ᠪᠢ ᠴᠢᠯᠠᠭᠤᠨ ᠤ ᠬᠡᠯᠳᠡᠷᠬᠡᠢ
ᠨᠡᠶᠢᠲᠡᠯᠡᠭᠰᠡᠨ ᠴᠠᠭ᠄
2018/4/4
ᠵᠣᠬᠢᠶᠠᠭᠴᠢ᠄ ᠰᠣᠨᠣᠷᠡᠳᠦᠷ ᠰᠦᠨᠢ ᠶᠢᠨ ᠵᠠᠭᠠᠭ᠂ ᠭᠠᠵᠠᠷ ᠲᠡᠭᠷᠢ ᠶᠢᠨ ᠬᠢᠯᠢ ᠳᠡᠭᠡᠷ᠎ᠡ ᠨᠠᠷᠠᠨ ᠤ ᠰᠤᠷᠮᠤᠤᠰᠤᠨ ᠠᠴᠠ ᠰᠠᠷᠠᠨ ᠤ ᠪᠠᠳᠠᠭ ᠢᠶᠠᠷ ᠪᠠᠭᠤᠵᠤ ᠪᠦᠳᠦᠨ ᠪᠦᠯᠢᠶᠡᠨ ᠪᠦᠮᠪᠦᠷᠴᠡᠭ ᠤᠨ ᠢᠶᠠᠨ ᠲᠡᠩᠭᠡᠯᠢᠭ ᠤᠨ ᠱᠤᠩ ᠠᠴᠠ ᠬᠠᠯᠳᠤᠷᠢᠵᠤ ᠤᠨᠠᠭᠰᠠᠨ ᠪᠢ ᠴᠢᠯᠠᠭᠤᠨ ᠤ ᠬᠡᠯᠲᠡᠷᠬᠡᠢᠠᠭᠤᠯᠠᠨ ᠭᠠᠯᠪᠠ ᠶᠢᠨ ᠠᠩ ᠠᠴᠠ ᠲᠤᠯᠭ᠎ᠠ ᠶᠢᠨ ᠭᠤᠷᠪᠠᠨ ᠴᠢᠯᠠᠭᠤ ᠪᠠᠷ ᠬᠠᠷᠠᠭ᠎ᠠ ᠠᠪᠴᠤ ᠬᠦᠬᠡ ᠳᠦᠯᠦ ᠶᠢᠨ ᠲᠠᠰᠤᠷᠬᠠᠢ ᠪᠠᠷ ᠲᠦᠷᠡᠯᠵᠡᠭᠰᠡᠨ ᠪᠢ ᠲᠠᠮᠠᠭᠠᠨ ᠬᠢᠴᠡ ᠲᠠᠢ ᠴᠢᠯᠠᠭᠤᠨ ᠤ ᠬᠡᠯᠲᠡᠷᠬᠡᠢ ᠬᠡᠶᠢᠮᠤᠷᠢ ᠳᠡᠯ ᠬᠡᠶᠢᠰᠭᠡᠭᠰᠡᠨ ᠮᠠᠩᠯᠠᠢ ᠠᠭᠲᠠ ᠶᠢ ᠮᠢᠯᠢᠶᠠᠭᠰᠠᠨ ᠬᠠᠳᠠᠭ ᠤᠨ ᠰᠡᠮᠡᠷᠬᠡᠢ ᠳᠤ ᠨᠠᠮᠠᠨᠴᠢᠯᠠᠭᠳᠠᠵᠤ ᠵᠤᠳᠤᠭ ᠨᠦᠮᠦᠷᠢᠭᠰᠡᠨ ᠮᠤᠩᠭᠤᠯ ᠡᠷ᠎ᠡ ᠶᠢ ᠳᠡᠯᠡᠬᠡᠢ ᠶᠢᠨ ᠰᠢᠷᠤᠢ ᠠᠴᠠ ᠡᠪᠦᠳᠦᠭ ᠲᠦᠰᠢᠵᠦ ᠠᠪᠬᠤ ᠴᠢᠩᠭᠢᠰ ᠤᠨ ᠵᠠᠷᠯᠢᠭ ᠲᠠᠢ ᠲᠡᠭᠷᠢ ᠠᠴᠠ ᠲᠠᠰᠤᠷᠠᠵᠤ ᠢᠷᠡᠭᠰᠡᠨ ᠪᠢ ᠰᠤᠷ ᠤᠨ ᠤᠨᠤᠭᠠᠨ ᠳᠤ ᠬᠠᠷᠪᠤᠭᠳᠠᠭᠰᠠᠨ ᠴᠢᠯᠠᠭᠤᠨ ᠤ ᠬᠡᠯᠲᠡᠷᠬᠡᠢ ᠳᠦᠷᠦᠭᠡᠨ ᠤ ᠪᠦᠪᠡᠢ ᠳᠤ ᠠᠷᠪᠠᠨ ᠰᠠᠷ᠎ᠠ ᠰᠦᠢᠭ᠌ᠳᠠᠵᠤ ᠬᠠᠳᠠᠨ ᠡᠩᠭᠡᠷ ᠤᠨ ᠰᠠᠯᠬᠢᠨ ᠳᠤ ᠭᠤᠷᠪᠠᠨ ᠵᠠᠭᠤᠨ ᠬᠤᠨᠤᠭ ᠨᠡᠷᠡᠭᠳᠡᠵᠦ ᠮᠠᠯᠴᠢᠨ ᠤ ᠤᠳᠤᠮ ᠳᠤ ᠦᠷ᠎ᠡ ᠶᠢᠨ ᠵᠠᠶᠠᠭ᠎ᠠ ᠴᠢᠷᠠᠯᠠᠬᠤ ᠪᠠᠷ ᠬᠤᠷᠸ᠎ᠠ ᠪᠠᠭᠲᠠᠨ ᠡᠰᠭᠡᠭᠳᠡᠭᠰᠡᠨ ᠠᠪᠤ ᠶᠢᠨ ᠢᠶᠠᠨ ᠲᠡᠷᠯᠢᠭ ᠲᠤ ᠮᠠᠨᠴᠦ᠋ᠢᠯᠠᠭᠤᠯᠵᠤ ᠲᠠᠯ᠎ᠠ ᠤᠶᠠᠰᠤᠨ ᠨᠢᠯᠬᠠᠷᠠᠭᠰᠠᠨ ᠡᠵᠢ ᠶᠢᠨ ᠢᠶᠠᠨ ᠡᠨᠡᠷᠢᠯ ᠳᠤ ᠦᠯᠦᠭᠡᠶᠢᠳᠡᠭᠦᠯᠵᠤᠳᠡᠭᠡᠪᠦᠷᠢᠳᠦ ᠦᠷᠭᠦᠭᠡᠨ ᠳᠤ ᠡᠴᠢᠭᠡ ᠡᠬᠡ ᠶᠢᠨ ᠬᠠᠶᠢᠷᠠᠨ ᠳᠤ ᠤᠶᠠᠷᠠᠭᠰᠠᠨ ᠪᠢ ᠬᠦᠮᠦᠨ ᠪᠤᠯᠵᠤ ᠬᠠᠶᠢᠯᠤᠭᠰᠠᠨ ᠴᠢᠯᠠᠭᠤᠨ ᠤ ᠬᠡᠯᠲᠡᠷᠬᠡᠢ ᠶᠢᠷᠲᠢᠨᠴᠦ ᠶᠢᠨ ᠦᠨᠡᠨ ᠱᠠᠰᠲᠢᠷ ᠢ ᠳᠤᠭᠤᠯᠬᠤ ᠭᠡᠵᠦ ᠨᠠᠢᠮᠠᠨ ᠵᠠᠭᠤᠨ ᠵᠢᠯ ᠢᠶᠠᠷ ᠶᠠᠰᠤ ᠪᠠᠨ ᠴᠢᠯᠠᠭᠤᠵᠢᠭᠤᠯᠵᠤ ᠰᠤᠨᠤᠷᠲᠠᠭᠰᠠᠨ ᠪᠢ ᠲᠤᠭᠤᠷᠠᠢ ᠶᠢᠨ ᠬᠡ ᠳᠤ ᠪᠦᠳᠦᠷᠢᠭᠰᠡᠨ ᠴᠢᠯᠠᠭᠤᠨ ᠤ ᠬᠡᠯᠲᠡᠷᠬᠡᠢ ᠪᠢ ᠴᠢᠯᠠᠭᠤᠨ ᠤ ᠬᠡᠯᠲᠡᠷᠬᠡᠢ ᠁ ᠠᠷᠠᠰᠤ᠂ ᠮᠢᠬ᠎ᠠ᠂ ᠠᠮᠢᠰᠬᠤᠭ᠎ᠠ᠂ ᠪᠦᠬᠦ ᠰᠡᠷᠡᠯ ᠢᠶᠠᠷ ᠢᠶᠠᠨᠤᠷᠴᠢᠯᠠᠩ ᠢ ᠮᠡᠳᠡᠷᠡᠵᠤ᠂ ᠵᠠᠯᠪᠠᠷᠢᠵᠤ ᠢᠷᠡᠭᠰᠡᠨ ᠪᠢ ᠪᠤᠷᠬᠠᠨ ᠤ ᠮᠤᠲᠤᠷ ᠠᠴᠠ ᠦᠰᠦᠷᠦᠭᠰᠡᠨ ᠴᠢᠯᠠᠭᠤᠨ ᠤ ᠬᠡᠯᠲᠡᠷᠬᠡᠢ᠃
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号