ᠦᠷ᠎ᠡ ᠳᠡᠭᠡᠨ  ᠢᠯᠡᠬᠡᠬᠦ ᠪᠠᠳᠠᠭ
ᠨᠡᠶᠢᠲᠡᠯᠡᠭᠰᠡᠨ ᠴᠠᠭ᠄
2018/4/4
                                             
ᠵᠣᠬᠢᠶᠠᠭᠴᠢ᠄ ᠣᠶᠣᠨᠬᠡᠷᠡᠯᠬᠤᠷᠢᠨ ᠨᠠᠰᠦᠨ ᠠᠴᠠ ᠪᠠᠨ ᠡᠵᠢ ᠨᠢ ᠬᠤᠨᠭ᠍ᠭᠤᠷ ᠦᠷ᠎ᠠ ᠳᠡᠭᠡᠨ ᠰᠢᠯᠦᠭ ᠪᠢᠴᠢᠵᠦ ᠪᠠᠶᠢᠨ᠎ᠠ ᠡ ᠬᠠᠮᠢᠭ᠎ᠠ ᠪᠠᠶᠢᠬᠤ ᠶᠢ ᠨᠢ ᠦᠯᠦ ᠮᠡᠳᠡᠬᠦ ᠬᠠᠭᠠᠨ ᠵᠢᠷᠦᠬᠡᠨ ᠤ ᠳᠡᠭᠷᠢ ᠮᠢᠨᠢ ᠡ ᠦᠬᠢᠨ ᠬᠤᠨᠭ᠍ᠭᠤᠷ ᠦᠵᠦᠭ ᠢᠶᠠᠷ ᠢᠶᠠᠨ ᠡᠵᠢ ᠨᠢ ᠴᠢᠮ᠎ᠠ ᠳᠤ ᠰᠢᠯᠦᠭ ᠪᠢᠴᠢᠵᠦ ᠪᠠᠶᠢᠨ᠎ᠠ ᠡ ᠦᠨᠦᠰᠴᠦ ᠦᠯᠡᠳᠡᠭᠰᠡᠨ ᠬᠡᠨᠡᠨ ᠮᠦᠷᠦᠬᠡᠳᠦᠯ ᠠᠴᠠ ᠪᠠᠨ ᠤᠬᠢᠯᠠᠵᠦ ᠳᠠᠭᠤᠯᠠᠬᠤ ᠶᠢ ᠴᠢᠨᠢ ᠪᠦᠬᠦᠳᠡ ᠬᠠᠷᠠᠭᠰᠠᠨ ᠁ ᠳᠤᠷᠭᠠᠨ ᠳᠡᠷ᠎ᠠ ᠪᠠᠨ ᠰᠡᠮᠡᠷᠡᠳᠡᠯ᠎ᠠ ᠵᠡᠬᠦᠳᠦᠯᠡᠵᠦ ᠳᠠᠤᠯᠠᠢ ᠶᠢᠨ ᠵᠢᠵᠢᠭᠬᠡᠨ ᠮᠦᠷ ᠢ ᠴᠢᠨᠦᠬᠢ ᠪᠠᠨ ᠬᠡᠵᠦ ᠳᠦᠰᠦᠬᠡᠯᠡᠨ ᠳᠤᠭᠤᠯᠭᠠᠨ ᠬᠠᠷᠠᠩᠭᠤᠢ ᠶᠢ ᠰᠦᠯᠡᠵᠦ ᠰᠢᠯᠦᠭ ᠪᠢᠴᠢᠭᠰᠡᠨ ᠢ ᠮᠢᠨᠢ ᠳᠤᠮᠤᠭ᠎ᠠ ᠤᠷᠤᠬᠤ ᠳᠠᠭᠠᠨ ᠤᠡᠭᠰᠢᠵᠦ ᠨᠢᠬᠡ ᠪᠠᠶᠠᠰᠤᠭᠠᠷᠡᠢ ᠠᠳᠬᠤᠨ ᠳᠠᠭᠠᠨ ᠪᠠᠭᠳᠠᠮ᠎ᠠ ᠦᠬᠡᠢ ᠵᠢᠷᠦᠬᠡ ᠪᠠᠨ ᠴᠢᠩᠨᠡᠵᠦ ᠠᠪᠤ ᠠᠴᠠ ᠴᠢᠨᠢ ᠨᠢᠭᠤᠵᠦ ᠰᠢᠯᠦᠭ ᠪᠢᠴᠢᠭᠰᠡᠨ ᠢ ᠮᠢᠨᠢ ᠰᠠᠨᠠᠭᠠᠷᠡᠢ ᠦᠵᠦᠭ ᠤᠨ ᠳᠡᠬᠡᠷ᠎ᠠ ᠮᠢᠨᠢ ᠡᠷᠬᠡᠯᠡᠭᠰᠡᠨ ᠠᠩᠬᠠᠳᠠᠭᠴᠢ ᠡᠬᠦᠰᠦᠯ ᠦᠵᠡᠵᠦ ᠮᠡᠳᠡᠷᠡᠬᠦ ᠬᠤᠶᠡᠷ ᠤᠨ ᠵᠠᠢ ᠰᠢᠭ᠋ ᠬᠤᠯᠡ ᠶᠢᠨ ᠬᠦᠰᠡᠯ ᠮᠢᠨᠢ ᠢᠯᠴᠢ ᠪᠠᠨ ᠰᠤᠶᠤᠷᠬᠠᠬᠤ ᠭᠠᠩ ᠳᠤᠯᠭᠠᠨ ᠤ ᠢᠪᠢᠯᠬᠦ ᠤᠯᠠᠭᠠᠨ ᠳᠦᠯᠦ ᠡᠵᠢ ᠠᠪᠤ ᠬᠤᠶᠡᠷ ᠤᠨ ᠢᠶᠠᠨ ᠬᠠᠶᠢᠷ᠎ᠠ ᠶᠢᠨ ᠪᠢᠴᠢᠬᠠᠨ ᠬᠦᠳᠦᠴᠢ ᠮᠢᠨᠢ ᠡ ᠢᠷᠡᠬᠡᠳᠦᠢ ᠠᠨᠢᠷᠳᠤᠬᠤ ᠶᠢᠨ ᠮᠢᠨᠢ ᠳᠤᠳᠤᠨᠤ ᠰᠢᠯᠳᠠᠭ ᠦᠷᠬᠦᠯᠵᠢ ᠮᠦᠡᠭᠬᠡ ᠶᠢᠨ ᠰᠢᠷᠭᠠᠯ ᠨᠠᠪᠴᠢ ᠰᠢᠭ᠋ ᠴᠢᠮ᠎ᠠ ᠠᠴᠠ ᠡᠬᠢᠯᠡᠭᠰᠡᠨ ᠡ ᠴᠡᠴᠡᠭ ᠦᠬᠡᠢ ᠮᠦᠴᠢᠷ ᠲᠤ ᠨᠢ ᠬᠦᠰᠡᠯ ᠤᠷᠭᠤᠭᠤᠯᠤᠨᠴᠠᠭ ᠠᠴᠠ ᠪᠠᠨ ᠡᠷᠳᠡ ᠡᠵᠢ ᠨᠢ ᠴᠢᠮ᠎ᠠ ᠳᠤ ᠰᠢᠯᠦᠭ ᠪᠢᠴᠢᠯ᠎ᠠ ᠴᠠᠭ ᠤᠨ ᠰᠠᠯᠬᠢ ᠲᠠᠢ ᠰᠦᠷᠥᠯᠳᠦᠨ ᠪᠠᠶᠢᠵᠦ ᠴᠡᠯ ᠪᠤᠭᠤᠷᠤᠯ ᠪᠤᠯᠳᠠᠯ᠎ᠠ ᠪᠠᠨ ᠡᠵᠢ ᠨᠢ ᠴᠢᠮ᠎ᠠ ᠳᠠᠭᠠᠨ ᠰᠢᠯᠦᠭ ᠪᠢᠴᠢᠨ᠎ᠠ
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号