ᠮᠤᠩᠭᠤᠯ ᠬᠡᠯᠡ ᠤᠳᠬ᠎ᠠ ᠵᠤᠬᠢᠶᠠᠯ ᠤᠨ ᠮᠦᠩᠬᠡ ᠶᠢᠨ ᠨᠢᠭᠡᠨ ᠬᠦᠰᠢᠶ᠎ᠡ
ᠨᠡᠶᠢᠲᠡᠯᠡᠭᠰᠡᠨ ᠴᠠᠭ᠄
2018/4/18
ᠮᠤᠩᠭᠤᠯ ᠬᠡᠯᠡ ᠤᠳᠬ᠎ᠠ ᠵᠤᠬᠢᠶᠠᠯ ᠤᠨ ᠮᠦᠩᠬᠡ ᠶᠢᠨ ᠨᠢᠭᠡᠨ ᠬᠦᠰᠢᠶ᠎ᠡ — ᠡᠷᠳᠡᠮᠳᠠᠨ ᠡᠷᠳᠡᠨᠢᠳᠤᠬᠳᠠᠬᠤ ᠶᠢᠨ ᠮᠡᠨᠳᠦᠯᠡᠭᠰᠡᠨ 100 ᠵᠢᠯ ᠤᠨ ᠤᠢ ᠶᠢ ᠲᠤᠷᠠᠰᠬᠠᠨ ᠲᠡᠮᠳᠡᠭᠯᠡᠬᠦ ᠲᠠᠰᠢᠷᠠᠮ ᠳᠤᠲᠡᠬᠦᠰ᠄ ᠲᠤᠮᠳᠠᠳᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠠᠯᠳᠠᠷᠳᠤ ᠡᠷᠳᠡᠮᠳᠡᠨ◎ ᠢᠨᠵᠠᠨᠨᠠᠰᠢ ᠰᠤᠳᠤᠯᠤᠯ ᠤᠨ ᠰᠠᠭᠤᠷᠢᠯᠠᠭᠴᠢ◎ ᠮᠤᠩᠭᠤᠯ ᠦᠨᠳᠦᠰᠦᠳᠡᠨ ᠤ ᠤᠳᠬ᠎ᠠ ᠵᠤᠬᠢᠶᠠᠯ ᠤᠨ ᠲᠡᠦᠬᠡ ᠰᠤᠳᠤᠯᠤᠯ ᠤᠨ ᠰᠠᠭᠤᠷᠢᠯᠠᠭᠴᠢ      ᠶᠡᠭᠡ ᠪᠠᠭᠰᠢᠳᠠᠨ ᠡᠷᠳᠡᠨᠢᠳᠤᠬᠳᠠᠬᠤ ᠮᠤᠩᠭᠤᠯ ᠬᠡᠯᠡ ᠪᠢᠴᠢᠭ ᠤᠨ ᠠᠵᠢᠯ ᠤᠨ ᠤᠳᠤᠷᠢᠳᠬᠤ  ᠪᠠᠶᠢᠷᠢᠨ᠎ᠠ ᠤᠳᠠᠭᠠᠨ ᠵᠢᠯ ᠠᠵᠢᠯᠯᠠᠬᠰᠠᠨ᠂ ᠮᠠᠨ ᠤ ᠤᠯᠤᠰ ᠤᠨ ᠮᠤᠩᠭᠤᠯ  ᠬᠡᠯᠡ ᠪᠢᠴᠢᠭ ᠤᠨ ᠠᠵᠢᠯ ᠤᠨ  ᠭᠠᠷᠮᠠᠭᠠᠢ ᠤᠳᠤᠷᠢᠳᠤᠬᠴᠢ ᠶᠢᠨ ᠨᠢᠬᠡ ᠪᠦᠬᠡᠳ ᠲᠤᠮᠳᠠᠳᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠠᠯᠳᠠᠷᠳᠤ ᠡᠷᠳᠡᠮᠳᠡᠨ ᠶᠤᠮ᠃ ᠡᠩ ᠲᠠᠷᠢᠬᠦᠨ ᠳᠤ ᠲᠡᠷᠡ ᠪᠤᠯ ᠤᠯᠤᠰ ᠤᠨ ᠲᠤᠳᠤᠭᠠᠳᠤ ᠭᠠᠳᠠᠭᠠᠳᠤ ᠳᠤ ᠢᠨᠵᠠᠨᠨᠠᠰᠢ ᠰᠤᠳᠤᠯᠤᠯ ᠤᠨ ᠰᠠᠭᠤᠷᠢ ᠶᠢ ᠲᠠᠯᠪᠢᠬᠰᠠᠨ ᠬᠦᠮᠦᠨ᠃ 1956 ᠤᠨ᠂  1957  ᠤᠨ᠂ 1981 ᠤᠨ᠂ 1982 ᠤᠨ᠂ 1986 ᠤᠨ ᠳᠤ ᠲᠡᠷᠡ ᠪᠠᠷ ᠰᠤᠳᠦᠪᠢᠯᠢᠭ ᠨᠦᠬᠦᠷ ᠲᠠᠢ ᠬᠠᠮᠳᠤ ᠢᠨᠵᠠᠨᠨᠠᠰᠢ ᠶᠢᠨ ᠨᠤᠳᠤᠭ ᠲᠤ 5 ᠤᠳᠠᠭ᠎ᠠ ᠬᠦᠷᠴᠤ᠂ ᠪᠠᠶᠢᠴᠠᠭᠠᠨ ᠰᠤᠳᠤᠯᠤᠯᠳᠠ ᠬᠢᠵᠤ᠂ ᠢᠨᠵᠠᠨᠨᠠᠰᠢ ᠶᠢᠨ ᠨᠢᠬᠡ  ᠨᠠᠰᠤᠨ ᠤ ᠦᠢᠯᠡ ᠶᠠᠪᠤᠳᠠᠯ ᠵᠢᠴᠢ ᠲᠡᠬᠦᠨ ᠤ ᠬᠡᠷ ᠤᠨ ᠲᠡᠦᠬᠡ ᠪᠤᠯᠤᠨ ᠵᠤᠬᠢᠶᠠᠯ ᠪᠦᠳᠦᠬᠡᠯ ᠤᠨ  ᠬᠢᠨᠢ ᠲᠤᠬᠠᠢ ᠶᠡᠭᠡ  ᠬᠡᠮᠵᠢᠶᠠᠨ ᠤ ᠦᠨ᠎ᠠ  ᠦᠷᠳᠡᠭ ᠲᠠᠢ ᠮᠠᠲ᠋ᠧᠷᠢᠶᠠᠯ ᠤᠳ ᠢ ᠴᠤᠬᠯᠠᠭᠤᠯᠵᠤ ᠤᠯᠵᠠᠢ᠃ ᠲᠡᠳᠡ ᠨᠡᠷ ᠤᠨ ᠴᠢᠷᠮᠠᠶᠢᠯᠭ᠎ᠠ ᠪᠠᠷ᠂ ᠢᠨᠵᠠᠨᠨᠠᠰᠢ ᠶᠢᠨ ︽ᠨᠢᠬᠡᠨ ᠲᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾᠂ ︽ᠤᠯᠠᠭᠠᠨ ᠡᠬᠦᠯᠡᠨ ᠤ ᠨᠢᠯᠪᠤᠰᠤ︾᠂ ︽ᠶᠡᠭᠡ  ᠶᠤᠸᠠᠨ ᠤᠯᠤᠰ ᠤᠨ ᠮᠠᠨᠳᠤᠬᠰᠠᠨ  ᠬᠦᠬᠡ  ᠰᠤᠳᠤᠷ︾᠂  ︽ᠬᠦᠬᠡ ᠰᠤᠳᠤᠷ ᠤᠨ ᠨᠦᠬᠦᠪᠦᠷᠢ ᠲᠡᠪᠳᠡᠷ︾ ᠪᠠ ᠢᠨᠵᠠᠨᠨᠠᠰᠢ ᠶᠢᠨ ᠠᠬ᠎ᠠ  ᠬᠦᠯᠠᠷᠠᠨᠰᠠ᠂  ᠬᠦᠩᠨᠠᠴᠤᠺᠠ᠂  ᠰᠦᠩᠸᠠᠶᠢᠳᠠᠨᠵᠤᠩ ᠵᠡᠷᠬᠡ ᠨᠡᠷᠡᠳᠤ ᠬᠦᠮᠦᠰ ᠤᠨ ᠵᠤᠬᠢᠶᠠᠯ ᠪᠦᠳᠦᠬᠡᠯ ᠤᠳ ᠬᠤᠶᠢᠨ᠎ᠠ ᠬᠤᠶᠢᠨ᠎ᠠ ᠠᠴᠠ ᠪᠠᠨ ᠬᠡᠪᠯᠡᠭᠳᠡᠵᠤ᠂ ᠤᠯᠠᠨ ᠨᠠᠶᠢᠳᠠ ᠶᠢᠨ  ᠬᠦᠷᠳᠡᠬᠡᠯ ᠪᠤᠯᠤᠬᠰᠠᠨ ᠶᠤᠮ᠃ ᠡᠷᠳᠡᠨᠢᠳᠤᠬᠳᠠᠬᠤ ᠨᠦᠬᠦᠷ ︽ᠢᠨᠵᠠᠨᠨᠠᠰᠢ︾᠂ ︽ᠬᠦᠯᠡᠷᠡᠨᠰᠠ᠂  ᠳ᠋ᠠᠨᠽᠠᠨᠸᠠᠩᠵᠢᠯ᠂  ᠬᠡᠰᠢᠭᠪᠡᠳᠤ︾᠂  ︽ᠤᠷᠴᠢᠨ ᠦᠶ᠎ᠠ ᠶᠢᠨ ᠮᠤᠩᠭᠤᠯ ᠤᠨ ᠠᠯᠳᠠᠷᠳᠤ ᠤᠷᠠᠨ ᠵᠤᠬᠢᠶᠠᠯᠴᠢᠳ︾᠂ ︽ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ᠤᠨ ᠪᠢᠴᠢᠭ ᠮᠠᠲᠧᠷᠢᠶᠠᠯ ᠤᠨ ᠡᠮᠬᠢᠳᠬᠡᠯ ︾᠂ ︽ᠡᠷᠳᠡᠨᠢᠳᠤᠬᠳᠠᠬᠤ ᠶᠢᠨ ᠵᠤᠬᠢᠶᠠᠯ ᠤᠨ ᠲᠡᠬᠦᠪᠦᠷᠢ︾ ᠵᠡᠷᠬᠡ ᠶᠢ ᠬᠤᠶᠢᠨ᠎ᠠ ᠬᠤᠶᠢᠨ᠎ᠠ ᠠᠴᠠ ᠨᠢ ᠬᠡᠪᠯᠡᠬᠦᠯᠦᠭᠰᠡᠨ ᠶᠤᠮ᠃ ᠡᠳᠡᠭᠡᠷ ᠰᠤᠳᠤᠯᠭᠠᠨ ᠤ ᠪᠦᠳᠦᠬᠡᠯ ᠤᠳ ᠤᠨ ᠬᠡᠪᠯᠡᠭᠳᠡᠭᠰᠡᠨ ᠨᠢ ᠢᠨᠵᠠᠨᠨᠠᠰᠢ ᠰᠤᠳᠤᠯᠤᠯ ᠤᠨ ᠨᠢᠬᠡᠨ  ᠲᠤᠰᠬᠠᠢ ᠡᠷᠳᠡᠮ ᠰᠢᠨᠵᠢᠯᠡᠭᠡᠨ ᠤ ᠰᠠᠯᠠᠭ᠎ᠠ ᠶᠢᠨ ᠪᠦᠷᠢᠯᠳᠦᠬᠦ ᠳᠤ ᠬᠦᠢᠴᠡᠳ ᠮᠠᠲ᠋ᠧᠷᠢᠶᠠᠯ ᠬᠠᠩᠭᠠᠬᠰᠠᠨ ᠢᠶᠠᠷ ᠪᠠᠷᠠᠬᠤ ᠦᠬᠡᠢ ᠲᠤᠰ ᠡᠷᠳᠡᠮ ᠰᠢᠨᠵᠢᠯᠡᠬᠡᠨ ᠤ ᠰᠠᠯᠠᠭᠠᠨ ᠤ ᠬᠦᠭᠵᠢᠯᠳᠠ ᠳᠤ ᠪᠠᠳᠤ ᠰᠠᠭᠤᠷᠢ ᠶᠢ ᠲᠠᠯᠪᠢᠵᠤ ᠦᠭᠴᠡᠢ᠃       ᠡᠷᠳᠡᠨᠢᠳᠤᠬᠳᠠᠬᠤ ᠨᠦᠬᠦᠷ ᠪᠤᠯ ᠤᠯᠤᠰ ᠤᠨ ᠲᠤᠳᠤᠭᠠᠳᠤ ᠶᠢᠨ ᠮᠤᠩᠭᠤᠯ ᠦᠨᠳᠦᠰᠦᠳᠡᠨ ᠤ ᠤᠳᠬ᠎ᠠ ᠵᠤᠬᠢᠶᠠᠯ ᠤᠨ ᠲᠡᠦᠬᠡ ᠰᠤᠳᠤᠯᠤᠯ ᠤᠨ ᠰᠠᠭᠤᠷᠢᠯᠠᠬᠴᠢ ᠡᠷᠳᠡᠮᠳᠡᠨ ᠶᠤᠮ᠃ 1957 ᠤᠨ ᠳᠤ ᠲᠡᠷᠡ ᠦᠪᠦᠷ ᠮᠤᠩᠭᠤᠯ ᠤᠨ ᠬᠡᠯᠡ ᠪᠢᠴᠢᠭ ᠲᠡᠦᠬᠡ ᠤᠳᠬ᠎ᠠ ᠵᠤᠬᠢᠶᠠᠯ ᠰᠤᠳᠤᠯᠬᠤ  ᠭᠠᠵᠠᠷ ᠤᠨ  ᠲᠠᠷᠤᠭ᠎ᠠ ᠶᠢ ᠬᠠᠷᠢᠭᠤᠴᠠᠵᠤ  ᠪᠠᠶᠢᠬᠰᠨᠨ  ᠬᠤᠭᠤᠴᠠᠭᠠᠨ ᠳᠠᠭᠠᠨ ᠮᠤᠩᠭᠤᠯ  ᠤᠳᠬ᠎ᠠ  ᠵᠤᠬᠢᠶᠠᠯ ᠰᠤᠳᠤᠯᠤᠬᠴᠢᠳ ᠢ  ᠵᠤᠬᠢᠶᠠᠨ  ᠪᠠᠶᠢᠭᠤᠯᠵᠤ᠂  ︽ᠮᠤᠩᠭᠤᠯ  ᠦᠨᠳᠦᠰᠦᠳᠡᠨ ᠤ  ᠤᠳᠬ᠎ᠠ  ᠵᠤᠬᠢᠶᠠᠯ ᠤᠨ ᠲᠤᠪᠴᠢ ᠲᠡᠦᠬᠡ︾᠎ ᠶᠢ ᠨᠠᠶᠢᠷᠠᠭᠤᠯᠵᠤ ᠪᠢᠴᠢᠪᠡ᠃ ᠡᠨᠡᠬᠦ ᠲᠡᠦᠬᠡ ᠶᠢ ᠨᠠᠶᠢᠷᠠᠭᠤᠯᠬᠤ ᠶᠢᠨ ᠲᠦᠯᠦᠬᠡ ᠲᠡᠷᠡ ᠲᠤᠰᠬᠠᠢ ᠮᠡᠷᠬᠡᠵᠢᠯᠳᠠᠳ ᠢ ᠵᠤᠬᠢᠶᠠᠨ ᠪᠠᠶᠢᠭᠤᠯᠵᠤ᠂ ᠪᠦᠬᠦ ᠤᠯᠤᠰ ᠤᠨ ᠡᠯ᠎ᠡ ᠭᠠᠵᠠᠷ ᠠᠴᠠ ᠮᠤᠩᠭᠤᠯ ᠤᠷᠠᠨ ᠵᠤᠬᠢᠶᠠᠯ ᠤᠨ ᠮᠠᠲ᠋ᠧᠷᠢᠶᠠᠯ ᠢ  ᠶᠡᠭᠡ  ᠬᠡᠮᠵᠢᠶ᠎ᠠ ᠪᠠᠷ  ᠴᠤᠭᠯᠠᠭᠤᠯᠵᠤ ᠠᠪᠴᠠᠢ ︵ᠰᠡᠬᠦᠯᠡᠷ ᠨᠢ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ  ᠬᠦᠷᠢᠶᠡᠯᠡᠩ ᠠᠴᠠ  ᠡᠳᠡᠬᠡᠷ ᠮᠠᠲ᠋ᠧᠷᠢᠶᠠᠯ ᠢ 9 ᠲᠡᠪᠳᠡᠷ ᠪᠤᠯᠭᠠᠨ ᠡᠮᠬᠢᠳᠬᠡᠨ ᠨᠠᠶᠢᠷᠠᠭᠤᠯᠵᠤ ᠲᠤᠳᠤᠭᠠᠳᠤ ᠳᠠᠭᠠᠨ ᠬᠡᠪᠯᠡᠨ  ᠲᠡᠷᠬᠠᠭᠠᠵᠠᠢ︶᠃  ᠡᠷᠳᠡᠨᠢᠳᠤᠬᠳᠠᠬᠤ ᠶᠢᠨ ᠲᠠᠭᠠᠭᠤᠯᠭ᠎ᠠ  ᠲᠤᠤᠷ᠎ᠠ᠂ ︽ᠮᠤᠩᠭᠤᠯ ᠦᠨᠳᠦᠰᠦᠳᠡᠨ ᠤ ᠤᠳᠬ᠎ᠠ ᠵᠤᠬᠢᠶᠠᠯ ᠤᠨ ᠲᠤᠪᠴᠢ ᠲᠡᠦᠬᠡ︾ ᠬᠡᠬᠦ ᠨᠤᠮ ᠢ  ᠨᠠᠶᠢᠷᠠᠭᠤᠯᠤᠭᠠᠳ  1960  ᠤᠨ ᠤ  3 ᠰᠠᠷ᠎ᠠ ᠳᠤ ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠠᠯᠠᠩ ᠤᠨ ᠦᠪᠦᠷ ᠮᠤᠩᠭᠤᠯ ᠤᠨ ᠬᠤᠪᠢᠶᠠᠷᠢ ᠬᠦᠷᠢᠶᠡᠯᠡᠩ ᠤᠨ ᠬᠡᠯᠡ ᠤᠳᠬ᠎ᠠ  ᠵᠤᠬᠢᠶᠠᠯ  ᠰᠤᠳᠤᠯᠬᠤ  ᠭᠠᠵᠠᠷ ᠤᠨ ᠨᠠᠷ᠎ᠠ ᠪᠠᠷ  ᠲᠤᠳᠤᠭᠠᠳᠤ ᠳᠠᠭᠠᠨ  ᠬᠡᠪᠯᠡᠨ  ᠲᠡᠷᠬᠠᠭᠠᠪᠠ᠃ ᠡᠨᠡ ᠨᠢ ᠤᠯᠤᠰ ᠤᠨ ᠲᠤᠳᠤᠭᠠᠳᠤ ᠳᠤ ᠬᠡᠪᠯᠡᠭᠰᠡᠨ ᠬᠠᠮᠤᠭ ᠤᠨ ᠠᠩᠬᠨ ᠤ ᠮᠤᠩᠭᠤᠯ ᠦᠨᠳᠦᠰᠦᠳᠡᠨ ᠤ ᠤᠷᠠᠨ ᠵᠤᠬᠢᠶᠠᠯ ᠤᠨ ᠲᠡᠦᠬᠡ ᠪᠤᠯᠤᠬᠰᠠᠨ  ᠪᠦᠬᠡᠳ ᠬᠤᠵᠢᠮ ᠤᠨ ᠮᠤᠩᠭᠤᠯ ᠦᠨᠳᠦᠰᠦᠳᠡᠨ ᠤ ᠤᠳᠬ᠎ᠠ ᠵᠤᠬᠢᠶᠠᠯ ᠤᠨ ᠲᠡᠦᠬᠡ ᠶᠢᠨ ᠰᠤᠳᠤᠯᠤᠯ ᠳᠤ ᠰᠠᠭᠤᠷᠢ ᠶᠢ  ᠲᠠᠯᠪᠢᠵᠤ  ᠦᠭᠬᠦᠭᠰᠡᠨ ᠪᠠᠶᠢᠨ᠎ᠠ᠃    ᠴ᠊ · ᠬᠡᠰᠢᠭᠳᠦᠬᠳᠠᠬᠤ᠄ ᠮᠤᠩᠭᠤᠯ ᠬᠡᠯᠡ ᠪᠢᠴᠢᠭ ᠤᠨ ᠠᠵᠢᠯ ᠤᠨ ᠭᠠᠷᠮᠠᠭᠠᠢ ᠤᠳᠤᠷᠢᠳᠤᠬᠴᠢ◎ ᠲᠡᠬᠦᠨ ᠤ ᠪᠢᠴᠢᠭᠰᠡᠨ ︽ᠮᠤᠩᠭᠤᠯ ᠦᠰᠦᠭ ᠤᠨ ᠰᠢᠨ᠎ᠠ ᠲᠤᠯᠢ︾᠎ ᠨᠢ 20 ᠳ᠋ᠤᠭᠠᠷ ᠵᠠᠭᠤᠨ ᠤ  ᠲᠦᠷᠦᠬᠦᠦ ᠬᠠᠭᠠᠰ ᠦᠶ᠎ᠠ ᠶᠢᠨ ᠮᠤᠩᠭᠤᠯ ᠬᠡᠯᠡ ᠪᠢᠴᠢᠭ ᠰᠤᠳᠤᠯᠭᠠᠨ ᠤ ᠬᠠᠮᠤᠭ ᠤᠨ ᠲᠦᠯᠦᠬᠡᠯᠡᠬᠦ ᠪᠦᠳᠦᠬᠡᠯ ᠪᠤᠯᠵᠠᠢ     ᠡᠷᠳᠡᠨᠢᠳᠤᠬᠳᠠᠬᠤ ᠶᠢᠨ ᠨᠢᠬᠡ ᠨᠠᠰᠤᠨ ᠤ ᠠᠵᠢᠯ ᠦᠢᠯᠡᠰ ᠤᠨ ᠭᠠᠪᠢᠶ᠎ᠠ ᠵᠢᠳᠬᠦᠯ ᠪᠠ  ᠠᠮᠵᠢᠯᠳᠠ ᠪᠦᠳᠦᠮᠵᠢ ᠶᠢᠨ ᠲᠤᠬᠠᠢ ᠰᠤᠳᠤᠯᠭᠠᠳᠠᠳ ᠤᠨ ᠦᠵᠠᠯᠳᠠ ᠨᠦᠭᠦᠳ ᠢ᠂  ᠲᠤᠮᠳᠠᠳᠤ  ᠤᠯᠤᠰ ᠤᠨ ᠮᠤᠩᠭᠤᠯ  ᠬᠡᠯᠡ  ᠪᠢᠴᠢᠭ ᠤᠨ ᠠᠵᠢᠯ ᠢ ᠵᠦᠪ  ᠵᠠᠮ ᠢᠶᠠᠷ ᠬᠦᠳᠦᠯᠦᠭᠰᠡᠨ ᠤᠳᠤᠷᠢᠳᠤᠬᠴᠢ᠂  ᠲᠤᠮᠳᠠᠳᠤ  ᠤᠯᠤᠰ ᠤᠨ ᠮᠤᠩᠭᠤᠯ ᠬᠡᠯᠡ ᠰᠢᠨᠵᠢᠯᠡᠯ ᠤᠨ ᠰᠠᠭᠤᠷᠢᠯᠠᠬᠴᠢ᠂  ᠮᠤᠩᠭᠤᠯ ᠦᠨᠳᠦᠰᠦᠳᠡᠨ ᠤ ᠤᠷᠴᠢᠨ ᠦᠶ᠎ᠠ ᠶᠢᠨ ᠠᠯᠳᠠᠷᠳᠤ ᠤᠳᠬ᠎ᠠ  ᠵᠤᠬᠢᠶᠠᠯᠴᠢ᠂  ᠮᠤᠩᠭᠤᠯ  ᠦᠨᠳᠦᠰᠦᠳᠡᠨ ᠤ  ᠤᠷᠴᠢᠨ ᠦᠶ᠎ᠠ ᠶᠢᠨ ᠠᠬᠠᠮᠠᠳ ᠵᠤᠬᠢᠶᠠᠯᠴᠢ ᠪᠦᠬᠡᠳ ᠤᠷᠴᠢᠭᠤᠯᠤᠬᠴᠢ᠂ ᠬᠦᠮᠦᠰ ᠤᠨ ᠰᠡᠳᠬᠢᠯ ᠳᠤ ᠬᠦᠷᠠᠯ  ᠬᠦᠰᠢᠶ᠎ᠠ ᠪᠠᠨ ᠪᠤᠰᠬᠠᠬᠰᠠᠨ ᠡᠷᠳᠡᠮᠳᠡᠨ ᠬᠡᠬᠦ ᠲᠠᠪᠤᠨ ᠲᠠᠯ᠎ᠠ ᠪᠠᠷ ᠬᠤᠷᠢᠶᠠᠩᠭᠤᠢᠢᠯᠠᠵᠤ ᠪᠤᠯᠬᠤ ᠶᠤᠮ᠃ ᠬᠡᠬᠦ ᠳᠡᠭᠡᠨ ᠮᠢᠨᠦ ᠦᠵᠡᠬᠦ ᠪᠠᠷ ᠡᠳᠡᠬᠡᠷ ᠤᠨ  ᠲᠤᠳᠤᠷ᠎ᠠ  ᠬᠠᠮᠤᠭ  ᠭᠤᠤᠯ ᠨᠢ ᠬᠠᠰᠢᠯᠠ ᠲᠤᠮᠳᠠᠳᠤ ᠤᠯᠤᠰ ᠤᠨ ᠮᠤᠩᠭᠤᠯ ᠬᠡᠯᠡ ᠪᠢᠴᠢᠭ ᠤᠨ ᠠᠵᠢᠯ ᠢ ᠵᠦᠪ  ᠵᠠᠮ ᠢᠶᠠᠷ  ᠬᠦᠳᠦᠯᠦᠭᠰᠡᠨ  ᠠᠵᠢᠯ  ᠦᠢᠯᠡᠰ ᠪᠤᠯᠬᠤ ᠶᠤᠮ᠃      ᠡᠷᠳᠡᠨᠢᠳᠤᠬᠳᠠᠬᠤ ᠶᠢᠨ ᠨᠢᠬᠡ ᠨᠠᠰᠤᠨ ᠤ ᠦᠢᠯᠡᠰ ᠲᠡᠮᠡᠴᠡᠯ ᠨᠢ ᠮᠤᠩᠭᠤᠯ ᠬᠡᠯᠡ ᠪᠢᠴᠢᠭ ᠯᠦᠭᠡ  ᠰᠠᠯᠤᠰᠢ ᠦᠬᠡᠢ  ᠶᠤᠮ᠃ ᠡᠷᠳᠡᠨᠢᠳᠤᠬᠳᠠᠬᠤ ᠭᠤᠸᠠᠢ ᠮᠤᠩᠭᠤᠯ ᠬᠡᠯᠡ ᠪᠢᠴᠢᠭ ᠤᠨ ᠠᠵᠢᠯ ᠢ ᠠᠳᠬᠤᠵᠤ ᠶᠠᠪᠤᠬᠤ ᠳᠠᠭᠠᠨ ᠦᠷᠬᠦᠯᠵᠢ᠂ ︽ᠦᠨᠳᠦᠰᠦᠨ ᠬᠠᠦᠯᠢ︾ ᠪᠤᠯᠤᠨ ︽ᠦᠨᠳᠦᠰᠦᠳᠡᠨ ᠤ ᠤᠷᠤᠨ ᠤ ᠦᠪᠡᠷᠳᠡᠬᠡᠨ ᠵᠠᠰᠬᠠᠤ ᠬᠠᠦᠯᠢ︾᠎ ᠳᠤ ︽ᠮᠠᠨ ᠤ ᠤᠯᠤᠰ ᠤᠨ ᠦᠨᠳᠦᠰᠦᠳᠡᠨ ᠨᠦᠭᠦᠳ ‍ᠦᠬᠡ ᠬᠡᠯᠡ ᠦᠰᠦᠭ ᠪᠢᠴᠢᠭ ᠢᠶᠠᠨ ᠬᠡᠷᠡᠭᠯᠡᠨ ᠬᠦᠭᠵᠢᠬᠦᠯᠬᠦ ᠡᠷᠬᠡ ᠴᠢᠯᠦᠬᠡ ᠲᠠᠢ︾ ᠬᠡᠵᠤ ᠬᠠᠦᠯᠢ ᠪᠠᠷ ᠪᠠᠳᠤᠯᠠᠬᠰᠨᠨ ᠶᠠᠪᠤᠳᠠᠯ ᠢ ᠴᠢᠬᠤᠯᠠᠴᠢᠯᠠᠨ ᠶᠠᠷᠢᠳᠠᠭ ᠪᠦᠬᠡᠳ ︽ᠲᠡᠬᠡᠪᠡᠯ᠂ ᠦᠨᠳᠦᠰᠦᠳᠡᠨ ᠤ ᠦᠬᠡ ᠬᠡᠯᠡ ᠶᠢ ᠶᠠᠭᠠᠬᠢᠪᠠᠯ ᠬᠦᠭᠵᠢᠯ᠎ᠠ ᠬᠡᠵᠤ ᠦᠵᠡᠬᠦ ᠪᠤᠢ ᠬᠡᠪᠡᠯ᠂ ᠰᠤᠷᠬᠤ ᠬᠦᠮᠦᠰ ᠤᠯᠠᠰᠢᠷᠠᠵᠤ᠂ ᠬᠡᠷᠡᠭᠯᠡᠬᠦ ᠬᠡᠪᠴᠢᠶ᠎ᠠ ᠦᠷᠭᠡᠵᠢᠵᠤ᠂  ᠡᠷᠳᠡᠮ  ᠰᠢᠨᠵᠢᠯᠡᠬᠡᠨ ᠤ  ᠲᠦᠪᠰᠢᠨ ᠲᠡᠬᠡᠭᠰᠢᠯᠡᠵᠤ᠂ ᠦᠬᠡᠰ ᠤᠨ ᠰᠠᠩ ᠤᠯᠠᠮ ᠪᠠᠶᠠᠯᠢᠬᠵᠢᠵᠤ᠂ ᠢᠯᠡᠳᠬᠡᠬᠦ ᠴᠢᠳᠡᠪᠦᠷᠢ ᠢᠯᠡᠳᠳᠡ ᠲᠡᠬᠡᠭᠰᠢᠯᠡᠵᠤ᠂ ᠰᠢᠨ᠎ᠠ ᠴᠠᠭ ᠡᠷᠡᠨ ᠤ ᠨᠡᠶᠢᠬᠡᠮ ᠤᠨ ᠪᠠ ᠪᠠᠶᠢᠭᠠᠯᠢ ᠶᠢᠨ ᠰᠢᠨᠵᠢᠯᠡᠬᠦ ᠤᠬᠠᠭᠠᠨ ᠢ ᠪᠦᠷᠢᠨ ᠢᠯᠡᠳᠬᠡᠵᠤ ᠴᠢᠳᠠᠬᠤ ᠤᠳᠬ᠎ᠠ ᠵᠤᠬᠢᠶᠠᠯ ᠤᠨ ᠬᠡᠯᠡ ᠲᠠᠢ ᠪᠤᠯᠬᠤ︾ ᠬᠡᠵᠤ ᠪᠤᠳᠠᠳᠠᠢ  ᠪᠠᠷᠢᠮᠵᠢᠶ᠎ᠠ ᠲᠤᠬᠳᠠᠭᠠᠬᠰᠠᠨ ᠪᠦᠬᠡᠳ ᠡᠨᠡᠬᠦ ᠪᠠᠷᠢᠮᠵᠢᠶ᠎ᠠ ᠪᠠᠷ ᠢᠶᠠᠨ ᠮᠤᠩᠭᠤᠯ ᠬᠡᠯᠡ ᠪᠠ ᠦᠰᠦᠭ ᠪᠢᠴᠢᠭ ᠢᠶᠠᠨ ᠬᠦᠭᠵᠢᠬᠦᠯᠬᠦ ᠶᠢᠨ  ᠲᠦᠯᠦᠬᠡ ᠨᠠᠰᠤᠨ ᠲᠤᠷᠰᠢᠳᠠ ᠴᠦᠬᠦᠷᠡᠯ ᠦᠬᠡᠢ ᠵᠢᠳᠬᠦᠵᠤ ᠶᠠᠪᠤᠬᠰᠠᠨ ᠪᠢᠯᠠ᠃  ᠲᠡᠷᠠ ᠪᠠᠷ  ᠤᠷᠳᠤ  ᠬᠤᠭᠤᠴᠠᠭ᠎ᠠ  ᠮᠤᠩᠭᠤᠯ  ᠬᠡᠯᠡ  ᠪᠢᠴᠢᠭ ᠤᠨ  ᠠᠵᠢᠯ ᠤᠨ ᠤᠳᠤᠷᠢᠳᠬᠤ ᠪᠠᠶᠢᠷᠢᠨ ᠳᠤ ᠪᠠᠶᠢᠬᠰᠨᠨ ᠪᠤᠯᠪᠠᠴᠤ ᠮᠤᠩᠭᠤᠯ ᠬᠡᠯᠡ ᠪᠢᠴᠢᠭ ᠤᠨ ᠠᠵᠢᠯ ᠢ ᠪᠡᠶ᠎ᠠ ᠪᠠᠷ ᠢᠶᠠᠨ  ᠰᠤᠳᠤᠯᠵᠤ  ᠨᠢᠬᠳᠠᠯᠠᠬᠰᠠᠨ ᠪᠦᠬᠡᠳ ᠤᠯᠠᠨ ᠲᠠᠯ᠎ᠠ ᠶᠢᠨ ᠪᠤᠳᠠᠳᠠᠢ ᠠᠵᠢᠯ  ᠬᠢᠭᠰᠡᠨ  ᠶᠤᠮ᠃  ᠢᠯᠠᠩᠭᠤᠶ᠎ᠠ᠂  ᠦᠪᠦᠷ  ᠮᠤᠩᠭᠤᠯ ᠤᠨ ᠠᠷᠠᠳ ᠤᠨ  ᠬᠡᠪᠯᠡᠯ ᠤᠨ ᠬᠤᠷᠢᠶ᠎ᠠ᠂ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂  ᠦᠪᠦᠷ  ᠮᠤᠩᠭᠤᠯ ᠤᠨ ᠡᠳᠦᠷ ᠤᠨ  ᠰᠤᠨᠢᠨ ᠤ ᠬᠤᠷᠢᠶ᠎ᠠ ᠶᠢᠨ ᠮᠤᠩᠭᠤᠯ ᠬᠡᠪᠯᠡᠯ ᠢ ᠡᠬᠦᠰᠬᠡᠨ ᠪᠠᠶᠢᠭᠤᠯᠬᠤ ᠵᠡᠷᠬᠡ ᠲᠠᠯ᠎ᠠ ᠪᠠᠷ ᠦᠪᠡᠷ ᠤᠨ ᠬᠤᠪᠢ ᠨᠠᠮᠠᠷᠢ ᠪᠠᠨ ᠦᠵᠡᠬᠦᠯᠦᠭᠰᠡᠨ ᠵᠢᠴᠢ ᠮᠤᠩᠭᠤᠯ ᠬᠡᠯᠡ ᠪᠢᠴᠢᠭ ᠤᠨ ᠠᠵᠢᠯ ᠤᠨ ᠲᠤᠰᠬᠠᠢ ᠮᠡᠷᠬᠡᠵᠢᠯᠳᠠᠨ ᠢ ᠬᠦᠮᠦᠵᠢᠬᠦᠯᠬᠦ ‍ᠦᠪᠦᠷ ᠮᠤᠩᠭᠤᠯ ᠤᠨ ᠬᠡᠯᠡ ᠪᠢᠴᠢᠭ ᠤᠨ ᠠᠵᠢᠯ ᠤᠨ ᠲᠤᠰᠬᠠᠢ ᠮᠡᠷᠬᠡᠵᠢᠯ ᠤᠨ ᠰᠤᠷᠭᠠᠭᠤᠯᠢ ᠶᠢ ᠪᠠᠶᠢᠭᠤᠯᠬᠤ ᠲᠠᠯ᠎ᠠ ᠪᠠᠷ ᠨᠢᠬᠡᠯᠡ  ᠦᠵᠦᠬᠦᠷᠳᠤ  ᠰᠡᠳᠬᠢᠯ ᠢ  ᠪᠠᠷᠢᠵᠤ  ᠨᠠᠰᠤᠨ ᠲᠤᠷᠰᠢᠳᠠ ᠵᠢᠳᠬᠦᠭᠰᠡᠨ ᠢ ᠨᠢ ᠲᠤᠷᠠᠰᠬᠠᠨ ᠲᠡᠮᠳᠡᠭᠯᠡᠬᠦ ᠴᠢᠬᠤᠯᠠᠳᠠᠢ᠃ᠰ᠊ · ᠤᠷᠤᠰᠬᠠᠯ᠄ ᠤᠳᠬ᠎ᠠ ᠵᠤᠬᠢᠶᠠᠯ ᠤᠨ ᠲᠡᠦᠬᠡ ᠶᠢᠨ ᠤᠨᠤᠯ ᠪᠠ ᠦᠢᠯᠡᠳᠦᠯᠬᠡ ᠶᠢᠨ ᠭᠤᠷᠪᠠᠨ ᠶᠡᠭᠡ ᠬᠤᠪᠢ ᠨᠡᠮᠡᠷᠢ◎ ᠮᠠᠨ ᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠲᠡᠦᠬᠡ ᠪᠢᠴᠢᠯᠬᠡ ᠶᠢ  ᠤᠳᠤᠷᠢᠳᠤᠨ  ᠵᠤᠬᠢᠶᠠᠨ ᠪᠠᠶᠢᠭᠤᠯᠵᠤ ᠠᠩᠬ᠎ᠠ ᠬᠡᠪᠯᠡᠬᠦᠯᠦᠭᠰᠡᠨ◎ ᠮᠤᠩᠭᠤᠯ ᠤᠳᠬ᠎ᠠ ᠵᠤᠬᠢᠶᠠᠯ ᠤᠨ ᠦᠶᠡᠴᠢᠯᠡᠭᠰᠡᠨ ᠲᠡᠦᠬᠡ ᠪᠢᠴᠢᠯᠬᠡ ᠶᠢᠨ ᠰᠢᠨ᠎ᠠ ᠦᠶ᠎ᠠ ᠶᠢ ᠨᠡᠬᠡᠬᠡᠭᠰᠡᠨ◎ ᠮᠤᠩᠭᠤᠯ ᠤᠳᠬ᠎ᠠ ᠵᠤᠬᠢᠶᠠᠯ ᠤᠨ ᠲᠡᠦᠬᠡ ᠶᠢᠨ ᠲᠤᠬᠠᠢ ᠤᠨᠤᠯ ᠤᠨ ᠰᠢᠰᠲ᠋ᠧᠮ ᠲᠠᠢ ᠰᠤᠳᠤᠯᠭᠠᠨ ᠢ ᠡᠬᠢᠯᠡᠬᠦᠯᠦᠭᠰᠡᠨ     ᠠᠬᠠᠮᠠᠳ ᠰᠢᠯᠦᠭᠴᠢ ᠪᠦᠬᠡᠳ ᠡᠷᠳᠡᠮᠳᠡᠨ ᠨᠠ᠊ · ᠰᠠᠶᠢᠰᠢᠶᠠᠯᠳᠤ ᠫᠷᠤᠹᠧᠰᠰᠤᠷ ᠠᠴᠠ ᠡᠷᠳᠡᠨᠢᠳᠤᠭᠳᠠᠬᠤ ᠭᠤᠸᠠᠢ ᠶᠢᠨ ᠤᠷᠠᠨ ᠪᠦᠳᠦᠬᠡᠯ᠂ ᠢᠨᠵᠠᠨᠨᠠᠰᠢ ᠰᠤᠳᠤᠯᠤᠯ᠂ ᠵᠤᠬᠢᠶᠠᠯᠴᠢ ᠰᠤᠳᠤᠯᠤᠯ᠂ ᠡᠷᠳᠡᠨ ᠤ ᠤᠷᠠᠨ ᠵᠤᠬᠢᠶᠠᠯ ᠪᠠ ᠠᠮᠠᠨ ᠵᠤᠬᠢᠶᠠᠯ ᠰᠤᠳᠤᠯᠤᠯ᠂ ᠤᠳᠬ᠎ᠠ ᠵᠤᠬᠢᠶᠠᠯ ᠤᠨ ᠲᠡᠦᠬᠡ ᠪᠢᠴᠢᠯᠬᠡ ᠵᠡᠷᠬᠡ ᠲᠠᠯ᠎ᠠ ᠪᠠᠷ ᠲᠡᠷᠡ ᠪᠤᠯ ᠮᠤᠩᠭᠤᠯ ᠦᠨᠳᠦᠰᠦᠳᠡᠨ ᠤ ᠰᠤᠶᠤᠯ ᠤᠨ ᠲᠤᠮᠤ ᠵᠢᠳᠬᠦᠯᠳᠡᠨ ᠪᠤᠯᠬᠤ ᠶᠢ ᠪᠦᠷᠢᠳᠬᠡᠨ ᠦᠬᠦᠯᠡᠭᠰᠡᠨ ᠪᠠᠶᠢᠨ᠎ᠠ᠃ ᠬᠦᠮᠦᠰ ᠦᠩᠬᠡᠷᠡᠭᠰᠡᠨ ᠳ᠋ᠤ᠋ ᠡᠷᠳᠡᠨᠢᠳᠤᠬᠳᠠᠬᠤ ᠶᠢᠨ  ᠠᠮᠵᠢᠯᠳᠠ  ᠪᠦᠳᠦᠮᠵᠢ ᠶᠢ ᠠᠳᠠᠯᠢ ᠪᠤᠰᠤ ᠲᠠᠯ᠎ᠠ ᠠᠴᠠ ᠠᠩᠬᠠᠷᠤᠨ ᠦᠨᠡᠯᠡᠵᠤ ᠢᠷᠡᠭᠰᠡᠨ ᠪᠤᠯᠪᠠᠴᠤ ᠲᠡᠬᠦᠨ ᠤ ᠤᠳᠬ᠎ᠠ ᠵᠤᠬᠢᠶᠠᠯ ᠤᠨ ᠲᠡᠦᠬᠡ ᠶᠢᠨ ᠤᠨᠤᠯ ᠪᠠ ᠦᠢᠯᠡᠳᠦᠯᠬᠡ ᠶᠢᠨ ᠬᠤᠪᠢ ᠳᠤ ᠲᠠᠮᠠᠢ ᠨᠠᠷᠢᠨ ᠠᠩᠬᠠᠷᠴᠤ ᠠᠮᠵᠢᠭᠠᠳᠤᠢ ᠪᠠᠶᠢᠵᠠᠢ᠃ ᠲᠡᠬᠦᠨ ᠤ ᠤᠳᠬ᠎ᠠ ᠵᠤᠬᠢᠶᠠᠯ ᠤᠨ ᠲᠡᠦᠬᠡ ᠶᠢᠨ ᠲᠤᠬᠠᠢ  ᠦᠵᠡᠯᠳᠠ ᠨᠢ ᠲᠤᠤᠷᠠᠬᠢ ᠬᠡᠳᠦᠨ ᠲᠠᠯ᠎ᠠ ᠳᠤ ᠬᠤᠯᠪᠤᠬᠳᠠᠨ᠎ᠠ᠃ᠨᠢᠬᠡ᠂ ᠮᠤᠩᠭᠤᠯ ᠤᠳᠬ᠎ᠠ ᠵᠤᠬᠢᠶᠠᠯ ᠤᠨ ᠦᠢᠯᠡᠳᠦᠯᠬᠡ ᠶᠢᠨ ᠬᠤᠪᠢ ᠳᠤ᠂ ᠪᠤᠳᠠᠳᠠᠢ ᠰᠤᠳᠤᠯᠭᠠᠨ ᠤ ᠪᠦᠳᠦᠬᠡᠯ ᠢᠶᠠᠷ ᠢᠶᠠᠨ ᠪᠤᠳᠠᠳᠠᠢ ᠬᠡᠪ ᠵᠢᠱᠢᠶ᠎ᠠ ᠦᠯᠡᠳᠡᠭᠡᠭᠰᠡᠨ ᠪᠠᠶᠢᠨ᠎ᠠ᠃ ᠨᠠ᠊ · ᠰᠠᠶᠢᠰᠢᠶᠠᠯᠳᠤ ᠫᠷᠤᠹᠧᠰᠰᠤᠷ ᠠᠴᠠ ︽ᠡᠷᠳᠡᠨᠢᠳᠤᠬᠳᠠᠬᠤ ᠨᠦᠬᠦᠷ ᠪᠤᠯ ᠮᠠᠨ ᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠲᠡᠦᠬᠡ ᠪᠢᠴᠢᠯᠬᠡ ᠶᠢ ᠤᠳᠤᠷᠢᠳᠤᠨ ᠵᠤᠬᠢᠶᠠᠨ  ᠪᠠᠶᠢᠭᠤᠯᠵᠤ  ᠠᠩᠬ᠎ᠠ ᠬᠡᠪᠯᠡᠬᠦᠯᠦᠭᠰᠡᠨ ᠬᠦᠮᠦᠨ ᠪᠠᠶᠢᠭ᠎ᠠ︾ ᠬᠡᠵᠤ ᠦᠨᠡᠯᠡᠭᠰᠡᠨ ᠨᠢ ᠲᠤᠩ ᠵᠦᠢᠳᠠᠢ ᠶᠤᠮ᠃ ᠦᠪᠦᠷ  ᠮᠤᠩᠭᠤᠯ ᠤᠨ  ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ  ᠨᠠᠶᠢᠷᠠᠭᠤᠯᠤᠨ  ᠬᠡᠪᠯᠡᠬᠦᠯᠦᠭᠰᠡᠨ  ︽ᠮᠤᠩᠭᠤᠯ  ᠦᠨᠳᠦᠰᠦᠳᠡᠨ ᠤ  ᠤᠳᠬ᠎ᠠ  ᠵᠤᠬᠢᠶᠠᠯ ᠤᠨ  ᠲᠤᠪᠴᠢ  ᠲᠡᠦᠬᠡ︾ ︵1981︶᠎ ᠶᠢᠨ ᠤᠷᠤᠰᠢᠯ ᠳᠤ ᠤᠤᠯ ᠨᠤᠮ ᠤᠨ ᠠᠩᠬ᠎ᠠ ᠡᠬᠡ ᠶᠢ ᠨᠠᠶᠢᠷᠠᠭᠤᠯᠤᠨ ᠪᠢᠴᠢᠬᠦ ᠳᠤ᠂  ᠡᠷᠳᠡᠨᠢᠳᠤᠬᠳᠠᠬᠤ  ᠤᠷᠤᠯᠴᠠᠬᠰᠨᠨ ᠪᠦᠬᠡᠳ ᠵᠤᠬᠢᠶᠠᠨ ᠪᠠᠶᠢᠭᠤᠯᠵᠤ ᠤᠳᠤᠷᠢᠳᠬᠤ ᠠᠵᠢᠯ ᠢ ᠬᠠᠪᠰᠤᠷᠭᠠᠨ ᠬᠠᠷᠢᠭᠤᠴᠠᠪᠠ ᠬᠡᠵᠤ ᠲᠤᠪᠴᠢ ᠲᠤᠳᠤᠷᠬᠠᠢᠢᠯᠠᠬᠰᠠᠨ ᠪᠠᠶᠢᠨ᠎ᠠ᠃ ᠲᠡᠶᠢᠮᠦ ᠮᠦᠷᠳᠡᠬᠡᠨ 1958 ᠤᠨ ᠠᠴᠠ 1964 ᠤᠨ ᠪᠤᠯᠳᠠᠯ᠎ᠠ ᠬᠠᠷᠢᠭᠤᠴᠠᠨ ᠠᠵᠢᠯᠯᠠᠵᠤ᠂  ᠤᠭ ᠨᠤᠮ ᠢ ᠨᠢᠬᠡᠨᠳᠠ ᠨᠡᠯᠢᠶᠡᠳ ᠴᠢᠨᠠᠷᠵᠢᠭᠤᠯᠤᠨ ᠪᠤᠯᠪᠠᠰᠤᠷᠠᠭᠤᠯᠵᠤ᠂ ᠬᠡᠪᠯᠡᠯ ᠳᠤ  ᠰᠢᠯᠵᠢᠬᠦᠯᠬᠦ ᠪᠠᠷ  ᠪᠡᠯᠡᠬᠡᠨ  ᠪᠤᠯᠤᠬᠰᠠᠨ  ᠪᠠᠶᠢᠪᠠ᠃ ᠡᠨᠡ ᠨᠤᠮ ᠨᠢ ᠬᠡᠪᠯᠡᠭᠳᠡᠵᠤ ᠴᠢᠳᠠᠬᠰᠨᠨ ᠦᠬᠡᠢ ᠪᠤᠯᠪᠠᠴᠤ ᠲᠠᠷᠤᠮᠠᠯ ᠨᠤᠤᠷᠠᠭ ᠨᠢ ᠤᠳᠤ ᠦᠪᠦᠷ ᠮᠤᠩᠭᠤᠯ ᠤᠨ  ᠨᠤᠮ ᠤᠨ  ᠰᠠᠩ ᠳᠤ  ᠬᠠᠳᠠᠭᠠᠯᠠᠬᠳᠠᠵᠤ  ᠪᠤᠢ᠃ ᠪᠠᠰᠠ ᠨᠢᠬᠡ ᠨᠡᠯᠢᠶᠠᠳ ᠪᠦᠷᠢᠨ ᠲᠠᠷᠤᠮᠠᠯ ᠨᠤᠤᠷᠠᠭ ᠨᠢ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ  ᠤᠬᠠᠭᠠᠨ ᠤ ᠬᠦᠷᠢᠶᠡᠯᠡᠩ ᠪᠠ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠬᠠᠳᠠᠭᠠᠯᠠᠭᠳᠠᠵᠤ ᠪᠤᠢ᠃ ᠡᠶᠢᠮᠦ ᠠᠴᠠ᠂ ᠡᠨᠡᠬᠦ ᠦᠪᠡᠷᠮᠢᠴᠡ ᠨᠦᠯᠦᠬᠡ ᠪᠦᠬᠦᠢ ᠮᠤᠩᠭᠤᠯ ᠤᠳᠬ᠎ᠠ  ᠵᠤᠬᠢᠶᠠᠯ ᠤᠨ  ᠲᠡᠦᠬᠡ  ᠮᠡᠨᠳᠤᠯᠡᠬᠦ ᠳᠤ  ᠡᠷᠳᠡᠨᠢᠳᠤᠬᠳᠠᠬᠤ  ᠠᠪᠤᠭᠠᠢ  ᠴᠢᠬᠤᠯᠠ  ᠵᠢᠳᠬᠦᠯ  ᠦᠵᠡᠬᠦᠯᠦᠭᠰᠡᠨ  ᠪᠠᠶᠢᠨ᠎ᠠ᠃ ᠦᠬᠡᠷ᠎ᠡ ᠪᠠᠷ ᠬᠡᠯᠡᠪᠡᠯ᠂ ᠠᠯᠢ ᠡᠷᠳᠡ ᠲᠡᠭᠡᠷ᠎ᠡ ᠵᠠᠭᠤᠨ ᠤ ᠵᠢᠷᠠᠭᠠᠳ ᠤᠨ ᠤ ᠦᠶ᠎ᠠ ᠳᠤ᠂ ᠲᠡᠷᠡ ᠨᠢᠬᠡᠨᠳᠡ ᠮᠤᠩᠭᠤᠯ ᠤᠳᠬ᠎ᠠ ᠵᠤᠬᠢᠶᠠᠯ ᠵᠢᠴᠢ ᠤᠳᠬ᠎ᠠ ᠵᠤᠬᠢᠶᠠᠯ ᠤᠨ ᠲᠡᠦᠬᠡ ᠶᠢᠨ ᠲᠤᠬᠠᠢ ᠨᠡᠯᠢᠶᠠᠳ ᠰᠢᠰᠲᠧᠮ ᠲᠠᠢ  ᠲᠠᠨᠢᠯᠳᠠ ᠲᠠᠢ  ᠪᠤᠯᠵᠤ  ᠪᠠᠶᠢᠬᠰᠠᠨ ᠬᠡᠳᠡᠭ ᠢ ᠮᠡᠳᠡᠵᠤ ᠪᠤᠯᠤᠨ᠎ᠠ᠃ᠬᠤᠶᠠᠷ᠂ ᠤᠳᠬ᠎ᠠ ᠵᠤᠬᠢᠶᠠᠯ ᠤᠨ ᠲᠡᠦᠬᠡ ᠶᠢᠨ ᠰᠤᠳᠤᠯᠭᠠᠨ ᠳᠤ ᠵᠤᠬᠢᠶᠠᠯᠴᠢ ᠶᠢᠨ ᠰᠤᠳᠤᠯᠭᠠᠨ ᠢᠶᠠᠷ ᠭᠤᠤᠯᠳᠠᠯᠭ᠎ᠠ ᠪᠤᠯᠭᠠᠬᠤ ᠵᠠᠷᠴᠢᠮ ᠢ ᠲᠤᠤᠱᠯᠠᠭᠤᠯᠪᠠ᠃ ᠡᠬᠦᠨ ᠳᠤ ᠭᠤᠤᠯᠳᠠᠭᠤ ᠲᠡᠬᠦᠨ ᠤ ᠨᠠᠶᠢᠷᠠᠭᠤᠯᠤᠨ ᠬᠡᠪᠯᠡᠬᠦᠯᠦᠭᠰᠨᠨ  ︽ᠢᠨᠵᠠᠨᠨᠠᠰᠢ︾᠂ ︽ᠬᠦᠯᠡᠷᠡᠨᠰᠠ᠂ ᠳ᠋ᠠᠨᠵᠠᠨᠸᠠᠩᠵᠠᠯ᠂ ᠬᠡᠰᠢᠭᠪᠡᠳᠤ︾᠂ ︽ᠤᠷᠴᠢᠨ ᠦᠶ᠎ᠠ ᠶᠢᠨ  ᠮᠤᠩᠭᠤᠯ ᠤᠨ  ᠠᠯᠳᠡᠷᠳᠤ  ᠵᠤᠬᠢᠶᠠᠯᠴᠢᠳ︾  ᠵᠡᠷᠬᠡ ᠪᠦᠳᠦᠬᠡᠯ ᠤᠳ ᠢ ᠲᠤᠷᠠᠳᠴᠤ ᠪᠤᠯᠤᠨ᠎ᠠ᠃ ᠡᠳᠡᠬᠡᠷ ᠪᠦᠳᠦᠬᠡᠯ ᠢ ᠦᠨᠦᠳᠦᠷ ᠤᠨ ᠤᠳᠬ᠎ᠠ ᠵᠤᠬᠢᠶᠠᠯ ᠤᠨ ᠤᠨᠤᠯ ᠤᠨ  ᠬᠠᠷᠠᠴᠠ ᠪᠠᠷ  ᠠᠵᠢᠬᠯᠠᠬᠰᠠᠨ  ᠴᠤ ᠮᠦᠨ ᠤᠳᠬ᠎ᠠ  ᠵᠤᠬᠢᠶᠠᠯ ᠤᠨ ᠲᠡᠦᠬᠡ ᠶᠢᠨ ᠠᠭᠤᠯᠭ᠎ᠠ ᠶᠢᠨ ᠴᠦᠮ᠎ᠠ ᠨᠢ  ᠪᠤᠯᠬᠤ  ᠵᠤᠬᠢᠶᠠᠯᠴᠢ ᠶᠢᠨ  ᠰᠤᠳᠤᠯᠭᠠᠨ ᠤ ᠬᠡᠪᠰᠢᠯ ᠳᠤ ᠪᠠᠭᠳᠠᠭᠠᠵᠤ ᠪᠤᠯᠤᠨ᠎ᠠ᠃ ᠡᠨᠡ ᠤᠳᠬ᠎ᠠ ᠠᠴᠠ ᠦᠵᠡᠪᠡᠯ᠂  ᠡᠷᠳᠡᠨᠢᠳᠤᠬᠳᠠᠬᠤ  ᠠᠪᠤᠭᠠᠢ ᠡᠳᠡᠬᠡᠷ  ᠪᠦᠳᠦᠬᠡᠯ ᠢᠶᠠᠷ ᠢᠶᠠᠨ ᠲᠤᠮᠳᠠᠳᠤ ᠤᠯᠤᠰ ᠤᠨ ᠮᠤᠩᠭᠤᠯ ᠤᠳᠬ᠎ᠠ ᠵᠤᠬᠢᠶᠠᠯ ᠤᠨ ᠲᠡᠦᠬᠡ ᠪᠢᠴᠢᠯᠬᠡ ᠶᠢ ᠡᠬᠢᠯᠡᠬᠦᠯᠦᠭᠰᠡᠨ ᠬᠡᠵᠤ ᠦᠨᠡᠯᠡᠵᠤ ᠪᠤᠯᠤᠨ᠎ᠠ᠃ ᠡᠷᠳᠡᠨᠢᠳᠤᠬᠳᠠᠬᠤ ᠮᠦᠨ ᠡᠨᠡ ᠬᠡᠳᠦᠨ ᠨᠤᠮ ᠢᠶᠠᠷ ᠢᠶᠠᠨ ᠮᠤᠩᠭᠤᠯ ᠤᠳᠬ᠎ᠠ ᠵᠤᠬᠢᠶᠠᠯ ᠤᠨ ᠦᠶᠡᠴᠢᠯᠡᠭᠰᠡᠨ ᠲᠡᠦᠬᠡ  ᠪᠢᠴᠢᠯᠬᠡ ᠶᠢᠨ ᠰᠢᠨ᠎ᠠ ᠦᠶ᠎ᠠ ᠶᠢ ᠨᠡᠬᠡᠬᠡᠭᠰᠡᠨ ᠬᠡᠵᠤ ᠦᠨᠡᠯᠡᠵᠤ ᠪᠤᠯᠤᠨ᠎ᠠ᠃ᠭᠤᠷᠪᠠ᠂  ᠮᠤᠩᠭᠤᠯ  ᠤᠳᠬ᠎ᠠ  ᠵᠤᠬᠢᠶᠠᠯ ᠤᠨ ᠲᠡᠦᠬᠡ ᠶᠢᠨ ᠲᠤᠬᠠᠢ ᠤᠨᠤᠯ ᠤᠨ ᠰᠢᠰᠲ᠋ᠧᠮ ᠲᠠᠢ ᠰᠤᠳᠤᠯᠭᠠᠨ ᠢ ᠡᠬᠢᠯᠡᠬᠦᠯᠦᠭᠰᠡᠨ ᠪᠠᠶᠢᠨ᠎ᠠ᠃ ᠮᠤᠩᠭᠤᠯ ᠤᠳᠬ᠎ᠠ ᠵᠤᠬᠢᠶᠠᠯ ᠤᠨ ᠲᠡᠦᠬᠡ ᠶᠢᠨ ᠤᠨᠤᠯ ᠤᠨ ᠰᠢᠰᠲ᠋ᠧᠮ ᠲᠠᠢ ᠰᠤᠳᠤᠯᠭᠠᠨ ᠬᠡᠪᠡᠯ ᠶᠠᠭᠤᠨ ᠤ ᠡᠮᠦᠨ᠎ᠠ  ᠡᠷᠳᠡᠨᠢᠳᠤᠬᠳᠠᠬᠤ ᠶᠢᠨ ᠰᠤᠳᠤᠯᠭᠠᠨ ᠢ ᠲᠤᠷᠠᠳᠬᠤ   ᠶᠤᠰᠤᠳᠠᠢ᠃ ᠡᠬᠦᠨ ᠳᠤ  ᠲᠡᠬᠦᠨ ᠤ  1961 ᠤᠨ ᠳᠤ ᠨᠡᠶᠢᠳᠡᠯᠡᠬᠦᠯᠦᠭᠰᠡᠨ ︽︿ᠮᠤᠩᠭᠤᠯ ᠤᠳᠬ᠎ᠠ ᠵᠤᠬᠢᠶᠠᠯ ᠤᠨ ᠲᠡᠦᠬᠡ﹀  ᠲᠤᠭᠤᠷᠪᠢᠬᠤ ᠳᠤ  ᠬᠤᠯᠪᠤᠬᠳᠠᠬᠤ  ᠬᠡᠳᠦᠨ  ᠠᠰᠠᠭᠤᠳᠠᠯ ᠤᠨ ᠲᠤᠬᠠᠢ︾ ᠬᠡᠬᠦ ᠦᠬᠦᠯᠡᠯ ᠠᠴᠠ  ᠦᠵᠡᠵᠤ  ᠪᠤᠯᠤᠨ᠎ᠠ᠃  ᠲᠡᠷᠡ ᠲᠤᠰ ᠦᠬᠦᠯᠡᠯ ᠳᠡᠭᠡᠨ ᠭᠤᠤᠯᠳᠠᠭᠤ᠂  ᠤᠳᠬ᠎ᠠ  ᠵᠤᠬᠢᠶᠠᠯ ᠤᠨ ᠲᠡᠦᠬᠡ ᠶᠢᠨ ᠱᠠᠳᠤ ᠦᠶ᠎ᠠ ᠶᠢᠨ ᠠᠩᠬᠢᠯᠡᠯ᠂ ᠮᠤᠩᠭᠤᠯ ᠤᠳᠬ᠎ᠠ ᠵᠤᠬᠢᠶᠠᠯ ᠤᠨ ᠬᠦᠷᠢᠶ᠎ᠠ  ᠬᠡᠪᠴᠢᠶ᠎ᠠ᠂  ᠪᠢᠴᠢᠭ ᠤᠨ ᠵᠤᠬᠢᠶᠠᠯ  ᠪᠤᠯᠤᠨ ᠠᠮᠠᠨ ᠵᠤᠬᠢᠶᠠᠯ ᠤᠨ ᠬᠠᠷᠢᠴᠠᠭ᠎ᠠ᠂ ᠦᠨᠳᠦᠰᠦᠳᠡᠨ ᠤ ᠤᠨᠴᠠᠯᠢᠬ ᠪᠠ ᠡᠯ᠎ᠠ ᠦᠨᠳᠦᠰᠦᠳᠡᠨ ᠤ  ᠤᠳᠬ᠎ᠠ  ᠵᠤᠬᠢᠶᠠᠯ ᠤᠨ  ᠬᠠᠷᠢᠯᠴᠠᠭ᠎ᠠ᠂ ᠲᠡᠦᠬᠡ ᠶᠢᠨ ᠮᠠᠲ᠋ᠧᠷᠢᠶᠠᠯ ᠤᠨ ᠰᠤᠳᠤᠯᠭᠠᠨ ᠪᠠ ᠦᠨᠳᠦᠰᠦᠳᠡᠨ ᠤ ᠤᠳᠬ᠎ᠠ ᠵᠤᠬᠢᠶᠠᠯ ᠤᠨ ᠵᠢᠮ᠎ᠠ ᠬᠠᠦᠯᠢ ᠵᠡᠷᠬᠡ ᠲᠠᠪᠤᠨ ᠲᠠᠯ᠎ᠠ ᠪᠠᠷ ᠬᠢ ᠠᠰᠠᠭᠤᠳᠠᠯ ᠢ ᠠᠩᠬᠠᠷᠤᠨ ᠠᠵᠢᠬᠯᠠᠬᠰᠨᠨ ᠪᠠᠶᠢᠨ᠎ᠠ᠃ᠴ᠊ · ᠴᠣᠯᠮᠣᠨ᠄ ᠶᠠᠰᠤ ᠬᠠᠲᠠᠭᠤ ᠬᠥᠮᠥᠨ ᠤ ᠶᠣᠰᠣ ᠬᠠᠲᠠᠭᠤ ᠦᠢᠯᠡᠰ◎ ᠬᠡᠯᠡ ᠪᠢᠴᠢᠭ ᠤᠨ ᠠᠵᠢᠯ ᠢ ᠪᠦᠬᠦ᠋ᠢᠯᠡ ᠦᠨᠳᠦᠰᠦᠲᠡᠨ ᠤ ᠰᠣᠶᠣᠯ ᠤᠨ ᠬᠤᠪᠢ ᠵᠠᠶᠠᠭ᠎ᠠ ᠲᠠᠢ ᠬᠤᠯᠪᠤᠵᠤ ᠶᠠᠪᠤᠪᠠ◎ ᠤᠷᠠᠨ ᠵᠣᠬᠢᠶᠠᠯ ᠤᠨ ᠰᠢᠰᠲ᠋ᠧᠮᠲᠦ ᠴᠣᠭᠴᠠᠯᠠᠪᠤᠷᠢ ᠶᠢ ᠪᠠᠶᠢᠭᠤᠯᠬᠤ ᠶᠢ ᠵᠣᠷᠢᠵᠠᠢᠡᠷᠳᠡᠨᠢᠲᠣᠭᠲᠠᠬᠤ ᠭᠤᠸᠠᠢ ᠪᠣᠯ ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ᠴᠥᠭᠡᠨ ᠬᠡᠳᠦᠨ ᠬᠤᠰᠢᠭᠤᠴᠢ ᠰᠡᠬᠡᠭᠡᠲᠡᠨ ᠤ ᠨᠢᠭᠡ᠂ ᠮᠣᠩᠭᠤᠯ ᠰᠣᠶᠣᠯ ᠤᠨ ᠶᠡᠭᠡ ᠵᠢᠳᠬᠦᠯᠲᠡᠨ᠂ ᠮᠣᠩᠭᠤᠯ ᠬᠡᠯᠡ᠂ ᠤᠷᠠᠨ ᠵᠣᠬᠢᠶᠠᠯ ᠤᠨ  ᠬᠤᠪᠣᠷ  ᠡᠷᠳᠡᠨᠢ ᠶᠢᠨ  ᠨᠢᠭᠡ  ᠶᠤᠮ᠃ ᠲᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠳᠤᠮᠳᠠᠴᠢ ᠦᠶ᠎ᠡ ᠳᠤ ᠡᠨᠡ ᠲᠣᠮᠣ ᠬᠥᠮᠥᠨ ᠢ ᠬᠤᠶᠠᠷ ᠤᠳᠠᠭ᠎ᠠ ᠬᠠᠷᠠᠵᠤ᠂ ᠶᠠᠷᠢᠶ᠎ᠠ ᠶᠢ ᠨᠢ ᠰᠣᠨᠣᠰᠬᠤ ᠳᠤ᠂ ᠨᠤᠲᠤᠭ ᠤᠨ ᠬᠥᠳᠡᠭᠡ ᠶᠢᠨ ᠪᠤᠭᠤᠷᠤᠯ ᠤᠳ ᠰᠢᠭ᠋ ᠨᠢᠳᠦᠨ ᠳᠤ ᠳᠤᠯᠠᠭᠠᠬᠠᠨ ᠪᠠᠶᠢᠵᠤ᠂  ᠶᠠᠮᠠᠷ  ᠰᠠᠶᠢᠬᠠᠨ  ᠮᠣᠩᠭᠤᠯ ᠨᠠᠰᠤᠲᠠᠨ ᠪᠣᠢ ᠭᠡᠵᠤ ᠪᠠᠭ᠋ᠠᠷᠬᠠᠨ  ᠶᠠᠪᠤᠵᠠᠢ᠃  ᠬᠥᠮᠥᠨ ᠢ ᠨᠢ  ᠲᠠᠨᠢᠬᠤ ᠠᠴᠠ  ᠡᠮᠦᠨ᠎ᠡ᠂  ᠣᠶᠤᠲᠠᠨ ᠤ  ᠡᠬᠢᠨ ᠤ  ᠵᠢᠯ ᠨᠣᠮ ᠢ ᠨᠢ ᠠᠪᠤᠭᠰᠠᠨ ᠮᠢᠨᠢ ᠣᠳᠣ ᠪᠣᠳᠣᠬᠤ ᠳᠤ ᠶᠡᠭᠡ ᠠᠵᠠ ᠪᠠᠶᠢᠵᠠᠢ᠃ ᠤᠷᠠᠨ  ᠵᠣᠬᠢᠶᠠᠯ ᠤᠨ ᠲᠡᠦᠬᠡ  ᠵᠢᠭᠠᠳᠠᠭ  ᠤᠬᠠᠭᠠᠨ ᠲᠠᠢ  ᠪᠣᠯᠬᠤᠷ ᠡᠷᠳᠡᠨᠢᠲᠣᠭᠲᠠᠬᠤ ᠭᠤᠸᠠᠢ ᠶᠢᠨ ᠲᠤᠬᠠᠢ ᠬᠢᠷᠢᠨ ᠳᠡᠭᠡᠨ ᠠᠩᠬᠠᠷᠳᠠᠭ ᠯᠡ ᠳ᠋ᠠ᠃ᠡᠷᠳᠡᠨᠢᠲᠣᠭᠲᠠᠬᠤ ᠭᠤᠸᠠᠢ ᠵᠠᠯᠠᠭᠤ ᠽᠠᠨᠳᠠᠨ ᠨᠠᠰᠤᠨ ᠠᠴᠠ ᠪᠠᠨ ᠮᠣᠩᠭᠤᠯ ᠤᠨ  ᠲᠥᠯᠥᠭᠡ  ᠭᠡᠵᠤ  ᠵᠢᠳᠬᠦᠭᠰᠡᠨ  ᠦᠢᠯᠡ ᠠᠵᠢᠯᠯᠠᠭ᠎ᠠ ᠶᠢ ᠥᠨᠥᠳᠥᠷ ᠡᠷᠭᠢᠨ ᠬᠠᠷᠠᠬᠤ ᠳᠤ ᠥᠪᠡᠷ ᠤᠨ ᠡᠷᠬᠡ ᠦᠭᠡᠢ ᠪᠠᠭ᠋ᠠᠷᠬᠠᠯ ᠲᠥᠷᠥᠨ᠎ᠡ᠃ ︽ᠵᠡᠭᠦᠨ︾᠎ ᠤ ᠦᠵᠡᠯ  ᠰᠠᠨᠠᠭ᠎ᠠ ᠨᠣᠶᠠᠯᠠᠵᠤ ᠪᠠᠶᠢᠭᠰᠠᠨ ᠦᠶ᠎ᠡ ᠳᠤ ᠬᠡᠰᠡᠨ ᠮᠣᠩᠭᠤᠯ ᠬᠡᠯᠡ ᠶᠢ ᠥᠭᠡᠷᠡᠴᠢᠯᠡᠬᠦ ᠭᠡᠰᠡᠨ  ᠬᠡᠲᠦᠷᠡᠮᠡᠬᠡᠢ  ᠦᠵᠡᠯᠲᠡᠳ ᠲᠠᠢ ᠠᠰ ᠲᠤᠯᠵᠤ᠂ ᠮᠣᠩᠭᠤᠯ ᠬᠡᠯᠡ ᠪᠠᠨ ᠴᠡᠪᠡᠷ ᠢᠶᠠᠷ ᠨᠢ ᠦᠯᠡᠳᠡᠭᠡᠬᠦ ᠭᠡᠵᠤ  ᠴᠢᠷᠮᠠᠶᠢᠭᠰᠠᠨ  ᠵᠣᠷᠢᠭ᠂  ᠤᠬᠠᠭᠠᠨ ᠢ ᠨᠢ  ᠪᠢᠰᠢᠷᠡᠵᠦ ᠶᠠᠪᠤᠬᠰᠠᠨ ᠶᠤᠮ᠃ ︽ᠰᠣᠶᠣᠯ ᠤᠨ  ᠶᠡᠭᠡ  ᠬᠤᠪᠢᠰᠬᠠᠯ︾᠎ ᠳᠤ  ᠬᠢᠯᠢᠰ ᠢᠶᠠᠷ  ᠦᠢᠯᠡ ᠪᠠᠨ ᠦᠵᠡᠭᠰᠡᠨ ᠴᠦ ᠰᠡᠭᠦᠯ ᠤᠨ ᠪᠦᠬᠦ  ᠣᠶᠣᠨ ᠢᠶᠠᠨ ᠦᠨᠳᠦᠰᠦᠳᠡᠨ ᠤ ᠪᠠᠨ ᠲᠥᠯᠥᠭᠡ ᠵᠣᠷᠢᠭᠤᠯᠤᠭᠰᠠᠨ ᠰᠢᠦ᠃ ᠲᠡᠶᠢᠨ ᠬᠦ ᠬᠡᠯᠡ ᠪᠢᠴᠢᠭ ᠤᠨ ᠲᠥᠷᠥ ᠶᠢᠨ  ᠪᠣᠳᠣᠯᠭ᠎ᠠ ᠶᠢ  ᠲᠣᠭᠲᠠᠭᠠᠬᠤ ᠵᠠᠩᠭᠢᠯᠠᠭ᠎ᠠ ᠶᠢᠨ ᠠᠵᠢᠯ ᠳᠤ ᠣᠷᠣᠯᠴᠠᠵᠤ ᠪᠠᠶᠢᠭᠰᠠᠨ᠂ ᠶᠠᠷᠢᠶ᠎ᠠ ᠢᠯᠡᠳᠬᠡᠯ᠂  ᠥᠭᠦᠯᠡᠯ  ᠰᠢᠭᠦᠮᠵᠢ ᠠᠴᠠ ᠶᠠᠰᠤ  ᠬᠠᠲᠠᠭᠤ  ᠥᠲᠡᠭᠦᠰ ᠪᠠᠶᠢᠭᠰᠠᠨ ᠭᠡᠳᠡᠭ ᠢ ᠡᠷᠬᠡ ᠦᠭᠡᠢ ᠮᠡᠳᠡᠷᠡᠨ᠎ᠡ᠃ᠲᠡᠭᠦᠨ ᠤ ᠤᠷᠠᠨ ᠪᠦᠲᠦᠭᠡᠯ᠂ ᠡᠷᠳᠡᠮ ᠰᠢᠨᠵᠢᠯᠡᠭᠡᠨ ᠤ ᠦᠢᠯᠡᠰ ᠤᠨ ᠵᠠᠮ ᠢ ᠭᠤᠷᠪᠠᠨ ᠱᠠᠲᠤ ᠦᠶ᠎ᠡ ᠪᠠᠷ ᠰᠢᠨᠵᠢᠯᠡᠵᠦ ᠪᠣᠯᠬᠤ ᠰᠢᠭ᠋ ᠰᠠᠨᠠᠭᠳᠠᠵᠤ ᠪᠠᠶᠢᠨ᠎ᠠ᠃ ᠨᠢᠭᠡᠳᠦᠭᠡᠷ ᠱᠠᠲᠤ ᠦᠶ᠎ᠡ ᠨᠢ 1939 ᠣᠨ — 1945 ᠣᠨ ᠬᠦᠷᠲᠡᠯ᠎ᠡ ᠭᠡᠵᠤ ᠦᠵᠡᠵᠦ ᠪᠣᠯᠬᠤ ᠶᠤᠮ᠃ ᠲᠤᠬᠠᠢ ᠶᠢᠨ ᠴᠠᠭ ᠦᠶ᠎ᠡ ᠳᠡᠭᠡᠨ ᠴᠦᠭᠡᠭᠡᠨ ᠪᠠᠶᠢᠭᠰᠠᠨ ᠮᠣᠩᠭᠤᠯ ᠰᠡᠬᠡᠭᠡᠲᠡᠨ ᠤ ᠨᠢᠭᠡ  ᠪᠣᠯᠣᠭᠰᠠᠨ ᠤ  ᠬᠤᠪᠢ ᠪᠠᠷ  ᠨᠠᠭᠠᠲᠤ ᠵᠠᠬ᠎ᠠ ᠳᠠᠭᠠᠨ 1939 ᠣᠨ ᠤ ᠦᠶ᠎ᠡ ᠪᠠᠷ ᠤᠷᠠᠨ ᠪᠦᠲᠦᠭᠡᠯ ᠤᠨ ᠵᠠᠮ ᠢᠶᠠᠨ ᠡᠬᠢᠯᠡᠭᠦᠯᠦᠭᠰᠡᠨ ᠭᠡᠵᠤ  ᠦᠵᠡᠵᠦ  ᠪᠣᠯᠣᠨ᠎ᠠ᠃  ᠡᠨᠡ ᠦᠶ᠎ᠡ ᠶᠢᠨ ᠤᠷᠠᠨ ᠪᠦᠲᠦᠭᠡᠯ ᠨᠢ  ᠦᠨᠳᠦᠰᠦᠲᠡᠨ ᠤ  ᠰᠡᠬᠡᠭᠡᠷᠡᠯ᠂  ᠵᠠᠯᠠᠭᠤᠰ ᠤᠨ  ᠰᠡᠬᠡᠭᠡᠷᠡᠯ ᠳᠤ ᠬᠠᠨᠳᠤᠭᠰᠠᠨ  ᠦᠵᠡᠯ  ᠰᠠᠨᠠᠭᠠᠴᠢ ᠴᠢᠨᠠᠷ ᠲᠠᠢ ᠰᠢᠯᠦᠭ᠂ ᠰᠤᠷᠭᠠᠯ ᠰᠢᠯᠦᠭ ᠤᠨ ᠣᠨᠴᠠᠯᠢᠭ ᠲᠠᠢ  ᠪᠠᠶᠢᠭᠰᠠᠨ  ᠶᠤᠮ᠃  ᠮᠦᠨᠬᠦ  ᠡᠨᠡ ᠦᠶ᠎ᠡ ᠠᠴᠠ  ᠤᠷᠠᠨ ᠪᠦᠲᠦᠭᠡᠯ᠂ ᠣᠷᠴᠢᠭᠤᠯᠭ᠎ᠠ᠂ ᠡᠷᠳᠡᠮ ᠰᠢᠨᠵᠢᠯᠡᠭᠡᠨ ᠤ ᠠᠩᠬᠠᠨ ᠤ ᠭᠠᠷᠤᠭ᠎ᠠ ᠪᠠᠨ ᠠᠪᠴᠠᠢ᠃ ᠬᠤᠶᠠᠳᠤᠭᠠᠷ ᠱᠠᠲᠤ ᠦᠶ᠎ᠡ ᠨᠢ 1946 ᠣᠨ  — ᠲᠡᠬᠡᠷ᠎ᠡ ᠵᠠᠭᠤᠨ ᠤ ᠲᠠᠯᠠᠭᠠᠳ ᠣᠨ ᠤ ᠳᠤᠮᠳᠠᠴᠢ  ᠬᠦᠷᠲᠡᠯᠡᠬᠢ  ᠬᠤᠭᠤᠴᠠᠭ᠎ᠠ  ᠪᠤᠯᠤᠨ᠎ᠠ᠃  ᠡᠨᠡ  ᠬᠤᠭᠤᠴᠠᠭᠠᠨ ᠳᠤ  ᠰᠣᠶᠣᠯ ᠤᠨ ᠹᠷᠣᠨᠲ ᠲᠤ ᠠᠵᠢᠯᠯᠠᠨ᠂ ᠰᠣᠶᠣᠯ ᠤᠨ ᠲᠥᠯᠥᠭᠡ ᠵᠢᠳᠬᠦᠬᠦ ᠦᠢᠯᠡᠰ ᠢᠶᠠᠨ ᠦᠷᠭᠦᠯᠵᠢᠯᠡᠭᠦᠯᠵᠡᠢ᠃ 1947 ᠣᠨ ᠤ 10 ᠰᠠᠷ᠎ᠠ — 1948 ᠣᠨ 10 ᠰᠠᠷ᠎ᠠ ᠳᠤ ᠴᠢᠴᠢᠬᠠᠷ ᠲᠠᠬᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠴᠡᠷᠢᠭ ᠵᠠᠰᠠᠭ ᠤᠨ ᠳᠡᠭᠡᠳᠦ ᠰᠤᠷᠭᠠᠭᠤᠯᠢ ᠳᠤ  ᠪᠠᠭᠰᠢᠯᠠᠵᠤ  ᠪᠠᠶᠢᠬᠤ ᠳᠠᠭᠠᠨ  ︽ᠬᠢᠲᠠᠳ  ᠮᠣᠩᠭᠤᠯ  ᠲᠣᠯᠢ︾᠎ ᠶᠢ ᠨᠠᠶᠢᠷᠠᠭᠤᠯᠤᠭᠰᠠᠨ ᠨᠢ  ᠮᠥᠨ ᠲᠤᠬᠠᠢ ᠶᠢᠨ ᠦᠶ᠎ᠡ ᠶᠢᠨ ᠰᠣᠶᠣᠯ ᠤᠨ ᠪᠦᠲᠦᠭᠡᠨ ᠪᠠᠶᠢᠭᠤᠯᠤᠯᠲᠠ ᠶᠢᠨ ᠴᠢᠬᠤᠯᠠ ᠠᠵᠢᠯ ᠪᠠᠶᠢᠭᠰᠠᠨ  ᠶᠤᠮ᠃  ᠨᠥᠭᠦᠭᠡ  ᠲᠠᠯ᠎ᠠ ᠪᠠᠷ  ᠡᠨᠡ  ᠱᠠᠲᠤ ᠦᠶ᠎ᠡ ᠳᠤ ᠤᠷᠠᠨ ᠵᠣᠬᠢᠶᠠᠯ ᠰᠤᠳᠤᠯᠤᠯ ᠤᠨ ᠡᠷᠳᠡᠮᠲᠡᠨ ᠪᠣᠯᠬᠤ ᠵᠠᠮ ᠢᠶᠠᠨ ᠡᠯᠬᠦᠵᠦ᠂ ᠢᠨᠵᠠᠨᠨᠠᠰᠢ ᠶᠢᠨ ᠰᠤᠳᠤᠯᠤᠯ ᠢ  ᠡᠬᠢᠯᠡᠭᠦᠯᠦᠭᠰᠡᠨ ᠪᠦᠬᠡᠳ ᠨᠠᠰᠤᠨ ᠲᠤᠷᠰᠢᠳᠡ ᠡᠨᠡᠬᠦ ᠰᠤᠳᠤᠯᠭᠠᠨ ᠢᠶᠠᠨ ᠬᠠᠶᠠᠬᠰᠠᠨ ᠦᠬᠡᠢ᠃ᠭᠤᠷᠪᠠᠳᠤᠭᠠᠷ ᠱᠠᠲᠤ ᠦᠶ᠎ᠡ ᠨᠢ ᠳᠡᠭᠡᠷ᠎ᠡ ᠵᠠᠭᠤᠨ ᠤ  ᠳᠠᠯᠠᠭᠠᠳ  ᠣᠨ ᠤ  ᠰᠡᠭᠦᠯᠴᠢ ᠠᠴᠠ  ᠨᠠᠰᠤ  ᠪᠠᠷᠠᠬᠤ  ᠬᠦᠷᠲᠡᠯ᠎ᠡ᠃ ︽ᠰᠣᠶᠣᠯ ᠤᠨ ᠶᠡᠭᠡ ᠬᠤᠪᠢᠰᠬᠠᠯ︾᠎ ᠤᠨ ᠳᠠᠷᠠᠭ᠎ᠠ ᠬᠡᠯᠡ  ᠪᠢᠴᠢᠭ ᠤᠨ ᠠᠵᠢᠯ ᠢ  ᠤᠳᠤᠷᠢᠳᠤᠨ  ᠵᠢᠯᠣᠭᠤᠳᠬᠤ ᠶᠢᠨ ᠳᠠᠭᠠᠤ  ᠥᠪ ᠰᠣᠶᠣᠯ ᠤᠨ ᠴᠤᠭᠯᠠᠭᠤᠯᠭ᠎ᠠ᠂ ᠤᠷᠠᠨ  ᠵᠣᠬᠢᠶᠠᠯ ᠤᠨ  ᠰᠤᠳᠤᠯᠭ᠎ᠠ ᠪᠠᠷ  ᠭᠤᠣᠯ  ᠪᠤᠯᠭᠠᠵᠠᠢ᠃  ᠲᠡᠬᠦᠨ ᠤ  ᠦᠨᠳᠦᠰᠦᠲᠡᠨ ᠤ  ᠬᠡᠯᠡ ᠪᠢᠴᠢᠭ ᠤᠨ ᠲᠥᠷᠥ ᠶᠢᠨ ᠪᠣᠳᠣᠯᠭ᠎ᠠ ᠶᠢ ᠲᠣᠭᠲᠠᠭᠠᠬᠤ ᠵᠠᠩᠭᠢᠯᠠᠭ᠎ᠠ ᠶᠢᠨ ᠴᠢᠨᠠᠷ ᠲᠠᠢ ᠠᠵᠢᠯ ᠳᠤ ᠥᠪᠡᠷ ᠤᠨ  ᠦᠵᠡᠯᠲᠡ ᠪᠠᠨ  ᠪᠠᠷᠢᠵᠤ ᠴᠢᠳᠠᠭᠰᠠᠨ ᠢᠶᠠᠷ ᠰᠣᠶᠣᠯ ᠤᠨ ᠬᠤᠪᠢ ᠲᠠᠪᠢᠯᠠᠩ ᠢ ᠲᠣᠭᠲᠠᠭᠠᠭᠰᠠᠨ ᠶᠡᠭᠡ ᠨᠡᠮᠡᠭᠦᠷᠢ ᠶᠢ ᠡᠷᠳᠡᠮᠲᠡᠳ ᠰᠠᠨᠠᠯ ᠨᠢᠭᠡᠲᠡᠢ  ᠦᠨᠡᠯᠡᠵᠦ  ᠪᠣᠢ᠃ ᠡᠷᠲᠡᠨ ᠤ  ᠪᠠ  ᠣᠷᠴᠢᠨ  ᠦᠶ᠎ᠡ ᠶᠢᠨ  ᠮᠣᠩᠭᠤᠯ  ᠵᠣᠬᠢᠶᠠᠯᠴᠢ ᠶᠢᠨ ᠨᠠᠮᠲᠠᠷ᠂  ᠤᠷᠠᠨ  ᠪᠦᠲᠦᠭᠡᠯ ᠲᠠᠢ  ᠬᠤᠯᠪᠣᠭᠳᠠᠬᠤ  ᠦᠨᠡᠲᠦ ᠮᠠᠲ᠋ᠧᠷᠢᠶᠠᠯ ᠢ ᠡᠮᠬᠢᠳᠬᠡᠵᠦ᠂ ᠮᠣᠩᠭᠤᠯ ᠤᠷᠠᠨ ᠵᠣᠬᠢᠶᠠᠯ ᠤᠨ ᠲᠡᠦᠬᠡ ᠶᠢᠨ ᠠᠳᠠᠯᠢ ᠪᠤᠰᠤ ᠱᠠᠲᠤ ᠦᠶ᠎ᠡ ᠨᠦᠭᠦᠳ ᠲᠠᠬᠢ  ᠪᠦᠲᠦᠭᠡᠯ ᠤᠨ ᠰᠣᠩᠭᠤᠮᠠᠯ ᠲᠡᠭᠦᠪᠦᠷᠢ ᠶᠢ ᠨᠠᠶᠢᠷᠠᠭᠤᠯᠤᠨ ᠵᠠᠷᠢᠮ ᠢ ᠨᠢ  ᠬᠡᠪᠯᠡᠭᠦᠯᠵᠡᠢ᠃  1983 ᠣᠨ ᠳᠤ ᠬᠡᠪᠯᠡᠭᠰᠡᠨ  ︽ᠥᠪᠥᠷ  ᠮᠣᠩᠭᠤᠯ ᠤᠨ ᠰᠤᠷᠭᠠᠨ ᠬᠥᠮᠥᠵᠢᠯ ᠤᠨ ᠪᠢᠴᠢᠭ ᠮᠠᠲ᠋ᠧᠷᠢᠶᠠᠯ ᠤᠨ  ᠡᠮᠬᠢᠳᠬᠡᠯ︾᠂  1981 ᠣᠨ ᠳᠤ ᠬᠡᠪᠯᠡᠭᠦᠯᠦᠭᠰᠡᠨ  ︽ᠣᠷᠴᠢᠨ ᠦᠶ᠎ᠡ ᠶᠢᠨ ᠮᠣᠩᠭᠤᠯ ᠤᠨ ᠠᠯᠳᠠᠷᠲᠤ ᠤᠷᠠᠨ ᠵᠣᠬᠢᠶᠠᠯᠴᠢᠳ︾ ᠵᠡᠷᠭᠡ ᠨᠣᠮ ᠪᠣᠯ ᠲᠤᠬᠠᠢ ᠶᠢᠨ  ᠴᠠᠭ ᠲᠤ  ᠲᠡᠳᠦᠢ ᠦᠭᠡᠢ  ᠣᠳᠣ ᠴᠦ  ᠭᠡᠰᠡᠨ ᠰᠤᠳᠤᠯᠭᠠᠨ ᠤ ᠴᠢᠬᠤᠯᠠ ᠭᠠᠷ ᠠᠪᠤᠯᠭ᠎ᠠ ᠪᠣᠯᠵᠤ ᠪᠠᠶᠢᠭ᠎ᠠ᠃ᠲᠣᠪᠴᠢᠬᠠᠨ ᠬᠡᠳᠦᠨ ᠦᠭᠡ ᠪᠠᠷ ᠡᠷᠳᠡᠨᠢᠲᠣᠭᠲᠠᠬᠤ ᠭᠤᠸᠠᠢ ᠶᠢᠨ ᠰᠣᠶᠣᠯ ᠡᠷᠳᠡᠮ ᠤᠨ ᠶᠡᠭᠡ ᠦᠢᠯᠡᠰ ᠢ ᠳ᠋ᠦᠩᠨᠡᠬᠦ ᠨᠢ ᠭᠡᠨᠡᠨ ᠭᠡᠳᠡᠭ ᠨᠢ ᠮᠡᠳᠡᠭᠡᠵᠢ᠃ ᠭᠡᠬᠦ ᠳᠡᠭᠡᠨ ᠥᠪᠡᠷ ᠤᠨ ᠮᠢᠨᠢ ᠬᠡᠨᠵᠡ ᠪᠣᠳᠣᠯ ᠶᠤᠮ᠃ᠨᠢᠭᠡ᠂ ᠰᠣᠶᠣᠯ ᠤᠨ ᠰᠡᠳᠬᠢᠯᠭᠡ ᠪᠠ ᠦᠢᠯᠡᠰ ᠤᠨ ᠵᠣᠷᠢᠭ᠃ ᠲᠡᠭᠦᠨ ᠤ ᠨᠢᠭᠡ  ᠨᠠᠰᠤᠨ ᠤ ᠦᠢᠯᠡᠰ ᠲᠤ ᠶᠠᠰᠤ ᠬᠠᠲᠠᠭᠤ ᠬᠥᠮᠥᠨ ᠤ ᠶᠣᠰᠣ  ᠬᠠᠲᠠᠭᠤ  ᠵᠣᠷᠢᠭ  ᠰᠠᠨᠠᠭ᠎ᠠ  ᠰᠢᠩᠭᠡᠵᠦ  ᠪᠠᠶᠢᠭᠰᠠᠨ  ᠶᠤᠮ᠃  ᠵᠠᠯᠠᠭᠤ  ᠪᠠᠭ᠎ᠠ ᠳᠠᠭᠠᠨ ᠰᠡᠳᠬᠦᠯ ᠨᠠᠶᠢᠷᠠᠭᠤᠯᠵᠤ ᠪᠠᠶᠢᠭᠰᠠᠨ ᠠᠴᠠ ᠨᠠᠰᠤᠨ ᠥᠨᠳᠥᠷ ᠪᠣᠯᠣᠭᠰᠠᠨ ᠴᠦ ᠮᠣᠩᠭᠤᠯ ᠬᠡᠯᠡ ᠰᠣᠶᠣᠯ ᠳᠠᠭᠠᠨ ᠵᠢᠳᠬᠦᠨ᠂  ᠪᠢᠴᠢᠭ ᠤᠨ  ᠰᠢᠷᠡᠭᠡᠨ ᠳᠡᠭᠡᠷ᠎ᠡ ᠨᠢ ᠪᠤᠶᠤ ᠬᠡᠪᠯᠡᠯ ᠤᠨ ᠪᠠᠶᠢᠭᠤᠯᠤᠯᠭ᠎ᠠ ᠶᠢᠨ ᠲᠣᠭᠤᠰᠣᠨ ᠳᠤ ᠣᠷᠬᠢᠭᠰᠠᠨ ᠨᠣᠮ ᠪᠢᠴᠢᠭ ᠲᠤᠨᠢ  ᠬᠦᠷᠲᠡᠯ᠎ᠡ  ᠲᠡᠭᠦᠨ ᠤ ᠵᠣᠷᠢᠭ  ᠰᠥᠰᠥ᠂ ᠬᠠᠯᠠᠭᠤᠨ ᠰᠡᠳᠬᠢᠯ ᠰᠢᠩᠭᠡᠵᠡᠢ᠃ᠬᠤᠶᠠᠷ᠂ ᠰᠢᠨᠵᠢᠯᠡᠬᠦ ᠤᠬᠠᠭᠠᠨᠴᠢ ᠦᠵᠡᠯ ᠲᠠᠢ᠃ ᠲᠡᠷᠡ ᠪᠠᠷ ᠰᠠᠭᠤᠷᠢ ᠰᠢᠨᠵᠢᠯᠡᠭᠡ ᠪᠤᠶᠤ ᠮᠠᠲ᠋ᠧᠷᠢᠶᠠᠯ ᠤᠨ ᠴᠤᠭᠯᠠᠭᠤᠯᠭ᠎ᠠ᠂ ᠰᠤᠳᠤᠯᠭ᠎ᠠ ᠶᠢ ᠤᠶᠠᠯᠳᠤᠭᠤᠯᠵᠤ᠂ ᠰᠢᠨᠵᠢᠯᠡᠬᠦ ᠤᠬᠠᠭᠠᠨᠴᠢ ᠦᠷ᠎ᠡ ᠳ᠋ᠦᠩ ᠳᠤ ᠬᠦᠷᠭᠡᠵᠦ ᠴᠢᠳᠠᠭᠰᠠᠨ ᠨᠢ ᠦᠢᠯᠡᠰ ᠤᠨ  ᠪᠤᠶᠤ  ᠡᠷᠳᠡᠮ ᠰᠢᠨᠵᠢᠯᠡᠭᠡᠨ ᠤ ᠰᠢᠨᠵᠢᠯᠡᠬᠦ ᠤᠬᠠᠭᠠᠨᠴᠢ ᠣᠪᠣᠷ ᠲᠠᠢ ᠶᠢ ᠨᠢ ᠬᠠᠷᠠᠭᠤᠯᠵᠤ ᠪᠣᠢ᠃ᠭᠤᠷᠪᠠ᠂ ᠡᠷᠳᠡᠮ ᠰᠢᠨᠵᠢᠯᠡᠭᠡᠨ ᠤ ᠵᠣᠷᠢᠭ ᠰᠠᠨᠠᠭ᠎ᠠ ᠪᠠ ᠰᠤᠳᠤᠯᠭᠠᠨ ᠤ  ᠦᠵᠡᠯ  ᠰᠠᠨᠠᠭ᠎ᠠ᠃ ᠨᠠᠰᠤᠨ ᠲᠤᠷᠰᠢ ᠬᠤᠪᠢᠷᠠᠰᠢ ᠦᠭᠡᠢ ᠪᠠᠷᠢᠭᠰᠠᠨ ᠨᠢᠭᠡᠨ ᠦᠵᠦᠭᠦᠷᠲᠦ ᠰᠡᠳᠬᠢᠯ ᠪᠣᠯ ᠦᠨᠳᠦᠰᠦᠲᠡᠨ ᠤ ᠬᠡᠯᠡ᠂ ᠤᠷᠠᠨ ᠵᠣᠬᠢᠶᠠᠯ᠂ ᠰᠣᠶᠣᠯ ᠤᠨ ᠦᠢᠯᠡᠰ ᠪᠠᠶᠢᠯ᠎ᠠ᠃ ᠲᠡᠶᠢᠨ ᠬᠦ ᠨᠠᠰᠤᠨ ᠲᠤᠷᠰᠢ ᠥᠪᠡᠷ ᠤᠨ ᠦᠵᠡᠯ  ᠰᠠᠨᠠᠭ᠎ᠠ ᠨᠢ  ᠦᠢᠯᠡᠰ ᠢ ᠨᠢ ᠬᠥᠲᠥᠯᠵᠦ  ᠢᠷᠠᠪᠠ᠃  ᠤᠯᠠᠨ ᠵᠢᠯ ᠤᠨ  ᠲᠤᠷᠰᠢ ᠳᠠᠷᠤᠭ᠎ᠠ ᠶᠢᠨ ᠪᠠᠶᠢᠷᠢᠨ᠎ᠠ ᠪᠠᠶᠢᠬᠰᠠᠨ ᠴᠤ ᠪᠣᠳᠠᠲᠤ ᠠᠵᠢᠯ ᠠᠴᠠ ᠪᠠᠨ ᠶᠡᠷᠦ ᠰᠠᠯᠤᠭ᠎ᠠ ᠦᠭᠡᠢ᠃ ᠨᠢᠭᠡ ᠬᠥᠮᠥᠨ ᠤ ᠦᠵᠡᠯ ᠰᠠᠨᠠᠭ᠎ᠠ ᠨᠢᠭᠡ ᠦᠨᠳᠦᠰᠦᠲᠡᠨ ᠤ ᠰᠣᠶᠣᠯ ᠤᠨ ᠬᠡᠳᠦᠨ ᠦᠶ᠎ᠡ ᠶᠢᠨ ᠬᠤᠪᠢ ᠲᠠᠪᠢᠯᠠᠩ ᠢ ᠲᠣᠭᠲᠠᠭᠠᠵᠤ ᠪᠣᠯᠳᠠᠭ᠃ ᠬᠡᠯᠡ ᠪᠢᠴᠢᠭ ᠤᠨ ᠠᠵᠢᠯ  ᠭᠡᠳᠡᠭ ᠴᠢᠨᠢ ᠪᠦᠬᠦ᠋ᠢᠯᠡ ᠦᠨᠳᠦᠰᠦᠲᠡᠨ ᠤ ᠰᠣᠶᠣᠯ ᠤᠨ ᠬᠤᠪᠢ ᠵᠠᠶᠠᠭᠠᠨ ᠤ ᠠᠵᠢᠯ ᠭᠡᠰᠡᠨ ᠦᠭᠡ  ᠰᠢᠦ  ᠳ᠋ᠠ᠃  ᠲᠡᠷᠡ ᠨᠢ ᠤᠯᠤᠰ ᠤᠨ ᠪᠣᠳᠣᠯᠭ᠎ᠠ ᠲᠠᠢ ᠬᠤᠯᠪᠣᠭᠳᠠᠬᠤ ᠪᠥᠭᠡᠳ ᠲᠤᠬᠠᠢ ᠶᠢᠨ ᠦᠶ᠎ᠡ ᠶᠢᠨ ᠨᠢᠷᠤᠭᠤ ᠬᠦᠴᠦ ᠪᠣᠯᠣᠭᠰᠠᠨ  ᠰᠡᠬᠡᠭᠡᠲᠡᠳ ᠤᠨ  ᠦᠵᠡᠯ  ᠰᠠᠨᠠᠭ᠎ᠠ᠂ ᠵᠣᠷᠢᠭ ᠰᠠᠨᠠᠭ᠎ᠠ ᠲᠠᠢ ᠴᠦ ᠬᠤᠯᠪᠣᠭᠳᠠᠨ᠎ᠠ᠃ᠳᠥᠷᠪᠡ᠂ ᠤᠷᠠᠨ ᠵᠣᠬᠢᠶᠠᠯ ᠤᠨ ᠰᠢᠰᠲ᠋ᠧᠮᠲᠦ ᠴᠣᠭᠴᠠᠯᠠᠪᠤᠷᠢ ᠶᠢ ᠪᠠᠶᠢᠭᠤᠯᠬᠤ ᠶᠢ ᠵᠣᠷᠢᠵᠠᠢ᠃ ᠰᠣᠶᠣᠯ ᠤᠨ ᠥᠪ ᠢ ᠠᠪᠤᠷᠠᠬᠤ ᠭᠡᠳᠡᠭ ᠦᠵᠡᠯ ᠰᠠᠨᠠᠭ᠎ᠠ ᠵᠠᠯᠠᠭᠤ ᠦᠶ᠎ᠡ ᠠᠴᠠ ᠨᠢ  ᠪᠣᠢ  ᠪᠣᠯᠤᠬᠰᠠᠨ ᠶᠤᠮ᠃  ᠡᠨᠡ ᠨᠢ ᠲᠡᠷᠡ ᠮᠠᠰᠢ  ᠵᠠᠯᠠᠭᠤ ᠪᠠᠷ ᠢᠶᠠᠨ  ᠪᠠᠭᠰᠢ᠂ ᠨᠠᠶᠢᠷᠠᠭᠤᠯᠤᠭᠴᠢ ᠶᠢᠨ ᠠᠵᠢᠯ ᠬᠢᠵᠦ ᠪᠠᠶᠢᠭᠰᠠᠨ ᠪᠠ ᠴᠠᠭ ᠦᠶ᠎ᠡ ᠶᠢᠨ ᠡᠷᠡᠰ ᠡᠷᠭᠢᠯᠲᠡ ᠶᠢᠨ ᠮᠥᠴᠡ ᠳᠤ  ᠰᠣᠶᠣᠯ ᠤᠨ ᠹᠷᠣᠨᠲ ᠲᠤ ᠠᠵᠢᠯ ᠤᠨ ᠭᠠᠷᠤᠭ᠎ᠠ ᠠᠪᠤᠭᠰᠠᠨ ᠢᠶᠠᠷ ᠴᠠᠭ ᠦᠶ᠎ᠡ ᠶᠢᠨ  ᠰᠢᠯᠵᠢᠯᠲᠡ᠂  ᠬᠠᠨᠳᠤᠯᠭ᠎ᠠ ᠶᠢ ᠬᠤᠷᠴᠠ ᠰᠡᠷᠭᠡᠭ ᠢᠶᠠᠷ ᠮᠡᠳᠡᠷᠡᠭᠰᠡᠨ ᠲᠠᠢ ᠨᠢ ᠬᠤᠯᠪᠣᠭᠳᠠᠨ᠎ᠠ᠃ ᠲᠡᠭᠦᠨ ᠤ ᠰᠤᠳᠤᠯᠭ᠎ᠠ  ᠬᠡᠯᠡ  ᠰᠢᠨᠵᠢᠯᠡᠯ  ᠭᠡᠬᠦ  ᠦᠨᠳᠦᠰᠦᠨ ᠰᠠᠭᠤᠷᠢ ᠠᠴᠠ ᠡᠬᠢᠯᠡᠭᠰᠡᠨ ᠢᠶᠠᠨ ᠢᠨᠵᠠᠨᠨᠠᠰᠢ ᠶᠢᠨ ᠰᠤᠳᠤᠯᠤᠯ ᠳᠤ ᠬᠦᠷᠦᠭᠰᠡᠨ ᠨᠢ ᠰᠠᠭᠤᠷᠢ ᠰᠤᠳᠤᠯᠤᠯ ᠠᠴᠠ ᠬᠤᠷᠸ᠎ᠠ  ᠰᠤᠳᠤᠯᠤᠯ ᠳᠤ  ᠬᠦᠷᠦᠭᠰᠡᠨ ᠤ  ᠪᠡᠯᠭᠡ  ᠲᠡᠮᠳᠡᠭ  ᠪᠣᠯᠣᠭᠰᠠᠨ ᠪᠥᠭᠡᠳ ᠬᠤᠶᠢᠰᠢᠳᠠ ᠶᠢᠨ ᠠᠵᠢᠯ ᠤᠨ ᠬᠢᠨᠢ  ᠴᠢᠭᠯᠡᠯ  ᠬᠠᠨᠳᠤᠯᠭ᠎ᠠ ᠶᠢ ᠨᠢ  ᠲᠣᠭᠲᠠᠭᠠᠬᠰᠠᠨ  ᠶᠤᠮ᠃  ᠮᠣᠩᠭᠤᠯ  ᠦᠨᠳᠦᠰᠦᠳᠡᠨ ᠤ ᠡᠷᠲᠡᠨ ᠤ ᠳᠣᠮᠤᠭ ᠰᠢᠳᠢᠲᠦ ᠦᠯᠢᠭᠡᠷ᠂ ᠵᠦᠢᠷ ᠰᠡᠴᠡᠨ ᠦᠭᠡ᠂ ᠡᠷᠲᠡᠨ ᠤ ᠰᠢᠯᠦᠭ ᠠᠴᠠ ᠣᠶᠢᠷ᠎ᠠ᠂  ᠣᠷᠴᠢᠨ ᠦᠶ᠎ᠡ ᠶᠢᠨ ᠤᠷᠠᠨ ᠵᠣᠬᠢᠶᠠᠯᠴᠢ ᠪᠠ ᠵᠣᠬᠢᠶᠠᠯ ᠪᠦᠲᠦᠭᠡᠯ᠂ ᠪᠠᠭᠠᠴᠤᠳ ᠤᠨ ᠲᠤᠬᠠᠢ ᠰᠢᠯᠦᠭ ︵ᠣᠳᠣ ᠦᠶ᠎ᠡ ᠲᠠᠢ ᠬᠤᠯᠪᠣᠭᠳᠠᠬᠤ︶᠂  ᠳᠣᠮᠤᠭ  ᠭᠡᠬᠦ  ᠵᠡᠷᠭᠡ ᠡᠮᠬᠢᠳᠬᠡᠯ ᠴᠤᠭᠯᠠᠭᠤᠯᠭ᠎ᠠ ᠵᠢᠴᠢ ᠡᠷᠲᠡᠨ ᠤ ᠬᠢ ᠠᠴᠠ ᠣᠷᠴᠢᠨ ᠦᠶ᠎ᠡ ᠶᠢᠨ  ᠤᠷᠠᠨ  ᠵᠣᠬᠢᠶᠠᠯ  ᠬᠦᠷᠲᠡᠯᠡᠬᠢ ᠥᠷᠭᠡᠨ ᠬᠠᠷᠠᠭ᠎ᠠ ᠲᠠᠢ ᠰᠤᠳᠤᠯᠤᠯ ᠢ ᠨᠢ ᠪᠢᠳᠠ ᠣᠳᠣ ᠨᠢᠭᠡᠨ ᠮᠥᠷ ᠲᠤ ᠣᠷᠣᠭᠤᠯᠤᠨ  ᠡᠷᠭᠢᠨ  ᠬᠠᠷᠠᠬᠤ ᠳᠤ  ᠡᠷᠳᠡᠨᠢᠲᠣᠭᠲᠠᠬᠤ  ᠭᠤᠸᠠᠢ ᠶᠢᠨ ᠮᠣᠩᠭᠤᠯ ᠤᠷᠠᠨ ᠵᠣᠬᠢᠶᠠᠯ ᠳᠤ ᠥᠪᠡᠷ ᠤᠨ ᠬᠢ ᠪᠠᠷ ᠪᠣᠰᠬᠠᠭᠰᠠᠨ ᠪᠦᠲᠦᠨ ᠴᠣᠬᠴᠠᠯᠠᠪᠤᠷᠢ ᠰᠦᠨᠳᠡᠷᠯᠡᠨ ᠬᠠᠷᠠᠭᠳᠠᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号