ᠡᠷᠢᠶᠡᠨ ᠬᠤᠳᠠ ᠶᠢᠨ ᠭᠠᠶᠢᠯᠢ ᠶᠢᠨ ᠳᠣᠪᠴᠢᠶ᠎ᠠ ᠨᠢ ᠼᠣᠣ ᠹᠧᠢ ᠳ᠋ᠢᠶᠠᠨ ᠭᠠᠷᠠᠮ ᠠᠴᠠ ᠬᠦᠳᠡᠯᠥᠭᠰᠡᠨ ᠠᠩᠬᠠᠳᠠᠭᠴᠢ ᠳᠣᠮᠳᠠᠳᠣ ᠡᠸᠦ᠋ᠷᠤᠫᠡ ᠶᠢᠨ ᠭᠠᠯᠳᠤ ᠳᠡᠷᠭᠡ ᠶᠢ ᠬᠢᠯᠢ ᠪᠠᠷ ᠰᠢᠯᠭᠠᠨ ᠨᠡᠪᠳᠡᠷᠡᠭᠦᠯᠪᠡ
ᠨᠡᠶᠢᠲᠡᠯᠡᠭᠰᠡᠨ ᠴᠠᠭ᠄
2018/4/23
       ᠡᠷᠢᠶᠡᠨ ᠬᠤᠳᠠ ᠶᠢᠨ ᠭᠠᠶᠢᠯᠢ ᠶᠢᠨ ᠳᠣᠪᠴᠢᠶᠠᠨ ᠤ 29 ᠤ ᠡᠳᠦᠷ ᠤᠨ ᠮᠡᠳᠡᠭᠡᠯᠡᠯ ᠢᠶᠠᠷ᠂ ᠼᠣᠣ ᠹᠧᠢ ᠳ᠋ᠢᠶᠠᠨ ᠭᠠᠷᠠᠮ ᠠᠴᠠ ᠮᠣᠩᠭᠤᠯ ᠣᠯᠣᠰ ᠤᠨ ᠤᠯᠠᠭᠠᠨᠪᠠᠭᠠᠳᠤᠷ ᠬᠦᠷᠬᠦ ᠳᠣᠮᠳᠠᠳᠣ ᠡᠸᠥ᠋ᠷᠦᠫᠡ ᠶᠢᠨ ᠭᠠᠯᠳᠤ ᠳᠡᠷᠭᠡ  ᠨᠢ ᠳᠣᠮᠳᠠᠳᠣ ᠮᠣᠩᠭᠤᠯ ᠤᠨ ᠬᠠᠮᠤᠭ ᠳᠣᠮᠣ ᠬᠠᠭᠤᠷᠠᠢ ᠵᠠᠮ ᠤᠨ ᠪᠣᠭᠤᠮᠳᠠ ᠪᠣᠯᠬᠤ ᠡᠷᠢᠶᠡᠨ ᠪᠤᠭᠤᠮᠳᠠ ᠪᠠᠷ ᠠᠯᠪᠠᠨ ᠶᠤᠰᠤᠭᠠᠷ ᠬᠢᠯᠢ ᠨᠡᠪᠳᠡᠷᠡᠪᠡ᠃        ᠳᠣᠰ ᠸᠠᠭᠤᠨ ᠨᠢ ᠲᠠᠩᠱᠠᠨ ᠤ ᠨᠠᠨ ᠪᠣᠣ ᠥᠷᠳᠡᠭᠡ ᠠᠴᠠ ᠬᠥᠳᠡᠯᠵᠥ᠂ ᠡᠷᠢᠶᠡᠨ ᠪᠤᠭᠤᠮᠳᠠ ᠶᠢ ᠳᠠᠮᠵᠢᠨ᠂ ᠰᠡᠭᠦᠯᠴᠢ ᠶᠢᠨ ᠦᠷᠳᠡᠭᠡ ᠤᠯᠠᠭᠠᠨᠪᠠᠭᠠᠳᠤᠷ ᠬᠦᠷᠬᠦ ᠪᠦᠬᠦ ᠵᠠᠢ ᠨᠢ 1670 ᠺᠢᠯᠥᠮᠧᠲᠷ ᠪᠠᠶᠢᠵᠤ᠂ 7 ᠬᠤᠨᠤᠭ ᠤᠷᠴᠢᠮ ᠠᠶᠠᠯᠬᠤ ᠪᠠᠷ ᠳᠥᠯᠥᠪᠯᠡᠵᠥ ᠪᠤᠢ᠃        ᠳᠣᠰ ᠸᠠᠭᠤᠨ ᠨᠢ ᠨᠡᠶᠢᠳᠡ 44 ᠰᠢᠩᠭᠡᠯᠢᠭᠲᠦ ᠳᠡᠭᠡᠭᠡᠪᠦᠷᠢ ᠪᠠᠷ ᠯᠠᠰᠠᠲᠤ ᠢᠳᠡᠭᠡᠨ᠂ ᠴᠠᠬᠢᠯᠭᠠᠨ ᠬᠡᠷᠡᠭᠰᠡᠯ ᠂ ᠮᠣᠳᠣᠨ ᠮᠠᠲ᠋ᠧᠷᠢᠶᠠᠯ᠂ ᠳᠠᠪᠢᠯᠭ᠎ᠠ ᠵᠡᠷᠭᠡ ᠡᠳ᠋ ᠪᠠᠷᠠᠭ᠎ᠠ ᠶᠢ ᠵᠥᠭᠡᠭᠡᠪᠦᠷᠢᠯᠡᠵᠥ᠂ ᠶᠡᠷᠥᠩᠭᠡᠢ ᠬᠦᠨᠳᠥ ᠶᠢᠨ ᠬᠡᠮᠵᠢᠶ᠎ᠡ  ᠨᠢ 169.04 ᠳᠤᠨ᠂ ᠨᠡᠶᠢᠳᠡ ᠦᠷᠳᠡᠭ ᠨᠢ 48.786 ᠲᠦᠮᠡᠨ ᠳ᠋ᠣᠯᠯᠠᠷ᠃        ᠦᠨᠥᠳᠦᠷ ᠤᠨ ᠡᠷᠢᠶᠡᠨ ᠪᠣᠭᠤᠮᠳᠠ ᠪᠠᠷ ᠨᠡᠪᠳᠡᠷᠡᠬᠦ ᠳᠣᠮᠳᠠᠳᠣ ᠡᠸᠥ᠋ᠷᠦᠫᠡ ᠶᠢᠨ ᠭᠠᠯᠳᠤ ᠳᠡᠷᠭᠡᠨ ᠤ ᠱᠣᠭᠤᠮ 23 ᠵᠣᠷᠪᠣᠰ ᠪᠣᠯᠵᠤ ᠨᠡᠮᠡᠭᠳᠡᠭᠰᠡᠨ ᠪᠠᠶᠢᠨ᠎ᠠ᠃ ᠡᠷᠢᠶᠡᠨ ᠬᠤᠳᠠ ᠶᠢᠨ ᠭᠠᠶᠢᠯᠢ ᠶᠢᠨ ᠳᠣᠪᠴᠢᠶᠠᠨ ᠠᠴᠠ ᠳᠠᠨᠢᠯᠴᠠᠭᠤᠯᠤᠭᠰᠠᠨ ᠢᠶᠠᠷ᠂ ᠳᠣᠰ ᠸᠠᠭᠤᠨ  ᠪᠣᠯ ᠳᠣᠮᠳᠠᠳᠣ ᠣᠯᠣᠰ ᠤᠨ ᠠᠩᠬᠠᠳᠠᠭᠴᠢ ᠤᠯᠠᠭᠠᠨᠪᠠᠭᠠᠳᠤᠷ ᠢᠶᠠᠷ ᠰᠡᠭᠦᠯᠴᠢ ᠶᠢᠨ ᠦᠷᠳᠡᠭᠡ ᠪᠣᠯᠭᠠᠭᠰᠠᠨ ᠸᠠᠭᠤᠨ᠃ ᠳᠤᠰ ᠸᠠᠭᠤᠨ ᠨᠡᠪᠳᠡᠷᠡᠭᠰᠡᠨ ᠨᠢ᠂ ᠳᠣᠮᠳᠠᠳᠣ ᠤᠯᠤᠰ ᠤᠨ ᠵᠡᠭᠦᠨ ᠬᠤᠶᠢᠳᠤ᠂ ᠪᠠᠷᠠᠭᠤᠨ ᠬᠤᠶᠢᠳᠤ᠂ ᠤᠮᠠᠷᠠᠳᠤ ᠤᠷᠤᠨ ᠠᠴᠠ ᠡᠸᠦ᠋ᠷᠤᠫᠡ ᠬᠦᠷᠬᠦ ᠳᠦᠳᠡ ᠵᠠᠮ ᠢ ᠨᠡᠭᠡᠭᠡᠬᠦ ᠪᠠᠷ ᠥᠯᠥ ᠪᠠᠷᠠᠨ᠂ ᠮᠥᠨᠴᠥ ᠶᠠᠫᠤᠨ ᠰᠤᠯᠤᠩᠭᠤᠰ᠂ ᠵᠡᠭᠦᠨ ᠡᠮᠥᠨᠡᠲᠥ ᠠᠽᠢᠶ᠎ᠠ ᠶᠢᠨ ᠡᠯ᠎ᠡ ᠤᠯᠤᠰ ᠤᠳ ᠤᠨ ᠪᠠᠷᠠᠭ᠎ᠠ  ᠪᠠᠨ ᠮᠣᠩᠭᠤᠯ᠂ ᠣᠷᠣᠰ ᠵᠡᠷᠭᠡ ᠡᠸᠦ᠋ᠷᠥᠫᠡ ᠶᠢᠨ ᠤᠯᠤᠰ ᠤᠷᠤᠨ ᠨᠤᠭᠤᠳ ᠲᠤ ᠭᠠᠷᠭᠠᠬᠤ ᠳᠤ ᠨᠢᠭᠡᠨ ᠵᠣᠷᠪᠣᠰ ᠳᠦᠳᠡ ᠵᠠᠮ ᠢ ᠨᠡᠭᠡᠭᠡᠵᠥ ᠦᠭᠭᠦᠭᠰᠡᠨ ᠪᠠᠶᠢᠨ᠎ᠠ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号