ᠲᠤᠯᠠᠭᠠᠨ ᠢ ᠪᠠᠳᠤᠯᠠᠬᠤ᠄ | | | ᠬᠤᠨᠢ ᠬᠥᠢᠳᠠᠨ ᠳᠤ ᠲᠠᠰᠪᠤᠷᠢᠯᠠᠬᠦ ᠴᠢᠨᠠᠷ ᠢᠶᠠᠷ ᠨᠠᠯᠢᠶᠠᠳ ᠴᠢᠭ᠌ᠭᠠ ᠪᠠᠶᠢᠳᠠᠭ᠂ ᠭᠡᠪᠠᠴᠤ ᠡᠪᠤᠯ ᠤᠨ | ᠤᠯᠠᠷᠢᠯ ᠳᠤ ᠬᠤᠨᠢᠨ ᠤ ᠬᠠᠰᠢᠶᠠᠨ ᠤ ᠲᠤᠯᠠᠭᠠᠨ ᠤ ᠭᠡᠮᠵᠢᠶ᠎ᠠ ᠶᠢ 0 ᠭᠷᠠᠳᠦ᠋ᠰ ᠠᠴᠠ ᠲᠤᠷᠤᠭᠰᠢ ᠪᠠᠶᠢᠯᠭᠠᠵᠤ ᠪᠤᠯᠬᠤ | ᠥᠭᠡᠢ᠂ ᠬᠤᠷᠠᠭᠠᠨ ᠤ ᠬᠠᠰᠢᠶᠠᠨ ᠤ ᠲᠤᠯᠠᠭᠠᠨ ᠤ ᠭᠡᠮᠵᠢᠶ᠎ᠠ ᠶᠢ 8 ᠭᠷᠠᠳᠦ᠋ᠰ ᠠᠴᠠ ᠲᠤᠷᠤᠭᠰᠢ ᠪᠠᠶᠢᠯᠭᠠᠵᠤ ᠪᠤᠯᠬᠤ | ᠥᠭᠡᠢ᠂ ᠲᠥᠯᠯᠠᠬᠦ ᠮᠠᠯ ᠤᠨ ᠬᠤᠷᠤᠭᠠᠨ ᠤ ᠲᠤᠯᠠᠭᠠᠨ ᠤ ᠭᠡᠮᠵᠢᠶ᠎ᠠ ᠶᠢ 10~18 ᠭᠷᠠᠳᠦ᠋ᠰ ᠪᠠᠶᠢᠯᠭᠠᠪᠠᠯ ᠵᠤᠭᠢᠨ᠎ᠠ᠃ | ᠤᠳᠤᠷ ᠲᠠᠬᠢ ᠬᠤᠨᠢᠨ ᠤ ᠬᠤᠷᠤᠭ᠎ᠠ ᠶᠢᠨ ᠰᠠᠯᠭᠢᠨ ᠲᠠᠭᠡᠳᠤ ᠲᠠᠯ᠎ᠠ ᠪᠠᠷ ᠡᠷᠳᠠᠨᠢ ᠰᠢᠰᠢ ᠶᠢᠨ ᠰᠥᠷᠠᠯ ᠪᠤᠶᠤ ᠡᠪᠠᠰᠤ | ᠤᠪᠤᠭᠠᠯᠠᠵᠤ ᠰᠠᠯᠭᠢᠨ ᠤ ᠬᠠᠯᠬᠠᠪᠴᠢ ᠪᠤᠯᠭᠠᠨ᠎ᠠ᠃ ᠪᠢᠳᠠᠬᠦᠤ ᠫᠧᠩ ᠤᠨ ᠡᠬᠦᠳᠠ ᠴᠤᠩᠬᠤᠨ ᠳᠤ ᠡᠪᠠᠰᠤᠨ | ᠪᠥᠷᠬᠦᠬᠦᠯ ᠭᠢᠵᠤ ᠲᠠᠯᠪᠢᠨ᠎ᠠ᠃ ᠰᠠᠷᠠᠪᠴᠢᠨ ᠫᠧᠩ ᠤᠨ ᠰᠠᠷᠠᠪᠴᠢ ᠶᠢ ᠨᠢ ᠤᠷᠳᠤᠳᠬᠠᠵᠤ᠂ ᠵᠢᠶᠠᠰᠨ ᠪᠤᠰᠬᠠᠨ | ᠰᠥᠯᠢᠶᠤᠤ ᠲᠤᠯᠠᠭᠠᠨ ᠫᠧᠩ ᠪᠤᠯᠭᠠᠵᠤ᠂ ᠤᠷᠤᠢ ᠶᠢ ᠨᠢ ᠡᠪᠠᠰᠤ ᠪᠠᠷ ᠬᠤᠴᠢᠵᠤ ᠲᠤᠯᠠᠭᠠᠯᠠᠭ᠎ᠠ ᠶᠢ ᠪᠠᠳᠤᠯᠠᠨ᠎ᠠ᠃ | | ᠮᠠᠨᠳᠤ ᠰᠥᠷᠥᠭ ᠢ ᠪᠠᠳᠤᠯᠠᠬᠤ᠄ | | ᠡᠪᠤᠯ ᠤᠨ ᠤᠯᠠᠷᠢᠯ ᠳᠤ ᠪᠠᠯᠴᠢᠭᠡᠷᠯᠠᠬᠦᠯᠬᠦ ᠨᠢ ᠲᠤᠭᠢᠷᠠᠮᠵᠢᠳᠠᠢ ᠪᠠᠯᠴᠢᠭᠡᠷ ᠡᠪᠠᠰᠤᠨ ᠳᠤ ᠢᠳᠠᠰᠢᠯᠠᠵᠤ | ᠴᠢᠳᠠᠬᠤ ᠪᠠᠷ ᠪᠠᠷᠠᠬᠤ ᠥᠭᠡᠢ᠂ ᠪᠠᠰᠨ ᠰᠢᠨ᠎ᠠ ᠰᠤᠷᠭᠤᠭ ᠠᠭᠤᠷ ᠠᠮᠢᠰᠬᠤᠯ ᠢ ᠠᠮᠢᠰᠬᠤᠯᠯᠠᠵᠤ᠂ ᠬᠥᠢᠳᠠᠨ ᠢ | ᠲᠠᠰᠪᠤᠷᠢᠯᠠᠬᠦ ᠴᠢᠨᠠᠷ᠂ ᠡᠪᠠᠳᠴᠢᠨ ᠭᠢᠵᠢᠭ ᠰᠠᠷᠭᠡᠶᠢᠯᠠᠬᠦ ᠴᠢᠳᠠᠪᠤᠷᠢ ᠶᠢ ᠪᠥᠷᠢᠳᠤᠬᠦᠯᠬᠦ ᠳᠤ ᠠᠰᠢᠭᠳᠠᠢ ᠪᠠᠶᠢᠵᠤ᠂ | ᠮᠠᠯ ᠤᠨ ᠲᠠᠷᠭᠤ ᠬᠥᠴᠤ ᠶᠢ ᠪᠠᠳᠤᠯᠠᠬᠤ ᠴᠢᠬᠤᠯᠨ ᠠᠷᠭ᠎ᠠ ᠪᠠᠷᠢᠯ ᠪᠤᠯᠤᠨ᠎ᠠ᠃ ᠪᠠᠯᠴᠢᠭᠡᠷᠯᠠᠬᠦᠯᠬᠦ ᠳᠡᠭᠡᠨ ᠨᠠᠷᠠᠨ | ᠵᠥᠭ ᠲᠠᠬᠢ ᠤᠰᠤ ᠰᠠᠶᠢᠳᠠᠢ ᠨᠠᠷᠠᠨ ᠲᠠᠯ᠎ᠠ ᠶᠢᠨ ᠬᠥᠳᠤᠯ᠂ ᠬᠤᠳᠤᠭᠤᠷ ᠭᠠᠵᠠᠷ ᠢ ᠰᠤᠩᠭᠤᠨ᠎ᠠ᠃ ᠥᠳᠠ ᠶᠢᠨ | ᠥᠶ᠎ᠠ ᠪᠤᠯ ᠪᠠᠯᠴᠢᠭᠡᠷᠯᠠᠬᠦᠯᠬᠦ ᠳᠤ ᠬᠠᠮᠤᠭ ᠠᠰᠢᠭᠳᠠᠢ ᠴᠠᠭ ᠪᠠᠶᠢᠵᠤ᠂ ᠪᠤᠯᠬᠤ ᠶᠢᠨ ᠲᠤᠳᠤᠷ᠎ᠠ ᠰᠢᠮ᠎ᠠ ᠰᠠᠶᠢᠳᠠᠢ | ᠪᠠᠯᠴᠢᠭᠡᠷ ᠢ ᠰᠤᠩᠭᠤᠨ ᠪᠠᠯᠴᠢᠭᠡᠷᠯᠠᠬᠦᠯᠤᠨᠠ᠃ ᠪᠠᠭᠤᠷᠠᠢ ᠮᠠᠯ ᠢ ᠤᠨᠴᠠᠭᠠᠢ ᠠᠷᠭ᠎ᠠ ᠪᠠᠷ ᠠᠷᠠᠴᠢᠯᠠᠨ ᠰᠢᠬᠦᠰᠦᠯᠢᠭ | ᠲᠠᠵᠢᠭᠡᠯ᠂ ᠨᠠᠷᠢᠯᠢᠭ ᠲᠠᠵᠢᠭᠡᠯ ᠤᠨ ᠭᠡᠮᠵᠢᠶ᠎ᠠ ᠶᠢ ᠨᠠᠮᠡᠭᠳᠠᠬᠦᠯᠤᠨ᠎ᠠ᠃ | | ᠲᠠᠷᠭᠤ ᠬᠥᠴᠤ ᠶᠢ ᠪᠠᠳᠤᠯᠠᠬᠤ᠄ | | ᠬᠠᠭᠤᠷᠠᠢ ᠬᠥᠭᠡ ᠡᠪᠠᠰᠤ ᠭᠢᠭᠡᠳ ᠲᠠᠷᠢᠮᠠᠯ ᠤᠨ ᠡᠰᠢ ᠰᠥᠷᠠᠯ ᠤᠨ ᠲᠠᠵᠢᠭᠡᠯ ᠥᠭᠴᠤ᠂ ᠪᠤᠷᠴᠠᠭ ᠤᠨ | ᠭᠡᠮᠭᠡᠷᠭᠡᠢ᠂ ᠡᠷᠳᠠᠨᠢ ᠰᠢᠰᠢ᠂ ᠠᠭᠠᠭ ᠵᠠᠷᠭᠡ ᠨᠠᠷᠢᠯᠢᠭ ᠲᠠᠵᠢᠭᠡᠯ ᠢ ᠴᠠᠭ ᠲᠤᠬᠠᠢ ᠳᠤᠨᠢ ᠨᠥᠬᠦᠪᠤᠷᠢᠯᠠᠵᠤ᠂ ᠡᠳᠤᠷ | ᠪᠥᠷᠢ ᠨᠢᠭᠡ ᠬᠤᠨᠢ ᠳᠤ 200~250 ᠭᠷᠠᠮ ᠨᠠᠷᠢᠯᠢᠭ ᠲᠠᠵᠢᠭᠡᠯ ᠥᠭᠬᠦ ᠶᠢ ᠪᠠᠳᠤᠯᠠᠵᠤ᠂ ᠨᠥᠬᠦᠴᠠᠯ ᠲᠠᠢ ᠪᠤᠯ | ᠪᠠᠭ᠎ᠠ ᠲᠠᠪᠤᠰᠤ ᠲᠠᠢ 18 ᠭᠷᠠᠳᠦ᠋ᠰ ᠤᠷᠴᠢᠮ ᠤᠨ ᠤᠰᠤ ᠪᠠᠷ ᠤᠰᠤᠯᠠᠪᠠᠯ ᠰᠠᠶᠢᠨ᠃ ᠭᠡᠭᠡᠯ ᠲᠠᠢ ᠮᠠᠯ ᠤᠨ | ᠡᠳᠤᠷ ᠤᠨ ᠲᠠᠵᠢᠭᠡᠯ ᠡᠪᠠᠰᠤ ᠪᠤᠷᠳᠤᠭᠠᠨ ᠳᠤ 50% ᠶᠢᠨ ᠴᠠᠷᠭᠠᠰᠤ᠂ 30% ᠶᠢᠨ ᠬᠠᠭᠤᠷᠠᠢ ᠡᠪᠠᠰᠤ᠂ | 15% ᠶᠢᠨ ᠨᠤᠭᠤᠭᠠᠨ ᠢᠶᠠᠷ ᠲᠠᠷᠤᠰᠢᠭᠤᠯᠤᠭᠰᠠᠨ ᠡᠷᠳᠠᠨᠢ ᠰᠢᠰᠢ᠂ 5% ᠶᠢᠨ ᠨᠠᠷᠢᠯᠢᠭ ᠲᠠᠵᠢᠭᠡᠯ ᠪᠤᠷᠳᠤᠭ᠎ᠠ | ᠪᠠᠯᠠᠳᠭᠡᠪᠠᠯ ᠰᠠᠶᠢᠨ᠃ ᠲᠥᠯᠯᠡᠭᠰᠠᠨ ᠤ ᠲᠠᠷᠠᠭ᠎ᠠ ᠡᠳᠤᠷ ᠤᠨ ᠲᠠᠵᠢᠭᠡᠯ ᠤᠨ ᠪᠥᠷᠢᠯᠳᠤᠬᠦᠨ ᠳᠤ 1~1.5 ᠺᠢᠯᠥᠭᠷᠠᠮ | ᠬᠠᠭᠤᠷᠠᠢ ᠡᠪᠠᠰᠤ᠂ 1.5 ᠺᠢᠯᠥᠭᠷᠠᠮ ᠨᠤᠭᠤᠭᠠᠨ ᠢᠶᠠᠷ ᠲᠠᠷᠤᠰᠢᠭᠤᠯᠤᠭᠰᠠᠨ ᠲᠠᠵᠢᠭᠡᠯ ᠪᠤᠷᠳᠤᠭ᠎ᠠ᠂ 0. 45 | ᠺᠢᠯᠥᠭᠷᠠᠮ ᠨᠠᠷᠢᠯᠢᠭ ᠪᠤᠷᠳᠤᠭ᠎ᠠ ᠪᠠᠶᠢᠯᠭᠠᠪᠠᠯ ᠰᠠᠶᠢᠨ᠃ | | ᠭᠡᠭᠡᠯ ᠢ ᠪᠠᠳᠤᠯᠠᠬᠤ᠄ | | | ᠡᠭᠡ ᠮᠠᠯ ᠭᠢᠭᠡᠳ ᠬᠤᠴᠨ ᠶᠢ ᠰᠠᠯᠭᠠᠨ᠎ᠠ᠃ ᠭᠡᠭᠡᠯ ᠲᠠᠢ ᠮᠠᠯ ᠢ ᠬᠠᠰᠢᠬᠤ ᠳᠠᠭᠠᠨ ᠠᠭᠤᠵᠢᠭᠤ ᠰᠢᠭ᠋ | ᠪᠠᠶᠢᠯᠭᠠᠵᠤ᠂ ᠬᠤᠨᠢ ᠪᠥᠷᠢ 2~2.5 ᠬᠠᠪᠳᠠᠭᠠᠢ ᠲᠥᠷᠪᠠᠯᠵᠢᠨ ᠮᠧᠳ᠋ᠷ ᠭᠠᠵᠠᠷ ᠡᠵᠠᠯᠠᠬᠦ ᠶᠢ ᠪᠠᠳᠤᠯᠠᠵᠤ᠂ | ᠰᠢᠬᠠᠯᠳᠤᠬᠤ ᠠᠴᠠ ᠰᠠᠷᠭᠡᠶᠢᠯᠠᠨ᠎ᠠ᠃ ᠭᠡᠭᠡᠯ ᠲᠠᠢ ᠮᠠᠯ ᠳᠤ ᠨᠠᠷᠢᠯᠢᠭ ᠪᠤᠷᠳᠤᠭ᠎ᠠ ᠭᠢᠭᠡᠳ ᠪᠠᠭ᠎ᠠ ᠲᠠᠪᠤᠰᠤ ᠲᠠᠢ ᠤᠰᠤ | ᠬᠠᠩᠭᠠᠵᠤ᠂ ᠪᠥᠯᠢᠶᠠᠨ ᠤᠰᠤ ᠪᠠᠷ ᠤᠰᠤᠯᠠᠬᠤ᠂ ᠮᠥᠰᠤᠳᠥᠭᠰᠠᠨ ᠤᠰᠤ ᠪᠠᠷ ᠤᠰᠤᠯᠠᠬᠤ᠂ ᠬᠥᠯᠳᠠᠬᠦᠤ ᠡᠪᠠᠰᠤ ᠪᠠᠷ | ᠲᠠᠵᠢᠭᠡᠬᠦ ᠠᠴᠠ ᠵᠠᠶᠢᠯᠠᠰᠭᠢᠨ᠎ᠠ᠃ ᠲᠠᠩᠳᠠᠬᠦᠤ ᠬᠤᠯᠨ ᠪᠠᠯᠴᠢᠭᠡᠷᠯᠠᠬᠦᠯᠬᠦ ᠶᠢ ᠰᠠᠷᠭᠡᠶᠢᠯᠠᠨ᠎ᠠ᠃ | | ᠭᠢᠵᠢᠭ ᠢ ᠰᠠᠷᠭᠡᠶᠢᠯᠠᠬᠦ᠄ | | ᠡᠪᠤᠯ ᠰᠢᠯᠤᠭᠡᠢ ᠡᠪᠠᠳᠴᠢᠨ᠂ ᠭᠢᠨᠵᠢᠨ ᠪᠠᠺᠲ᠋ᠧᠷᠢ ᠶᠢᠨ ᠭᠡᠮ᠂ ᠪᠤᠳᠤ ᠭᠡᠮ᠂ ᠰᠠᠭᠤᠯᠭ᠎ᠠ ᠭᠡᠮ᠂ ᠲᠠᠭᠰᠢᠭᠤᠷ | ᠂ ᠪᠥᠳᠤᠬᠦᠨ ᠭᠡᠳᠠᠰᠤᠨ ᠤ ᠰᠠᠪᠬᠠᠨᠴᠢᠷ ᠪᠠᠺᠲ᠋ᠧᠷᠢ ᠶᠢᠨ ᠭᠡᠮ ᠵᠠᠷᠭᠡ ᠭᠢᠵᠢᠭ ᠭᠡᠮ ᠠᠮᠠᠷᠬᠠᠨ ᠡᠬᠦᠰᠳᠡᠭ ᠠᠴᠠ ᠭᠢᠵᠢᠭ | ᠰᠠᠷᠭᠡᠶᠢᠯᠠᠬᠦ ᠲᠠᠷᠢᠯᠭ᠎ᠠ ᠲᠠᠷᠢᠵᠤ ᠤᠷᠢᠳᠴᠢᠯᠠᠨ ᠰᠠᠷᠭᠡᠶᠢᠯᠠᠨ᠎ᠠ᠃ ᠪᠠᠰᠨ ᠰᠠᠷᠭᠡᠶᠢᠯᠠᠬᠦ ᠴᠢᠨᠠᠷᠳᠠᠢ ᠡᠮ ᠭᠡᠷᠡᠭᠯᠠᠨ | ᠬᠤᠷᠤᠬᠠᠢ ᠲᠠᠭᠤᠬᠤ ᠭᠡᠷᠡᠭᠳᠠᠢ᠃ ᠪᠠᠶᠢᠩᠭᠤ ᠶᠢᠨ ᠭᠡᠷᠡᠭᠯᠠᠳᠡᠭ ᠡᠮ ᠳᠤ ᠭᠤᠤᠯᠳᠠᠭᠤ ᠳ᠋ᠢ ᠪᠠᠢ ᠴᠥᠩ᠂ ᠢ ᠸᠧᠢ | ᠵᠢᠶᠦ᠋ᠨ ᠰᠢᠤ᠂ ᠯᠢᠤ ᠱᠤᠸᠠᠩ ᠡᠯ ᠯᠢᠤᠢ ᠹᠧᠨ᠂ ᠪᠢ ᠺᠥᠢ᠂ ᠯᠢᠶᠧ ᠳ᠋ᠢ ᠯᠢᠩ ᠵᠠᠷᠭᠡ ᠪᠤᠢ᠃ ᠬᠤᠷᠤᠭ᠎ᠠ | ᠬᠠᠰᠢᠶ᠎ᠠ ᠶᠢ ᠥᠷᠬᠦᠯᠵᠢ ᠴᠠᠪᠠᠷᠯᠠᠵᠤ ᠴᠠᠪᠠᠷ ᠬᠠᠭᠤᠷᠠᠢ ᠪᠠᠶᠢᠬᠤ ᠶᠢ ᠪᠠᠳᠤᠯᠠᠨ᠎ᠠ᠃ | |