢᠨ ᠲᠡᠷᠢᠬᠦᠨ ᠡᠩᠨᠡᠬᠡᠨ ᠳᠤ ᠪᠣᠷᠬᠠᠨ ᠰᠢᠳᠦᠬᠡᠨ ᠤ ᠬᠠᠮᠳᠣ ᠶᠠᠪᠣᠳᠠᠭ ᠶᠣᠰᠣ ᠪᠣᠢ᠃ ᠮᠣᠩᠭᠤᠯ ᠬᠡᠷ ᠢ ᠬᠤᠶᠢᠰᠢ ᠬᠠᠷᠠᠭᠤᠯᠣᠨ ᠪᠠᠷᠢᠬᠤ ᠶᠢ ᠴᠡᠬᠡᠷᠯᠡᠳᠡᠭ᠃ ᠮᠣᠩᠭᠤᠯ ᠬᠡᠷ ᠤᠨ ᠡᠷᠦᠬᠡ ᠶᠢ ᠲᠠᠳᠠᠬᠤ ᠪᠣᠶᠣ ᠬᠠᠷᠢᠭᠤᠯᠬᠤ ᠳᠠᠭᠠᠨ ᠪᠣᠷᠣᠭᠤ ᠪᠠᠷ ᠡᠷᠬᠢᠬᠦ ᠶᠢ ᠴᠡᠬᠡᠷᠯᠡᠳᠡᠭ᠃ ᠣᠴᠢᠷ ᠨᠢ ᠮᠣᠩᠭᠤᠯ ᠦᠨᠳᠦᠰᠦᠳᠡᠨ ᠤ ᠵᠠᠩᠰᠢᠯ ᠳᠤ ᠂ ᠦᠬᠦᠭᠰᠡᠨ ᠬᠦᠮᠦᠨ ᠤ ᠬᠡᠷ ᠤᠨ ᠡᠷᠦᠬᠡ ᠶᠢ ᠪᠣᠷᠣᠭᠤ ᠪᠠᠷ ᠡᠷᠬᠢᠬᠦᠯᠵᠤ ᠲᠠᠳᠠᠭᠤ ᠬᠠᠷᠢᠭᠤᠯᠬᠤ ᠶᠣᠰᠣᠳᠠᠢ ᠪᠠᠶᠢᠭᠰᠠᠨ ᠠᠴᠠ ᠪᠣᠯᠵᠠᠢ᠃ ᠰᠠᠷᠠ ᠲᠠᠢ ᠰᠦᠨᠢ ᠡᠷᠦᠬᠡ ᠰᠡᠬᠦᠵᠣ ᠣᠨᠳᠠᠬᠤ ᠶᠢ ᠴᠡᠬᠡᠷᠯᠡᠨ᠎ᠡ᠃ ᠬᠡᠦᠬᠡᠳ ᠤᠨ ᠰᠦᠨᠠᠰᠦ ᠵᠠᠶᠢᠯᠠᠨ᠎ᠠ ᠭᠡᠵᠤ ᠵᠠᠪᠠᠯ ᠡᠷᠦᠬᠡ ᠪᠠᠨ ᠪᠦᠳᠡᠬᠡᠳᠡᠭ᠃ ᠰᠦᠮ᠎ᠠ ᠬᠡᠶᠢᠳ ᠷᠠᠰᠠᠩ ᠲᠣᠭᠠᠩ ᠦᠬᠡᠳᠡ ᠰᠢᠬᠡᠵᠣ ᠪᠠᠭᠠᠬᠤ ᠶᠢ ᠴᠡᠬᠡᠷᠯᠡᠨ᠎ᠡ᠃       ᠴᠢᠭᠳᠠᠭ᠎ᠠ ᠶᠢ ᠬᠡᠷ ᠤᠨ ᠪᠠᠷᠠᠭᠤᠨ ᠲᠠᠯ᠎ᠠ ᠠᠴᠠ ᠪᠣᠰᠣᠳ ᠵᠦᠭ ᠪᠣᠰᠬᠠᠬᠤ ᠶᠢ ᠴᠡᠬᠡᠷᠯᠡᠳᠡᠭ᠂ ᠵᠠᠪᠠᠯ ᠪᠠᠷᠠᠭᠤᠨ ᠲᠠᠯ᠎ᠠ ᠳᠤ ᠪᠣᠰᠬᠠᠬᠤ ᠶᠣᠰᠣᠳᠠᠢ᠃ ᠴᠣᠩᠬᠤ ᠪᠠᠨ ᠬᠦᠷᠢᠶᠠᠨ ᠡᠬᠦᠳᠡ ᠲᠠᠢ ᠠᠰᠠᠯᠠᠭᠤᠯᠬᠤ ᠶᠢ ᠴᠡᠬᠡᠷᠯᠡᠨ᠎ᠡ ᠃ ᠴᠣᠩᠬᠤ ᠪᠠᠷ ᠣᠷᠣᠵᠣ ᠭᠠᠷᠬᠤ ᠶᠢ ᠴᠡᠬᠡᠷᠯᠡᠳᠡᠭ᠃ ᠦᠬᠦᠭᠰᠡᠨ ᠬᠦᠮᠦᠨ ᠢ ᠴᠣᠩᠬᠤ ᠪᠠᠷ ᠭᠠᠷᠭᠠᠳᠠᠭ ᠶᠣᠰᠣ ᠪᠣᠢ ᠃ ᠴᠣᠩᠬᠤ ᠪᠠᠷ ᠰᠦᠨᠢ ᠭᠠᠳᠠᠭᠰᠢ ᠭᠠᠷᠬᠤ ᠶᠢ ᠴᠡᠬᠡᠷᠯᠡᠳᠡᠭ ᠴᠢᠳᠬᠦᠷ ᠦᠵᠡᠭᠳᠡᠨ᠎ᠡ ᠬᠡᠨ᠎ᠡ᠃ ᠴᠣᠩᠬᠤᠨ ᠰᠢᠯ ᠪᠠᠷ ᠲᠣᠳᠣᠭᠰᠢ ᠱᠠᠭᠠᠶᠢᠬᠤ ᠶᠢ ᠴᠡᠬᠡᠷᠯᠡᠨ᠎ᠡ᠃ ᠢᠩᠬᠢᠪᠡᠯ ︽ᠲᠦᠷᠦᠰᠦ ᠦᠭᠡᠢ ᠭᠡᠵᠤ︾ ᠬᠠᠷᠢᠶᠠᠭᠳᠠᠨ᠎ᠠ᠃ ᠴᠣᠨᠵᠢ ᠨᠢ ᠨᠣᠷᠠᠵᠣ ᠡᠪᠳᠡᠷᠪᠡᠯ ᠲᠠᠷᠣᠢ ᠲᠦᠷᠬᠡᠨ ᠰᠡᠯᠪᠢᠨ ᠵᠠᠰᠠᠵᠣ᠂ ᠬᠦᠮᠦᠨ ᠳᠤ ᠭᠤᠯᠣᠮᠳᠠ ᠪᠠᠨ ᠬᠠᠷᠠᠯᠠᠭᠤᠯᠵᠣ ᠦᠵᠡᠬᠦᠯᠬᠦ  ᠶᠢ ᠴᠡᠬᠡᠷᠯᠡᠨ᠎ᠡ᠃ ᠵᠡᠬᠦᠨ ᠡᠮᠦᠨ᠎ᠡ ᠪᠠᠨ ᠰᠡᠳᠡᠷᠬᠡᠢ ᠲᠠᠢ ᠭᠠᠵᠠᠷ ᠬᠡᠷ ᠪᠠᠷᠢᠬᠤ ᠶᠢ ᠴᠡᠬᠡᠷᠯᠡᠨ᠎ᠡ᠃ ᠬᠦᠶᠣᠴᠠ ᠲᠠᠢ ᠭᠠᠵᠠᠷ ᠭᠡᠨ᠎ᠡ᠃ ᠵᠡᠬᠦᠨ ᠬᠤᠶᠢᠨ᠎ᠠ ᠪᠠᠨ ᠬᠤᠩᠬᠢᠯ ᠲᠠᠢ ᠭᠠᠵᠠᠷ ᠭᠡᠷ ᠪᠠᠷᠢᠬᠤ ᠶᠢ ᠴᠡᠬᠡᠷᠯᠡᠨ᠎ᠡ᠃      ᠠᠶᠢᠯ ᠤᠨ ᠭᠤᠣᠯ ᠠᠪᠳᠠᠷ᠎ᠠ ᠶᠢᠨ ᠡᠮᠦᠨ᠎ᠡ ᠲᠠᠯ᠎ᠠ ᠳᠤ ᠰᠠᠭᠤᠬᠤ ᠶᠢ ᠴᠡᠬᠡᠷᠯᠡᠳᠡᠭ᠃ ᠡᠨᠡ ᠨᠢ ᠲᠡᠷᠡ ᠠᠶᠢᠯ  ᠢ ᠬᠦᠨᠳᠦᠳᠬᠡᠵᠣ ᠪᠠᠶᠢᠭ᠎ᠠ ᠬᠡᠷᠡᠭ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号