ᠰᠦᠨᠢᠳ ᠤᠨ ᠬᠢᠯᠦᠬᠡᠳᠦᠢ ᠪᠠᠭᠠᠳᠦᠷ
ᠨᠡᠶᠢᠲᠡᠯᠡᠭᠰᠡᠨ ᠴᠠᠭ᠄
2018/3/30
    ᠰᠦᠨᠢᠳ ᠶᠠᠰᠤᠲᠠᠨ ᠪᠤᠯ ᠡᠷᠳᠡᠨ ᠤ ᠮᠤᠩᠭᠤᠯ ᠤᠪᠤᠭ ᠶᠠᠰᠤᠲᠠᠨ ᠤ ᠨᠢᠭᠡ ᠶᠤᠮ᠃ ᠲᠡᠮᠤᠵᠢᠨ ᠮᠤᠩᠭᠤᠯ ᠠᠶᠢᠮᠠᠭ ᠢ ᠨᠢᠭᠡᠳᠬᠡᠬᠦ ᠦᠶ᠎ᠡ ᠳᠤ ᠰᠦᠨᠢᠳ ᠠᠶᠢᠮᠠᠭ ᠴᠦ ᠮᠤᠩᠭᠤᠯ ᠬᠠᠭᠠᠨᠳᠦ ᠤᠯᠤᠰ ᠤᠨ ᠶᠡᠭᠡ ᠨᠢᠭᠡᠳᠦᠯ ᠳᠤ ᠪᠠᠭᠳᠠᠯᠴᠠᠨ᠂ ᠶᠡᠭᠡ ᠮᠤᠩᠭᠤᠯ ᠤᠯᠤᠰ ᠢ ᠪᠠᠶᠢᠭᠤᠯᠬᠤ ᠳᠤ ᠬᠦᠴᠦᠨ ᠡᠷᠭᠦᠭᠰᠡᠨ ᠠᠴᠠ 1206 ᠤᠨ ᠳᠤ ᠲᠠᠮᠤᠵᠢᠨ ᠶᠡᠭᠡ ᠬᠠᠭᠠᠨ ᠰᠠᠭᠤᠷᠢᠨ ᠳᠤ ᠰᠠᠭᠤᠭᠰᠠᠨ ᠤ ᠲᠠᠷᠠᠭ᠎ᠠ ︽ᠤᠯᠤᠰ ᠪᠠᠶᠢᠭᠤᠯᠬᠤ ᠳᠤ ᠵᠢᠳᠬᠦᠯ ᠦᠵᠡᠭᠦᠯᠦᠭᠰᠡᠨ ᠭᠠᠪᠢᠶᠠᠲᠦ ᠨᠦᠬᠦᠳ ᠢᠶᠠᠨ ᠮᠢᠩᠭ᠎ᠠ ᠮᠢᠩᠭᠠᠯᠠᠵᠦ ᠮᠢᠩᠭᠠᠨ ᠤ ᠨᠤᠶᠠᠨ ᠡᠷᠭᠦᠮᠵᠢᠯᠡᠬᠦ︾ ᠳᠡᠭᠡᠨ ᠰᠦᠨᠢᠳ ᠠᠶᠢᠮᠠᠭ ᠤᠨ ᠬᠢᠯᠦᠭᠡᠨ ᠪᠠᠭᠠᠳᠤᠷ ᠢ ᠲᠠᠪᠤᠳᠤᠭᠠᠷ ᠲᠤ ᠲᠤᠷᠠᠳᠤᠭᠰᠠᠨ ᠠᠵᠠᠢ᠃ ᠲᠤᠬᠠᠢ ᠶᠢᠨ ᠦᠶ᠎ᠡ ᠳᠤ ᠰᠦᠨᠢᠳ ᠠᠶᠢᠮᠠᠭ ᠬᠡᠨᠳᠡᠢ ᠠᠭᠤᠯᠠ ᠶᠢᠨ ᠦᠯᠬᠡ᠂ ᠤᠨᠤᠨ ᠭᠤᠤᠯ ᠤᠨ ᠬᠠᠪᠢ ᠪᠠᠷ ᠨᠤᠳᠤᠭᠯᠠᠨ᠂ ᠲᠦᠪ ᠤᠨ ᠲᠦᠮᠡᠨ ᠳᠤ ᠪᠠᠭᠳᠠᠵᠦ ᠪᠠᠶᠢᠵᠠᠢ᠃ ᠰᠦᠨᠢᠳ ᠠᠶᠢᠮᠠᠭ ᠤᠨ ᠠᠬᠠᠯᠠᠭᠴᠢ ᠬᠢᠯᠦᠭᠡᠨ ᠪᠠᠭᠠᠳᠤᠷ ᠤᠨ ᠲᠤᠬᠠᠢ ︽ᠴᠢᠩᠬᠢᠰ ᠤᠨ ᠶᠡᠭᠡ ᠦᠴᠢᠭ︾ ᠲᠤ᠄ ︽ᠬᠠᠰ ᠴᠢᠯᠠᠭᠤᠨ ᠮᠡᠳᠦ ᠶᠠᠰᠦᠲᠦ᠂ ᠬᠠᠷᠢᠯ ᠦᠭᠡᠢ ᠰᠠᠨᠠᠭᠠᠳᠤ᠂ ᠬᠠᠯᠳᠤᠷᠢᠯ ᠦᠭᠡᠢ ᠵᠤᠷᠢᠭᠲᠦ᠂ ᠬᠠᠷᠢᠲᠡᠨ ᠲᠠᠶᠢᠰᠦᠨ ᠯᠤᠭ᠎ᠠ ᠪᠠᠶᠢᠯᠳᠤᠬᠤ ᠳᠤ᠂ ᠬᠠᠳᠠᠭᠤᠵᠢᠨ ᠶᠠᠪᠤᠵᠦ ᠬᠦᠴᠦ ᠪᠠᠨ ᠦᠭᠭᠦᠭᠰᠡᠨ ᠰᠦᠪᠡᠭᠡᠲᠡᠢ ᠪᠠᠭᠠᠳᠤᠷ᠂ ᠰᠦᠨᠢᠳ ᠬᠢᠯᠦᠭᠡᠳᠦᠢ ᠪᠠᠭᠠᠳᠤᠷ᠂ ᠤᠤᠯᠢᠲᠠᠢ᠂ ᠴᠦᠯᠬᠡᠲᠡᠢ ᠪᠠᠭᠠᠳᠤᠷ᠂ ᠮᠠᠩᠭᠤᠲᠠᠢ ᠬᠤᠶᠢᠯᠳᠠᠷ ᠪᠠᠭᠠᠳᠤᠷ᠂ ᠬᠠᠷ᠎ᠠ ᠡᠷᠢᠶᠡᠨ ᠪᠠᠷᠰ ᠮᠡᠳᠦ ᠬᠠᠷᠢᠯ ᠦᠭᠡᠢ ᠲᠦᠷᠪᠡᠨ ᠪᠠᠭᠠᠳᠤᠷ ᠴᠢᠨᠢ ᠲᠡᠷᠡ ᠠᠵᠢᠶᠠᠮᠤ︾ ᠬᠡᠮᠡᠨ ᠲᠡᠮᠳᠡᠭᠯᠡᠵᠦ ᠪᠠᠶᠢᠳᠠᠭ᠃     ᠬᠢᠯᠦᠭᠡᠳᠦᠢ ᠪᠠᠰᠠ ᠴᠢᠩᠬᠢᠰ ᠤᠨ ᠬᠦᠪᠡᠭᠦᠨ ᠦᠭᠡᠲᠡᠢ ᠶᠢᠨ ᠭᠡᠷ ᠤᠨ ᠪᠠᠭᠰᠢ ᠪᠠᠶᠢᠵᠠᠢ᠃ ︽ᠠᠯᠳᠠᠨ ᠬᠦᠷᠳᠦᠨ ᠮᠢᠩᠭᠠᠨ ᠭᠡᠭᠡᠰᠦᠲᠦ︾ ᠭᠡᠬᠦ ᠪᠢᠴᠢᠭ ᠲᠤ᠄ ︽ᠤᠷᠢᠳᠦ ᠤᠷᠤᠭᠠᠳ ᠪᠤᠴᠠᠪᠠᠢ ᠮᠢᠨᠠᠭ ᠤᠯᠤᠰ᠂ ᠤᠷᠤᠭᠤᠯᠵᠦ ᠢᠷᠡᠶ᠎ᠡ ᠰᠢᠳᠤᠷᠭᠤ ᠬᠠᠭᠠᠨ ᠢ ᠤᠯᠠᠨ ᠴᠡᠷᠢᠭ ᠢ ᠪᠡᠯᠡᠳᠬᠡ ᠬᠢᠯᠦᠭᠡᠳᠦᠢ ᠴᠢ︾ ᠬᠡᠮᠡᠨ ᠴᠢᠩᠬᠢᠰ ᠵᠠᠷᠯᠢᠭ ᠪᠤᠯᠪᠠᠢ ᠬᠡᠵᠦ ᠲᠡᠮᠳᠡᠭᠯᠡᠵᠦ ᠪᠠᠶᠢᠬᠤ ᠠᠴᠠ ᠦᠵᠡᠬᠦ ᠳᠤ ᠲᠠᠩᠭᠤᠳ ᠢ ᠲᠠᠶᠢᠯᠠᠬᠤ ᠳᠤ ᠬᠢᠯᠦᠭᠡᠳᠦᠢ ᠪᠠᠭᠠᠳᠤᠷ ᠡᠵᠡᠨ ᠴᠢᠩᠬᠢᠰ ᠲᠠᠢ ᠬᠠᠮᠳᠤ ᠶᠠᠪᠤᠯᠴᠠᠭᠰᠠᠨ ᠠᠵᠠᠢ᠃ ᠲᠠᠩᠭᠤᠳ ᠢ ᠲᠠᠶᠢᠯᠠᠬᠤ ᠦᠶ᠎ᠡ ᠳᠤ ᠴᠢᠩᠬᠢᠰ ᠬᠠᠭᠠᠨ ᠡᠪᠡᠳᠴᠢᠯᠡᠵᠦ ᠠᠮᠢ ᠨᠠᠰᠤᠨ ᠤ ᠠᠶᠤᠯ ᠲᠠᠢ ᠪᠤᠯᠬᠤ ᠦᠶ᠎ᠡ ᠳᠤ᠂ ᠬᠢᠯᠦᠭᠡᠳᠦᠢ ᠪᠠᠭᠠᠳᠤᠷ ᠤᠯᠠᠨ ᠲᠦᠰᠢᠮᠡᠳ ᠤᠨ ᠡᠮᠦᠨ᠎ᠡ ᠠᠴᠠ ᠭᠠᠷᠴᠦ᠂ ᠬᠠᠭᠠᠨ ᠤ ᠲᠦᠷᠦᠯ ᠰᠠᠳᠤᠨ ᠪᠠ ᠤᠯᠤᠰ ᠦᠨᠳᠦᠰᠦᠲᠡᠨ ᠤ ᠬᠤᠶᠢᠰᠢᠲᠡ ᠶᠢᠨ ᠵᠠᠮ ᠮᠦᠷ  ᠤᠨ ᠲᠤᠬᠠᠢ ᠠᠯᠳᠠᠨ ᠰᠤᠷᠭᠠᠯ ᠰᠤᠶᠤᠷᠬᠠᠬᠤ ᠶᠢ ᠢᠷᠠᠭᠤ ᠤᠶᠠᠩᠭᠠᠯᠢᠭ ᠰᠢᠯᠦᠭ ᠢᠶᠠᠷ ᠬᠦᠰᠡᠵᠦ ᠠᠶᠢᠯᠠᠳᠬᠠᠵᠠᠢ᠃ ᠮᠤᠩᠭᠤᠯ ᠤᠨ ᠲᠡᠦᠬᠡ ᠲᠤᠯᠭᠤᠷ ᠪᠢᠴᠢᠭ ᠤᠳ ᠲᠤ ᠰᠦᠨᠢᠳ ᠤᠨ ᠭᠢᠯᠦᠭᠡᠳᠦᠢ ᠪᠠᠭᠠᠳᠤᠷ ᠤᠨ ᠴᠢᠩᠭᠢᠰ ᠬᠠᠭᠠᠨ ᠳᠤ ᠡᠷᠭᠦᠭᠰᠡᠨ ᠠᠶᠢᠯᠠᠳᠬᠠᠯ ᠰᠢᠯᠦᠭ᠂ ᠴᠢᠩᠬᠢᠰ ᠬᠠᠭᠠᠨ ᠤ ᠱᠠᠷᠢᠯ ᠢ ᠬᠦᠷᠭᠡᠵᠦ ᠶᠠᠪᠤᠬᠤ ᠦᠶ᠎ᠡ ᠳᠠᠬᠢ ᠮᠠᠭᠳᠠᠭᠠᠯ ᠰᠢᠯᠦᠭ᠂ ᠴᠢᠩᠬᠢᠰ ᠬᠠᠭᠠᠨ ᠤ ᠰᠦᠨᠡᠰᠦᠨ ᠳᠤ ᠠᠶᠢᠯᠠᠳᠬᠠᠭᠰᠠᠨ ᠰᠢᠯᠦᠭ ᠵᠡᠷᠭᠡ ᠢᠷᠠᠭᠤ ᠰᠠᠶᠢᠬᠠᠨ ᠰᠢᠯᠦᠭ ᠤᠳ ᠲᠡᠮᠳᠡᠭᠯᠡᠭᠳᠡᠵᠦ ᠪᠠᠶᠢᠬᠤ ᠠᠴᠠ ᠦᠵᠡᠪᠡᠯ ᠬᠢᠯᠦᠭᠡᠳᠦᠢ ᠪᠤᠯ ᠢᠷᠠᠭᠤ ᠨᠠᠶᠢᠷᠠᠭᠴᠢ᠂ ᠮᠠᠭᠳᠠᠭᠠᠯᠴᠢ᠂ ᠰᠢᠪᠰᠢᠭᠡᠴᠢ᠂ ᠲᠦᠯᠭᠡᠴᠢ᠂ ᠶᠡᠭᠡ ᠪᠠᠬᠢ ᠪᠠᠶᠢᠵᠡᠢ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号