ᠱᠠᠭ᠎ᠠ ᠲᠤᠭᠯᠠᠭᠠᠮ ᠳᠤ ᠰᠢᠩᠬᠡᠭᠰᠠᠨ ᠡᠷ᠎ᠡ ᠶᠢᠨ ᠭᠤᠷᠪᠡᠨ ᠨᠠᠭᠠᠲᠤᠮ
ᠨᠡᠶᠢᠲᠡᠯᠡᠭᠰᠡᠨ ᠴᠠᠭ᠄
2018/3/29
        ᠱᠠᠭ᠎ᠠ ᠨᠠᠭᠠᠲᠤᠮ ᠪᠤᠯ ᠮᠤᠩᠭᠤᠯᠴᠤᠳ ᠤᠨ ᠤᠯᠠᠮᠵᠢᠯᠠᠯᠲᠤ ᠬᠡᠷ ᠤᠨ ᠨᠠᠭᠠᠲᠤᠮ ᠤᠨ ᠨᠢᠬᠡ ᠲᠦᠷᠤᠯ ᠵᠤᠶᠢᠯ ᠮᠦᠨ᠃ ᠮᠤᠩᠭᠤᠯᠴᠤᠳ ᠱᠠᠭ᠎ᠠ ᠶᠢ ᠰᠠᠶᠢᠬᠠᠨ ᠮᠦᠯᠵᠢᠵᠤ ᠴᠡᠪᠡᠷᠯᠡᠬᠡᠳ ᠪᠤᠲᠤᠭ ᠰᠢᠩᠬᠤ‌‍ᠰᠠᠭᠤᠯᠭᠠᠲᠠᠭ᠃ ᠱᠠᠭ᠎ᠠ ᠨᠠᠭᠠᠲᠤᠮ ᠨᠢ ᠮᠤᠩᠭᠤᠯ ᠦᠡᠲᠤᠰᠤᠲᠡᠨ ᠤ ᠡᠷᠲᠡ ᠴᠠᠭ ᠤᠨ ᠨᠠᠭᠠᠲᠤᠮ ᠪᠤᠯᠤᠭᠰᠠᠨ ᠤ ᠬᠤᠪᠢ ᠳᠤ ᠵᠤᠭ᠎ᠠ ᠴᠡᠩᠬᠡᠯ ᠤᠨ ᠤᠶᠢᠯᠡᠲᠤᠯ ᠲᠠᠢ ᠪᠠᠷ ᠪᠠᠷᠠᠬᠤ ᠦᠬᠡᠢ ᠮᠤᠩᠭᠤᠯ ᠠᠮᠢᠲᠤᠷᠠᠯ ᠤᠨ ᠵᠠᠩ ᠵᠠᠩᠰᠢᠯ᠂ ᠦᠵᠡᠯ ᠰᠠᠨᠠᠭ᠎ᠠ᠂ ᠤᠶᠢᠯᠡ ᠠᠵᠢᠯᠠᠯᠭᠠᠨ ᠤ ᠪᠡᠯᠬᠡ ᠲᠡᠮᠲᠡᠭ ᠪᠤᠯᠵᠤ ᠬᠡᠤᠬᠡᠳ ᠢ ᠰᠤᠷᠭᠠᠨ ᠬᠦᠮᠤᠵᠢᠬᠦᠯᠬᠦ ᠦᠨ᠎ᠡ ᠦᠷᠲᠡᠭ ᠲᠠᠢ ᠪᠠᠶᠢᠲᠠᠭ᠃ ᠨᠡᠬᠦᠲᠡᠯ ᠰᠤᠶᠤᠯ ᠤᠨ ᠠᠮᠢᠲᠤᠷᠠᠯ᠂ ᠭᠤᠸ᠎ᠠ ᠰᠠᠶᠢᠬᠠᠨ ᠤ ᠵᠠᠩ ᠰᠡᠳᠬᠢᠯᠬᠡ ᠨᠢ ᠱᠠᠭ᠎ᠠ ᠨᠠᠭᠠᠲᠤᠮ ᠲᠡᠬᠡᠷ᠎ᠡ ᠲᠦᠪᠯᠡᠷᠠᠨ ᠢᠯᠡᠷᠡᠲᠡᠭ ᠪᠠᠶᠢᠨ᠎ᠠ᠃ ᠠᠲᠡ ᠪᠢ ᠮᠤᠩᠭᠤᠯ ᠬᠡᠤᠬᠡᠳ ᠪᠠᠭᠠᠴᠤᠳ ᠲᠤ ᠱᠠᠭ᠎ᠠ ᠲᠤᠭᠯᠠᠭᠠᠮ  ᠢᠶᠠᠷ ᠬᠦᠢᠴᠡᠳᠬᠡᠲᠡᠭ ᠡᠷ᠎ᠡ ᠶᠢᠨ ᠭᠤᠷᠪᠠᠨ ᠨᠠᠭᠠᠲᠤᠮ ᠢ ᠲᠠᠨᠢᠯᠴᠠᠭᠤᠯᠤᠶ᠎ᠡ︕1 ᠪᠦᠬᠡ ᠪᠠᠷᠢᠯᠲᠤᠭᠤᠯᠬᠤ       ᠬᠤᠶᠠᠷ ᠪᠤᠶᠤ ᠬᠤᠶᠡᠷ ᠠᠴᠠ ᠲᠡᠬᠡᠭᠰᠢ ᠬᠦᠮᠤᠨ ᠲᠤᠭᠯᠠᠨ᠎ᠠ᠃ ᠬᠦᠮᠤᠨ ᠪᠤᠯᠭᠠᠨ ᠦᠪᠡᠷ ᠦᠪᠡᠷ ᠤᠨ ᠰᠡᠶᠢᠲᠤᠷ ᠵᠠᠰᠠᠵᠤ ᠶᠠᠩᠵᠤᠯᠠᠭᠰᠠᠠᠨ ᠰᠠᠭᠤᠷᠢ ᠢ ᠨᠢ ᠦᠷᠡᠵᠤ ᠲᠡᠭᠰᠢᠯᠡᠭᠰᠠᠨ ᠱᠠᠭ᠎ᠠ ᠨᠤᠭᠤᠳ ᠢᠶᠠᠨ ᠠᠲᠠᠯᠢ ᠲᠤᠭ᠎ᠠ  ᠪᠠᠷ ᠬᠤᠪᠢᠶᠠᠵᠤ ᠠᠪᠤᠭᠠᠳ ᠲᠠᠷᠠᠭ᠎ᠠ ᠨᠢ ᠬᠤᠶᠠᠷ ᠬᠤᠶᠠᠷ ᠬᠦᠮᠤᠨ ᠢᠶᠠᠷ ᠲᠤᠰᠪᠤᠷᠢ ᠨᠢᠬᠡ ᠱᠠᠭ᠎ᠠ ᠭᠠᠷᠭᠠᠵᠤ᠂ ᠬᠠᠶᠠᠬᠤ ᠡᠬᠡᠯᠵᠢ ᠲᠤᠭᠲᠠᠭᠠᠨ ᠴᠤᠭ ᠲᠤᠨᠢ ᠬᠠᠶᠠᠨ᠎ᠠ᠃ ᠮᠤᠷᠢ ᠪᠤᠰᠤᠭᠰᠠᠨ ᠢ ᠨᠢ ᠬᠠᠶᠠᠭᠰᠠᠨ ᠢᠶᠠᠷ ᠪᠤᠲᠤᠵᠤ ᠨᠦᠬᠦᠬᠡ ᠶᠢ ᠨᠢ ᠤᠨᠠᠭᠰᠠᠨ ᠢᠶᠠᠷ ᠪᠤᠲᠤᠵᠤ ᠲᠡᠬᠢᠵᠤ ︽ᠪᠠᠷᠢᠯᠲᠤᠬᠤ︾ ᠡᠷᠬᠡ ᠶᠢ ᠨᠢ ᠬᠠᠰᠤᠨ᠎ᠠ᠃ ᠢᠡᠭᠬᠢᠵᠤ ᠬᠡᠨ  ᠤ ᠭᠠᠷ ᠲᠠᠬᠢ ᠱᠠᠭ᠎ᠠ ᠨᠢ ᠮᠤᠷᠢ ᠪᠤᠰᠤᠨ ᠦᠯᠡᠲᠡᠵᠤ᠂ ᠬᠡᠨ ᠤ ᠭᠠᠷ ᠲᠠᠬᠢ ᠱᠠᠭ᠎ᠠ ᠨᠢ ᠤᠨᠠᠵᠤ ᠪᠠᠷᠠᠬᠤ ᠪᠠᠷ ᠤᠷᠤᠯᠲᠤᠭᠠᠨ ᠤ ᠳ᠋ᠦᠡᠭ ᠢ ᠲᠤᠭᠲᠠᠭᠠᠨ᠎ᠠ᠃ ᠪᠠᠰᠠ ᠲᠤᠭᠯᠠᠭᠠᠮ ᠳᠤ ᠤᠷᠤᠯᠴᠠᠬᠤ ᠬᠦᠮᠤᠰ ᠮᠤᠩᠭᠤᠯ ᠪᠦᠬᠡ ᠶᠢᠨ ᠨᠤᠭᠤᠯᠭᠠᠲᠤ ᠪᠠᠷᠢᠯᠲᠤᠭᠠᠨ ᠤ ᠶᠤᠰᠤᠭᠠᠷ ᠱᠠᠭ᠎ᠠ ᠶᠢᠨ ᠲᠤᠭ᠎ᠠ ᠪᠠᠨ ᠲᠠᠭᠠᠷᠠᠭᠤᠯᠵᠤ᠂ ᠨᠤᠭᠤᠯᠤᠨ ᠪᠠᠷᠢᠯᠲᠤᠭᠤᠯᠵᠤ ᠢᠯᠠᠬᠤ ᠢᠯᠠᠭᠲᠠᠬᠤ ᠪᠠᠨ ᠲᠤᠭᠲᠠᠭᠠᠬᠤ ᠲᠤᠭᠯᠠᠬᠤ ᠵᠤᠷᠰᠢᠯ ᠲᠠᠢ ᠴᠤ ᠪᠠᠶᠢᠲᠠᠭ᠃ ᠮᠤᠩᠭᠤᠯ ᠬᠡᠤᠬᠡᠳ ᠤᠳ ᠱᠠᠭ᠎ᠠ  ᠳᠠᠭᠠᠨ ᠶᠠᠩᠵᠤ ᠪᠠᠶᠢᠲᠠᠯ ᠢ ᠨᠢ ᠦᠡᠳᠤᠰᠤᠯᠡᠨ ᠡᠷᠳᠡ ᠡᠲᠤᠬᠡ ᠬᠢ ᠶᠢᠨ ᠰᠠᠶᠢᠨ ᠪᠦᠬᠡ ᠶᠢᠨ ᠨᠡᠷ᠎ᠡ ᠪᠤᠶᠤ ᠲᠤᠰᠬᠠᠢ ᠨᠠᠷ᠎ᠡ ᠦᠭᠴᠢᠬᠡᠬᠡᠳ ᠪᠠᠷᠢᠯᠲᠤᠭᠤᠯᠤᠨ ᠨᠠᠭᠠᠲᠤᠲᠠᠭ᠂ ᠢᠡᠭᠬᠢᠵᠤ ᠪᠦᠬᠡ ᠳᠤ ᠲᠤᠷᠠᠲᠠᠢ ᠪᠤᠯᠵᠤ ᠬᠦᠮᠤᠵᠢᠳᠡᠭ ᠪᠠᠶᠢᠨ᠎ᠠ 2 ᠮᠤᠷᠢ ᠤᠷᠤᠯᠲᠤᠭᠤᠯᠬᠤ       ᠬᠤᠶᠠᠷ ᠪᠤᠶᠤ ᠬᠤᠶᠡᠷ ᠠᠴᠠ ᠲᠡᠬᠡᠭᠰᠢ ᠬᠦᠮᠤᠨ ᠬᠠᠮᠲᠤ ᠳᠠᠭᠠᠨ ᠤᠷᠤᠯᠴᠠᠨ᠎ᠠ᠃ ᠮᠤᠷᠢᠨ‌ᠤᠷᠤᠯᠳᠤᠭᠠᠨ ᠤ ᠲᠦᠷᠢᠮ ᠢ ᠲᠠᠭᠤᠷᠢᠶᠠᠵᠤ ᠨᠡᠯᠢᠶᠡᠳ ᠤᠯᠠᠨ ᠱᠠᠭ᠎ᠠ ᠶᠢ ᠬᠤᠨᠢ ᠬᠡᠪᠲᠡᠬᠦᠯᠤᠨ ᠠᠷᠤ ᠠᠷᠤ ᠠᠴᠠ ᠨᠢ ᠵᠡᠷᠬᠡᠯᠡᠨ ᠤᠭᠰᠠᠷᠠᠬᠤ ᠳᠠᠭᠠᠨ ᠲᠤᠭᠤᠢ ᠪᠤᠶᠤ ᠤᠷᠲᠤ ᠬᠡᠯᠪᠡᠷᠢ ᠶᠢ ᠰᠤᠩᠭᠤᠨ᠎ᠠ᠃ ᠡᠨᠡ ᠨᠢ ᠲᠤᠭᠤᠢ ᠤᠷᠤᠯᠲᠤᠭᠠᠨ ᠪᠤᠶᠤ ᠤᠷᠲᠤ ᠶᠢᠨ ᠤᠷᠤᠯᠲᠤᠭᠠᠨ ᠢ ᠲᠦᠯᠤᠬᠡᠯᠡᠵᠤ ᠪᠠᠶᠢᠨ᠎ᠠ᠃ ᠨᠢᠬᠡ ᠦᠵᠤᠬᠦᠷ ᠤᠨ ᠱᠠᠭ᠎ᠠ ᠲᠠᠢ ᠵᠡᠷᠬᠡᠴᠡᠬᠦᠯᠤᠨ ᠦᠪᠡᠷ ᠦᠪᠡᠷ ᠤᠨ ᠰᠤᠩᠭᠤᠭᠰᠠᠨ ᠱᠠᠭ᠎ᠠ ᠪᠠᠨ ᠮᠤᠷᠢ ᠪᠤᠰᠬᠠᠵᠤ ᠲᠡᠯᠪᠢᠭᠠᠳ ᠲᠠᠷᠠᠭ᠎ᠠ ᠨᠢ ᠲᠠᠪᠤ ᠪᠤᠶᠤ‌ᠵᠢᠷᠭᠤᠭᠠᠨ ᠲᠤᠰᠬᠠᠢ ᠰᠤᠩᠭᠤᠭᠰᠠᠨ ᠱᠠᠭ᠎ᠠ ᠶᠢ ᠡᠬᠡᠯᠵᠢ ᠪᠠᠷ ᠤᠷᠬᠢᠨ ᠪᠤᠰᠤᠭᠰᠠᠨ ᠮᠤᠷᠢᠨ ᠤ ᠲᠤᠭ᠎ᠠ ᠪᠠᠷ ᠬᠡᠮᠵᠢᠶ᠎ᠡ ᠪᠤᠯᠭᠠᠨ ᠤᠷᠤᠭᠰᠢ ᠠᠬᠢᠭᠤᠯᠤᠨ᠎ᠠ᠃ ᠲᠤᠬᠠᠶᠢᠯᠠᠪᠠᠯ ᠨᠢᠬᠡ ᠮᠤᠷᠢ ᠪᠤᠰᠤᠪᠠᠯ ᠨᠢᠬᠡ ᠱᠠᠭᠠᠨ ᠤ ᠬᠡᠮᠵᠢᠶ᠎ᠡ ᠲᠠᠢ ᠶᠠᠪᠤᠭᠤᠯᠤᠨ᠎ᠠ᠃ ᠢᠡᠭᠬᠢᠵᠤ ᠬᠡᠨ ᠤ ᠬᠢᠨᠢ ᠱᠠᠭ᠎ᠠ ᠲᠡᠬᠦᠰᠬᠡᠯ ᠤᠨ ᠴᠢᠭ ᠲᠡᠬᠡᠷ᠎ᠡ ᠲᠦᠷᠤᠬᠦᠯᠵᠤ ᠬᠦᠷᠪᠡᠯ ᠲᠡᠷᠡ ᠶᠢ ᠨᠢ ᠢᠯᠠᠭᠰᠠᠨ ᠢᠶᠠᠷ ᠪᠤᠲᠤᠨ᠎ᠠ ᠃ ᠲᠤᠭᠤᠢ ᠤᠷᠤᠯᠲᠤᠭᠠᠨ ᠢᠶᠠᠷ ᠪᠤᠲᠤᠪᠠᠯ ᠡᠬᠢᠯᠡᠯᠲᠡ ᠶᠢᠨ ᠴᠢᠭ ᠲᠡᠬᠡᠷ᠎ᠡ ᠪᠠᠨ ᠪᠤᠴᠠᠵᠤ ᠢᠷᠡᠨ᠎ᠠ᠃ ᠮᠤᠩᠭᠤᠯ ᠬᠡᠤᠬᠡᠳ ᠤᠳ ᠱᠠᠭ᠎ᠠ ᠨᠠᠭᠠᠲᠤᠮ ᠠᠴᠠ ᠪᠠᠨ ᠡᠬᠢᠯᠡᠵᠤ ᠮᠤᠷᠢᠨ ᠳᠤ ᠬᠤᠷᠤᠬᠠᠶᠢᠲᠠᠢ ᠪᠤᠯᠲᠠᠭ ᠪᠠᠶᠢᠨ᠎ᠠ᠃3 ᠱᠠᠭ᠎ᠠ ᠬᠠᠷᠪᠤᠬᠤ︵1︶ ᠱᠠᠭ᠎ᠠ ᠬᠠᠷᠪᠤᠬᠤ        ᠱᠠᠭ᠎ᠠ ᠬᠠᠷᠪᠤᠬᠤ ᠶᠢ ᠡᠷ᠎ᠡ ᠶᠢᠨ ᠭᠤᠷᠪᠡᠨ ᠨᠠᠭᠠᠲᠤᠮ ᠤᠨ ᠨᠤᠮᠤ ᠰᠤᠮᠤ ᠬᠠᠷᠪᠤᠬᠤ ᠰᠠᠳᠬᠢᠴᠡ ᠠᠴᠠ ᠡᠬᠦᠰᠤᠯ ᠲᠠᠢ ᠬᠡᠵᠤ ᠤᠶᠢᠯᠠᠭᠠᠵᠤ ᠪᠤᠯᠤᠨ᠎ᠠ᠃         ᠬᠤᠶᠡᠷ ᠬᠦᠮᠤᠨ ᠦᠬᠡᠲᠡ ᠦᠬᠡᠲᠠ ᠠᠴᠠ ᠪᠠᠨ ᠵᠤᠬᠢᠬᠤ ᠵᠠᠢ ᠠᠪᠴᠤ ᠪᠠᠶᠢᠷᠢᠯᠠᠭᠠᠳ ᠭᠤᠷᠪᠠ ᠪᠤᠶᠤ ᠲᠠᠪᠤ ᠶᠢᠨ ᠲᠤᠭ᠎ᠠ ᠲᠠᠢ ᠱᠠᠭ᠎ᠠ ᠪᠠᠷ ᠮᠤᠷᠢ ᠪᠤᠰᠬᠠᠵᠤ ᠲᠠᠯᠪᠢᠭᠠᠳ ᠲᠠᠬᠢᠭᠠᠳ ᠦᠬᠡᠲᠠ ᠦᠬᠡᠲᠠ ᠠᠴᠠ ᠪᠠᠨ ᠲᠤᠭᠳᠠᠭᠰᠠᠨ ᠲᠤᠭ᠎ᠠ ᠲᠠᠢ ᠱᠠᠭ᠎ᠠ ᠪᠠᠷ ᠬᠠᠷᠪᠤᠨ ᠨᠢᠰᠤᠯᠤᠨ ᠨᠢᠬᠡᠨ ᠤ ᠪᠠᠨ ᠮᠤᠷᠢ ᠪᠤᠰᠬᠠᠭᠰᠠᠨ ᠱᠠᠭ᠎ᠠ ᠶᠢ ᠤᠨᠠᠭᠠᠨ᠎ᠠ᠃ ᠬᠠᠷᠪᠤᠵᠤ ᠢᠷᠡᠬᠦᠯᠤᠭ᠍ᠰᠠᠨ ᠱᠠᠭ᠎ᠠ ᠪᠠᠷ ᠨᠢ ᠪᠤᠴᠠᠭᠠᠵᠤ ᠬᠠᠷᠪᠤᠵᠤ ᠪᠤᠯᠲᠠᠭ᠃ ᠲᠠᠶᠢᠨ ᠪᠠᠶᠢᠯᠲᠤᠭᠠᠨ ᠢ ᠲᠠᠶᠢᠪᠤᠡᠭ ᠵᠤᠭ᠎ᠠ ᠪᠤᠯᠭᠠᠨ ᠠᠮᠲᠠᠷᠬᠠᠵᠤ ᠪᠠᠶᠢᠭ᠎ᠠ ᠵᠤᠭ᠎ᠠ ᠲᠤᠭᠯᠠᠭᠠᠮ ᠪᠤᠯᠤᠨ᠎ᠠ᠃︵2︶ ᠱᠠᠭ᠎ᠠ ᠨᠢᠰᠤᠯᠠᠬᠤ        ᠱᠠᠭ᠎ᠠ ᠨᠢᠰᠤᠯᠠᠬᠤ ᠨᠢ ᠬᠤᠶᠡᠷ ᠪᠤᠶᠤ ᠬᠤᠶᠠᠷ ᠠᠴᠠ ᠲᠡᠬᠡᠭᠰᠢ ᠬᠦᠮᠤᠨ ᠤ ᠲᠤᠭᠯᠠᠲᠠᠭ ᠨᠠᠭᠠᠲᠤᠮ ᠪᠤᠯᠤᠨ᠎ᠠ᠃ ᠪᠦᠬᠦ ᠱᠠᠭ᠎ᠠ ᠪᠠᠨ ᠤᠷᠤᠯᠴᠠᠬᠤ ᠬᠦᠮᠤᠰ ᠡᠬᠡᠯᠵᠢ ᠪᠠᠷ ᠤᠷᠬᠢᠨ ᠮᠤᠷᠢ ᠪᠤᠰᠤᠭᠰᠠᠨ ᠢ ᠨᠢ ᠮᠤᠷᠢ ᠪᠤᠰᠤᠭᠰᠠᠨ ᠲᠠᠢ ᠨᠢ ᠲᠡᠮᠡᠭᠡ ᠪᠤᠰᠤᠭᠰᠠᠨ ᠢ ᠨᠢ ᠲᠡᠮᠡᠭᠡ ᠲᠠᠢ ᠨᠢ ᠬᠤᠨᠢ ᠶᠢ ᠨᠢ ᠬᠤᠨᠢ ᠲᠠᠢ ᠨᠢ ᠢᠮᠠᠭ᠎ᠠ ᠶᠢ ᠨᠢ ᠢᠮᠠᠭ᠎ᠠ ᠲᠠᠢ ᠨᠢ ᠬᠡᠭᠴᠢᠯᠡᠨ ᠨᠢᠰᠤᠯᠤᠨ ᠤᠨᠤᠭᠠᠵᠤ ᠲᠡᠶᠢᠯᠤᠪᠡᠯ ᠦᠪᠡᠷ ᠤᠨ ᠢᠶᠠᠨ ᠡᠪᠤᠷ ᠲᠤ ᠬᠤᠷᠢᠶᠠᠨ᠎ᠠ᠃ ᠢᠡᠭᠬᠢᠬᠡᠳ ᠬᠤᠷᠢᠶᠠᠵᠤ ᠪᠠᠷᠠᠭᠰᠨᠨ ᠤ ᠲᠠᠷᠠᠭ᠎ᠠ ᠬᠦᠮᠤᠨ ᠪᠤᠯᠭᠠᠨ ᠬᠤᠶᠠᠷ ᠪᠤᠶᠤ ᠭᠤᠷᠪᠠ ᠲᠦᠷᠪᠡᠨ ᠱᠠᠭ᠎ᠠ ᠶᠢ ᠭᠠᠷᠭᠠᠵᠤ ᠡᠬᠡᠯᠵᠢ ᠪᠠᠷ ᠤᠷᠬᠢᠨ ᠨᠢᠰᠤᠯᠤᠨ᠎ᠠ᠃ ᠬᠡᠨ ᠤ ᠬᠢᠨᠢ ᠱᠠᠭ᠎ᠠ ᠲᠠᠭᠤᠰᠪᠠᠯ᠂ ᠲᠡᠷᠡ ᠨᠢ ᠤᠬᠤᠷᠢᠵᠤ ᠭᠠᠷᠤᠨ᠎ᠠ᠃ ᠢᠡᠭᠬᠢᠬᠡᠳ ᠬᠡᠨ ᠨᠢ ᠪᠦᠬᠦ ᠱᠠᠭ᠎ᠠ ᠶᠢ ᠬᠤᠷᠢᠶᠠᠵᠤ ᠤᠯᠪᠠᠯ ᠲᠡᠷᠡ ᠨᠢ ᠢᠯᠠᠭᠰᠠᠨ ᠳᠤ ᠲᠤᠭᠠᠴᠢᠭᠲᠠᠨ᠎ᠠ ᠃ ᠬᠠᠮᠤᠭ ᠰᠡᠬᠦᠯ ᠤᠨ ᠬᠤᠶᠠᠷ ᠱᠠᠭ᠎ᠠ ᠶᠢ ᠵᠡᠷᠬᠡ ᠳᠤᠨᠢ ᠬᠤᠷᠢᠶᠠᠨ᠎ᠠ᠃       ᠭᠤᠷᠪᠠᠨ ᠠᠲᠠᠯᠢ᠂ ᠲᠦᠷᠪᠡᠨ ᠠᠲᠠᠯᠢ ᠶᠢ ᠰᠢᠭᠤᠳ ᠪᠤᠯᠢᠶᠠᠯᠴᠠᠨ ᠬᠤᠷᠢᠶᠠᠲᠠᠭ ᠲᠦᠷᠢᠮ ᠴᠤ ᠪᠤᠢ᠃        ᠱᠠᠭ᠎ᠠ ᠨᠢᠰᠤᠯᠠᠬᠤ ᠨᠢ ᠴᠤ ᠱᠠᠭ᠎ᠠ ᠬᠠᠷᠪᠤᠬᠤ ᠲᠠᠢ ᠠᠲᠠᠯᠢ ᠬᠠᠷᠪᠤᠬᠤ ᠨᠠᠮᠨᠠᠬᠤ ᠶᠢᠨ ᠰᠠᠳᠬᠢᠬᠦᠢ ᠠᠴᠠ ᠤᠶᠢᠯᠡᠲᠤᠯ ᠠᠪᠤᠭᠰᠠᠨ ᠶᠤᠮ᠃        ᠱᠠᠭ᠎ᠠ ᠨᠠᠭᠠᠲᠤᠮ ᠨᠢ ᠪᠦᠷ ᠮᠠᠰᠢ ᠤᠯᠠᠨ ᠨᠠᠭᠠᠳᠬᠤ ᠠᠷᠭ᠎ᠠ ᠲᠠᠢ ᠪᠠᠶᠢᠲᠠᠭ᠃ ᠠᠲᠡ ᠱᠠᠭ᠎ᠠ ᠨᠠᠭᠠᠲᠤᠮ  ᠤᠨ ᠡᠷ᠎ᠡ ᠶᠢᠨ ᠭᠤᠷᠪᠠᠨ ᠮᠦᠷᠤᠢ ᠶᠢ ᠰᠢᠩᠬᠡᠬᠡᠭᠰᠠᠨ ᠭᠤᠷᠪᠠᠨ ᠵᠤᠶᠢᠯ ᠤᠨ ᠨᠠᠭᠠᠳᠬᠤ ᠠᠷᠭ᠎ᠠ ᠶᠢ ᠤᠡᠴᠠᠭᠠᠶᠢᠯᠠᠨ ᠲᠡᠨᠢᠯᠴᠠᠭᠤᠯᠤᠶ᠎ᠠ᠃
 
ᠢᠷᠡᠯᠲᠡ᠄ ᠮᠣᠩᠭᠤᠯ ᠬᠠᠶᠢᠷ᠎ᠠ  ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号