ᠦᠭᠡᠷ ᠤᠨ ᠶᠠᠰᠤ ᠵᠦᠭᠡᠯᠡᠷᠡᠬᠦ ᠬᠡᠮ ᠢ ᠰᠡᠷᠭᠡᠶᠢᠯᠡᠨ ᠵᠠᠰᠠᠬᠤ ᠳᠤᠬᠠᠢ
ᠨᠡᠶᠢᠲᠡᠯᠡᠭᠰᠡᠨ ᠴᠠᠭ᠄
2018/4/3
       ᠤᠷᠴᠢᠮ ᠤᠨ ᠵᠢᠯ ᠤᠳ ᠲᠤ ᠮᠠᠨ ᠤ ᠤᠷᠤᠨ ᠳᠤ ᠬᠤᠷ᠎ᠠ ᠪᠤᠷᠤᠭᠠᠨ ᠪᠠᠭ᠎ᠠ᠂ ᠭᠠᠩ ᠬᠠᠭᠤᠷᠠᠢ᠂ ᠰᠠᠯᠭᠢᠨ ᠶᠡᠭᠡ᠂ ᠤᠷᠭᠤᠮᠠᠯ ᠤᠨ ᠪᠦᠷᠭᠦᠴᠡ ᠡᠪᠳᠡᠭᠳᠡᠭᠰᠡᠨ ᠵᠡᠷᠭᠡ ᠰᠢᠯᠳᠠᠭᠠᠨ ᠠᠴᠠ ᠪᠤᠯᠵᠤ᠂ ᠤᠯᠠᠩᠭᠢ ᠰᠢᠮ᠎ᠡ ᠲᠡᠵᠢᠭᠡᠯᠳᠤ ᠡᠪᠡᠰᠤ ᠤᠷᠭᠤᠮᠠᠯ ᠤᠷᠭᠤᠬᠤ ᠪᠠᠨ ᠪᠤᠯᠢᠬᠰᠠᠨ ᠪᠠᠶᠢᠨ᠎ᠠ᠃ ᠮᠦᠨ ᠡᠭᠦᠨ ᠠᠴᠠ ᠪᠤᠯᠵᠤ ᠦᠭᠡᠷ ᠰᠦᠷᠦᠭ ᠤᠨ ᠳᠤᠮᠳᠠ ᠶᠠᠰᠤ ᠵᠦᠭᠡᠯᠡᠷᠡᠭᠦ ᠭᠡᠮ ᠤᠯᠠᠨ ᠭᠠᠷᠬᠤ ᠪᠤᠯᠵᠠᠢ᠃      ᠡᠪᠡᠳᠴᠢᠨ ᠤ ᠰᠢᠯᠳᠠᠭᠠᠨ᠄ ᠤᠷᠳᠤ ᠬᠤᠭᠤᠴᠠᠭ᠎ᠠ ᠪᠠᠷ ᠹᠤᠰᠹᠤᠷ᠂ ᠺᠠᠯᠼ ᠲᠤᠳᠠᠬᠤ ᠪᠤᠶᠤ ᠹᠤᠰᠹᠤᠷ᠂ ᠺᠠᠯᠼ ᠤᠨ ᠬᠠᠷᠢᠴᠠᠯ ᠨᠢ ᠲᠡᠩᠴᠡᠭᠦᠷᠢ ᠪᠠᠨ ᠠᠯᠳᠠᠬᠤ ᠠᠴᠠ ᠪᠤᠯᠵᠤ ᠶᠠᠰᠤ ᠵᠦᠭᠡᠯᠡᠷᠡᠭᠦ ᠭᠡᠮ ᠡᠭᠦᠰᠳᠡᠭ᠃ ᠲᠠᠷᠤᠢ ᠤᠳᠤᠷᠯᠠᠨ ᠶᠠᠪᠤᠬᠤ ᠭᠠᠵᠠᠷ ᠦᠭᠡᠢ᠂ ᠳᠤᠬᠳᠠᠬᠰᠠᠨ ᠭᠠᠵᠠᠷ ᠲᠠᠭᠠᠨ ᠤᠷᠳᠤ ᠬᠤᠭᠤᠴᠠᠭ᠎ᠠ ᠮᠠᠯᠵᠢᠬᠤ᠂ ᠲᠡᠵᠢᠭᠡᠯ ᠪᠤᠷᠳᠤᠭ᠎ᠠ᠂ ᠤᠷᠭᠤᠮᠠᠯ ᠤᠨ ᠲᠤᠳᠤᠷ᠎ᠠ ᠸᠢᠲ᠋ᠠᠮᠢᠨ ᠲᠤᠳᠠᠭᠳᠠᠬᠤ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠴᠢᠩᠭᠠᠷᠠᠬᠤ ᠵᠡᠷᠭᠡ ᠠᠴᠠ ᠪᠤᠯᠵᠤ ᠮᠦᠨ ᠡᠭᠦᠰᠳᠡᠭ᠃ ᠡᠭᠦᠨ ᠠᠴᠠ ᠭᠠᠳᠠᠨ᠎ᠠ ᠬᠤᠳᠤᠭᠤᠳᠤ ᠭᠡᠳᠡᠰᠤᠨ ᠤ ᠠᠵᠢᠯᠯᠠᠭ᠎ᠠ ᠰᠤᠯᠠᠷᠠᠬᠤ ᠂ ᠤᠳᠠᠭᠠᠨ ᠴᠢᠨᠠᠷᠳᠠᠢ ᠰᠢᠩᠭᠡᠭᠡᠯᠳᠡ ᠮᠠᠭᠤᠳᠠᠬᠤ ᠵᠡᠷᠭᠡ ᠠᠴᠠ ᠪᠤᠯᠵᠤ ᠮᠦᠨ ᠳᠤᠰ ᠡᠪᠡᠳᠴᠢᠨ ᠡᠭᠦᠰᠳᠡᠭ᠃       ᠰᠢᠨᠵᠢ ᠲᠡᠮᠳᠡᠭ᠄ ᠠᠭᠠᠵᠢᠮ ᠢᠶᠠᠷ ᠡᠴᠡᠵᠤ ᠲᠤᠷᠠᠭᠠᠳ ᠭᠦᠳᠡᠯᠭᠦ ᠲᠤᠷ᠎ᠠ ᠦᠭᠡᠢ ᠭᠡᠪᠳᠡᠭᠦ᠂ ᠨᠢᠷᠤᠭᠤ ᠭᠦᠯ ᠨᠢ ᠭᠦᠰᠢᠭᠦᠨ ᠪᠤᠯᠬᠤ᠂ ᠠᠮᠠᠷᠬᠠᠨ ᠶᠠᠳᠠᠷᠠᠵᠤ ᠭᠦᠯᠦᠷᠡᠭᠦ᠂ ᠭᠡᠨᠡᠳᠳᠡ ᠪᠠᠷ ᠪᠠᠶᠢᠨ ᠪᠠᠶᠢᠨ ᠲᠤᠭᠤᠯᠬᠤ ᠪᠠᠶᠢᠳᠠᠯ ᠲᠠᠢ᠃ ᠡᠪᠡᠳᠴᠢᠨ ᠨᠢ ᠭᠦᠨᠳᠤᠷᠠᠭᠦ ᠶᠢ ᠲᠠᠭᠠᠯᠳᠤᠨ ᠲᠤᠯᠤᠭᠠᠢ ᠨᠢ ᠬᠠᠪᠤᠳᠬᠤ᠂ ᠲᠠᠩᠨᠠᠢ ᠨᠢ ᠬᠤᠳᠦ᠋ᠢᠭᠠᠳ ᠨᠠᠷᠢᠨ ᠰᠤᠪᠠᠭ ᠭᠠᠷᠬᠤ᠂ ᠪᠦᠷ ᠰᠡᠭᠦᠯ ᠳᠡᠭᠡᠨ ᠦᠶ᠎ᠡ ᠭᠡᠰᠢᠭᠦᠤ ᠨᠢ ᠬᠠᠪᠤᠳᠤᠨ ᠪᠦᠳᠦᠭᠦᠷᠡᠭᠦ᠂ ᠲᠦᠷᠪᠡᠨ ᠮᠦᠴᠢ ᠪᠤᠯᠤᠨ ᠨᠢᠷᠤᠭᠤᠨ ᠤ ᠶᠠᠰᠤ ᠨᠢ ᠮᠤᠷᠦ᠋ᠢᠵᠤ᠂ ᠬᠠᠪᠢᠷᠭᠠᠨ ᠤ ᠶᠠᠰᠤ ᠨᠢ ᠲᠡᠭᠰᠢᠷᠡᠨ ᠬᠠᠪᠳᠠᠭᠠᠶᠢᠢᠷᠠᠵᠤ᠂ ᠶᠠᠰᠤ ᠨᠢ ᠭᠦᠭᠡᠷᠡᠨ ᠬᠠᠷᠠᠯᠠᠵᠤ ᠠᠮᠠᠷᠬᠠᠨ ᠬᠤᠭᠤᠷᠠᠨ᠎ᠠ᠃       ᠡᠮᠨᠡᠨ ᠵᠠᠰᠠᠬᠤ ᠠᠷᠭ᠎ᠠ᠄ ᠠᠷᠠᠴᠢᠯᠠᠭ᠎ᠠ ᠮᠠᠯᠵᠢᠯᠭ᠎ᠠ ᠪᠠᠨ ᠴᠢᠩᠭᠠᠳᠬᠠᠨ᠂ ᠡᠪᠡᠰᠤ ᠪᠤᠷᠳᠤᠭ᠎ᠠ ᠨᠦᠭᠦᠪᠤᠷᠢᠯᠡᠭᠦ ᠳᠡᠭᠡᠨ ᠢᠯᠡᠭᠦᠭᠡᠨ ᠹᠤᠰᠹᠤᠷ᠂ ᠺᠠᠯᠼ ︵ᠶᠠᠰᠤ ᠭᠡᠮᠭᠡᠴᠢᠨ ᠦᠭᠭᠦ᠂ ᠶᠠᠰᠤᠨ ᠲᠠᠯᠬ᠎ᠠ ᠦᠭᠭᠦ︶᠂ ᠸᠢᠲ᠋ᠠᠮᠢᠨ ᠢ ᠬᠤᠯᠢᠵᠤ ᠦᠭᠭᠦᠨ᠎ᠡ᠃ 1᠂ ᠭᠦᠭᠦᠷ ᠭᠦᠴᠢᠯ ᠤᠨ ᠬᠤᠶᠠᠷ ᠤᠰᠤᠳᠦ᠋ᠷᠦᠭᠴᠢᠳᠤ ᠨᠠᠳ᠋ᠷᠢ ᠶᠢᠨ ᠨᠤᠨᠳᠠᠭ ᠢ ᠪᠦᠳᠦᠭᠦᠨ ᠦᠭᠡᠷ ᠲᠤ 50— 70 ᠭᠷᠡᠮ᠂ 0.3 ᠭᠷᠡᠮ ᠤᠨ ᠺᠠᠯᠼ ᠢ 100 ᠦᠷᠢᠯ ᠢᠶᠠᠷ ᠡᠳᠤᠷ ᠲᠤ ᠨᠢᠭᠡ ᠤᠳᠠᠭ᠎ᠠ ᠦᠭᠭᠦᠨ᠎ᠡ᠃ ᠪᠢᠷᠠᠭᠤᠨ ᠳᠤ ᠭᠦᠭᠦᠷ ᠭᠦᠴᠢᠯ ᠤᠨ ᠤᠰᠤᠳᠦ᠋ᠷᠦᠭᠴᠢᠳᠤ ᠨᠠᠳ᠋ᠷᠢ ᠶᠢᠨ ᠨᠤᠨᠳᠠᠭ 30 ᠭᠷᠡᠮ᠂ ᠺᠠᠯᠼ 50 ᠦᠷᠢᠯ ᠢ ᠡᠳᠤᠷ ᠲᠤ ᠨᠢᠭᠡ ᠤᠳᠠᠭ᠎ᠠ᠂ 3 ᠠᠴᠠ 7 ᠡᠳᠤᠷ ᠦᠷᠭᠦᠯᠵᠢᠯᠡᠨ ᠦᠭᠭᠦᠨ᠎ᠡ᠃ 2᠂ 20% ᠶᠢᠨ ᠬᠦᠭᠦᠷ ᠭᠦᠴᠢᠯ ᠤᠨ ᠬᠤᠶᠠᠷ ᠤᠰᠤᠳᠦ᠋ᠷᠦᠭᠴᠢᠳᠤ ᠨᠠᠳ᠋ᠷᠢ ᠶᠢᠨ ᠲᠠᠷᠢᠯᠭ᠎ᠠ ᠶᠢᠨ ᠰᠢᠩᠭᠡᠨ ᠢ ᠪᠦᠳᠦᠭᠦᠨ ᠦᠭᠡᠷ ᠲᠤ 500 ᠮᠢᠯᠯᠢᠯᠢᠳ᠋ᠷ᠂  ᠪᠢᠷᠠᠭᠤ ᠳᠤ  250 ᠮᠢᠯᠯᠢᠯᠢᠳ᠋ᠷ ᠤᠨ ᠭᠡᠮᠵᠢᠶ᠎ᠡ ᠪᠠᠷ ᠡᠳᠤᠷ ᠲᠤ ᠨᠢᠭᠡ ᠤᠳᠠᠭ᠎ᠠ ᠭᠦᠭᠡ ᠰᠤᠳᠠᠯ ᠢᠶᠠᠷ ᠨᠢ ᠲᠠᠷᠢᠨ᠎ᠠ᠂ ᠦᠷᠭᠦᠯᠵᠢᠯᠡᠨ 3 ᠠᠴᠠ 5 ᠡᠳᠤᠷ ᠲᠠᠷᠢᠨ᠎ᠠ᠃ ᠮᠦᠨ ᠳᠡᠭᠡᠷᠡᠭᠢ ᠭᠡᠮᠵᠢᠶ᠎ᠡ ᠪᠠᠷ ᠴᠢᠳᠬᠤᠨ ᠦᠭᠴᠤ ᠪᠤᠯᠤᠨ᠎ᠠ᠃ 3᠂ ᠰᠤ᠋ ᠫᠦ᠋ ᠯᠢᠨ ᠭᠠᠢ ᠺᠠᠯᠼ ᠤᠨ ᠨᠤᠨᠳᠠᠭ ᠢ ᠪᠦᠳᠦᠭᠦᠨ ᠦᠭᠡᠷ ᠲᠤ 100 ᠠᠴᠠ 150 ᠭᠷᠡᠮ᠂ ᠪᠢᠷᠠᠭᠤ ᠳᠤ 60 ᠠᠴᠠ 80 ᠭᠷᠡᠮ ᠤᠨ ᠭᠡᠮᠵᠢᠶ᠎ᠡ ᠪᠠᠷ ᠡᠳᠤᠷ ᠲᠤ ᠨᠢᠭᠡ ᠤᠳᠠᠭ᠎ᠠ᠂ ᠦᠷᠭᠦᠯᠵᠢᠯᠡᠨ 3 ᠠᠴᠠ 7 ᠡᠳᠤᠷ ᠴᠢᠳᠬᠤᠨ᠎ᠠ᠃ 4᠂ ᠶᠠᠰᠤᠨ ᠲᠠᠯᠬ᠎ᠠ ᠶᠢ ᠡᠳᠤᠷ ᠪᠦᠷᠢ ᠵᠤᠭᠢᠰᠳᠠᠢ ᠨᠦᠭᠦᠪᠤᠷᠢᠯᠡᠨ ᠦᠭᠪᠡᠯ ᠰᠠᠶᠢᠨ ᠪᠠᠶᠢᠳᠠᠭ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号