ᠣᠷᠣᠰ ᠠᠴᠠ ᠡᠷᠢᠶᠡᠨ ᠢ ᠳᠠᠮᠵᠢᠨ ᠭᠠᠨᠵᠸᠤ ᠭᠠᠷᠠᠮ ᠬᠦᠷᠬᠦ ᠠᠩᠬᠠᠳᠠᠭᠴᠢ ᠭᠠᠳᠠᠭᠠᠳᠤ ᠣᠯᠣᠰ ᠤᠨ ᠸᠠᠭᠤᠨ ᠠᠩᠬᠠᠨ ᠤ ᠠᠶᠠᠨ ᠢᠶᠠᠨ ᠠᠮᠵᠢᠯᠳᠠ ᠲᠠᠢ ᠦᠨᠳᠦᠷᠯᠡᠭᠦᠯᠪᠡ
ᠨᠡᠶᠢᠲᠡᠯᠡᠭᠰᠡᠨ ᠴᠠᠭ᠄
2018/4/23
       ᠡᠨᠡᠬᠦ ᠣᠷᠣᠰ ᠤᠨ ᠨᠠᠷᠠᠰᠣᠨ ᠮᠣᠳᠣᠨ ᠤ ᠬᠠᠪᠳᠠᠩ ᠢ ᠲᠡᠭᠡᠭᠡᠪᠦᠷᠢᠯᠡᠭᠰᠡᠨ ᠸᠠᠭᠤᠨ ᠨᠢ᠂ ᠣᠷᠣᠰ ᠤᠨ ᠺᠠᠨᠰᠺ ᠠᠴᠠ ᠬᠦᠳᠡᠯᠥᠨ᠂ ᠮᠣᠩᠭᠤᠯ ᠣᠯᠣᠰ ᠢ ᠳᠠᠮᠵᠢᠵᠤ᠂ ᠡᠷᠢᠶᠡᠨ ᠪᠣᠭᠤᠮᠳᠠ ᠪᠠᠷ ᠬᠢᠯᠢ ᠦᠩᠭᠡᠷᠡᠨ᠂ ᠭᠠᠨᠵᠸᠤ ᠭᠠᠷᠠᠮ ᠳᠤ ᠰᠢᠭᠤᠳ ᠨᠡᠪᠳᠡᠷᠡᠳᠡᠭ᠃ ᠲᠡᠷᠡ ᠨᠢ ᠭᠠᠨᠵᠸᠤ ᠭᠠᠷᠠᠮ ᠬᠦᠷᠬᠦ ᠳᠣᠮᠳᠠᠳᠣ ᠡᠸᠥ᠋ᠷᠦᠫᠡ ᠶᠢᠨ ᠸᠠᠭᠤᠨ ᠤ ᠠᠩᠬ᠎ᠠ ᠡᠷᠢᠶᠡᠨ ᠪᠤᠭᠤᠮᠳᠠ ᠪᠠᠷ ᠮᠠᠨ ᠤ ᠬᠢᠯᠢ ᠳᠤ ᠤᠷᠤᠵᠤ ᠪᠠᠶᠢᠭ᠎ᠠ ᠳᠣᠬᠢᠶᠠᠯᠳᠤᠯ ᠶᠤᠮ᠃ ᠡᠭᠦᠪᠡᠷ᠂ ᠡᠷᠢᠶᠡᠨ ᠪᠤᠭᠤᠮᠳᠠ ᠨᠢ ᠳᠤᠮᠳᠠᠳᠤ ᠡᠸᠥ᠋ᠷᠥᠫᠡ ᠶᠢᠨ ᠸᠠᠭᠤᠨ ᠤ ᠵᠡᠭᠦᠨ᠂ ᠳᠤᠮᠳᠠ᠂ ᠪᠠᠷᠠᠭᠤᠨ ᠭᠤᠷᠪᠠᠨ ᠱᠤᠭᠤᠮ ᠢ ᠵᠡᠷᠭᠡᠪᠡᠷ ᠨᠡᠪᠳᠡᠷᠡᠭᠦᠯᠬᠦ ᠪᠠᠷᠠᠭ᠎ᠠ ᠬᠦᠢᠯᠭᠡᠭᠡᠨ ᠤ ᠴᠢᠬᠤᠯᠠ ᠠᠭᠤᠯᠵᠠᠷ ᠴᠡᠭ ᠪᠤᠯᠤᠭᠰᠠᠨ ᠪᠠᠶᠢᠨ᠎ᠠ᠃       ᠡᠷᠢᠶᠡᠨ ᠪᠤᠭᠤᠮᠳᠠ ᠨᠢ ᠳᠤᠮᠳᠠᠳᠤ ᠶᠢᠨ ᠤᠮᠠᠷᠠᠳᠤ ᠬᠢᠵᠠᠭᠠᠷ ᠪᠤᠯᠬᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠤᠳᠤᠭ ᠲᠤ ᠪᠠᠶᠢᠷᠢᠯᠠᠵᠤ᠂ ᠳᠤᠮᠳᠠᠳᠤ ᠤᠯᠤᠰ ᠤᠨ ᠮᠣᠩᠭᠤᠯ᠂ ᠤᠷᠤᠰ ᠳᠤ ᠬᠠᠨᠳᠤᠭᠰᠠᠨ ᠬᠠᠮᠤᠭ ᠲᠤᠮᠤ ᠬᠠᠭᠤᠷᠠᠢ ᠵᠠᠮ ᠤᠨ ᠪᠤᠭᠤᠮᠳᠠ ᠶᠢᠨ ᠨᠢᠭᠡ ᠪᠠᠶᠢᠵᠤ᠂ ︽ᠳᠣᠷᠭᠠᠨ ᠵᠠᠮ︾ ᠤᠨ ᠭᠤᠷᠪᠠᠨ ᠵᠣᠷᠪᠤᠰ ᠰᠠᠯᠪᠤᠷᠢ ᠱᠣᠭᠤᠮ ᠤᠨ ᠳᠤᠮᠳᠠ ᠵᠠᠮ ᠳᠡᠭᠡᠷ᠎ᠡ ᠣᠷᠣᠰᠢᠨ᠂ ᠳᠤᠮᠳᠠᠳᠤ ᠮᠣᠩᠭᠤᠯ ᠤᠷᠤᠰ ᠤᠨ ᠠᠵᠤ ᠠᠬᠤᠢ ᠶᠢᠨ ᠬᠤᠩᠬᠢᠯ ᠤᠨ ᠴᠢᠬᠤᠯᠠ ᠠᠭᠤᠯᠵᠠᠷ ᠴᠡᠭ ᠪᠣᠯᠬᠤ ᠪᠠᠷ ᠪᠠᠷᠠᠬᠤ ᠦᠭᠡᠢ ᠮᠥᠨᠴᠥ ᠮᠠᠨ ᠤ ᠤᠯᠤᠰ ᠤᠨ ᠤᠮᠠᠷᠠᠳᠤ ᠳᠤ ᠨᠡᠭᠡᠭᠡᠯᠳᠡᠳᠡᠢ ᠬᠠᠮᠤᠭ ᠴᠢᠬᠤᠯᠠ ᠬᠦᠬᠦᠷᠭᠡ ᠶᠢᠨ ᠪᠠᠬᠢᠯᠡᠯᠳᠡ ᠪᠤᠯᠤᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号