ᠡᠷᠢᠶᠡᠨ ᠪᠤᠭᠤᠮᠳᠠ ᠪᠠᠷ ᠳᠠᠮᠵᠢᠨ ᠦᠩᠭᠡᠷᠡᠬᠦ ᠳᠣᠮᠳᠠᠳᠣ ᠡᠸᠦ᠋ᠷᠦᠫᠡ ᠶᠢᠨ ᠸᠠᠭ᠋ᠨ ᠤ ᠵᠠᠮ ᠱᠣᠭᠤᠮ 22 ᠵᠣᠷᠪᠣᠰ ᠪᠣᠯᠵᠤ ᠨᠡᠮᠡᠭᠳᠡᠪᠡ
ᠨᠡᠶᠢᠲᠡᠯᠡᠭᠰᠡᠨ ᠴᠠᠭ᠄
2018/4/23
      3 ᠰᠠᠷ᠎ᠠ ᠶᠢᠨ 16 ᠤ ᠡᠳᠦᠷ᠂ ᠡᠷᠢᠶᠡᠨ ᠬᠤᠳᠠ ᠶᠢᠨ ᠭᠠᠶᠢᠯᠢ ᠶᠢᠨ ᠪᠤᠭᠤᠮᠳᠠ ᠨᠢ ᠰᠢᠨ᠎ᠡ ᠪᠠᠷ ᠨᠡᠭᠡᠭᠡᠭᠳᠡᠭᠰᠡᠨ ᠳᠠᠷᠢᠽᠢ — ᠬᠤᠸᠠᠩᠳᠣᠣ ᠭᠠᠷᠠᠮ ᠴᠢᠭᠯᠡᠯ ᠤᠨ ᠳᠣᠮᠳᠠᠳᠣ ᠡᠸᠥ᠋ᠷᠦᠫᠡ ᠶᠢᠨ ᠸᠠᠭᠤᠨ ᠢ ᠰᠢᠷᠭᠤᠬᠠᠢ ᠰᠢᠯᠭᠠᠨ ᠨᠡᠪᠳᠡᠷᠡᠭᠦᠯᠪᠡ᠃ ᠳᠣᠰ ᠸᠠᠭᠤᠨ ᠠᠮᠵᠢᠯᠳᠠ ᠲᠠᠢ ᠳᠡᠷᠭᠡ ᠨᠡᠪᠳᠡᠷᠡᠭᠰᠡᠨ ᠢᠶᠠᠷ ᠡᠷᠢᠶᠡᠨ ᠪᠣᠭᠤᠮᠳᠠ ᠪᠠᠷ ᠳᠠᠮᠵᠢᠨ ᠦᠩᠭᠡᠷᠡᠬᠦ ᠳᠣᠮᠳᠠᠳᠣ ᠡᠸᠦ᠋ᠷᠦᠫᠡ ᠶᠢᠨ ᠸᠠᠭᠤᠨ ᠤ ᠵᠠᠮ ᠱᠣᠭᠤᠮ 22 ᠵᠣᠷᠪᠣᠰ ᠪᠣᠯᠵᠤ ᠨᠡᠮᠡᠭᠳᠡᠭᠰᠡᠨ ᠪᠠᠶᠢᠨ᠎ᠠ᠃       ᠣᠶᠢᠯᠭᠠᠭᠰᠠᠨ ᠢᠶᠠᠷ᠂ ᠳᠣᠰ ᠸᠠᠭᠤᠨ ᠨᠢ ᠨᠡᠶᠢᠳᠡ41ᠰᠢᠩᠭᠡᠯᠢᠭᠲᠦ ᠠᠴᠢᠶ᠎ᠠ ᠲᠠᠢ᠂ ᠵᠦᠭᠡᠭᠡᠪᠦᠷᠢᠯᠡᠬᠦ ᠪᠠᠷᠠᠭ᠎ᠠ ᠪᠦᠳᠦᠭᠡᠭᠳᠡᠭᠦᠨ ᠨᠢ ᠬᠢᠷᠦᠭᠡᠳᠡᠮᠡᠯ ᠮᠣᠳᠣᠨ ᠮᠠᠲ᠋ᠧᠷᠢᠶᠠᠯ ᠢᠶᠠᠷ ᠭᠤᠤᠯ ᠪᠤᠯᠭᠠᠵᠤ᠂ ᠪᠦᠬᠦ ᠬᠦᠨᠳᠥ ᠶᠢᠨ ᠬᠡᠮᠵᠢᠶ᠎ᠡ ᠨᠢ 1066 ᠳᠤᠨ᠂ ᠪᠠᠷᠠᠭᠠᠨ ᠤ ᠨᠡᠶᠢᠳᠡ ᠦᠷᠳᠡᠭ ᠨᠢ 25.912 ᠲᠦᠮᠡᠨ ᠳ᠋ᠣᠯᠯᠠᠷ᠃ ᠳᠤᠰ ᠸᠠᠭᠤᠨ  ᠨᠢ ᠣᠷᠤᠰ ᠤᠨ ᠳᠠᠷᠢᠽᠢ ᠠᠴᠠ ᠬᠦᠳᠡᠯᠵᠥ᠂ ᠡᠷᠢᠶᠡᠨ ᠪᠤᠭᠤᠮᠳᠠ ᠪᠠᠷ ᠬᠢᠯᠢ ᠦᠩᠭᠡᠷᠡᠨ᠂ ᠴᠢᠩᠳᠣᠣ ᠬᠤᠳᠠ ᠶᠢᠨ ᠭᠠᠶᠢᠯᠢ ᠶᠢᠨ ᠪᠣᠭᠤᠮᠳᠠ ᠳᠤ ᠭᠠᠶᠢᠯᠢ ᠶᠢᠨ ᠪᠦᠷᠢᠳᠭᠡᠯ ᠪᠠ ᠪᠦᠬᠦ ᠤᠯᠤᠰ ᠤᠨ ᠬᠢᠯᠢ ᠪᠠᠷ ᠴᠢᠯᠥᠭᠡᠳᠡᠢ ᠨᠡᠪᠳᠡᠷᠡᠬᠦ ᠴᠣᠭᠴᠠ ᠭᠠᠷ ᠬᠦᠢᠴᠡᠳᠭᠡᠯ ᠢ ᠬᠢᠭᠰᠡᠨ ᠤ ᠳᠠᠷᠠᠭ᠎ᠠ᠂ ᠡᠴᠥᠰ ᠤᠨ ᠦᠷᠳᠡᠭᠡ ᠬᠤᠸᠠᠩᠳᠣᠣ ᠭᠠᠷᠠᠮ ᠳᠤ ᠠᠶᠠᠯᠠᠨ ᠬᠦᠷᠳᠡᠭ᠃ ᠠᠶᠠᠯᠠᠯ ᠤᠨ ᠵᠠᠮ ᠤᠨ ᠪᠦᠬᠦ ᠤᠷᠳᠣ ᠨᠢ 3150 ᠺᠢᠯᠦᠮᠧᠲᠷ ᠪᠠᠶᠢᠵᠤ᠂ 10 ᠬᠤᠨᠤᠭ ᠣᠷᠴᠢᠮ ᠤᠨ ᠴᠠᠭ ᠬᠡᠷᠡᠭᠰᠡᠨ᠎ᠡ᠃      ᠡᠷᠢᠶᠡᠨ ᠪᠤᠭᠤᠮᠳᠠ ᠨᠢ ᠳᠤᠮᠳᠠᠳᠤ ᠤᠯᠤᠰ ᠤᠨ ᠮᠣᠩᠭᠤᠯ ᠳᠤ ᠨᠡᠪᠳᠡᠷᠡᠬᠦ ᠴᠣᠷ ᠤᠨ ᠭᠠᠭᠴᠠ ᠳᠡᠮᠦᠷ ᠵᠠᠮ  ᠤᠨ ᠪᠤᠭᠤᠮᠳᠠ ᠪᠤᠯᠤᠭᠰᠠᠨ ᠤ ᠬᠤᠪᠢ ᠳᠤ᠂ ᠣᠯᠣᠰ ᠤᠨ ᠬᠦᠭᠵᠢᠭᠦᠯᠥᠯᠳᠡ ᠦᠭᠡᠷᠡᠴᠢᠯᠡᠯᠳᠡ ᠶᠢᠨ ᠵᠦᠪᠯᠡᠯ ᠤᠨ ᠨᠡᠶᠢᠳᠡᠯᠡᠭᠰᠡᠨ ︽ᠳᠣᠮᠳᠠᠳᠣ ᠡᠸᠦ᠋ᠷᠣᠫᠡ ᠶᠢᠨ ᠸᠠᠭᠤᠨ ᠢ ᠪᠦᠳᠦᠭᠡᠨ ᠪᠠᠶᠢᠭᠤᠯᠬᠤ ᠭᠦᠭᠵᠢᠯᠳᠡ ᠶᠢᠨ ᠳᠥᠯᠥᠪᠵᠢᠭᠦᠯᠭᠡ ︵2016-2020 ᠣᠨ︶︾ ᠳᠤ ᠲᠡᠭᠦᠨ ᠢ ᠳᠣᠮᠳᠠᠳᠣ ᠡᠸᠥ᠋ᠷᠦᠫᠡ ᠶᠢᠨ ᠸᠠᠭᠤᠨ ᠤ ︽ᠳᠣᠮᠳᠠ ᠭᠠᠷᠴᠠ︾ ᠶᠢᠨ ᠴᠣᠷ ᠤᠨ ᠭᠠᠭᠴᠠ ᠬᠢᠯᠢ ᠪᠠᠷ ᠨᠡᠪᠳᠡᠷᠡᠬᠦ ᠪᠣᠭᠤᠮᠳᠠ ᠭᠡᠵᠤ ᠳᠣᠭᠳᠠᠭᠠᠭᠰᠠᠨ ᠶᠤᠮ᠃ ᠡᠨᠡ ᠵᠢᠯ ᠤᠨ 3 ᠳ᠋ᠣᠭᠠᠷ ᠰᠠᠷ᠎ᠠ ᠠᠴᠠ ᠨᠠᠭᠠᠰᠢ᠂ ᠡᠷᠢᠶᠡᠨ ᠲᠡᠮᠦᠷ ᠵᠠᠮ ᠤᠨ ᠪᠣᠭᠤᠮᠳᠠ ᠪᠠᠷ ᠳᠠᠮᠵᠢᠨ ᠦᠩᠭᠡᠷᠡᠬᠦ ᠸᠠᠭᠤᠨ  ᠤ ᠵᠠᠮ ᠱᠣᠭᠤᠮ ᠨᠢ ᠦᠳᠭᠡᠷ ᠣᠯᠠᠰᠢᠷᠠᠵᠤ᠂ ᠳᠠᠷᠢᠽᠢ — ᠭᠠᠨᠵᠸᠥ ᠶᠢᠨ ᠨᠠᠨᠺᠠᠩ᠂ ᠳᠠᠷᠢᠽᠢ — ᠱᠠᠨᠳᠦ᠋ᠩ ᠤᠨ ᠯᠢᠨ ᠢ  ᠢᠨ᠋ᠶᠠ — ᠨᠠᠨᠵᠢᠩ ᠤᠨ ᠤᠮᠠᠷᠠᠳᠤ ᠦᠷᠳᠡᠭᠡ᠂ ᠳᠠᠷᠢᠽᠢ — ᠬᠤᠸᠠᠩᠳᠣᠣ ᠭᠠᠷᠠᠮ ᠵᠡᠷᠭᠡ ᠴᠢᠭᠯᠡᠯ ᠤᠨ ᠳᠦᠷᠪᠡᠨ ᠵᠣᠷᠪᠣᠰ ᠵᠠᠮ ᠱᠣᠭᠤᠮ ᠤᠷᠢᠳ ᠬᠤᠵᠢᠳ ᠨᠡᠪᠳᠡᠷᠡᠭᠰᠡᠨ ᠪᠠᠶᠢᠨ᠎ᠠ᠃  
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号