ᠴᠢᠩᠬᠢᠰ ᠬᠠᠭᠠᠨ ᠤ ᠢᠵᠠᠭᠤᠷ ᠬᠢᠭᠡᠳ ᠮᠤᠩᠭᠤᠯ ᠦᠨᠳᠦᠰᠤᠳᠡᠨ ᠤ ᠤᠪᠤᠭ
ᠨᠡᠶᠢᠲᠡᠯᠡᠭᠰᠡᠨ ᠴᠠᠭ᠄
2018/3/30
     ︿︿ᠮᠤᠩᠭᠤᠯ ᠤᠨ ᠨᠢᠭᠤᠴᠠ ᠲᠤᠪᠴᠢᠶᠠᠨ﹀﹀ ᠳᠤ ᠲᠡᠮᠳᠡᠭᠯᠡᠵᠤ ᠪᠠᠶᠢᠬᠤ ᠪᠠᠷ ᠴᠢᠩᠬᠢᠰ ᠬᠠᠭᠠᠨ ᠤ ᠲᠡᠭᠡᠳᠦ ᠡᠪᠦᠭᠡ ᠪᠤᠯ ᠪᠦᠷᠳᠡ ᠴᠢᠨ᠋ᠸ᠎ᠠ᠂ ᠪᠦᠷᠳᠡ ᠴᠢᠨ᠋ᠸ᠎ᠠ ᠶᠢᠨ ᠬᠦᠪᠡᠭᠦᠨ ᠪᠠᠳᠤᠴᠠᠭᠠᠨ᠂ ᠪᠠᠳᠤᠴᠠᠭᠠᠨ ᠤ ᠬᠦᠪᠡᠭᠦᠨ ᠲᠡᠮᠡᠴᠡ ᠂ ᠲᠡᠮᠡᠴᠡ ᠶᠢᠨ ᠬᠦᠪᠡᠭᠦᠨ ᠬᠤᠷᠢᠴᠠᠷ ᠮᠡᠷᠭᠡᠨ᠂ ᠬᠤᠷᠢᠴᠠᠷ ᠮᠡᠷᠭᠡᠨ ᠤ ᠬᠦᠪᠡᠭᠦᠨ ᠠᠭᠤᠵᠢᠮ ᠪᠤᠷᠤᠭᠤᠯ᠂ ᠠᠭᠤᠵᠢᠮ ᠪᠤᠭᠤᠷᠤᠯ ᠤᠨ ᠬᠦᠪᠡᠭᠦᠨ ᠰᠠᠯᠢ ᠬᠠᠴᠠᠭᠤ᠂ ᠰᠠᠯᠢ ᠬᠠᠴᠠᠭᠤ ᠶᠢᠨ ᠬᠦᠪᠡᠭᠦᠨ ᠶᠡᠭᠡ ᠨᠢᠳᠦᠨ᠂ ᠶᠡᠭᠡ ᠨᠢᠳᠦᠨ ᠤ ᠬᠦᠪᠡᠭᠦᠨ ᠰᠠᠮ ᠰᠤᠴᠢ᠂ ᠰᠠᠮ ᠰᠤᠴᠢ ᠶᠢᠨ ᠬᠦᠪᠡᠭᠦᠨ ᠬᠠᠷᠴᠤ᠂ ᠬᠠᠷᠴᠤ ᠶᠢᠨ ᠬᠦᠪᠡᠭᠦᠨ ᠪᠤᠷᠵᠢᠭᠢᠳᠠᠢ ᠮᠡᠷᠭᠡᠨ᠂ ᠪᠤᠷᠵᠢᠭᠢᠳᠠᠢ ᠮᠡᠷᠭᠡᠨ ᠤ ᠬᠦᠪᠡᠭᠦᠨ ᠲᠤᠷᠭᠤᠯᠵᠢᠨ ᠪᠠᠶᠠᠨ᠂ ᠲᠤᠷᠭᠤᠯᠵᠢᠨ ᠪᠠᠶᠠᠨ ᠤ ᠬᠦᠪᠡᠭᠦᠨ ᠲᠤᠪᠤᠨ ᠮᠡᠷᠭᠡᠨ᠂ ᠲᠤᠪᠤᠨ ᠮᠡᠷᠭᠡᠨ ᠤ ᠬᠦᠪᠡᠭᠦᠨ ᠪᠤᠳᠠᠨᠴᠢᠷ ᠮᠤᠩᠬᠠᠭ᠂ ᠪᠤᠳᠠᠨᠴᠢᠷ ᠮᠤᠩᠬᠠᠭ ᠤᠨ ᠬᠦᠪᠡᠭᠦᠨ ᠬᠠᠪᠢᠴᠢ ᠪᠠᠭᠠᠳᠤᠷ᠂ ᠬᠠᠪᠢᠴᠢ ᠪᠠᠭᠠᠳᠤᠷ ᠤᠨ ᠬᠦᠪᠡᠭᠦᠨ ᠮᠠᠨᠠᠨ ᠲᠤᠳᠤᠨ᠂ ᠮᠠᠨᠠᠨ ᠲᠤᠳᠤᠨ ᠤ ᠬᠦᠪᠡᠭᠦᠨ ᠬᠠᠴᠢ ᠬᠦᠯᠦᠭ᠂ ᠬᠠᠴᠢ ᠬᠦᠯᠦᠭ ᠤᠨ ᠬᠦᠪᠡᠭᠦᠨ ᠬᠠᠶᠢᠳᠤ᠂ ᠬᠠᠶᠢᠳᠤ ᠶᠢᠨ ᠬᠦᠪᠡᠭᠦᠨ ᠪᠠᠶᠢᠰᠢᠩᠬᠤᠷ ᠲᠤᠭᠰᠢᠨ᠂ ᠪᠠᠶᠢᠰᠢᠩᠬᠤᠷ ᠲᠤᠭᠰᠢᠨ ᠤ ᠬᠦᠪᠡᠭᠦᠨ ᠤ ᠬᠦᠪᠡᠭᠦᠨ ᠲᠤᠮᠪᠢᠨᠢ ᠰᠡᠴᠡᠨ᠂ ᠲᠤᠮᠪᠢᠨᠢ ᠰᠡᠴᠡᠨ ᠤ ᠬᠦᠪᠡᠭᠦᠨ ᠬᠠᠪᠤᠯ ᠬᠠᠭᠠᠨ᠂ ᠬᠠᠪᠤᠯ ᠬᠠᠭᠠᠨ ᠤ ᠬᠦᠪᠡᠭᠦᠨ ᠪᠠᠷᠳᠠᠨ ᠪᠠᠭᠠᠳᠤᠷ᠂ ᠪᠠᠷᠳᠠᠨ ᠪᠠᠭᠠᠳᠤᠷ ᠤᠨ ᠬᠦᠪᠡᠭᠦᠨ ᠶᠢᠰᠤᠭᠡᠢ ᠪᠠᠭᠠᠳᠤᠷ᠂ ᠶᠢᠰᠤᠭᠡᠢ ᠪᠠᠭᠠᠳᠤᠷ ᠤᠨ ᠬᠦᠪᠡᠭᠦᠨ ᠴᠢᠩᠬᠢᠰ ᠬᠠᠭᠠᠨ ᠪᠢᠯᠡ᠃      ᠮᠤᠩᠭᠤᠯ ᠤᠨ ᠤᠪᠤᠭ ᠨᠡᠯᠢᠶᠡᠳ ᠤᠯᠠᠨ ᠪᠠᠶᠢᠨ᠎ᠠ᠃ ᠤᠪᠤᠭ ᠤᠨ ᠪᠤᠢ ᠪᠤᠯᠤᠭᠰᠠᠨ ᠰᠢᠯᠳᠠᠭᠠᠨ ᠨᠢ ᠴᠤ ᠤᠯᠠᠨ ᠪᠠᠶᠢᠨ᠎ᠠ᠃ ᠵᠠᠷᠢᠮ ᠨᠢ ᠴᠢᠰᠤᠨ ᠤᠳᠤᠮ ᠤᠨ ᠰᠢᠯᠳᠠᠭᠠᠨ︔ ᠵᠠᠷᠢᠮ ᠨᠢ ᠨᠢᠭᠡ ᠤᠳᠤᠮ ᠲᠤᠳᠤᠷ᠎ᠠ ᠪᠠᠨ ᠲᠠᠭᠠᠷᠠᠯᠴᠠᠬᠤ ᠦᠭᠡᠢ ᠠᠴᠠ ᠪᠤᠯᠵᠤ ᠰᠠᠯᠪᠤᠷᠯᠠᠵᠤ ᠭᠠᠷᠳᠠᠭ᠃ ᠪᠠᠰᠠ ᠵᠠᠷᠢᠮ ᠨᠢ ᠠᠪᠤᠷᠢ ᠵᠠᠩ ᠢᠶᠠᠷ ᠨᠢ ᠤᠪᠤᠭᠯᠠᠬᠤ ᠶᠠᠪᠤᠳᠠᠯ ᠴᠤ ᠭᠠᠷᠳᠠᠭ᠃ ᠡᠭᠦᠨ ᠠᠴᠠ ᠭᠠᠳᠠᠨ᠎ᠠ ᠪᠠᠰᠠ ᠵᠤᠶᠢᠯ ᠵᠤᠶᠢᠯ ᠤᠨ ᠰᠢᠯᠳᠠᠭᠠᠨ ᠢᠶᠠᠷ ᠤᠪᠤᠭ ᠰᠠᠯᠪᠤᠷᠢᠯᠠᠨ ᠭᠠᠷᠳᠠᠭ ᠤᠴᠢᠷ ᠲᠠᠢ᠃ ᠲᠤᠤᠷ᠎ᠠ ︿︿ᠮᠤᠩᠭᠤᠯ ᠤᠨ ᠨᠢᠭᠤᠴᠠ ᠲᠤᠪᠴᠢᠶᠠᠨ﹀﹀ ᠲᠡᠭᠡᠷ᠎ᠡ ᠲᠡᠮᠳᠡᠭᠯᠡᠭᠳᠡᠵᠤ ᠪᠠᠶᠢᠭ᠎ᠠ ᠤᠪᠤᠭ ᠤᠳ ᠢ ᠵᠢᠠᠭᠰᠠᠭᠠᠶ᠎ᠠ᠃     ᠬᠤᠷᠢᠯᠠᠳᠠᠢ ᠮᠡᠷᠭᠡᠨ ᠬᠤᠷᠢᠭᠯᠠᠯᠳᠤᠵᠤ ᠮᠠᠭᠤᠯᠠᠯᠳᠤᠵᠤ ᠬᠤᠷᠢᠯᠠᠷ ᠤᠪᠤᠭᠳᠤ ᠪᠤᠯᠵᠠᠢ᠃ ᠲᠤᠸᠠ ᠰᠤᠬᠤᠷ ᠤᠨ ᠲᠦᠷᠪᠡᠨ ᠬᠦᠪᠡᠭᠦᠨ ᠲᠤᠪᠤᠨ ᠮᠡᠷᠭᠡᠨ ᠠᠪᠠᠭ᠎ᠠ ᠪᠠᠨ ᠤᠷᠤᠭ ᠦᠯᠤ ᠪᠤᠯᠭᠠᠨ ᠲᠤᠷᠤᠮᠵᠢᠯᠠᠵᠤ ᠬᠠᠭᠠᠴᠠᠵᠤ ᠲᠦᠷᠪᠡᠳ ᠤᠪᠤᠭᠳᠠᠨ ᠪᠤᠯᠵᠠᠢ᠃ ᠪᠤᠳᠠᠨᠴᠢᠷ ᠤᠨ ᠬᠦᠪᠡᠭᠦᠨ ᠵᠠᠵᠢᠷᠠᠳᠠᠢ ᠵᠠᠳᠠᠷᠠᠨ ᠤᠪᠤᠭ ᠪᠤᠯᠵᠠᠢ᠃ ᠪᠤᠳᠠᠨᠴᠢᠷ ᠤᠨ ᠬᠦᠪᠡᠭᠦᠨ ᠪᠠᠭᠠᠷᠢᠳᠠᠢ ᠪᠠᠭᠠᠷᠢᠨ ᠤᠪᠤᠭᠳᠠᠨ ᠪᠤᠯᠵᠠᠢ᠃ ᠪᠠᠭᠠᠷᠢᠳᠠᠢ ᠶᠢᠨ ᠬᠦᠪᠡᠭᠦᠨ ᠴᠢᠳᠬᠤᠯ ᠪᠦᠬᠡ ᠮᠠᠨᠠᠨ ᠪᠠᠭᠠᠷᠢᠨ ᠪᠤᠯᠪᠠ᠃ ᠲᠤᠪᠤᠨ ᠮᠡᠷᠭᠡᠨ ᠤ ᠬᠦᠪᠡᠭᠦᠨ ᠪᠡᠯᠭᠦᠨᠤᠳᠠᠢ ᠪᠡᠯᠭᠦᠨᠤᠳ ᠤᠪᠤᠭᠳᠠᠨ ᠪᠤᠯᠪᠠ᠃ ᠪᠦᠬᠦᠨᠤᠳᠠᠢ ᠪᠦᠬᠦᠨᠤᠳ ᠤᠪᠤᠭᠳᠠᠨ ᠪᠤᠯᠪᠠ᠃ ᠪᠤᠭᠤ ᠬᠠᠳᠠᠬᠢ ᠬᠠᠳᠠᠬᠢᠨ ᠤᠪᠤᠭᠳᠠᠨ ᠪᠤᠯᠪᠠ᠃ ᠪᠤᠭᠤᠳᠤ ᠰᠠᠯᠵᠢ ᠰᠠᠯᠵᠢᠭᠤᠳ ᠤᠪᠤᠭᠳᠠᠨ ᠪᠤᠯᠪᠠ᠃ ᠪᠤᠳᠠᠨᠴᠢᠷ ᠪᠤᠷᠵᠢᠭᠢᠨ ᠤᠪᠤᠭᠳᠠᠨ ᠪᠤᠯᠪᠠ᠃ ᠪᠤᠳᠠᠨᠴᠢᠷ ᠤᠨ ᠬᠦᠪᠡᠭᠦᠨ ᠵᠡᠭᠦᠷᠢᠳᠠᠢ ᠵᠡᠭᠦᠷᠡᠶᠢᠳ ᠤᠪᠤᠭᠳᠠᠨ ᠪᠤᠯᠪᠠ᠃ ᠬᠠᠴᠢᠨ ᠤ ᠬᠦᠪᠡᠭᠦᠨ ᠨᠤᠶᠠᠬᠢᠳᠠᠢ ᠨᠤᠶᠠᠮᠰᠢᠭ ᠠᠪᠤᠷᠢᠳᠤ ᠲᠤᠯᠠ ᠨᠤᠶᠠᠬᠢᠨ ᠤᠪᠤᠭᠳᠠᠨ ᠪᠤᠯᠪᠠ᠃ ᠬᠠᠴᠢᠭᠤ ᠶᠢᠨ ᠬᠦᠪᠡᠭᠦᠨ ᠪᠠᠷᠤᠯᠠᠳᠠᠢ ᠪᠠᠷᠤᠯᠠᠰ ᠤᠪᠤᠭᠳᠠᠨ ᠪᠤᠯᠪᠠ᠃ ᠬᠠᠷᠠᠨᠳᠠᠢ ᠶᠢᠨ ᠬᠦᠪᠡᠭᠦᠨ ᠪᠤᠳᠠᠭᠠᠨ ᠬᠤᠳᠬᠤᠯᠠᠬᠤ ᠡᠬᠢ ᠲᠡᠷᠢᠭᠦᠤ ᠦᠭᠡᠬᠦᠨ ᠲᠤᠯᠠ ᠪᠤᠳᠠᠭᠠᠳ ᠤᠪᠤᠭᠳᠠᠨ ᠪᠤᠯᠪᠠ᠃ ᠬᠠᠴᠢᠭᠤᠨ ᠤ ᠬᠦᠪᠡᠭᠦᠨ ᠢᠳᠡᠷᠬᠢᠳᠢ ᠠᠬ᠎ᠠ ᠲᠡᠭᠦᠤ ᠵᠠᠭᠤᠷ᠎ᠠ ᠪᠠᠨ ᠠᠳᠠᠷᠠᠭᠴᠢ ᠲᠤᠯᠠ ᠠᠳᠠᠷᠬᠢᠨ ᠤᠪᠤᠭᠳᠠᠨ ᠪᠤᠯᠪᠠ᠃ ᠨᠠᠴᠢᠨ ᠪᠠᠭᠠᠳᠤᠷ ᠤᠨ ᠬᠦᠪᠡᠭᠦᠨ ᠤᠷᠤᠭᠤᠳᠠᠢ᠂ ᠮᠠᠩᠭᠤᠳᠠᠢ, ᠮᠠᠩᠭᠤᠤᠳ ᠤᠪᠤᠭᠳᠠᠨ ᠪᠤᠯᠪᠠ᠃ ᠴᠢᠷᠠᠬᠠᠢ ᠯᠢᠩᠬᠤ ᠶᠢᠨ ᠬᠦᠪᠡᠭᠦᠨ ᠰᠡᠩᠬᠦᠮ ᠪᠢᠯᠭᠡ᠂ ᠠᠮᠪᠠᠭᠠᠢ ᠲᠠᠨ ᠲᠠᠶᠢᠴᠢᠭᠤᠤᠳ ᠤᠪᠤᠭᠳᠠᠨ ᠪᠤᠯᠪᠠ᠃ ᠴᠢᠷᠠᠬᠠᠢ ᠯᠢᠩᠬᠤ ᠶᠢᠨ ᠪᠡᠷᠭᠡᠨ ᠡᠮ᠎ᠡ ᠠᠴᠠ ᠲᠦᠷᠦᠭᠰᠡᠨ ᠪᠠᠰᠤᠳᠠᠢ ᠪᠠᠰᠤᠳ ᠤᠪᠤᠭᠳᠠᠨ ᠪᠤᠯᠪᠠ᠃ ᠤᠬᠢᠨ ᠪᠠᠷᠬᠠᠭ ᠤᠨ ᠬᠦᠪᠡᠭᠦᠨ ᠬᠤᠳᠤᠭᠳᠤ ᠵᠦᠷᠭᠢ ᠪᠦᠯᠦᠭᠡ᠃ ᠬᠤᠳᠤᠭᠳᠤ ᠵᠦᠷᠭᠢ ᠶᠢᠨ ᠬᠦᠪᠡᠭᠦᠨ ᠰᠡᠴᠡᠨ ᠪᠠᠬᠢ᠂ ᠲᠠᠶᠢᠴᠤ ᠬᠤᠶᠠᠷ ᠪᠦᠯᠦᠭᠡ᠃ ᠵᠦᠷᠭᠢ ᠤᠪᠤᠭᠳᠠᠨ ᠲᠡᠳᠡ ᠪᠤᠯᠪᠠ ᠭᠡᠵᠦ ᠨᠢᠭᠤᠴᠠ ᠲᠤᠪᠴᠢᠶᠠᠨ ᠳᠤ ᠲᠡᠮᠳᠡᠭᠯᠡᠵᠤ ᠪᠠᠶᠢᠨ᠎ᠠ᠃ ᠮᠤᠩᠭᠤᠯ ᠤᠨ ᠤᠪᠤᠭ ᠡᠨᠡᠬᠡᠨ ᠢᠶᠠᠷ ᠵᠤᠭᠰᠤᠬᠤ ᠪᠢᠰᠢ᠃ ᠡᠭᠦᠨ ᠠᠴᠠ ᠭᠠᠳᠠᠨ᠎ᠠ ᠲᠠᠯᠠᠨ ᠰᠠᠭᠠᠳᠠᠭ᠂ ᠪᠦᠬᠡᠴᠢᠤᠳ ᠭᠡᠬᠦ ᠮᠡᠳᠦ ᠶᠢᠨ ᠤᠯᠠᠨ ᠤᠪᠤᠭ ᠪᠠᠶᠢᠳᠠᠭ᠃ ᠴᠤᠬᠤᠮ ᠬᠡᠳᠤᠢ ᠪᠠᠶᠢᠬᠤ ᠨᠢ ᠮᠦᠨ ᠴᠤ ᠬᠤᠵᠢᠮ ᠤᠨ ᠰᠤᠳᠤᠯᠬᠤ ᠶᠠᠪᠤᠳᠠᠯ ᠮᠦᠨ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号