ᠡᠨᠡ ᠵᠢᠯ ᠤᠨ ᠡᠬᠢᠨ ᠤ ᠬᠤᠶᠠᠷ ᠰᠠᠷ᠎ᠠ ᠳᠤ ᠡᠷᠢᠶᠡᠨ ᠪᠤᠭᠤᠮᠳᠠ ᠪᠠᠷ ᠳᠠᠮᠵᠢᠨ ᠦᠩᠭᠡᠷᠡᠭᠰᠡᠨ ᠳᠣᠮᠳᠠᠳᠣ ᠡᠸᠥ᠋ᠷᠥᠫᠡ ᠶᠢᠨ ᠸᠠᠭᠤᠨ ᠦᠩᠭᠡᠷᠡᠭᠰᠡᠨ ᠵᠢᠯ ᠤᠨ ᠠᠳᠠᠯᠢ ᠬᠤᠭᠤᠴᠠᠭ᠎ᠠ ᠠᠴᠠ ᠳᠠᠬᠢᠨ ᠢᠶᠠᠷ ᠨᠡᠮᠡᠭᠳᠡᠵᠡᠢ
ᠨᠡᠶᠢᠲᠡᠯᠡᠭᠰᠡᠨ ᠴᠠᠭ᠄
2018/4/23
       ᠡᠬᠢᠨ ᠤ ᠬᠤᠶᠠᠷ ᠰᠠᠷ᠎ᠠ ᠳᠤ᠂ ᠡᠷᠢᠶᠡᠨ ᠪᠣᠭᠤᠮᠳᠠ ᠨᠡᠶᠢᠳᠡ 173 ᠴᠣᠪᠣᠭ᠎ᠠ ᠳᠣᠮᠳᠠᠳᠣ ᠡᠸᠥ᠋ᠷᠥᠫᠡ  ᠶᠢᠨ ᠸᠠᠭᠤᠨ ᠢ ᠰᠢᠯᠭᠠᠨ ᠨᠡᠪᠳᠡᠷᠡᠭᠦᠯᠵᠥ᠂ ᠨᠡᠶᠢᠳᠡ 7703 ᠰᠢᠩᠭᠡᠯᠢᠭᠲᠦ᠂ 11.06 ᠲᠦᠮᠡᠨ ᠳᠣᠨ᠂ 6.96 ᠳ᠋ᠥᠩᠰᠢᠭᠤᠷ ᠳ᠋ᠣᠯᠯᠠᠷ ᠤᠨ ᠦᠷᠳᠡᠭ ᠲᠠᠢ ᠠᠴᠢᠶ᠎ᠠ ᠪᠠᠷᠠᠭ᠎ᠠ ᠶᠢ ᠨᠡᠪᠳᠡᠷᠡᠭᠦᠯᠵᠥ᠂ 2017 ᠣᠨ ᠤ ᠠᠳᠠᠯᠢ ᠬᠤᠭᠤᠴᠠᠭ᠎ᠠ ᠲᠠᠢ ᠬᠠᠷᠢᠴᠠᠭᠤᠯᠪᠠᠯ ᠳᠣᠰ ᠳᠣᠰ 5.77᠂ 5.47᠂ 6.60 ᠵᠢᠴᠢ 4.14 ᠳᠠᠬᠢᠨ ᠢᠶᠠᠷ ᠦᠰᠴᠡᠢ᠃ ᠣᠳᠣᠬᠠᠨ ᠳᠤ᠂ ᠡᠷᠢᠶᠡᠨ ᠪᠣᠭᠤᠮᠳᠠ ᠪᠠᠷ ᠳᠠᠮᠵᠢᠨ ᠦᠩᠭᠡᠷᠡᠬᠦ ᠳᠣᠮᠳᠠᠳᠣ ᠡᠸᠥ᠋ᠷᠥᠫᠡ ᠶᠢᠨ ᠸᠠᠭᠤᠨ ᠤ ᠵᠠᠮ ᠱᠣᠭᠤᠮ ᠨᠢᠭᠡᠨᠳᠡ 18 ᠵᠣᠷᠪᠣᠰ ᠪᠤᠯᠵᠤ᠂ ᠡᠬᠢᠨ ᠤ ᠬᠤᠶᠠᠷ ᠰᠠᠷ᠎ᠠ ᠳᠤ ᠡᠳᠦᠷ ᠪᠦᠷᠢ ᠰᠢᠯᠭᠠᠨ ᠨᠡᠪᠳᠡᠷᠡᠭᠦᠯᠥᠭᠰᠡᠨ ᠸᠠᠭᠤᠨ ᠳᠣᠮᠳᠠᠴᠢ ᠪᠠᠷ 2.93 ᠴᠣᠪᠣᠭ᠎ᠠ ᠪᠠᠶᠢᠵᠤ᠂ ᠡᠨᠡᠬᠦ ᠳᠠᠪᠳᠠᠮᠵᠢ ᠶᠢ ᠦᠨᠳᠦᠰᠦᠯᠡᠨ ᠪᠠᠷᠣᠭᠴᠠᠭᠠᠯᠠᠪᠠᠯ᠂ 2018 ᠣᠨ ᠳᠤ ᠰᠢᠯᠭᠠᠨ ᠨᠡᠪᠳᠡᠷᠡᠭᠦᠯᠬᠦ ᠳᠣᠮᠳᠠᠳᠣ ᠡᠸᠥ᠋ᠷᠥᠫᠡ ᠶᠢᠨ ᠸᠠᠭᠤᠨ ᠮᠢᠩᠭᠠᠨ ᠴᠣᠪᠣᠭ᠎ᠠ ᠶᠢ ᠳᠠᠪᠠᠭ᠋ᠤ ᠪᠣᠯᠣᠮᠵᠢᠳᠠᠢ᠃      
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号