ᠥᠷᠭᠡᠨᠰᠡᠩᠭᠡ ᠮᠣᠩᠭᠤᠯ ᠤᠯᠤᠰ ᠤᠨ ︽ᠠᠯᠲᠠᠨ ᠭᠠᠳᠠᠰᠤ ᠣᠳᠣᠨ︾ ᠱᠠᠩᠨᠠᠯ ᠬᠦᠷᠳᠡᠪᠡ
ᠨᠡᠶᠢᠲᠡᠯᠡᠭᠰᠡᠨ ᠴᠠᠭ᠄
2018/4/3
       ᠮᠣᠩᠭᠤᠯ ᠤᠯᠤᠰ ᠤᠨ ᠶᠡᠷᠦᠩᠬᠡᠶᠢᠯᠡᠭᠴᠢ ᠬ᠊ · ᠪᠠᠲᠤᠲᠤᠯᠭ᠎ᠠ ᠠᠴᠠ ᠦᠷᠭᠡᠨᠰᠡᠩᠭᠡ ᠳᠤ ᠱᠠᠩᠨᠠᠯ ᠭᠠᠷᠳᠠᠭᠤᠯᠪᠠ            ᠠᠷᠠᠳ ᠤᠨ ᠰᠦᠯᠵᠢᠶ᠎ᠡ ᠶᠢᠨ ᠪᠡᠭᠡᠵᠢᠩ ᠤᠨ 1 ᠰᠠᠷ᠎ᠠ ᠶᠢᠨ 19 ᠤ ᠡᠳᠦᠷ ᠤᠨ  ᠴᠠᠬᠢᠯᠭᠠᠨ  ᠮᠡᠳᠡᠭᠡ  ︵ᠳᠣᠷᠣᠨ᠎ᠠ︶ ᠡᠨᠡ  ᠡᠳᠦᠷ ᠤᠨ  ᠦᠳᠡ ᠶᠢᠨ  ᠡᠮᠦᠨᠡᠬᠢ  11  ᠴᠠᠭ ᠲᠤ  ᠮᠣᠩᠭᠤᠯ  ᠤᠯᠤᠰ ᠤᠨ   ᠶᠡᠷᠦᠩᠬᠡᠶᠢᠯᠡᠭᠴᠢ   ᠬᠠᠯᠳᠠᠮ᠎ᠠ ᠶᠢᠨ ᠪᠠᠲᠤᠲᠤᠯᠭ᠎ᠠ ᠠᠴᠠ ᠮᠠᠨ ᠤ ᠤᠯᠤᠰ ᠤᠨ ᠵᠢᠥᠳᠤᠤ ᠪᠦᠬᠡ ᠶᠢᠨ ᠠᠩᠭᠢ ᠶᠢᠨ  ᠲᠤᠰᠬᠠᠢ  ᠡᠮᠴᠢ  ᠥᠷᠭᠡᠨᠰᠡᠩᠭᠡ ᠳᠤ  ︽ᠠᠯᠲᠠᠨ ᠭᠠᠳᠠᠰᠤ ᠣᠳᠣᠨ︾ ᠱᠠᠩᠨᠠᠯ ᠢ ᠭᠠᠷᠳᠠᠭᠤᠯᠵᠤ᠂ ᠲᠡᠭᠦᠨ ᠤ ᠮᠣᠩᠭᠤᠯ ᠡᠮᠨᠡᠯᠭᠡ ᠶᠢᠨ ᠶᠠᠰᠤ ᠪᠠᠷᠢᠬᠤ ᠮᠡᠷᠭᠡᠵᠢᠯ ᠤᠨ ᠲᠠᠯ᠎ᠠ ᠪᠠᠷ ᠬᠢ ᠣᠯᠣᠭᠰᠠᠨ  ᠠᠮᠵᠢᠯᠲᠠ  ᠬᠢᠭᠡᠳ  ᠪᠡᠶ᠎ᠡ ᠶᠢᠨ  ᠲᠠᠮᠢᠷ ᠤᠨ  ᠦᠢᠯᠡᠰ   ᠲᠤ   ᠦᠵᠡᠭᠦᠯᠦᠭᠰᠡᠨ   ᠵᠢᠳᠬᠦᠯ ᠢ   ᠬᠥᠬᠢᠭᠦᠯᠦᠨ ᠵᠣᠷᠢᠭᠵᠢᠭᠤᠯᠤᠭᠰᠠᠨ ᠪᠠᠶᠢᠨ᠎ᠠ᠃        ︽ᠠᠯᠲᠠᠨ ᠭᠠᠳᠠᠰᠤ ᠣᠳᠣᠨ︾ ᠱᠠᠩᠨᠠᠯ ᠪᠣᠯ ᠡᠷᠳᠡᠮ ᠰᠢᠨᠵᠢᠯᠡᠭᠡ᠂ ᠪᠡᠶ᠎ᠡ ᠶᠢᠨ ᠲᠠᠮᠢᠷ᠂  ᠰᠣᠶᠣᠯ ᠤᠷᠠᠯᠢᠭ ᠵᠡᠷᠭᠡ  ᠬᠦᠷᠢᠶ᠎ᠡ ᠬᠡᠪᠴᠢᠶᠡᠨ ᠳᠤ ᠳᠣᠪᠤᠶᠢᠮ᠎ᠠ ᠬᠤᠪᠢ ᠨᠡᠮᠡᠷᠢ ᠦᠵᠡᠭᠦᠯᠦᠭᠰᠡᠨ ᠮᠣᠩᠭᠤᠯ ᠲᠤᠭᠤᠷᠭᠠᠲᠠᠨ ᠢ ᠬᠦᠬᠢᠭᠦᠯᠬᠦ ᠶᠢᠨ ᠲᠦᠯᠦᠭᠡ  ᠭᠠᠷᠭᠠᠭᠰᠠᠨ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠬᠠᠮᠤᠭ ᠤᠨ ᠳᠡᠭᠡᠳᠦ ᠱᠠᠩᠨᠠᠯ ᠪᠣᠯᠣᠨ᠎ᠠ᠃      ᠦᠷᠭᠡᠨᠰᠡᠩᠭᠡ ᠱᠠᠩᠨᠠᠯ ᠲᠣᠰᠣᠭᠰᠠᠨ ᠤ ᠳᠠᠷᠠᠭ᠎ᠠ ᠠᠷᠠᠳ ᠤᠨ ᠰᠦᠯᠵᠢᠶ᠎ᠡ ᠶᠢᠨ ᠰᠣᠷᠪᠣᠯᠵᠢᠯᠠᠭ᠎ᠠ ᠶᠢ ᠬᠦᠯᠢᠶᠡᠬᠦ ᠳᠤ ᠪᠠᠨ ︽ᠡᠪᠦᠭᠡ ᠳᠡᠭᠡᠳᠦᠰ ᠠᠴᠠ ᠤᠯᠠᠮᠵᠢᠯᠠᠵᠤ ᠥᠭᠭᠦᠭᠰᠡᠨ ᠶᠠᠰᠤ ᠪᠠᠷᠢᠬᠤ ᠮᠡᠷᠭᠡᠵᠢᠯ ᠳᠤ ᠪᠠᠨ  ᠲᠠᠯᠠᠷᠬᠠᠵᠤ  ᠪᠠᠶᠢᠨ᠎ᠠ᠂  ᠡᠨᠡ  ᠪᠣᠯ ᠮᠠᠨ ᠤ ᠮᠣᠩᠭᠤᠯᠴᠤᠳ ᠤᠨ ᠦᠨᠡᠲᠦ ᠡᠷᠳᠡᠨᠢ ᠮᠦᠨ᠂ ᠲᠡᠭᠦᠨ ᠠᠴᠠ ᠪᠠᠨ ᠪᠣᠯᠵᠤ ᠪᠢ ᠡᠨᠡ ᠬᠦ ᠢᠷᠠᠭᠤ ᠠᠯᠳᠠᠷ ᠢ ᠬᠦᠷᠲᠡᠭᠰᠡᠨ ᠶᠤᠮ᠂ ᠬᠤᠶᠢᠰᠢᠳᠠ᠂ ᠥᠴᠦᠬᠡᠨ ᠴᠤ ᠭᠡᠰᠡᠨ ᠥᠪᠡᠷ ᠤᠨ ᠢᠶᠠᠨ ᠬᠦᠴᠦᠨ ᠴᠢᠳᠠᠯ ᠤᠨ ᠬᠢᠷᠢ ᠪᠠᠷ ᠢᠶᠠᠨ ᠮᠣᠩᠭᠤᠯ ᠡᠮᠨᠡᠯᠭᠡ ᠶᠢᠨ ᠶᠠᠰᠤ ᠪᠠᠷᠢᠬᠤ ᠮᠡᠷᠭᠡᠵᠢᠯ ᠢᠶᠠᠨ ᠳᠡᠯᠭᠡᠷᠡᠭᠦᠯᠦᠨ ᠬᠦᠭᠵᠢᠭᠦᠯᠦᠶ᠎ᠡ ᠭᠡᠵᠦ ᠪᠤᠳᠤᠵᠦ ᠪᠠᠶᠢᠨ᠎ᠠ︾ ᠭᠡᠯ᠎ᠡ᠃         ᠪᠠᠷᠢᠶᠠᠴᠢ ᠦᠷᠬᠡᠨᠰᠡᠩᠬᠡ ᠰᠢᠨᠵᠢᠶᠠᠩ ᠤᠨ ᠢᠯᠢ ᠨᠤᠳᠤᠭ ᠲᠠᠢ᠂ 6 ᠨᠠᠰᠤᠨ ᠠᠴᠠ ᠪᠠᠨ ᠡᠬᠢᠯᠡᠵᠦ ᠠᠪᠤ ᠪᠠᠨ  ᠳᠠᠭᠠᠵᠤ ᠤᠯᠠᠮᠵᠢᠯᠠᠯᠲᠤ ᠮᠣᠩᠭᠤᠯ ᠡᠮᠨᠡᠯᠭᠡ ᠶᠢᠨ ᠶᠠᠰᠤᠨ ᠤ ᠰᠢᠷᠬ᠎ᠠ ᠢ ᠵᠠᠰᠠᠬᠤ  ᠮᠡᠷᠭᠡᠵᠢᠯ ᠢ  ᠰᠤᠷᠤᠯᠴᠠᠵᠤ᠂  14  ᠨᠠᠰᠤᠨ ᠠᠴᠠ ᠪᠠᠨ ᠡᠬᠢᠯᠡᠵᠦ ᠪᠡᠶ᠎ᠡ ᠪᠠᠨ ᠳᠠᠭᠠᠭᠠᠨ  ᠡᠮᠴᠢᠯᠡᠳᠡᠭ  ᠪᠣᠯᠣᠭᠰᠠᠨ  ᠪᠠᠶᠢᠨ᠎ᠠ᠃  ᠤᠤᠯ   ᠨᠢ  ᠬᠦᠬᠡᠨᠠᠭᠤᠷ ᠤᠨ  ᠪᠡᠶ᠎ᠡ ᠶᠢᠨ  ᠲᠠᠮᠢᠷ ᠤᠨ ᠠᠩᠬᠢ ᠶᠢᠨ ᠲᠤᠰᠬᠠᠢ ᠡᠮᠴᠢ ᠪᠠᠶᠢᠬᠰᠠᠨ ᠢᠶᠠᠨ 2005 ᠤᠨ ᠳᠤ ᠪᠡᠭᠡᠵᠢᠩ ᠳᠤ ᠢᠷᠡᠵᠦ᠂ ᠪᠡᠭᠡᠵᠢᠩ ᠤᠨ ᠪᠠ ᠶᠢ  ᠪᠦᠬᠡ ᠶᠢᠨ ᠠᠩᠭᠢ ᠶᠢᠨ ᠲᠤᠰᠬᠠᠢ ᠡᠮᠴᠢ ᠪᠠᠷ ᠠᠵᠢᠯᠯᠠᠵᠦ ᠪᠠᠶᠢᠵᠠᠢ᠃ 2013 ᠣᠨ ᠠᠴᠠ ᠤᠯᠤᠰ ᠤᠨ ᠵᠢᠥᠳᠤᠤ ᠪᠦᠬᠡ ᠶᠢᠨ ᠠᠩᠭᠢ ᠶᠢᠨ ᠲᠤᠰᠬᠠᠢ ᠡᠮᠴᠢ ᠪᠠᠷ ᠠᠵᠢᠯᠯᠠᠵᠤ᠂ 2016 ᠣᠨ ᠳᠤ ᠷᠢᠥ᠋ ᠳ᠋ᠢ ᠿᠧᠨ᠋ᠸᠢᠢᠷᠦ᠋ ᠶᠢᠨ ᠤᠯᠢᠮᠫᠢᠺ ᠤᠨ ᠴᠤᠬᠯᠠᠭᠠᠨ ᠳᠤ ᠤᠷᠤᠯᠴᠠᠬᠤ ᠲᠤᠮᠳᠠᠳᠤ ᠤᠯᠤᠰ ᠤᠨ ᠪᠡᠶ᠎ᠡ ᠶᠢᠨ ᠲᠠᠮᠢᠷ ᠤᠨ ᠲᠦᠯᠦᠬᠡᠯᠡᠭᠴᠢᠳ ᠤᠨ ᠪᠦᠯᠭᠦᠮ ᠤᠨ ᠵᠢᠤᠳᠤᠤ ᠪᠦᠬᠡ ᠶᠢᠨ ᠲᠤᠰᠬᠠᠢ  ᠡᠮᠴᠢ ᠪᠠᠷ ᠰᠤᠩᠭᠤᠭᠳᠠᠵᠤ᠂ ᠤᠯᠢᠮᠫᠢᠺ ᠤᠨ ᠴᠤᠬᠯᠠᠭᠠᠨ ᠤ ᠡᠮᠴᠢᠯᠡᠬᠡᠨ ᠤ ᠠᠵᠢᠯ ᠳᠤ ᠣᠷᠣᠯᠴᠠᠭᠰᠠᠨ ᠲᠤᠮᠳᠠᠳᠤ ᠤᠯᠤᠰ ᠤᠨ  ᠠᠩᠬᠠᠨ ᠤ ᠮᠤᠩᠭᠤᠯ ᠡᠮᠴᠢ ᠪᠤᠯᠤᠬᠰᠠᠨ ᠪᠠᠶᠢᠨ᠎ᠠ᠃      ᠮᠤᠩᠭᠤᠯ ᠶᠠᠰᠤ ᠪᠠᠷᠢᠬᠤ ᠮᠡᠷᠭᠡᠵᠢᠯ ᠪᠤᠯ ᠮᠤᠩᠭᠤᠯ ᠠᠨᠠᠭᠠᠬᠤ ᠤᠬᠠᠭᠠᠨ ᠤ ᠨᠢᠬᠡᠨ ᠭᠠᠶᠢᠬᠠᠮᠰᠢᠬᠳᠦ  ᠵᠠᠰᠠᠯᠭ᠎ᠠ  ᠪᠤᠯᠬᠤ ᠪᠦᠬᠡᠳ ᠤᠯᠠᠩᠭᠢ ᠪᠠᠷᠢᠶᠠᠴᠢ ᠨᠢ ᠡᠨᠡᠬᠦ ᠵᠠᠰᠠᠯᠭ᠎ᠠ ᠶᠢ ᠪᠦᠷ ᠲᠡᠭᠡᠳᠦᠰ ᠠᠴᠠ ᠪᠠᠨ ᠦᠪᠯᠡᠳᠡᠭ ᠤᠯᠠᠮᠵᠢᠯᠠᠯ ᠲᠠᠢ ᠪᠠᠶᠢᠳᠠᠭ᠃        ᠤᠯᠠᠨ ᠵᠢᠯ ᠤᠨ ᠲᠤᠷᠰᠢ᠂ ᠦᠷᠬᠡᠨᠰᠡᠩᠬᠡ ᠡᠮᠴᠢ ᠲᠡᠭᠡᠳᠦᠰ ᠠᠴᠠ ᠪᠠᠨ  ᠦᠪᠯᠡᠨ  ᠤᠯᠠᠮᠵᠢᠯᠠᠬᠰᠠᠨ  ᠪᠠᠷᠢᠶᠠᠴᠢ ᠶᠢᠨ ᠡᠷᠳᠡᠮ ᠢᠶᠠᠷ ᠢᠶᠠᠨ  ᠲᠤᠳᠤᠭᠠᠳᠤ  ᠭᠠᠳᠠᠭᠠᠳᠤ ᠶᠢᠨ  ᠤᠯᠠᠨ  ᠲᠠᠮᠢᠷᠴᠢᠨ ᠢ  ᠵᠠᠰᠠᠵᠦ  ᠡᠳᠡᠭᠡᠷᠡᠭᠦᠯᠦᠨ᠂  ᠮᠤᠩᠭᠤᠯ   ᠠᠨᠠᠭᠠᠬᠤ ᠤᠬᠠᠭᠠᠨ ᠤ  ᠭᠠᠶᠢᠬᠠᠮᠰᠢᠭ ᠢ  ᠲᠡᠯᠡᠬᠡᠢ  ᠳ᠋ᠠᠬᠢᠨ ᠳᠤ  ᠠᠯᠳᠠᠷᠰᠢᠭᠤᠯᠤᠨ᠂  ᠪᠡᠶ᠎ᠡ ᠶᠢᠨ  ᠲᠠᠮᠢᠷ ᠤᠨ  ᠦᠢᠯᠡᠰ   ᠲᠤ  ᠬᠦᠴᠦᠨ ᠵᠢᠳᠬᠦᠯ ᠢᠶᠠᠨ ᠡᠷᠭᠦᠭᠰᠡᠭᠡᠷ ᠢᠷᠡᠭᠰᠡᠨ ᠶᠤᠮ᠃  
                          ᠦᠷᠭᠡᠨᠰᠡᠩᠭᠡ ᠭᠡᠷᠭᠡᠢ ᠰᠠᠷᠠᠨ᠎ᠠ ᠲᠠᠢ ᠪᠠᠨ ᠬᠠᠮᠲᠤ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号