ᠨᠣᠮ ᠣᠩᠰᠢᠬᠤ ᠨᠢ ᠴᠣᠬᠤᠮ ᠶᠠᠮᠠᠷ ᠬᠡᠷᠡᠭᠴᠡᠭᠡ ᠲᠠᠢ ᠪᠢᠯᠡ
ᠨᠡᠶᠢᠲᠡᠯᠡᠭᠰᠡᠨ ᠴᠠᠭ᠄
2018/4/4
       ᠨᠡᠶᠢᠭᠡᠮ ᠬᠦᠭᠵᠢᠨ ᠲᠠᠪᠰᠢᠵᠤ ᠮᠡᠳᠡᠯᠭᠡ ᠮᠡᠷᠭᠡᠵᠢᠯ ᠤᠨ ᠰᠢᠨ᠎ᠡ ᠴᠠᠭ ᠦᠶ᠎ᠡ ᠳᠤ ᠤᠷᠤᠬᠰᠠᠨ ᠪᠤᠯᠪᠠᠴᠤ ᠂ ᠵᠠᠷᠢᠮ ᠬᠦᠮᠦᠨ ᠪᠠᠰᠠ ᠬᠡᠥᠬᠡᠨᠴᠦᠤᠯ ᠲᠡᠶᠢᠮᠦ ᠣᠳᠠᠭᠠᠨ ᠪᠢᠴᠢᠭ ᠦᠵᠡᠵᠦ᠂ ᠲᠡᠶᠢᠮᠦ ᠤᠯᠠᠨ ᠨᠤᠮ ᠤᠩᠰᠢᠳᠠᠭ ᠪᠤᠯᠪᠠᠴᠤ᠂ ᠡᠴᠦᠰ ᠲᠡᠭᠡᠨ ᠮᠦᠨ ᠯᠠ ᠵᠢᠷ ᠤᠨ ᠠᠵᠢᠯ ᠤᠯᠵᠤ᠂ ᠪᠤᠰᠤᠳ ᠤᠨ ᠪᠦᠰᠡᠭᠦᠢ ᠪᠤᠯᠵᠤ᠂ ᠪᠣᠳᠠᠭ᠎ᠠ ᠴᠢᠨᠠᠵᠤ ᠬᠤᠪᠴᠠᠰᠣ ᠤᠬᠢᠶᠠᠨ᠂ ᠨᠦᠬᠦᠷ ᠢᠶᠠᠨ ᠲᠣᠰᠠᠯᠠᠨ ᠬᠡᠥᠬᠡᠳ ᠢᠶᠠᠨ ᠰᠣᠷᠭᠠᠬᠤ ᠠᠴᠠ ᠰᠠᠯᠵᠤ ᠴᠢᠳᠠᠬᠤ ᠦᠭᠡᠢ ᠂ ᠶᠠᠮᠠᠷ ᠦᠢᠯᠡ ᠶᠢᠨ ᠦᠷ᠎ᠡ ᠲᠠᠢ ᠪᠤᠢ︖ ᠭᠡᠵᠦ ᠦᠵᠡᠳᠡᠭ᠃
      ᠦᠨᠡᠨ ᠳᠡᠭᠡᠨ ᠢᠩᠬᠢᠵᠦ ᠨᠤᠮ ᠤᠩᠰᠢᠬᠤ ᠶᠢ ᠪᠠᠷᠢᠮᠲᠠᠯᠠᠵᠤ ᠪᠠᠶᠢᠭ᠎ᠠ ᠨᠢ ᠠᠳᠠᠯᠢᠬᠠᠨ ᠠᠵᠢᠯ ᠪᠤᠯᠪᠠᠴᠤ ᠰᠡᠳᠭᠢᠯ ᠰᠠᠨᠠᠭ᠎ᠠ ᠨᠢ ᠠᠳᠠᠯᠢ ᠪᠣᠰᠣ᠂ ᠠᠳᠠᠯᠢᠬᠠᠨ ᠭᠡᠷ ᠪᠦᠯᠢ ᠪᠤᠯᠪᠠᠴᠤ ᠦᠩᠭᠡ ᠠᠶᠠᠰ ᠨᠢ ᠠᠳᠠᠯᠢ ᠪᠤᠰᠤ᠂ ᠠᠳᠠᠯᠢᠬᠠᠨ ᠦᠷ᠎ᠡ ᠬᠤᠶᠢᠴᠢᠰ ᠪᠤᠯᠪᠠᠴᠤ ᠰᠤᠷᠭᠠᠯ ᠲᠤᠲᠤᠮᠲᠤᠯᠭ᠎ᠠ ᠨᠢ ᠠᠳᠠᠯᠢ ᠪᠤᠰᠤ ᠪᠠᠶᠢᠬᠤ ᠶᠢ ᠵᠤᠷᠢᠭᠰᠠᠨ ᠪᠠᠶᠢᠯᠬᠦᠢ᠃ ᠲᠡᠭᠡᠪᠡᠯ ᠨᠤᠮ ᠤᠩᠰᠢᠬᠤ ᠨᠢ ᠴᠤᠬᠤᠮ ᠶᠠᠮᠠᠷ ᠬᠡᠷᠡᠭᠴᠡᠭᠡ ᠲᠠᠢ ᠪᠤᠢ︖ ᠭᠡᠪᠡᠯ ᠡᠨᠡ ᠠᠰᠠᠭᠤᠯᠳᠠ ᠶᠢᠨ ᠲᠤᠭᠤᠷᠢᠨ ᠳᠤ ᠤᠯᠠᠨ ᠬᠠᠷᠢᠭᠤᠯᠳᠠ ᠪᠠᠶᠢᠵᠤ ᠪᠤᠯᠳᠠᠭ᠄ — ᠠᠯᠬᠤᠭᠠᠳ ᠬᠡᠮᠵᠢᠵᠦ ᠴᠢᠳᠠᠬᠤ ᠦᠭᠡᠢ ᠭᠠᠵᠠᠷ ᠢ ᠦᠰᠦᠭ ᠪᠢᠴᠢᠭ ᠢᠶᠠᠷ ᠠᠶᠠᠯᠴᠢᠯᠠᠵᠤ ᠪᠤᠯᠤᠨ᠎ᠠ᠃ ᠬᠠᠷᠠᠭᠠᠳ ᠬᠦᠷᠬᠦ ᠦᠭᠡᠢ ᠭᠠᠵᠠᠷ ᠢ ᠦᠰᠦᠭ ᠪᠢᠴᠢᠭ ᠢᠶᠠᠷ ᠤᠶᠢᠢᠷᠠᠳᠬᠠᠵᠤ ᠪᠤᠯᠤᠨ᠎ᠠ᠃ — ᠦᠨᠦᠳᠦᠷ ᠮᠡᠳᠡᠯᠭᠡ ᠶᠢ ᠢᠯᠡᠭᠦᠦ ᠨᠢᠭᠡ ᠰᠣᠷᠪᠠᠯ ᠮᠠᠷᠭᠠᠰᠢ ᠳᠣᠲᠠᠭᠤ ᠨᠢᠭᠡ ᠬᠦᠮᠦᠨ ᠢ ᠭᠤᠶᠤᠨ᠎ᠠ᠃ — ︽ᠪᠢ ᠲᠤᠩ ᠤᠯᠠᠨ ᠨᠤᠮ ᠤᠩᠰᠢᠵᠠᠢ᠂ ᠭᠡᠪᠡᠴᠦ ᠰᠡᠭᠦᠯᠡᠷ ᠨᠢ ᠶᠡᠬᠡᠩᠬᠢ ᠶᠢ ᠨᠢ ᠮᠠᠷᠲᠠᠴᠢᠬᠠᠯ᠎ᠠ᠂ ᠲᠠ ᠦᠵᠡᠪᠡᠯ ᠡᠨᠡ ᠮᠡᠲᠦ ᠨᠤᠮ ᠤᠩᠰᠢᠬᠤ ᠨᠢ ᠴᠤᠬᠤᠮ ᠶᠠᠮᠠᠷ ᠠᠴᠢ ᠲᠤᠰᠠᠲᠠᠢ ᠶᠤᠮ ᠪᠤᠢ︖︾ ᠬᠡᠪᠡᠯ᠄ ︽ᠪᠢ ᠪᠠᠭ᠎ᠠ ᠪᠠᠶᠢᠬᠤ ᠳᠠᠭᠠᠨ ᠲᠤᠩ ᠤᠯᠠᠨ ᠢᠳᠡᠭᠡᠨ ᠢᠳᠡᠭᠰᠡᠨ᠂ ᠶᠠᠭᠤ ᠶᠠᠭᠤ ᠢᠳᠡᠭᠰᠡᠨ ᠢᠶᠠᠨ ᠦᠨᠦ ᠪᠦᠷ ᠮᠠᠷᠲᠠᠴᠢᠬᠠᠵᠠᠢ᠃ ᠭᠡᠪᠡᠴᠤ ᠢᠳᠡᠭᠡᠨ ᠤ ᠳᠣᠲᠣᠷᠠᠬᠢ ᠨᠢᠭᠡ ᠬᠡᠰᠡᠭ ᠨᠢ ᠮᠢᠨᠦ ᠮᠢᠬ᠎ᠠ ᠪᠤᠯᠵᠤ ᠦᠰᠴᠦ ᠲᠣᠷᠨᠢᠭᠤᠯᠣᠭᠰᠠᠨ ᠨᠢ ᠪᠠᠲᠣᠲᠠᠢ ᠶᠤᠮ︾ ᠭᠡᠵᠦ ᠬᠠᠷᠢᠭᠤᠯᠵᠤ ᠪᠤᠯᠳᠠᠭ᠃ — ᠤᠶᠤᠨ ᠰᠠᠨᠠᠭ᠎ᠠ ᠶᠢ ᠨᠡᠭᠡᠭᠡᠨ ᠲᠡᠯᠡᠵᠦ᠂ ᠠᠮᠢᠳᠣᠷᠠᠯ ᠤᠨ ᠨᠤᠭᠤᠷᠠᠯ ᠪᠦᠳᠦᠷᠡᠯ ᠳᠤ ᠠᠶᠤᠵᠤ ᠰᠦᠷᠲᠡᠬᠦ ᠦᠭᠡᠢ ᠳᠣᠲᠣᠭᠠᠲᠣ ᠰᠡᠳᠭᠢᠯ ᠢ ᠤᠯᠵᠤ ᠴᠢᠳᠠᠨ᠎ᠠ᠃ — ︽ᠴᠢᠨᠦ ᠵᠠᠩ ᠠᠷᠠᠠᠰᠢᠨ ᠳᠤ᠂ ᠶᠠᠪᠤᠵᠤ ᠦᠩᠭᠡᠷᠡᠭᠰᠡᠨ ᠵᠠᠮ᠂ ᠤᠩᠰᠢᠵᠤ ᠦᠩᠭᠡᠷᠡᠭᠰᠡᠨ ᠨᠤᠮ᠂ ᠬᠠᠶᠢᠷᠠᠯᠠᠵᠤ ᠦᠩᠭᠡᠷᠡᠭᠰᠡᠨ ᠬᠦᠮᠦᠨ ᠠᠭᠤᠰᠣᠨ ᠰᠢᠩᠭᠡᠵᠦ ᠪᠠᠶᠢᠳᠠᠭ︾᠃ — ᠬᠡᠷᠪᠡ ᠴᠢ ᠰᠦᠨᠢ ᠲᠦᠯᠢ ᠪᠠᠷ ᠨᠥᠢᠷ ᠠᠴᠠ ᠪᠠᠨ ᠰᠡᠷᠡᠭᠡᠳ ᠦᠪᠡᠷ ᠢᠶᠠᠨ ᠨᠡᠯᠢᠶᠡᠳ ᠤᠷᠳᠤ ᠬᠤᠭᠤᠴᠠᠭ᠎ᠠ ᠨᠤᠮ ᠱᠠᠬᠠᠶᠢᠭ᠎ᠠ ᠦᠭᠡᠢ ᠪᠠᠨ ᠰᠡᠷᠡᠵᠦ ᠮᠡᠳᠡᠨ᠂ ᠶᠠᠮᠠᠷᠴᠤ ᠪᠡᠶ᠎ᠡ ᠪᠠᠨ ᠵᠢᠮᠡᠯᠡᠬᠦ ᠪᠤᠳᠤᠯ ᠤᠷᠤᠬᠤ ᠦᠭᠡᠢ ᠪᠤᠯ ᠨᠢᠭᠡᠨᠲᠡ ᠳᠣᠷᠦ᠋ᠢᠲᠠᠵᠤ ᠪᠠᠶᠢᠨ᠎ᠠ ᠭᠡᠳᠡᠭ ᠢᠶᠠᠨ ᠮᠡᠳᠡᠷᠡᠬᠦ ᠬᠡᠷᠡᠭᠲᠡᠢ᠃ ᠨᠤᠮ ᠳᠡᠪᠲᠡᠷ ᠤᠨ ᠲᠤᠰ ᠪᠡᠶ᠎ᠡ ᠨᠢ ᠬᠡᠳᠦᠶ ᠮᠣᠨᠳᠠᠭ ᠶᠡᠭᠡ ᠬᠡᠰᠡᠨ ᠪᠢᠰᠢ᠂ ᠬᠠᠷᠢᠨ ᠨᠤᠮ ᠤᠩᠰᠢᠯᠭ᠎ᠠ ᠶᠢᠨ ᠡᠨᠡ ᠬᠦ ᠦᠢᠯᠡ ᠨᠢ ᠴᠢᠨᠦ ᠡᠨᠡ ᠬᠦ ᠨᠡᠶᠢᠭᠡᠮ ᠪᠠ ᠪᠤᠲᠠᠲᠠᠢ ᠠᠬᠤᠢ ᠶᠢ ᠪᠦᠷᠢᠨ ᠬᠦᠯᠢᠶᠡᠨ ᠠᠪᠤᠭ᠎ᠠ ᠦᠭᠡᠢ᠂ ᠴᠢ ᠪᠠᠰᠠ ᠬᠦᠰᠡᠯ ᠬᠦᠭᠡᠭᠡᠴᠡᠯᠳᠦᠯ ᠪᠠᠶᠢᠨ᠎ᠠ᠂ ᠲᠡᠷᠡ ᠵᠦᠭ ᠴᠢᠷᠮᠠᠶᠢᠵᠤ ᠪᠤᠢ︔ ᠴᠢ ᠮᠦᠨ ᠬᠠᠩᠭᠠᠮᠵᠢ ᠪᠠᠷᠤᠭᠲᠠᠢ ᠪᠠᠶᠢᠨ᠎ᠠ᠂ ᠤᠨᠳᠣᠣ ᠨᠢᠭᠡᠨ ᠲᠦᠷᠦᠯ ᠤᠨ ᠪᠤᠯᠤᠮᠵᠢ ᠡᠰᠡᠭᠦᠯ᠎ᠡ ᠠᠮᠢᠳᠣᠷᠠᠯ ᠤᠨ ᠬᠡᠯᠪᠡᠷᠢ ᠶᠢ ᠡᠷᠢᠯᠬᠢᠯᠡᠵᠦ ᠪᠠᠶᠢᠨ᠎ᠠ ᠭᠡᠳᠡᠭ ᠢ ᠬᠠᠷᠠᠭᠤᠯᠵᠤ ᠪᠠᠶᠢᠨ᠎ᠠ᠃ ᠁ ᠁             ᠨᠤᠮ ᠤᠩᠰᠢᠬᠤ ᠶᠢᠨ ᠰᠠᠶᠢᠨᠳᠠᠢ ᠲᠠᠯ᠎ᠠ ᠤᠯᠠᠨ ᠪᠤᠢ᠃ ᠬᠡᠬᠦ ᠳᠡᠭᠡᠨ ᠨᠤᠮ ᠤᠩᠰᠢᠬᠤ ᠠᠷᠭ᠎ᠠ ᠶᠢ ᠨᠢ ᠡᠵᠡᠮᠰᠢᠪᠡᠯ ᠰᠠᠶ᠋ᠢ ᠤᠯᠠᠮ ᠬᠤᠷᠳᠤᠨ ᠤᠬᠠᠭᠠᠷᠠᠳᠠᠭ ᠶᠤᠮ᠃ ᠨᠢᠭᠡ᠂ ᠲᠠᠬᠢᠨᠳᠠ ᠤᠩᠰᠢᠬᠤ᠄ ᠨᠤᠮ ᠢ ᠨᠢᠭᠡ ᠭᠡᠰᠡᠭ ᠤᠩᠰᠢᠬᠰᠠᠨ ᠤ ᠲᠠᠷᠠᠭ᠎ᠠ᠂ ᠤᠶᠢᠢᠯᠠᠭᠠᠬᠰᠠᠨ ᠢᠶᠠᠷ ᠲᠤᠳᠠᠮᠠᠭ ᠪᠠᠶᠢᠪᠠᠯ ᠤᠩᠰᠢᠬᠰᠠᠨ ᠬᠡᠰᠡᠭ ᠢᠶᠠᠨ ᠲᠠᠬᠢᠨᠳᠠ ᠤᠷᠪᠠᠭᠤᠯᠤᠨ ᠤᠩᠰᠢᠵᠤ ᠤᠶᠢᠢᠯᠠᠭᠠᠬᠰᠠᠨ ᠤ ᠲᠠᠷᠠᠭ᠎ᠠ ᠰᠠᠶ᠋ᠢ ᠵᠠᠯᠭᠠᠵᠤ ᠤᠩᠰᠢᠨ᠎ᠠ᠃ ᠬᠤᠶᠠᠷ᠂ ᠴᠤᠬᠤᠯᠠᠪᠤᠷᠢ ᠬᠢᠵᠤ ᠤᠩᠰᠢᠬᠤ᠄ ᠤᠩᠰᠢᠬᠰᠠᠨ ᠦᠭᠡ ᠦᠭᠦᠯᠡᠪᠦᠷᠢ ᠳᠤ ᠡᠯ᠎ᠡ ᠵᠦᠢᠯ ᠤᠨ ᠲᠡᠮᠳᠡᠭ ᠲᠠᠯᠪᠢᠵᠤ᠂ ᠦᠪᠡᠷ ᠤᠨ ᠦᠵᠡᠯ ᠪᠤᠳᠤᠯ ᠢᠶᠠᠨ ᠲᠡᠮᠳᠡᠭᠯᠡᠨ ᠰᠢᠭᠦᠮᠵᠢᠯᠡᠯ ᠲᠠᠢ ᠤᠩᠰᠢᠬᠤ ᠶᠢ ᠵᠢᠭᠠᠨ᠎ᠠ᠃ ᠭᠤᠷᠪᠠ᠂ ᠲᠡᠮᠳᠡᠭᠯᠡᠨ ᠤᠩᠰᠢᠬᠤ᠄ ᠨᠤᠮ ᠳᠠᠬᠢ ᠴᠢᠬᠤᠯᠠ ᠲᠠᠢ ᠭᠡᠰᠡᠨ ᠵᠦᠢᠯ ᠢᠶᠠᠨ ᠲᠡᠮᠳᠡᠭᠯᠡᠬᠦ ᠶᠢᠨ ᠲᠠᠭᠠᠤ ᠤᠩᠰᠢᠬᠤ ᠶᠢ ᠭᠡᠯᠡᠨ᠎ᠡ᠃ ᠡᠨᠡ ᠨᠢ ᠬᠦᠮᠦᠰ ᠢ ᠨᠤᠮ ᠤᠩᠰᠢᠬᠤ ᠳᠠᠭᠠᠨ ᠲᠡᠮᠳᠡᠭᠯᠡᠯ ᠬᠢᠬᠦ ᠰᠠᠶᠢᠨ ᠲᠠᠳᠬᠠᠯ ᠲᠠᠢ ᠪᠤᠯᠭᠠᠨ᠎ᠠ᠃ ᠲᠦᠷᠪᠡ᠂ ᠭᠠᠷᠴᠠᠬᠯᠠᠨ ᠤᠩᠰᠢᠬᠤ᠄ ᠨᠤᠮ ᠵᠤᠬᠢᠶᠠᠯ ᠤᠨ ᠭᠠᠷᠴᠠᠭ ᠢ ᠤᠩᠰᠢᠵᠤ᠂ ᠦᠪᠡᠷ ᠤᠨ ᠬᠡᠷᠡᠭᠴᠡᠭᠡ ᠲᠠᠢ ᠭᠡᠵᠦ ᠦᠵᠡᠭᠰᠡᠨ ᠨᠤᠮ ᠪᠢᠴᠢᠭ ᠢ ᠴᠤᠬᠯᠠᠭᠤᠯᠬᠤ ᠳᠤ ᠬᠡᠷᠡᠭᠯᠡᠨ᠎ᠡ᠃ ᠲᠠᠪᠤ᠂ ᠰᠢᠷᠪᠢᠯᠳᠡ ᠲᠠᠢ ᠤᠩᠰᠢᠬᠤ᠄ ᠰᠡᠭᠦᠳᠡᠷ ᠲᠠᠳᠠᠬᠤ ᠮᠡᠳᠦ ᠨᠢᠭᠡ ᠨᠢᠭᠡ ᠨᠢᠭᠤᠷ ᠢᠶᠠᠷ ᠤᠷᠪᠠᠭᠤᠯᠤᠨ ᠤᠩᠰᠢᠬᠤ ᠶᠢ ᠵᠢᠭᠠᠵᠤ ᠪᠤᠢ᠃ ᠡᠨᠡ ᠨᠢ ᠡᠴᠢᠨ᠎ᠡ ᠬᠦᠨ ᠰᠠᠨᠠᠭ᠎ᠠ ᠠᠬᠤᠢ ᠶᠢᠨ ᠪᠤᠢ ᠪᠤᠯᠬᠤ ᠳᠤ ᠲᠤᠰᠠ ᠲᠠᠢ ᠪᠠᠶᠢᠳᠠᠭ᠃                                    ︵ᠰᠥᠯᠵᠢᠶᠠᠨ ᠠᠴᠠ ᠤᠷᠴᠢᠭᠤᠯᠤᠨ ᠠᠪᠤᠪᠠ︶  ᠠᠯᠮᠠᠰ ᠢᠶᠠᠷ ᠬᠠᠶᠢᠷ᠎ᠠ ᠰᠡᠳᠬᠢᠯᠭᠡ ᠪᠠᠨ ᠢᠯᠡᠳᠭᠡᠬᠦ ᠪᠤᠯᠤᠬᠰᠠᠨ ᠨᠢ     19 ᠳ᠋ᠤᠭᠡᠷ ᠵᠠᠭᠤᠨ ᠤ ᠰᠡᠭᠦᠯᠴᠢ ᠪᠠᠷ᠂ ᠠᠩᠭ᠍ᠯᠢ ᠶᠢᠨ ᠮᠦᠩᠭᠦᠨ ᠬᠦᠢᠯᠭᠡᠭᠡᠨ ᠤ ᠲᠤᠮᠤ ᠭᠦᠷᠦᠩᠭᠡᠳᠡᠨ ᠰᠸᠢᠢᠰᠢᠯ · ᠷᠤᠳᠧᠰ ᠡᠮᠦᠨᠡᠳᠦ ᠠᠹᠷᠢᠺᠠ ᠲᠢᠪ ᠤᠨ ᠨᠢᠭᠡ ᠲᠤᠮᠤ ᠠᠯᠮᠠᠰ ᠤᠨ ᠠᠭᠤᠷᠬᠠᠢ ᠶᠢ ᠬᠤᠳᠠᠯᠳᠤᠨ ᠠᠪᠴᠤ᠂ ᠳ᠋ᠧᠪᠢᠷᠰᠧ ᠭᠡᠬᠦ ᠠᠯᠮᠠᠰ ᠡᠳ᠋ᠯᠡᠯ ᠤᠨ ᠺᠤᠮᠫᠠᠨᠢ ᠶᠢ ᠡᠷᠬᠢᠯᠡᠨ ᠪᠠᠶᠢᠭᠤᠯᠵᠤ᠂ ᠤᠳᠠᠯ ᠦᠭᠡᠢ ᠪᠦᠬᠦ ᠠᠩᠭ᠍ᠯᠢ ᠤᠯᠤᠰ ᠤᠨ ᠠᠯᠮᠠᠰ ᠤᠨ ᠵᠠᠬ᠎ᠠ ᠲᠡᠯᠭᠡᠭᠦᠷ ᠢ ᠭᠠᠭᠴᠠᠭᠠᠷ ᠡᠵᠡᠮᠰᠢᠵᠡᠢ᠃     ᠠᠯᠮᠠᠰ ᠴᠢᠯᠠᠭᠤᠨ ᠤ ᠡᠳ᠋ᠯᠡᠯ ᠤᠨ ᠦᠨ᠎ᠡ ᠬᠠᠩᠰᠢ ᠪᠠᠭᠤᠷᠠᠬᠤ ᠠᠴᠠ ᠰᠡᠷᠭᠡᠶᠢᠯᠡᠵᠦ᠂ ᠷᠤᠳᠧᠰ ᠠᠯᠮᠠᠰ ᠤᠨ ᠠᠭᠤᠷᠬᠠᠢ ᠶᠢᠨ ᠭᠠᠷᠤᠯᠳᠠ ᠪᠠᠨ ᠴᠢᠩᠭ᠎ᠠ ᠬᠢᠵᠠᠭᠠᠷᠯᠠᠬᠰᠠᠨ ᠪᠠᠶᠢᠵᠠᠢ᠃ ᠭᠡᠪᠠᠴᠤ ᠤᠳᠠᠯ ᠦᠭᠡᠢ ᠠᠯᠮᠠᠰ ᠡᠳ᠋ᠯᠡᠯ ᠤᠨ ᠵᠠᠬ᠎ᠠ ᠲᠡᠯᠭᠡᠭᠦᠷ ᠨᠢ ᠬᠠᠨᠤᠮᠠᠯ ᠪᠠᠶᠢᠳᠠᠯ ᠳᠤ ᠤᠷᠤᠭᠰᠠᠨ ᠪᠠᠶᠢᠨ᠎ᠠ᠃ ᠷᠤᠳᠧᠰ ᠵᠠᠬ᠎ᠠ ᠲᠡᠯᠭᠡᠭᠦᠷ ᠤᠨ ᠪᠠᠶᠢᠴᠠᠭᠠᠯᠳᠠ ᠪᠠᠷ ᠲᠠᠮᠵᠢᠨ ᠲᠤᠬᠠᠢ ᠶᠢᠨ ᠦᠶ᠎ᠡ ᠶᠢᠨ ᠬᠤᠳᠠᠯᠳᠤᠨ ᠠᠪᠤᠬᠴᠢᠳ ᠶᠡᠷᠦ ᠨᠢ ᠠᠯᠮᠠᠰ ᠡᠳ᠋ᠯᠡᠯ ᠢ ᠤᠷᠳᠤ ᠬᠤᠭᠤᠴᠠᠭ᠎ᠠ ᠪᠠᠷ ᠬᠠᠳᠠᠭᠠᠯᠠᠬᠤ ᠲᠦᠯᠦᠪᠯᠡᠭᠡ ᠦᠭᠡᠢ ᠪᠠᠶᠢᠵᠤ᠂ ᠨᠢᠭᠡ ᠵᠠᠷᠭᠡ ᠡᠳ᠋ᠯᠡᠪᠡᠯ ᠪᠤᠰᠤᠳ ᠲᠤ ᠬᠤᠳᠠᠯᠳᠤᠳᠠᠭ ᠤᠴᠢᠷ ᠠᠴᠠ ᠠᠯᠮᠠᠰ ᠤᠨ ᠵᠠᠬ᠎ᠠ ᠲᠡᠯᠭᠡᠭᠦᠷ ᠤᠨ ᠬᠡᠷᠡᠭᠴᠡᠭᠡ ᠨᠢ ᠲᠦᠢᠯ ᠤᠨ ᠶᠡᠭᠡ ᠪᠠᠷ ᠪᠠᠭᠤᠷᠠᠬᠤ ᠬᠠᠨᠳᠤᠰᠢ ᠲᠠᠢ ᠪᠤᠯᠤᠭᠰᠠᠨ ᠢ ᠤᠶᠢᠢᠯᠠᠭᠠᠬᠰᠠᠨ ᠪᠠᠶᠢᠨ᠎ᠠ᠃ ᠷᠤᠳᠧᠰ᠄ ︽ᠺᠤᠮᠫᠠᠨᠢ ᠶᠢᠨ ᠦᠢᠯᠡᠳᠪᠦᠷᠢᠯᠡᠭᠰᠡᠨ ᠠᠯᠮᠠᠰ ᠤᠨ ᠡᠳ᠋ᠯᠡᠯ ᠪᠦᠬᠦᠨ ᠳᠤ ᠦᠪᠡᠷ ᠤᠨ ᠬᠢᠨ ᠭᠡᠰᠡᠨ ᠠᠩᠬᠢᠳᠠ ᠤᠳᠬ᠎ᠠ ᠠᠭᠤᠯᠭ᠎ᠠ ᠤᠯᠭᠤᠪᠠᠯ ᠰᠠᠶ᠋ᠢ ᠬᠦᠮᠦᠰ ᠤᠨ ᠬᠤᠳᠠᠯᠳᠤᠨ ᠠᠪᠬᠤ ᠤᠷᠮᠠᠰᠢᠯ ᠢ ᠬᠦᠪᠴᠢᠯᠡᠵᠦ ᠴᠢᠳᠠᠬᠤ ᠮᠦᠷᠳᠡᠭᠡᠨ ᠤᠷᠳᠤ ᠬᠤᠭᠤᠴᠠᠭ᠎ᠠ ᠪᠠᠷ ᠨᠠᠨᠳᠢᠩᠨᠠᠨ ᠭᠠᠮᠨᠠᠬᠤ ᠪᠤᠯᠤᠨ᠎ᠠ᠃ ᠲᠡᠭᠡᠪᠡᠯ ᠶᠠᠭᠤ ᠨᠢ ᠪᠤᠰᠤᠳ ᠲᠠᠢ ᠬᠤᠪᠢᠶᠠᠯᠴᠠᠵᠤ ᠪᠤᠯᠬᠤ ᠦᠭᠡᠢ ᠶᠢᠷᠳᠢᠨᠴᠤ ᠳᠤ ᠬᠤᠤᠰ ᠦᠭᠡᠢ ᠵᠦᠢᠯ ᠪᠤᠢ ᠭᠡᠪᠡᠯ ᠢᠨᠠᠭ ᠬᠠᠶᠢᠷ᠎ᠠ ᠪᠠᠶᠢᠯᠭᠦᠢ︾ ᠭᠡᠵᠦ ᠪᠤᠳᠤᠯᠬᠢᠯᠠᠵᠠᠢ᠃      ᠷᠤᠳᠧᠰ ᠠᠯᠮᠠᠰ ᠡᠳ᠋ᠯᠡᠯ ᠤᠨ ᠵᠡᠷ ᠤᠬᠠᠭᠤᠯᠭ᠎ᠠ ᠳᠤ ᠶᠡᠬᠡᠭᠡᠨ ᠪᠡᠯᠡ ᠮᠦᠩᠭᠦ ᠵᠠᠷᠤᠴᠠᠭᠤᠯᠵᠤ᠂ ᠪᠠᠳᠤ ᠪᠠᠬᠢ ᠲᠤᠬᠳᠠᠭᠤᠨ ᠴᠢᠨᠠᠷᠳᠠᠢ ᠠᠯᠮᠠᠰ ᠡᠳ᠋ᠯᠡᠯ ᠢ ᠢᠷᠠᠭᠤ ᠰᠠᠶᠢᠬᠠᠨ ᠦᠨᠢ ᠮᠦᠩᠭᠡ ᠢᠨᠠᠭ ᠬᠠᠶᠢᠷ᠎ᠠ ᠲᠠᠢ ᠬᠤᠯᠪᠤᠬᠳᠠᠭᠤᠯᠵᠤ ᠂ ᠠᠯᠮᠠᠰ ᠲᠤ ︽ᠰᠠᠶᠢᠨ ᠰᠠᠶᠢᠬᠠᠨ︾ ᠪᠠ ︽ᠦᠨᠢ ᠮᠦᠩᠭᠡ︾ ᠭᠡᠬᠦ ᠤᠳᠬ᠎ᠠ ᠠᠭᠤᠯᠭ᠎ᠠ ᠤᠯᠭᠤᠵᠤ᠂ ᠠᠯᠮᠠᠰ ᠤᠨ ᠰᠤᠶᠤᠯ ᠢ ᠪᠤᠢ ᠪᠤᠯᠭᠠᠬᠤ ᠪᠠᠷ ᠴᠢᠷᠮᠠᠶᠢᠬᠰᠠᠨ ᠪᠠᠶᠢᠨ᠎ᠠ᠃ ᠰᠠᠨᠠᠭᠰᠠᠨ ᠠᠴᠠ ᠭᠠᠳᠠᠭᠤᠷ ᠦᠭᠡᠢ᠂ ᠡᠨᠡᠬᠦ ᠵᠠᠷ ᠤᠬᠠᠭᠤᠯᠭ᠎ᠠ ᠨᠢ ᠨᠡᠶᠢᠭᠡᠮ ᠨᠡᠶᠢᠳᠡ ᠳᠤ ᠶᠡᠭᠡ ᠨᠦᠯᠦᠭᠡ ᠲᠤᠰᠬᠠᠯ ᠠᠪᠴᠢᠷᠠᠵᠤ᠂ ᠠᠯᠮᠠᠰ ᠨᠢ ᠦᠨᠢ ᠮᠦᠩᠬᠡ ᠶᠢᠨ ᠬᠠᠶᠢᠷ ᠎ᠠ ᠶᠢᠨ ᠲᠦᠯᠦᠭᠡᠯᠡᠭᠴᠢ ᠡᠳ᠋ ᠪᠤᠯᠵᠤ᠂ ᠬᠤᠳᠠᠯᠳᠤᠨ ᠠᠪᠤᠬᠴᠢᠳ ᠦᠪᠡᠷ ᠤᠨ ᠠᠯᠮᠠᠰ ᠡᠳ᠋ᠯᠡᠯ ᠢᠶᠠᠨ ᠲᠠᠬᠢᠨ ᠲᠠᠮᠵᠢᠭᠤᠯᠤᠨ ᠬᠤᠳᠠᠯᠳᠤᠬᠤ ᠪᠠᠨ ᠪᠤᠯᠢᠵᠤ᠂ ᠨᠡᠭᠡᠷᠡᠨ ᠦᠷᠦᠭᠡᠯ ᠪᠤᠰᠤᠳ ᠲᠤ ᠬᠤᠳᠠᠯᠳᠤᠴᠢᠬᠠᠶ᠎ᠠ ᠭᠡᠰᠠᠨ ᠴᠤ ᠬᠤᠳᠠᠯᠳᠤᠨ ᠠᠪᠤᠬᠴᠢᠳ ᠲᠤᠩ ᠴᠦᠭᠡᠨ ᠪᠤᠯᠵᠠᠢ᠃ ᠡᠶᠢᠨᠬᠦ ᠤᠯᠠᠨ ᠲᠦᠮᠡᠨ ᠤ ᠬᠡᠷᠡᠭᠴᠡᠭᠡ ᠨᠢ ᠮᠡᠳᠡᠭᠳᠡᠮ᠎ᠡ ᠲᠡᠭᠡᠭᠰᠢᠯᠡᠵᠦ᠂ ᠷᠤᠳᠧᠰ ᠪᠠᠰᠠ ᠦᠨ᠎ᠡ ᠳᠤ ᠬᠦᠷᠬᠦ ᠶᠡᠭᠡ ᠠᠯᠮᠠᠰ ᠢ ᠪᠠᠶᠠᠨ ᠡᠷᠬᠢᠮᠳᠡᠨ ᠳᠤ ᠬᠤᠳᠠᠯᠳᠤᠵᠤ᠂ ᠵᠦᠰᠦᠵᠦ ᠬᠡᠮᠳᠦᠷᠡᠭᠰᠡᠨ ᠵᠢᠵᠢᠭᠭᠡᠨ ᠠᠯᠮᠠᠰ ᠢ ᠪᠤᠯᠪᠠᠰᠤᠷᠠᠭᠤᠯᠤᠨ ᠦᠢᠯᠡᠳᠪᠦᠷᠢᠯᠡᠵᠦ ᠪᠠᠶᠢᠭᠠᠳ ᠡᠭᠡᠯ ᠵᠢᠷ ᠤᠨ ᠬᠦᠮᠦᠰ ᠤᠨ ᠬᠡᠷᠡᠭᠴᠡᠭᠡ ᠶᠢ ᠬᠠᠩᠭᠠᠬᠰᠠᠨ ᠪᠠᠶᠢᠨ᠎ᠠ᠃        ᠠᠮᠧᠷᠢᠺᠠ ᠶᠢᠨ ᠨᠡᠷᠡᠳᠦ ᠰᠡᠳᠭᠦᠯ ᠳ᠋ᠧᠪᠢᠷᠰᠧ ᠶᠢᠨ ᠵᠠᠷ ᠤᠬᠠᠭᠤᠯᠭ᠎ᠠ ᠶᠢᠨ ᠠᠮᠵᠢᠯᠳᠠ ᠶᠢ ᠳ᠋ᠦᠩᠨᠡᠬᠦ ᠳᠡᠭᠡᠨ ᠄ ︽ᠷᠤᠳᠧᠰ ᠨᠢᠭᠡ ᠵᠦᠢᠯ ᠤᠨ ᠠᠯᠮᠠᠰ ᠴᠢᠯᠠᠭᠤ ᠪᠠᠷ ᠬᠠᠶᠢᠷ᠎ᠠ ᠰᠡᠳᠬᠢᠯᠭᠡ ᠪᠠᠨ ᠢᠯᠡᠳᠭᠡᠬᠦ ᠤᠬᠠᠬᠳᠠᠬᠤᠨ ᠢ ᠪᠤᠢ ᠪᠤᠯᠭᠠᠵᠤ᠂ ᠠᠯᠮᠠᠰ ᠤᠨ ᠰᠤᠶᠤᠯ ᠤᠨ ᠡᠭᠦᠰᠭᠡᠨ ᠪᠠᠶᠢᠭᠤᠯᠤᠬᠴᠢ ᠪᠤᠯᠵᠠᠢ᠂ ᠲᠡᠷᠡ ᠪᠠᠷ ᠭᠦᠮᠦᠰ ᠲᠤ ᠦᠪᠡᠷ ᠤᠨ ᠬᠠᠶᠢᠷ᠎ᠠ ᠲᠤᠷᠠᠯᠠᠯ ᠢᠶᠠᠨ ᠢᠯᠡᠳᠭᠡᠬᠦ ᠳᠤ ᠠᠯᠮᠠᠰ ᠭᠡᠷᠡᠭᠳᠡᠢ ᠭᠡᠰᠡᠨ ᠤᠶᠢᠢᠯᠠᠭᠠᠯᠳᠠ ᠶᠢ ᠪᠤᠢ ᠪᠤᠯᠭᠠᠬᠰᠠᠨ ᠪᠠᠶᠢᠨ᠎ᠠ︾ ᠬᠡᠪᠡ᠃                                  ︽ᠪᠥᠮᠪᠥᠷᠴᠡᠭ ᠤᠨ ᠬᠥᠮᠥᠨ︾ ᠰᠡᠳᠬᠦᠯ ᠠᠴᠠ ᠤᠷᠴᠢᠭᠤᠯᠪᠠ           ᠪᠦᠰᠡᠭᠦᠢ ᠬᠠᠶᠢᠷ᠎ᠠ ᠪᠠᠷ ᠬᠤᠷᠸ᠎ᠠ ᠤᠶᠠᠩᠭᠠᠷᠠᠨ᠎ᠠ       ᠤᠯᠠᠬᠴᠢᠨ ᠲᠠᠬᠢᠶ᠎ᠠ ᠵᠢᠯ ᠤᠨ ᠲᠦᠪ ᠲᠧᠯᠸᠢᠰ ᠤᠨ ᠴᠠᠭᠠᠨ ᠰᠠᠷ᠎ᠠ ᠶᠢᠨ ᠦᠳᠡᠰᠢᠯᠡᠭᠡ ᠳᠤ᠂ ᠬᠦᠳᠦᠯᠦᠭᠴᠢ ᠶᠢᠨ ᠲᠠᠭᠠᠭᠤᠯᠭ᠎ᠠ ᠲᠤᠤᠷ᠎ᠠ ᠪᠦᠬᠦ ᠲᠠᠯᠠᠪᠠᠢ ᠶᠢᠨ ᠦᠵᠡᠭᠴᠢᠳ ᠬᠠᠮᠳᠤᠪᠠᠷ ᠲᠠᠭᠤᠤ ᠲᠠᠭᠤᠯᠠᠵᠤ᠂ ᠸᠠᠩ ᠳ᠋ᠢᠩ ᠭᠦᠸᠧ ᠨᠠᠰᠤᠳᠠᠨ ᠤ 105 ᠨᠠᠰᠤᠨ ᠤ ᠲᠦᠷᠦᠭᠰᠡᠨ ᠡᠳᠦᠷ ᠤᠨ ᠪᠠᠶᠠᠷ ᠢ ᠪᠡᠯᠭᠡᠯᠡᠭᠰᠡᠨ ᠳᠤ ᠨᠠᠰᠤᠳᠠᠨ ᠤ ᠨᠢᠳᠤᠨ ᠳᠤ ᠨᠢᠯᠪᠤᠰᠤ ᠮᠡᠯᠳᠡᠭᠡᠨᠡᠵᠡᠢ ᠁ ᠡᠨᠡᠬᠦ ᠲᠤᠷᠭᠠᠨ ᠭᠱᠠᠨ ᠨᠢ ᠪᠦᠬᠦ ᠤᠯᠤᠰ ᠤᠨ ᠦᠷᠭᠡᠨ ᠤᠯᠠᠨ ᠦᠵᠡᠭᠴᠢᠳ ᠤᠨ ᠰᠡᠳᠬᠢᠯ ᠳᠤ ᠬᠦᠨ ᠰᠠᠭᠤᠬᠳᠠᠯ ᠦᠯᠡᠳᠡᠭᠡᠭᠰᠡᠨ ᠪᠠᠶᠢᠨ᠎ᠠ᠃        ᠦᠳᠡᠰᠢᠯᠡᠭᠡ ᠲᠡᠭᠡᠷ᠎ᠡ 105 ᠨᠠᠰᠤᠳᠠᠢ ᠸᠠᠩ ᠳ᠋ᠢᠩ ᠭᠦᠸᠧ ᠨᠠᠰᠤᠳᠠᠨ ᠪᠠᠰᠠ ︽ᠤᠯᠠᠭᠠᠨ ᠴᠡᠷᠢᠭ ᠲᠦᠮᠡᠨ ᠨᠠᠰᠤᠯᠠᠳᠤᠭᠠᠢ︾ ᠭᠡᠬᠦ ᠤᠷᠠᠨ ᠪᠢᠴᠢᠯᠭᠡ ᠶᠢᠨ ᠪᠦᠳᠦᠭᠡᠯ ᠢᠶᠠᠨ ᠡᠷᠭᠦᠵᠦ ᠴᠢᠩ ᠰᠡᠳᠬᠢᠯ ᠤᠨ ᠲᠤᠭᠳᠤᠯᠤᠯ ᠢᠶᠠᠨ ᠢᠯᠡᠳᠭᠡᠵᠡᠢ᠃ ᠡᠨᠡ ᠬᠦ ᠪᠢᠴᠢᠭᠡᠰᠦ ᠳᠤ ᠪᠠᠰᠠ ᠨᠠᠰᠤᠳᠠᠨ ᠤ ᠰᠠᠶᠢᠨ ᠰᠠᠶᠢᠬᠠᠨ ᠢᠨᠠᠭ ᠲᠤᠷᠠᠯᠠᠯ ᠤᠨ ᠦᠯᠢᠭᠡᠷ ᠠᠬᠤᠭᠤᠯᠤᠭᠳᠠᠵᠤ ᠪᠠᠶᠢᠯ᠎ᠠ᠃       1913 ᠤᠨ ᠤ 2 ᠰᠠᠷ᠎ᠠ ᠶᠢᠨ 4 ᠤ ᠡᠳᠦᠷ᠂ ᠸᠠᠩ ᠳ᠋ᠢᠩ ᠭᠦᠸᠧ ᠰᠧᠴᠤᠸᠠᠨ ᠮᠤᠵᠢ ᠶᠢᠨ ᠶᠢᠩ ᠱᠠᠨ ᠰᠢᠶᠠᠨ ᠤ ᠨᠢᠭᠡ ᠭᠦᠯᠦᠰᠦᠨ ᠲᠠᠷᠢᠶᠠᠴᠢᠨ ᠤ ᠭᠡᠷ ᠲᠤ ᠲᠦᠷᠦᠵᠡᠢ᠃ ᠲᠠᠶᠢᠨ ᠲᠠᠵᠢᠨ ᠲᠡᠭᠳᠡᠭᠰᠡᠨ ᠤᠷᠪᠠᠭᠠᠨ ᠬᠦᠷᠪᠡᠭᠡᠨ ᠲᠠᠢ ᠴᠠᠭ ᠦᠶ᠎ᠡ ᠳᠤ ᠲᠦᠷᠦᠭᠰᠡᠨ ᠸᠠᠩ ᠳ᠋ᠢᠩ ᠭᠦᠸᠧ ᠭᠡᠷ ᠤᠨ ᠲᠠᠷᠤᠭᠠᠰᠤ ᠪᠠᠨ ᠬᠦᠩᠭᠡᠯᠡᠬᠦ ᠭᠡᠵᠦ ᠵᠢᠷᠭᠤᠭ᠎ᠠ ᠲᠤᠯᠤᠭᠠᠨ ᠨᠠᠰᠤᠳᠠᠢ ᠠᠴᠠ ᠪᠠᠨ ᠡᠬᠢᠯᠡᠵᠦ ᠲᠠᠷᠢᠶᠠᠨ ᠠᠵᠢᠯ ᠳᠤ ᠤᠷᠤᠯᠴᠠᠵᠤ ᠪᠠᠶᠢᠬᠰᠠᠨ᠃ ᠭᠡᠪᠡᠴᠤ ᠦᠢᠯᠡ ᠢᠷᠡᠬᠦ ᠳᠤ ᠠᠭᠤᠯᠠ ᠨᠤᠷᠠᠬᠤ ᠬᠡᠭᠴᠢ ᠪᠠᠷ ᠠᠪᠤ ᠨᠢ ᠬᠡᠳᠦ ᠵᠦᠳᠡᠷᠡᠭᠰᠡᠨ ᠠᠴᠠ ᠡᠪᠡᠳᠴᠢᠨ ᠢᠶᠠᠷ ᠨᠠᠰᠤ ᠪᠠᠷᠠᠵᠠᠢ᠂ ᠭᠠᠷ ᠨᠤᠬᠤᠯᠤᠨ ᠭᠠᠴᠢᠭᠳᠠᠭᠰᠠᠨ ᠡᠵᠢ ᠨᠢ ᠠᠷᠭ᠎ᠠ ᠪᠤᠰᠤ ᠭᠤᠷᠪᠠᠨ ᠨᠠᠰᠤᠳᠠᠢ ᠨᠢᠯᠬ᠎ᠠ ᠲᠡᠭᠦᠦ ᠶᠢ ᠨᠢ ᠬᠤᠳᠠᠯᠳᠤᠵᠤ ᠠᠪᠤ ᠶᠢ ᠨᠢ ᠤᠷᠤᠰᠢᠭᠤᠯᠬᠤ ᠵᠤᠭᠤᠰ ᠰᠤᠯᠢᠵᠠᠢ᠃ ᠶᠠᠳᠠᠭᠤ ᠵᠦᠳᠡᠬᠦᠦ ᠠᠮᠢᠳᠤᠷᠠᠯ ᠢ ᠠᠷᠭᠠᠴᠠᠭᠠᠭᠰᠠᠭᠠᠷ ᠸᠠᠩ ᠳ᠋ᠢᠩ ᠭᠦᠸᠧ 15 ᠨᠠᠰᠤᠳᠠᠢ ᠳᠠᠭᠠᠨ ᠲᠡᠵᠢᠭᠡᠪᠦᠷᠢ ᠪᠠᠷᠢ ᠪᠤᠯᠵᠤ ᠵᠡᠷᠭᠡᠯᠡᠳᠡᠭᠡ ᠲᠤᠰᠬᠤᠨ ᠳᠠᠭᠠᠨ ᠬᠤᠳᠠᠯᠳᠤᠬᠳᠠᠭᠰᠠᠨ ᠪᠠᠶᠢᠨ᠎ᠠ᠃      1931 ᠤᠨ ᠳᠤ ᠵᠤᠯ ᠢᠶᠠᠷ ᠶᠠᠩ ᠺᠡ ᠮᠢᠩ ᠮᠡᠳᠦ ᠶᠢᠨ ᠨᠢᠭᠡ ᠪᠦᠯᠦᠭ ᠲᠠᠪᠰᠢᠩᠭᠤᠢ ᠰᠡᠭᠡᠭᠡᠳᠡᠳ ᠲᠠᠢ ᠤᠴᠠᠷᠠᠵᠤ᠂ ᠲᠡᠳᠡᠨᠦᠰ ᠸᠠᠩ ᠳ᠋ᠢᠩ ᠬᠦᠸᠧ ᠳᠤ ︽ᠡᠮᠡᠭᠳᠡᠢ ᠬᠦᠮᠦᠨ ᠭᠦᠯ ᠤᠨ ᠤᠷᠢᠶᠠᠯᠳᠠ ᠦᠭᠡᠢ᠂ ᠡᠮᠡᠭᠳᠡᠢ ᠬᠦᠮᠦᠨ ᠪᠠᠰᠠ ᠨᠤᠮ ᠤᠩᠰᠢᠵᠤ ᠪᠤᠯᠳᠠᠭ ᠁︾ ᠰᠢᠨ᠎ᠡ ᠶᠢᠷᠳᠢᠨᠴᠤ ᠶᠢ ᠵᠢᠷᠤᠭᠯᠠᠵᠤ ᠦᠭᠪᠡ᠃ ᠲᠡᠷᠡ ᠡᠷᠬᠡ ᠲᠡᠭᠰᠢ ᠪᠡ ᠡᠷᠬᠡ ᠴᠢᠯᠦᠭᠡ ᠶᠢᠨ ᠲᠤᠬᠠᠢ ᠠᠩᠬ᠎ᠠ ᠠᠯᠬᠤᠮ ᠤᠨ ᠲᠠᠨᠢᠯᠳᠠ ᠲᠠᠢ ᠪᠤᠯᠵᠤ᠂ ᠤᠷᠤᠭ ᠰᠦᠢ ᠪᠠᠨ ᠪᠤᠴᠠᠭᠠᠵᠤ᠂ ᠤᠷᠳᠤ ᠭᠡᠵᠢᠭᠡ ᠪᠠᠨ ᠬᠠᠶᠢᠴᠢᠯᠠᠵᠤ᠂ ᠬᠦᠯ ᠤᠨ ᠤᠷᠢᠶᠠᠯᠳᠠ ᠪᠠᠨ ᠬᠠᠶᠠᠵᠤ᠂ ᠦᠴᠦᠭᠡᠨ ᠴᠤ ᠡᠷᠡᠭᠡᠯᠵᠡᠯ ᠲᠠᠳᠠᠭᠠᠯᠵᠠᠯ ᠦᠭᠡᠢ ᠪᠠᠷ 400 ᠢᠯᠡᠭᠦᠦ ᠬᠦᠮᠦᠨ ᠲᠠᠢ ᠬᠠᠮᠳᠤ ᠡᠮᠡᠭᠳᠡᠶᠢᠴᠦᠳ ᠤᠨ ᠲᠤᠰᠠᠭᠠᠷ ᠪᠠᠲ᠋ᠠᠯᠢᠶᠤᠨ ᠤ ᠨᠢᠭᠡ ᠭᠡᠰᠢᠭᠦᠨ ᠪᠤᠯᠵᠤ ᠬᠤᠪᠢᠰᠬᠠᠯ ᠳᠤ ᠤᠷᠤᠯᠴᠠᠬᠰᠠᠨ ᠪᠦᠭᠡᠳ ᠨᠢᠭᠡ ᠵᠢᠯ ᠤᠨ ᠲᠠᠷᠠᠭ᠎ᠠ ᠲᠤᠰ ᠪᠠᠲ᠋ᠠᠯᠢᠶᠤᠨ ᠤ ᠲᠠᠷᠤᠭ᠎ᠠ ᠪᠤᠯᠤᠬᠰᠠᠨ ᠪᠠᠶᠢᠨ᠎ᠠ᠃ ᠡᠭᠡᠯ ᠵᠢᠷ ᠤᠨ ᠲᠠᠷᠢᠶᠠᠴᠢᠨ ᠪᠦᠰᠡᠭᠦᠢ ᠠᠴᠠ ᠪᠠᠲ᠋ᠠᠯᠢᠶᠤᠨ ᠤ ᠲᠠᠷᠤᠭ᠎ᠠ ᠪᠤᠯᠤᠬᠰᠠᠨ ᠨᠢ ᠲᠡᠭᠦᠨ ᠤ ᠡᠷᠬᠡ ᠴᠢᠯᠦᠭᠡ᠂ ᠡᠷᠬᠡ ᠲᠡᠭᠰᠢ ᠶᠢ ᠬᠦᠭᠡᠭᠡᠴᠡᠯᠳᠦᠭᠰᠡᠨ ᠰᠦᠰᠦ ᠵᠤᠷᠢᠭ ᠢ ᠢᠯᠡᠷᠡᠭᠦᠯᠦᠭᠰᠡᠨ ᠪᠠᠶᠢᠨ᠎ᠠ᠃        1933 ᠤᠨ ᠳᠤ ᠸᠠᠩ ᠳ᠋ᠢᠩ ᠭᠦᠸᠧ ᠲᠤᠮᠳᠠᠳᠤ ᠤᠯᠤᠰ ᠤᠨ ᠡᠪ ᠬᠠᠮᠳᠤ ᠨᠠᠮ ᠤᠨ ᠭᠡᠰᠢᠭᠦᠨ ᠪᠤᠯᠵᠤ᠂ 1935 ᠤᠨ ᠳᠤ ᠤᠯᠠᠭᠠᠨ ᠴᠡᠷᠢᠭ ᠤᠨ ᠤᠷᠳᠤ ᠵᠠᠮ ᠤᠨ ᠠᠶᠠᠨ ᠲᠠᠶᠢᠨ ᠳᠤ ᠤᠷᠤᠯᠴᠠᠬᠰᠠᠨ ᠪᠢᠯᠠ᠃         1935 ᠤᠨ ᠤ 6 ᠰᠠᠷ᠎ᠠ ᠶᠢᠨ ᠨᠢᠭᠡ ᠡᠳᠦᠷ᠂ ᠸᠠᠩ ᠳ᠋ᠢᠩ ᠭᠦᠸᠧ ᠭᠤᠤᠯ ᠤᠨ ᠬᠦᠪᠡᠭᠡᠨ ᠳᠤ ᠬᠤᠪᠴᠠᠰᠤ ᠤᠬᠢᠶᠠᠵᠤ ᠪᠠᠶᠢᠬᠤ ᠳᠤ᠂ ᠨᠢᠭᠡ ᠠᠬᠠᠮᠠᠳ ᠬᠤᠪᠢᠰᠬᠠᠯᠴᠢ ᠶᠢᠨ ᠮᠠᠶ᠋ᠢᠭ ᠲᠠᠢ ᠬᠦᠮᠦᠨ ᠬᠠᠵᠠᠭᠤ ᠳᠤᠨᠢ ᠬᠦᠷᠴᠦ ᠢᠷᠡᠭᠡᠳ᠄ ︽ᠨᠦᠭᠦᠷ ᠡ᠂ ᠮᠠᠨ ᠤ ᠴᠡᠷᠢᠭ ᠤᠳᠠᠯ ᠦᠭᠡᠢ ᠴᠠᠰᠤᠳᠤ ᠠᠭᠤᠯᠠ ᠶᠢ ᠲᠠᠪᠠᠭ᠋ᠤ ᠭᠡᠵᠦ ᠪᠠᠶᠢᠨ᠎ᠠ ᠂ ᠴᠢ ᠨᠠᠮᠠᠶᠢᠢ ᠬᠠᠪᠰᠤᠷᠴᠤ ᠡᠨᠡ ᠬᠤᠶᠠᠷ ᠲᠠᠩ ᠬᠤᠪᠴᠠᠰᠤ ᠶᠢᠨ ᠲᠤᠮᠳᠠ ᠨᠢ ᠬᠤᠨᠢᠨ ᠨᠤᠤᠰᠤ ᠬᠠᠪᠴᠢᠭᠤᠯᠵᠤ ᠨᠢᠭᠡ ᠨᠤᠤᠰᠤᠨ ᠴᠠᠮᠴᠠ ᠨᠦᠭᠦᠭᠡᠳ ᠦᠭᠬᠦ ᠪᠤᠯᠪᠠᠤ︖︾ ᠬᠡᠰᠡᠨ ᠳᠤ᠂ ᠸᠠᠩ ᠳ᠋ᠢᠩ ᠬᠦᠸᠧ ︽ᠪᠤᠯᠤᠨ᠎ᠠ᠂ ᠮᠠᠷᠭᠠᠰᠢ ᠲᠠᠨ ᠳᠤ ᠬᠦᠷᠭᠡᠵᠦ ᠦᠭᠭᠦᠶ᠎ᠡ︾ ᠭᠡᠵᠦ ᠰᠢᠯᠤᠭᠤᠬᠠᠨ ᠬᠦᠯᠢᠶᠡᠵᠦ ᠠᠪᠴᠠᠢ᠃ ᠡᠨᠡ ᠬᠦᠮᠦᠨ ᠨᠢ ᠲᠠᠷᠤᠢ ᠮᠠᠤ ᠲᠡᠷᠢᠭᠦᠯᠡᠭᠴᠢ ᠪᠡ ᠨᠠᠮ ᠤᠨ ᠲᠦᠪ ᠬᠤᠷᠢᠶ᠎ᠠ ᠳᠤ ︽ᠶᠠᠨ ᠠᠨ ᠤ ᠲᠠᠪᠤᠨ ᠠᠬᠠᠮᠠᠳ ᠬᠤᠪᠢᠰᠬᠠᠯᠴᠢ︾ ᠶᠢᠨ ᠨᠢᠭᠡ ᠪᠠᠷ ᠨᠡᠷᠡᠶᠢᠳᠦᠭᠳᠡᠭᠰᠡᠨ ᠰᠢᠶᠧ ᠵᠢᠤᠢ ᠽᠠᠢ ᠨᠦᠭᠦᠷ ᠪᠤᠯᠤᠨ᠎ᠠ᠃ ᠰᠢᠶᠧ ᠵᠢᠤᠢ ᠽᠠᠢ ᠪᠤᠯ ᠮᠠᠤ ᠽᠧ ᠳ᠋ᠥᠩ ᠲᠠᠢ ᠬᠠᠮᠳᠤ ᠴᠠᠩᠱᠠ ᠶᠢᠨ ᠨᠢᠭᠡᠳᠦᠭᠡᠷ ᠪᠠᠭᠰᠢ ᠶᠢᠨ ᠪᠠᠭ᠎ᠠ ᠰᠤᠷᠭᠠᠭᠤᠯᠢ ᠳᠤ ᠪᠠᠭᠰᠢᠯᠠᠵᠤ ᠪᠠᠶᠢᠬᠰᠠᠨ ᠬᠠᠭᠤᠴᠢᠨ ᠲᠠᠨᠢᠯ ᠮᠦᠨ᠂ ᠶᠡᠭᠡ ᠮᠡᠳᠡᠯᠭᠡ ᠲᠠᠢ ᠪᠠᠭᠰᠢᠳᠠᠨ ᠲᠤᠯᠠ ᠤᠯᠠᠨ ᠤ ᠬᠦᠨᠳᠦᠳᠬᠡᠯ ᠢ ᠬᠦᠨ ᠤᠯᠤᠬᠰᠠᠨ ᠠᠬᠠᠮᠠᠳ ᠬᠤᠪᠢᠰᠬᠠᠯᠴᠢ ᠮᠦᠨ᠃ ᠡᠶᠢᠨᠬᠦ ᠨᠤᠤᠰᠤᠨ ᠴᠠᠮᠴᠠ ᠨᠢ ᠵᠠᠭᠤᠴᠢ ᠪᠤᠯᠵᠤ᠂ ᠸᠠᠩ ᠳ᠋ᠢᠩ ᠬᠦᠸᠧ ᠪᠠ ᠰᠢᠶᠧ ᠵᠢᠶᠤᠢ ᠽᠠᠢ ᠠᠩᠬ᠎ᠠ ᠲᠠᠨᠢᠯᠴᠠᠬᠰᠠᠨ ᠪᠠᠶᠢᠨ᠎ᠠ᠃         1937 ᠤᠨ ᠤ 10 ᠰᠠᠷ᠎ᠠ ᠳᠤ᠂ ᠨᠠᠮ ᠵᠠᠰᠠᠭ ᠤᠨ ᠲᠤᠬᠢᠷᠠᠭᠤᠯᠭ᠎ᠠ ᠪᠤᠯᠤᠨ ᠬᠠᠪᠰᠤᠷᠤᠯᠭ᠎ᠠ ᠲᠤᠤᠷ᠎ᠠ᠂ ᠸᠠᠩ ᠳ᠋ᠢᠩ ᠭᠦᠸᠧ ᠪᠠ ᠰᠢᠶᠧ ᠵᠢᠤᠢ ᠽᠠᠢ ᠯᠠᠨᠵᠸᠦ ᠶᠢᠨ ᠨᠢᠭᠡ ᠲᠠᠰᠤᠯᠭ᠎ᠠ ᠰᠢᠷᠤᠢ ᠶᠢᠨ ᠭᠡᠷ ᠲᠤ ᠤᠷᠤᠭ ᠪᠠᠷᠢᠯᠳᠤᠵᠤ ᠬᠤᠪᠢᠰᠬᠠᠯᠳᠤ ᠭᠡᠷ ᠪᠦᠯᠢ ᠶᠢ ᠪᠠᠶᠢᠭᠤᠯᠵᠠᠢ᠃ ᠠᠩᠬ᠎ᠠ ᠡᠬᠢᠨ ᠳᠡᠭᠡᠨ ᠸᠠᠩ ᠳ᠋ᠢᠩ ᠬᠦᠸᠧ 29 ᠨᠠᠰᠤ ᠠᠬ᠎ᠠ ᠰᠢᠶᠧ ᠵᠢᠤᠢ ᠽᠠᠢ ᠶᠢ ᠲᠤᠩ ᠬᠦᠨᠳᠦᠳᠭᠡᠨ ᠪᠢᠰᠢᠷᠡᠵᠦ᠂ ᠬᠠᠷᠭᠠᠯᠵᠠᠨ ᠠᠰᠠᠷᠠᠬᠤ ᠴᠢᠬᠤᠯᠠᠳᠠᠢ ᠤᠳᠤᠷᠢᠳᠤᠯᠭ᠎ᠠ ᠭᠡᠵᠦ ᠦᠵᠡᠳᠡᠭ ᠪᠠᠶᠢᠵᠠᠢ᠃ ᠡᠶᠢᠮᠦ ᠠᠴᠠ ᠸᠠᠩ ᠳ᠋ᠢᠩ ᠭᠦᠸᠧ ᠠᠮᠢᠳᠤᠷᠠᠯ ᠲᠤᠮᠳᠠ ᠶᠡᠷᠦ ᠨᠢ ᠦᠴᠦᠭᠡᠨ ᠭᠡᠰᠡᠨ ᠴᠦ ᠲᠤᠰᠠ ᠲᠡᠮ ᠪᠤᠯᠬᠤ ᠪᠠᠷ ᠴᠢᠷᠮᠠᠶᠢᠳᠠᠭ᠃ ᠨᠢᠭᠡ ᠡᠳᠦᠷ ᠲᠡᠷᠡ ᠰᠢᠶᠧ ᠵᠢᠤᠢ ᠽᠠᠢ ᠶᠢ ᠬᠠᠪᠰᠤᠷᠴᠤ ᠰᠤᠨᠢᠨ ᠠᠪᠬᠤ ᠭᠡᠵᠦ ᠭᠤᠷᠪᠡ ᠤᠳᠠᠭ᠎ᠠ ᠭᠦᠶᠦᠭᠰᠡᠨ ᠴᠤ ᠪᠤᠷᠤᠭᠤ ᠰᠤᠨᠢᠨ ᠢ ᠠᠪᠴᠤ ᠢᠷᠡᠭᠡᠳ ᠰᠠᠶ᠋ᠢ ᠦᠪᠡᠷ ᠤᠨ ᠦᠰᠦᠭ ᠲᠠᠨᠢᠬᠤ ᠦᠭᠡᠢ ᠭᠡᠰᠡᠨ ᠢᠶᠠᠨ ᠮᠡᠳᠡᠷᠡᠵᠡᠢ᠂ ᠰᠢᠶᠧ ᠵᠢᠤᠢ ᠽᠠᠢ᠄ ︽ᠬᠠᠮᠢᠶ᠎ᠠ ᠦᠭᠡᠢ᠂ ᠪᠢ ᠴᠢᠮ᠎ᠠ ᠳᠤ ᠵᠢᠭᠠᠵᠤ ᠦᠭᠭᠦᠶ᠎ᠡ︾ ᠬᠡᠵᠦ ᠲᠠᠶᠢᠳᠬᠤᠷᠠᠭᠤᠯᠪᠠ᠃ ᠡᠷ᠎ᠡ ᠡᠮ᠎ᠡ ᠬᠤᠶᠠᠷ ᠤᠨ ᠬᠠᠶᠢᠷ᠎ᠠ ᠰᠡᠳᠬᠢᠯᠭᠡ ᠡᠳᠦᠷ ᠢᠷᠡᠬᠦᠶ᠎ᠡ ᠵᠤᠵᠠᠭᠠᠳᠴᠠᠢ᠃        ᠲᠡᠬᠦᠨ ᠠᠴᠠ ᠬᠤᠶᠢᠰᠢ᠂ ᠰᠢᠶᠧ ᠵᠢᠤᠢ ᠽᠠᠢ ᠨᠢᠭᠡ ᠦᠰᠦᠭ ᠨᠢᠭᠡ ᠦᠰᠦᠭ ᠢᠶᠠᠷ ᠵᠠᠬ᠎ᠠ ᠲᠠᠷᠠᠭᠠᠯᠠᠨ ᠬᠦᠯᠢᠴᠡᠩᠬᠦᠢ ᠲᠠᠶᠢᠯᠪᠤᠷᠢᠯᠠᠵᠤ᠂ ᠨᠢᠭᠡᠳ ᠨᠢᠭᠡ ᠪᠠᠷ ᠵᠢᠭᠠᠨ ᠰᠤᠷᠭᠠᠬᠰᠠᠨ ᠪᠦᠭᠡᠳ ᠸᠠᠩ ᠳ᠋ᠢᠩ ᠭᠦᠸᠧ ᠶᠢᠨ ᠰᠢᠯᠦᠭ ᠵᠤᠬᠢᠶᠠᠨ ᠪᠢᠴᠢᠬᠦ᠂ ᠤᠷᠠᠨ ᠪᠢᠴᠢᠯᠭᠡ ᠪᠤᠯᠪᠠᠰᠤᠷᠠᠬᠤ ᠶᠢ ᠴᠤ ᠬᠦᠳᠦᠯᠦᠨ ᠵᠢᠯᠤᠭᠤᠳᠤᠬᠰᠠᠨ ᠪᠠᠶᠢᠨ᠎ᠠ᠃ ᠵᠠᠷᠢᠮ ᠳᠠᠭᠠᠨ ᠰᠢᠶᠧ ᠵᠢᠤᠢ ᠽᠠᠢ ᠠᠵᠢᠯ ᠢᠶᠠᠷ ᠭᠠᠳᠠᠬᠰᠢ ᠭᠠᠷᠤᠬᠰᠠᠨ ᠴᠤ ᠸᠠᠩ ᠳ᠋ᠢᠩ ᠭᠦᠸᠧ ᠲᠠᠢ ᠵᠠᠬᠢᠳᠠᠯ ᠨᠡᠪᠳᠡᠷᠡᠵᠦ ᠦᠰᠦᠭ ᠲᠠᠷᠠᠭᠠᠯᠠᠨ ᠵᠠᠰᠠᠨ ᠵᠠᠯᠠᠷᠠᠭᠤᠯᠵᠤ᠂ ᠬᠠᠶᠢᠷ᠎ᠠ ᠮᠦᠷᠦᠭᠡᠳᠦᠯ ᠢᠶᠠᠨ ᠢᠯᠡᠷᠭᠡᠶᠢᠯᠡᠳᠡᠭ ᠪᠠᠶᠢᠵᠡᠢ᠃ ᠸᠠᠩ ᠳ᠋ᠢᠩ ᠭᠦᠸᠧ ᠪᠢᠰᠢᠷᠡᠯ ᠬᠦᠨᠳᠦᠳᠭᠡᠯ ᠠᠴᠠ ᠢᠨᠠᠭ ᠬᠠᠶᠢᠷ᠎ᠠ ᠶᠢᠨ ᠰᠡᠳᠬᠢᠯᠭᠡ ᠬᠦᠪᠦᠷᠡᠨ ᠰᠤᠶᠤᠭᠠᠯᠠᠵᠤ᠂ ᠬᠠᠶᠢᠷᠠᠯᠠᠬᠰᠠᠨ ᠬᠦᠮᠦᠨ ᠤ ᠪᠠᠨ ᠲᠡᠮᠵᠢᠯᠭᠡ ᠲᠤᠤᠷ᠎ᠠ ᠨᠡᠩ ᠰᠢᠯᠢᠳᠡᠭ ᠪᠤᠯᠤᠬᠰᠠᠨ ᠪᠠᠶᠢᠨ᠎ᠠ᠃ ᠸᠠᠩ ᠳ᠋ᠢᠩ ᠭᠦᠸᠧ ᠦᠰᠦᠭ ᠪᠢᠴᠢᠭ ᠮᠡᠳᠡᠬᠦ ᠦᠭᠡᠢ ᠪᠠᠶᠢᠬᠰᠠᠨ ᠠᠴᠠ ᠰᠢᠶᠧ ᠵᠢᠤᠢ ᠽᠠᠢ ᠶᠢᠨ ᠠᠵᠢᠯ ᠤᠨ ᠲᠤᠷᠪᠢᠯᠢᠭ ᠲᠤᠰᠠᠯᠠᠬᠴᠢ ᠪᠤᠯᠵᠤ ᠨᠠᠰᠤ ᠪᠠᠷ ᠢᠶᠠᠨ ᠵᠢᠳᠭᠦᠵᠡᠢ᠃ ᠲᠡᠷᠡ ᠴᠦᠭᠦᠷᠡᠰᠢ ᠦᠭᠡᠢ ᠰᠤᠷᠤᠯᠴᠠᠯᠭ᠎ᠠ ᠪᠠᠷ ᠲᠠᠮᠵᠢᠨ᠂ ᠦᠳᠡᠯᠦᠭᠡ ᠨᠠᠰᠤᠨ ᠳᠠᠭᠠᠨ ᠴᠤ ᠤᠷᠠᠨ ᠪᠢᠴᠢᠯᠭᠡ ᠪᠡ ᠵᠢᠷᠤᠭ ᠵᠢᠷᠤᠬᠤ ᠲᠠᠳᠬᠠᠯ ᠢᠶᠠᠨ ᠪᠠᠷᠢᠮᠳᠠᠯᠠᠵᠤ᠂ ᠠᠭᠤᠯᠠ ᠤᠰᠤᠨ ᠤ ᠪᠡᠭᠡᠨ ᠵᠢᠷᠤᠭ ᠤᠨ ᠤᠷᠠᠨ ᠪᠦᠳᠦᠭᠡᠯ ᠤᠨ ᠦᠵᠡᠭᠦᠯᠦᠯᠭᠡ ᠡᠷᠬᠢᠯᠡᠵᠦ ᠭᠦᠮᠦᠰ ᠤᠨ ᠬᠦᠨᠳᠦᠳᠬᠡᠯ ᠮᠠᠬᠳᠠᠭᠠᠯ ᠢ ᠭᠦᠷᠳᠡᠭᠰᠡᠨ ᠪᠠᠶᠢᠨ᠎ᠠ᠃        1971 ᠤᠨ ᠤ 6 ᠰᠠᠷ᠎ᠠ ᠶᠢᠨ 15 ᠤ ᠡᠳᠦᠷ᠂ ᠰᠢᠶᠧ ᠵᠢᠤᠢ ᠽᠠᠢ ᠨᠠᠰᠤ ᠪᠠᠷᠠᠭᠰᠠᠨ ᠳᠤ᠂ 65 ᠨᠠᠰᠤᠳᠠᠢ ᠸᠠᠩ ᠳ᠋ᠢᠩ ᠭᠦᠸᠧ ᠡᠮᠭᠡᠨᠢᠯ ᠮᠦᠷᠦᠭᠡᠳᠦᠯ ᠢᠶᠠᠨ ᠦᠰᠦᠭ ᠪᠢᠴᠢᠭ ᠢᠶᠠᠷ ᠲᠡᠮᠳᠡᠭᠯᠡᠵᠦ ᠪᠠᠶᠢᠯ᠎ᠠ᠃ ᠲᠡᠷᠡ 6 ᠵᠢᠯ ᠤᠨ ᠴᠠᠭ ᠵᠠᠷᠤᠴᠠᠭᠤᠯᠤᠨ ᠤᠷᠢᠳ ᠬᠤᠵᠢᠳ ︽ᠰᠢᠶᠧ ᠵᠢᠤᠢ ᠽᠠᠢ ᠶᠢᠨ ᠵᠠᠬᠢᠳᠠᠯ ᠤᠨ ᠲᠡᠭᠦᠪᠦᠷᠢ︾᠂ ︽ᠰᠢᠶᠧ ᠵᠢᠤᠢ ᠽᠠᠢ ᠶᠢᠨ ᠡᠳᠦᠷ ᠤᠨ ᠲᠡᠮᠳᠡᠭᠯᠡᠯ︾᠂ ︽ᠰᠢᠶᠧ ᠵᠢᠤᠢ ᠽᠠᠢ ᠶᠢᠨ ᠵᠤᠬᠢᠶᠠᠯ ᠤᠨ ᠲᠡᠭᠦᠪᠦᠷᠢ︾ ᠵᠡᠷᠭᠡ ᠨᠡᠶᠢᠳᠡ 500 ᠲᠦᠮᠡ ᠭᠠᠷᠤᠢ ᠦᠰᠦᠭ ᠤᠨ ᠨᠤᠮ ᠵᠤᠬᠢᠶᠠᠯ ᠢ ᠬᠡᠪᠯᠡᠬᠦᠯᠦᠨ ᠨᠡᠶᠢᠳᠡᠯᠡᠵᠦ᠂ ᠰᠢᠶᠧ ᠵᠢᠤᠢ ᠽᠠᠢ ᠶᠢᠨ ᠪᠡᠶᠡᠯᠡᠬᠦᠯᠵᠦ ᠴᠢᠳᠠᠭᠰᠠᠨ ᠦᠭᠡᠢ ᠬᠦᠰᠡᠯ ᠢ ᠨᠢ ᠲᠡᠷᠭᠡᠯᠰᠢᠬᠦᠯᠦᠭᠰᠡᠨ ᠪᠠᠶᠢᠨ᠎ᠠ᠃ ᠴᠠᠭᠠᠨ ᠰᠠᠷ᠎ᠠ ᠶᠢᠨ ᠦᠳᠡᠰᠢᠯᠡᠭᠡ ᠲᠡᠭᠡᠷᠡᠬᠢ ᠨᠠᠰᠤᠳᠠᠨ ᠤ ᠤᠷᠠᠨ ᠪᠢᠴᠢᠯᠭᠡ ᠨᠢ ᠰᠢᠶᠧ ᠵᠢᠤᠢ ᠽᠠᠢ ᠲᠠᠳᠠ ᠬᠤᠶᠠᠭᠤᠯᠠ ᠶᠢᠨ ᠡᠨᠡ ᠬᠦ ᠬᠦᠨ ᠵᠤᠵᠠᠭᠠᠨ ᠬᠠᠶᠢᠷ᠎ᠠ ᠶᠢᠨ ᠢᠯᠡᠷᠡᠯ ᠭᠡᠵᠦ ᠦᠵᠡᠵᠦ ᠴᠤ ᠪᠤᠯᠳᠠᠭ ᠠᠵᠢ᠃        ᠲᠦᠪ ᠲᠧᠯᠸᠢᠰ ᠤᠨ ᠴᠠᠭᠠᠨ ᠰᠠᠷ᠎ᠠ ᠶᠢᠨ ᠦᠳᠡᠰᠢᠯᠡᠭᠡ ᠶᠢᠨ ᠬᠦᠳᠦᠯᠦᠭᠴᠢ ᠠᠴᠠ ᠸᠠᠩ ᠳ᠋ᠢᠩ ᠭᠦᠸᠧ ᠨᠠᠰᠤᠳᠠᠨ ᠢ ᠤᠷᠳᠤ ᠵᠠᠮ ᠤᠨ ᠠᠶᠠᠨ ᠲᠠᠶᠢᠨ ᠤ ᠦᠶ᠎ᠡ ᠳᠤ ᠬᠦᠯ ᠤᠨ ᠬᠤᠷᠤᠭᠤ ᠪᠠᠨ ᠬᠦᠯᠳᠡᠭᠡᠵᠦ ᠤᠨᠠᠭᠠᠬᠰᠠᠨ ᠪᠥᠬᠡᠳ ᠭᠤᠶ᠎ᠠ ᠶᠢᠨ ᠶᠠᠰᠤ ᠨᠢ ᠲᠠᠶᠢᠰᠤᠨ ᠤ ᠰᠤᠮᠤᠨ ᠳᠤ ᠬᠤᠭᠤᠷᠤᠬᠰᠠᠨ ᠵᠡᠷᠭᠡ ᠦᠩᠭᠡᠷᠡᠯᠳᠡ ᠶᠢ ᠨᠢ ᠡᠷᠬᠢᠴᠡᠭᠦᠯᠬᠦ ᠳᠤ ᠰᠤᠨᠤᠰᠤᠬᠴᠢᠳ ᠤᠨ ᠰᠡᠳᠬᠢᠯ ᠤᠶᠠᠷᠠᠨ ᠬᠠᠯᠬᠢᠯᠠᠵᠤ ᠪᠠᠶᠢᠯ᠎ᠠ᠃ ᠸᠠᠩ ᠳ᠋ᠢᠩ ᠭᠥᠸᠧ ᠨᠠᠰᠤᠳᠠᠨ ᠬᠠᠷᠢᠨ᠄ ︽ᠴᠠᠰᠤᠳᠤ ᠠᠭᠤᠯᠠ ᠶᠢ ᠲᠤᠭᠤᠯᠬᠤ ᠳᠤ᠂ ᠤᠷᠤᠢ ᠬᠦᠮᠦᠨ ᠤᠯᠠᠨ ᠬᠦᠨᠵᠢᠯᠡ ᠴᠦᠭᠡᠨ ᠪᠠᠶᠢᠯ᠎ᠠ᠂ ᠬᠦᠯᠳᠡᠭᠰᠡᠨ ᠬᠦᠯ ᠢᠶᠠᠨ ᠨᠢᠭᠡ ᠲᠡᠮᠳᠡᠷᠢᠵᠦ ᠦᠵᠡᠬᠦ ᠳᠤ ᠬᠤᠭᠤᠷᠴᠢᠬᠠᠵᠠᠢ ᠁︾ ᠭᠡᠵᠦ ᠲᠤᠷᠠᠳᠤᠨ ᠦᠩᠭᠡᠷᠡᠵᠡᠢ᠃ 25 ᠨᠠᠰᠤᠳᠠᠢ ᠳᠠᠭᠠᠨ ᠲᠠᠶᠢᠰᠤᠨ ᠤ ᠰᠤᠮᠤᠨ ᠳᠤ ᠰᠢᠷᠬᠠᠳᠤᠵᠤ ᠪᠠᠷᠢᠪᠴᠢᠯᠠᠬᠳᠠᠨ ᠬᠢᠨᠳᠠᠨ ᠳᠤ ᠬᠤᠷᠢᠬᠳᠠᠪᠠ︔ 72 ᠨᠠᠰᠤᠳᠠᠢ ᠳᠠᠭᠠᠨ ᠲᠡᠷᠭᠡᠨ ᠠᠳᠡᠯ ᠢᠶᠠᠷ ᠰᠡᠭᠡᠷ ᠬᠦᠵᠦᠬᠦᠦ ᠪᠠᠨ ᠰᠢᠷᠬᠠᠳᠤᠭᠤᠯᠵᠤ᠂ 75 ᠨᠠᠰᠤᠳᠠᠢ ᠳᠠᠭᠠᠨ ᠦᠮᠡᠨ ᠤ ᠮᠠᠰᠠ ᠵᠠᠰᠠᠯ ᠬᠢᠵᠦ ᠪᠡᠶ᠎ᠡ ᠲᠡᠭᠡᠷ᠎ᠡ ᠨᠢ 30 ᠭᠠᠷᠤᠢ ᠰᠡᠨᠲ᠋ᠢᠮᠧᠳ᠋ᠷ ᠤᠨ ᠰᠤᠷᠪᠢ ᠦᠯᠡᠳᠡᠭᠰᠡᠨ ᠁ ᠲᠡᠭᠦᠨ ᠤ ᠨᠢᠭᠡ ᠨᠠᠰᠤ ᠬᠡᠵᠦ ᠰᠢᠷᠬ᠎ᠠ ᠰᠤᠷᠪᠢ ᠵᠤᠪᠠᠭᠤᠷᠢ ᠵᠦᠳᠡᠭᠦᠷᠢ ᠤᠯᠠᠨᠳᠠᠢ ᠨᠢᠭᠡ ᠨᠠᠰᠤ ᠂ ᠬᠡᠪᠡᠴᠦ ᠲᠡᠷᠡ ᠨᠤᠭᠤᠷᠠᠰᠢ ᠦᠭᠡᠢ ᠬᠠᠳᠠᠨ ᠵᠤᠷᠢᠭ ᠢᠶᠠᠷ ᠢᠯᠠᠨ ᠲᠠᠪᠠᠭᠰᠠᠭᠠᠷ ᠢᠷᠡᠵᠡᠢ᠃ ᠪᠦᠰᠡᠭᠦᠢ ᠬᠠᠶᠢᠷ᠎ᠠ ᠪᠠᠷ ᠬᠤᠷᠸ᠎ᠠ ᠤᠶᠠᠩᠭᠠᠷᠠᠳᠠᠭ ᠪᠢᠯᠠ᠃ ᠬᠠᠮᠤᠭ ᠰᠠᠶᠢᠨ ᠬᠠᠶᠢᠷ᠎ᠠ ᠲᠤᠷᠠᠯᠠᠯ ᠭᠡᠮᠡᠭᠴᠢ ᠬᠠᠷᠢᠯᠴᠠᠨ ᠬᠦᠨᠳᠦᠳᠭᠡᠵᠦ᠂ ᠬᠠᠷᠢᠯᠴᠠᠨ ᠨᠦᠯᠦᠭᠡᠯᠡᠵᠦ᠂ ᠬᠠᠮᠳᠤ ᠪᠠᠷ ᠲᠠᠪᠰᠢᠵᠦ᠂ ᠨᠡᠩ ᠰᠢᠯᠢᠳᠡᠭ ᠪᠤᠯᠬᠤ ᠪᠠᠷ ᠴᠢᠷᠮᠠᠶᠢᠬᠤ ᠳᠤ ᠤᠷᠤᠰᠢᠬᠤ ᠶᠤᠮᠰᠠᠨ᠃                          ︽ᠪᠥᠮᠪᠥᠷᠴᠡᠭ ᠤᠨ ᠬᠥᠮᠥᠨ︾ ᠰᠡᠳᠬᠦᠯ ᠠᠴᠠ ᠤᠷᠴᠢᠭᠤᠯᠪᠠ ᠵᠸᠦ ᠡᠸ᠋ᠨ ᠯᠠᠢ ᠺᠢᠨᠣ᠋ ᠳᠤ ᠲᠠᠶᠢᠯᠪᠤᠷᠢ ᠬᠠᠳᠠᠬᠰᠠᠨ ᠨᠢ       1954 ᠤᠨ ᠳᠤ᠂ ᠵᠸᠦ ᠡᠸ᠋ᠨ ᠯᠠᠢ ᠶᠡᠷᠦᠩᠬᠡᠢ ᠰᠠᠶᠢᠳ ᠲᠦᠯᠦᠭᠡᠯᠡᠭᠴᠢᠳ ᠤᠨ ᠪᠦᠯᠭᠦᠮ ᠢ ᠲᠠᠭᠠᠭᠤᠯᠵᠤ ᠬᠤᠷᠠᠯ ᠳᠤ ᠤᠷᠤᠯᠴᠠᠬᠤ ᠪᠠᠷ ᠰᠸᠢᠰ ᠤᠨ ᠵᠧᠨ᠋ᠸᠧᠠ ᠳᠤ ᠬᠦᠷᠦᠭᠰᠡᠨ ᠪᠠᠶᠢᠵᠠᠢ᠃ ᠬᠤᠷᠠᠯ ᠤᠨ ᠬᠤᠭᠤᠴᠠᠭᠠᠨ ᠳᠤ᠂ ᠲᠡᠷᠡ ᠲᠤᠬᠠᠢ ᠶᠢᠨ ᠦᠶ᠎ᠡ ᠶᠢᠨ ᠰᠤᠨᠢᠨ ᠮᠡᠳᠡᠭᠡ ᠬᠠᠷᠢᠯᠴᠠᠭ᠎ᠠ ᠬᠤᠯᠪᠤᠭᠠᠨ ᠤ ᠲᠤᠰᠢᠶᠠᠯᠳᠠᠨ ᠰᠢᠶᠦ᠋ᠩ ᠰᠢᠶᠠᠩ ᠬᠦᠢ ᠳᠤ ᠵᠢᠭᠠᠪᠤᠷᠢ ᠪᠠᠭᠤᠯᠭᠠᠵᠤ᠂ ᠵᠧᠨ᠋ᠸᠧᠠ ᠬᠤᠳᠠ ᠳᠤ ᠲᠤᠮᠳᠠᠳᠤ ᠤᠯᠤᠰ ᠤᠨ ᠺᠢᠨᠣ᠋ ᠶᠢᠨ ᠲᠠᠶᠢᠯᠠᠯᠭ᠎ᠠ ᠶᠠᠪᠤᠬᠳᠠᠭᠤᠯᠬᠤ ᠪᠠᠷ ᠲᠦᠯᠦᠪᠯᠡᠭᠰᠡᠨ ᠪᠠᠶᠢᠨ᠎ᠠ᠃ ᠡᠶᠢᠨᠬᠦ ᠱᠤᠤᠰᠢᠩ ᠵᠦᠴᠦᠭᠡ ᠶᠢᠨ ᠨᠡᠷᠡᠳᠦ ᠦᠯᠢᠭᠡᠷ ᠠᠴᠠ ᠦᠭᠡᠷᠡᠴᠢᠯᠡᠨ ᠨᠠᠶᠢᠷᠠᠭᠤᠯᠤᠬᠰᠠᠨ ᠰᠢᠨ᠎ᠡ ᠲᠤᠮᠳᠠᠳᠤ ᠤᠯᠤᠰ ᠤᠨ ᠠᠩᠬᠠᠨ ᠤ ᠪᠤᠳᠤᠬᠳᠤ ᠺᠢᠨᠣ᠋ ᠪᠤᠯᠬᠤ ︽ᠯᠢᠶᠠᠩ ᠱᠠᠨ ᠪᠦᠸᠧ ᠬᠢᠭᠡᠳ ᠵᠦ ᠶᠢᠩ ᠲᠠᠢ︾ ᠶᠢ ᠰᠤᠩᠭᠤᠵᠤ ᠤᠯᠠᠨ ᠤᠯᠤᠰ ᠤᠨ ᠦᠵᠡᠭᠴᠢᠳ ᠲᠠᠢ ᠵᠤᠯᠭᠠᠭᠤᠯᠬᠤ ᠪᠠᠷ ᠪᠤᠯᠵᠠᠢ᠃ ᠺᠢᠨᠣ᠋ ᠶᠢ ᠲᠤᠷᠰᠢᠨ ᠦᠵᠡᠭᠦᠯᠬᠦ ᠶᠠᠪᠤᠴᠠ ᠳᠤ ᠭᠠᠳᠠᠭᠠᠳᠤ ᠶᠢᠨ ᠰᠤᠨᠢᠨ ᠮᠡᠳᠡᠭᠡᠨ ᠤ ᠵᠠᠭᠤᠴᠢᠯᠠᠭᠤᠷ ᠤᠨ ᠬᠢᠨ ᠤ ᠦᠢ ᠤᠯᠠᠨ ᠰᠤᠷᠪᠤᠯᠵᠢᠯᠠᠬᠴᠢᠳ ᠤᠷᠢᠯᠭ᠎ᠠ ᠪᠠᠷ ᠴᠤᠬᠯᠠᠷᠠᠨ ᠢᠷᠡᠭᠰᠡᠨ ᠪᠤᠯᠪᠠᠴᠤ ᠤᠬᠠᠭᠠᠨ ᠢ ᠨᠢ ᠤᠯᠬᠤ ᠦᠭᠡᠢ ᠤᠴᠢᠷ ᠠᠴᠠ ᠵᠠᠯᠭ᠎ᠠ ᠵᠠᠯᠭᠠᠪᠠᠷ ᠲᠤᠮᠳᠠ ᠠᠴᠠ ᠨᠢ ᠰᠠᠯᠵᠤ ᠤᠳᠤᠭᠰᠠᠨ ᠪᠠᠶᠢᠨ᠎ᠠ᠃ ᠢᠡᠭᠬᠢᠬᠡᠳ᠂ ᠰᠢᠶᠦ᠋ᠩ ᠰᠢᠶᠠᠩ ᠬᠦᠢ ᠲᠠᠷᠤᠢ ᠳᠤᠨᠢ ᠲᠤᠰᠬᠠᠢ ᠬᠦᠮᠦᠨ ᠡᠷᠢᠵᠤ᠂ ᠺᠢᠨᠣ᠋ ᠵᠦᠴᠦᠭᠡ ᠶᠢᠨ ᠦᠯᠢᠭᠡᠷ ᠤᠨ ᠲᠤᠪᠴᠢ ᠪᠡ ᠭᠤᠤᠯ ᠪᠤᠯᠬᠤ ᠲᠠᠭᠤᠨ ᠤ ᠦᠭᠡ ᠶᠢ ᠨᠡᠶᠢᠯᠡᠭᠦᠯᠵᠦ ᠠᠷᠪᠠᠨ ᠭᠡᠳᠦᠨ ᠨᠢᠭᠤᠷ ᠤᠨ ᠲᠠᠶᠢᠯᠪᠤᠷᠢ ᠨᠠᠶᠢᠷᠠᠭᠤᠯᠵᠤ᠂ ᠠᠩᠭ᠍ᠯᠢ ᠬᠡᠯᠡ ᠪᠠᠷ ᠤᠷᠴᠢᠭᠤᠯᠤᠬᠰᠠᠨ ᠤ ᠲᠠᠷᠠᠭ᠎ᠠ ᠭᠠᠳᠠᠭᠠᠳᠤ ᠶᠢᠨ ᠰᠤᠨᠢᠨ ᠮᠡᠳᠡᠭᠡᠨ ᠤ ᠵᠠᠭᠤᠴᠢᠯᠠᠭᠤᠷ ᠲᠤ ᠨᠡᠶᠢᠳᠡᠯᠡᠬᠦ ᠪᠠᠷ ᠪᠤᠯᠪᠠ᠃ ᠰᠢᠶᠦ᠋ᠩ ᠰᠢᠶᠠᠩ ᠬᠦᠢ ᠡᠨᠡᠬᠦ ᠰᠠᠨᠠᠭ᠎ᠠ ᠪᠠᠨ ᠵᠸᠦ ᠡᠸ᠋ᠨ ᠯᠠᠢ ᠶᠡᠷᠦᠩᠬᠡᠢ ᠰᠠᠶᠢᠳ ᠲᠤ ᠮᠡᠳᠡᠬᠦᠯᠬᠦ ᠳᠤ᠂ ᠵᠸᠦ ᠶᠡᠷᠦᠩᠭᠡᠢ ᠰᠠᠶᠢᠳ ᠭᠡᠨ ᠠᠷᠪᠠᠨ ᠬᠡᠳᠦᠨ ᠨᠢᠭᠤᠷ ᠤᠨ ᠤᠷᠳᠤ ᠲᠠᠶᠢᠯᠪᠤᠷᠢ ᠶᠢ ᠦᠵᠡᠬᠦ ᠪᠤᠢ︖ ᠪᠢ ᠰᠤᠷᠪᠤᠯᠵᠢᠯᠠᠬᠴᠢ ᠪᠤᠯᠤᠭᠰᠠᠨ ᠴᠦ ᠡᠶᠢᠮᠦ ᠲᠡᠪᠴᠢᠶᠡᠷᠢ ᠠᠯᠠᠭ᠎ᠠ ᠬᠡᠵᠦ ᠪᠤᠰᠤᠳ ᠠᠷᠭ᠎ᠠ ᠰᠦᠪᠡᠭᠴᠢᠯᠡᠭᠰᠡᠨ ᠪᠠᠶᠢᠨ᠎ᠠ᠃ ᠲᠡᠭᠡᠭᠡᠳ ︽ᠲᠠᠭᠤᠳᠤ ᠵᠦᠴᠦᠭᠡ ᠶᠢᠨ ᠪᠤᠳᠤᠬᠳᠤ ᠺᠢᠨᠣ᠋ — ᠲᠤᠮᠳᠠᠳᠤ ᠤᠯᠤᠰ ᠤᠨ ︿ᠷᠤᠮᠸᠣ᠋ ᠬᠢᠭᠡᠳ ᠵᠥᠯᠢᠶᠧᠲ﹀ ᠢ ᠰᠤᠨᠢᠷᠬᠠᠬᠤ ᠪᠤᠯᠪᠠᠤ︾ ᠭᠡᠰᠡᠨ ᠪᠢᠴᠢᠭᠡᠰᠦ ᠲᠠᠢ ᠤᠷᠢᠯᠭ᠎ᠠ ᠶᠢᠨ ᠪᠢᠴᠢᠭ ᠢ ᠵᠠᠭᠤᠴᠢᠯᠠᠭᠤᠷ ᠤᠨ ᠬᠢᠨ ᠳᠤ ᠲᠠᠷᠬᠠᠭᠠᠬᠤ ᠪᠦᠭᠡᠳ ᠺᠢᠨᠣ᠋ ᠦᠵᠡᠭᠦᠯᠬᠦ ᠠᠴᠠ ᠡᠮᠦᠨ᠎ᠡ ᠠᠩᠭ᠍ᠯᠢ ᠬᠡᠯᠡ ᠪᠠᠷ 3 ᠮᠢᠨᠦ᠋ᠲ ᠤᠨ ᠲᠦᠭᠦᠮ ᠲᠠᠨᠢᠯᠴᠠᠭᠤᠯᠭ᠎ᠠ ᠬᠢᠵᠦ᠂ ᠰᠢᠯᠦᠭᠯᠢᠭ ᠦᠭᠡ ᠬᠡᠯᠡ ᠤᠷᠠᠨ ᠰᠡᠳᠬᠢᠬᠦᠢ ᠪᠠᠷ ᠦᠵᠡᠭᠴᠢᠳ ᠤᠨ ᠠᠩᠬᠠᠷᠤᠯ ᠢ ᠲᠠᠳᠠᠨ᠎ᠠ᠂ ᠡᠭᠦᠨ ᠠᠴᠠ ᠦᠭᠡᠷ᠎ᠡ ᠢᠯᠡᠭᠦᠴᠡ ᠲᠠᠶᠢᠯᠪᠤᠷᠢ ᠬᠢᠬᠦ ᠬᠡᠷᠡᠭ ᠦᠭᠡᠢ ᠭᠡᠵᠦ ᠵᠢᠭᠠᠵᠤ ᠭᠠᠷᠭᠠᠬᠰᠠᠨ ᠪᠠᠶᠢᠨ᠎ᠠ᠃ ᠰᠢᠶᠦ᠋ᠩ ᠰᠢᠶᠠᠩ ᠭᠦᠢ ᠶᠢᠨ ᠢᠳᠡᠭᠡᠵᠦ ᠶᠠᠳᠠᠭᠰᠠᠨ ᠬᠠᠷᠠᠴᠠ ᠶᠢ ᠬᠠᠷᠠᠭᠠᠳ ᠵᠸᠦ ᠡᠸ᠋ᠨ ᠯᠠᠢ ᠶᠡᠷᠦᠩᠭᠡᠢ ᠰᠠᠶᠢᠳ᠄ ︽ᠨᠢᠭᠡ ᠰᠢᠯ ᠮᠣᠣᠲ᠋ᠠᠢ ᠠᠷᠢᠬᠢ ᠪᠠᠷ ᠮᠦᠷᠦ᠋ᠢᠴᠡᠭᠡᠨ ᠲᠠᠯᠪᠢᠶ᠎ᠠ᠂ ᠬᠡᠷᠪᠡ ᠦᠵᠡᠭᠴᠢᠳ ᠪᠡᠰᠠ ᠺᠢᠨᠣ᠋ ᠲᠠᠯᠪᠢᠵᠤ ᠪᠠᠶᠢᠭ᠎ᠠ ᠲᠤᠮᠳᠠ ᠠᠴᠠ ᠨᠢ ᠰᠠᠯᠵᠤ ᠶᠠᠪᠤᠬᠤ ᠳᠤ ᠬᠦᠷᠪᠡᠯ ᠪᠢ ᠵᠤᠭᠤᠰ ᠭᠠᠷᠭᠠᠵᠤ ᠪᠠᠶᠢᠭᠠᠳ ᠴᠢᠮᠠᠶᠢᠢ ᠲᠠᠶᠢᠯᠠᠶ᠎ᠠ︾ ᠭᠡᠵᠦ ᠢᠨᠢᠶᠡᠮᠰᠦᠭᠯᠡᠨ ᠬᠡᠯᠡᠪᠡ᠃        ᠵᠸᠦ ᠡᠸ᠋ᠨ ᠯᠠᠢ ᠶᠡᠷᠦᠩᠭᠡᠢ ᠰᠠᠶᠢᠳ ᠤᠨ ᠰᠠᠨᠠᠭᠠᠴᠢᠯᠠᠬᠰᠠᠨ ᠢᠶᠠᠷ ᠭᠠᠳᠠᠭᠠᠳᠤ ᠶᠢᠨ ᠰᠤᠷᠪᠤᠯᠵᠢᠯᠠᠬᠴᠢᠳ ᠨᠡᠭᠡᠷᠡᠨ ᠲᠤᠮᠳᠠᠳᠤ ᠤᠯᠤᠰ ᠤᠨ ᠤᠨᠴᠠᠯᠢᠭ ᠲᠠᠢ ︽ᠷᠤᠮᠸᠣ᠋ ᠬᠢᠭᠡᠳ ᠵᠥᠯᠢᠶᠧᠲ︾ ᠤᠨ ᠦᠯᠢᠭᠡᠷ ᠲᠤ ᠰᠤᠬᠳᠤᠭᠤᠷᠠᠵᠤ᠂ ᠵᠡᠷᠭᠡᠪᠡᠷ ᠱᠠᠬᠰᠢᠨ ᠮᠠᠬᠳᠠᠵᠤ᠄ ︽ᠰᠢᠨ᠎ᠡ ᠲᠤᠮᠳᠠᠳᠤ ᠤᠯᠤᠰ ᠪᠠᠶᠢᠭᠤᠯᠤᠬᠳᠠᠭᠠᠳ ᠲᠡᠮᠡᠢ ᠤᠳᠠᠯ ᠦᠭᠡᠢ ᠡᠶᠢᠮᠦ ᠢᠷᠡᠭᠤ ᠰᠠᠶᠢᠬᠠᠨ ᠢᠨᠠᠭ ᠬᠠᠶᠢᠷ᠎ᠠ ᠶᠢᠨ ᠪᠤᠳᠤᠬᠳᠤ ᠺᠢᠨᠣ᠋ ᠶᠢ ᠵᠤᠬᠢᠶᠠᠨ ᠦᠢᠯᠡᠳᠪᠦᠷᠢᠯᠡᠪᠡ᠃ ᠰᠤᠶᠤᠯ ᠤᠷᠠᠯᠢᠭ ᠢᠶᠠᠨ ᠬᠦᠨᠳᠦᠳᠭᠡᠵᠦ ᠪᠠᠶᠢᠭ᠎ᠠ ᠶᠢᠨ ᠪᠤᠳᠠᠳᠤ ᠢᠯᠡᠷᠡᠯ ᠮᠦᠨ︾ ᠭᠡᠵᠦ ᠲᠡᠯᠡᠬᠡᠢ ᠶᠢᠨ ᠶᠡᠷᠢᠶ᠎ᠡ ᠬᠡᠯᠡᠯᠴᠡᠭᠡᠨ ᠤ ᠰᠢᠨ᠎ᠡ ᠠᠭᠤᠷ ᠠᠮᠢᠰᠬᠤᠯ ᠢ ᠪᠤᠢ ᠪᠤᠯᠭᠠᠵᠠᠢ᠃ ᠤᠯᠤᠰ ᠲᠠᠭᠠᠨ ᠪᠤᠴᠠᠵᠤ ᠢᠷᠡᠭᠰᠡᠨ ᠤ ᠲᠠᠷᠠᠭ᠎ᠠ ᠰᠢᠶᠦ᠋ᠩ ᠰᠢᠶᠠᠩ ᠬᠦᠢ ᠬᠠᠷᠢᠭᠤ ᠮᠡᠳᠡᠭᠦᠯᠦᠯᠳᠡ ᠬᠢᠬᠦ ᠳᠡᠭᠡᠨ᠄ ︽ᠡᠨᠡᠬᠦ ᠬᠡᠷᠡᠭ ᠶᠠᠪᠤᠳᠠᠯ ᠠᠴᠠ ᠭᠠᠳᠠᠭᠠᠳᠤ ᠬᠠᠷᠢᠯᠴᠠᠭᠠᠨ ᠤ ᠰᠤᠷᠳᠠᠯ ᠤᠬᠠᠭᠤᠯᠭ᠎ᠠ ᠶᠢᠨ ᠴᠢᠬᠤᠯᠠ ᠴᠢᠨᠠᠷ ᠢ ᠤᠯᠠᠮ ᠨᠢᠭᠡ ᠠᠯᠬᠤᠮ ᠬᠦᠨᠵᠡᠭᠡᠢ ᠤᠶᠢᠢᠯᠠᠭᠠᠬᠰᠡᠨ ᠮᠦᠷᠳᠡᠭᠡᠨ ᠶᠠᠭᠤ ᠶᠢ ᠤᠬᠠᠭᠤᠯᠬᠤ᠂ ᠶᠠᠭᠠᠬᠢᠵᠤ ᠤᠬᠠᠭᠤᠯᠭ᠎ᠠ ᠬᠢᠬᠦ ᠳᠤ ᠨᠡᠩ ᠤᠯᠠᠨ ᠰᠡᠩᠭᠡᠷᠡᠬᠦᠯᠦᠯ ᠤᠯᠪᠠ︾ ᠬᠡᠪᠡ᠃                          ︽ᠪᠥᠮᠪᠥᠷᠴᠡᠭ ᠤᠨ ᠬᠥᠮᠥᠨ︾ ᠰᠡᠳᠬᠦᠯ ᠠᠴᠠ ᠣᠷᠴᠢᠭᠤᠯᠪᠠ ᠪᠤᠳᠤᠯ ᠰᠡᠳᠬᠢᠯᠭᠡ ᠪᠠᠨ ᠲᠡᠭᠰᠢ ᠪᠠᠶᠢᠯᠭᠠᠬᠤ ᠶᠢᠨ ᠴᠢᠬᠤᠯᠠ ᠴᠢᠨᠠᠷ        1963 ᠤᠨ ᠳᠤ ᠪᠢᠴᠢᠬᠠᠨ ᠤᠩᠰᠢᠬᠴᠢ ᠮᠠᠯᠢᠶᠠ · ᠪᠠᠨᠨᠢ ︽ᠴᠢᠺᠠᠭᠣ᠋ ᠶᠠᠷᠢᠯᠴᠠᠭᠠᠨ ᠤ ᠲᠠᠪᠴᠠᠩ︾ ᠰᠤᠨᠢᠨ ᠳᠤ ᠵᠠᠬᠢᠳᠠᠯ ᠢᠯᠡᠭᠡᠵᠦ᠂ ᠡᠵᠢ ᠪᠠᠨ ᠬᠠᠪᠰᠤᠷᠴᠤ ᠪᠤᠭᠤᠷᠰᠤᠭ ᠬᠢᠭᠰᠡᠨ ᠲᠡᠬᠦᠨ ᠢ ᠡᠵᠢ ᠨᠢ ᠵᠦᠪᠬᠡᠨ ︽ᠰᠠᠶᠢᠨ ᠬᠡᠦᠭᠡᠳ ᠡ︾ ᠭᠡᠮᠡᠨ ᠬᠠᠰᠢ ᠶᠠᠰᠢ ᠪᠠᠷ ᠰᠠᠶᠢᠰᠢᠶᠠᠵᠤ᠂ ᠶᠠᠭᠤ ᠴᠤ ᠬᠢᠭᠰᠡᠨ ᠦᠭᠡᠢ ᠲᠡᠭᠦᠦ ᠨᠢ ᠬᠠᠷᠢᠨ ᠪᠤᠭᠤᠷᠰᠤᠭ ᠤᠯᠵᠤ ᠢᠳᠡᠵᠡᠢ ᠭᠡᠵᠦ ᠰᠡᠳᠬᠢᠯ ᠤᠨ ᠵᠠᠩᠬᠢᠶᠠᠰᠤ ᠪᠠᠨ ᠲᠤᠭᠠᠴᠢᠵᠤ᠂ ᠲᠡᠷᠡ ᠮᠡᠳᠦ ᠶᠢᠨ ᠪᠤᠰᠤᠳ ᠤᠨ ᠨᠢᠳᠤᠨ ᠳᠠᠬᠢ ︽ᠰᠠᠶᠢᠨ ᠬᠡᠦᠬᠡᠳ︾ ᠶᠠᠭᠠᠭᠢᠭᠠᠳ ᠭᠡᠷ ᠪᠦᠯᠢ ᠪᠤᠶᠤ ᠰᠤᠷᠭᠠᠭᠤᠯᠢ ᠳᠠᠭᠠᠨ ᠠᠮᠠᠷᠬᠠᠨ ᠤᠮᠳᠤᠭᠠᠶᠢᠢᠯᠠᠬᠳᠠᠳᠠᠭ ᠢ ᠤᠬᠤᠴᠢᠯᠠᠨ ᠠᠰᠠᠭᠤᠵᠠᠢ᠃        ︽ᠴᠢᠺᠠᠭᠣ᠋ ᠶᠠᠷᠢᠯᠴᠠᠭᠠᠨ ᠤ ᠲᠠᠪᠴᠠᠩ︾ ᠰᠤᠨᠢᠨ ᠤ ᠬᠡᠦᠬᠡᠳ ᠪᠠᠭᠠᠴᠤᠳ ᠤᠨ ᠪᠤᠯᠤᠩ ᠤᠨ ᠨᠠᠶᠢᠷᠠᠭᠤᠯᠤᠬᠴᠢ ᠰᠢᠯᠧᠷ · ᠺᠥᠰᠲᠧ ᠠᠷᠪᠠᠭᠠᠳ ᠵᠢᠯ ᠤᠨ ᠠᠵᠢᠯ ᠤᠨ ᠲᠤᠮᠳᠠ ᠬᠡᠦᠬᠡᠳ ᠪᠠᠭᠠᠴᠤᠳ ᠠᠴᠠ ᠢᠷᠡᠬᠦᠯᠦᠭᠰᠡᠨ ︽ᠲᠡᠭᠡᠳᠦ ᠲᠡᠭᠷᠢ ᠶᠠᠭᠤᠨ ᠳᠤ ᠰᠠᠶᠢᠨ ᠭᠦᠮᠦᠨ ᠢ ᠱᠠᠩᠨᠠᠳᠠᠭ ᠦᠭᠡᠢ ᠪᠤᠢ᠂ ᠶᠠᠭᠤᠨ ᠳᠤ ᠮᠠᠭᠤ ᠬᠦᠮᠦᠨ ᠢ ᠰᠢᠢᠳᠭᠡᠳᠡᠭ ᠦᠭᠡᠢ ᠪᠤᠢ ᠁︾ ᠭᠡᠰᠡᠨ ᠠᠭᠤᠯᠭ᠎ᠠ ᠲᠠᠢ ᠵᠠᠬᠢᠳᠠᠯ ᠢ ᠮᠤᠩ ᠥᠬᠡᠢ ᠤᠯᠠᠨ ᠲᠤᠰᠤᠭᠰᠠᠨ ᠪᠤᠯᠪᠠᠴᠤ ᠶᠡᠷᠦ ᠨᠢ ᠶᠠᠭᠠᠬᠢᠵᠤ ᠬᠠᠷᠢᠭᠤᠯᠬᠤ ᠪᠠᠨ ᠤᠯᠵᠤ ᠶᠠᠲᠠᠵᠠᠢ᠃ ᠨᠢᠭᠡ ᠤᠳᠠᠭ᠎ᠠ ᠨᠠᠶᠢᠵᠠ ᠶᠢᠨ ᠢᠶᠠᠨ ᠬᠤᠷᠢᠮ ᠤᠨ ᠶᠤᠰᠤᠯᠠᠯ ᠳᠤ ᠤᠷᠤᠯᠴᠠᠬᠤ ᠵᠠᠪᠰᠢᠶᠠᠨ ᠢᠶᠠᠷ ᠲᠡᠷᠡ ᠡᠨᠡᠬᠦ ᠠᠰᠠᠭᠤᠯᠳᠠ ᠶᠢᠨ ᠬᠠᠷᠢᠭᠤᠯᠳᠠ ᠶᠢ ᠤᠯᠪᠠ᠃         ᠨᠠᠶᠢᠵᠠ ᠨᠢ ᠬᠤᠷᠢᠮ ᠤᠨ ᠶᠤᠰᠤᠯᠠᠯ ᠲᠡᠭᠡᠷ᠎ᠡ ᠪᠠᠨ ᠬᠠᠷᠢᠯᠴᠠᠨ ᠪᠦᠭᠡᠵᠢ ᠰᠤᠯᠢᠯᠴᠠᠬᠤ ᠳᠠᠭᠠᠨ ᠰᠠᠨᠳᠤᠷᠴᠤ ᠪᠦᠭᠡᠵᠢ ᠪᠠᠨ ᠪᠦᠷ ᠨᠦᠭᠦᠭᠡᠳᠡᠬᠢ ᠶᠢᠨ ᠢᠶᠠᠨ ᠪᠠᠷᠠᠭᠤᠨ ᠭᠠᠷ ᠲᠤᠨᠢ ᠵᠡᠭᠦᠯᠭᠡᠭᠰᠡᠨ ᠳᠤ ᠬᠤᠷᠢᠮ ᠤᠨ ᠬᠦᠳᠦᠯᠦᠭᠴᠢ ᠠᠴᠠ ︽ᠲᠠᠨ ᠤ ᠪᠠᠷᠠᠭᠤᠨ ᠭᠠᠷ ᠴᠢᠨᠢ ᠲᠡᠭᠦᠯᠳᠡᠷ ᠰᠠᠶᠢᠬᠠᠨ ᠲᠤᠯᠠ ᠲᠠᠬᠢᠨ ᠪᠦᠭᠡᠵᠢ ᠵᠠᠬᠦᠵᠦ ᠵᠠᠰᠠᠨ ᠴᠢᠮᠡᠭᠯᠡᠬᠦ ᠴᠢᠬᠤᠯᠠ ᠦᠭᠡᠢ︾ ᠭᠡᠵᠦ ᠶᠦᠮᠦᠷᠯᠢᠭ ᠢᠶᠠᠷ ᠲᠠᠳᠠᠨᠤᠰ ᠢ ᠰᠠᠨᠠᠭᠤᠯᠵᠠᠢ᠃ ᠡᠨᠡ ᠦᠭᠡ ᠶᠢ ᠰᠤᠨᠤᠰᠤᠭᠠᠳ ᠰᠢᠯᠧᠷ · ᠺᠥᠰᠲᠧ ︽ᠲᠡᠳᠡᠭᠡᠷ ᠰᠠᠶᠢᠨ ᠰᠠᠨᠠᠭ᠎ᠠ ᠲᠠᠢ ᠬᠦᠮᠦᠰ ᠬᠡᠵᠢᠶᠡᠳᠡ ᠲᠡᠭᠡᠳᠦ ᠲᠡᠭᠷᠢ ᠳᠤ ᠮᠠᠷᠳᠠᠬᠳᠠᠳᠠᠭ ᠤᠴᠢᠷ ᠨᠢ ᠲᠠᠳᠠ ᠨᠢᠭᠡᠨᠳᠡ ᠲᠡᠭᠦᠯᠳᠡᠷ ᠰᠠᠶᠢᠨ ᠪᠤᠯᠤᠬᠰᠠᠨ ᠤ ᠬᠢ ᠪᠢᠰᠢ ᠤᠤ︾ ᠭᠡᠮᠡᠨ ᠰᠡᠭᠡᠰᠬᠢᠵᠦ᠂ ᠭᠡᠦᠭᠡᠳ ᠤᠳ ᠲᠤ ︽ᠲᠡᠭᠡᠳᠦ ᠲᠡᠭᠷᠢ ᠴᠢᠮᠠᠶᠢᠢ ᠰᠠᠶᠢᠨ ᠬᠡᠦᠬᠡᠳ ᠪᠤᠯᠭᠠᠬᠰᠠᠨ ᠨᠢ ᠲᠠᠷᠤᠢ ᠴᠢᠮ᠎ᠠ ᠳᠤ ᠦᠭᠭᠦᠭᠰᠡᠨ ᠬᠠᠮᠤᠭ ᠤᠨ ᠲᠡᠭᠡᠳᠦ ᠱᠠᠩᠨᠠᠯ ᠶᠤᠮ︾ ᠭᠡᠰᠡᠨ ᠭᠠᠷᠴᠠᠭ ᠢᠶᠠᠷ ᠵᠠᠬᠢᠳᠠᠯ ᠪᠢᠴᠢᠵᠤ ᠬᠠᠷᠢᠭᠤᠯᠳᠠ ᠦᠭᠭᠦᠭᠰᠡᠨ ᠪᠢᠯᠡ᠃ ᠮᠦᠨ ᠴᠤ ᠲᠡᠭᠦᠨ ᠤ ᠡᠨᠡᠬᠦ ᠬᠠᠷᠢᠭᠤᠯᠳᠠ ᠨᠢ ᠪᠦᠬᠦ᠋ᠢᠯᠠ ᠠᠮᠧᠷᠢᠺᠠ ᠲᠠᠶᠠᠭᠠᠷ ᠲᠤ ᠨᠠᠷ᠎ᠠ ᠮᠠᠨᠳᠤᠬᠰᠠᠨ ᠪᠠᠶᠢᠨ᠎ᠠ᠃        ᠠᠮᠢᠳᠤᠷᠠᠯ ᠲᠤᠮᠳᠠ ᠪᠢᠰᠢᠬᠦᠢ ᠤᠯᠠᠨ ᠬᠦᠮᠦᠰ ᠶᠠᠭ ᠡᠶᠢᠮᠦᠷᠬᠦ ᠪᠤᠳᠤᠯ ᠲᠠᠢ ᠪᠠᠶᠢᠳᠠᠭ᠃ ᠨᠠᠰᠤ ᠪᠠᠷ ᠢᠶᠠᠨ ᠰᠠᠶᠢᠨ ᠭᠡᠷᠡᠭ ᠦᠢᠯᠡᠳᠴᠤ ᠰᠠᠶᠢᠨ ᠰᠠᠨᠠᠭ᠎ᠠ ᠡᠪᠤᠷᠯᠠᠵᠦ ᠶᠠᠪᠤᠴᠢᠬᠠᠭᠰᠠᠨ ᠴᠤ ᠰᠠᠨᠠᠬᠰᠠᠨ ᠪᠦᠬᠦᠨ ᠰᠠᠨᠠᠭᠠᠴᠢᠯᠠᠨ ᠪᠦᠳᠦᠭᠰᠡᠨ ᠦᠭᠡᠢ᠂ ᠬᠤᠤᠷ ᠤᠨ ᠰᠠᠨᠠᠭ᠎ᠠ ᠡᠪᠦᠷᠯᠡᠵᠦ ᠮᠠᠭᠤ ᠬᠡᠷᠡᠭ ᠦᠢᠯᠡᠳᠴᠦ ᠶᠠᠪᠤᠬᠰᠠᠨ ᠬᠦᠮᠦᠨ ᠴᠤ ᠲᠡᠭᠡᠳᠦ ᠲᠡᠭᠷᠢ ᠶᠢᠨ ᠰᠢᠢᠳᠭᠡᠯ ᠢ ᠤᠯᠤᠭᠰᠠᠨ ᠦᠭᠡᠢ ᠭᠡᠮᠡᠨ ᠭᠤᠮᠤᠷᠬᠠᠵᠤ ᠪᠠᠶᠢᠳᠠᠭ᠃ ᠦᠨᠡᠨ ᠢ ᠬᠡᠯᠡᠪᠡᠯ᠂ ︽ᠰᠠᠨᠠᠭ᠎ᠠ ᠰᠠᠶᠢᠳᠠᠢ ᠬᠦᠮᠦᠨ ᠳᠤ ᠨᠦᠬᠦᠷ ᠤᠯᠠᠨ︾ ᠬᠡᠳᠡᠭ ᠰᠡᠴᠠᠡ ᠦᠭᠡ ᠡᠬᠦᠨ ᠢ ᠬᠡᠷᠡᠴᠢᠯᠡᠵᠦ ᠪᠠᠶᠢᠭ᠎ᠠ ᠶᠤᠮ᠃ ᠬᠦᠮᠦᠨ ᠰᠠᠶᠢᠨ ᠰᠠᠨᠠᠭ᠎ᠠ ᠡᠪᠦᠷᠯᠡᠵᠦ ᠶᠠᠪᠤᠵᠤ ᠯᠠ ᠪᠠᠶᠢᠪᠠᠯ ᠤᠶᠢᠢᠷ᠎ᠠ ᠬᠠᠪᠢ ᠪᠠᠷ ᠴᠢᠨᠢ ᠨᠠᠶᠢᠵᠠ ᠨᠦᠭᠦᠳ ᠤᠯᠠᠨ᠂ ᠰᠠᠶᠢᠨ ᠰᠠᠶᠢᠬᠠᠨ ᠢᠳᠡᠪᠬᠢ ᠡᠨᠧᠷᠬᠢ ᠶᠢ ᠪᠡᠶ᠎ᠡ ᠳᠡᠭᠡᠨ ᠲᠠᠳᠠᠵᠤ ᠪᠠᠶᠢᠳᠠᠭ᠂ ᠡᠶᠢᠮᠦ ᠠᠴᠠ ᠡᠷᠬᠢᠮ ᠲᠡᠭᠡᠳᠦ ᠬᠦᠮᠦᠨ ᠮᠦᠰᠦ ᠪᠤᠯ ᠲᠠᠷᠤᠢ ᠲᠡᠭᠡᠳᠦ ᠲᠡᠭᠷᠢ ᠠᠴᠠ ᠲᠠᠨ ᠳᠤ ᠢᠪᠡᠭᠡᠭᠰᠡᠨ ᠬᠠᠮᠤᠭ ᠤᠨ ᠰᠠᠶᠢᠨ ᠪᠡᠯᠡᠭ ᠭᠡᠮᠡᠨ ᠤᠶᠢᠢᠯᠠᠭᠠᠬᠤ ᠬᠡᠷᠡᠭᠳᠡᠢ ᠃ ᠡᠬᠦᠨ ᠤ ᠡᠰᠡᠷᠭᠦ ᠪᠠᠷ᠂ ᠪᠤᠰᠤᠳ ᠤᠨ ᠨᠢᠳᠤᠨ ᠳᠤ ︽ᠮᠠᠭᠤ ᠭᠦᠮᠦᠨ︾ ᠭᠡᠬᠦ ᠲᠦᠷᠦᠭᠳᠡᠯ ᠦᠭᠬᠦ ᠨᠢ ᠲᠡᠷᠡ ᠡᠨᠡ ᠨᠠᠰᠤᠨ ᠳᠠᠭᠠᠨ ᠪᠤᠰᠤᠳ ᠤᠨ ᠰᠡᠳᠬᠢᠯ ᠳᠤ ᠮᠠᠭᠤ ᠲᠦᠷᠢ ᠲᠠᠢ ᠠᠮᠢᠳᠤᠷᠠᠳᠠᠭ ᠤᠴᠢᠷ ᠠᠴᠠ ︽ᠮᠠᠭᠤ ᠬᠦᠮᠦᠨ︾ ᠪᠤᠯᠤᠬᠰᠠᠨ ᠨᠢ ᠲᠠᠷᠤᠢ ᠲᠡᠭᠡᠳᠦ ᠲᠡᠭᠷᠢ ᠠᠴᠠ ᠲᠡᠬᠦᠨ ᠢ ᠲᠤᠷᠭᠠᠬᠰᠠᠨ ᠲᠤᠷᠭᠠᠭᠤᠯᠢ ᠭᠡᠮᠡᠨ ᠤᠶᠢᠢᠯᠠᠭᠠᠵᠤ ᠪᠤᠯᠳᠠᠭ᠃       ᠡᠶᠢᠮᠦ ᠠᠴᠠ ᠨᠠᠰᠤ ᠪᠠᠷ ᠢᠶᠠᠨ ᠪᠤᠰᠤᠳ ᠲᠤ ᠰᠠᠶᠢᠨ ᠬᠢᠭᠰᠡᠨ ᠴᠤ ᠶᠠᠭᠠᠬᠢᠬᠤᠪ ᠭᠡᠵᠦ ᠪᠢᠳᠠᠭᠡᠢ ᠭᠤᠮᠤᠳᠠᠭᠠᠷᠠᠢ᠂ ᠡᠷᠬᠢᠮ ᠨᠡᠨᠳᠢᠨ ᠬᠦᠮᠦᠨ ᠮᠦᠰᠦ ᠴᠢᠨᠢ ᠲᠠᠷᠤᠢ ᠬᠠᠮᠤᠭ ᠤᠨ ᠰᠠᠶᠢᠨ ᠰᠠᠶᠢᠬᠠᠨ ᠵᠦᠢᠯ ᠪᠠᠶᠢᠭ᠎ᠠ ᠶᠤᠮ᠃
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号