ᠠᠳᠣᠭᠤᠨ ᠤ ᠭᠠᠳᠠᠷ ᠡᠷᠬᠡᠳᠡᠨ ᠤ ᠨᠡᠷᠡᠶᠢᠳᠦᠯ
ᠨᠡᠶᠢᠲᠡᠯᠡᠭᠰᠡᠨ ᠴᠠᠭ᠄
2018/4/2
       ᠠᠳᠤᠭᠤᠨ ᠤ ᠭᠠᠳᠠᠷ ᠡᠷᠭᠡᠳᠡᠨ ᠤ ᠨᠡᠷᠡᠶᠢᠳᠤᠯ ᠳᠤ ᠦᠰᠦ ᠲᠤᠭᠤᠷᠠᠢ ᠶᠢᠨ ᠨᠡᠷᠡᠶᠢᠳᠤᠯ᠂ ᠬᠦᠵᠦᠭᠦᠦ ᠲᠣᠯᠤᠭᠠᠢ ᠶᠢᠨ ᠨᠡᠷᠡᠶᠢᠳᠦᠯ᠂ ᠴᠡᠭᠡᠵᠢ ᠪᠦᠭᠰᠡᠨ ᠬᠡᠰᠡᠭ ᠤᠨ ᠨᠡᠷᠡᠶᠢᠳᠤᠯ ᠪᠠᠭᠳᠠᠨ᠎ᠠ᠃ᠠᠳᠤᠭᠤᠨ ᠤ ᠦᠰᠦ ᠲᠤᠭᠤᠷᠠᠢ ᠶᠢᠨ ᠨᠡᠷᠡᠶᠢᠳᠦᠯ     ᠠᠳᠤᠭᠤᠨ ᠤ ᠦᠰᠦ ᠲᠤᠭᠤᠷᠠᠢ ᠶᠢᠨ ᠨᠡᠷᠡᠶᠢᠳᠤᠯ ᠳᠤ ᠪᠦᠷᠬᠦᠬᠦᠯ ᠦᠰᠦ᠂ ᠬᠦᠬᠦᠯ᠂ ᠳᠡᠯ᠂ ᠮᠣᠨᠳᠠᠭ᠎ᠠ᠂ ᠭᠡᠵᠢᠭᠡ᠂ ᠰᠣᠷᠮᠤᠤᠰᠤ᠂ ᠰᠠᠮᠠᠢ᠂ ᠰᠡᠬᠦᠯ᠂ ᠲᠤᠭᠤᠷᠠᠢ᠂ ᠰᠢᠪᠡᠷᠢ ᠬᠤᠬᠢᠰᠦ ᠭᠡᠬᠦ ᠮᠡᠳᠦ ᠶᠢᠨ ᠣᠯᠠᠨ ᠨᠡᠷ᠎ᠡ ᠪᠣᠢ᠃ᠠᠳᠤᠭᠤᠨ ᠤ ᠪᠦᠷᠬᠦᠬᠦᠯ ᠦᠰᠦ    ᠠᠳᠤᠭᠤ ᠪᠤᠯ ᠪᠦᠬᠦ ᠪᠡᠶ᠎ᠡ ᠳᠡᠭᠡᠨ ᠨᠢᠮᠬᠡᠨ ᠪᠦᠷᠬᠦᠬᠦᠯ ᠦᠰᠦ ᠲᠠᠢ᠃ ᠪᠦᠷᠬᠦᠬᠦᠯ ᠦᠰᠦ ᠨᠢ ᠰᠤᠷ᠂ ᠨᠤᠤᠰᠤᠯᠢᠭ ᠡᠳ᠋᠂ ᠬᠢᠯᠭᠠᠰᠦ ᠪᠠᠷ ᠪᠦᠷᠢᠯᠳᠦᠳᠡᠭ ᠪᠦᠭᠡᠳ᠂ ᠬᠤᠨᠢ᠂ ᠢᠮᠠᠭ᠎ᠠ᠂ ᠲᠡᠮᠡᠭᠡ ᠶᠢ ᠪᠣᠳᠤᠪᠠᠯ ᠨᠤᠤᠰᠤᠯᠢᠭ ᠦᠰᠦ ᠨᠢ ᠰᠢᠩᠭᠡᠪᠳᠦᠷᠬᠡᠨ ᠤᠷᠭᠤᠵᠦ᠂ ᠪᠣᠰᠤᠳ ᠭᠠᠵᠠᠷ ᠤᠨ ᠪᠦᠷᠬᠦᠬᠦᠯ ᠦᠰᠦ ᠨᠢ ᠵᠢᠭᠳᠡ ᠤᠷᠭᠤᠳᠠᠭ᠃ᠠᠳᠤᠭᠤᠨ ᠤ ᠬᠦᠬᠦᠯ     ᠠᠳᠤᠭᠤᠨ ᠤ ᠲᠣᠯᠤᠭᠠᠢ ᠶᠢᠨ ᠣᠪᠤᠭ᠎ᠠ ᠠᠴᠠ ᠰᠢᠯᠢᠨ ᠬᠦᠵᠦᠭᠦᠦ᠂ ᠰᠡᠷᠪᠡᠭᠡ ᠳᠡᠭᠡᠭᠦᠷ ᠨᠢ ᠰᠠᠬᠤᠯᠢᠭ ᠵᠤᠵᠠᠭᠠᠨ ᠤᠷᠳᠤ ᠦᠰᠦ ᠤᠷᠭᠤᠳᠠᠭ ᠢ ᠶᠡᠷᠦᠩᠬᠡᠢ ᠳᠤᠨᠢ ᠳᠡᠯ ᠭᠡᠵᠦ ᠨᠡᠷᠡᠯᠡᠳᠡᠭ ᠪᠣᠯᠪᠠᠴᠦ ᠳᠤᠲᠤᠷ᠎ᠠ ᠨᠢ ᠬᠦᠬᠦᠯ᠂ ᠳᠡᠯ᠂ ᠮᠣᠨᠳᠠᠭ᠎ᠠ ᠭᠡᠵᠦ ᠢᠯᠭᠠᠳᠠᠭ᠃ ᠠᠳᠤᠭᠤᠨ ᠤ ᠲᠣᠯᠤᠭᠠᠢ ᠶᠢᠨ ᠣᠪᠤᠭᠠᠨ ᠳᠡᠭᠡᠷᠡᠬᠢ ᠬᠤᠶᠠᠷ ᠴᠢᠬᠢᠨ ᠤ ᠬᠤᠭᠤᠷᠤᠨᠳᠤᠬᠢ ᠦᠰᠦ ᠶᠢ ᠬᠦᠬᠦᠯ ᠭᠡᠵᠦ ᠨᠡᠷᠡᠯᠡᠨ᠎ᠡ᠃ ᠬᠦᠬᠦᠯ ᠢ ᠪᠠᠰᠠ ᠰᠣᠭᠰᠤᠭ᠎ᠠ ᠭᠡᠳᠡᠭ᠃ᠠᠳᠤᠭᠤᠨ ᠤ ᠳᠡᠯ     ᠠᠳᠤᠭᠤᠨ ᠤ ᠬᠤᠶᠠᠷ ᠴᠢᠬᠢ ᠠᠴᠠ ᠠᠷᠤᠨᠰᠢ ᠰᠡᠷᠪᠡᠭᠡ ᠬᠦᠷᠳᠡᠯᠡᠬᠢ ᠦᠰᠦ ᠶᠢ ᠳᠡᠯ ᠭᠡᠳᠡᠭ᠂ ᠠᠳᠤᠭᠤᠨ ᠤ ᠳᠡᠯ ᠤᠷᠳᠤ ᠰᠠᠬᠤᠯᠢᠭ ᠤᠷᠭᠤᠳᠠᠭ᠃ ᠬᠤᠷ ᠳᠡᠯ ᠲᠠᠢ ᠠᠵᠢᠷᠭ᠎ᠠ ᠪᠣᠶᠤ ᠭᠡᠭᠦᠦ ᠶᠢᠨ ᠳᠡᠯ ᠡᠪᠦᠳᠦᠭ ᠢᠶᠠᠨ ᠳᠠᠪᠠᠵᠦ ᠭᠠᠵᠠᠷ ᠰᠢᠭᠦᠷᠳᠡᠭ᠃ ᠠᠳᠤᠭᠤᠨ ᠤ ᠳᠡᠯ ᠪᠣᠷᠤᠭᠤᠰᠢ ᠪᠠᠨ ᠵᠦᠪᠰᠢ ᠪᠠᠨ ᠪᠦᠷ ᠤᠨᠵᠠᠶᠢᠳᠠᠭ᠂ ᠭᠤᠤᠯ ᠢᠶᠠᠷ ᠢᠶᠠᠨ ᠤᠷᠳᠤᠯᠵᠢᠨ ᠬᠠᠭᠠᠷᠠᠵᠦ ᠬᠤᠶᠠᠷ ᠲᠡᠰᠢ ᠤᠨᠵᠠᠶᠢᠭᠰᠠᠨ ᠳᠡᠯ ᠢ ᠱᠠᠩᠬᠤᠯᠠᠵᠦ ᠪᠠᠭᠤᠭᠰᠠᠨ ᠳᠡᠯ ᠭᠡᠳᠡᠭ᠃ᠠᠳᠤᠭᠤᠨ ᠤ ᠮᠣᠨᠳᠠᠭ᠎ᠠ    ᠠᠳᠤᠭᠤᠨ ᠤ ᠰᠡᠷᠪᠡᠭᠡᠨ ᠳᠡᠭᠡᠷᠡᠬᠢ ᠪᠣᠶᠤ ᠰᠡᠷᠪᠡᠭᠡ ᠠᠴᠠ ᠶᠠᠯᠢᠮ ᠦᠭᠡᠢ ᠠᠷᠤᠨᠰᠢᠬᠢ ᠤᠷᠳᠤ ᠦᠰᠦ ᠶᠢ ᠮᠣᠨᠳᠠᠭ᠎ᠠ ᠭᠡᠳᠡᠭ᠃ ᠠᠳᠤᠭᠤᠨ ᠤ ᠳᠡᠯ ᠠᠪᠬᠤ ᠳᠤ ᠮᠣᠨᠳᠠᠭ᠎ᠠ᠂ ᠬᠦᠬᠦᠯ ᠢ ᠨᠢ ᠬᠢᠷᠭᠠᠳᠠᠭ ᠦᠭᠡᠢ ᠶᠣᠰᠤ ᠪᠣᠢ᠃ᠠᠳᠤᠭᠤᠨ ᠤ ᠰᠣᠷᠮᠤᠤᠰᠤ    ᠠᠳᠤᠭᠤᠨ ᠤ ᠨᠢᠳᠤᠨ ᠤ ᠠᠨᠢᠰᠬ᠎ᠠ ᠶᠢᠨ ᠢᠷᠮᠡᠭ ᠳᠠᠭᠤ ᠤᠷᠭᠤᠭᠰᠠᠨ ᠤᠷᠳᠤ ᠦᠰᠦ ᠶᠢ ᠰᠣᠷᠮᠤᠤᠰᠤ ᠭᠡᠳᠡᠭ᠃ᠠᠳᠤᠭᠤᠨ ᠤ ᠰᠠᠮᠠᠢ    ᠠᠳᠤᠭᠤᠨ ᠤ ᠰᠡᠭᠦᠯ ᠤᠨ ᠤᠭ ᠤᠨ ᠶᠠᠰᠤ ᠶᠢ ᠪᠦᠷᠬᠦᠵᠦ ᠤᠷᠭᠤᠭᠰᠠᠨ ᠦᠨᠳᠦᠷ ᠬᠢᠯᠭᠠᠰᠦ ᠶᠢ ᠰᠠᠮᠠᠢ ᠭᠡᠳᠡᠭ᠃ᠠᠳᠤᠭᠤᠨ ᠤ ᠰᠡᠭᠦᠯ     ᠠᠳᠤᠭᠤᠨ ᠤ ᠶᠠᠰᠦ ᠰᠡᠭᠦᠯ ᠠᠴᠠ ᠳᠣᠷᠤᠭᠰᠢ ᠤᠷᠭᠤᠵᠦ ᠰᠠᠭᠯᠠᠭ᠎ᠠ ᠳᠠᠭᠠᠨ ᠬᠦᠷᠦᠭᠰᠡᠨ ᠤᠷᠳᠤ ᠪᠠᠭᠴᠠ ᠬᠢᠯᠭᠠᠰᠦ ᠶᠢ ᠰᠡᠭᠦᠯ ᠭᠡᠨ᠎ᠡ᠃ ᠪᠠᠰᠠ ᠳᠤᠭ ᠰᠡᠭᠦᠯ ᠭᠡᠬᠦ ᠪᠤᠶᠤ ᠰᠡᠭᠦᠯ ᠤᠨ ᠬᠢᠯᠭᠠᠰᠦ ᠭᠡᠳᠡᠭ᠃ᠠᠳᠤᠭᠤᠨ ᠤ ᠡᠷᠭᠢᠭᠦᠯᠭᠡ     ᠠᠳᠤᠭᠤᠨ ᠤ ᠪᠡᠶ᠎ᠡ ᠳᠡᠭᠡᠷᠡᠬᠢ ᠠᠯᠢ ᠨᠢᠭᠡᠨ ᠬᠡᠰᠡᠭ ᠤᠨ ᠦᠰᠦ ᠨᠢ ᠤᠰᠤᠨ ᠤ ᠣᠶᠢᠯ ᠮᠡᠳᠦ ᠡᠷᠭᠢᠭᠦᠯᠭᠡᠨ ᠭᠠᠷᠴᠦ ᠤᠷᠭᠤᠭᠰᠠᠨ ᠢ ᠠᠳᠤᠭᠤᠨ ᠤ ᠡᠷᠭᠢᠭᠦᠯᠭᠡ ᠭᠡᠳᠡᠭ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号