ᠮᠠᠯ ᠳᠡᠵᠢᠬᠡᠪᠣᠷᠢ ᠳᠤ ᠳᠠᠪᠣᠰᠦ ᠢᠳᠡᠬᠦᠯᠬᠦ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2018/4/3
       ᠲᠠᠪᠤᠰᠤ ᠪᠤᠯ ᠮᠠᠯ ᠲᠠᠵᠢᠭᠡᠪᠤᠷᠢ ᠶᠢᠨ ᠢᠳᠠᠰᠢᠯᠠᠬᠦ ᠲᠤᠷᠠᠰᠢᠯ ᠢ ᠨᠠᠮᠡᠭᠳᠠᠬᠦᠯᠬᠦ᠂ ᠰᠢᠩᠭᠡᠭᠡᠯᠳᠠ ᠶᠢᠨ ᠴᠢᠳᠠᠪᠤᠷᠢ ᠪᠤᠯᠤᠨ ᠵᠢᠷᠤᠭᠡᠨ ᠤ ᠠᠵᠢᠯᠯᠠᠭ᠎ᠠ ᠶᠢ ᠰᠠᠶᠢᠵᠢᠷᠠᠭᠤᠯᠬᠤ᠂ ᠴᠢᠰᠤᠨ ᠤ ᠡᠷᠭᠢᠯᠳᠠ ᠶᠢ ᠠᠭᠢᠭᠤᠯᠬᠤ᠂ ᠪᠤᠳᠠᠰ ᠤᠨ ᠰᠤᠯᠢᠯᠴᠠᠭ᠎ᠠ ᠶᠢ ᠲᠥᠷᠭᠡᠳᠭᠡᠬᠦ᠂ ᠥᠰᠤᠯᠳᠠ ᠪᠤᠶᠢᠵᠢᠯᠳᠠ ᠶᠢ ᠬᠤᠷᠳᠤᠳᠬᠠᠬᠤ ᠪᠠ ᠴᠢᠰᠤᠨ ᠲᠠᠷᠤᠯᠳᠠ ᠪᠤᠯᠤᠨ ᠬᠥᠴᠢᠯ ᠱᠥᠯᠳᠤ ᠶᠢ ᠵᠤᠭᠢᠴᠠᠭᠤᠯᠬᠤ ᠲᠠᠯ᠎ᠠ ᠪᠠᠷ ᠴᠢᠬᠤᠯᠨ ᠥᠢᠯᠠᠳᠤᠯ ᠥᠵᠠᠬᠦᠯᠳᠡᠭ ᠶᠤᠮ᠃ ᠲᠠᠪᠤᠰᠤ ᠪᠠᠷ ᠲᠠᠵᠢᠭᠡᠭᠰᠠᠨ ᠮᠠᠯ ᠲᠠᠵᠢᠭᠡᠪᠤᠷᠢ ᠰᠢᠪᠠᠷ ᠰᠢᠷᠤᠢ ᠶᠢ ᠭᠡᠮᠠᠯᠢᠵᠤ ᠲᠤᠯᠢᠶᠠᠬᠤ ᠥᠭᠡᠢ ᠪᠠᠶᠢᠳᠠᠭ ᠠᠴᠠ ᠲᠠᠪᠤᠰᠤ ᠲᠤᠳᠠᠭᠳᠠᠭᠰᠠᠨ ᠠᠴᠠ ᠪᠤᠯᠤᠭᠰᠠᠨ ᠡᠪᠠᠳᠴᠢᠨ ᠭᠡᠮ ᠳᠤ ᠨᠠᠷᠪᠡᠭᠳᠠᠬᠦ ᠥᠭᠡᠢ ᠪᠠᠶᠢᠳᠠᠭ᠃       ᠮᠠᠯ ᠲᠠᠵᠢᠭᠡᠪᠤᠷᠢ ᠶᠢ ᠲᠠᠪᠤᠰᠤ ᠪᠠᠷ ᠲᠠᠵᠢᠭᠡᠬᠦ ᠳᠤ ᠭᠡᠮᠵᠢᠶ᠎ᠠ ᠶᠢ ᠲᠠᠩᠴᠠᠬᠦᠯᠬᠦ ᠶᠢ ᠤᠨᠴᠨ ᠠᠩᠬᠠᠷᠬᠤ ᠭᠡᠷᠡᠭᠳᠠᠢ᠃ ᠭᠡᠷᠪᠠ ᠲᠠᠪᠤᠰᠤᠨ ᠤ ᠭᠡᠮᠵᠢᠶ᠎ᠠ ᠭᠡᠳᠤᠷᠠᠪᠠᠯ ᠬᠤᠤᠷᠠᠳᠠᠭᠳᠠᠬᠤ ᠪᠠ ᠬᠠᠯᠭᠤᠨ ᠴᠢᠨᠠᠷᠳᠠᠢ ᠡᠪᠠᠳᠴᠢᠨ ᠳᠤ ᠨᠠᠷᠪᠡᠭᠳᠠᠵᠤ ᠮᠠᠳᠠᠬᠦ ᠶᠤᠮ᠃ ᠶᠠᠷᠤ ᠶᠢᠨ ᠪᠠᠶᠢᠳᠠᠯ ᠲᠤᠤᠷ᠎ᠠ ᠥᠭᠡᠷ ᠲᠤ ᠥᠭᠬᠦ ᠪᠤᠷᠳᠤᠭᠠᠨ ᠤ ᠬᠥᠨᠳᠤᠴᠨ ᠶᠢᠨ 0. 5% — 1%᠂ ᠬᠤᠨᠢ ᠢᠮᠠᠭ᠎ᠠ ᠳᠤ ᠥᠭᠬᠦ ᠪᠤᠷᠳᠤᠭᠠᠨ ᠤ ᠬᠥᠨᠳᠤᠴᠨ ᠶᠢᠨ 0.5% — 1%᠂ ᠭᠠᠭ᠋ᠠᠢ ᠳᠤ ᠥᠭᠬᠦ ᠪᠤᠷᠳᠤᠭᠠᠨ ᠤ ᠬᠥᠨᠳᠤᠴᠨ ᠶᠢᠨ 0.37% ᠶᠢ ᠬᠠᠷᠢᠴᠠᠯ ᠢᠶᠠᠷ ᠲᠤᠭᠢᠷᠠᠭᠤᠯᠵᠤ ᠥᠭᠪᠠᠯ ᠰᠠᠶᠢᠨ᠃ ᠮᠠᠯ ᠲᠠᠵᠢᠭᠡᠪᠤᠷᠢ ᠳᠤ ᠲᠠᠪᠤᠰᠤ ᠢᠳᠠᠬᠦᠯᠬᠦ ᠳᠤ ᠲᠠᠪᠤᠰᠤ ᠶᠢ ᠪᠠᠭ᠎ᠠ ᠪᠠᠭ᠎ᠠ ᠪᠠᠷ ᠤᠡᠭᠭᠤᠴᠠᠨ ᠳᠤᠨᠢ ᠭᠢᠵᠤ ᠤᠰᠤᠯᠠᠬᠤ᠂ ᠲᠤᠰᠬᠠᠢ ᠰᠠᠪᠠᠨ ᠳᠤ ᠭᠢᠵᠤ ᠲᠤᠷ᠎ᠠ ᠪᠠᠷ ᠨᠢ ᠢᠳᠠᠬᠦᠯᠬᠦ᠂ ᠬᠤᠵᠢᠷᠯᠢᠭ ᠭᠠᠵᠠᠷ ᠢᠶᠠᠷ ᠪᠠᠯᠴᠢᠭᠡᠨ ᠬᠠᠷᠢᠭᠤᠯᠬᠤ ᠵᠠᠷᠭᠡ ᠠᠷᠭ᠎ᠠ ᠶᠢ ᠴᠤ ᠭᠡᠷᠡᠭᠯᠠᠵᠤ ᠪᠤᠯᠤᠨ᠎ᠠ᠃ ᠡᠶᠢᠮᠤ ᠠᠴᠠ ᠲᠠᠪᠤᠰᠤ ᠪᠤᠯ ᠮᠠᠯ ᠲᠠᠵᠢᠭᠡᠪᠤᠷᠢ ᠶᠢ ᠲᠠᠵᠢᠭᠡᠵᠤ ᠠᠷᠠᠴᠢᠯᠠᠬᠤ ᠶᠠᠪᠤᠴᠨ ᠳᠠᠬᠢ ᠲᠤᠳᠠᠭᠳᠠᠵᠤ ᠪᠤᠯᠤᠰᠢ ᠥᠭᠡᠢ ᠲᠠᠵᠢᠭᠡᠯ ᠤᠨ ᠨᠢᠭᠡ ᠶᠤᠮ᠃
 
ᠢᠷᠡᠯᠲᠡ᠄ ᠣᠯᠠᠭᠠᠨᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号
a idᚠű