ᠮᠠᠨ ᠤ ᠬᠤᠲᠠ ᠶᠢᠨ ᠨᠣᠭᠤᠭᠠᠷᠠᠭᠤᠯᠣᠯᠲᠠ ᠶᠢᠨ ᠠᠵᠢᠯ ᠪᠦᠬᠦ ᠳᠠᠯ᠎ᠠ ᠪᠠᠷ  ᠡᠬᠢᠯᠡᠪᠡ
ᠨᠡᠶᠢᠲᠡᠯᠡᠭᠰᠡᠨ ᠴᠠᠭ᠄
2018/4/11
      ︽ᠵᠢᠯ ᠤᠨ ᠠᠵᠢᠯ ᠬᠠᠪᠣᠷ ᠳᠠᠭᠠᠨ ᠪᠠᠶᠢᠳᠠᠭ︾  ᠂ ᠮᠣᠳᠦ ᠳᠠᠷᠢᠵᠦ ᠨᠣᠭᠤᠭᠠᠷᠠᠭᠤᠯᠬᠤ  ᠠᠵᠢᠯ ᠡᠬᠢᠯᠡᠬᠦ  ᠪᠣᠯᠣᠯ᠎ᠠ᠃ ᠣᠷᠴᠢᠮ ᠮᠠᠨ ᠤ ᠬᠤᠲᠠ ᠶᠢᠨ ᠭᠠᠷᠠᠮ ᠨᠡᠪᠳᠡᠷᠡᠬᠦᠯᠬᠦ ᠵᠠᠰᠠᠮᠠᠯ ᠵᠠᠮ᠂   ᠬᠤᠲᠠ ᠶᠢᠨ ᠡᠬᠦᠳᠠ᠂ ᠵᠢᠭᠤᠯᠴᠢᠳ ᠤᠨ ᠳᠦᠪ  ᠪᠣᠯᠣᠨ ᠪᠦᠬᠦ ᠬᠤᠲᠠ ᠶᠢᠨ ᠵᠡᠬᠡᠯᠢ ᠭᠤᠳᠣᠮᠵᠢ ᠶᠢ ᠨᠣᠭᠤᠭᠠᠷᠠᠭᠤᠯᠬᠤ᠂ ᠨᠦᠬᠦᠵᠦ ᠳᠠᠷᠢᠬᠤ  ᠠᠵᠢᠯ ᠪᠦᠬᠦ ᠳᠠᠯ᠎ᠠ ᠪᠠᠷ ᠡᠬᠢᠯᠡᠯ᠎ᠡ᠃       4 ᠰᠠᠷᠠᠶᠢᠨ 2 ᠤ ᠡᠳᠦᠷ᠂ ᠰᠣᠷᠪᠣᠯᠵᠢᠯᠠᠭᠴᠢ ᠪᠣᠭᠤᠮᠲᠠ ᠨᠡᠪᠳᠡᠷᠡᠬᠦ ᠵᠠᠰᠠᠮᠠᠯ ᠵᠠᠮ ᠪᠠ ᠬᠤᠲᠠ ᠶᠢᠨ ᠡᠬᠦᠲᠠ ᠶᠢᠨ ᠬᠤᠶᠠᠷ ᠳᠠᠯ᠎ᠠ ᠪᠠᠷ ᠶᠠᠭᠠᠷᠠᠯᠲᠠᠢ ᠪᠠᠷ ᠮᠣᠳᠣ ᠵᠠᠶᠢᠯᠠᠵᠦ ᠪᠠᠶᠢᠭ᠎ᠠ ᠬᠦᠮᠦᠰ ᠲᠠᠢ ᠳᠠᠭᠠᠷᠠᠯᠳᠣᠯ᠎ᠠ᠃ ᠬᠡᠳᠦᠶᠢᠪᠡᠷ ᠰᠠᠯᠬᠢ ᠶᠡᠭᠡ ᠲᠠᠢ᠂ ᠳᠡᠭᠷᠢ ᠵᠢᠭᠠᠬᠠᠨ ᠬᠦᠢᠳᠡᠨ ᠪᠠᠶᠢᠭᠰᠠᠨ ᠴᠦ ᠮᠣᠳᠦ ᠵᠠᠶᠢᠯᠠᠭᠴᠢ ᠶᠢᠨ ᠨᠣᠭᠤᠭᠠᠷᠠᠭᠤᠯᠣᠯᠲᠠ ᠶᠢᠨ ᠢᠳᠡᠪᠬᠢᠵᠢᠯ  ᠣᠷᠬᠢᠯᠣᠮ᠎ᠠ  ᠪᠠᠶᠢᠯ᠎ᠠ᠃ ᠮᠣᠳᠦ ᠵᠠᠶᠢᠯᠠᠭᠴᠢᠳ ᠪᠦᠷ ᠦᠪᠡᠷ ᠦᠪᠡᠷ ᠤᠨ ᠬᠤᠪᠢᠳᠠᠭᠰᠠᠨ ᠠᠵᠢᠯ ᠲᠠᠢ ᠪᠠᠶᠢᠵᠦ᠂ ᠳᠣᠯᠣᠭᠠᠢ ᠦᠨᠳᠡᠶᠢᠯ ᠦᠭᠡᠢ  ᠰᠢᠮᠳᠠᠨ ᠠᠵᠢᠯᠯᠠᠨ᠎ᠠ᠃ ᠨᠦᠬᠡ ᠮᠠᠯᠳᠠᠬᠤ ᠮᠠᠰᠢᠨ ᠢᠶᠠᠷ ᠮᠣᠳᠣᠨ ᠤ ᠨᠦᠭᠡ ᠶᠢ ᠣᠬᠤᠭᠰᠠᠨ ᠤ ᠳᠠᠷᠠᠭ᠎ᠠ᠂ ᠰᠠᠶ᠋ᠢᠬᠠᠨ  ᠳᠡᠭᠡᠭᠡᠵᠦ ᠠᠪᠴᠢᠷᠠᠭᠰᠠᠨ ᠨᠢᠯᠬ᠎ᠠ ᠮᠣᠳᠦ ᠶᠢ ᠰᠠᠭᠤᠯᠭᠠᠨ᠎ᠠ᠂ ᠳᠠᠷᠠᠭ᠎ᠠ ᠨᠢ ︽ ᠴᠡᠴᠡᠷᠯᠢᠭᠲᠦ ᠨᠣᠭᠤᠭᠠᠷᠠᠭᠤᠯᠣᠯᠳᠠ︾ ᠬᠡᠰᠡᠨ ᠳᠣᠮᠦ ᠦᠰᠦᠭ ᠲᠠᠢ ᠣᠰᠣᠯᠠᠬᠤ ᠮᠠᠰᠢᠨ ᠢᠶᠠᠷ ᠣᠰᠣᠯᠠᠨ᠎ᠠ᠃ ᠨᠣᠭᠤᠭᠠᠷᠠᠭᠤᠯᠣᠯᠲᠠ ᠶᠢᠨ ᠠᠵᠢᠯ ᠡᠮᠬᠢ ᠴᠡᠭᠴᠡ ᠲᠠᠢ᠂ ᠪᠣᠯᠪᠠᠰᠣᠷᠠᠩᠭᠤᠢ  ᠂ ᠳᠠᠪᠳᠠᠯᠲᠠ ᠲᠠᠢ ᠪᠠᠷ ᠮᠠᠰᠢ ᠳᠦᠷᠬᠡᠨ᠂ ᠣᠷᠣᠭᠰᠢᠲᠠᠢ ᠶᠠᠪᠣᠭᠳᠠᠨ᠎ᠠ᠃      ᠬᠤᠲᠠ ᠶᠢᠨ ᠨᠣᠭᠤᠭᠠᠷᠠᠭᠤᠯᠣᠯᠳᠠ ᠶᠢᠨ ᠬᠠᠮᠢᠶᠠᠷᠦᠯᠲᠠ ᠶᠢᠨ ᠳᠣᠪᠴᠢᠶ᠎ᠠ ᠶᠢᠨ ᠳᠡᠳ᠋ ᠳᠣᠪᠴᠢᠶᠠᠨ ᠳᠠᠷᠤᠭ᠎ᠠ  ᠾᠧ ᠵᠠᠩᠰᠠᠷᠠᠢ  ᠄ ︽  ᠪᠢᠳᠡᠨ ᠤ ᠡᠨᠡ ᠵᠢᠯ ᠤᠨ ᠨᠣᠭᠤᠭᠠᠷᠠᠭᠤᠯᠣᠯᠳᠠ  ᠂ ᠱᠠᠭᠠᠷᠳᠠᠯᠭ᠎ᠠ  ᠶᠣᠰᠣᠭᠠᠷ ᠠᠳᠠᠯᠢ ᠪᠣᠰᠦ ᠶᠢᠨ ᠵᠠᠮ ᠱᠣᠭᠤᠮ ᠳᠡᠭᠡᠷ᠎ᠡ ᠠᠳᠠᠯᠢ ᠪᠣᠰᠦ ᠶᠢᠨ ᠴᠢᠬᠢ ᠮᠣᠳᠦ ᠶᠢ ᠵᠠᠶᠢᠯᠠᠨ᠎ᠠ᠃  ᠭᠠᠷᠠᠮ  ᠨᠠᠪᠳᠡᠷᠡᠬᠦᠯᠬᠦ ᠵᠠᠰᠠᠮᠠᠯ ᠵᠠᠮ ᠤᠨ ᠬᠤᠶᠠᠷ ᠳᠠᠯ᠎ᠠ ᠪᠠᠷ ᠬᠠᠶᠢᠯᠠᠰᠣᠨ ᠮᠣᠳᠣ᠂ ᠵᠢᠭᠳᠡ᠂ ᠰᠣᠬᠠᠢ ᠵᠡᠷᠭᠡ  ᠭᠠᠩ ᠳᠤ  ᠳᠡᠰᠪᠣᠷᠢᠲᠠᠢ ᠣᠷᠭᠤᠮᠠᠯ ᠢ ᠳᠠᠷᠢᠵᠦ᠂  ᠰᠠᠯᠬᠢ ᠶᠢ  ᠬᠠᠯᠬᠠᠯᠠᠵᠦ ᠡᠯᠡᠰᠦ ᠶᠢ ᠳᠣᠭᠳᠠᠪᠣᠷᠢᠵᠢᠭᠤᠯᠬᠤ  ᠦᠢᠯᠡᠳᠦᠯ ᠢ ᠨᠢ ᠪᠠᠳᠠᠷᠠᠭᠤᠯᠣᠨ᠎ᠠ  ︔ ᠬᠤᠲᠠ ᠶᠢᠨ ᠡᠬᠦᠲᠠ  ᠪᠠ ᠵᠢᠭᠤᠯᠴᠢᠳ  ᠤᠨ ᠳᠦᠪ ᠲᠤ ᠨᠠᠷᠠᠰᠦ᠂ ᠰᠢᠬᠢᠷ ᠴᠠᠭᠠᠨ ᠪᠣᠯᠣᠨ ᠪᠣᠲᠠ ᠮᠣᠳᠦ ᠪᠠᠷ ᠭᠤᠣᠯ  ᠪᠣᠯᠭᠠᠵᠦ᠂ ᠣᠷᠴᠢᠨ ᠳᠣᠭᠤᠷᠢᠨ ᠤ ᠦᠵᠡᠮᠵᠢ ᠲᠠᠢ ᠨᠢ  ᠵᠣᠬᠢᠴᠠᠯᠳᠠᠭᠤᠯᠣᠨ ᠨᠣᠭᠤᠭᠠᠷᠠᠭᠤᠯᠵᠦ  ᠭᠤᠶᠣᠯᠠᠬᠤ ᠶᠢᠨ ᠬᠠᠮᠲᠦ᠂ ᠦᠷᠬᠡᠨ ᠣᠯᠠᠨ ᠬᠤᠲᠠ ᠶᠢᠨ ᠢᠷᠭᠡᠳ ᠪᠠ ᠵᠢᠭᠤᠯᠴᠢᠳ ᠲᠤ ᠡᠪᠯᠢᠭ ᠳᠣᠬᠢᠲᠠᠢ ᠰᠣᠯᠠ ᠰᠡᠯᠡᠬᠦᠴᠡᠬᠦ ᠳᠠᠯᠠᠪᠣᠷ ᠢ ᠪᠣᠢ ᠪᠣᠯᠭᠠᠨ᠎ᠠ︾  ᠬᠡᠪᠡ᠃      ᠣᠶᠢᠯᠠᠭᠠᠭᠰᠠᠨ ᠢᠶᠠᠷ᠂ 4 ᠰᠠᠷ᠎ᠠ ᠶᠢᠨ 2 ᠤ ᠡᠳᠦᠷ ᠪᠣᠯᠳᠠᠯ᠎ᠠ ᠭᠠᠷᠠᠮ ᠨᠡᠪᠳᠡᠷᠡᠬᠦᠯᠬᠦ ᠵᠠᠰᠠᠮᠠᠯ ᠵᠠᠮ ᠤᠨ ᠬᠤᠶᠠᠷ ᠳᠠᠯ᠎ᠠ ᠪᠠᠷ ᠳᠣᠷᠤᠭ ᠮᠣᠳᠦ 11814 ᠰᠠᠭᠤᠷᠢ  ︔ ᠵᠢᠭᠳᠡ᠂ ᠰᠢᠬᠢᠷ ᠴᠠᠭᠠᠨ᠂ ᠰᠣᠬᠠᠢ ᠵᠡᠷᠭᠡ ᠣᠷᠭᠤᠮᠠᠯ ᠢ 278548 ᠨᠦᠬᠡ᠂ ᠨᠣᠭᠤᠭᠠᠨ ᠰᠢᠪᠡᠭᠡ 5211 ᠳᠡᠭᠰᠢ ᠳᠦᠷᠪᠡᠯᠵᠢᠨ ᠮᠧᠲᠷ  ᠵᠠᠶᠢᠯᠠᠵᠠᠢ᠃ ᠬᠤᠲᠠ ᠶᠢᠨ ᠡᠬᠦᠲᠠ ᠶᠢᠨ ᠣᠷᠴᠢᠮ ᠢᠶᠠᠷ ᠡᠯ᠎ᠡ ᠳᠦᠷᠦᠯ ᠤᠨ ᠣᠷᠭᠤᠮᠠᠯ ᠢ 1847 ᠨᠦᠬᠡ ᠵᠠᠶᠢᠯᠠᠵᠦ᠂ ᠬᠤᠲᠠ ᠶᠢᠨ ᠳᠣᠭᠤᠷᠢᠭ ᠤᠨ ᠴᠠᠢ ᠶᠢᠨ ᠵᠠᠮ ᠶᠡᠭᠡ ᠵᠡᠭᠡᠯᠢ᠂ ᠰᠢᠨ᠎ᠡ ᠰᠦᠨᠢᠳ ᠵᠡᠬᠡᠯᠢ᠂ ᠬᠡᠨᠲᠠᠢ ᠵᠡᠬᠡᠯᠢ ᠵᠡᠷᠭᠡ ᠵᠡᠬᠡᠯᠢ  ᠭᠤᠳᠣᠮᠵᠢ ᠳᠤ ᠨᠠᠶᠢᠲᠡ 278548 ᠨᠦᠬᠡ ᠵᠠᠶᠢᠯᠠᠪᠠ᠃ ᠪᠦᠬᠦ ᠬᠤᠲᠠ ᠶᠢᠨ ᠨᠣᠭᠤᠭᠠᠷᠠᠭᠤᠯᠣᠯᠲᠠ ᠶᠢᠨ ᠠᠵᠢᠯ 4 ᠰᠠᠷ᠎ᠠ ᠶᠢᠨ ᠰᠡᠬᠦᠯᠴᠢ  ᠪᠠᠷ ᠳᠠᠭᠤᠰᠬᠤ ᠪᠣᠯᠣᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号