ᠰᠦᠨᠡᠰᠦ  ᠳᠠᠭᠤᠳᠠᠯᠭ᠎ᠠ
ᠨᠡᠶᠢᠲᠡᠯᠡᠭᠰᠡᠨ ᠴᠠᠭ᠄
2018/3/29
              ᠰᠦᠨᠡᠰᠦ  ᠳᠠᠭᠤᠳᠠᠯᠭ᠎ᠠ       ᠮᠢᠨᠤ ᠴᠡᠭᠡᠵᠢᠯᠡᠵᠦ ᠪᠠᠶᠢᠬᠤ ᠪᠠᠷ᠂ ᠪᠢ ᠪᠠᠭ᠎ᠠ ᠪᠠᠶᠢᠬᠤ ᠳᠤ ᠡᠪᠡᠳᠴᠢᠯᠡᠬᠦ ᠪᠤᠯᠭᠠᠨ ᠮᠢᠨᠤ ᠡᠮᠡᠭᠡ ᠨᠠᠳᠠ ᠳᠤ ᠰᠦᠨᠡᠰᠦ ᠲᠠᠭᠤᠳᠠᠵᠤ ᠦᠭᠳᠡᠭ ᠪᠠᠶᠢᠭᠰᠠᠨ᠃ ᠴᠤᠬᠤᠮ ᠰᠦᠨᠠᠰᠦ ᠲᠠᠭᠤᠳᠠᠭᠰᠠᠨ ᠤ ᠬᠢᠨᠢ ᠶᠤᠮ ᠤᠤ︖ ᠠᠯᠢ ᠡᠰᠡᠬᠦᠯ᠎ᠡ ᠰᠠᠨᠠᠭᠠᠨ ᠤ ᠶᠤᠮ ᠤᠤ ᠤᠳᠠᠭ᠎ᠠ ᠪᠤᠯᠭᠠᠨ ᠡᠮᠡᠭᠡ ᠰᠦᠨᠠᠰᠦ ᠲᠠᠭᠤᠳᠠᠭᠰᠠᠭᠠᠷ ᠮᠢᠨᠤ ᠡᠪᠡᠳᠴᠢᠨ ᠡᠳᠡᠭᠡᠷᠡᠳᠡᠭ ᠪᠠᠶᠢᠭᠰᠠᠨ ᠰᠢᠭ᠃ ᠲᠡᠭᠡᠬᠦ ᠪᠠᠷ ᠪᠢ ᠤᠳᠤ ᠴᠤ ᠭᠡᠰᠡᠨ ᠰᠦᠨᠡᠰᠦ ᠲᠠᠭᠤᠳᠠᠬᠤ ᠠᠵᠢᠯᠯᠠᠭ᠎ᠠ ᠶᠢ ᠤᠳᠤ ᠪᠤᠯᠳᠠᠯ᠎ᠡ ᠲᠤᠳᠤᠷᠬᠠᠢ ᠴᠡᠭᠡᠵᠢᠯᠡᠭᠰᠡᠭᠡᠷ᠃ᠰᠦᠨᠠᠰᠦ ᠲᠠᠭᠤᠳᠠᠬᠤ ᠠᠷᠭ᠎ᠠ ᠭᠡᠳᠦᠨ ᠵᠦᠢᠯ ᠪᠤᠢ᠄ᠨᠢᠭᠡ ᠳᠤ᠂ ᠬᠦᠯ ᠦᠭᠡᠢ ᠤᠰᠤ ᠪᠠᠷ ᠲᠠᠭᠤᠳᠠᠬᠤ᠂ ᠬᠦᠯ ᠦᠭᠡᠢ ᠤᠰᠤ ᠭᠡᠳᠡᠭ ᠨᠢ ᠬᠤᠳᠳᠤᠭ ᠠᠴᠠ ᠠᠪᠤᠭᠠᠳ ᠶᠡᠷᠦ ᠨᠢ ᠭᠠᠵᠠᠷ ᠲᠠᠯᠪᠢᠭ᠎ᠠ ᠦᠭᠡᠢ ᠤᠰᠤ᠃      ᠠᠶᠠᠭᠠᠨ ᠳᠤ ᠬᠦᠯ ᠦᠭᠡᠢ ᠤᠰᠤ ᠪᠠᠨ ᠬᠢᠵᠦ᠂ ᠨᠢᠭᠡ ᠪᠠᠭᠴᠠ ᠰᠠᠪᠬ᠎ᠠ ᠠᠳᠬᠤᠨ᠂ ᠬᠦᠯ ᠦᠭᠡᠢ ᠤᠰᠤ  ᠪᠠᠨ ᠡᠪᠳᠴᠢᠳᠡᠨ ᠤ ᠲᠤᠯᠤᠭᠠᠢ ᠲᠡᠭᠡᠬᠦᠷ ᠡᠷᠬᠢᠬᠦᠯᠦᠨ ᠠᠮᠠᠨ ᠳᠤ ᠪᠠᠨ ᠡᠪᠡᠳᠴᠢᠳᠡᠨ ᠤ ᠨᠡᠷ᠎ᠡ ᠪᠠᠷ ᠲᠠᠭᠤᠳᠠᠨ᠂ ︿ᠬᠠᠷᠢᠵᠤ ᠢᠷ᠎ᠡ᠂ ᠶᠠᠭᠤ ᠢᠳᠡᠶ᠎ᠡ᠂ ᠶᠠᠭᠤ ᠤᠤᠭᠤᠶ᠎ᠠ ᠭᠡᠵᠦ ᠪᠠᠶᠢᠪᠠᠯ ᠦᠭᠬᠦᠶ᠎ᠡ﹀ ᠭᠡᠵᠦ ᠲᠠᠬᠢᠨ ᠲᠠᠪᠳᠠᠨ ᠲᠠᠭᠤᠳᠠᠵᠤ ᠂ ᠠᠶᠠᠭ᠎ᠠ ᠲᠠᠢ ᠤᠰᠤ ᠪᠠᠨ ᠲᠤᠯᠤᠭᠠᠢ ᠶᠢᠨ ᠵᠠᠬ᠎ᠠ ᠳᠤ ᠲᠠᠯᠪᠢᠵᠤ᠂ ᠠᠳᠬᠤ ᠰᠠᠪᠬ᠎ᠠ ᠪᠠᠨ ᠠᠶᠠᠭᠠᠨ ᠳᠤ ᠵᠤᠭᠰᠤᠭᠠᠨ᠎ᠠ ︵ᠲᠠᠶᠢᠮᠦ ᠠᠮᠠᠷ ᠵᠤᠭᠰᠤᠳᠠᠭ ᠪᠢᠰᠢ︶᠂ ᠵᠤᠭᠰᠤᠭᠰᠠᠨ ᠰᠠᠪᠬ᠎ᠠ ᠶᠢ ᠪᠤᠤᠳᠤ ᠪᠠᠷ ᠴᠠᠪᠴᠢᠵᠤ ᠬᠦᠰᠡᠷ ᠤᠨᠠᠭᠠᠨ᠎ᠠ᠃ ᠲᠡᠭᠡᠭᠡᠳ ᠠᠶᠠᠭ᠎ᠠ ᠲᠠᠢ ᠤᠰᠤᠨ ᠳᠤ ᠪᠠᠨ᠂ ᠠᠷᠢᠬᠢ ᠲᠠᠮᠠᠬᠢ ᠭᠡᠬᠦ ᠮᠡᠳᠦ ᠶᠢᠨ ᠢᠳᠡᠬᠦ ᠤᠤᠭᠤᠬᠤ ᠶᠠᠭᠤᠮ᠎ᠠ ᠬᠢᠵᠤ ᠭᠠᠳᠠᠭᠰᠢ ᠠᠪᠠᠴᠢᠵᠤ᠂ ᠬᠦᠯ ᠭᠠᠷ ᠪᠤᠯᠤᠭᠰᠠᠨ ᠲᠡᠷᠡ ᠵᠦᠭ ᠲᠤ ᠨᠢ ᠰᠠᠴᠤᠨ᠎ᠠ᠃ᠬᠤᠶᠠᠷ ᠲᠤ᠂ ᠬᠤᠪᠴᠠᠰᠤ ᠪᠠᠷ ᠨᠢ ᠲᠠᠭᠤᠳᠠᠬᠤ᠄ ᠡᠪᠡᠳᠴᠢᠳᠡᠨ ᠤ ᠬᠤᠪᠴᠠᠰᠤ ᠶᠢ ᠠᠪᠴᠤ ᠲᠤᠯᠤᠭᠠᠢ ᠲᠡᠭᠡᠬᠦᠷ  ᠨᠢ ᠡᠷᠬᠢᠬᠦᠯᠦᠨ ᠰᠦᠨᠡᠰᠦ ᠶᠢ ᠨᠢ ᠲᠠᠭᠤᠳᠠᠨ᠎ᠠ᠃ᠭᠤᠷᠪᠠ ᠳᠤ᠂ ᠠᠷᠢᠬᠢᠨ ᠬᠤᠪᠢᠩ ᠪᠠ ᠰᠢᠷ᠎ᠠ ᠴᠠᠭᠠᠰᠤ ᠪᠠᠷ ᠲᠠᠭᠤᠳᠠᠬᠤ  ᠃        ᠠᠶᠠᠭᠠᠨ ᠳᠤ ᠤᠰᠤ ᠬᠢᠵᠦ ᠲᠤᠳᠤᠷ᠎ᠠ ᠨᠢ ᠠᠷᠢᠬᠢᠨ ᠬᠤᠪᠢᠩ ᠢ ᠬᠦᠮᠦᠷᠢᠨ ᠲᠠᠯᠪᠢᠵᠤ᠂ ᠲᠡᠭᠡᠷ᠎ᠡ ᠨᠢ ᠰᠢᠷ᠎ᠠ ᠴᠠᠭᠠᠰᠤ ᠶᠢ ᠲᠦᠪᠡᠯᠵᠢᠯᠡᠨ ᠲᠠᠯᠪᠢᠭᠠᠳ᠂ ᠲᠦᠷᠪᠡᠨ ᠦᠨᠴᠦᠭ ᠢ ᠨᠢ ᠰᠢᠳᠠᠭᠠᠨ᠎ᠠ᠂ ᠬᠤᠪᠢᠩ ᠤᠨ ᠠᠯᠢ ᠵᠦᠭ ᠠᠴᠠ ᠤᠰᠤ ᠪᠤᠷᠬᠢᠯᠪᠡᠯ ᠲᠡᠷᠡ ᠵᠦᠭ ᠠᠴᠠ ᠬᠦᠯ ᠭᠠᠷ ᠪᠤᠯᠤᠯ᠎ᠠ ᠭᠡᠵᠦ ᠦᠵᠡᠭᠡᠳ᠂ ᠠᠶᠠᠭ᠎ᠠ ᠲᠠᠢ ᠤᠰᠤᠨ  ᠳᠤ ᠢᠳᠡᠰᠢ ᠤᠤᠭᠤᠰᠢ ᠬᠢᠵᠦ ᠰᠠᠴᠤᠨ᠎ᠠ᠃ ᠡᠬᠦᠨ ᠠᠴᠠ ᠪᠤᠰᠤᠳ ᠪᠠᠰᠠ ᠲᠡᠮᠡᠢ ᠭᠡᠷᠡᠭᠯᠡᠭᠳᠡᠭ ᠦᠭᠡᠢ ᠭᠡᠳᠦᠨ ᠵᠦᠢᠯ ᠤᠨ ᠰᠦᠨᠡᠰᠤ ᠲᠠᠭᠤᠳᠠᠬᠤ ᠠᠷᠭ᠎ᠠ ᠪᠤᠢ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号