ᠳᠡᠯᠡᠬᠡᠢ ᠶᠢᠨ ᠳᠡᠷᠢᠬᠦᠨ ᠣᠭᠰᠠᠭᠠᠳᠠᠨ —— ᠮᠣᠩᠭᠤᠯ ᠣᠭᠰᠠᠭᠠᠳᠠᠨ
ᠨᠡᠶᠢᠲᠡᠯᠡᠭᠰᠡᠨ ᠴᠠᠭ᠄
2018/4/2
       ᠤᠭᠰᠠᠭᠠᠲᠠᠨ ᠵᠦᠢ ᠶᠢᠨ ᠲᠤᠬᠠᠢ ᠲᠤᠷ᠎ᠠ ᠶᠢᠨ ᠨᠢᠭᠡᠨ ᠨᠡᠪᠳᠡᠷᠬᠡᠢ ᠲᠤᠯᠢ ︵ᠪᠦᠷᠢᠨ ᠪᠢᠴᠢᠭ︶ ᠢ ᠤᠷᠪᠠᠭᠤᠯᠵᠤ ᠦᠵᠡᠪᠡᠯ᠂ ᠮᠤᠩᠭᠤᠯ ᠤᠭᠰᠠᠭᠠᠳᠠᠨ ᠤ ᠲᠤᠬᠠᠢ ᠰᠢᠨᠵᠢᠯᠡᠬᠦ ᠤᠬᠠᠭᠠᠨᠴᠢ ᠲᠤᠮᠢᠶᠠᠯᠠᠯ ᠪᠤᠯ᠄ ᠮᠤᠩᠭᠤᠯ ᠤᠭᠰᠠᠭᠠᠳᠠᠨ᠂ ᠠᠩᠭ᠍ᠯᠢ ᠨᠡᠷᠡᠶᠢᠳᠤᠯ  ᠨᠢmongoloid᠃ ᠲᠤᠮᠢᠶᠡᠯᠡᠯ ᠨᠢ ᠳᠠᠷᠤᠢ ᠳᠡᠯᠭᠡᠷᠡᠩᠬᠦᠢ ᠤᠳᠬ᠎ᠠ ᠳᠡᠭᠡᠷ᠎ᠠ ᠪᠠᠨ ᠪᠦᠬᠦ᠋ᠢᠯᠨ ᠠᠽᠢᠶ᠎ᠠ ᠲᠢᠪ ᠤᠨ ᠵᠡᠭᠦᠨ ᠭᠡᠰᠡᠭ ᠵᠢᠴᠢ ᠵᠡᠭᠦᠨ ᠡᠮᠦᠨᠠᠲᠤ ᠭᠡᠰᠡᠭ ᠲᠤ ᠲᠦᠪᠯᠡᠷᠡᠨ ᠰᠠᠭᠤᠷᠢᠰᠢᠵᠤ ᠪᠠᠶᠢᠭ᠎ᠠ ᠲᠤᠬᠠᠢ ᠶᠢᠨ ᠭᠠᠵᠠᠷ ᠤᠨ ᠬᠦᠮᠦᠰ ᠵᠢᠴᠢ ᠠᠮᠧᠷᠢᠺᠡ ᠲᠢᠪ ᠤᠨ ᠢᠨᠳᠢᠶᠠᠨ ᠬᠦᠮᠦᠰ ᠢ ᠵᠢᠭᠠᠵᠤ ᠪᠤᠢ᠃ ᠡᠭᠦᠨ ᠳᠤ ᠵᠡᠭᠦᠨ ᠬᠤᠶᠢᠲᠤ ᠠᠽᠢᠶ᠎ᠠ ᠳᠤ ᠲᠠᠷᠬᠠᠵᠤ ᠪᠠᠶᠢᠭ᠎ᠠ ᠮᠤᠩᠭᠤᠯ ᠤᠯᠤᠰ᠂ ᠲᠤᠮᠳᠠᠳᠤ ᠤᠯᠤᠰ᠂ ᠰᠤᠯᠤᠩᠭᠤᠰ᠂ ᠶᠠᠫᠤᠨ ᠵᠡᠷᠬᠡ ᠭᠠᠵᠠᠷ ᠤᠨ ᠬᠦᠮᠦᠰ ᠪᠤᠯ ᠨᠡᠶᠢᠳᠡᠯᠢᠭ ᠮᠤᠩᠭᠤᠯ ᠤᠭᠰᠠᠭᠠᠳᠠᠨ ᠪᠠᠶᠢᠵᠤ᠂ ᠵᠡᠭᠦᠨ ᠡᠮᠦᠨᠠᠲᠤ ᠠᠽᠢᠶ᠎ᠠ ᠳᠤ ᠰᠠᠭᠤᠷᠢᠰᠢᠵᠤ ᠪᠠᠶᠢᠭ᠎ᠠ ᠪᠤᠯ ᠡᠮᠦᠨᠡᠲᠤ ᠠᠽᠢᠶ᠎ᠠ ᠶᠢᠨ ᠮᠤᠩᠭᠤᠯ ᠤᠭᠰᠠᠭᠠᠳᠠᠨ ᠪᠤᠯᠤᠨ᠎ᠠ᠃ ᠵᠡᠷᠢᠮ ᠡᠷᠳᠡᠮᠳᠡᠳ ᠪᠠᠰᠠ ᠮᠤᠩᠭᠤᠯ ᠤᠭᠰᠠᠭᠠᠳᠠᠨ ᠢ ᠠᠽᠢᠶ᠎ᠠ᠂ ᠵᠡᠭᠦᠨ ᠬᠤᠶᠢᠲᠤ ᠠᠽᠢᠶ᠎ᠠ᠂ ᠤᠮᠠᠷᠠᠲᠤ ᠲᠦᠢᠯ᠂ ᠵᠡᠭᠦᠨ ᠠᠽᠢᠶ᠎ᠠ᠂ ᠡᠮᠤᠨᠠᠲᠤ ᠠᠽᠢᠶ᠎ᠠ ᠵᠡᠷᠬᠡ ᠲᠦᠷᠦᠯ ᠳᠤ ᠬᠤᠪᠢᠶᠠᠭᠰᠠᠨ ᠪᠠᠶᠢᠳᠠᠭ᠃      ᠠᠳᠠᠯᠢ ᠪᠤᠰᠤ ᠦᠨᠳᠦᠰᠦᠲᠡᠨ ᠤ ᠭᠤᠸ᠎ᠠ ᠰᠠᠶᠢᠬᠠᠨ ᠤ ᠦᠵᠡᠯᠲᠡ ᠨᠢ ᠴᠦᠮ ᠮᠠᠰᠢ ᠶᠡᠭᠡ ᠵᠦᠷᠢᠶ᠎ᠠ ᠲᠠᠢ ᠪᠠᠶᠢᠳᠠᠭ᠃ ᠵᠢᠱᠢᠶᠠᠯᠠᠪᠠᠯ᠂ ᠮᠤᠩᠭᠤᠯ ᠬᠦᠮᠦᠨ ᠪᠤᠯ ᠦᠷᠭᠡᠨ ᠴᠢᠷᠡᠢ᠂ ᠳᠠᠩ ᠵᠤᠪᠬᠢ᠂ ᠵᠢᠷᠲᠠᠭᠠᠷ ᠨᠢᠳᠤ ᠪᠠᠷ ᠭᠤᠸ᠎ᠠ ᠰᠠᠶᠢᠬᠠᠨ ᠢᠶᠠᠨ ᠪᠤᠯᠭᠠᠳᠠᠭ᠃ ᠡᠶᠢᠮᠤ ᠠᠴᠠ ᠮᠤᠩᠭᠤᠯ ᠬᠠᠭᠠᠨᠳᠤ ᠲᠦᠷᠤ — ᠶᠤᠸᠠᠨ ᠤᠯᠤᠰ ᠤᠨ ᠮᠤᠩᠭᠤᠯ ᠬᠠᠳᠤᠳ᠂ ᠳᠠᠳᠠᠪᠤᠷᠢ ᠶᠢᠨ ᠦᠯᠡᠳᠡᠭᠳᠡᠯ ᠵᠢᠷᠤᠭ ᠨᠢ ᠪᠦᠷ ᠡᠳᠡᠭᠡᠷ ᠤᠨᠴᠠᠯᠢᠭ ᠢ ᠲᠤᠪᠤᠶᠢᠯᠭᠠᠨ᠂ ᠡᠨᠡ ᠨᠢ ᠦᠷᠦᠨᠡᠳᠡᠬᠢᠨ ᠤ ᠬᠢᠨ ᠡᠮᠡᠭᠳᠡᠢ ᠬᠦᠮᠦᠨ ᠢ ᠵᠢᠷᠤᠬᠤ ᠳᠠᠭᠠᠨ ᠦᠷᠬᠦᠯᠵᠢ ᠨᠢᠳᠤ ᠶᠢ ᠨᠢ ᠳᠤᠪᠤᠶᠢᠯᠭᠠᠳᠠᠭ ᠲᠠᠢ ᠠᠳᠠᠯᠢ ᠪᠠᠶᠢᠳᠠᠭ᠃      ᠮᠤᠩᠭᠤᠯ ᠬᠦᠮᠦᠰ ᠤᠨ ᠲᠤᠳᠤᠷ᠎ᠠ ᠲᠡᠳᠡᠭᠡᠷ ᠵᠡᠭᠦᠨ ᠠᠽᠢᠶ᠎ᠠ ᠶᠢᠨ ᠶᠡᠬᠡᠩᠬᠢ ᠬᠦᠮᠦᠰ ᠨᠢ ᠮᠠᠰᠢ ᠦᠵᠡᠰᠬᠦᠯᠡᠩ ᠮᠦᠷᠳᠡᠭᠡᠨ ᠺᠠᠦ᠋ᠺᠰ ᠤᠨ ᠴᠢᠷᠡᠢ ᠲᠠᠢ ᠪᠠᠶᠢᠵᠤ᠂ ᠲᠡᠳᠡᠨᠡᠷ ᠦᠪᠡᠷᠰᠡᠳ ᠤᠨ ᠬᠢᠨᠢ ᠬᠠᠨᠢ ᠢᠵᠢᠯᠢ ᠨᠢ ᠰᠢᠷ᠎ᠠ ᠠᠷᠠᠰᠤᠳᠠᠨ ᠤ ᠨᠡᠶᠢᠳᠡᠯᠢᠭ ᠤᠨᠴᠠᠯᠢᠭ ᠲᠠᠢ ᠪᠠᠶᠢᠬᠤ ᠶᠢ ᠬᠦᠰᠡᠳᠡᠭ᠃ ᠮᠤᠩᠭᠤᠯ ᠬᠦᠮᠦᠰ ᠲᠤ ᠪᠢᠰᠢᠷᠡᠭᠳᠡᠨ ᠬᠦᠨᠳᠤᠳᠭᠡᠭᠳᠡᠳᠡᠭ ᠳᠠᠭᠤᠴᠢᠨ᠂ ᠲᠤᠭᠯᠠᠭᠴᠢ ᠨᠢ ᠦᠨᠤᠳᠤᠷ ᠤᠨ ᠵᠡᠭᠦᠨ ᠠᠽᠢᠶ᠎ᠠ ᠶᠢᠨ ᠬᠢᠨ ᠳᠤ ᠦᠯᠤ ᠲᠠᠭᠠᠰᠢᠶᠠᠬᠳᠠᠳᠠᠭ ︽ᠪᠦᠲᠦᠭᠦᠨ ᠨᠢᠭᠤᠷ ᠲᠠᠢ᠂ ᠦᠷᠭᠡᠨ ᠴᠢᠷᠡᠢ ᠲᠠᠢ᠂ ᠵᠢᠭᠠᠬᠠᠨ ᠨᠢᠳᠤ ᠲᠠᠢ᠂ ᠳᠠᠩ ᠵᠤᠪᠬᠢ ᠲᠠᠢ ︾ ᠬᠦᠮᠦᠰ ᠪᠤᠯᠬᠤ ᠶᠢ ᠭᠠᠳᠠᠭᠠᠲᠤ ᠶᠢᠨ ᠤᠯᠠᠩᠬᠢ ᠬᠦᠮᠦᠰ ᠶᠡᠬᠡᠲᠡ ᠤᠢᠢᠯᠠᠭᠠᠵᠤ ᠶᠠᠳᠠᠳᠠᠭ᠃ ᠭᠡᠳᠡᠯ᠎ᠠ ᠡᠳᠡᠭᠡᠷ ᠬᠦᠮᠦᠰ ᠨᠢ ᠶᠠᠭᠠᠬᠢᠭᠠᠳ ᠪᠤᠰᠤᠳ ᠲᠤ ᠪᠢᠰᠢᠷᠡᠭᠳᠡᠵᠤ ᠰᠢᠳᠦᠭᠳᠡᠳᠡᠭ ᠪᠤᠢ ᠭᠡᠪᠡᠯ ᠳᠡᠳᠡᠨᠡᠷ ᠪᠤᠯ ᠮᠤᠩᠭᠤᠯ ᠬᠦᠮᠦᠨ ᠤ ᠤᠯᠠᠮᠵᠢᠯᠠᠯᠲᠤ ᠭᠤᠸ᠎ᠠ ᠰᠠᠶᠢᠬᠠᠨ ᠢ ᠪᠦᠷᠢᠳᠦᠬᠦᠯᠦᠭᠰᠡᠨ ᠳᠤ ᠪᠠᠶᠢᠨ᠎ᠠ᠃ ᠮᠤᠩᠭᠤᠯ ᠬᠦᠮᠦᠰ ᠤᠨ ᠦᠵᠡᠬᠦ ᠪᠠᠷ ᠡᠶᠢᠮᠤᠷᠬᠦ ᠲᠦᠷᠢ ᠲᠦᠷᠬᠦ ᠶᠢ ᠠᠪᠴᠤ ᠲᠦᠷᠦᠪᠡᠯ ᠰᠠᠶ᠋ᠢ ᠭᠤᠸ᠎ᠠ ᠦᠵᠡᠰᠬᠦᠯᠡᠩ ᠳᠤ ᠲᠤᠭᠠᠴᠠᠭᠳᠠᠨ᠎ᠠ᠃ ᠶᠠᠷᠢᠶᠠᠨ ᠦᠭᠡᠢ ᠮᠤᠩᠭᠤᠯ ᠬᠦᠮᠦᠨ ᠤ ᠳᠤᠳᠤᠷ᠎ᠠ ᠨᠤᠭᠤᠭᠠᠨ ᠨᠢᠳᠤ ᠲᠠᠢ᠂ ᠴᠨᠩᠭᠡᠷ ᠨᠢᠳᠤ ᠲᠠᠢ ᠬᠦᠮᠦᠨ ᠪᠠᠶᠢᠳᠠᠭ᠃ ᠺᠠᠦ᠋ᠺᠠᠰ ᠤᠨ ᠤᠨᠴᠠᠯᠢᠭ ᠨᠢ ᠴᠤ ᠮᠠᠰᠢ ᠢᠯᠠ ᠲᠤᠳᠤᠷᠬᠠᠢ ᠬᠦᠮᠦᠨ ᠴᠤ ᠪᠠᠶᠢᠳᠠᠭ᠃ ᠭᠡᠳᠡᠯ᠎ᠠ ᠮᠤᠩᠭᠤᠯ ᠬᠦᠮᠦᠨ ᠨᠢ ᠤᠵᠤᠭᠤᠷ ᠠᠴᠠ ᠪᠠᠨ ᠡᠳᠡᠭᠡᠷ ᠬᠦᠮᠦᠰ ᠢ ᠤᠨᠴᠠᠭᠠᠢ ᠳᠤ ᠲᠤᠭᠠᠴᠠᠳᠠᠭ ᠦᠭᠡᠢ᠃ ᠮᠤᠩᠭᠤᠯ ᠤᠨ ᠤᠯᠠᠮᠵᠢᠯᠠᠯᠲᠤ ᠤᠢᠢᠯᠠᠭᠠᠯᠲᠠ ᠳᠤ᠂ ᠲᠠᠰ ᠬᠠᠷ᠎ᠠ ᠬᠢᠯᠠᠭᠠᠷ ᠬᠡᠵᠢᠭᠡ ᠵᠢᠴᠢ ᠰᠤᠪᠤᠳ ᠤᠨ ᠬᠠᠷ᠎ᠠ ᠨᠠᠷᠢᠨ ᠵᠢᠷᠲᠠᠭᠠᠷ ᠨᠢᠲᠤ᠂ ᠵᠢᠭᠠᠬᠠᠨ ᠬᠠᠮᠠᠷ᠂ ᠴᠠᠰᠤ ᠴᠠᠭᠠᠨ ᠰᠢᠲᠤ᠂ ᠬᠦᠷᠠᠩ ᠴᠢᠷᠡᠢ᠂ ᠮᠠᠷᠢᠶᠠᠯᠢᠭ ᠪᠡᠶ᠎ᠠ ᠭᠠᠯᠪᠢᠷ ᠲᠠᠢ ᠪᠠᠶᠢᠬᠤ ᠨᠢ ᠰᠠᠶ᠋ᠢ ᠭᠤᠸ᠎ᠠ ᠦᠵᠡᠰᠬᠦᠯᠡᠩ ᠡᠮᠡᠭᠳᠡᠢ ᠬᠦᠮᠦᠨ ᠤ ᠤᠨᠴᠠᠯᠢᠭ ᠲᠤ ᠲᠤᠬᠢᠷᠠᠨ᠎ᠠ᠃ ᠦᠨᠡᠨᠳᠡᠭᠡᠨ ᠡᠶᠢᠮᠤᠷᠬᠦ ᠲᠤᠩᠭᠠᠯᠠᠭ ᠮᠠᠯᠮᠠᠢ᠂ ᠲᠤᠩ ᠴᠠᠭᠠᠨ ᠰᠢᠲᠤ ᠵᠡᠷᠬᠡ ᠤᠨᠴᠠᠯᠢᠭ ᠢ ᠬᠠᠳᠠᠭᠠᠯᠠᠭᠰᠠᠨ ᠭᠡᠤᠭᠡᠨᠴᠤᠳ ᠨᠢ ᠬᠡᠴᠢᠨᠠᠨ ᠭᠤᠸ᠎ᠠ ᠰᠠᠶᠢᠬᠠᠨ᠂ ᠡᠷᠡᠬᠦᠯ ᠴᠢᠬᠢᠷᠠᠭ ᠬᠠᠷᠠᠬᠳᠠᠬᠤ ᠠᠵᠢ᠂ ᠲᠠᠶᠢᠮᠤ ᠪᠢᠰᠢ ᠭᠡᠵᠤ ᠤᠤ⁈       ᠠᠷᠪᠠᠨ ᠭᠤᠷᠪᠠᠳᠤᠭᠠᠷ ᠵᠠᠭᠤᠨ ᠤ ᠮᠤᠩᠭᠤᠯᠴᠤᠳ ᠠᠶᠤᠩᠭ᠎ᠠ ᠴᠠᠬᠢᠯᠭᠠᠨ ᠮᠠᠳᠤ ᠠᠪᠤᠷᠭᠤ ᠰᠦᠷ ᠬᠦᠴᠤᠨ ᠢᠶᠠᠷ ᠢᠶᠠᠨ ᠡᠸᠦ᠋ᠷᠦᠫᠠ ᠶᠢᠨ ᠬᠦᠮᠦᠰ ᠲᠤ ᠬᠦᠨᠳᠤ ᠴᠤᠬᠢᠯᠲᠠ ᠦᠭᠪᠠ᠃ ᠠᠭᠤᠤ ᠶᠡᠭᠡ ᠮᠤᠩᠭᠤᠯ ᠤᠨ ᠠᠯᠳᠠᠨ ᠳᠡᠭᠡᠪᠤᠷᠢᠲᠤ ᠬᠠᠭᠠᠨᠳᠤ ᠤᠯᠤᠰ ᠢᠵᠢᠯ ᠮᠦᠷᠡᠨ ᠤ ᠬᠦᠪᠡᠭᠡᠨ ᠳᠤ ᠪᠠᠶᠢᠭᠤᠯᠤᠭᠳᠠᠬᠤ ᠦᠶ᠎ᠠ ᠳᠤ᠂ ᠬᠠᠭᠠᠨᠳᠤ ᠤᠯᠤᠰ ᠤᠨ ᠬᠠᠮᠤᠭ ᠦᠨᠳᠦᠷ ᠮᠠᠩᠯᠠᠶᠢᠯᠠᠭᠴᠢ ᠪᠠᠳᠤ ᠬᠠᠭᠠᠨ ᠴᠤ ᠮᠤᠩᠭᠤᠯ ᠤᠨ ᠡᠩ ᠤᠨ ᠴᠡᠷᠢᠭ ᠪᠠᠶᠢᠵᠤ᠂ ᠠᠯᠳᠠᠨ ᠦᠰᠦ᠂ ᠨᠤᠭᠤᠭᠠᠨ ᠨᠢᠳᠤ ᠲᠠᠢ ᠤᠷᠤᠰ ᠵᠡᠷᠬᠡ ᠡᠸᠦ᠋ᠷᠦᠫᠠ ᠲᠢᠪ ᠤᠨ ᠦᠨᠳᠦᠰᠦᠲᠡᠨ ᠳᠤ ᠶᠠᠮᠠᠷᠴᠤ ᠭᠤᠸ᠎ᠠ ᠰᠠᠶᠢᠬᠠᠨ ᠤ ᠲᠦᠷᠦᠭᠳᠡᠯ ᠦᠭᠡᠢ ᠪᠠᠶᠢᠵᠠᠢ᠃ ᠮᠤᠩᠭᠤᠯ ᠨᠤᠶᠠᠳ ᠬᠠᠭᠠᠳ ᠲᠤ ᠠᠪᠴᠤ ᠬᠡᠯᠡᠪᠡᠯ᠂ ᠡᠸᠦ᠋ᠷᠦᠫᠠ ᠶᠢᠨ ᠬᠦᠮᠦᠰ ᠨᠢ ᠬᠦᠭᠡ ᠴᠢᠷᠡᠢ᠂ ᠰᠤᠶᠤᠭ᠎ᠠ ᠰᠢᠲᠦ ᠲᠠᠢ᠂ ᠴᠢᠨᠠᠭᠰᠢᠯᠠᠪᠠᠯ ᠪᠤᠶᠢᠵᠢᠯᠲᠠ ᠨᠢ ᠬᠦᠢᠴᠡᠭᠡ ᠦᠭᠡᠢ ᠲᠤᠤᠷᠠᠳᠤ ᠲᠡᠰ ᠤᠨ ᠤᠭᠰᠠᠭᠠᠳᠠᠨ ᠲᠡᠳᠦᠢ ᠯᠡ ᠦᠵᠡᠭᠳᠡᠳᠡᠭ ᠪᠠᠶᠢᠪᠠ᠃ ᠡᠭᠦᠨ ᠢᠶᠠᠷ ᠪᠠᠷᠠᠬᠤ ᠦᠭᠡᠢ᠂ ᠲᠤᠬᠠᠢ ᠶᠢᠨ ᠦᠶ᠎ᠠ ᠶᠢᠨ ᠤᠷᠤᠰ ᠤᠨ ᠡᠯ᠎ᠠ ᠬᠦᠩᠳᠤ ᠤᠯᠤᠰ ᠨᠢ ᠮᠤᠩᠭᠤᠯ ᠤᠨ ᠨᠤᠶᠠᠷᠬᠠᠭᠴᠢᠳ ᠢ ᠪᠢᠯᠳᠡᠳᠴᠢᠯᠠᠵᠤ ᠰᠠᠶᠢᠮᠰᠤᠷᠠᠬᠤ ᠶᠢᠨ ᠲᠦᠯᠦᠭᠡ ᠮᠤᠩᠭᠤᠯ ᠬᠦᠮᠦᠨ ᠤ ᠭᠤᠸ᠎ᠠ ᠰᠠᠶᠢᠬᠠᠨ ᠤ ᠦᠵᠡᠯᠳᠡ ᠶᠢ ᠮᠡᠳᠡᠷᠡᠭᠰᠡᠨ ᠢᠶᠠᠷ ᠦᠯᠤ ᠪᠠᠷᠠᠮ ᠰᠢᠳᠤᠵᠤ ᠡᠬᠢᠯᠡᠵᠡᠢ᠃       ᠦᠨᠤᠳᠤᠷ ᠤᠨ ᠭᠤᠸ᠎ᠠ ᠰᠠᠶᠢᠬᠠᠨ ᠤ ᠦᠵᠡᠯᠲᠡ ᠪᠠᠷ ᠪᠤᠯ ᠲᠤᠮᠳᠠᠳᠤ ᠶᠢᠨ ᠬᠦᠮᠦᠨ ᠢ ᠪᠠᠭᠳᠠᠭᠠᠭᠰᠠᠨ ᠵᠡᠭᠦᠨ ᠠᠽᠢᠶ᠎ᠠ ᠶᠢᠨ ᠡᠯ᠎ᠠ ᠦᠨᠳᠦᠰᠦᠲᠡᠨ ᠨᠦᠭᠦᠳ ᠤᠨ ᠡᠸᠦ᠋ᠷᠦᠫᠠ ᠶᠢᠨ ᠴᠠᠭᠠᠨ ᠠᠷᠠᠰᠤᠳᠠᠨ ᠬᠦᠮᠦᠰ ᠤᠨ ᠲᠤᠬᠠᠢ ᠤᠢᠢᠯᠠᠭᠠᠯᠲᠠ ᠨᠢ ᠳᠠᠷᠤᠢ ᠬᠡᠨ ᠨᠢ ᠬᠦᠴᠤᠷᠬᠡᠭ ᠪᠤᠯ ᠬᠡᠨ ᠢ ᠰᠢᠳᠦᠭᠰᠡᠨ ᠲᠡᠳᠦᠢ ᠯᠡ ᠠᠰᠠᠭᠤᠳᠠᠯ ᠪᠤᠯᠵᠠᠢ᠃ ᠲᠤᠮᠳᠠᠳᠤ ᠶᠢᠨ ᠬᠦᠮᠦᠰ ︽ᠠᠽᠢᠶ᠎ᠠ ᠠᠴᠠ ᠤᠷᠪᠠᠵᠤ ᠡᠸᠦ᠋ᠷᠦᠫᠠ ᠳᠤ ᠨᠡᠪᠴᠢᠬᠦ︾ ᠦᠶᠡᠰ ᠤᠨ ᠶᠠᠫᠤᠨᠴᠤᠳ ᠢ ᠬᠤᠱᠤᠩᠨᠠᠬᠤ ᠳᠠᠭᠠᠨ ᠦᠪᠡᠷᠰᠡᠳ ᠢᠶᠠᠨ ᠪᠠᠰᠠ ᠠᠯᠳᠠᠨ ᠰᠢᠷᠭᠠᠯ ᠬᠡᠵᠢᠭᠡ᠂ ᠬᠦᠬᠡ ᠨᠢᠳᠤ ᠲᠠᠢ ᠦᠷᠦᠨᠡᠳᠡᠬᠢᠨ ᠤ ᠬᠦᠮᠦᠰ ᠢ ᠲᠤᠭᠤᠵᠤ ᠪᠠᠶᠢᠪᠠ᠃ ᠡᠷᠳᠡ ᠦᠶᠡᠰ ᠦᠷᠦᠨᠡᠳᠡᠬᠢᠨ ᠤ ᠬᠢᠨ ᠲᠤᠮᠳᠠᠳᠤ ᠶᠢ ᠲᠦᠷᠢᠮᠡᠭᠡᠶᠢᠯᠡᠬᠦ ᠦᠶᠡᠰ᠂ ᠲᠤᠮᠳᠠᠳᠤᠴᠤᠳ ᠦᠷᠦᠨᠡᠳᠡᠬᠢᠨ ᠤ ᠬᠦᠮᠦᠰ ᠢ ᠭᠤᠸ᠎ᠠ ᠰᠠᠶᠢᠬᠠᠨ ᠭᠡᠵᠤ ᠪᠤᠳᠤᠳᠠᠭ ᠦᠭᠡᠢ᠃ ᠲᠤᠬᠠᠢ ᠶᠢᠨ ᠦᠶᠡᠰ ᠤᠨ ᠲᠤᠮᠳᠠᠳᠤ ᠶᠢᠨ ᠬᠦᠮᠦᠰ ᠦᠷᠦᠨᠡᠳᠡᠬᠢᠨ ᠤ ᠬᠦᠮᠦᠰ ᠢ ᠨᠢᠭᠡ ᠪᠦᠯᠦᠭ ᠪᠦᠬᠦ ᠪᠡᠶ᠎ᠠ ᠨᠢ ᠦᠰᠤ ᠲᠠᠢ᠂ ᠬᠦᠭᠡ ᠨᠢᠳᠤ᠂ ᠤᠯᠠᠭᠠᠨ ᠬᠡᠵᠢᠭᠡ ᠲᠠᠢ ᠴᠢᠳᠬᠦᠷ ᠭᠡᠵᠤ ᠦᠵᠡᠳᠡᠭ᠃ ᠡᠨᠡ ᠨᠢ ᠲᠤᠬᠠᠢ ᠶᠢᠨ ᠦᠶᠡᠰ ᠤᠨ ᠲᠤᠮᠳᠠᠳᠤ ᠶᠢᠨ ᠤᠯᠠᠩᠬᠢ ᠬᠦᠮᠦᠰ ᠤᠨ ᠦᠷᠦᠨᠡᠳᠡᠬᠢᠨ ᠤ ᠦᠰᠦᠭ ᠪᠢᠴᠢᠭ᠂ ᠵᠢᠷᠤᠭ ᠲᠦᠷᠰᠤ ᠶᠢ ᠮᠠᠭᠤᠬᠠᠢ ᠭᠡᠵᠤ ᠦᠵᠡᠳᠡᠭ ᠤᠨ ᠦᠨᠳᠦᠰᠦᠯᠡᠯ ᠪᠤᠯᠤᠨ᠎ᠠ᠃ ᠭᠡᠪᠡᠴᠤ ᠦᠷᠦᠨᠡᠳᠡᠬᠢᠨ ᠤ ᠬᠦᠮᠦᠰ ᠲᠤ ᠡᠷᠬᠡᠰᠢᠶᠡᠭᠳᠡᠭᠰᠡᠨ ᠴᠠᠭ ᠨᠢ ᠤᠷᠲᠤ ᠪᠤᠯᠤᠭᠰᠠᠨ ᠤ ᠳᠠᠷᠠᠭ᠎ᠠ ᠲᠤᠮᠳᠠᠳᠤ ᠶᠢᠨ ᠬᠦᠮᠦᠰ ᠴᠤ ᠠᠶᠠᠨᠳᠠᠭᠠᠨ ᠡᠬᠢᠯᠡᠨ ᠠᠭᠠᠵᠢᠮ ᠢᠶᠠᠷ ︽ᠭᠠᠳᠠᠭᠠᠲᠤ ᠶᠢ ᠪᠢᠰᠢᠷᠡᠳᠡᠭ︾ ᠪᠤᠯᠵᠠᠢ᠃      ᠦᠨᠤᠳᠤᠷ ᠤᠨ ᠡᠸᠦ᠋ᠷᠦᠫᠠ ᠶᠢᠨ ᠬᠦᠮᠦᠰ ᠤᠨ ᠬᠠᠷᠠᠭᠠᠨ ᠳᠠᠬᠢ ᠲᠤᠷᠤᠨᠠᠳᠠᠬᠢᠨ ᠤ ᠭᠤᠶᠤ ᠭᠡᠤᠭᠡᠨ ᠭᠠᠩᠭᠠᠩ ᠵᠠᠯᠠᠭᠤᠰ ᠨᠢ ᠴᠦᠮ ᠳᠡᠳᠡᠭᠡᠷ ᠰᠢᠷ᠎ᠠ ᠠᠷᠠᠰᠤᠲᠠᠨ ᠤ ᠤᠨᠴᠠᠯᠢᠭ ᠢᠶᠠᠷ ᠲᠤᠪᠤᠶᠢᠮ᠎ᠠ ᠬᠦᠮᠦᠰ ᠪᠤᠯᠬᠤ ᠶᠤᠮ᠃ ᠭᠡᠲᠡᠯ᠎ᠠ ᠡᠳᠡᠭᠡᠷ ᠬᠦᠮᠦᠰ ᠨᠢ ᠰᠢᠷ᠎ᠠ ᠠᠷᠠᠰᠤᠲᠠᠨ ᠤ ᠬᠦᠮᠦᠰ ᠤᠨ ᠳᠤᠳᠤᠷ᠎ᠠ ᠪᠠᠨ ᠲᠠᠶᠢᠮᠤ ᠴᠤ ᠤᠨᠴᠠᠭᠠᠢ ᠦᠭᠡᠢ ᠪᠠᠶᠢᠵᠤ᠂ ᠦᠨᠤᠳᠤᠷ ᠤᠨ ᠵᠡᠭᠦᠨ ᠠᠽᠢᠶ᠎ᠠ ᠶᠢᠨ ᠬᠦᠮᠦᠰ ᠨᠢ ᠪᠦᠷ ᠦᠷᠦᠨᠡᠳᠡᠬᠢᠨ ᠤ ᠬᠦᠮᠦᠰ ᠲᠠᠢ ᠠᠳᠠᠯᠢᠬᠠᠨ ᠬᠦᠮᠦᠰ ᠢ ᠲᠤᠭᠤᠳᠠᠭ ᠪᠤᠯᠪᠠ᠃ ᠡᠨᠡᠬᠦ ᠤᠳᠬ᠎ᠠ ᠠᠭᠤᠯᠭ᠎ᠠ ᠠᠴᠠ ᠠᠪᠴᠤ ᠦᠵᠡᠪᠡᠯ᠂ ᠠᠳᠠᠯᠢ ᠪᠤᠰᠤ ᠰᠤᠶᠤᠯ ᠤᠨ ᠭᠤᠸ᠎ᠠ ᠰᠠᠶᠢᠬᠠᠨ ᠤ ᠲᠠᠭᠠᠰᠢᠶᠠᠯ ᠨᠢ ᠬᠠᠷᠢᠯᠴᠠᠨ ᠨᠦᠬᠦᠪᠦᠷᠢᠯᠡᠵᠤ ᠪᠠᠶᠢᠬ᠎ᠠ ᠶᠠᠪᠤᠳᠠᠯ ᠬᠡᠮᠠᠷ᠃  ᠦᠷᠦᠨᠡᠳᠡᠬᠢᠨ ᠤ ᠬᠦᠮᠦᠰ ᠰᠢᠷ᠎ᠠ ᠠᠷᠠᠰᠤᠲᠠᠨ ᠢ ᠮᠤᠩᠭᠤᠯ ᠤᠭᠰᠠᠭᠠᠲᠠᠨ ᠭᠡᠵᠤ ᠨᠡᠷᠡᠯᠡᠳᠡᠭ ᠨᠢ ᠮᠤᠩᠭᠤᠯ ᠬᠦᠮᠦᠨ ᠨᠢ ᠨᠡᠶᠢᠳᠡᠯᠢᠭ ᠰᠢᠨᠵᠢᠲᠠᠢ ᠰᠢᠷ᠎ᠠ ᠠᠷᠠᠰᠤᠲᠠᠨ ᠳᠤ ᠪᠠᠶᠢᠬᠤ ᠪᠢᠰᠢ᠂ ᠬᠠᠷᠢᠨ ᠮᠤᠩᠭᠤᠯ ᠬᠦᠮᠦᠨ ᠪᠤᠯ ᠦᠷᠦᠨᠡᠳᠡᠬᠢᠨ ᠤ ᠬᠦᠮᠦᠰ ᠤᠨ ᠠᠩᠬ᠎ᠠ ᠤᠳᠠᠭ᠎ᠠ ᠪᠠᠨ ᠶᠡᠭᠡ ᠬᠦᠷᠢᠶ᠎ᠠ ᠬᠡᠪᠴᠢᠶ᠎ᠠ ᠪᠠᠷ ᠬᠠᠷᠢᠯᠴᠠᠭᠰᠠᠨ ᠰᠢᠷ᠎ᠠ ᠠᠷᠠᠰᠤᠲᠠᠨ ᠤ ᠦᠨᠳᠦᠰᠦᠲᠡᠨ ᠪᠤᠯᠬᠤ ᠳᠤ ᠤᠷᠤᠰᠢᠨ᠎ᠠ᠃ ᠲᠤᠬᠠᠢ ᠶᠢᠨ ᠦᠶ᠎ᠠ ᠶᠢᠨ ᠠᠶᠤᠩᠭ᠎ᠠ ᠴᠠᠬᠢᠯᠭᠠᠨ ᠮᠠᠳᠤ ᠰᠦᠷ ᠬᠦᠴᠤᠨ ᠲᠠᠢ ᠮᠤᠩᠭᠤᠯ ᠬᠠᠭᠠᠨᠳᠤ ᠤᠯᠤᠰ ᠨᠢ ᠦᠷᠦᠨᠡᠳᠡᠬᠢᠨ ᠤ ᠲᠡᠤᠭᠡᠨ ᠲᠠᠬᠢ ᠬᠠᠮᠤᠭ ᠤᠨ ᠠᠶᠤᠮᠰᠢᠭᠲᠤ ᠳᠠᠭᠠᠷᠢᠯᠲᠠ ᠶᠢ ᠪᠤᠢ ᠪᠤᠯᠭᠠᠪᠠ᠃ 18 ᠳ᠋ᠤᠭᠠᠷ ᠵᠠᠭᠤᠨ ᠳᠤ ᠪᠧᠯᠬᠢ ᠤᠯᠤᠰ ᠤᠨ ᠬᠠᠭᠠᠨ ︽ᠲᠤᠮᠳᠠᠳᠤ ᠶᠢᠨ ᠤᠷᠲᠤᠨ︾ ᠤ ᠳᠤᠳᠤᠷᠠᠬᠢ ᠬᠠᠨᠠᠨ ᠵᠢᠷᠤᠭ ᠳᠡᠭᠡᠷ᠎ᠠ ᠲᠤᠮᠳᠠᠳᠤ ᠶᠢᠨ ᠬᠦᠮᠦᠨ ᠢ ᠴᠦᠮ ᠮᠤᠩᠭᠤᠯ ᠭᠡᠷ ᠲᠤ ᠰᠠᠭᠤᠵᠤ ᠪᠠᠶᠢᠭ᠎ᠠ ᠪᠠᠷ ᠵᠢᠷᠤᠵᠠᠢ᠃ ᠡᠳᠡᠭᠡᠷ ᠠᠴᠠ ᠲᠤᠬᠠᠢ ᠶᠢᠨ ᠦᠶᠡᠰ ᠤᠨ ᠦᠷᠦᠨᠡᠳᠡᠬᠢᠨ ᠤ ᠬᠦᠮᠦᠰ ᠤᠨ ᠵᠡᠭᠦᠨ ᠠᠽᠢᠶ᠎ᠠ ᠶᠢᠨ ᠦᠨᠳᠦᠰᠦᠲᠡᠨ ᠤ ᠲᠤᠬᠠᠢ ᠤᠢᠢᠯᠠᠭᠠᠯᠲᠠ ᠶᠢ ᠮᠡᠳᠡᠵᠤ ᠪᠤᠯᠤᠨ᠎ᠠ᠃ ᠲᠡᠷᠡ ᠨᠢ ᠵᠦᠪᠭᠡᠨ ᠮᠤᠩᠭᠤᠯ ᠬᠦᠮᠦᠨ ᠤ ᠦᠯᠡᠳᠡᠭᠡᠭᠰᠡᠨ ᠠᠶᠤᠮᠰᠢᠭᠲᠤ ᠲᠤᠷᠠᠰᠤᠮᠵᠢ ᠳᠡᠭᠡᠷ᠎ᠠ ᠯᠡ ᠲᠤᠭᠲᠠᠨᠢᠵᠠᠢ᠃       ᠮᠠᠷᠺᠤ ᠫᠤᠯᠤ ᠪᠤᠯᠤᠨ ᠲᠤᠯᠠᠭᠠᠨ ᠪᠤᠯ ᠦᠷᠦᠨᠡᠳᠡᠬᠢᠨ ᠤ ᠬᠢᠨ ᠤ ᠳᠤᠷᠤᠨᠠᠳᠠᠬᠢᠨ ᠢ ᠤᠢᠢᠯᠠᠭᠠᠳᠠᠭ ᠴᠦᠭᠡᠨ ᠬᠡᠳᠦᠨ ᠨᠦᠯᠦᠭᠡᠯᠠᠯ ᠪᠤᠯᠤᠭᠰᠠᠨ ᠤ ᠬᠤᠪᠢ ᠳᠤ᠂ ᠲᠡᠳᠡᠨ ᠤ ᠬᠤᠪᠢ ᠳᠤ ᠡᠨᠡ ᠨᠢ ᠪᠦᠷ ᠮᠤᠩᠭᠤᠯ ᠬᠦᠮᠦᠨ ᠢ ᠵᠢᠭᠠᠳᠠᠭ᠃ ᠤᠴᠢᠷ ᠨᠢ ︽ᠲᠤᠯᠠᠭᠠᠨ︾ ᠳᠤ ᠳᠠᠭᠤᠯᠠᠭᠳᠠᠳᠠᠭ ᠨᠢ ᠲᠤᠬᠠᠢ ᠶᠢᠨ ᠦᠶ ᠎ᠠ ᠶᠢᠨ ᠮᠤᠩᠭᠤᠯ ᠬᠦᠮᠦᠨ ᠪᠠᠶᠢᠳᠠᠭ᠃ ᠳᠠᠭᠤᠤ ᠳᠤ ᠭᠠᠷᠳᠠᠭ ᠬᠦᠩᠵᠤ ᠪᠤᠯ ᠮᠤᠩᠭᠤᠯ ᠬᠦᠮᠦᠨ ᠪᠠᠶᠢᠵᠤ᠂ ᠶᠤᠸᠠᠨ ᠤᠯᠤᠰ ᠤᠨ ᠦᠶ᠎ᠠ ᠶᠢᠨ ᠨᠢᠭᠡᠨ ᠬᠠᠭᠠᠨ ᠤ ᠬᠦᠩᠵᠤ ᠪᠤᠯᠤᠨ᠎ᠠ᠃ ᠦᠨᠤᠳᠤᠷ ᠤᠨ ᠲᠤᠮᠳᠠᠳᠤ ᠤᠯᠤᠰ ᠤᠨ ᠲᠠᠶᠢᠰᠠᠨ ᠤ ᠵᠦᠴᠦᠭᠡ ︽ᠲᠤᠯᠠᠭᠠᠨ︾  ᠨᠢ ᠨᠢᠭᠡᠨᠲᠡ ᠦᠨᠤᠳᠤᠷ ᠤᠨ ᠳᠤᠮᠳᠠᠳᠤ ᠶᠢᠨ ᠬᠦᠮᠦᠨ ᠤ ᠴᠠᠶᠢᠵᠠ ᠶᠢᠨ ᠵᠤᠷᠢᠭ ᠰᠠᠨᠠᠭ᠎ᠠ ᠪᠠᠷ ᠢᠷᠡᠵᠤ ᠡᠳᠡᠭᠡᠷ ᠡᠯᠧᠮᠧᠨ᠋ᠲ ᠢ ᠦᠭᠡᠷᠡᠴᠢᠯᠡᠨ ᠨᠠᠶᠢᠷᠠᠭᠤᠯᠵᠠᠢ᠃ ᠡᠶᠢᠮᠤ ᠠᠴᠠ ᠵᠠᠩ ᠢ ᠮᠸᠤ ᠶᠢᠨ ᠲᠤᠭᠯᠠᠭᠰᠠᠨ ︽ᠲᠤᠯᠠᠭᠠᠨ︾ ᠬᠡᠬᠦ ᠺᠢᠨᠣ᠋ ᠨᠢ ᠦᠷᠦᠨᠡᠳᠡᠬᠢᠨ ᠳᠤ ᠦᠨᠡᠨᠳᠡᠭᠡᠨ ᠮᠡᠳᠡᠷᠡᠭᠳᠡᠵᠤ ᠴᠢᠳᠠᠭᠰᠠᠨ ᠦᠭᠡᠢ᠃ ᠵᠦᠪᠭᠡᠨ ᠰᠤᠶᠤᠯ ᠤᠨ ᠰᠤᠯᠢᠯᠴᠠᠭᠠᠨ ᠤ ᠡᠯᠧᠮᠧᠨ᠋ᠲ ᠯᠡ ᠲᠡᠳᠦᠢ ᠪᠤᠯᠵᠠᠢ᠃ ᠦᠷᠦᠨᠡᠳᠡᠬᠢᠨ ᠤ ᠬᠢᠨ ᠴᠤ ᠮᠠᠷᠺᠤ ᠫᠤᠯᠤ ᠶᠢ ᠮᠤᠩᠭᠤᠯ ᠬᠠᠭᠠᠨᠲᠤ ᠤᠯᠤᠰ ᠤᠨ ᠲᠦᠰᠢᠮᠡᠯ ᠭᠡᠵᠤ ᠤᠢᠢᠯᠠᠭᠠᠳᠠᠭ ︵ᠦᠨᠡᠨᠳᠡᠭᠡᠨ ᠮᠡᠷᠺᠤ ᠫᠤᠯᠤ ᠶᠤᠸᠠᠨ ᠤ ᠲᠦᠷᠦ ᠳᠤ ᠬᠤᠷᠢ ᠰᠢᠬᠠᠮ ᠵᠢᠯ ᠲᠤᠰᠢᠶᠠᠯ ᠡᠭᠦᠷᠬᠡᠯᠡᠬᠦ ᠳᠡᠭᠡᠨ ᠮᠤᠩᠭᠤᠯ ᠦᠭᠡ ᠶᠢ ᠤᠷᠤᠰᠤᠮ᠎ᠠ ᠶᠠᠷᠢᠳᠠᠭ ᠠᠴᠠ ᠪᠢᠰᠢ᠂ ᠭᠠᠭᠴᠠ ᠦᠭᠦᠯᠡᠪᠤᠷᠢ ᠬᠢᠳᠡᠳ ᠦᠭᠡ ᠶᠠᠷᠢᠵᠤ ᠴᠢᠳᠠᠳᠠᠭ ᠦᠭᠡᠢ︶᠃ ᠡᠨᠡ ᠨᠢ ᠳᠠᠷᠤᠢ ᠲᠤᠮᠳᠠᠳᠤ ᠵᠠᠭᠤᠨ ᠤ ᠦᠷᠦᠨᠡᠳᠡᠬᠢᠨ ᠤ ᠬᠦᠮᠦᠰ ᠤᠨ ᠵᠡᠭᠦᠨ ᠠᠽᠢᠶ᠎ᠠ ᠶᠢᠨ ᠰᠢᠷ᠎ᠠ ᠠᠷᠠᠰᠤᠲᠠᠨ ᠤ ᠲᠤᠬᠠᠢ ᠪᠦᠬᠦ ᠲᠠᠯ᠎ᠠ ᠶᠢᠨ ᠤᠢᠢᠯᠠᠭᠠᠯᠲᠠ᠃ ᠡᠶᠢᠮᠤ ᠠᠴᠠ ᠦᠷᠦᠨᠡᠳᠡᠬᠢᠨ ᠤ ᠬᠦᠮᠦᠰ ᠨᠢ ᠰᠢᠷ᠎ᠠ ᠠᠷᠠᠰᠤᠲᠠᠨ ᠢ ᠮᠤᠩᠭᠤᠯ ᠬᠦᠮᠦᠨ ᠭᠡᠵᠤ ᠳᠠᠭᠤᠳᠠᠬᠤ ᠳᠤ ᠦᠴᠤᠭᠡᠨ ᠴᠤ ᠰᠤᠴᠢᠨ ᠭᠠᠶᠢᠬᠠᠰᠢᠷᠠᠲᠠᠭ ᠦᠭᠡᠢ᠂ ᠳᠠᠳᠠᠨᠠᠷ ᠤᠳᠤ ᠴᠤ ᠭᠡᠰᠡᠨ ᠨᠡᠪᠳᠡᠷᠬᠡᠢ ᠲᠤᠯᠢ ᠳᠤ ᠪᠢᠴᠢᠭᠲᠡᠭᠰᠡᠨ ᠶᠠᠩᠵᠤ ᠪᠠᠷ ᠲᠠᠭᠤᠳᠠᠭᠰᠠᠭᠠᠷ ᠪᠤᠢ᠃     ︵ᠰᠤᠷᠪᠤᠯᠵᠢᠯᠠᠭᠴᠢ ᠰᠤᠳᠦᠪᠢᠯᠢᠭ ᠰᠦᠯᠵᠢᠶᠠᠨ ᠠᠴᠠ ᠨᠠᠶᠢᠷᠠᠭᠤᠯᠤᠨ ᠤᠷᠴᠢᠭᠤᠯᠪᠠ︶
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠡ ᠮᠠᠯᠴᠢᠳ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号