ᠰᠦᠨᠢᠳ ᠤᠨ  ᠳᠣᠮᠣᠭᠳᠦ ᠪᠦᠬᠡ —  ᠳᠠᠪᠣᠲᠠᠢ
ᠨᠡᠶᠢᠲᠡᠯᠡᠭᠰᠡᠨ ᠴᠠᠭ᠄
2018/3/30
      ᠳᠠᠪᠤᠳᠠᠢ ᠪᠤᠯ ᠰᠦᠨᠢᠳ ᠤᠨ ᠳᠠᠯ᠎ᠠ ᠨᠤᠳᠤᠭ ᠲᠤ ᠠᠮᠢᠳᠤᠷᠠᠵᠦ ᠪᠠᠶᠢᠭᠰᠠᠨ ᠳᠤᠮᠤᠭᠳᠤ ᠪᠦᠭᠡ ᠶᠤᠮ᠃ ᠳᠡᠷᠡᠪᠡᠷ ᠳᠠᠪᠤᠨ ᠬᠠᠨ᠎ᠠ ᠲᠠᠢ ᠮᠤᠩᠭᠤᠯ ᠭᠡᠷ ᠢᠶᠠᠨ ᠪᠠᠭᠯᠠᠵᠦ ᠡᠭᠦᠷᠦᠨ᠂ ᠨᠠᠰᠤᠳᠠᠢ ᠡᠵᠢ ᠪᠠᠨ ᠳᠡᠭᠡᠷ᠎ᠠ ᠨᠢ ᠰᠠᠭᠤᠯᠭᠠᠨ᠂ ᠤᠳᠤᠷ ᠨᠡᠭᠦᠳᠡᠯ ᠭᠢᠴᠢᠭᠡᠳᠡᠭ ᠪᠢᠷ᠎ᠠ ᠴᠢᠳᠠᠯ ᠲᠠᠢ ᠡᠷ᠎ᠠ ᠪᠠᠶᠢᠯ᠎ᠠ ᠭᠡᠳᠡᠭ᠃ ᠳᠡᠭᠦᠨ ᠤ ᠳᠤᠬᠠᠢ ︽ᠡᠵᠢ ᠶᠢᠨ ᠭᠡᠳᠡᠰᠤᠨ ᠳᠤ ᠪᠠᠶᠢᠬᠤ ᠳᠤ ᠦᠭᠡᠷ ᠤᠨ ᠠᠷᠠᠰᠤ ᠪᠠᠷ ᠭᠢᠭᠰᠡᠨ ᠳᠡᠯᠡᠢ ᠶᠢ ᠳᠠᠰᠤ ᠵᠢᠭᠢᠵᠦ ᠪᠠᠶᠢᠭᠰᠠᠨ︔ ᠭᠠᠯᠵᠠᠭᠤ ᠪᠤᠬ᠎ᠠ ᠶᠢᠨ ᠬᠤᠶᠠᠷ ᠡᠪᠠᠷ ᠠᠴᠠ ᠳᠡᠳᠡᠨ ᠳᠤᠯᠤᠭᠠᠢ ᠶᠢᠨ ᠵᠠᠭᠠᠳᠠᠰᠤ ᠶᠢ ᠰᠠᠯᠭᠠᠨ ᠠᠯᠠᠵᠤ᠂ ᠮᠢᠬ᠎ᠠ ᠶᠢ  ᠨᠢ ᠬᠤᠶᠠᠷ ᠬᠤᠪᠢᠶᠠᠨ ᠪᠠᠭᠯᠠᠵᠦ᠂ ᠬᠤᠪᠴᠠᠰᠤ ᠪᠠᠨ ᠴᠢᠰᠤᠳᠠᠯ ᠦᠭᠡᠢ ᠭᠦᠨᠳᠡᠢ ᠡᠷᠭᠦᠨ ᠬᠠᠷᠢᠵᠦ ᠪᠠᠶᠢᠭᠰᠠᠨ︾ ᠵᠡᠷᠭᠡ ᠤᠯᠠᠨ ᠰᠠᠶᠢᠬᠠᠨ ᠳᠤᠮᠤᠭ ᠶᠠᠷᠢᠭᠳᠠᠨ ᠡᠳᠦᠭᠡ ᠳᠤ ᠭᠦᠷᠦᠭᠰᠡᠨ ᠪᠢᠯᠡ᠃    ᠤᠳᠤ ᠰᠦᠨᠢᠳ ᠵᠡᠭᠦᠨ ᠬᠤᠰᠢᠭᠤᠨ ᠤ ᠪᠠᠶ᠋ᠬᠠᠨᠭᠤᠯᠠ ᠰᠤᠮᠤᠨ ᠳᠤ ︽ᠳᠠᠪᠤᠳᠠᠢ︾ ᠭᠡᠳᠡᠭ ᠨᠠᠷ᠎ᠠ ᠲᠠᠢ ᠭᠠᠵᠠᠷ ᠪᠠᠶᠢᠳᠠᠭ ᠪᠦᠭᠡᠳ ᠳᠡᠭᠦᠨ ᠢ ᠨᠠᠰᠤ ᠪᠠᠷᠠᠭᠰᠠᠨ ᠤ ᠬᠤᠶᠢᠨ᠎ᠠ ᠳᠤᠷᠠᠰᠬᠠᠵᠦ᠂ ᠨᠤᠳᠤᠭ ᠤᠨ ᠠᠷᠠᠳ ᠳᠦᠮᠡᠨ ᠬᠠᠳᠠᠨ ᠳᠡᠭᠡᠷ᠎ᠠ ᠳᠦᠷᠢ ᠶᠢ ᠨᠢ ᠰᠠᠶᠢᠯᠵᠦ᠂ ᠴᠢᠯᠠᠭᠤᠨ ᠭᠦᠰᠢᠶ᠎ᠠ ᠪᠤᠰᠬᠠᠵᠦ᠂ ᠠᠯᠳᠠᠷᠳᠤ ᠪᠦᠭᠡ ᠪᠠᠨ ᠮᠦᠩᠭᠡᠳᠡ ᠰᠠᠨᠠᠭᠠᠯᠵᠠᠭᠰᠠᠨ ᠨᠢ ᠤᠳᠤ ᠪᠤᠯᠳᠠᠯ᠎ᠠ ᠬᠠᠳᠠᠭᠠᠯᠠᠭᠳᠠᠵᠦ ᠪᠠᠶᠢᠭ᠎ᠠ ᠪᠢᠯᠡ ︵ᠵᠢᠷᠤᠭ ᠲᠠᠬᠢ ᠪᠤᠯ ᠡᠨᠡᠭᠦ ᠴᠢᠯᠠᠭᠤᠨ ᠭᠦᠰᠢᠶ᠎ᠠ ᠶᠢᠨ ᠨᠢᠭᠡ ᠭᠡᠰᠡᠭ᠂ ᠤᠨ ᠵᠢᠯ ᠤᠨ ᠤᠳᠠᠭᠠᠨ ᠳᠤ ᠨᠢᠭᠡᠨᠳᠡ ᠬᠤᠶᠠᠷ ᠭᠡᠰᠡᠭ ᠪᠤᠯᠵᠦ ᠬᠠᠭᠠᠷᠠᠵᠠᠢ︶᠃ ᠡᠨᠡᠭᠦ ᠴᠢᠯᠠᠭᠤᠨ ᠭᠦᠰᠢᠶ᠎ᠠ ᠶᠢ ᠪᠠᠰᠠ ᠳᠠᠪᠤᠳᠠᠢ ᠶᠢᠨ ᠨᠢᠷᠤᠭᠤ ᠨᠢ ᠴᠢᠯᠡᠵᠦ ᠤᠷᠤ ᠭᠠᠷᠭᠠᠭᠰᠠᠨ ᠴᠢᠯᠠᠭᠤ ᠭᠡᠵᠦ ᠠᠳᠠᠯᠢ ᠪᠤᠰᠤ ᠪᠠᠷ ᠶᠠᠷᠢᠳᠠᠭ᠃     ᠨᠤᠳᠤᠭ ᠤᠰᠤᠨ ᠤ ᠪᠠᠨ ᠳᠤᠮᠤᠭᠳᠤ ᠪᠦᠭᠡ ᠶᠢᠨ ᠠᠯᠳᠠᠷ ᠢ ᠳᠠᠭᠤᠷᠢᠰᠤᠭᠤᠯᠵᠦ᠂ ᠦᠪ ᠤᠯᠠᠮᠵᠢᠯᠠᠯ  ᠢ ᠨᠢ ᠬᠤᠶᠢᠴᠢᠰ ᠲᠠᠭᠠᠨ ᠤᠯᠠᠮᠵᠢᠯᠠᠭᠤᠯᠬᠤ ᠶᠢᠨ ᠳᠤᠰᠠᠳᠠ᠂ ᠰᠦᠨᠢᠳ ᠵᠡᠭᠦᠨ ᠬᠤᠰᠢᠭᠤᠨ ᠤ ᠰᠢᠭᠤᠳ ᠬᠠᠷᠢᠶ᠎ᠠ ᠮᠤᠩᠭᠤᠯ ᠪᠠᠭ᠎ᠠ ᠰᠤᠷᠭᠠᠭᠤᠯᠢ ᠶᠢᠨ ᠪᠠᠭᠰᠢ ᠭᠦᠷᠡᠯᠪᠠᠭᠠᠳᠤᠷ ᠳᠠᠪᠤᠳᠠᠢ ᠶᠢᠨ ᠱᠤᠭᠤᠮᠠᠯ ᠭᠦᠷᠦᠭ ᠢ ᠱᠤᠭᠤᠵᠤ ᠭᠠᠷᠭᠠᠵᠠᠢ᠃ ᠦᠨᠳᠦᠷ ᠢᠶᠠᠷ ᠢᠶᠠᠨ 45᠂ ᠦᠷᠭᠡᠨ ᠢᠶᠠᠷ ᠢᠶᠠᠨ 35᠂ ᠵᠤᠵᠠᠭᠠᠨ ᠢᠶᠠᠷ ᠢᠶᠠᠨ 25 ᠰᠠᠨᠲ᠋ᠢᠮᠧᠲᠷ ᠪᠠᠶᠢᠬᠤ ᠡᠨᠡᠭᠦ ᠱᠤᠭᠤᠮᠠᠯ ᠨᠢ ᠳᠠᠪᠤᠳᠠᠢ ᠶᠢᠨ ᠮᠤᠩᠭᠤᠯ ᠭᠡᠷ ᠨᠠᠰᠤᠳᠠᠢ ᠡᠵᠢ ᠪᠠᠨ ᠡᠭᠦᠷᠦᠭᠰᠠᠨ ᠭᠦᠳᠠᠷ ᠪᠢᠷᠠᠯᠢᠭ ᠪᠦᠭᠡᠴᠢᠨ ᠭᠦᠮᠦᠨ ᠤ ᠳᠦᠷᠢ ᠶᠢ ᠨᠢ ᠠᠮᠢᠳᠤ ᠳᠤᠪᠤᠷᠠᠭᠤᠨ ᠢᠯᠡᠷᠡᠭᠦᠯᠦᠭᠰᠡᠨ ᠪᠠᠶᠢᠨ᠎ᠠ᠃
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号