ᠮᠤᠩᠭᠤᠯ ᠨᠤᠮ ᠤᠨ ᠲᠠᠯᠠᠬᠡᠢ ᠶᠢᠨ ᠠᠪᠤᠷᠭᠤ — ︽ᠭᠠᠨᠵᠤᠤᠷ ᠳ᠋ᠠᠠᠵᠤᠤᠷ︾
ᠨᠡᠶᠢᠲᠡᠯᠡᠭᠰᠡᠨ ᠴᠠᠭ᠄
2018/4/2
        ᠮᠤᠩᠭᠤᠯᠴᠤᠤᠨ ᠡᠷᠲᠠᠨ ᠠᠴᠠ ︽ᠪᠤᠷᠬᠠᠨ ᠳᠤ ᠮᠦᠷᠬᠦᠮᠤ᠂ ᠨᠤᠮ ᠳᠤ ᠮᠦᠷᠬᠦᠮᠤ᠂ ᠬᠤᠧᠠᠷᠠᠭ ᠲᠤ ᠮᠦᠷᠬᠦᠮᠤ︾ ᠬᠡᠮᠡᠨ ᠭᠤᠷᠪᠠᠨ ᠡᠷᠲᠠᠨᠢ ᠳᠡᠭᠡᠨ ᠵᠠᠯᠪᠠᠷᠢᠲᠠᠭᠴᠢᠯᠠᠨ ᠦᠨᠤᠲᠤᠷ ᠲᠠᠯᠠᠬᠡᠢ ᠲᠠᠬᠡᠷᠡᠬᠢ ᠬᠠᠮᠤᠭ ᠤᠨ ᠪᠦᠷᠢᠨ ᠪᠦᠲᠤᠨ᠂ ᠬᠠᠮᠤᠭ ᠤᠨ ᠲᠤᠮᠤ ᠮᠤᠩᠭᠤᠯ ︽ᠭᠠᠨᠵᠤᠤᠷ ᠳ᠋ᠠᠠᠵᠤᠤᠷ︾ ᠬᠡᠪᠯᠡᠭᠲᠡᠵᠤ᠂ ᠲᠠᠯᠠᠬᠡᠢ ᠶᠢᠨ ᠨᠤᠮ ᠪᠢᠴᠢᠭ ᠤᠨ ᠰᠢᠨ᠎ᠠ ᠬᠠᠭᠤᠲᠠᠰᠤ ᠶᠢ ᠰᠠᠬᠦᠯ᠎ᠠ᠃ ᠡᠶᠢᠠᠬᠦ ᠪᠢᠲᠠ ᠮᠤᠩᠭᠤᠯ ᠬᠡᠯᠡᠨ ᠤ ︽ᠭᠠᠨᠵᠤᠤᠷ ᠳ᠋ᠠᠠᠵᠤᠤᠷ︾ ᠲᠠᠭᠠᠨ ᠮᠦᠷᠬᠦᠮᠤ ᠃ ᠲᠠᠯᠠᠬᠡᠢ ᠲᠠᠬᠡᠷᠡᠬᠢ ᠬᠠᠮᠤᠭ ᠤᠨ ᠪᠦᠷᠢᠨ ᠪᠦᠲᠤᠨ ᠪᠤᠷᠬᠠᠨ ᠱᠠᠰᠢᠨ ᠤ ᠮᠤᠩᠭᠤᠯ ᠲᠤᠯᠢ᠂ ᠰᠢᠨ᠎ᠠ ᠲᠤᠮᠲᠠᠲᠤ ᠤᠯᠤᠰ ᠪᠠᠶᠢᠭᠤᠯᠤᠭᠲᠠᠭᠰᠠᠨ ᠠᠴᠠ ᠨᠠᠰᠢᠬᠢ ᠮᠤᠩᠭᠤᠯ ᠦᠠᠲᠤᠰᠤᠲᠠᠨ ᠤ ᠬᠠᠮᠤᠭ ᠤᠨ ᠲᠤᠮᠤ ᠰᠤᠶᠤᠯ ᠤᠨ ᠲᠤᠰᠬᠠᠢ  ᠢᠨᠵᠧᠨᠧᠷᠢᠩ᠂ 15 ᠵᠢᠯ ᠤᠨ ᠬᠤᠭᠤᠴᠠᠭ᠎ᠠ ᠬᠡᠷᠡᠭᠰᠡᠭᠰᠡᠨ ᠦᠠᠲᠤᠰᠤᠲᠠᠨ ᠤ ᠰᠤᠶᠤᠯ ᠤᠨ ᠦᠪ ᠢ ᠠᠪᠤᠷᠠᠨ ᠬᠠᠮᠠᠭᠠᠯᠠᠬᠤ ᠲᠤᠮᠤ ᠢᠨᠵᠧᠨᠧᠷᠢᠩ᠂ ᠮᠤᠩᠭᠤᠯ ︽ᠭᠠᠨᠵᠤᠤᠷ ᠳ᠋ᠠᠠᠵᠤᠤᠷ︾ ᠢ ᠬᠡᠷᠡᠯ ᠵᠢᠷᠤᠭ ᠢᠶᠠᠷ ᠬᠡᠪᠯᠠᠬᠦᠯᠵᠤ ᠠᠪᠤᠷᠠᠨ ᠬᠠᠮᠠᠭᠠᠯᠠᠬᠤ ᠠᠵᠢᠯ ᠡᠨᠡ ᠵᠢᠯ ᠤᠨ 4 ᠰᠠᠷ᠎ᠠ ᠳᠤ ᠠᠮᠵᠢᠯᠲᠠ ᠲᠠᠢ ᠲᠠᠬᠦᠰᠴᠠᠢ᠃ ᠬᠡᠷᠡᠯ ᠵᠢᠷᠤᠭ ᠤᠨ ᠬᠡᠪᠯᠠᠯ ᠤᠨ ᠮᠤᠩᠭᠤᠯ ︽ᠭᠠᠨᠵᠤᠤᠷ ᠳ᠋ᠠᠠᠵᠤᠤᠷ︾ ᠪᠤᠯ ᠲᠦᠪ ᠤᠨ ᠤᠲᠤᠷᠢᠲᠤᠯᠭ᠎ᠠ ᠶᠢᠨ ᠵᠦᠪᠰᠢᠶᠠᠷᠠᠯ ᠢᠶᠠᠷ ᠶᠠᠪᠤᠭᠲᠠᠭᠰᠠᠨ ᠤᠯᠤᠰ ᠤᠨ ᠭᠤᠤᠯᠲᠠᠯᠭᠠᠲᠤ ᠨᠤᠮ ᠪᠢᠴᠢᠭ ᠬᠡᠪᠯᠠᠬᠦ ᠲᠦᠯᠤᠪᠵᠢᠬᠦᠯᠬᠡ ᠪᠤᠯᠤᠨ ︽ᠦᠪᠠᠷᠲᠠᠬᠡᠨ ᠵᠠᠰᠠᠬᠤ ᠤᠷᠤᠨ ᠤ ᠦᠠᠲᠤᠰᠤᠲᠠᠨ ᠤ ᠰᠤᠶᠤᠯ ᠤᠨ ᠪᠠᠶᠢᠭᠤᠯᠤᠯᠲᠠ ᠶᠢᠨ ᠬᠦᠭᠵᠢᠯᠲᠠ ᠶᠢᠨ ᠬᠦᠲᠤᠯᠪᠤᠷᠢ︾ ᠶᠢᠨ ᠦᠠᠲᠤᠰᠤᠲᠠᠨ ᠤ ᠰᠤᠶᠤᠯ ᠤᠨ ᠦᠪ ᠢ ᠠᠪᠤᠷᠠᠬᠤ ᠲᠤᠮᠤ ᠢᠨᠵᠧᠨᠧᠷᠢᠩ ᠪᠤᠯᠤᠨ᠎ᠠ᠃        ᠮᠤᠩᠭᠤᠯ ︽ᠭᠠᠨᠵᠤᠤᠷ ᠳ᠋ᠠᠠᠵᠤᠤᠷ︾ ᠢ ᠠᠪᠤᠷᠠᠨ ᠬᠡᠪᠯᠠᠬᠦᠯᠬᠦ ᠠᠵᠢᠯ ᠪᠤᠯ ᠮᠤᠩᠭᠤᠯ ᠦᠠᠲᠤᠰᠤᠲᠠᠨ ᠤ ᠬᠡᠲᠤᠨ ᠦᠶ᠎ᠠ ᠶᠢᠨ ᠬᠦᠮᠤᠰ ᠤᠨ ᠬᠦᠰᠠᠯ ᠪᠤᠯᠤᠨ᠎ᠠ᠃ ᠮᠤᠩᠭᠤᠯ ︽ᠭᠠᠨᠵᠤᠤᠷ ᠳ᠋ᠠᠠᠵᠤᠤᠷ︾ ᠢ ᠬᠡᠷᠡᠯ ᠵᠢᠷᠤᠭ ᠤᠨ ᠬᠡᠪᠯᠠᠯ ᠢᠶᠠᠷ ᠠᠪᠤᠷᠠᠨ ᠬᠡᠪᠯᠡᠭᠰᠡᠨ ᠨᠢ ᠤᠲᠤᠬᠠᠨ ᠳᠠᠬᠢ ᠤᠯᠤᠰ ᠤᠨ ᠲᠤᠲᠤᠷ᠎ᠠ ᠭᠠᠲᠠᠨᠠᠬᠢ ᠬᠠᠮᠤᠭ ᠤᠨ ᠪᠦᠷᠢᠨ ᠲᠦᠬᠦᠷ ᠪᠤᠷᠬᠠᠨ ᠱᠠᠰᠢᠨ ᠤ ᠨᠤᠮ ᠢ ᠬᠡᠪᠯᠡᠬᠦᠯᠦᠭᠰᠡᠨ ᠶᠠᠪᠤᠲᠠᠯ ᠪᠤᠯᠤᠨ᠎ᠠ᠃ ᠡᠨᠡ ᠨᠢ ᠬᠤᠶᠢᠰᠢᠬᠢ ᠮᠤᠩᠭᠤᠯ ᠰᠤᠲᠤᠯᠤᠯ ᠤᠨ ᠲᠠᠯᠠᠬᠡᠢ ᠶᠢᠨ ᠡᠯ᠎ᠠ ᠬᠦᠷᠢᠶ᠎ᠠ ᠬᠡᠪᠴᠢᠶᠠᠨ ᠳᠤ ᠬᠦᠠᠵᠠᠬᠡᠶᠢᠷᠠᠨ ᠰᠤᠲᠤᠯᠤᠯᠲᠠ ᠬᠢᠬᠦ ᠳᠤ ᠵᠠᠮ ᠵᠢᠭᠠᠵᠤ᠂ ᠡᠯᠪᠡᠭ ᠪᠠᠶᠠᠯᠢᠭ᠂ ᠡᠷᠬᠢᠮ ᠨᠠᠠᠲᠢᠨ ᠲᠠᠤᠬᠡ ᠶᠢᠨ ᠮᠠᠲ᠋ᠧᠷᠢᠶᠠᠯ ᠪᠤᠯᠵᠠᠢ᠃ ᠲᠠᠷᠠ ᠨᠢ ᠵᠦᠪᠬᠡᠨ ᠮᠤᠩᠭᠤᠯ ᠦᠠᠲᠤᠰᠤᠲᠠᠨ ᠤ ᠲᠠᠲᠤᠢ ᠪᠢᠰᠢ᠂ ᠪᠦᠬᠦ ᠬᠦᠮᠤᠨ ᠲᠦᠷᠤᠯᠬᠢᠲᠠᠨ ᠤ ᠨᠠᠶᠢᠲᠠ ᠶᠢᠨ ᠤᠶᠤᠨ ᠤ ᠦᠪ ᠬᠦᠷᠤᠩᠬᠡ ᠪᠤᠯᠬᠤ ᠶᠤᠮ᠃       ︽ᠭᠠᠨᠵᠤᠤᠷ ᠳ᠋ᠠᠠᠵᠤᠤᠷ︾ ᠬᠢᠭᠡᠳ ᠡᠪᠦᠭᠡᠨ ᠫᠷᠦᠹᠧᠰᠰᠤᠷ        ᠮᠤᠩᠭᠤᠯᠴᠤᠳ 13 ᠳ᠋ᠤᠭᠠᠷ ᠵᠠᠭᠤᠨ ᠤ ᠦᠶᠡᠰ ᠠᠴᠠ ᠡᠬᠢᠯᠡᠨ ᠭᠠᠨᠵᠤᠤᠷ ᠨᠤᠮ ᠢ ᠮᠤᠩᠭᠤᠯᠴᠢᠯᠠᠵᠤ᠂ 1629 ᠤᠨ ᠳᠤ ᠮᠤᠩᠭᠤᠯ ᠤᠨ ᠯᠢᠭᠳᠡᠨ ᠬᠠᠭᠠᠨ ᠬᠠᠮᠤᠬ ᠤᠨ ᠰᠡᠬᠦᠯ ᠳᠤ ᠤᠷᠴᠢᠭᠤᠯᠵᠤ ᠲᠠᠭᠤᠰᠳᠠᠯ᠎ᠠ 500 ᠰᠢᠬᠠᠮ ᠵᠢᠯ ᠪᠤᠯᠵᠠᠢ᠃ 1720 ᠤᠨ ᠳᠤ ᠮᠠᠨᠵᠤ ᠴᠢᠩ ᠤᠯᠤᠰ ᠤᠨ ᠡᠩᠭᠡ ᠠᠮᠤᠭᠤᠯᠠᠩ ᠬᠠᠭᠠᠨ ᠤ ᠦᠶ᠎ᠠ ᠳᠤ᠂ ᠮᠤᠩᠭᠤᠯ ᠭᠠᠨᠵᠤᠤᠷ ᠢ ᠪᠡᠷᠯᠡᠨ ᠭᠡᠪᠯᠡᠬᠦᠯᠦᠭᠰᠡᠨ ᠠᠴᠠ ᠨᠠᠰᠢ ᠤᠳᠤ ᠪᠤᠯᠳᠠᠯ᠎ᠠ ᠮᠦᠨᠴᠦ 300 ᠰᠢᠬᠠᠮ ᠵᠢᠯ ᠪᠤᠯᠵᠤ᠂ ᠤᠷᠢᠳ ᠬᠤᠵᠢᠳ 800 ᠰᠢᠬᠠᠮ ᠵᠢᠯ ᠤᠨ ᠲᠠᠤᠭᠡ ᠲᠠᠢ ᠮᠤᠩᠭᠤᠯ ᠭᠠᠨᠵᠤᠤᠷ ᠪᠤᠯ ᠮᠤᠩᠭᠤᠯ ᠦᠨᠳᠦᠰᠦᠳᠡᠨ ᠤ ᠤᠨᠴᠠᠯᠢᠬ ᠲᠠᠢ᠂ ᠮᠤᠩᠭᠤᠯ ᠤᠨ ᠦᠨᠳᠦᠷᠯᠢᠭ ᠤᠨ ᠨᠡᠬᠦᠳᠡᠯ ᠰᠤᠶᠤᠯ ᠢᠷᠭᠡᠨᠰᠢᠯ ᠤᠨ ᠤᠨᠴᠠᠯᠢᠭ ᠲᠠᠢ᠂ ᠮᠤᠩᠭᠤᠯ ᠤᠨ ᠡᠷᠳᠡ ᠲᠡᠭᠡᠳᠦ ᠴᠠᠬ ᠤᠨ ᠤᠳᠤᠮᠰᠢᠯᠳᠦ ᠰᠤᠶᠤᠯ ᠲᠠᠢ ᠬᠠᠷᠢᠯᠴᠠᠨ ᠤᠶᠠᠯᠳᠤᠬᠰᠠᠨ ᠬᠤᠪᠤᠷ ᠨᠠᠨᠳᠢᠨ ᠪᠦᠳᠦᠭᠡᠯ ᠶᠤᠮ᠃ ᠮᠤᠩᠭᠤᠯ ᠭᠠᠨᠵᠤᠤᠷ ᠳ᠋ᠠᠨᠵᠤᠤᠷ ᠪᠤᠯ ᠮᠤᠩᠭᠤᠯ ᠦᠨᠳᠦᠰᠦᠳᠡᠨ ᠤ ᠰᠤᠶᠤᠯ ᠤᠨ ᠬᠦᠭᠵᠢᠯᠳᠡ ᠶᠢᠨ ᠵᠠᠮ ᠳᠠᠬᠢ ᠠᠪᠤᠷᠭᠤ ᠬᠦᠰᠢᠶ᠎ᠠ ᠮᠦᠨ᠃ ᠬᠠᠷᠠᠮᠰᠠᠯᠳᠡᠢ ᠨᠢ᠂ 20 ᠳ᠋ᠤᠭᠠᠷ ᠵᠠᠭᠤᠨ ᠤ ᠦᠶᠡᠰ ᠲᠤ ᠮᠤᠩᠭᠤᠯ ᠦᠨᠳᠦᠰᠦᠳᠡᠨ ᠤ ᠪᠤᠷᠬᠠᠨ ᠤ ᠱᠠᠰᠢᠨ ᠤ ᠨᠤᠮ ᠵᠤᠬᠢᠶᠠᠯ ᠤᠳ ᠤᠳᠠᠭ᠎ᠠ ᠲᠡᠷᠠᠭ᠎ᠠ ᠶᠡᠭᠡ ᠬᠡᠮᠵᠢᠶ᠎ᠡ ᠪᠠᠷ ᠦᠷᠡᠭᠳᠡᠨ ᠰᠦᠢᠳᠴᠦ ᠤᠰᠠᠳᠬᠤ ᠰᠢᠬᠠᠵᠡᠢ᠃ ︽ᠭᠠᠨᠵᠤᠤᠷ︾ ᠬᠡᠪᠯᠡᠭᠳᠡᠭᠰᠡᠨ ᠤ ᠲᠠᠷᠠᠭ᠎ᠠ᠂ 1721 ᠤᠨ ᠳᠤ ᠡᠩᠭᠡ ᠠᠮᠤᠭᠤᠯᠠᠩ ᠬᠠᠭᠠᠨ ᠮᠤᠩᠭᠤᠯ ᠬᠢᠶ᠎ᠡ ᠷᠠᠰᠢ ᠳᠠᠭᠠᠨ ᠵᠡᠷᠯᠢᠬ ᠪᠠᠭᠤᠯᠭᠠᠨ ︽ᠳ᠋ᠠᠨᠵᠤᠤᠷ︾ ᠢ ᠡᠮᠬᠢᠳᠭᠡᠨ ᠬᠡᠪᠯᠡᠬᠦᠯᠵᠤ᠂ ᠲᠦᠪᠡᠳ ᠲᠤ ᠬᠦᠷᠭᠡᠭᠳᠦᠨ ᠬᠡᠬᠦ ᠪᠠᠷ ᠲᠦᠪᠡᠳ ︽ᠳ᠋ᠠᠨᠵᠤᠤᠷ︾ ᠢ ᠵᠠᠯᠠᠵᠠᠢ᠃ ᠪᠡᠬᠡᠵᠢᠩ ᠤᠨ ᠵᠠᠰᠠᠬᠳᠦ ᠯᠡᠮᠡ ᠵᠢᠮᠪᠡᠵᠠᠮᠽᠤ᠂ ᠷᠠᠮᠪᠡᠵᠡᠮᠪᠡ᠂ ᠰᠤᠨᠤᠮ ᠴᠤᠷᠵᠢ ᠬᠤᠪᠢᠯᠭᠠᠨ ᠪᠤᠯᠤᠨ ᠬᠦᠬᠡᠬᠤᠳᠡ ᠶᠢᠨ ᠪᠠᠭ᠎ᠠ ᠵᠤᠤ ᠶᠢᠨ ᠶᠠᠬᠴᠠᠷᠵᠢ ᠯᠡᠮᠡ ᠲᠦᠷᠪᠡᠬᠦᠯᠡ ᠬᠠᠷᠢᠭᠤᠴᠠᠨ᠂ 500 ᠭᠠᠷᠤᠢ ᠬᠦᠮᠦᠨ ᠤᠷᠤᠯᠴᠠᠵᠤ᠂ 225 ᠪᠤᠳᠢ ︽ᠳ᠋ᠠᠨᠵᠤᠤᠷ︾ ᠢ ᠡᠮᠬᠢᠯᠡᠨ ᠨᠠᠶᠢᠷᠠᠭᠤᠯᠵᠠᠢ᠃            ᠳᠡᠯᠡᠭᠡᠢ ᠶᠢᠨ ᠨᠤᠮ ᠪᠢᠴᠢᠭ ᠤᠨ ᠰᠢᠨ᠎ᠠ ᠬᠠᠭᠤᠳᠠᠰᠤ ᠶᠢ ᠰᠡᠬᠦᠭᠰᠡᠨ ᠮᠤᠩᠭᠤᠯ ᠭᠡᠯᠡᠨ ᠤ ︽ᠭᠠᠨᠵᠤᠤᠷ ᠳ᠋ᠠᠨᠵᠤᠤᠷ︾ ᠤᠨ ᠪᠦᠳᠦᠭᠡᠭᠳᠡᠭᠰᠡᠨ ᠶᠠᠪᠤᠴᠠ ᠶᠢ ᠭᠡᠯᠡᠬᠦ ᠳᠤ᠂ ᠨᠠᠶᠠᠨ ᠨᠠᠰᠤ ᠶᠢ ᠵᠤᠭᠤᠭᠯᠠᠵᠦ ᠶᠠᠪᠤᠭ᠎ᠠ ᠡᠪᠦᠭᠡᠨ ᠫᠷᠦᠹᠧᠰᠰᠤᠷ ᠠᠯᠳ᠋ᠬᠠᠤᠷᠬᠢᠯ ᠢ ᠶᠠᠷᠢᠬᠤ ᠦᠭᠡᠢ ᠪᠠᠶᠢᠬᠤ ᠶᠢᠨ ᠠᠷᠭ᠎ᠠ ᠦᠭᠡᠢ ᠶᠤᠮ᠃         — ︽ᠭᠠᠨᠵᠤᠤᠷ ᠳ᠋ᠠᠨᠵᠤᠤᠷ︾ ᠪᠤᠯ ᠮᠤᠩᠭᠤᠯ ᠦᠨᠳᠦᠰᠦᠳᠡᠨ ᠤ ᠴᠢᠬᠤᠯᠡ ᠨᠢᠬᠡᠨ ᠤᠯᠠᠮᠵᠢᠯᠠᠯᠳᠦ ᠰᠤᠶᠤᠯ ᠮᠦᠨ᠃ ᠮᠤᠩᠭᠤᠯ ᠤᠨ ᠡᠪᠦᠭᠡ ᠲᠡᠭᠡᠳᠦᠰ ᠨᠠᠢᠮᠠᠳᠤᠭᠠᠷ ᠵᠠᠭᠤᠨ ᠤ ᠦᠶ᠎ᠡ ᠠᠴᠠ ᠡᠬᠢᠯᠡᠨ ᠪᠤᠷᠬᠠᠨ ᠱᠠᠰᠢᠨ ᠢ ᠡᠬᠢᠯᠡᠨ ᠰᠢᠳᠦᠵᠤ᠂ ᠶᠡᠭᠡ ᠬᠢᠨᠭ᠍ᠭᠠᠨ ᠠᠴᠠ ᠪᠠᠷᠠᠭᠤᠨᠰᠢ ᠡᠷᠬᠦᠨ᠎ᠡ ᠭᠤᠤᠯ ᠵᠦᠭ ᠨᠡᠬᠦᠳᠡᠯᠯᠡᠭᠰᠡᠨ ᠤ ᠲᠡᠷᠠᠭ᠎ᠠ ᠪᠤᠷᠬᠠᠨ ᠱᠠᠰᠢᠨ ᠰᠢᠳᠦᠵᠤ ᠪᠠᠶᠢᠵᠠᠢ᠂ ᠡᠶᠢᠮᠦ ᠠᠴᠠ ᠮᠤᠩᠭᠤᠯᠴᠤᠳ ᠤᠨ ᠦᠰᠦᠭ ᠪᠢᠴᠢᠭ ᠢᠶᠠᠷ ᠦᠯᠡᠳᠡᠭᠡᠭᠰᠡᠨ ᠦᠪ ᠰᠤᠶᠤᠯ ᠪᠤᠷᠬᠠᠨ ᠱᠠᠰᠢᠨ ᠠᠴᠠ ᠡᠬᠢᠯᠡᠵᠡᠢ ᠬᠡᠮᠡᠨ ᠬᠡᠯᠡᠵᠤ ᠪᠤᠯᠤᠨ᠎ᠠ ᠬᠡᠵᠤ ᠠᠯᠳ᠋ᠬᠠᠤᠷᠬᠢᠯ ᠫᠷᠤᠹᠧᠰᠰᠤᠷ ᠶᠡᠷᠢᠨ᠎ᠡ᠃           ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ᠂ ᠮᠤᠩᠭᠤᠯ ︽ᠭᠠᠨᠵᠤᠤᠷ ᠳ᠋ᠠᠨᠵᠤᠤᠷ︾ ᠤᠨ ᠶᠡᠷᠦᠩᠭᠡᠢ ᠨᠠᠶᠢᠷᠠᠭᠤᠯᠬᠤ ᠬᠡᠯᠳᠡᠰ ᠤᠨ ᠶᠡᠷᠦᠩᠭᠡᠢ ᠨᠠᠶᠢᠷᠠᠭᠤᠯᠤᠬᠴᠢ ᠠᠯᠳ᠋ᠬᠠᠤᠷᠬᠢᠯ ᠪᠤᠯ ᠪᠤᠷᠬᠠᠨ ᠱᠠᠰᠢᠨ ᠤ ᠰᠤᠳᠤᠯᠭᠠᠨ᠂ ᠳᠡᠤᠭᠡ ᠶᠢᠨ ᠰᠤᠳᠤᠯᠭᠠᠨ ᠢᠶᠠᠷ ᠦᠢᠯᠡᠰ ᠢᠶᠠᠨ ᠪᠤᠯᠭᠠᠬᠰᠠᠨ ᠬᠦᠮᠦᠨ᠃       — ᠪᠢ ᠲᠤᠯᠤᠭ᠎ᠠ ᠨᠠᠢᠮᠠᠨ ᠨᠡᠰᠦᠳᠡᠢ ᠦᠶ᠎ᠡ ᠠᠴᠠ ᠪᠠᠨ ᠭᠠᠨᠵᠤᠤᠷ ᠳ᠋ᠠᠨᠵᠤᠤᠷ ᠢ ᠰᠤᠨᠤᠰᠴᠦ ᠪᠠᠶᠢᠵᠠᠢ᠃ ᠮᠢᠨᠦ ᠨᠤᠳᠤᠬ ᠬᠢᠨᠭ᠍ᠭᠠᠨ ᠠᠶᠢᠮᠠᠬ ᠤᠨ ᠵᠠᠯᠠᠶᠢᠳ ᠬᠤᠰᠢᠭᠤᠨ ᠤ ᠲᠡᠮᠡᠬᠡᠵᠢ ᠰᠤᠮᠤᠨ ᠤ ᠵᠤ ᠶᠢᠨ ᠳᠠᠪᠠᠭ᠎ᠠ ᠃ ᠲᠤᠬᠠᠢ ᠶᠢᠨ ᠦᠶ᠎ᠡ ᠳᠤ ᠪᠠᠶᠠᠨ ᠠᠶᠢᠯ ᠤᠨ ᠬᠢᠨ ᠯᠠᠮᠠ ᠵᠠᠯᠠᠵᠦ ᠨᠤᠮ ᠤᠨ ᠬᠦᠷᠢᠶ᠎ᠠ ᠳᠠᠳᠠᠭᠤᠯᠳᠠᠭ ᠪᠠᠶᠢᠬᠰᠠᠨ᠃ ᠪᠢ ᠵᠦᠡᠭᠳᠡᠭᠡᠨ ᠤᠴᠢᠵᠤ ᠭᠠᠨᠵᠤᠤᠷ ᠤᠡᠭᠰᠢᠬᠤ ᠶᠢ ᠰᠤᠨᠤᠰᠴᠦ ᠪᠠᠶᠢᠵᠠᠢ᠃ ᠲᠤᠬᠠᠢ ᠶᠢᠨ ᠦᠶ᠎ᠡ ᠳᠤ ᠤᠡᠭᠰᠢᠵᠤ ᠪᠠᠶᠢᠬᠰᠠᠨ ᠭᠠᠨᠵᠤᠤᠷ ᠪᠦᠷ ᠪᠦᠷᠢᠨ ᠬᠦᠢᠴᠡᠳ ᠪᠢᠰᠢ᠂ ᠬᠠᠭᠠᠰ ᠲᠤᠳᠠᠭᠤ᠃ ᠤᠡᠭᠰᠢᠵᠤ ᠲᠠᠭᠤᠰᠤᠬᠰᠠᠨ ᠤ ᠲᠠᠷᠠᠭ᠎ᠠ ᠭᠠᠨᠵᠤᠤᠷ ᠨᠤᠮ ᠢᠶᠠᠨ ᠡᠬᠦᠷᠦᠭᠡᠳ ᠠᠶᠢᠯ ᠢ ᠲᠤᠭᠤᠷᠢᠨ᠎ᠠ᠂ ᠬᠡᠷ ᠪᠤᠯᠭᠠᠨ ᠳᠤ ᠤᠷᠤᠨ᠎ᠠ᠂ ᠭᠠᠨᠵᠤᠤᠷ ᠢᠶᠠᠨ ᠲᠠᠯᠪᠢᠵᠤ ᠪᠦᠬᠦᠳᠡᠭᠡᠷ ᠮᠦᠷᠬᠦᠨ᠎ᠠ᠃ ᠴᠢᠩᠭᠢᠬᠦ ᠳᠡᠭᠡᠨ ᠨᠤᠮ ᠤᠨ ᠬᠦᠷᠢᠶ᠎ᠡ ᠲᠡᠳᠡᠨ᠎ᠡ ᠬᠡᠵᠤ ᠬᠡᠯᠡᠳᠡᠭ᠃ ᠲᠤᠬᠠᠢ ᠶᠢᠨ ᠦᠶ᠎ᠡ ᠳᠤ ᠪᠢ ᠠᠶᠢᠯ ᠤᠨ ᠬᠡᠤᠬᠡᠳ ᠲᠠᠢ ᠬᠠᠮᠳᠦ ᠲᠠᠭᠠᠭᠠᠳ ᠬᠦᠶᠤᠨ᠎ᠡ᠂ ᠨᠤᠮ ᠤᠨ ᠪᠤᠳᠢ ᠨᠢ ᠬᠦᠨᠳᠦ ᠪᠤᠯ ᠬᠠᠮᠵᠢᠨ ᠡᠬᠦᠷᠴᠦ ᠠᠶᠢᠯ ᠢᠶᠠᠷ ᠲᠤᠭᠤᠷᠢᠳᠠᠬ᠃ ᠲᠡᠷᠡ ᠦᠶ᠎ᠡ ᠳᠤ ᠪᠦᠷ ᠲᠦᠪᠡᠳ ᠭᠠᠨᠵᠤᠤᠷ ᠪᠠᠶᠢᠵᠠᠢ᠃ 1948 ᠤᠨ ᠳᠤ ᠪᠢ ᠠᠬ᠎ᠠ ᠪᠠᠨ ᠲᠠᠭᠠᠭᠠᠳ ᠲᠦᠰᠢᠶᠠᠳᠦ ᠬᠤᠰᠢᠭᠤᠨ ᠤ ᠨᠤᠨ ᠠᠷᠪᠠᠨ ᠬᠤᠰᠢᠭᠤ ᠶᠢᠨ ᠶᠡᠭᠡ ᠰᠦᠮ᠎ᠠ ᠳᠤ ᠬᠦᠷᠬᠦ ᠳᠤ ᠠᠯᠳᠠᠨ ᠭᠠᠨᠵᠤᠤᠷ ᠤᠨ ᠮᠤᠩᠭᠤᠯ ᠨᠤᠮ ᠢ ᠠᠩᠬ᠎ᠠ ᠦᠵᠡᠵᠤ᠂ ᠲᠡᠷᠡ ᠦᠶ᠎ᠡ ᠠᠴᠠ ᠡᠬᠢᠯᠡᠨ ᠭᠠᠨᠵᠤᠤᠷ ᠲᠠᠢ ᠵᠢᠩᠭᠢᠨᠢ ᠤᠢᠢᠷᠡᠳᠴᠦ᠂ ᠮᠦᠨ ᠲᠡᠷᠡ ᠦᠶ᠎ᠡ ᠠᠴᠠ ᠪᠤᠷᠬᠠᠨ ᠱᠠᠰᠢᠨ ᠤ ᠨᠤᠮ ᠢ ᠡᠬᠢᠯᠡᠨ ᠲᠠᠨᠢᠵᠠᠢ᠃ ᠰᠡᠬᠦᠯᠡᠷ ᠨᠢ ᠶᠡᠭᠡ ᠰᠤᠷᠭᠠᠭᠤᠯᠢ ᠳᠤ ᠤᠷᠤᠬᠰᠠᠨ ᠤ ᠲᠠᠷᠠᠭ᠎ᠠ ᠡᠬᠦᠨ ᠤ ᠲᠤᠬᠠᠢ ᠵᠢᠩᠭᠢᠨᠢ ᠲᠠᠨᠢᠯᠳᠡ ᠲᠠᠢ ᠪᠤᠯᠵᠤ᠂ ᠭᠠᠨᠵᠤᠤᠷ ᠳ᠋ᠠᠨᠵᠤᠤᠷ ᠤᠨ ᠲᠤᠬᠠᠢ ᠰᠦᠪᠡᠭᠴᠢᠯᠡᠵᠤ ᠰᠤᠳᠤᠯᠭᠠᠨ ᠬᠢᠯ᠎ᠡ ᠬᠡᠵᠤ ᠠᠯᠳ᠋ᠬᠠᠤᠷᠬᠢᠯ ᠫᠷᠤᠹᠧᠰᠰᠤᠷ ᠬᠠᠭᠤᠴᠢᠯᠠᠯ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠡ ᠮᠠᠯᠴᠢᠳ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号