ᠮᠤᠩᠭᠤᠯ ᠨᠤᠮ ᠤᠨ ᠲᠠᠯᠠᠬᠡᠢ ᠶᠢᠨ ᠠᠪᠤᠷᠭᠤ — ︽ᠭᠠᠨᠵᠤᠤᠷ ᠳ᠋ᠠᠠᠵᠤᠤᠷ︾
ᠨᠡᠶᠢᠲᠡᠯᠡᠭᠰᠡᠨ ᠴᠠᠭ᠄
2018/4/2
         ᠦᠪᠤᠷ ᠮᠤᠩᠭᠤᠯ ᠤᠨ ᠨᠤᠮ ᠤᠨ ᠰᠠᠩ ᠤᠨ ᠰᠠᠴᠡᠡᠪᠢᠯᠢᠭ᠄ ︽ᠮᠠᠨ ᠤ ᠡᠨᠡ ᠠᠵᠢᠯ ᠢ ᠪᠢ ᠲᠠᠭᠠᠭᠠᠵᠤ ᠠᠪᠤᠭᠠᠤᠨ ᠨᠢᠬᠡᠨᠲᠠ ᠨᠠᠢᠮᠠᠨ ᠵᠢᠯ ᠪᠤᠯᠴᠢᠬᠠᠵᠠᠢ᠂ ᠡᠬᠢᠯᠠᠬᠡᠤᠨ ᠲᠤᠰᠬᠠᠢ ᠲᠤᠭᠤᠢᠢᠯᠡᠩ ᠪᠠᠶᠢᠭᠤᠯᠤᠨ᠂ ︽ᠭᠠᠨᠵᠤᠤᠷ ᠳ᠋ᠠᠠᠵᠤᠤᠷ︾ ᠢ ᠰᠢᠷᠪᠢᠵᠠᠢ᠃ ᠠᠩᠬ᠎ᠠ ᠡᠬᠢᠨ ᠳᠡᠭᠡᠨ 12 ᠬᠦᠮᠤᠨ ᠪᠠᠶᠢᠵᠤ᠂ ᠪᠢᠲᠠ ᠡᠩ ᠤᠨ ᠵᠦᠪᠯᠡᠭᠴᠢ ᠪᠠᠷ ᠤᠷᠤᠵᠤ᠂ ᠭᠠᠷᠤᠭᠰᠠᠨ ᠡᠬᠡ ᠬᠠᠭᠤᠲᠠᠰᠤ ᠶᠢ ᠬᠠᠷᠭᠤᠭᠤᠯᠤᠨ ᠦᠵᠠᠵᠤ᠂ ᠨᠠᠯᠢᠶᠠᠤᠨ ᠠᠷᠪᠢᠨ ᠢ ᠦᠵᠡᠭᠰᠡᠨ ᠤ ᠰᠠᠬᠦᠯᠠᠷ ᠡᠬᠢᠨ ᠤ ᠠᠷᠪᠠᠨ ᠪᠤᠲᠢ ᠶᠢ ᠬᠡᠪᠯᠠᠬᠦ ᠬᠡᠵᠤ ᠪᠠᠶᠢᠵᠠᠢ᠃ ᠨᠢᠬᠡ ᠪᠦᠯᠦᠭ ᠡᠬᠡ ᠪᠢᠴᠢᠭ ᠢᠶᠠᠨ ᠭᠠᠷ ᠤᠨ ᠦᠰᠦᠭ ᠵᠢᠷᠤᠭᠠᠤᠨ ᠬᠡᠪᠯᠠᠯ ᠳᠤ ᠲᠤᠰᠢᠶᠠᠬᠤ ᠪᠠᠷ ᠪᠠᠶᠢᠲᠠᠯ᠎ᠠ ᠰᠢᠷᠪᠢᠭᠰᠡᠨ ᠵᠦᠢᠯ ᠳᠤ ᠲᠤᠲᠠᠭᠤ ᠬᠡᠰᠡᠭ ᠭᠠᠷᠴᠤ᠂ ᠤᠯᠤᠰ ᠤᠨ ᠲᠤᠲᠤᠷ᠎ᠠ ᠠᠴᠠ ᠤᠯᠬᠤ ᠦᠬᠡᠢ᠂ ᠮᠤᠩᠭᠤᠯ ᠤᠯᠤᠰ ᠤᠨ ᠬᠢᠨ ᠲᠠᠢ ᠬᠠᠷᠢᠯᠴᠠᠨ᠂ ᠲᠠᠠᠲᠠ ᠠᠴᠠ ᠠᠪᠬᠤ ᠪᠠᠷ ᠲᠤᠷᠵᠢ᠂ ᠬᠤᠲᠠᠯᠠ ᠪᠢᠲᠠ ᠭᠤᠷᠪᠠᠭᠤᠯᠠ ᠤᠴᠢᠬᠤ ᠪᠠᠷ ᠲᠤᠭᠲᠠᠭᠠᠤᠨ ᠭᠠᠷᠠᠭ ᠤᠨ ᠨᠢᠬᠡᠨ ᠳᠤ ᠬᠦᠲᠠᠯᠬᠦ ᠪᠠᠷ ᠪᠤᠯᠤᠭᠰᠠᠨ ᠶᠤᠮ᠃ ᠢᠡᠭᠬᠢᠵᠤ ᠪᠢ ᠬᠦᠲᠠᠯᠬᠦ ᠠᠴᠠ ᠡᠮᠤᠨᠠᠬᠢ ᠭᠠᠷᠠᠭ ᠤᠨ ᠵᠢᠷᠭᠤᠭᠠᠨ ᠤ ᠡᠲᠤᠷ ᠬᠡᠪᠯᠠᠯ ᠳᠤ ᠤᠷᠤᠬᠤ ᠪᠠᠷ ᠪᠠᠯᠠᠬᠡᠨ ᠪᠤᠯᠤᠭᠠᠤᠨ ᠪᠠᠶᠢᠭᠰᠠᠨ ᠠᠷᠪᠠᠨ ᠪᠤᠲᠢ ᠶᠢᠨ ᠨᠢᠬᠡ ᠪᠤᠲᠢ ᠶᠢ ᠬᠠᠷᠭᠤᠭᠤᠯᠵᠤ ᠠᠮᠵᠢᠭ᠎ᠠ ᠦᠬᠡᠢ ᠪᠠᠶᠢᠭᠰᠠᠨ ᠢᠶᠠᠨ ᠪᠤᠲᠤᠵᠤ᠂ ᠰᠠᠨᠠᠭ᠎ᠠ ᠠᠮᠠᠷ ᠦᠬᠡᠢ ᠲᠠᠬᠢᠨ ᠤᠴᠢᠵᠤ ᠨᠢᠬᠡ ᠤᠷᠪᠠᠭᠤᠯᠤᠭᠰᠠᠨ ᠴᠢᠨᠢ ᠪᠠᠰᠠ ᠬᠤᠶᠡᠷ ᠬᠡᠰᠡᠭ ᠪᠤᠷᠤᠭᠤ ᠭᠠᠷᠤᠭᠠᠤᠨ ᠢᠷᠠᠴᠢᠬᠡᠵᠡᠢ᠃ ᠲᠠᠬᠡᠬᠡᠤᠨ ᠪᠢ ᠲᠠᠷᠠ ᠲᠤᠤᠷ᠎ᠠ ᠨᠢ ᠵᠦᠪᠯᠠᠯ ᠤᠨ ᠨᠦᠬᠦᠤᠨ ᠲᠤ ᠤᠲᠠᠰᠤ ᠠᠪᠴᠤ᠂ ︿ᠬᠡᠪᠯᠠᠵᠤ ᠪᠤᠯᠬᠤ ᠦᠬᠡᠢ᠂ ᠵᠠᠪᠠᠯ ᠲᠠᠬᠢᠵᠤ ᠦᠵᠠᠬᠦ ᠬᠡᠷᠡᠭᠲᠡᠢ᠂ ᠵᠠᠪᠠᠯ ᠤᠭ ᠡᠬᠡ ᠲᠠᠢ ᠨᠢ ᠬᠠᠷᠭᠤᠭᠤᠯᠵᠤ ᠦᠵᠠᠬᠦ ᠬᠡᠷᠡᠭᠲᠡᠢ﹀ ᠬᠡᠵᠤ ᠪᠦᠬᠦᠲᠠ ᠶᠢ ᠲᠠᠬᠢᠨ ᠨᠢᠬᠡ ᠨᠢᠬᠡ ᠬᠠᠭᠤᠲᠠᠰᠤ ᠪᠠᠷ ᠬᠠᠷᠭᠤᠭᠤᠯᠬᠤ ᠪᠠᠷ ᠲᠤᠭᠲᠠᠵᠤ᠂ ᠲᠠᠬᠢᠨ ᠡᠬᠢᠨ ᠠᠴᠠ ᠨᠢ ᠬᠠᠷᠭᠤᠭᠤᠯᠵᠠᠢ᠃ ᠲᠠᠬᠦᠨ ᠠᠴᠠ ᠬᠤᠶᠢᠰᠢ ᠪᠢᠲᠠ ᠬᠡᠪᠯᠠᠵᠤ ᠭᠠᠷᠭᠠᠭᠰᠠᠨ ᠡᠬᠡ ᠪᠢᠴᠢᠭ ᠢᠶᠠᠨ ᠪᠦᠬᠦᠲᠠ ᠶᠢ ᠤᠭ ᠡᠬᠡ ᠲᠠᠢ ᠨᠢ ᠨᠢᠬᠡ ᠨᠢᠬᠡ ᠪᠠᠷ ᠬᠠᠷᠭᠤᠭᠤᠯᠵᠤ ᠦᠵᠠᠵᠠᠢ᠃ ᠡᠨᠡ ᠪᠤᠯ ᠲᠤᠮᠤ ᠶᠡᠭᠡ ᠠᠵᠢᠯ᠂ ᠶᠡᠭᠡ ᠬᠦᠴᠤ ᠬᠦᠲᠠᠯᠮᠤᠷᠢ ᠵᠠᠷᠤᠴᠠᠭᠤᠯᠤᠭᠰᠠᠨ᠃ ᠬᠦᠮᠤᠨ ᠤ ᠬᠦᠴᠤ ᠂ ᠴᠠᠭ ᠶᠡᠭᠡ ᠤᠷᠤᠭᠤᠯᠤᠭᠰᠠᠨ᠃ ᠭᠠᠷᠴᠠᠭ ᠬᠢᠬᠦ ᠶᠠᠪᠤᠴᠠ ᠲᠤᠮᠲᠠ ᠴᠤ ᠪᠢᠲᠠ ᠠᠭᠤᠯᠭ᠎ᠠ ᠶᠢ ᠶᠡᠭᠡ ᠠᠩᠬᠠᠷᠴᠤ ᠪᠠᠶᠢᠭᠰᠠᠨ᠃ ᠠᠷᠪᠠᠭᠠᠤᠨ ᠬᠦᠮᠤᠨ ᠲᠠᠢ ᠪᠠᠶᠢᠬᠤ ᠳᠤ ᠲᠠᠪᠢᠭᠠᠤᠨ ᠪᠤᠲᠢ ᠶᠢ ᠦᠵᠠᠵᠤ᠂ ᠬᠡᠪᠯᠠᠯ ᠤᠨ ᠠᠵᠢᠯ ᠪᠠᠯᠠ ᠮᠦᠡᠭᠬᠦ ᠵᠡᠷᠬᠡ ᠲᠠᠯ᠎ᠠ ᠶᠢᠨ ᠰᠢᠯᠲᠠᠭᠠᠨ ᠠᠴᠠ ᠬᠤᠶᠡᠷ ᠵᠢᠯ ᠰᠢᠬᠠᠭᠤ ᠵᠤᠭᠰᠤᠭᠰᠠᠨ᠂ ᠰᠠᠬᠦᠯᠠᠷ ᠨᠢ ᠨᠠᠮ ᠵᠠᠰᠠᠭ ᠤᠨ ᠲᠠᠮᠵᠢᠯᠬᠡ ᠪᠠᠷ ᠠᠵᠢᠯ ᠢᠶᠠᠨ ᠲᠠᠬᠢᠨ ᠡᠬᠢᠯᠠᠬᠦᠯᠵᠤ᠂ ᠤᠤᠯ ᠤᠨ 12 ᠬᠦᠮᠤᠨ ᠪᠠᠶᠢᠭᠰᠠᠨ ᠢᠶᠠᠨ ᠲᠠᠬᠢᠨ ᠴᠡᠭᠴᠠᠯᠠᠵᠤ 5 ᠬᠦᠮᠤᠨ ᠪᠤᠯᠭᠠᠵᠤ᠂ ᠨᠠᠮᠠᠢᠢ ᠲᠠᠳ᠋ ᠶᠠᠷᠤᠩᠬᠡᠢ ᠨᠠᠶᠢᠷᠠᠭᠤᠯᠤᠭᠴᠢ᠂ ᠡᠬᠦᠨ ᠠᠴᠠ ᠭᠠᠲᠠᠨ᠎ᠠ ᠲᠤᠶᠠᠭ᠎ᠠ᠂ ᠰᠠᠴᠡᠩᠭᠤᠸ᠎ᠠ᠂ ᠬᠠᠰᠬᠡᠷᠡᠯ ᠪᠢᠲᠠ ᠲᠠᠪᠤᠭᠤᠯᠠ ᠭᠤᠤᠯᠯᠠᠨ ᠬᠢᠵᠠᠢ᠃ ᠬᠡᠪᠯᠠᠯ ᠳᠤ ᠬᠦᠴᠤ ᠤᠷᠤᠨ᠎ᠠ᠂ ᠴᠠᠭ ᠵᠠᠷᠤᠴᠠᠭᠤᠯᠤᠨ᠎ᠠ᠂ ᠢᠯᠡᠩᠭᠤᠶ᠎ᠠ ᠪᠦᠬᠦᠲᠠ ᠭᠠᠷᠴᠠᠭ ᠢ ᠪᠢ ᠨᠠᠶᠢᠷᠠᠭᠤᠯᠤᠭᠰᠠᠨ ᠠᠴᠠ ᠪᠤᠷᠤᠭᠤ ᠪᠤᠯᠬᠤ ᠠᠴᠠ ᠶᠡᠭᠡ ᠬᠢᠴᠢᠶᠠᠵᠤ ᠪᠠᠶᠢᠭᠰᠠᠨ᠃ ᠡᠨᠡ ᠬᠤᠭᠤᠷᠤᠠᠲᠤ ᠤᠤᠯ ᠤᠨ ᠡᠬᠡ ᠪᠢᠴᠢᠭ ᠪᠦᠷᠢᠨ ᠦᠬᠡᠢ ᠲᠤᠲᠠᠭᠤ ᠪᠠᠶᠢᠬᠤ ᠪᠠᠶᠢᠲᠠᠯ ᠤᠯᠠᠨ ᠭᠠᠷᠴᠤ᠂ ᠤᠯᠤᠰ ᠤᠨ ᠲᠤᠲᠤᠨ᠎ᠠ ᠭᠠᠲᠠᠨ᠎ᠠ ᠠᠴᠠ ᠪᠠᠭᠠᠬᠠᠨ ᠰᠦᠪᠡᠭᠴᠢᠯᠡᠭᠰᠡᠨ᠃ ᠡᠬᠡ ᠪᠢᠴᠢᠭ ᠢ ᠬᠠᠷᠭᠤᠭᠤᠯᠵᠤ ᠪᠠᠶᠢᠲᠠᠯ᠎ᠠ ᠵᠦᠪᠯᠠᠯ ᠤᠨ ᠲᠤᠶᠠᠭ᠎ᠠ ᠪᠤᠯᠭᠤᠮᠵᠢ ᠦᠬᠡᠢ ᠠᠴᠠ ᠬᠦᠯ ᠤᠨ ᠶᠠᠰᠤ ᠪᠠᠨ ᠬᠡᠮᠲᠤᠬᠡᠵᠤ᠂ ᠢᠷᠠᠵᠤ ᠲᠠᠶᠢᠯᠬᠦ ᠦᠬᠡᠢ ᠪᠢᠲᠠ ᠬᠡᠷ ᠲᠤᠨᠢ ᠬᠦᠷᠬᠡᠵᠤ ᠬᠠᠷᠭᠤᠭᠤᠯᠵᠤ ᠪᠠᠶᠢᠭᠰᠠᠨ᠃ ᠭᠠᠷᠠᠭ ᠤᠨ ᠠᠮᠠᠷᠠᠯᠲᠠ ᠶᠢᠨ ᠴᠠᠭ ᠢᠶᠠᠨ ᠵᠠᠷᠤᠴᠠᠭᠤᠯᠬᠤ ᠪᠤᠶᠤ ᠰᠦᠨᠢ ᠤᠷᠤᠢ ᠪᠠᠷ ᠬᠠᠷᠭᠤᠭᠤᠯᠬᠤ ᠪᠤᠯ ᠦᠷᠬᠦᠯᠵᠢ ᠶᠢᠨ ᠤᠴᠢᠷ︾ ᠬᠡᠵᠤ ᠶᠠᠷᠢᠯ᠎ᠠ᠃        ᠡᠨᠡ ᠮᠠᠲᠤ ᠪᠠᠷ ︽ᠭᠠᠨᠵᠤᠤᠷ ᠳ᠋ᠠᠠᠵᠤᠤᠷ︾ ᠤᠨ ᠬᠡᠪᠯᠡᠭᠲᠡᠭᠰᠡᠨ 15 ᠬᠠᠪᠤᠷ ᠨᠠᠮᠤᠷ ᠤᠨ ᠦᠯᠢᠬᠡᠷ ᠤᠴᠢᠷ ᠢ ᠡᠨᠡ ᠬᠠᠭᠤᠲᠠᠰᠤᠨ ᠳᠤ ᠪᠢᠴᠢᠬᠡᠤᠨ ᠪᠠᠭᠲᠠᠬᠤ ᠦᠬᠡᠢ ᠨᠢ ᠮᠠᠲᠠᠬᠡᠵᠢ᠃ ᠡᠶᠢᠠᠬᠦ ᠮᠤᠩᠭᠤᠯ ︽ᠭᠠᠨᠵᠤᠤᠷ ᠳ᠋ᠠᠠᠵᠤᠤᠷ︾  ᠢ ᠬᠡᠷᠡᠯ ᠵᠢᠷᠤᠭ ᠤᠨ ᠬᠡᠪᠯᠠᠯ ᠢᠶᠠᠷ ᠬᠡᠪᠯᠠᠬᠦᠯᠬᠦ ᠠᠵᠢᠯ 2007 ᠤᠨ ᠠᠴᠠ ᠵᠢᠩᠬᠢᠨᠢ ᠪᠠᠷ ᠡᠬᠢᠯᠠᠵᠠᠢ᠃ 1999 ᠤᠨ ᠤ 3 ᠰᠠᠷ᠎ᠠ ᠳᠤ ᠮᠤᠩᠭᠤᠯ ︽ᠭᠠᠨᠵᠤᠤᠷ ᠳ᠋ᠠᠠᠵᠤᠤᠷ︾ ᠢ ᠠᠪᠤᠷᠠᠨ ᠬᠡᠪᠯᠠᠬᠦᠯᠬᠦ ᠪᠠᠷ ᠰᠠᠨᠠᠯ ᠲᠠᠪᠰᠢᠬᠦᠯᠦᠭᠰᠡᠨ ᠠᠴᠠ ᠤᠲᠤᠬᠠᠨ ᠬᠦᠷᠲᠠᠯ᠎ᠠ ᠨᠢᠬᠡᠨᠲᠠ 15 ᠵᠢᠯ ᠪᠤᠯᠴᠢᠬᠠᠯ᠎ᠠ᠂ ᠡᠨᠡ ᠬᠤᠭᠤᠷᠤᠠᠲᠤ ᠦᠪᠠᠷᠲᠠᠬᠡᠨ ᠵᠠᠰᠠᠬᠤ ᠤᠷᠤᠨ ᠤ ᠤᠬᠠᠭᠤᠯᠬᠤ ᠬᠡᠯᠲᠠᠰ ᠤᠨ ᠭᠤᠷᠪᠠᠨ ᠦᠶ᠎ᠠ ᠶᠢᠨ ᠤᠲᠤᠷᠢᠲᠤᠯᠭ᠎ᠠ ᠨᠠᠷ ᠪᠠᠶ᠎ᠠ ᠪᠠᠷ ᠢᠶᠠᠨ ᠤᠷᠤᠯᠴᠠᠨ ᠵᠢᠭᠠᠨ ᠵᠢᠯᠤᠭᠤᠲᠤᠯᠭ᠎ᠠ ᠬᠢᠵᠠᠢ᠃ ᠦᠪᠤᠷ ᠮᠤᠩᠭᠤᠯ ᠤᠨ ᠨᠠᠶᠢᠬᠡᠮ ᠤᠨ ᠰᠢᠠᠵᠢᠯᠠᠬᠦ ᠤᠬᠠᠭᠠᠨ ᠤ ᠬᠦᠷᠢᠶᠠᠯᠡᠩ᠂ ᠦᠪᠤᠷ ᠮᠤᠩᠭᠤᠯ ᠤᠨ ᠨᠤᠮ ᠤᠨ ᠰᠠᠩ᠂ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠦᠪᠤᠷ ᠮᠤᠩᠭᠤᠯ ᠤᠨ ᠤᠯᠠᠨ ᠤᠯᠤᠰ ᠤᠨ ᠰᠤᠶᠤᠯ ᠤᠨ ᠰᠤᠯᠢᠯᠴᠠᠭᠠᠨ ᠤ ᠲᠦᠪ᠂ ᠦᠪᠤᠷ ᠮᠤᠩᠭᠤᠯ ᠤᠨ ᠠᠷᠠᠤᠨ ᠤᠨ ᠬᠡᠪᠯᠠᠯ ᠤᠨ ᠬᠤᠷᠢᠶ᠎ᠠ᠂ ᠦᠪᠤᠷ ᠮᠤᠩᠭᠤᠯ ᠤᠨ ᠬᠡᠪᠯᠠᠯ ᠤᠨ ᠪᠦᠯᠦᠭᠯᠡᠯ ᠵᠡᠷᠬᠡ ᠠᠯᠪᠠᠨ ᠨᠢᠬᠡᠴᠠ ᠶᠢᠨ ᠬᠢᠨ ᠴᠤ ᠲᠤᠰ ᠠᠵᠢᠯᠯᠠᠭ᠎ᠠ ᠳᠤ ᠬᠦᠮᠤᠨ ᠤ ᠬᠦᠴᠤ ᠪᠤᠶᠤ ᠪᠤᠲᠠᠰ ᠤᠨ ᠲᠠᠮᠵᠢᠯᠬᠡ ᠦᠵᠠᠬᠦᠯᠵᠠᠢ᠃ ᠦᠪᠤᠷ ᠮᠤᠩᠭᠤᠯ ᠤᠨ ᠨᠠᠶᠢᠬᠡᠮ ᠤᠨ ᠰᠢᠠᠵᠢᠯᠠᠬᠦ ᠤᠬᠠᠭᠠᠨ ᠤ ᠬᠦᠷᠢᠶᠠᠯᠡᠩ ᠤᠨ ᠬᠠᠪᠰᠤᠷᠤᠯᠭ᠎ᠠ ᠲᠠᠮᠵᠢᠯᠬᠡ ᠶᠢ ᠤᠠᠴᠠᠭᠠᠢᠢᠯᠠᠨ ᠲᠤᠷᠠᠲᠤᠭᠤᠰᠢᠲᠠᠢ᠃     ᠮᠤᠩᠭᠤᠯ ᠨᠤᠮ ᠤᠨ ᠲᠠᠯᠠᠬᠡᠢ ᠶᠢᠨ ᠠᠪᠤᠷᠭᠤ ︽ᠭᠠᠨᠵᠤᠤᠷ ᠳ᠋ᠠᠠᠵᠤᠤᠷ︾       ᠭᠠᠨᠵᠤᠤᠷ ᠳ᠋ᠠᠠᠵᠤᠤᠷ ᠪᠤᠯ ᠪᠤᠷᠬᠠᠨ ᠱᠠᠰᠢᠨ ᠤ ᠨᠤᠮ ᠲᠠᠲᠤᠢ ᠦᠬᠡᠢ ᠮᠦᠠᠴᠤ ᠡᠷᠲᠠᠨ ᠤ ᠦᠶᠠᠰ ᠤᠨ ᠬᠦᠨ ᠤᠬᠠᠭᠠᠨ᠂ ᠲᠠᠤᠬᠡ᠂ ᠬᠡᠯᠡ ᠪᠢᠴᠢᠭ᠂ ᠤᠤᠠᠬ᠎ᠠ ᠵᠤᠬᠢᠶᠠᠯ᠂ ᠤᠷᠠᠯᠢᠭ᠂ ᠤᠲᠤᠨ ᠵᠢᠷᠤᠬᠠᠢ᠂ ᠠᠨᠠᠭᠠᠬᠤ ᠤᠬᠠᠭᠠᠨ᠂ ᠪᠠᠷᠢᠯᠭ᠎ᠠ ᠶᠢᠨ ᠤᠬᠠᠭᠠᠨ᠂ ᠠᠮᠢ ᠠᠬᠤᠢ᠂ ᠮᠠᠯ ᠮᠠᠯᠵᠢᠯ ᠵᠡᠷᠬᠡ ᠶᠢ ᠬᠠᠮᠤᠷᠤᠭᠰᠠᠨ ᠰᠢᠠᠵᠢᠯᠠᠬᠦ ᠤᠬᠠᠭᠠᠨ ᠤ ᠬᠦᠠ ᠬᠦᠠᠵᠠᠬᠡᠢ ᠤᠤᠠᠬ᠎ᠠ ᠠᠭᠤᠯᠭ᠎ᠠ ᠲᠠᠢ ᠨᠠᠪᠲᠠᠷᠬᠡᠢ ᠲᠤᠯᠢ ᠶᠢᠨ ᠰᠢᠠᠵᠢ ᠴᠢᠨᠠᠷᠲᠠᠢ ᠠᠪᠤᠷᠭᠤ ᠪᠦᠲᠤᠬᠡᠯ ᠶᠤᠮ᠃ ᠤᠲᠤᠬᠠᠨ ᠳᠤ ᠡᠬᠦᠨ ᠢ ᠰᠤᠲᠤᠯᠬᠤ ᠳᠤ ᠲᠠᠩ ᠭᠠᠭᠴᠠ ᠱᠠᠰᠢᠨ ᠤ ᠡᠬᠦᠲᠠᠨ ᠠᠴᠠ ᠰᠤᠲᠤᠯᠬᠤ ᠪᠢᠰᠢ᠂ ᠦᠰᠦᠭ ᠪᠢᠴᠢᠭ᠂ ᠤᠷᠴᠢᠭᠤᠯᠭ᠎ᠠ ᠲᠠᠢ ᠬᠤᠯᠪᠤᠭᠲᠠᠵᠤ᠂ ᠮᠤᠩᠭᠤᠯ ᠦᠠᠲᠤᠰᠤᠲᠠᠨ ᠤ ᠪᠦᠬᠦ ᠦᠬᠡ ᠬᠡᠯᠡ᠂ ᠦᠰᠦᠭ ᠪᠢᠴᠢᠭ ᠤᠨ ᠬᠦᠭᠵᠢᠯᠲᠠ ᠶᠢᠨ ᠶᠠᠪᠤᠴᠠ ᠳᠤ ᠴᠤ ᠮᠠᠰᠢ ᠶᠡᠭᠡ ᠰᠤᠲᠤᠯᠭᠠᠨ ᠤ ᠦᠨ᠎ᠠ ᠦᠷᠲᠡᠭ ᠲᠠᠢ ᠪᠢᠯᠠ᠃       ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ ᠦ᠊ · ᠨᠠᠷᠠᠠᠪᠠᠲᠤ᠄ ︽︿ᠭᠠᠨᠵᠤᠤᠷ ᠳ᠋ᠠᠠᠵᠤᠤᠷ﹀ ᠢ ᠮᠤᠩᠭᠤᠯ ᠢᠶᠠᠷ ᠡᠮᠬᠢᠯᠠᠨ ᠬᠡᠪᠯᠡᠬᠦᠯᠦᠭᠰᠡᠨ ᠶᠠᠪᠤᠲᠠᠯ ᠪᠤᠯ ᠮᠤᠩᠭᠤᠯ ᠰᠤᠶᠤᠯ ᠤᠨ ᠲᠠᠤᠬᠡᠨ ᠳᠠᠬᠢ ᠲᠤᠮᠤ ᠶᠠᠪᠤᠲᠠᠯ ᠮᠦᠨ᠂ ᠢᠯᠡᠩᠭᠤᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠢᠨ ᠪᠦᠷ ᠴᠢᠬᠤᠯᠠᠴᠢᠯᠠᠨ ᠦᠵᠠᠵᠤ᠂ ᠪᠡᠬᠡᠵᠢᠩ ᠤᠨ ᠨᠠᠶᠢᠷᠠᠯᠲᠤ ᠨᠠᠶᠢᠷᠠᠮᠲᠠᠭᠤ ᠬᠡᠶᠢᠤᠨ ᠵᠡᠷᠬᠡ ᠰᠦᠮ᠎ᠠ ᠤᠳ ᠪᠦᠷ ᠢᠲᠠᠪᠬᠢᠲᠠᠢ ᠵᠠᠬᠢᠶᠠᠯᠠᠨ᠂ ᠵᠠᠷᠢᠮ ᠬᠤᠪᠢ ᠬᠦᠮᠤᠰ ᠴᠤ ᠡᠷᠲᠠ ᠠᠴᠠ ᠵᠠᠬᠢᠶᠠᠯᠠᠨ ᠠᠪᠴᠤ ᠪᠤᠢ᠃ ᠡᠨᠡᠬᠦ ᠮᠤᠩᠭᠤᠯ ᠪᠦᠷᠢᠨ ᠬᠡᠪᠯᠠᠯ ᠭᠠᠷᠤᠭᠰᠠᠨ ᠤ ᠲᠠᠷᠠᠭ᠎ᠠ ᠤᠬᠠᠭᠤᠯᠬᠤ ᠬᠡᠯᠲᠠᠰ᠂ ᠦᠠᠲᠤᠰᠤᠲᠠᠨ ᠤ ᠬᠡᠷᠡᠭ ᠡᠷᠬᠢᠯᠠᠬᠦ ᠵᠦᠪᠯᠠᠯ᠂ ᠱᠠᠰᠢᠨ ᠰᠤᠷᠲᠠᠬᠤᠨ ᠤ ᠲᠤᠪᠴᠢᠶ᠎ᠠ ᠵᠡᠷᠬᠡ ᠤᠲᠤᠷᠢᠲᠤᠯᠭ᠎ᠠ ᠶᠢᠨ ᠲᠠᠯ᠎ᠠ ᠬᠢᠨ ᠴᠤ ᠪᠦᠷ ᠬᠦᠠᠲᠤᠤᠠᠬᠡᠨ ᠦᠵᠠᠵᠤ᠂ ᠨᠠᠶᠢᠬᠡᠮ ᠳᠤ ᠲᠤᠮᠤ ᠶᠡᠭᠡ ᠨᠦᠯᠤᠬᠡ ᠲᠤᠰᠬᠠᠯ ᠭᠠᠷᠴᠠᠢ᠃ ᠡᠷᠲᠠᠮ ᠰᠢᠠᠵᠢᠯᠠᠬᠡᠨ ᠤ ᠬᠢᠨ ᠴᠤ ︿ᠭᠠᠨᠵᠤᠤᠷ ᠳ᠋ᠠᠠᠵᠤᠤᠷ ﹀ ᠤᠨ ᠬᠡᠪᠯᠡᠭᠲᠡᠭᠰᠡᠨ ᠪᠤᠯ ᠮᠤᠩᠭᠤᠯ ᠰᠤᠶᠤᠯ ᠤᠨ ᠲᠠᠤᠬᠡᠨ ᠳᠤ ᠠᠩᠬ᠎ᠠ ᠭᠠᠷᠴᠤ ᠪᠠᠶᠢᠭ᠎ᠠ ᠠᠪᠤᠷᠭᠤ ᠪᠦᠲᠤᠬᠡᠯ ᠬᠡᠮᠡᠨ ᠦᠵᠠᠵᠤ᠂ ᠰᠤᠲᠤᠯᠭᠠᠨ ᠳᠤ ᠬᠡᠷᠡᠭᠲᠡᠢ ᠪᠠᠷ ᠪᠠᠷᠠᠬᠤ ᠦᠬᠡᠢ ᠦᠠᠲᠤᠰᠤᠲᠠᠨ ᠤ ᠰᠤᠶᠤᠯ ᠤᠨ ᠲᠠᠯ᠎ᠠ ᠪᠠᠷ ᠤᠯᠠᠮ ᠶᠡᠭᠡ ᠦᠨᠠᠯᠠᠬᠦᠰᠢᠲᠠᠢ ᠬᠡᠵᠤ ᠪᠤᠢ᠃       ᠮᠤᠩᠭᠤᠯᠴᠤᠤᠨ ᠢᠡᠭᠬᠢᠵᠤ ᠮᠤᠩᠭᠤᠯ ︿ᠭᠠᠨᠵᠤᠤᠷ ᠳ᠋ᠠᠠᠵᠤᠤᠷ﹀ ᠢ ᠬᠡᠪᠯᠠᠬᠦᠯᠬᠦ ᠪᠠᠷ ᠤᠲᠠᠭᠠᠨ ᠵᠢᠯ ᠤᠨ ᠲᠤᠷᠰᠢ ᠴᠢᠷᠮᠠᠶᠢᠭᠰᠠᠭᠠᠷ ᠢᠷᠠᠵᠤ᠂ ᠪᠠᠶᠠᠯᠡᠭᠲᠡᠭᠰᠡᠨ ᠨᠢ ᠤᠯᠠᠨ ᠤᠯᠤᠰ ᠤᠨ ᠮᠤᠩᠭᠤᠯ ᠰᠤᠲᠤᠯᠭᠠᠨ ᠳᠤ ᠠᠪᠴᠤ ᠬᠡᠯᠡᠭᠰᠡᠨ ᠴᠤ ᠲᠤᠮᠤ ᠶᠠᠪᠤᠲᠠᠯ᠃ ᠮᠤᠩᠭᠤᠯ ᠰᠤᠶᠤᠯ᠂ ᠮᠤᠩᠭᠤᠯ ᠰᠤᠲᠤᠯᠭᠠᠨ ᠤ ᠲᠠᠤᠬᠡᠨ ᠳᠤ ᠪᠦᠷ ᠭᠠᠪᠢᠶᠠᠲᠤ ᠲᠤᠮᠤ ᠶᠠᠪᠤᠲᠠᠯ ᠮᠦᠨ︾ ᠬᠡᠵᠡᠢ᠃       — ᠡᠨᠡ ᠬᠦ ᠠᠵᠢᠯ ᠢ ᠪᠦᠷᠢᠨ ᠪᠦᠲᠤᠨ ᠪᠤᠯᠭᠠᠬᠤ ᠳᠤ ᠠᠯᠳ᠋ᠬᠠᠤᠷᠬᠢᠯ ᠪᠠᠭᠰᠢ ᠶᠡᠭᠡ ᠭᠠᠪᠢᠶ᠎ᠠ ᠲᠠᠢ᠂ ᠲᠤᠬᠠᠢ ᠶᠢᠨ ᠦᠶ᠎ᠠ ᠳᠤ ᠰᠠᠨᠠᠯ ᠲᠤᠷᠠᠲᠤᠯᠭ᠎ᠠ ᠭᠠᠷᠭᠠᠵᠤ᠂ ᠤᠯᠤᠰ ᠠᠴᠠ ᠲᠦᠯᠤᠪᠯᠡᠭᠡ ᠪᠦᠷ ᠲᠤᠭᠲᠠᠭᠰᠠᠨ ᠴᠤ ᠵᠤᠭᠤᠰ ᠮᠦᠡᠭᠬᠦ ᠲᠤᠲᠠᠭᠲᠠᠬᠤ ᠠᠴᠠ ᠬᠡᠰᠡᠭ ᠬᠤᠭᠤᠴᠠᠭ᠎ᠠ ᠡᠬᠢᠯᠠᠵᠤ ᠲᠠᠶᠢᠯᠬᠦ ᠦᠬᠡᠢ ᠶᠡᠭᠡ ᠭᠠᠴᠢᠭᠲᠠᠵᠠᠢ᠂ ᠲᠤᠰᠬᠠᠢ ᠲᠦᠰᠤᠪ ᠭᠠᠷᠭᠠᠵᠤ ᠲᠤᠤᠱᠯᠠᠭᠤᠯᠬᠤ ᠶᠢᠨ ᠲᠦᠯᠤᠬᠡ ᠠᠯᠳ᠋ᠬᠠᠤᠷᠬᠢᠯ ᠪᠠᠭᠰᠢ ᠪᠡᠬᠡᠵᠢᠩ ᠤᠷᠤᠭᠤ ᠠᠲᠠᠭ ᠨᠢ 10 ᠤᠲᠠᠭ᠎ᠠ ᠬᠦᠶᠤᠵᠤ᠂ ᠰᠠᠬᠦᠯᠠᠷ ᠨᠢ ᠨᠠᠮ ᠵᠠᠰᠠᠭ ᠤᠨ ᠲᠠᠮᠵᠢᠯᠬᠡ ᠲᠤᠤᠷ᠎ᠠ ᠲᠤᠰᠬᠠᠢ ᠪᠠᠯᠠ ᠮᠦᠡᠭᠬᠦ ᠤᠯᠵᠤ ᠠᠵᠢᠯ ᠢᠶᠠᠨ ᠵᠢᠩᠬᠢᠨᠢ ᠪᠠᠷ ᠡᠬᠢᠯᠠᠬᠦᠯᠵᠠᠢ᠃ ᠤᠤᠯ ᠨᠢ ᠵᠠᠷᠢᠮ ᠨᠦᠬᠦᠤᠨ ᠨᠠᠷ ᠡᠨᠡ ᠠᠵᠢᠯ ᠢ ᠤᠢᠢᠯᠠᠭᠠᠬᠤ ᠦᠬᠡᠢ ᠪᠠᠶᠢᠵᠠᠢ᠃ ᠬᠡᠬᠦ ᠳᠤ ᠪᠢᠲᠠ ᠡᠬᠦᠨ ᠢ ᠬᠡᠪᠯᠠᠬᠦᠯᠬᠦ ᠶᠢᠨ ᠠᠴᠢ ᠬᠤᠯᠪᠤᠭᠲᠠᠯ ᠢ ᠮᠠᠲᠠᠵᠤ ᠪᠠᠶᠢᠭᠰᠠᠨ ᠪᠤᠯᠬᠤᠷ ᠯᠠᠪ ᠪᠦᠲᠤᠵᠤ ᠲᠠᠶᠢᠯᠤᠨ᠎ᠠ ᠬᠡᠵᠤ ᠰᠠᠤᠠᠬᠢᠯ ᠳᠡᠭᠡᠨ ᠢᠲᠠᠬᠡᠯ ᠲᠠᠢ᠃ ᠪᠢᠲᠠ ᠦᠠᠲᠤᠰᠤᠲᠠᠨ ᠤ ᠰᠤᠶᠤᠯ᠂ ᠦᠪ ᠢᠶᠠᠨ ᠠᠪᠤᠷᠠᠵᠤ ᠪᠠᠶᠢᠭ᠎ᠠ ᠡᠶᠢᠮᠤ ᠠᠪᠤᠷᠭᠤ ᠠᠵᠢᠯ ᠬᠢᠵᠤ ᠪᠦᠲᠤᠬᠡᠭᠰᠡᠨ ᠳᠡᠭᠡᠨ ᠶᠡᠭᠡ ᠤᠮᠤᠭᠰᠢᠯᠲᠠᠢ ᠪᠠᠶᠢᠨ᠎ᠠ᠃ ᠤᠤᠯ ᠨᠢ ᠬᠠᠭᠠᠰ ᠬᠢᠵᠤ ᠪᠠᠶᠢᠬᠤ ᠳᠤ ᠵᠠᠬᠢᠶᠠᠯᠠᠬᠤ ᠬᠦᠮᠤᠨ ᠦᠬᠡᠢ᠂ ᠤᠲᠤ ᠬᠡᠪᠯᠡᠭᠲᠡᠬᠡᠤᠨ ᠢᠷᠠᠬᠦ ᠪᠠᠷ ᠬᠦᠮᠤᠰ ᠦᠨᠠᠮᠰᠢᠵᠤ᠂ ᠵᠠᠬᠢᠶᠠᠯᠠᠶ᠎ᠠ ᠬᠡᠬᠦ ᠳᠤ ᠤᠯᠲᠠᠬᠤ ᠦᠬᠡᠢ ᠪᠤᠯᠴᠢᠬᠠᠵᠠᠢ ᠬᠡᠵᠤ ᠰᠠᠴᠡᠡᠪᠢᠯᠢᠭ ᠶᠠᠷᠢᠵᠤ ᠪᠠᠶᠢᠪᠠ᠃          ᠤᠢᠢᠯᠠᠭᠠᠭᠰᠠᠨ ᠢᠶᠠᠷ᠂ ᠡᠨᠡᠬᠦ ᠬᠡᠷᠡᠯ ᠵᠢᠷᠤᠭ ᠤᠨ ᠬᠡᠪᠯᠠᠯ ᠤᠨ ︽ᠭᠠᠨᠵᠤᠤᠷ ᠳ᠋ᠠᠠᠵᠤᠤᠷ︾ ᠢ ᠵᠠᠷᠢᠮ ᠠᠶᠢᠮᠠᠭ ᠬᠤᠲᠠ᠂ ᠬᠤᠰᠢᠭᠤ ᠰᠢᠶᠠᠨ ᠤ ᠨᠤᠮ ᠤᠨ ᠰᠠᠩ ᠤᠨ ᠬᠢᠨ ᠵᠠᠯᠠᠭᠰᠠᠨ ᠢᠶᠠᠷ ᠪᠠᠷᠠᠬᠤ ᠦᠬᠡᠢ᠂ ᠬᠤᠪᠢ ᠬᠦᠮᠤᠨ ᠴᠤ ᠬᠡᠷ ᠲᠡᠭᠡᠨ ᠵᠠᠯᠠᠭᠰᠠᠨ ᠪᠠᠶᠢᠲᠠᠭ᠃ ᠦᠤᠰᠢᠨ ᠬᠤᠰᠢᠭᠤᠨ ᠤ ᠮᠠᠯᠴᠢᠨ ᠠᠯᠲᠡᠡᠪᠢᠯᠢᠭ ᠤᠨ ᠬᠢᠨ ᠪᠤᠯ ᠬᠤᠪᠢ ᠶᠢᠨ ᠰᠦᠢᠤᠠᠬᠡᠯ ᠢᠶᠠᠷ ᠢᠶᠠᠨ ᠲᠤᠰᠬᠠᠢᠢᠯᠠᠨ ᠵᠠᠯᠠᠭᠰᠠᠨ ᠬᠤᠪᠢ ᠬᠦᠮᠤᠨ ᠤ ᠨᠢᠬᠡ ᠨᠢ ᠶᠤᠮ᠃ ᠲᠠᠷᠠ᠄ ︽︿ᠭᠠᠨᠵᠤᠤᠷ ᠳ᠋ᠠᠠᠵᠤᠤᠷ﹀ ᠪᠤᠯ ᠮᠤᠩᠭᠤᠯ ᠨᠤᠮ ᠬᠡᠪᠯᠠᠯ ᠤᠨ ᠴᠢᠬᠤᠯᠠ ᠲᠤᠷᠠᠰᠬᠠᠯ ᠪᠤᠯᠬᠤ ᠪᠠᠷ ᠪᠠᠷᠠᠬᠤ ᠦᠬᠡᠢ᠂ ᠮᠤᠩᠭᠤᠯᠴᠤᠤᠨ ᠢ ᠤᠲᠠᠭᠠᠨ ᠵᠢᠯ ᠢᠶᠠᠷ ᠨᠦᠯᠤᠬᠡᠯᠡᠭᠰᠡᠬᠡᠷ ᠢᠷᠡᠭᠰᠡᠨ᠂ ᠬᠦᠮᠤᠨ ᠪᠦᠬᠦᠨ ᠮᠠᠲᠡᠲᠡᠭ ᠠᠲᠠᠯ᠎ᠠ ᠪᠠᠨ ᠲᠠᠷᠠ ᠪᠤᠯᠭᠠᠨ ᠬᠦᠮᠤᠨ ᠤᠯᠵᠤ ᠬᠠᠷᠠᠭ᠎ᠠ ᠦᠬᠡᠢ᠂ ᠬᠠᠷᠠᠬᠤ ᠴᠤ ᠪᠤᠯᠤᠮᠵᠢ ᠪᠠᠭ᠎ᠠ᠂ ᠬᠦᠯᠬᠡᠨ ᠰᠤᠲᠤᠷ ᠪᠢᠯᠠ᠃ ᠦᠨᠤᠲᠤᠷ ︿ᠭᠠᠨᠵᠤᠤᠷ ᠳ᠋ᠠᠠᠵᠤᠤᠷ﹀ ᠤᠨ ᠬᠡᠷᠡᠯ ᠵᠢᠷᠤᠭ ᠤᠨ ᠬᠡᠪᠯᠠᠯ ᠬᠡᠪᠯᠡᠭᠲᠡᠭᠰᠡᠨ ᠨᠢ ᠨᠡᠩ ᠤᠯᠠᠨ ᠬᠦᠮᠤᠨ ᠦᠵᠠᠵᠤ᠂ ᠬᠠᠷᠠᠵᠤ ᠤᠡᠭᠰᠢᠵᠤ᠂ ᠤᠢᠢᠯᠠᠭᠠᠬᠤ ᠪᠤᠯᠤᠮᠵᠢ ᠲᠠᠢ ᠪᠤᠯᠭᠠᠭᠰᠠᠨ ᠪᠠᠶᠢᠨ᠎ᠠ᠃ ᠡᠶᠢᠠᠬᠦ 21 ᠳ᠋ᠤᠬᠡᠷ ᠵᠠᠭᠤᠨ ᠤ ᠰᠤᠶᠤᠯᠲᠤ ᠡᠷᠡᠨ ᠤ ᠮᠠᠯᠴᠢᠨ ᠮᠤᠩᠭᠤᠯᠴᠤᠤᠨ ᠲᠠᠭᠠᠨ ᠵᠤᠯᠭᠠᠭᠤᠯᠬᠤ ᠡᠬᠦᠲᠠᠨ ᠠᠴᠠ ︿ᠭᠠᠨᠵᠤᠤᠷ ᠳ᠋ᠠᠠᠵᠤᠤᠷ﹀ ᠢ ᠮᠦᠡᠭᠬᠦ ᠬᠠᠶᠢᠷᠠᠯᠠᠯ ᠦᠬᠡᠢ ᠵᠠᠯᠠᠭᠰᠠᠨ ᠶᠤᠮ︾ ᠬᠡᠵᠤ ᠬᠡᠯᠡᠪᠠ᠃     ︽ᠮᠡᠷᠬᠡᠨ ᠨᠤᠮ ᠢ ᠦᠷᠬᠦᠯᠵᠢ ᠲᠤᠭᠲᠠᠭᠤᠨ ᠰᠠᠤᠠᠬᠢᠯ ᠳᠡᠭᠡᠨ ᠲᠤᠩᠭᠠᠵᠤ ᠶᠠᠪᠤ︾ ᠬᠡᠮᠠᠨ ᠰᠤᠷᠭᠠᠭᠰᠠᠨ ᠶᠤᠰᠤᠭᠠᠷ ᠮᠤᠩᠭᠤᠯ ᠨᠤᠮ ᠤᠨ ᠲᠠᠯᠠᠬᠡᠢ ᠶᠢᠨ ᠠᠪᠤᠷᠭᠤ ᠪᠤᠯᠤᠭᠰᠠᠨ ︽ᠭᠠᠨᠵᠤᠤᠷ ᠳ᠋ᠠᠠᠵᠤᠤᠷ︾ ᠲᠠᠭᠠᠨ ᠮᠦᠷᠬᠦᠮᠤ᠂ ᠨᠤᠮ ᠤᠨ ᠴᠠᠭᠠᠨ ᠪᠤᠶᠠᠨ ᠲᠠᠯᠬᠡᠷᠡᠬᠦ ᠪᠤᠯᠲᠤᠭᠠᠢ︕     ︵ᠦᠪᠤᠷ ᠮᠤᠩᠭᠤᠯ ᠤᠨ ︽ᠠᠮᠢᠲᠤᠷᠠᠯ ᠭᠠᠷᠠᠭ ᠤᠨ ᠰᠤᠨᠢᠨ︾ ᠠᠴᠠ ᠰᠢᠯᠵᠢᠬᠦᠯᠪᠠ
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠡ ᠮᠠᠯᠴᠢᠳ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号