ᠴᠠᠭ ᠣᠯᠠᠷᠢᠯ ᠬᠢᠭᠡᠳ ᠠᠷᠠᠴᠢᠯᠠᠭ᠎ᠠ ᠮᠠᠯᠯᠠᠭ᠎ᠠ
ᠨᠡᠶᠢᠲᠡᠯᠡᠭᠰᠡᠨ ᠴᠠᠭ᠄
2018/4/3
      ᠮᠣᠩᠭᠤᠯᠴᠣᠳ ᠣᠰᠣᠨ ᠤ ᠲᠣᠩᠭᠠᠯᠬ ᠡᠪᠡᠰᠦᠨ ᠤ ᠰᠣᠷᠭᠤᠭ ᠢ ᠰᠣᠩᠭᠤᠨ ᠨᠡᠬᠦᠳᠠᠯᠯᠡᠬᠦ ᠦᠶᠡᠰ ᠮᠠᠯ ᠰᠦᠷᠦᠭ ᠢᠶᠠᠨ ᠡᠳᠦᠷ ᠲᠣᠳᠣᠮ ᠤᠨ ᠴᠠᠭ ᠤᠯᠠᠷᠢᠯ ᠤᠨ ᠪᠠᠶᠢᠳᠠᠯ ᠳᠤ ᠵᠣᠬᠢᠴᠠᠭᠤᠯᠣᠨ ᠣᠨᠳᠣᠷᠣᠭᠤᠯᠳᠠᠭ ᠪᠠᠶᠢᠭᠰᠠᠨ ᠃ ᠤᠳᠤ ᠦᠪᠤᠷ ᠮᠤᠩᠭᠤᠯᠴᠤᠳ ᠪᠠᠷᠤᠭᠯᠠ ᠴᠦᠮ ᠰᠠᠭᠤᠷᠢᠰᠢᠨ ᠮᠠᠯᠵᠢᠬᠤ ᠪᠤᠯᠤᠭᠰᠠᠨ ᠪᠤᠯᠪᠠᠴᠦ ᠴᠠᠭ ᠤᠯᠠᠷᠢᠯ ᠢ ᠶᠡᠬᠡᠳᠠ ᠠᠩᠬᠠᠷᠴᠦ᠂ ᠮᠦᠨᠬᠦ ᠴᠠᠭ ᠤᠯᠠᠷᠢᠯ ᠤᠨ ᠪᠠᠶᠢᠳᠠᠯ ᠳᠤ ᠵᠣᠬᠢᠴᠠᠭᠤᠯᠣᠨ ᠮᠠᠯ ᠤᠨᠤᠭ᠎ᠠ ᠪᠠᠨ ᠠᠷᠠᠴᠢᠯᠠᠨ ᠲᠤᠳᠤᠮᠳᠠᠵᠤ ᠪᠠᠶᠢᠨ᠎ᠠ᠃        ᠨᠢᠬᠡ᠂ ᠬᠠᠪᠣᠷ ᠤᠨ ᠠᠭᠤᠷ ᠣᠷᠣᠬᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ              ᠠᠷᠭ᠎ᠠ ᠶᠢᠨ ᠤᠯᠠᠷᠢᠯ ᠤᠨ ᠬᠤᠶᠠᠳᠤᠭᠠᠷ ᠰᠠᠷ᠎ᠠ ᠶᠢᠨ 3᠂ 4 ᠪᠤᠶᠤ 5 ᠤ ᠡᠳᠤᠷ ᠲᠤ ᠬᠠᠪᠤᠷ ᠤᠨ ᠤᠷᠤᠵᠤ ᠂ ᠡᠳᠦᠷ ᠣᠷᠳᠣᠰᠤᠨ ᠨᠡᠷᠠ ᠡᠬᠡᠪᠦᠷᠯᠡᠵᠤ ᠡᠬᠢᠯᠡᠨ᠎ᠠ᠃ ᠡᠪᠦᠯ ᠤᠨ ᠦᠶ᠎ᠡ ᠠᠴᠠ ᠲᠣᠯᠠᠭᠠᠷᠠᠬᠤ ᠪᠣᠯᠪᠠᠴᠤ ᠦᠶ᠎ᠡ ᠦᠶ᠎ᠡ ᠬᠦᠢᠳᠡᠷᠡᠵᠦ᠂ ᠵᠠᠷᠢᠮ ᠳᠠᠭᠠᠨ ᠪᠠᠰᠠ ᠴᠠᠰᠣᠨ ᠰᠢᠭᠤᠷᠭ᠎ᠠ ᠪᠤᠶᠤ ᠡᠯᠡᠰᠤᠨ ᠰᠢᠭᠤᠷᠳᠠᠭ᠃ ᠰᠠᠯᠬᠢᠨ ᠤ ᠬᠤᠷᠳᠣ ᠶᠡᠬᠡᠰᠤᠬᠡᠳ ᠵᠢᠯ ᠤᠨ ᠬᠠᠮᠤᠭ ᠤᠨ ᠶᠡᠭᠡ ᠬᠡᠮᠵᠢᠶᠠᠨ ᠳᠤ ᠬᠦᠷᠴᠦ᠂ ᠭᠤᠣ ᠵᠢᠯᠠᠭ᠎ᠠ ᠪᠤᠯᠤᠨ ᠡᠬᠡᠪᠦᠷ ᠭᠠᠵᠠᠷ ᠲᠤ ᠨᠣᠭᠤᠭ᠎ᠠ ᠴᠣᠬᠤᠶᠢᠢᠨ᠎ᠠ᠃ ᠬᠠᠪᠤᠷ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠤᠯ ᠠᠵᠢᠯ ᠪᠤᠯ ᠮᠠᠯ ᠰᠦᠷᠦᠭ ᠢ ᠬᠠᠪᠣᠷ ᠤᠨ ᠬᠠᠪᠰᠠᠷᠭ᠎ᠠ ᠪᠤᠯᠤᠨ ᠰᠠᠯᠬᠢ ᠰᠢᠭᠤᠷᠭ᠎ᠠ ᠠᠴᠠ ᠬᠠᠮᠠᠭᠠᠯᠠᠵᠦ᠂ ᠠᠯᠢ ᠴᠢᠳᠠᠬᠤ ᠪᠠᠷ ᠲᠠᠷᠭᠤ ᠬᠦᠴᠦ ᠶᠢ ᠨᠢ ᠪᠠᠭᠤᠷᠠᠭᠤᠯᠬᠤ ᠦᠬᠡᠢ ᠪᠠᠷ ᠨᠣᠭᠤᠭᠠᠨ ᠳᠤ ᠵᠠᠯᠭᠠᠭᠤᠯᠬᠤ ᠶᠠᠪᠣᠳᠠᠯ ᠶᠣᠮ᠃ ᠢᠩᠬᠡ ᠨᠡᠶᠢᠯᠡᠬᠦᠯᠬᠦ᠂ ᠪᠣᠭ ᠪᠣᠳᠠ ᠮᠠᠯ ᠤᠨ ᠲᠦᠯ ᠲᠤᠰᠴᠦ ᠪᠤᠶᠢᠵᠢᠭᠤᠯᠬᠤ᠂ ᠢᠮᠠᠭᠠᠨ ᠤ ᠨᠣᠣᠯᠣᠷ ᠰᠠᠮᠨᠠᠬᠤ᠂ ᠪᠣᠳᠠ ᠶᠢᠨ ᠬᠦᠬᠡᠪᠦᠷ ᠪᠠ ᠬᠢᠯᠭᠠᠰᠣ ᠠᠪᠬᠤ ᠮᠡᠳᠤ ᠶᠢᠨ ᠠᠵᠢᠯ ᠵᠠᠯᠭᠠᠪᠡᠷ ᠶᠠᠪᠤᠭᠳᠠᠬᠤ ᠪᠤᠯᠤᠨ᠎ᠠ᠃ ᠬᠤᠶᠡᠷ᠂ ᠵᠣᠨ ᠤ ᠠᠭᠤᠷ ᠣᠷᠣᠬᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ        ᠠᠷᠭ᠎ᠠ ᠶᠢᠨ ᠤᠯᠠᠷᠢᠯ ᠤᠨ ᠲᠠᠪᠤᠳᠤᠭᠠᠷ ᠰᠠᠷ᠎ᠠ ᠶᠢᠨ 5᠂ 6 ᠪᠤᠶᠤ 7 ᠤ ᠡᠳᠤᠷ ᠲᠤ ᠵᠤᠨ ᠤ ᠠᠭᠤᠷ ᠤᠷᠤᠵᠤ᠂ ᠡᠳᠤᠷ ᠲᠤᠯᠠᠭᠠᠷᠠᠵᠤ ᠡᠬᠢᠯᠡᠳᠡᠭ᠃ ᠡᠬᠢᠨ ᠤ ᠦᠶ᠎ᠡ ᠳᠤ ᠰᠠᠯᠬᠢᠨ ᠤ ᠬᠤᠷᠳᠣ ᠨᠡᠯᠢᠶᠡᠳ ᠶᠡᠭᠡ᠂ ᠵᠠᠷᠢᠮ ᠳᠠᠭᠠᠨ ᠪᠠᠰᠠ ᠴᠠᠰᠣᠨ ᠰᠢᠭᠤᠷᠭ᠎ᠠ ᠪᠤᠶᠤ ᠡᠯᠡᠰᠤᠨ ᠰᠢᠭᠤᠷᠭ᠎ᠠ ᠰᠢᠭᠤᠷᠬᠤ ᠪᠤᠯᠪᠠᠴᠦ ᠰᠡᠬᠦᠯ ᠤᠨ ᠦᠶ᠎ᠡ ᠳᠡᠭᠡᠨ ᠪᠣᠷᠤᠭ᠎ᠠ ᠤᠷᠤᠵᠤ᠂ ᠵᠠᠷᠢᠮ ᠦᠶ᠎ᠡ ᠳᠤ ᠪᠣᠷᠤᠭ᠎ᠠ ᠴᠠᠰᠣ ᠬᠤᠯᠢᠯᠳᠣᠨ ᠣᠷᠣᠭᠠᠳ ᠦᠶ᠎ᠡ ᠦᠶ᠎ᠡ ᠬᠦᠢᠳᠡᠷᠡᠨ᠎ᠠ᠃ ᠭᠤᠣᠯ ᠤᠨ ᠮᠦᠰᠦ ᠪᠦᠷᠢᠮᠦᠰᠤᠨ ᠬᠠᠶᠢᠯᠵᠤ᠂ ᠨᠣᠭᠤᠭ᠎ᠠ ᠭᠠᠷᠣᠨ᠎ᠠ᠃ ᠵᠤᠨ ᠤ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠣᠯ ᠠᠵᠢᠯ ᠪᠤᠯ ᠮᠠᠯ ᠤᠨᠤᠭ᠎ᠠ ᠪᠠᠨ ᠨᠣᠭᠤᠭᠠᠨ ᠳᠤ ᠰᠠᠶᠢᠨ ᠴᠠᠳᠬᠤᠭᠠᠵᠦ᠂ ᠪᠣᠭ ᠮᠠᠯ ᠳᠤ ᠡᠯᠢᠬᠡᠨ ᠲᠠᠷᠭᠤ ᠠᠪᠣᠭᠤᠯᠤᠨ ᠪᠣᠳᠠ ᠮᠠᠯ ᠢ ᠲᠡᠩᠬᠡᠷᠡᠬᠦᠯᠵᠦ ᠲᠡᠪᠡᠭᠡᠷᠡᠬᠦᠯᠬᠦ ᠶᠠᠪᠣᠳᠠᠯ ᠶᠣᠮ᠃ ᠪᠣᠳᠠ ᠪᠣᠭ ᠮᠠᠯ ᠤᠨ ᠲᠦᠯ ᠪᠤᠶᠢᠵᠢᠭᠤᠯᠬᠤ ᠠᠵᠢᠯ ᠢᠶᠠᠨ ᠦᠷᠬᠦᠯᠵᠢᠯᠡᠬᠦᠯᠬᠦ᠂ ᠦᠨᠢᠶ᠎ᠡ ᠪᠤᠯᠤᠨ ᠬᠡᠬᠦᠦ ᠪᠠᠨ ᠬᠡᠬᠡᠯᠳᠦᠬᠦᠯᠬᠦ᠂ ᠲᠡᠮᠡᠭᠡ ᠪᠤᠯᠤᠨ ᠬᠤᠨᠢ ᠨᠣᠣᠰᠣᠯᠠᠬᠤ᠂ ᠰᠦ ᠰᠠᠭᠠᠯᠢ ᠠᠪᠬᠤ ᠵᠡᠷᠭᠡ ᠠᠵᠢᠯ ᠤᠳ ᠶᠠᠪᠤᠭᠳᠠᠬᠤ ᠪᠤᠯᠤᠨ᠎ᠠ᠃ ᠭᠤᠷᠪᠡ᠂ ᠵᠤᠨ ᠤ ᠲᠦᠢᠯ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ    ᠠᠷᠭ᠎ᠠ ᠶᠢᠨ ᠤᠯᠠᠷᠢᠯ ᠤᠨ ᠵᠢᠷᠭᠤᠳᠤᠭᠠᠷ ᠰᠠᠷ᠎ᠠ ᠶᠢᠨ 21 ᠪᠤᠶᠤ 22 ᠤᠨ ᠡᠳᠤᠷ ᠲᠤ ᠵᠤᠨ ᠤ ᠲᠦᠢᠯ ᠤᠷᠤᠵᠤ᠂ ᠲᠣᠭᠳᠠᠪᠣᠷᠢ ᠲᠠᠢ ᠲᠣᠯᠠᠭᠠᠷᠠᠨ᠂ ᠵᠠᠷᠢᠮ ᠦᠶ᠎ᠡ ᠳᠤ ᠶᠡᠭᠡ ᠬᠠᠯᠠᠭᠤᠨ ᠪᠣᠯᠣᠨ᠎ᠠ᠃ ᠬᠠᠶᠠ ᠪᠠᠰᠠ ᠬᠦᠢᠳᠡᠨ ᠪᠣᠷᠤᠭ᠎ᠠ ᠪᠤᠶᠤ ᠠᠶᠤᠩᠭ᠎ᠠ ᠨᠢᠵᠢᠬᠢᠨᠡᠨ ᠮᠦᠨᠳᠦᠷ ᠤᠷᠤᠳᠠᠭ᠃ ᠪᠡᠯᠴᠢᠬᠡᠷ ᠡᠪᠡᠰᠤ ᠢᠳᠡᠷᠡᠬᠦᠨ ᠤᠷᠭᠤᠯᠳᠠ ᠳᠠᠭᠠᠨ ᠤᠷᠤᠨ᠎ᠠ᠃ ᠵᠤᠨ ᠤ ᠲᠦᠢᠯ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠤᠯ ᠠᠵᠢᠯ ᠪᠤᠯ ᠡᠷ᠎ᠡ ᠰᠣᠪᠠᠢ ᠮᠠᠯ ᠢ ᠣᠳᠣᠷ ᠲᠤ ᠭᠠᠷᠭᠠᠵᠦ᠂ ᠰᠠᠭᠠᠯᠢ ᠶᠢᠨ ᠮᠠᠯ ᠢ ᠪᠣᠭᠤᠨᠢ ᠬᠤᠭᠤᠴᠠᠭᠠᠨ ᠳᠤ ᠪᠡᠯᠴᠢᠬᠡᠷ ᠰᠡᠯᠬᠦᠨ ᠮᠢᠬᠠᠨ ᠲᠠᠷᠭᠤ ᠠᠪᠣᠭᠤᠯᠬᠤ ᠶᠠᠪᠣᠳᠠᠯ ᠶᠣᠮ᠃ ᠦᠨᠢᠶ᠎ᠠ ᠪᠤᠯᠤᠨ ᠬᠡᠬᠦᠦ ᠶᠢᠨ ᠬᠡᠬᠡᠯᠳᠦᠬᠦᠯᠬᠡ ᠶᠢ ᠦᠷᠬᠦᠯᠵᠢᠯᠡᠨ ᠶᠠᠪᠣᠭᠤᠯᠬᠤ ᠂ ᠰᠦ ᠰᠠᠭᠠᠯᠢ ᠶᠢ ᠠᠰᠢᠬᠯᠠᠬᠤ᠂ ᠲᠣᠭᠤᠯ ᠮᠢᠬᠠᠯᠠᠭᠤᠯᠬᠤ᠂ ᠬᠤᠷᠠᠭ᠎ᠠ ᠨᠣᠣᠰᠣᠯᠠᠬᠤ᠂ ᠬᠤᠷᠠᠭ᠎ᠠ ᠢᠰᠢᠬᠡ ᠶᠢ ᠡᠬᠡ ᠠᠴᠠ ᠨᠢ ᠢᠯᠭᠠᠨ ᠪᠡᠯᠴᠢᠬᠡᠷ ᠲᠤ ᠭᠠᠷᠭᠠᠭᠠᠳ ᠲᠠᠷᠭᠤ ᠬᠦᠴᠦ ᠠᠪᠣᠭᠤᠯᠵᠦ ᠡᠬᠢᠯᠡᠬᠦ ᠵᠡᠷᠭᠡ ᠶᠢᠨ ᠠᠵᠢᠯ ᠤᠳ ᠶᠠᠪᠣᠭᠳᠠᠨ᠎ᠠ᠃        ᠲᠦᠷᠪᠡ᠂ ᠨᠠᠮᠣᠷ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ       ᠠᠷᠭ᠎ᠠ ᠶᠢᠨ ᠤᠯᠠᠷᠢᠯ ᠤᠨ ᠨᠠᠶᠢᠮᠠᠳᠤᠭᠠᠷ ᠰᠠᠷ᠎ᠠ ᠶᠢᠨ 7᠂ 8 ᠪᠤᠶᠤ 9 ᠤ ᠡᠳᠤᠷ ᠲᠤ ᠨᠠᠮᠤᠷ ᠤᠨ ᠠᠭᠤᠷ ᠤᠷᠤᠵᠤ᠂ ᠡᠳᠦᠷ ᠪᠣᠭᠤᠨᠢᠰᠴᠤ ᠰᠡᠷᠢᠬᠦᠰᠢᠨ᠎ᠠ᠃ ᠬᠢᠷᠠᠭᠤ ᠤᠨᠠᠵᠤ᠂ ᠪᠤᠷᠤᠭᠠᠨ ᠬᠤᠷ᠎ᠠ ᠲᠠᠳᠠᠷᠠᠨ᠎ᠠ᠃ ᠰᠠᠯᠬᠢᠨ ᠤ ᠬᠤᠷᠳᠣ ᠵᠣᠨ ᠤ ᠦᠶ᠎ᠡ ᠠᠴᠠ ᠶᠡᠬᠡᠳᠦᠨ᠎ᠠ᠃ ᠵᠠᠷᠢᠮ ᠦᠶ᠎ᠡ ᠳᠤ ᠬᠦᠢᠳᠡᠷᠡᠨ ᠴᠠᠰᠣᠨ ᠰᠢᠭᠤᠷᠭ᠎ᠠ ᠪᠤᠯᠵᠤ ᠴᠠᠰᠣᠨ ᠪᠦᠷᠬᠦᠬᠦᠯ ᠲᠣᠭᠳᠠᠨ᠂ ᠭᠤᠣᠯ ᠣᠰᠣ ᠬᠦᠯᠳᠡᠵᠦ ᠡᠬᠢᠯᠡᠨ᠎ᠠ᠃ ᠨᠣᠭᠤᠭ᠎ᠠ ᠭᠠᠩᠳᠠᠵᠦ ᠬᠠᠳᠠᠨ᠎ᠠ᠃ ᠨᠠᠮᠤᠷ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠣᠯ ᠠᠵᠢᠯ ᠪᠤᠯ ᠮᠠᠯ ᠤᠨᠤᠭ᠎ᠠ ᠳᠠᠭᠠᠨ ᠦᠬᠡᠬᠦᠨ ᠲᠠᠷᠭᠤ ᠠᠪᠣᠭᠤᠯᠬᠤ ᠶᠠᠪᠣᠳᠠᠯ ᠶᠣᠮ᠃ ᠪᠠᠰᠠ ᠪᠣᠭ ᠮᠠᠯ ᠢᠶᠠᠨ ᠬᠡᠬᠡᠯᠳᠦᠬᠦᠯᠬᠦ᠂ ᠢᠩᠬᠡ ᠪᠤᠯᠤᠨ ᠬᠡᠬᠦᠦ ᠶᠢᠨ ᠰᠦ ᠰᠠᠭᠠᠯᠢ ᠰᠦ ᠶᠢ ᠠᠰᠢᠬᠯᠠᠬᠤ ᠵᠡᠷᠭᠡ ᠠᠵᠢᠯ ᠶᠠᠪᠣᠭᠳᠠᠳᠠᠭ᠃        ᠲᠠᠪᠤ᠂ ᠡᠪᠦᠯ ᠤᠨ ᠠᠭᠤᠷ ᠣᠷᠣᠬᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ     ᠠᠷᠭ᠎ᠠ ᠶᠢᠨ ᠤᠯᠠᠷᠢᠯ ᠤᠨ ᠠᠷᠪᠠᠨ ᠨᠢᠬᠡᠳᠤᠬᠡᠷ ᠰᠠᠷ᠎ᠠ ᠶᠢᠨ 7 ᠪᠤᠶᠤ 8 ᠤ ᠡᠳᠤᠷ ᠲᠤ ᠡᠪᠤᠯ ᠤᠨ ᠠᠭᠤᠷ ᠤᠷᠤᠵᠤ᠂ ᠡᠳᠤᠷ ᠬᠦᠢᠳᠡᠷᠡᠨ ᠰᠠᠯᠬᠢᠨ ᠤ ᠬᠤᠷᠳᠣ ᠪᠠᠭᠠᠰᠴᠤ ᠢᠷᠡᠬᠦ ᠪᠣᠯᠪᠠᠴᠤ ᠦᠶ᠎ᠡ ᠦᠶ᠎ᠡ ᠴᠠᠰᠣᠨ ᠰᠢᠭᠤᠷᠭ᠎ᠠ ᠰᠢᠭᠤᠷᠤᠨ᠎ᠠ᠃ ᠴᠠᠰᠣ ᠣᠷᠣᠵᠦ ᠲᠣᠭᠳᠠᠪᠣᠷᠢ ᠲᠠᠢ ᠴᠠᠰᠣᠨ ᠪᠦᠷᠬᠦᠬᠦᠯ ᠲᠤᠭᠳᠠᠵᠤ᠂ ᠭᠤᠣᠯ ᠤᠨ ᠣᠰᠣ ᠬᠦᠯᠳᠡᠨ᠎ᠠ ᠃ ᠡᠪᠡᠰᠦ ᠨᠣᠭᠤᠭ᠎ᠠ ᠬᠠᠭᠳᠠᠷᠠᠨ᠎ᠠ᠃ ᠡᠪᠤᠯ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠣᠯ ᠠᠵᠢᠯ ᠪᠤᠯ ᠮᠠᠯ ᠤᠨ ᠲᠠᠷᠭᠤ ᠬᠦᠴᠦ ᠶᠢ ᠬᠠᠮᠠᠭᠠᠯᠠᠵᠤ ᠮᠡᠨᠳᠤ ᠡᠪᠦᠯᠵᠢᠬᠦᠯᠬᠦ ᠶᠠᠪᠤᠳᠠᠯ ᠶᠤᠮ᠃  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号