ᠡᠷᠢᠶᠡᠨ ᠬᠤᠳᠠ ᠶᠢᠨ ᠣᠯᠣᠰ ᠠᠷᠠᠳ ᠤᠨ ᠠᠵᠣ ᠠᠬᠤᠢ ᠪᠠ ᠨᠡᠶᠢᠭᠡᠮ ᠤᠨ ᠬᠦᠭᠵᠢᠯᠳᠡ ᠵᠢᠨ‌ᠠᠷᠪᠠᠨ ᠭᠤᠷᠪᠠᠳᠣᠭᠠᠷ ᠳᠠᠪᠣᠨ ᠵᠢᠯ ᠤᠨ ᠲᠦᠯᠦᠪᠵᠢᠭᠦᠯᠭᠡ ᠶᠢᠨ ᠬᠦᠲᠦᠯᠪᠦᠷᠢ
ᠨᠡᠶᠢᠲᠡᠯᠡᠭᠰᠡᠨ ᠴᠠᠭ᠄
2018/5/22
      ︽ᠠᠷᠪᠠᠨ ᠭᠤᠷᠪᠠᠳᠣᠭᠠᠷ ᠳᠠᠪᠣᠨ ᠵᠢᠯ︾ ᠤᠨ ᠬᠤᠭᠤᠴᠠᠭ᠎ᠠ ᠪᠣᠯ ᠮᠠᠨ ᠤ ᠣᠯᠣᠰ ᠤᠨ ︽ᠲᠦᠷᠪᠡᠨ ᠪᠦᠬᠦ ᠲᠠᠯ᠎ᠠ︾ ᠶᠢᠨ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠶᠢᠨ ᠴᠢᠬᠤᠯᠠ ᠬᠤᠭᠤᠴᠠᠭ᠎ᠠ᠂ ᠮᠦᠨᠴᠦ ᠡᠷᠢᠶᠡᠨ ᠬᠤᠳᠠ ᠶᠢᠨ ᠣᠯᠣᠰ ᠤᠨ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ ᠤᠨ ᠪᠦᠲᠦᠭᠡᠨ ᠪᠠᠶᠢᠭᠤᠯᠣᠯᠳᠠ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠳᠪᠦᠷᠢᠳᠣ ᠢᠯᠡᠯᠳᠡ ᠶᠢᠨ ᠬᠤᠭᠤᠴᠠᠭ᠎ᠠ ᠪᠣᠯᠣᠨ᠎ᠠ᠃ ︽ᠡᠷᠢᠶᠡᠨ ᠬᠤᠳᠠ ᠶᠢᠨ ᠣᠯᠣᠰ ᠠᠷᠠᠳ ᠤᠨ ᠠᠵᠣ ᠠᠬᠤᠢ ᠨᠡᠶᠢᠭᠡᠮ ᠤᠨ ᠬᠦᠭᠵᠢᠯᠳᠡ  ᠶᠢᠨ ᠠᠷᠪᠠᠨ ᠭᠤᠷᠪᠠᠳᠣᠭᠠᠷ ᠳᠠᠪᠣᠨ ᠵᠢᠯ ᠤᠨ ᠲᠦᠯᠦᠪᠵᠢᠭᠦᠯᠭᠡ ᠶᠢᠨ ᠬᠦᠲᠦᠯᠪᠦᠷᠢ︾ ᠶᠢ ᠰᠢᠨᠵᠢᠯᠡᠬᠦ ᠣᠬᠠᠭᠠᠨᠴᠢ  ᠪᠠᠷ ᠨᠠᠶᠢᠷᠠᠭᠤᠯᠣᠨ ᠪᠣᠯᠪᠠᠰᠤᠷᠠᠭᠤᠯᠬᠤ ᠨᠢ ᠠᠵᠣ ᠠᠬᠤᠢ ᠶᠢᠨ ᠬᠦᠭᠵᠢᠯᠳᠡ ᠶᠢᠨ ᠰᠢᠨ᠎ᠡ ᠬᠡᠪ ᠪᠠᠶᠢᠳᠠᠯ ᠲᠠᠢ ᠰᠠᠨᠠᠭᠠᠴᠢᠯᠠᠭ᠎ᠠ ᠠᠴᠠ ᠪᠠᠨ ᠵᠣᠬᠢᠴᠠᠨ᠂ ᠪᠦᠬᠦ ᠬᠤᠳᠠ ᠶᠢᠨ ᠠᠵᠣ ᠠᠬᠤᠢ ᠨᠡᠶᠢᠭᠡᠮ ᠤᠨ ᠦᠷᠭᠦᠯᠵᠢᠯᠡᠨ ᠡᠷᠡᠭᠦᠯ  ᠢᠶᠠᠷ ᠬᠦᠭᠵᠢᠭᠦ ᠶᠢ ᠲᠦᠯᠬᠢᠨ ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ ᠶᠣᠮ᠃     ᠨᠢᠭᠡᠳᠦᠭᠡᠷ ᠪᠦᠯᠦᠭ   ᠬᠦᠭᠵᠢᠯᠳᠡ ᠶᠢᠨ ᠦᠷ᠎ᠡ ᠪᠦᠲᠦᠮᠵᠢ ︽ᠠᠷᠪᠠᠨ ᠬᠤᠶᠠᠳᠣᠭᠠᠷ ᠳᠠᠪᠣᠨ ᠵᠢᠯ︾ ᠤᠨ ᠬᠤᠭᠤᠴᠠᠭ᠎ᠠ ᠪᠣᠯ ᠪᠦᠬᠦ ᠬᠤᠳᠠ ᠶᠢᠨ ᠨᠠᠮ ᠤᠨ ᠠᠷᠪᠠᠨ ᠨᠠᠢᠮᠠᠳᠣᠭᠠᠷ ᠶᠡᠭᠡ ᠬᠤᠷᠠᠯ ᠪᠠ ᠠᠷᠪᠠᠨ ᠨᠠᠢᠮᠠᠳᠣᠭᠠᠷ ᠬᠤᠭᠤᠴᠠᠭᠠᠨ ᠤ ᠭᠤᠷᠪᠠᠳᠣᠭᠠᠷ᠂ ᠲᠦᠷᠪᠡᠳᠦᠭᠡᠷ᠂ ᠳᠠᠪᠣᠳᠣᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠬᠦᠨᠵᠡᠭᠡᠢ ᠳᠣᠣᠱᠯᠠᠭᠤᠯᠵᠣ᠂ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ ᠶᠠᠷᠢᠶ᠎ᠠ ᠶᠢᠨ ᠵᠣᠷᠢᠭ ᠰᠠᠨᠠᠭ᠎ᠠ ᠪᠣᠯᠣᠨ ᠦᠪᠦᠷ ᠮᠣᠩᠭᠤᠯ ᠳᠤ ᠳᠣᠭᠤᠷᠢᠨ ᠪᠠᠶᠢᠴᠠᠭᠠᠯᠳᠠ ᠬᠢᠬᠦ ᠦᠶ᠎ᠡ ᠶᠢᠨ ᠴᠢᠬᠤᠯᠠ ᠶᠡᠷᠢᠶ᠎ᠠ ᠶᠢᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠨᠠᠶᠢᠳᠠᠪᠣᠷᠢᠵᠢᠭᠤᠯᠣᠨ ᠂ ᠠᠷᠠᠳ ᠢᠶᠠᠨ ᠪᠠᠶᠠᠵᠢᠭᠤᠯᠬᠤ ᠪᠣᠯᠣᠨ ᠬᠤᠳᠠ ᠪᠠᠨ ᠬᠦᠴᠦᠷᠭᠡᠭᠵᠢᠭᠦᠯᠬᠦ ᠶᠢ ᠵᠡᠷᠭᠡ ᠪᠠᠷ ᠴᠢᠬᠤᠯᠠᠴᠢᠯᠠᠬᠤ ᠶᠢ ᠪᠠᠷᠢᠮᠳᠠᠯᠠᠵᠣ᠂ ᠳᠣᠭᠳᠠᠭᠤᠨ ᠢᠶᠠᠷ ᠣᠷᠣᠭᠰᠢᠯᠠᠬᠤ ᠶᠡᠷᠦᠩᠬᠡᠢ ᠬᠦᠭ ᠠᠶᠠᠰ ᠤᠨ ᠳᠣᠭᠤᠷᠢᠨ ᠳᠤ᠂ ︽8337︾ ᠬᠦᠭᠵᠢᠯᠳᠡ ᠶᠢᠨ ᠰᠡᠳᠬᠢᠴᠡ ᠪᠠᠷ ᠵᠢᠯᠣᠭᠤᠳᠣᠭᠤᠯᠵᠣ᠂ ᠣᠯᠣᠰ ᠤᠨ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ ᠢ ᠪᠦᠲᠦᠭᠡᠨ ᠪᠠᠶᠢᠭᠤᠯᠬᠤ ᠪᠠᠷ ᠳᠣᠬᠢᠶᠠᠯ ᠪᠣᠯᠭᠠᠨ᠂ ᠠᠷᠠᠳ ᠢᠶᠠᠨ ᠪᠠᠶᠠᠵᠢᠭᠤᠯᠬᠤ ᠪᠣᠯᠣᠨ ᠬᠤᠳᠠ ᠪᠠᠨ ᠬᠦᠴᠦᠷᠭᠡᠭᠵᠢᠭᠦᠯᠬᠦ ᠶᠢ ᠵᠡᠷᠭᠡᠪᠡᠷ ᠴᠢᠬᠤᠯᠠᠴᠢᠯᠠᠵᠣ᠂ ᠬᠦᠭᠵᠢᠯᠳᠡ ᠶᠢᠨ ᠬᠡᠯᠪᠡᠷᠢ  ᠪᠠᠨ ᠲᠦᠷᠬᠡᠳᠭᠡᠨ ᠬᠤᠪᠢᠷᠠᠭᠤᠯᠵᠣ᠂ ᠡᠯ᠎ᠡ ᠲᠦᠷᠦᠯ ᠤᠨ ᠠᠶᠣᠯ ᠲᠦᠭᠰᠢᠭᠦᠷᠢ ᠦᠷᠢᠰᠦᠯᠳᠦᠭᠡᠨ ᠢ ᠢᠳᠡᠪᠬᠢᠲᠡᠢ ᠠᠷᠭᠠᠴᠠᠭᠠᠨ᠂ ᠣᠯᠣᠰ ᠠᠷᠠᠳ ᠤᠨ ᠠᠵᠣ ᠠᠬᠤᠢ ᠨᠡᠶᠢᠭᠡᠮ ᠤᠨ ᠬᠦᠭᠵᠢᠯᠳᠡ ᠬᠦᠨᠳᠦ ᠴᠢᠬᠤᠯᠠ ᠦᠷ᠎ᠡ ᠪᠦᠲᠦᠮᠵᠢ ᠣᠯᠵᠣ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠣᠨ ᠪᠡᠶᠡᠯᠡᠭᠦᠯᠬᠦ ᠳᠤ ᠪᠠᠳᠣ  ᠪᠠᠬᠢ ᠰᠠᠭᠤᠷᠢ ᠶᠢ ᠳᠠᠯᠪᠢᠭᠰᠠᠨ ᠪᠠᠶᠢᠨ᠎ᠠ᠃ ᠠᠵᠣ ᠠᠬᠤᠢ ᠶᠢᠨ ᠪᠣᠳᠠᠳᠣ ᠬᠦᠴᠦᠨ ᠰᠢᠨ᠎ᠡ ᠳᠡᠭᠡᠭᠰᠢᠯᠡᠯᠳᠡ ᠲᠠᠢ ᠪᠣᠯᠪᠠ᠃ ︽ᠠᠷᠪᠠᠨ ᠬᠤᠶᠠᠳᠣᠭᠠᠷ ᠳᠠᠪᠣᠨ ᠵᠢᠯ︾ ᠤᠨ ᠬᠤᠭᠤᠴᠠᠭᠠᠨ ᠤ ᠰᠡᠭᠦᠯᠴᠢ ᠬᠦᠷᠬᠦ ᠳᠤ᠂ ᠣᠷᠣᠨ ᠨᠣᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠪᠠᠷᠤᠭ 100 ᠳ᠋ᠦᠩᠰᠢᠭᠤᠷ ᠲᠦᠭᠦᠷᠢᠭ ᠬᠦᠷᠴᠦ᠂ ᠳᠣᠮᠳᠠᠴᠢ ᠪᠠᠷ ᠵᠢᠯ ᠪᠦᠷᠢ 16% ︵ᠣᠳᠣ ᠶᠢᠨ ᠦᠨ᠎ᠡ ᠪᠠᠷ︶ ᠪᠠᠷ ᠨᠡᠮᠡᠭᠳᠡᠨ᠎ᠡ᠃ ᠭᠤᠷᠪᠠᠨ ᠠᠵᠣ ᠦᠢᠯᠡᠰ ᠤᠨ ᠪᠦᠲᠦᠴᠡ 0.65᠄ 35.85᠄ 63.5 ᠪᠣᠯᠣᠨ ᠬᠤᠪᠢᠷᠠᠵᠣ᠂ ᠣᠯᠠᠨ ᠣᠯᠣᠰ ᠤᠨ ᠠᠷᠠᠯᠵᠢᠶ᠎ᠠ ᠬᠤᠳᠠᠯᠳᠤᠭ᠎ᠠ ᠪᠠᠷᠠᠭᠠᠨ ᠤ ᠭᠦᠢᠯᠭᠡᠭᠡ᠂  ᠬᠢᠯᠢ ᠪᠠᠷ ᠣᠷᠣᠭᠤᠯᠵᠣ ᠭᠠᠷᠭᠠᠬᠤ ᠡᠳ᠋ᠰᠢᠭᠦᠯᠦᠨ ᠪᠣᠯᠪᠠᠰᠣᠷᠠᠭᠤᠯᠬᠤ᠂ ᠰᠣᠶᠣᠯ ᠵᠢᠭᠤᠯᠴᠢᠯᠠᠯ᠂ ᠴᠡᠪᠡᠷ ᠡᠨᠧᠷᠬᠢ ᠵᠡᠷᠭᠡ ᠲᠦᠷᠪᠡᠨ ᠳᠣᠮᠣ ᠠᠵᠣ ᠦᠢᠯᠡᠰ ᠤᠨ ᠳᠣᠯᠭᠠᠭᠤᠷᠢᠯᠠᠬᠤ ᠴᠢᠳᠠᠪᠬᠢ ᠳᠠᠰᠣᠷᠠᠯᠳᠠ ᠦᠭᠡᠢ ᠳᠡᠭᠡᠭᠰᠢᠯᠡᠨ᠎ᠡ᠃ ᠣᠯᠠᠨ ᠨᠡᠶᠢᠳᠡ ᠶᠢᠨ ᠡᠳ᠋  ᠤᠨ ᠵᠠᠰᠠᠭ ᠤᠨ ᠲᠦᠰᠦᠪ ᠤᠨ ᠣᠷᠣᠯᠭ᠎ᠠ ᠪᠠᠷᠤᠭ 5.2 ᠳ᠋ᠦᠩᠰᠢᠭᠤᠷ ᠲᠦᠭᠦᠷᠢᠭ ᠢ ᠪᠡᠶᠡᠯᠡᠭᠦᠯᠵᠣ᠂ ᠳᠣᠮᠳᠠᠴᠢ ᠪᠠᠷ ᠵᠢᠯ ᠪᠦᠷᠢ 17.2% ᠢᠶᠠᠷ  ᠨᠡᠮᠡᠭᠳᠡᠨ᠎ᠡ᠃ ᠳᠣᠭᠳᠠᠮᠠᠯ ᠬᠦᠷᠦᠩᠭᠡ ᠶᠢᠨ ᠪᠡᠯᠡ ᠣᠷᠣᠭᠤᠯᠣᠯᠳᠠ ᠳᠠᠪᠣᠨ ᠵᠢᠯ ᠳᠤ ᠨᠡᠶᠢᠳᠡ 202 ᠳ᠋ᠦᠩᠰᠢᠭᠤᠷ ᠲᠦᠭᠦᠷᠢᠭ ᠢ ᠪᠡᠶᠡᠯᠡᠭᠦᠯᠵᠣ᠂ ᠳᠣᠮᠳᠠᠴᠢ ᠪᠠᠷ ᠵᠢᠯ ᠪᠦᠷᠢ 14.1% ᠢᠶᠠᠷ ᠨᠡᠮᠡᠭᠳᠡᠨ᠎ᠡ ᠃ ᠨᠡᠶᠢᠭᠡᠮ ᠤᠨ ᠬᠡᠷᠡᠭᠯᠡᠭᠡᠨ ᠤ ᠪᠣᠳᠠᠰ ᠤᠨ ᠵᠢᠵᠢᠭᠯᠡᠨ ᠪᠣᠷᠣᠯᠠᠭᠤᠯᠬᠤ ᠶᠡᠷᠦᠩᠬᠡᠢ ᠦᠷᠳᠡᠭ 30.3 ᠳ᠋ᠦᠩᠰᠢᠭᠤᠷ ᠲᠦᠭᠦᠷᠢᠭ ᠬᠦᠷᠴᠦ᠂ ᠳᠣᠮᠳᠠᠴᠢ ᠪᠠᠷ ᠵᠢᠯ ᠪᠦᠷᠢ 12.5% ᠢᠶᠠᠷ ᠨᠡᠮᠡᠭᠳᠡᠨ᠎ᠡ᠃ ᠬᠢᠯᠢ ᠪᠠᠷ ᠣᠷᠣᠭᠤᠯᠵᠣ ᠭᠠᠷᠭᠠᠬᠤ ᠪᠠᠷᠠᠭᠠᠨ ᠤ ᠶᠡᠷᠦᠩᠬᠡᠢ ᠬᠡᠮᠵᠢᠶ᠎ᠡ 1400 ᠲᠦᠮᠡᠨ ᠳᠣᠨ ᠬᠦᠷᠴᠦ᠂ ᠳᠣᠮᠳᠠᠴᠢ ᠪᠠᠷ ᠵᠢᠯ ᠪᠦᠷᠢ 10.2% ᠢᠶᠠᠷ ᠨᠡᠮᠡᠭᠳᠡᠨ᠎ᠡ᠃ ᠦᠪᠦᠷ ᠮᠣᠩᠭᠤᠯ ᠪᠠᠩᠬᠢ᠂ ᠪᠣᠭᠤᠳᠣ ᠶᠢᠨ ᠬᠤᠳᠠᠯᠳᠣᠭᠠᠨ ᠤ ᠪᠠᠩᠬᠢ᠂ ᠣᠷᠳᠣᠰ ᠪᠠᠩᠬᠢ ᠵᠡᠷᠭᠡ ᠮᠦᠩᠭᠦᠨ ᠭᠦᠢᠯᠭᠡᠭᠡᠨ ᠤ ᠪᠠᠶᠢᠭᠤᠯᠣᠮᠵᠢ ᠶᠢ ᠠᠮᠵᠢᠯᠳᠠᠳᠠᠢ ᠳᠠᠳᠠᠨ ᠣᠷᠣᠭᠤᠯᠵᠣ᠂ ᠡᠯ᠎ᠡ ᠲᠦᠷᠦᠯ ᠤᠨ ᠮᠦᠩᠭᠦᠨ ᠭᠦᠢᠯᠭᠡᠭᠡᠨ ᠤ ᠪᠠᠶᠢᠭᠤᠯᠣᠮᠵᠢ ᠶᠢ ᠨᠡᠮᠡᠭᠳᠡᠭᠦᠯᠦᠭᠡᠳ 34 ᠡᠷᠦᠬᠡ ᠳᠤ ᠬᠦᠷᠭᠡᠵᠣ᠂ ᠡᠯ᠎ᠡ ᠲᠦᠷᠦᠯ ᠤᠨ ᠬᠠᠳᠠᠭᠠᠯᠠᠮᠵᠢ ᠶᠢᠨ ᠦᠯᠡᠳᠡᠭᠳᠡᠯ ᠮᠦᠩᠬᠦ ᠶᠢ 75.4 ᠳ᠋ᠦᠩᠰᠢᠭᠤᠷ ᠲᠦᠭᠦᠷᠢᠭ᠂ ᠵᠢᠭᠡᠯᠡᠯᠭᠡ ᠶᠢᠨ ᠦᠯᠡᠳᠡᠭᠳᠡᠯ ᠮᠦᠩᠭᠦ ᠶᠢ 69.1 ᠳ᠋ᠦᠩᠰᠢᠭᠤᠷ ᠲᠦᠭᠦᠷᠢᠭ ᠬᠦᠷᠭᠡᠨ᠎ᠡ᠃ ᠬᠢᠯᠢ ᠠᠯᠣᠰᠯᠠᠭᠰᠠᠨ ᠠᠷᠠᠳ ᠤᠨ ᠵᠣᠭᠤᠰ ᠤᠨ ᠠᠵᠢᠯ  ᠤᠨ ᠬᠡᠪᠴᠢᠶ᠎ᠡ ᠶᠢ ᠳᠠᠰᠣᠷᠠᠯᠳᠠ ᠦᠬᠡᠢ ᠦᠷᠭᠡᠳᠭᠡᠨ᠂ ᠠᠷᠠᠳ ᠤᠨ ᠵᠣᠭᠤᠰ ᠤᠨ ᠬᠢᠯᠢ ᠠᠯᠣᠰᠯᠠᠨ ᠳᠣᠭᠠᠴᠠᠭ᠎ᠠ ᠬᠢᠬᠦ ᠬᠡᠪᠴᠢᠶ᠎ᠡ ᠶᠢ 69.5 ᠳ᠋ᠦᠩᠰᠢᠭᠤᠷ ᠲᠦᠭᠦᠷᠢᠭ ᠬᠦᠷᠭᠡᠨ᠎ᠡ᠃ ᠣᠯᠣᠰ ᠤᠨ ᠳᠣᠳᠣᠭᠠᠳᠣ ᠭᠠᠳᠠᠭᠠᠳᠣ ᠶᠢᠨ ᠵᠢᠭᠤᠯᠴᠢᠳ ᠢ ᠨᠡᠶᠢᠳᠡ 800 ᠲᠦᠮᠡᠨ ᠬᠦᠮᠦᠨ ᠣᠳᠠᠭ᠎ᠠ ᠬᠦᠯᠢᠶᠡᠨ ᠠᠪᠴᠣ᠂ ᠳᠣᠮᠳᠠᠴᠢ ᠪᠠᠷ ᠵᠢᠯ ᠪᠦᠷᠢ 5.1% ᠪᠠᠷ ᠨᠡᠮᠡᠭᠳᠡᠨ᠎ᠡ᠃      ᠰᠠᠭᠤᠭᠠᠯᠢ ᠠᠷᠠᠳ ᠤᠨ ᠠᠮᠢᠳᠣᠷᠠᠯ ᠰᠢᠨ᠎ᠡ ᠰᠠᠶᠢᠵᠢᠷᠠᠯᠳᠠ ᠲᠠᠢ ᠪᠣᠯᠪᠠ᠃  ︽ᠠᠷᠪᠠᠨ ᠬᠤᠶᠠᠳᠣᠭᠠᠷ ᠳᠠᠪᠣᠨ ᠵᠢᠯ︾ ᠤᠨ ᠬᠤᠭᠤᠴᠠᠭᠠᠨ ᠤ ᠰᠡᠭᠦᠯᠴᠢ ᠬᠦᠷᠬᠦ ᠳᠤ᠂ ᠪᠦᠬᠦ ᠰᠠᠭᠤᠭᠠᠯᠢ ᠠᠷᠠᠳ ᠤᠨ ᠬᠦᠮᠦᠨ ᠳᠣᠮᠳᠠᠴᠢ ᠡᠵᠡᠮᠳᠡᠵᠣ ᠪᠣᠯᠬᠤ ᠣᠷᠣᠯᠭ᠎ᠠ ᠪᠠᠷᠤᠭ 38409 ᠲᠦᠭᠦᠷᠢᠭ ᠬᠦᠷᠴᠦ᠂ ᠳᠣᠮᠳᠠᠴᠢ ᠪᠠᠷ ᠵᠢᠯ ᠪᠦᠷᠢ 11.5% ᠪᠠᠷ ᠨᠡᠮᠡᠭᠳᠡᠨ᠂ ᠪᠦᠬᠦ ᠣᠷᠣᠨ ᠤ ᠲᠦᠷᠦᠭᠦᠨ ᠤ ᠡᠩᠨᠡᠭᠡᠨ ᠳᠤ ᠪᠠᠶᠢᠷᠢᠯᠠᠨ᠎ᠠ᠃ ᠬᠤᠳᠠ ᠪᠠᠯᠭᠠᠰᠣᠨ ᠤ ᠰᠢᠨ᠎ᠡ ᠠᠵᠢᠯ ᠣᠯᠭᠤᠯᠳᠠ 8383 ᠠᠵᠢᠯ ᠤᠨ ᠪᠠᠶᠢᠷᠢ᠂ 3103 ᠬᠦᠮᠦᠨ ᠳᠤ ᠬᠦᠷᠴᠦ᠂ ᠬᠤᠳᠠ ᠪᠠᠯᠭᠠᠰᠣᠨ ᠤ ᠠᠵᠢᠯ ᠠᠯᠳᠠᠭᠰᠠᠨ ᠨᠣᠷᠮ᠎ᠠ ᠶᠢ 2.4% ᠳᠣᠳᠣᠷ᠎ᠠ ᠬᠢᠵᠠᠭᠠᠷᠯᠠᠨ᠎ᠠ᠃ ᠨᠡᠶᠢᠭᠡᠮ ᠤᠨ ᠪᠠᠳᠣᠯᠠᠭ᠎ᠠ ᠶᠢᠨ ᠰᠢᠰᠲ᠋ᠧᠮ ᠣᠯᠠᠮ ᠨᠢᠭᠡᠨ ᠠᠯᠬᠤᠮ ᠳᠡᠭᠦᠯᠳᠡᠷᠵᠢᠵᠣ᠂ ᠬᠤᠳᠠ ᠪᠠᠯᠭᠠᠰᠣᠨ ᠤ ᠦᠨᠳᠦᠰᠦᠨ ᠨᠠᠰᠣᠵᠢᠯ ᠤᠨ ᠳᠠᠭᠠᠳᠬᠠᠯ᠂ ᠦᠨᠳᠦᠰᠦᠨ ᠡᠮᠨᠡᠯᠭᠡ ᠶᠢᠨ ᠳᠠᠭᠠᠳᠬᠠᠯ ᠪᠠ ᠠᠵᠢᠯ ᠠᠯᠳᠠᠭᠰᠠᠳ ᠤᠨ ᠳᠠᠭᠠᠳᠬᠠᠯ ᠤᠨ ᠪᠦᠷᠬᠦᠴᠡ ᠶᠢᠨ ᠨᠣᠷᠮ᠎ᠠ ᠳᠣᠰ ᠳᠣᠰ 75%᠂ 96.5% ᠪᠣᠯᠣᠨ 78.1% ᠬᠦᠷᠴᠦ᠂ ᠠᠵᠢᠯ ᠤᠨ ᠰᠢᠷᠬᠠᠳᠣᠯ ᠪᠣᠯᠣᠨ ᠬᠦᠩᠭᠡᠵᠢᠯ ᠤᠨ ᠳᠠᠭᠠᠳᠬᠠᠯ  ᠳᠤ ᠣᠷᠣᠯᠴᠠᠭᠰᠠᠨ ᠬᠦᠮᠦᠨ ᠤ ᠳᠤᠭ᠎ᠠ ᠳᠣᠰ ᠳᠣᠰ 6700 ᠬᠦᠮᠦᠨ᠂ 7400 ᠬᠦᠮᠦᠨ ᠳᠤ ᠬᠦᠷᠴᠦ᠂ ᠬᠤᠳᠠ ᠬᠦᠳᠡᠭᠡ ᠶᠢᠨ ᠳᠣᠣᠷ᠎ᠠ ᠪᠠᠳᠣᠯᠠᠭ᠎ᠠ᠂ ᠡᠮ ᠡᠮᠨᠡᠯᠭᠡ᠂ ︽ᠳᠠᠪᠣᠨ ᠪᠠᠳᠣᠯᠠᠭᠠᠳᠣ ᠡᠳᠡᠭᠡᠳ︾᠂ ︽ᠦᠨᠦᠴᠢᠨ ᠬᠡᠦᠬᠡᠳ︾ ᠵᠡᠷᠭᠡ ᠠᠪᠣᠷᠠᠨ ᠳᠣᠰᠠᠯᠠᠬᠤ ᠲᠦᠪᠰᠢᠨ ᠳᠠᠰᠣᠷᠠᠯᠳᠠ ᠦᠬᠡᠢ ᠳᠡᠭᠡᠭᠰᠢᠯᠡᠪᠡ᠃ ᠬᠤᠳᠠ ᠶᠢᠨ ᠬᠡᠦᠬᠡᠳ  ᠤᠨ ᠴᠡᠴᠡᠷᠯᠢᠭ ᠪᠠ ᠮᠣᠩᠭᠤᠯ ᠦᠨᠳᠦᠰᠦᠳᠡᠨ ᠤ ᠬᠡᠦᠬᠡᠳ ᠤᠨ ᠴᠡᠴᠡᠷᠯᠢᠭ ᠢ ᠰᠢᠯᠵᠢᠭᠦᠯᠦᠨ ᠪᠠᠷᠢᠵᠣ᠂ ᠮᠣᠩᠭᠤᠯ ᠦᠨᠳᠦᠰᠦᠳᠡᠨ ᠤ ᠳᠣᠮᠳᠠᠳᠣ ᠰᠣᠷᠭᠠᠭᠤᠯᠢ᠂ ᠣᠯᠠᠨ ᠣᠯᠣᠰ ᠤᠨ ᠳᠡᠭᠡᠳᠣ ᠰᠣᠷᠭᠠᠭᠤᠯᠢ᠂ ᠯᠠᠨ ᠲᠢᠶᠠᠨ ᠬᠡᠦᠬᠡᠳ  ᠤᠨ ᠴᠡᠴᠡᠷᠯᠢᠭ ᠪᠠ ᠰᠠᠶᠢᠬᠤᠰᠣ ᠭᠠᠴᠠᠭᠠᠨ ᠤ ᠬᠡᠦᠬᠡᠳ ᠤᠨ ᠴᠡᠴᠡᠷᠯᠢᠭ ᠢ ᠰᠢᠨ᠎ᠡ ᠪᠠᠷ ᠪᠠᠶᠢᠭᠤᠯᠣᠨ᠂ ᠰᠣᠷᠬᠤ ᠨᠠᠰᠣᠨ ᠠᠴᠠ ᠡᠮᠦᠨᠡᠬᠢ ᠭᠤᠷᠪᠠᠨ ᠵᠢᠯ ᠤᠨ ᠴᠡᠴᠡᠷᠯᠢᠭ ᠲᠤ ᠣᠷᠣᠭᠰᠠᠨ ᠨᠣᠷᠮ᠎ᠠ 87.7% ᠲᠤ ᠬᠦᠷᠴᠦ᠂ ᠶᠢᠰᠦᠨ ᠵᠢᠯ ᠤᠨ ᠠᠯᠪᠠᠨ ᠵᠢᠷᠣᠮ ᠤᠨ ᠰᠣᠷᠭᠠᠨ ᠬᠦᠮᠦᠵᠢᠯ ᠤᠨ ᠪᠠᠬᠢᠵᠢᠯᠳᠡ ᠶᠢᠨ ᠨᠣᠷᠮ᠎ᠠ 100% ᠳᠤ ᠬᠦᠷᠴᠦ᠂ ᠦᠨᠳᠦᠷ ᠳᠣᠮᠳᠠᠳᠣ ᠶᠢᠨ ᠱᠠᠳᠣᠨ ᠤ ᠰᠣᠷᠭᠠᠨ ᠬᠦᠮᠦᠵᠢᠯ ᠤᠨ ᠰᠣᠷᠭᠠᠭᠤᠯᠢ ᠳᠤ ᠣᠷᠣᠭᠰᠠᠨ ᠨᠣᠷᠮ᠎ᠠ 90.4%  ᠳᠤ ᠬᠦᠷᠪᠡ᠃ ᠠᠯᠪᠠᠨ ᠠᠴᠠ ᠪᠠᠶᠢᠭᠤᠯᠣᠭᠰᠠᠨ ᠡᠮᠨᠡᠯᠭᠡ ᠶᠢᠨ ᠬᠤᠷᠢᠶ᠎ᠠ ᠶᠢᠨ ᠦᠭᠡᠷᠡᠴᠢᠯᠡᠯᠳᠡ ᠶᠢ ᠪᠦᠬᠦ ᠳᠠᠯ᠎ᠠ ᠪᠠᠷ ᠲᠦᠯᠬᠢᠨ ᠠᠬᠢᠭᠤᠯᠵᠣ᠂ ᠡᠮᠴᠢᠯᠡᠭᠡᠨ ᠤ ᠨᠦᠬᠦᠴᠡᠯ ᠪᠠ ᠵᠠᠰᠠᠨ ᠡᠳᠡᠭᠡᠷᠡᠭᠦᠯᠬᠦ ᠲᠦᠪᠰᠢᠨ ᠪᠦᠲᠦᠮᠵᠢᠲᠡᠢ ᠳᠡᠭᠡᠭᠰᠢᠯᠡᠪᠡ ᠃ ᠠᠷᠠᠳ ᠢ ᠰᠣᠶᠣᠯ ᠢᠶᠠᠷ ᠢᠪᠡᠭᠡᠬᠦ ᠢᠨᠵᠧᠨᠧᠷᠢᠩ ᠢ ᠯᠠᠪᠳᠠᠭᠤᠨ ᠪᠠᠳᠣᠳᠠᠢ ᠲᠦᠯᠬᠢᠨ ᠠᠬᠢᠭᠤᠯᠵᠣ᠂ ᠡᠯ᠎ᠡ ᠲᠦᠷᠦᠯ  ᠤᠨ ᠣᠨᠴᠠᠯᠢᠭᠳᠣ ᠲᠠᠮᠢᠷ ᠤᠨ ᠣᠷᠣᠯᠳᠣᠭᠠᠨ ᠢ ᠢᠳᠡᠪᠬᠢᠲᠡᠢ ᠵᠣᠬᠢᠶᠠᠨ ᠪᠠᠶᠢᠭᠤᠯᠣᠨ᠂ ᠣᠯᠠᠨ ᠲᠦᠮᠡᠨ ᠤ ᠠᠵᠢᠯ  ᠤᠨ ᠴᠢᠯᠦᠭᠡᠨ ᠤ ᠰᠣᠶᠣᠯ ᠳᠠᠮᠢᠷ ᠤᠨ ᠠᠮᠢᠳᠣᠷᠠᠯ ᠢ ᠡᠳᠦᠷ ᠢᠷᠡᠬᠦ ᠳᠣᠳᠣᠮ ᠪᠠᠶᠠᠯᠢᠭᠵᠢᠭᠤᠯᠣᠨ᠎ᠠ᠃ 1374 ᠡᠷᠦᠬᠡ ᠫᠧᠩ ᠰᠠᠷᠠᠪᠴᠢ ᠶᠢ ᠵᠠᠰᠠᠨ ᠰᠢᠨᠡᠴᠢᠯᠡᠵᠣ᠂ 180 ᠢᠵᠢ ᠬᠢᠮᠳᠠ ᠲᠦᠷᠢᠶᠡᠰᠦᠨ ᠭᠡᠷ᠂ 248 ᠢᠵᠢ ᠨᠡᠶᠢᠳᠡ ᠶᠢᠨ ᠲᠦᠷᠢᠶᠡᠰᠦᠨ ᠭᠡᠷ ᠢ ᠰᠢᠨ᠎ᠡ ᠪᠠᠷ ᠪᠠᠷᠢᠵᠣ᠂ ᠬᠤᠳᠠ ᠪᠠᠯᠭᠠᠰᠣᠨ ᠤ ᠬᠦᠮᠦᠨ ᠪᠦᠷᠢ ᠳᠤ ᠲᠡᠭᠰᠢᠳᠭᠡᠭᠰᠡᠨ ᠣᠷᠣᠨ ᠰᠠᠭᠤᠴᠠ ᠶᠢᠨ ᠪᠠᠷᠢᠯᠭ᠎ᠠ ᠶᠢᠨ ᠳᠠᠯᠠᠪᠠᠢ ᠶᠢ 50 ᠬᠠᠪᠳᠠᠭᠠᠢ ᠲᠦᠷᠪᠡᠯᠵᠢᠨ ᠮᠧᠲᠷ ᠪᠣᠯᠭᠠᠨ ᠳᠡᠭᠡᠭᠰᠢᠯᠡᠭᠦᠯᠪᠡ᠃ ᠬᠦᠳᠡᠭᠡ ᠳᠣᠰᠬᠤᠨ ᠮᠠᠯᠵᠢᠬᠤ ᠣᠷᠣᠨ ᠤ ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠨᠢᠭᠡ ᠵᠢᠯ ᠣᠷᠢᠳᠴᠢᠯᠠᠨ ᠳᠠᠭᠤᠰᠬᠠᠵᠣ᠂ ᠬᠦᠳᠡᠭᠡ ᠳᠣᠰᠬᠤᠨ ᠮᠠᠯᠵᠢᠬᠤ ᠣᠷᠣᠨ ᠤ ᠦᠢᠯᠡᠳᠪᠦᠷᠢᠯᠡᠯ ᠠᠮᠢᠳᠣᠷᠠᠯ ᠤᠨ ᠨᠦᠬᠦᠴᠡᠯ ᠢ ᠮᠡᠳᠡᠭᠳᠡᠮ᠎ᠡ ᠰᠠᠶᠢᠵᠢᠷᠠᠭᠤᠯᠣᠨ᠎ᠠ᠃      ᠭᠠᠳᠠᠭᠠᠳᠣ ᠲᠠᠢ ᠴᠢᠯᠦᠭᠡᠳᠡᠢ ᠶᠠᠪᠣᠯᠴᠠᠭ᠎ᠠ ᠰᠢᠨ᠎ᠡ ᠠᠬᠢᠴᠠ ᠲᠠᠢ ᠪᠣᠯᠪᠠ᠃ ᠣᠯᠣᠰ ᠤᠨ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ ᠠᠮᠵᠢᠯᠳᠠ ᠲᠠᠢ ᠵᠦᠪᠰᠢᠶᠡᠷᠡᠯ ᠣᠯᠵᠣ᠂ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ᠂ ᠬᠢᠯᠢ ᠶᠢᠨ ᠢᠷᠭᠡᠳ ᠤᠨ ᠬᠤᠳᠠᠯᠳᠣᠭᠠᠨ ᠤ ᠳᠣᠭᠤᠷᠢᠭ ᠵᠡᠷᠭᠡ ᠣᠳᠣᠷᠢᠳᠣᠮᠵᠢ ᠶᠢᠨ ᠴᠢᠨᠠᠷᠳᠣ ᠢᠨᠵᠧᠨᠧᠷᠢᠩ ᠤᠨ ᠠᠬᠢᠴᠠ ᠣᠷᠣᠭᠰᠢᠳᠠᠢ᠃ ᠮᠣᠩᠭᠤᠯ ᠣᠯᠣᠰ ᠤᠨ ᠬᠤᠯᠪᠣᠭᠳᠠᠬᠤ ᠣᠷᠣᠨ ᠨᠣᠳᠤᠭ ᠤᠳ ᠤᠨ ᠵᠠᠰᠠᠭ ᠤᠨ ᠣᠷᠳᠣᠨ ᠲᠠᠢ ᠬᠠᠮᠳᠣᠷᠠᠨ ᠠᠵᠢᠯᠯᠠᠬᠤ ᠪᠠ ᠳᠣᠭᠳᠠᠭᠰᠠᠨ ᠬᠤᠭᠤᠴᠠᠭ᠎ᠠ ᠲᠠᠢ ᠬᠤᠷᠠᠯ ᠠᠭᠤᠯᠵᠠᠯᠳᠠ ᠵᠣᠬᠢᠶᠠᠨ ᠪᠠᠶᠢᠭᠤᠯᠬᠤ ᠳᠣᠭᠳᠠᠯᠴᠠᠭ᠎ᠠ ᠶᠢ ᠪᠦᠷᠢᠨᠰᠢᠭᠦᠯᠵᠣ᠂ ᠣᠯᠠᠨ ᠰᠠᠯᠪᠣᠷᠢ ᠶᠢᠨ ᠪᠣᠳᠠᠳᠣ ᠬᠠᠮᠳᠣ ᠶᠢᠨ ᠠᠵᠢᠯᠯᠠᠭ᠎ᠠ ᠶᠢ ᠪᠦᠬᠦ ᠳᠠᠯ᠎ᠠ ᠪᠠᠷ ᠬᠦᠨᠵᠡᠭᠡᠶᠢᠷᠡᠭᠦᠯᠪᠡ᠃ ᠣᠯᠣᠰ ᠠᠴᠠ ᠵᠢᠭᠠᠨ ᠳᠣᠭᠳᠠᠭᠠᠭᠰᠠᠨ ᠠᠮᠣ ᠪᠣᠳᠠᠭ᠎ᠠ ᠭᠠᠳᠠᠭᠠᠳᠣ ᠠᠴᠠ ᠣᠷᠣᠭᠤᠯᠬᠤ ᠪᠣᠭᠤᠮᠳᠠ ᠪᠠ ᠮᠣᠩᠭᠤᠯ ᠣᠯᠣᠰ ᠤᠨ ᠡᠪᠡᠰᠦ ᠪᠣᠷᠳᠤᠭ᠎ᠠ ᠶᠢ ᠣᠷᠣᠭᠤᠯᠬᠤ ᠵᠦᠪᠰᠢᠶᠡᠷᠡᠯ ᠣᠯᠵᠣ᠂ ᠪᠦᠲᠦᠨ ᠳᠡᠷᠭᠡ ᠭᠠᠳᠠᠭᠠᠳᠣ ᠠᠴᠠ ᠣᠷᠣᠭᠤᠯᠬᠤ ᠪᠣᠭᠤᠮᠳᠠ ᠶᠢᠨ ᠭᠤᠶᠣᠴᠢᠯᠠᠨ ᠮᠡᠳᠡᠭᠦᠯᠬᠦ ᠠᠵᠢᠯ ᠢ ᠡᠬᠢᠯᠡᠭᠦᠯᠦᠨ᠂ ᠡᠸᠥ᠋ᠷᠥᠫᠡ ᠲᠢᠪ ᠣᠷᠣᠭᠤ ᠪᠠᠷᠠᠭ᠎ᠠ ᠳᠡᠭᠡᠭᠡᠪᠦᠷᠢ ᠶᠢᠨ ᠸᠠᠭᠤᠨ ᠢ ᠨᠡᠭᠡᠭᠡᠨ ᠨᠡᠪᠳᠡᠷᠡᠭᠦᠯᠵᠣ᠂ ᠪᠣᠭᠤᠮᠳᠠ ᠶᠢᠨ ᠭᠠᠳᠠᠭᠠᠳᠣ ᠨᠡᠭᠡᠭᠡᠯᠳᠡ ᠶᠢᠨ ᠴᠢᠳᠠᠪᠬᠢ ᠣᠯᠠᠮ ᠨᠢᠭᠡᠨ ᠠᠯᠬᠤᠮ ᠳᠡᠭᠡᠭᠰᠢᠯᠡᠪᠡ᠃ ᠪᠦᠬᠦ ᠬᠤᠳᠠ ᠶᠢᠨ ᠭᠠᠳᠠᠭᠠᠳᠣ ᠠᠷᠠᠯᠵᠢᠶᠠᠨ ᠤ ᠠᠵᠣ ᠠᠬᠤᠶᠢᠯᠠᠯ 973 ᠡᠷᠦᠬᠡ ᠬᠦᠷᠴᠦ᠂ 2010 ᠣᠨ ᠠᠴᠠ 471 ᠡᠷᠦᠬᠡ ᠨᠡᠮᠡᠭᠳᠡᠪᠡ᠃ ᠳᠣᠮᠳᠠᠳᠣ ᠮᠣᠩᠭᠤᠯ ᠣᠷᠣᠰ ᠤᠨ ᠠᠵᠣ ᠠᠬᠤᠢ ᠠᠷᠠᠯᠵᠢᠶᠠᠨ ᠤ ᠴᠢᠭᠤᠯᠭ᠎ᠠ ᠠᠭᠤᠯᠵᠠᠯᠳᠠ ᠶᠢ ᠵᠠᠯᠭᠠᠭ᠎ᠠ ᠪᠠᠷ ᠠᠮᠵᠢᠯᠳᠠ ᠲᠠᠢ ᠵᠣᠬᠢᠶᠠᠨ ᠪᠠᠶᠢᠭᠤᠯᠵᠣ᠂ ᠨᠡᠶᠢᠳᠡ 102 ᠵᠣᠷᠪᠣᠰ ᠬᠠᠮᠳᠣ ᠶᠢᠨ ᠠᠵᠢᠯᠯᠠᠭ᠎ᠠ ᠶᠢᠨ ᠭᠡᠯᠡᠯᠴᠡᠭᠡᠷ ᠲᠤ ᠭᠠᠷ ᠤᠨ ᠦᠰᠦᠭ ᠵᠢᠷᠣᠵᠣ᠂ ᠬᠡᠯᠡᠯᠴᠡᠭᠡᠷ ᠤᠨ ᠮᠦᠩᠭᠦ 64.4 ᠳ᠋ᠦᠩᠰᠢᠭᠤᠷ ᠳ᠋ᠣᠯᠯᠠᠷ ᠬᠦᠷᠪᠡ᠃ ᠬᠤᠳᠠᠯᠳᠣᠭᠠᠴᠢᠨ ᠣᠷᠢᠵᠣ ᠪᠡᠯᠡ ᠣᠷᠣᠭᠤᠯᠬᠤ ᠠᠵᠢᠯᠯᠠᠭ᠎ᠠ ᠶᠢ ᠢᠳᠡᠪᠬᠢᠲᠡᠢ ᠦᠷᠨᠢᠭᠦᠯᠵᠣ᠂ ᠨᠡᠶᠢᠳᠡ ᠳᠠᠳᠠᠨ ᠣᠷᠣᠭᠤᠯᠣᠭᠰᠠᠨ ᠮᠦᠩᠭᠦ ᠶᠢᠨ ᠬᠡᠮᠵᠢᠶ᠎ᠡ 137.8 ᠳ᠋ᠦᠩᠰᠢᠭᠤᠷ ᠲᠦᠭᠦᠷᠢᠭ ᠬᠦᠷᠪᠡ᠃      ᠪᠠᠶᠢᠭᠤᠯᠣᠮᠵᠢ ᠶᠢᠨ ᠦᠭᠡᠷᠡᠴᠢᠯᠡᠯᠳᠡ ᠰᠢᠨ᠎ᠡ ᠬᠦᠨᠵᠡᠭᠡᠶᠢᠷᠡᠯᠳᠡ ᠲᠠᠢ ᠪᠣᠯᠪᠠ᠃ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠵᠠᠰᠠᠭ ᠵᠠᠬᠢᠷᠭᠠᠨ ᠤ ᠡᠷᠬᠡ ᠶᠢᠨ ᠨᠠᠷᠠᠰ ᠤᠨ ᠵᠢᠭᠰᠠᠭᠠᠯᠳᠠ  ᠶᠢ ᠳᠣᠭᠳᠠᠭᠠᠨ ᠵᠠᠷᠯᠠᠵᠣ᠂ ᠨᠡᠶᠢᠳᠡ ᠶᠢᠨ ᠡᠬᠢ ᠰᠣᠷᠪᠣᠯᠵᠢ ᠶᠢᠨ ᠰᠣᠯᠢᠯᠴᠠᠭᠠᠨ ᠤ ᠲᠦᠪ ᠢ ᠪᠠᠶᠢᠭᠤᠯᠣᠨ᠂ ᠡᠳ᠋ ᠤᠨ ᠵᠠᠰᠠᠭ ᠤᠨ ᠰᠢᠯᠭᠠᠨ ᠦᠨᠡᠯᠡᠬᠦ ᠲᠦᠪ ᠢ ᠪᠠᠶᠢᠭᠤᠯᠪᠠ᠃ ᠬᠡᠷᠡᠭ ᠵᠦᠪᠯᠡᠯᠴᠡᠬᠦ ᠲᠦᠷᠢᠮ ᠤᠨ ᠦᠭᠡᠷᠡᠴᠢᠯᠡᠯᠳᠡ ᠶᠢ ᠲᠦᠷᠭᠡᠳᠭᠡᠨ ᠠᠬᠢᠭᠤᠯᠵᠣ᠂ ︽ᠭᠤᠷᠪᠠᠨ ᠪᠠᠷᠢᠮᠳᠠ ᠶᠢ ᠨᠢᠭᠡᠳᠭᠡᠬᠦ︾᠂ ᠨᠢᠭᠡ ᠦᠨᠡᠮᠯᠡᠯ ᠨᠢᠭᠡ ᠨᠣᠮᠧᠷ ᠲᠠᠢ ᠪᠠᠶᠢᠬᠤ  ᠶᠢ ᠪᠦᠬᠦ ᠲᠠᠯ᠎ᠠ ᠪᠠᠷ ᠲᠦᠯᠬᠢᠨ ᠠᠬᠢᠭᠤᠯᠪᠠ᠃ ᠡᠳ᠋ ᠤᠨ ᠵᠠᠰᠠᠭ ᠤᠨ ᠪᠠᠶᠢᠭᠤᠯᠣᠮᠵᠢ ᠶᠢᠨ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠲᠦᠰᠦᠪ᠂ ᠲᠦᠰᠦᠪ ᠤᠨ ᠭᠦᠢᠴᠡᠳᠭᠡᠯ ᠪᠠ ᠭᠤᠷᠪᠠᠨ ᠠᠯᠪᠠᠨ ᠤ ᠵᠠᠷᠣᠳᠠᠯ ᠤᠨ ᠲᠦᠰᠦᠪ᠂ ᠲᠦᠰᠦᠪ ᠤᠨ ᠭᠦᠢᠴᠡᠳᠭᠡᠯ ᠢ ᠨᠡᠶᠢᠭᠡᠮ ᠳᠠᠶᠠᠭᠠᠷ ᠲᠤ ᠢᠯᠡ ᠪᠣᠯᠭᠠᠬᠤ ᠶᠢ ᠲᠦᠯᠬᠢᠨ ᠠᠬᠢᠭᠤᠯᠵᠣ᠂ ᠠᠯᠪᠠᠨ ᠠᠵᠢᠯ  ᠤᠨ ᠵᠠᠷᠣᠯᠭ᠎ᠠ ᠶᠢᠨ ᠬᠢᠨᠠᠨ ᠪᠣᠳᠣᠯᠳᠠ ᠶᠢᠨ ᠬᠡᠷᠡᠭᠵᠢᠭᠦᠯᠬᠦ ᠠᠷᠭ᠎ᠠ ᠶᠢ ᠳᠣᠭᠳᠠᠭᠠᠪᠠ᠃ ᠪᠣᠭᠤᠮᠳᠠ ᠨᠡᠪᠳᠡᠷᠡᠬᠦ ᠶᠢ ᠰᠢᠯᠭᠠᠨ ᠪᠠᠶᠢᠴᠠᠭᠠᠬᠤ ᠪᠠᠶᠢᠭᠤᠯᠣᠮᠵᠢ ᠶᠢᠨ ᠦᠭᠡᠷᠡᠴᠢᠯᠡᠯᠳᠡ ᠶᠢ ᠢᠳᠡᠪᠬᠢᠲᠡᠢ ᠲᠦᠯᠬᠢᠨ ᠠᠬᠢᠭᠤᠯᠵᠣ᠂ ︽ᠭᠠᠭᠴᠠ ᠴᠣᠩᠬᠤ︾᠂ ︽ᠭᠤᠷᠪᠠᠨ ᠬᠠᠷᠢᠯᠴᠠᠨ ᠬᠠᠮᠳᠣᠷᠠᠬᠤ︾ ᠪᠣᠭᠤᠮᠳᠠ ᠨᠡᠪᠳᠡᠷᠡᠯᠳᠡ ᠵᠡᠷᠭᠡ ᠦᠭᠡᠷᠡᠴᠢᠯᠡᠯᠳᠡ ᠶᠢᠨ ᠠᠷᠭ᠎ᠠ ᠬᠡᠮᠵᠢᠶ᠎ᠡ ᠶᠢ ᠢᠳᠡᠪᠬᠢᠲᠡᠢ ᠬᠡᠷᠡᠭᠵᠢᠭᠦᠯᠦᠨ᠂ ︽ᠨᠢᠭᠡ ᠣᠳᠠᠭ᠎ᠠ ᠳᠤ ᠭᠤᠶᠣᠴᠢᠯᠠᠨ ᠮᠡᠳᠡᠭᠦᠯᠵᠣ᠂ ᠨᠢᠭᠡ ᠣᠳᠠᠭ᠎ᠠ ᠳᠤ ᠰᠢᠯᠭᠠᠨ ᠪᠠᠶᠢᠴᠠᠭᠠᠨ᠂ ᠨᠢᠭᠡ ᠣᠳᠠᠭ᠎ᠠ ᠳᠤ ᠵᠦᠪᠰᠢᠶᠡᠷᠡᠨ ᠶᠠᠪᠣᠭᠤᠯᠬᠤ︾ ᠬᠢᠯᠢ ᠶᠢᠨ ᠪᠣᠭᠤᠮᠳᠠ ᠪᠣᠯᠣᠨ ᠰᠢᠯᠭᠠᠨ ᠪᠠᠶᠢᠴᠠᠭᠠᠬᠤ ᠬᠢᠵᠢᠭ ᠪᠠᠶᠢᠴᠠᠭᠠᠬᠤ ᠳᠣᠪᠴᠢᠶ᠎ᠠ ᠬᠠᠮᠳᠣᠷᠠᠨ ᠠᠵᠢᠯᠯᠠᠬᠤ ᠬᠡᠪ ᠵᠠᠭᠪᠣᠷ ᠤᠨ ᠪᠦᠬᠦᠨ  ᠢ ᠪᠦᠷᠬᠦᠬᠦ ᠶᠢ ᠪᠡᠶᠡᠯᠡᠭᠦᠯᠵᠣ᠂ ᠪᠣᠭᠤᠮᠳᠠ ᠨᠡᠪᠳᠡᠷᠡᠭᠦᠯᠬᠦ ᠳᠤ ᠴᠠᠭᠠᠰᠣᠨ ᠪᠢᠴᠢᠭ ᠪᠠᠷᠢᠮᠳᠠ ᠪᠦᠷᠢᠳᠦᠭᠦᠯᠬᠦ ᠦᠬᠡᠢ ᠬᠡᠪᠴᠢᠶ᠎ᠡ ᠶᠢ ᠦᠷᠭᠡᠳᠭᠡᠨ᠂ ᠳᠣᠮᠳᠠᠳᠣ ᠮᠣᠩᠭᠤᠯ ᠤᠨ ᠬᠢᠯᠢ ᠶᠢᠨ ᠪᠣᠭᠤᠮᠳᠠ ᠶᠢᠨ ᠬᠢᠨᠠᠨ ᠬᠠᠮᠢᠶᠠᠷᠣᠯᠳᠠ ᠬᠤᠯᠪᠣᠭᠠᠯᠠᠨ ᠬᠡᠷᠡᠭᠵᠢᠭᠦᠯᠬᠦ ᠳᠣᠷᠰᠢᠯᠳᠠ ᠶᠢᠨ ᠴᠡᠭ ᠢ ᠳᠣᠭᠳᠠᠭᠤᠨ ᠢᠶᠠᠷ ᠲᠦᠯᠬᠢᠨ ᠠᠬᠢᠭᠤᠯᠵᠣ᠂ ᠬᠢᠯᠢ ᠶᠢᠨ ᠪᠣᠭᠤᠮᠳᠠ ᠶᠢᠨ ᠣᠷᠣᠨ ᠪᠦᠰᠡ ᠶᠢᠨ ᠪᠣᠭᠤᠮᠳᠠ ᠨᠡᠪᠳᠡᠷᠡᠯᠳᠡ ᠶᠢ ᠨᠢᠭᠡ ᠴᠣᠭᠴᠠᠯᠠᠬᠤ ᠰᠢᠰᠲ᠋ᠧᠮ ᠤᠨ ᠬᠠᠷᠢᠯᠴᠠᠨ ᠰᠡᠯᠭᠦᠯᠳᠡ ᠶᠢ ᠪᠡᠶᠡᠯᠡᠭᠦᠯᠦᠨ᠂ ᠣᠣᠯ ᠣᠷᠣᠨ ᠳᠤ ᠦᠢᠯᠡᠳᠪᠦᠷᠢᠯᠡᠭᠰᠡᠨ ᠪᠠᠷᠢᠮᠳᠠ ᠪᠢᠴᠢᠭ᠂ ATA ᠪᠢᠴᠢᠭ ᠪᠠᠷᠢᠮᠳᠠ ᠪᠦᠷᠢᠳᠦᠭᠦᠯᠬᠦ ᠲᠦᠪ ᠢ ᠪᠠᠶᠢᠭᠤᠯᠪᠠ᠃ ︽ᠬᠤᠳᠠ ᠠᠴᠠ ᠨᠡᠶᠢᠭᠡᠮ ᠳᠣᠭᠤᠷᠢᠭ ᠢ ᠰᠢᠭᠤᠳ ᠬᠠᠮᠢᠶᠠᠷᠬᠤ︾ ᠪᠠᠶᠢᠭᠤᠯᠣᠮᠵᠢ ᠶᠢᠨ ᠦᠭᠡᠷᠡᠴᠢᠯᠡᠯᠳᠡ ᠪᠠ ᠦᠯᠦ ᠬᠦᠳᠡᠯᠬᠦ ᠬᠦᠷᠦᠩᠬᠡ ᠶᠢ ᠪᠦᠷᠢᠳᠭᠡᠨ ᠳᠠᠩᠰᠠᠯᠠᠬᠤ ᠦᠭᠡᠷᠡᠴᠢᠯᠡᠯᠳᠡ  ᠶᠢ ᠪᠦᠬᠦ ᠣᠷᠣᠨ ᠳᠤ ᠲᠡᠷᠢᠭᠦᠯᠡᠨ ᠬᠡᠷᠡᠭᠵᠢᠭᠦᠯᠵᠣ᠂ ᠷᠠᠳᠢᠣ᠋ ᠲᠧᠯᠸᠢᠰ᠂ ᠰᠣᠶᠣᠯ ᠳᠠᠮᠢᠷ᠂ ᠰᠣᠨᠢᠨ ᠮᠡᠳᠡᠭᠡ ᠬᠡᠪᠯᠡᠯ ᠮᠡᠳᠡᠭᠡᠯᠡᠯ ᠭᠤᠷᠪᠠᠨ ᠳᠣᠪᠴᠢᠶ᠎ᠠ ᠶᠢ ᠨᠢᠭᠡᠳᠭᠡᠬᠦ ᠪᠠ ᠲᠧᠯᠸᠢᠰ᠂ ᠷᠠᠳᠢᠣ᠋ ᠬᠤᠶᠠᠷ ᠬᠤᠷᠢᠶ᠎ᠠ ᠶᠢ ᠬᠠᠮᠳᠣᠷᠠᠭᠤᠯᠣᠨ ᠠᠵᠢᠯᠯᠠᠭᠤᠯᠬᠤ ᠶᠢ ᠪᠡᠶᠡᠯᠡᠭᠦᠯᠦᠨ᠂ ᠢᠳᠡᠭᠡᠨ ᠡᠮ ᠤᠨ ᠵᠦᠢᠯᠡᠰ ᠤᠨ ᠬᠢᠨᠠᠯᠳᠠ ᠶᠢᠨ ᠪᠠᠶᠢᠭᠤᠯᠣᠮᠵᠢ ᠶᠢ ᠨᠢᠭᠡᠳᠭᠡᠵᠣ᠂ ᠨᠡᠶᠢᠭᠡᠮ ᠤᠨ ᠢᠳᠡᠭᠡᠮᠵᠢ ᠶᠢᠨ ᠰᠢᠰᠲ᠋ᠧᠮ ᠤᠨ ᠪᠠᠶᠢᠭᠤᠯᠣᠯᠳᠠ ᠶᠢ ᠡᠬᠢᠯᠡᠭᠦᠯᠦᠨ᠂ ᠰᠠᠭᠤᠭᠠᠯᠢ ᠠᠷᠠᠳ ᠤᠨ ᠣᠰᠣᠨ  ᠤ ᠱᠠᠳᠣᠴᠢᠯᠠᠭᠰᠠᠨ ᠦᠨ᠎ᠡ ᠪᠠ ᠪᠣᠬᠢᠷ ᠣᠰᠣ ᠴᠡᠪᠡᠷᠰᠢᠭᠦᠯᠬᠦ ᠦᠨ᠎ᠡ ᠶᠢᠨ ᠦᠭᠡᠷᠡᠴᠢᠯᠡᠯᠳᠡ ᠶᠢ ᠬᠡᠷᠡᠭᠵᠢᠭᠦᠯᠵᠣ᠂ ᠬᠠᠦᠯᠢ ᠴᠠᠭᠠᠵᠠ᠂ ᠡᠷᠦᠬᠡ ᠠᠮᠠ ᠶᠢᠨ ᠬᠠᠷᠢᠶᠠᠯᠠᠯ᠂ ᠬᠦᠯ ᠪᠦᠮᠪᠦᠭᠡ ᠵᠡᠷᠭᠡ ᠪᠣᠰᠣᠳ ᠡᠯ᠎ᠡ ᠲᠦᠷᠦᠯ ᠤᠨ ᠦᠭᠡᠷᠡᠴᠢᠯᠡᠯᠳᠡ ᠶᠢ ᠠᠮᠵᠢᠯᠳᠠ ᠲᠠᠢ ᠲᠦᠯᠬᠢᠨ ᠠᠬᠢᠭᠤᠯᠪᠠ᠃ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠰᠢᠨ᠎ᠡ ᠰᠢᠪᠳᠣᠯᠣᠯᠳᠠ ᠲᠠᠢ ᠪᠣᠯᠪᠠ᠃ ᠵᠠᠰᠠᠮᠠᠯ ᠵᠠᠮ ᠤᠨ ᠪᠣᠭᠤᠮᠳᠠ ᠶᠢᠨ ᠪᠠᠷᠠᠭ᠎ᠠ ᠳᠡᠭᠡᠭᠡᠪᠦᠷᠢ ᠶᠢᠨ ᠰᠢᠨ᠎ᠡ ᠭᠠᠷᠣᠴᠠ ᠵᠠᠮ᠂ ᠵᠢᠭᠤᠯᠴᠢᠳ ᠢ ᠰᠢᠯᠭᠠᠨ ᠪᠠᠶᠢᠴᠠᠭᠠᠬᠤ ᠭᠠᠷᠣᠴᠠ ᠵᠠᠮ ︵ᠦᠷᠭᠡᠳᠭᠡᠨ  ᠪᠠᠶᠢᠭᠤᠯᠬᠤ︶᠂ ᠬᠤᠸᠠᠨ ᠢᠣᠢ ᠭᠠᠳᠠᠭᠠᠳᠣ ᠳᠤ ᠭᠠᠷᠭᠠᠬᠤ ᠪᠠ ᠾᠦᠢ ᠲᠦᠩ ᠭᠠᠳᠠᠭᠠᠳᠣ  ᠠᠴᠠ ᠣᠷᠣᠭᠤᠯᠬᠤ ᠬᠢᠨᠠᠨ ᠬᠠᠮᠢᠶᠠᠷᠣᠯᠳᠠ ᠶᠢᠨ ᠰᠢᠯᠭᠠᠨ ᠪᠠᠶᠢᠴᠠᠭᠠᠬᠤ ᠳᠣᠭᠤᠷᠢᠭ ᠵᠡᠷᠭᠡ ᠭᠤᠣᠯᠳᠠᠯᠭ᠎ᠠ ᠲᠠᠢ ᠲᠦᠷᠦᠯ ᠵᠦᠢᠯ ᠤᠨ ᠪᠦᠲᠦᠭᠡᠨ ᠪᠠᠶᠢᠭᠤᠯᠣᠯᠳᠠ ᠶᠢ ᠳᠠᠭᠤᠰᠬᠠᠵᠣ᠂ ᠡᠯᠧᠺᠲᠷᠣᠨ ᠪᠣᠭᠤᠮᠳᠠ ᠶᠢᠨ ᠮᠡᠳᠡᠭᠡ ᠵᠠᠩᠬᠢ  ᠶᠢᠨ ᠳᠠᠪᠴᠠᠩ ᠤᠨ ᠪᠠᠶᠢᠭᠤᠯᠣᠯᠳᠠ ᠶᠢ ᠡᠬᠢᠯᠡᠭᠦᠯᠦᠨ᠂ ᠲᠡᠮᠦᠷ ᠵᠠᠮ ᠤᠨ ᠪᠣᠭᠤᠮᠳᠠ ᠶᠢᠨ ᠵᠢᠯ ᠤᠨ ᠪᠠᠷᠠᠭ᠎ᠠ ᠨᠡᠪᠳᠡᠷᠡᠭᠦᠯᠬᠦ ᠴᠢᠳᠠᠯ ᠢ 1500 ᠲᠦᠮᠡᠨ ᠲᠣᠨ᠂ ᠵᠠᠰᠠᠮᠠᠯ ᠵᠠᠮ ᠤᠨ ᠪᠣᠭᠤᠮᠳᠠ ᠶᠢᠨ ᠵᠢᠯ ᠤᠨ ᠪᠠᠷᠠᠭ᠎ᠠ ᠨᠡᠪᠳᠡᠷᠡᠭᠦᠯᠬᠦ ᠴᠢᠳᠠᠯ ᠢ 500 ᠲᠦᠮᠡᠨ ᠳᠣᠨ᠂ ᠵᠣᠷᠴᠢᠭᠴᠢ ᠨᠠᠪᠳᠡᠷᠡᠭᠦᠯᠬᠦ ᠴᠢᠳᠠᠯ ᠢ 500 ᠲᠦᠮᠡᠨ ᠬᠦᠮᠦᠨ ᠣᠳᠠᠭ᠎ᠠ ᠳᠤ ᠬᠦᠷᠭᠡᠪᠡ᠃ ᠭᠠᠷᠠᠮ ᠨᠡᠪᠳᠡᠷᠡᠭᠦᠯᠬᠦ ᠵᠠᠰᠠᠮᠠᠯ ᠵᠠᠮ ᠪᠣᠯᠣᠨ ᠳᠣᠰᠬᠤᠨ ᠳᠤ ᠨᠡᠪᠳᠡᠷᠡᠬᠦ ᠵᠠᠰᠠᠮᠠᠯ ᠵᠠᠮ ᠤᠨ ᠪᠦᠲᠦᠭᠡᠨ ᠪᠠᠶᠢᠭᠤᠯᠣᠯᠳᠠ ᠶᠢ ᠳᠠᠭᠤᠰᠬᠠᠨ᠂ ᠡᠷᠢᠶᠡᠨ— ᠮᠠᠨᠳᠤᠯᠳᠤ ᠴᠢᠭᠯᠡᠯ ᠤᠨ ᠨᠢᠭᠡᠳᠦᠭᠡᠷ ᠳᠡᠰ ᠤᠨ ᠵᠠᠰᠠᠮᠠᠯ ᠵᠠᠮ ᠢ ᠪᠠᠷᠢᠯᠭ᠎ᠠ ᠡᠬᠢᠯᠡᠭᠦᠯᠵᠣ᠂ ᠬᠦᠳᠡᠭᠡ ᠳᠣᠰᠬᠤᠨ ᠮᠠᠯᠵᠢᠬᠤ ᠣᠷᠣᠨ ᠤ ᠵᠠᠰᠠᠮᠠᠯ ᠵᠠᠮ ᠢ ᠨᠡᠪᠳᠡᠷᠡᠭᠦᠯᠦᠭᠰᠡᠨ ᠨᠣᠷᠮ᠎ᠠ 100% ᠳᠤ ᠬᠦᠷᠴᠦ᠂ ᠪᠦᠬᠦ ᠬᠤᠳᠠ ᠶᠢᠨ ᠳᠡᠰ ᠵᠡᠷᠭᠡᠯᠡᠯᠳᠣ ᠵᠠᠰᠠᠮᠠᠯ ᠵᠠᠮ 299 ᠺᠢᠯᠣᠮᠧᠲᠷ ᠲᠤ ᠬᠦᠷᠪᠡ᠃ ᠰᠢᠯᠢ ᠶᠢᠨ ᠬᠤᠳᠠ— ᠡᠷᠢᠶᠡᠨ ᠴᠢᠭᠯᠡᠯ ᠤᠨ ᠲᠡᠮᠦᠷ ᠵᠠᠮ ᠪᠦᠬᠦ ᠱᠣᠭᠤᠮ ᠢᠶᠠᠷ ᠳᠡᠷᠭᠡ ᠨᠡᠪᠳᠡᠷᠡᠵᠣ᠂ ᠡᠷᠢᠶᠡᠨ ᠠᠴᠠ ᠵᠠᠮ ᠤᠨ ᠡᠭᠦᠳᠡ ᠬᠦᠷᠬᠦ ᠲᠡᠮᠦᠷ ᠵᠠᠮ ᠤᠨ ᠬᠤᠯᠪᠣᠭᠠᠨ ᠤ ᠱᠣᠭᠤᠮ᠂ ᠡᠷᠢᠶᠡᠨ ᠠᠴᠠ ᠵᠠᠮ ᠤᠨ ᠡᠭᠦᠳᠡ ᠬᠦᠷᠬᠦ ᠪᠠᠷᠠᠭ᠎ᠠ ᠳᠡᠭᠡᠭᠡᠪᠦᠷᠢ ᠶᠢᠨ ᠳᠣᠰᠬᠠᠢ ᠱᠣᠭᠤᠮ ᠤᠨ ᠪᠦᠲᠦᠭᠡᠨ ᠪᠠᠶᠢᠭᠤᠯᠣᠯᠳᠠ ᠶᠢ ᠠᠮᠵᠢᠯᠳᠠ ᠲᠠᠢ ᠳᠠᠭᠤᠰᠬᠠᠵᠣ᠂ ᠵᠢᠨᠢᠩ — ᠡᠷᠢᠶᠡᠨ ᠴᠢᠭᠯᠡᠯ ᠤᠨ ᠲᠡᠮᠦᠷ ᠵᠠᠮ ᠢ ᠦᠷᠭᠡᠳᠭᠡᠨ ᠪᠠᠶᠢᠭᠤᠯᠬᠤ᠂ ᠡᠷᠢᠶᠡᠨ— ᠪᠠᠶᠠᠨᠬᠤᠸᠠ ᠴᠢᠭᠯᠡᠯ ᠤᠨ ᠲᠡᠮᠦᠷ ᠵᠠᠮ ᠤᠨ ᠡᠮᠦᠨ᠎ᠡ ᠬᠤᠭᠤᠴᠠᠭᠠᠨ ᠤ ᠠᠵᠢᠯ ᠢ ᠡᠬᠢᠯᠡᠭᠦᠯᠪᠡ᠃ ᠨᠢᠰᠭᠡᠯ ᠤᠨ ᠪᠠᠭᠤᠳᠠᠯ ᠤᠨ ᠦᠷᠭᠡᠳᠭᠡᠨ ᠪᠠᠶᠢᠭᠤᠯᠬᠤ ᠪᠠᠷᠢᠯᠭ᠎ᠠ ᠶᠢ ᠳᠠᠭᠤᠰᠬᠠᠵᠣ᠂ ᠡᠷᠢᠶᠡᠨ ᠬᠤᠳᠠ— ᠣᠯᠠᠭᠠᠨᠪᠠᠭᠠᠳᠣᠷ ᠴᠢᠭᠯᠡᠯ ᠤᠨ ᠲᠦᠷ ᠬᠤᠭᠤᠴᠠᠭᠠᠨ ᠤ ᠠᠭᠠᠷ ᠤᠨ ᠱᠣᠭᠤᠮ ᠢ ᠨᠡᠭᠡᠭᠡᠨ ᠨᠡᠪᠳᠡᠷᠡᠭᠦᠯᠦᠨ᠂ ᠡᠷᠢᠶᠡᠨ— ᠪᠡᠭᠡᠵᠢᠩ ᠴᠢᠭᠯᠡᠯ ᠤᠨ ᠠᠭᠠᠷ ᠤᠨ ᠱᠣᠭᠤᠮ ᠪᠠᠶᠢᠩᠭᠤ ᠶᠢᠨ ᠴᠢᠨᠡᠷ ᠲᠠᠢ ᠠᠰᠢᠭᠯᠠᠭᠳᠠᠵᠣ᠂ ᠬᠦᠬᠡᠬᠤᠳᠠ ᠴᠢᠭᠯᠡᠯ ᠤᠨ ᠡᠭᠡᠯᠵᠢᠨ ᠨᠢᠰᠭᠡᠯ ᠢ ᠨᠡᠮᠡᠨ ᠳᠣᠬᠢᠷᠠᠭᠤᠯᠪᠠ᠃ 220 ᠺᠢᠯᠣᠸᠣᠯᠲ ᠬᠦᠴᠦᠳᠡᠯ ᠦᠭᠡᠷᠡᠴᠢᠯᠡᠬᠦ ᠦᠷᠳᠡᠭᠡ ᠶᠢ 1 ᠰᠠᠦᠷᠢ᠂ 110 ᠺᠢᠯᠣᠸᠣᠯᠲ ᠤᠨ ᠬᠦᠴᠦᠳᠡᠯ ᠦᠭᠡᠷᠡᠴᠢᠯᠡᠬᠦ ᠦᠷᠳᠡᠭᠡ ᠶᠢ 3 ᠰᠠᠦᠷᠢ᠂ 35 ᠺᠢᠯᠣᠸᠣᠯᠲ ᠤᠨ ᠬᠦᠴᠦᠳᠡᠯ ᠦᠭᠡᠷᠡᠴᠢᠯᠡᠬᠦ ᠦᠷᠳᠡᠭᠡ ᠶᠢ 2 ᠰᠠᠦᠷᠢ ᠪᠠᠶᠢᠭᠤᠯᠵᠣ᠂ ᠴᠠᠬᠢᠯᠭᠠᠨ ᠬᠦᠴᠦᠨ ᠢ ᠪᠠᠳᠣᠯᠠᠬᠤ ᠴᠢᠳᠠᠯ ᠣᠯᠠᠮ ᠨᠢᠭᠡᠨ ᠠᠯᠬᠤᠮ ᠳᠡᠭᠡᠭᠰᠢᠯᠡᠪᠡ᠃ ᠬᠤᠳᠠ ᠳᠣᠭᠤᠷᠢᠭ ᠤᠨ ᠪᠦᠲᠦᠭᠡᠨ ᠪᠠᠶᠢᠭᠤᠯᠣᠯᠳᠠ ᠶᠢᠨ ᠳᠠᠯᠠᠪᠠᠢ ᠶᠢ 27 ᠬᠠᠪᠳᠠᠭᠠᠢ ᠲᠦᠷᠪᠡᠯᠵᠢᠨ ᠮᠧᠲᠷ ᠪᠣᠯᠭᠠᠨ ᠦᠷᠭᠡᠳᠭᠡᠵᠣ᠂ ᠣᠯᠠᠨ ᠨᠡᠶᠢᠳᠡ ᠶᠢᠨ ᠨᠣᠭᠤᠭᠠᠨ ᠵᠦᠯᠭᠡ ᠶᠢᠨ ᠳᠠᠯᠠᠪᠠᠢ ᠶᠢ 432 ᠲᠦᠮᠡᠨ ᠬᠠᠪᠳᠠᠭᠠᠢ ᠲᠦᠷᠪᠡᠯᠵᠢᠨ ᠮᠧᠲᠷ ᠰᠢᠨ᠎ᠡ ᠪᠠᠷ ᠨᠡᠮᠡᠭᠳᠡᠭᠦᠯᠦᠨ᠂ ᠬᠤᠳᠠ ᠶᠢᠨ ᠨᠣᠭᠤᠭᠠᠷᠠᠭᠤᠯᠣᠯᠳᠠ ᠶᠢᠨ ᠨᠣᠷᠮ᠎ᠠ 36.48%᠂ ᠲᠦᠪᠯᠡᠷᠡᠭᠦᠯᠦᠨ ᠳᠣᠯᠠᠭᠠᠨ ᠬᠠᠩᠭᠠᠬᠤ ᠨᠣᠷᠮ᠎ᠠ 89.8%᠂ ᠠᠮᠢᠳᠣᠷᠠᠯ ᠤᠨ ᠬᠤᠭ ᠨᠣᠪᠰᠢ ᠶᠢ ᠬᠤᠣᠷ ᠦᠬᠡᠢ ᠪᠣᠯᠭᠠᠨ ᠰᠢᠢᠳᠪᠦᠷᠢᠯᠡᠬᠦ ᠨᠣᠷᠮ᠎ᠠ 90.1%᠂ ᠪᠣᠬᠢᠷ ᠣᠰᠣ ᠶᠢ ᠴᠡᠪᠡᠷᠰᠢᠭᠦᠯᠬᠦ ᠨᠣᠷᠮ᠎ᠠ 88% ᠳᠤ ᠬᠦᠷᠪᠡ᠃       ᠠᠮᠢ ᠠᠬᠤᠢ ᠶᠢᠨ ᠪᠣᠯᠪᠠᠰᠣᠨ ᠤ ᠪᠠᠶᠢᠭᠤᠯᠣᠯᠳᠠ ᠰᠢᠨ᠎ᠡ ᠦᠷ᠎ᠡ ᠪᠦᠲᠦᠮᠵᠢ ᠲᠠᠢ ᠪᠣᠯᠪᠠ᠃ ᠪᠡᠭᠡᠵᠢᠩ ᠲᠢᠶᠠᠨᠵᠢᠨ ᠤ ᠡᠯᠡᠰᠦᠨ ᠰᠢᠭᠤᠷᠭ᠎ᠠ ᠶᠢᠨ ᠡᠬᠢ ᠰᠣᠷᠪᠣᠯᠵᠢ ᠶᠢ ᠵᠠᠰᠠᠬᠤ ᠢᠨᠵᠧᠨ᠋ᠵᠧᠷᠢᠩ ᠢ ᠶᠡᠭᠡ ᠪᠠᠷ ᠬᠡᠷᠡᠭᠵᠢᠭᠦᠯᠦᠨ ᠂ ᠳᠠᠯ᠎ᠠ ᠨᠣᠳᠤᠭ ᠤᠨ ᠠᠮᠢ ᠠᠬᠤᠢ ᠶᠢᠨ ᠬᠠᠮᠠᠭᠠᠯᠠᠯᠳᠠ ᠶᠢᠨ ᠱᠠᠩᠨᠠᠨ ᠬᠦᠬᠢᠭᠦᠯᠬᠦ ᠳᠣᠭᠳᠠᠯᠴᠠᠭ᠎ᠠ ᠶᠢ ᠨᠠᠶᠢᠳᠠᠪᠣᠷᠢᠵᠢᠭᠤᠯᠵᠣ᠂ ᠳᠠᠪᠣᠨ ᠵᠢᠯ ᠳᠤ ᠨᠡᠶᠢᠳᠡ 38.6 ᠲᠦᠮᠡᠨ ᠮᠣ᠋ ᠡᠯᠡᠰᠦᠨ ᠡᠬᠢ ᠰᠣᠷᠪᠣᠯᠵᠢ᠂ 66 ᠲᠦᠮᠡᠨ ᠮᠣ᠋ ᠨᠣᠭᠤᠭᠠᠨ ᠵᠦᠯᠭᠡ ᠶᠢ ᠵᠠᠰᠠᠨ᠂ ᠪᠡᠯᠴᠢᠭᠡᠷᠯᠡᠭᠦᠯᠬᠦ ᠶᠢ ᠬᠤᠷᠢᠭᠯᠠᠭᠰᠠᠨ ᠪᠡᠯᠴᠢᠭᠡᠷ ᠤᠨ ᠳᠠᠯᠠᠪᠠᠢ 175 ᠲᠦᠮᠡᠨ ᠮᠣ᠋ ᠬᠦᠷᠴᠦ᠂ ᠮᠠᠯ ᠪᠡᠯᠴᠢᠭᠡᠷ ᠢ ᠳᠡᠩᠴᠡᠭᠦᠷᠢᠴᠡᠭᠦᠯᠬᠦ ᠪᠡᠯᠴᠢᠭᠡᠷ ᠤᠨ ᠳᠠᠯᠠᠪᠠᠢ ᠶᠢ 327 ᠲᠦᠮᠡᠨ ᠮᠣ᠋ ᠵᠠᠰᠠᠪᠠ᠃ ᠨᠢᠭᠡᠴᠢ ᠣᠷᠣᠨ ᠨᠣᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠲᠡᠭ ᠤᠨ ᠡᠨᠧᠷᠬᠢ ᠶᠢᠨ ᠬᠤᠷᠣᠭᠳᠠᠯ᠂ ᠭᠤᠣᠯ ᠪᠣᠬᠢᠷᠳᠠᠭᠤᠯᠣᠭᠴᠢ ᠶᠢ ᠭᠠᠳᠠᠭᠰᠢᠯᠠᠭᠤᠯᠬᠤ ᠵᠡᠷᠭᠡ ᠵᠢᠭᠠᠯᠳᠠ ᠳᠤᠭ᠎ᠠ ᠶᠢ ᠴᠦᠮ ᠳᠡᠭᠡᠳᠣ ᠱᠠᠳᠣᠨ ᠤ ᠳᠣᠭᠳᠠᠭᠠᠭᠰᠠᠨ ᠬᠦᠷᠢᠶ᠎ᠡ ᠬᠡᠪᠴᠢᠶᠡᠨ ᠳᠣᠳᠣᠷ᠎ᠠ ᠬᠢᠵᠠᠭᠠᠷᠯᠠᠪᠠ᠃      ᠠᠵᠣ ᠠᠬᠤᠢ ᠨᠡᠶᠢᠭᠡᠮ ᠤᠨ ᠬᠦᠭᠵᠢᠯᠳᠡ ᠬᠦᠨᠳᠦ ᠴᠢᠬᠤᠯᠠ ᠦᠷ᠎ᠡ ᠪᠦᠲᠦᠮᠵᠢ ᠣᠯᠣᠭᠰᠠᠨ ᠤ ᠬᠠᠮᠳᠣ᠂ ᠪᠦᠬᠦ ᠪᠦᠮᠪᠦᠷᠴᠡᠭ ᠤᠨ ᠠᠵᠣ ᠠᠬᠤᠢ ᠶᠢᠨ ᠬᠦᠨᠵᠡᠭᠡᠢ ᠳᠣᠬᠢᠷᠠᠭᠤᠯᠣᠯᠳᠠ ᠪᠣᠯᠣᠨ ᠮᠠᠨ ᠤ ᠣᠯᠣᠰ ᠤᠨ ᠠᠵᠣ ᠠᠬᠤᠢ ᠶᠢᠨ ᠦᠰᠦᠯᠳᠠ ᠪᠠᠭᠤᠷᠠᠭᠰᠠᠨ ᠳᠠᠷᠣᠯᠳᠠ ᠶᠡᠭᠡ ᠵᠡᠷᠭᠡ ᠡᠯᠧᠮᠧᠨ᠋ᠲ ᠤᠨ ᠨᠦᠯᠦᠭᠡ ᠶᠢ ᠬᠦᠷᠲᠡᠵᠣ᠂ ᠡᠷᠢᠶᠡᠨ ᠬᠤᠳᠠ ᠶᠢᠨ ᠠᠵᠣ ᠠᠬᠤᠢ ᠶᠢᠨ ᠦᠰᠦᠯᠳᠡ ᠣᠳᠠᠭᠠᠰᠢᠷᠠᠨ᠂ ᠠᠵᠣ ᠠᠬᠤᠢ ᠶᠢᠨ ᠬᠦᠭᠵᠢᠯᠳᠡ᠂ ᠠᠷᠠᠳ ᠤᠨ ᠠᠮᠢᠳᠣᠷᠠᠯ ᠪᠣᠯᠣᠨ ᠡᠬᠢ ᠪᠠᠶᠠᠯᠢᠭ ᠤᠨ ᠣᠷᠴᠢᠨ ᠳᠣᠭᠤᠷᠢᠨ ᠤ ᠵᠠᠷᠢᠮ ᠵᠢᠭᠠᠯᠳᠠ ᠳᠤᠭ᠎ᠠ ᠣᠷᠢᠳᠴᠢᠯᠠᠭᠰᠠᠨ ᠬᠠᠷᠠᠯᠳᠠ ᠳᠤ ᠪᠠᠨ ᠬᠦᠷᠴᠦ ᠴᠢᠳᠠᠭᠰᠠᠨ ᠦᠭᠡᠢ᠂ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠠᠶᠢᠭᠤᠯᠣᠨ ᠪᠡᠶᠡᠯᠡᠭᠦᠯᠬᠦ ᠲᠠᠢ ᠪᠠᠰᠠ ᠵᠣᠬᠢᠬᠤ ᠬᠡᠮᠵᠢᠶᠡᠨ ᠤ ᠵᠦᠷᠢᠶ᠎ᠡ ᠣᠷᠣᠰᠢᠵᠣ ᠪᠠᠶᠢᠨ᠎ᠠ᠃ ᠬᠤᠶᠠᠳᠣᠭᠠᠷ ᠪᠦᠯᠦᠭ   ᠳᠣᠯᠭᠠᠷᠴᠣ ᠪᠠᠶᠢᠭ᠎ᠠ ᠪᠠᠶᠢᠳᠠᠯ ︽ᠠᠷᠪᠠᠨ ᠭᠤᠷᠪᠠᠳᠣᠭᠠᠷ ᠲᠠᠪᠣᠨ ᠵᠢᠯ︾ ᠤᠨ ᠬᠤᠭᠤᠴᠠᠭᠠᠨ ᠳᠤ᠂ ᠣᠯᠠᠨ ᠣᠯᠣᠰ ᠤᠨ ᠣᠷᠴᠢᠨ ᠳᠣᠭᠤᠷᠢᠨ ᠲᠦᠪᠡᠭ ᠪᠣᠳᠣᠯᠢᠶᠠᠨᠳᠠᠢ ᠬᠤᠪᠢᠷᠠᠯᠳᠠ ᠣᠯᠠᠨ᠂ ᠣᠯᠣᠰ ᠤᠨ ᠳᠣᠳᠣᠭᠠᠳᠣ ᠶᠢᠨ ᠨᠦᠬᠦᠴᠡᠯ ᠬᠦᠨᠵᠡᠭᠡᠢ ᠬᠤᠪᠢᠷᠠᠯᠳᠠ  ᠲᠠᠢ᠂ ᠡᠯ᠎ᠡ ᠲᠦᠷᠦᠯ ᠤᠨ ᠳᠣᠭᠳᠠᠭᠤᠨ ᠪᠣᠰᠣ᠂ ᠪᠠᠳᠣᠯᠠᠭ᠎ᠠ ᠦᠬᠡᠢ ᠡᠯᠧᠮᠧᠨ᠋ᠲ ᠣᠯᠠᠰᠢᠷᠠᠵᠣ ᠪᠠᠶᠢᠨ᠎ᠠ᠃ ᠶᠡᠷᠦᠩᠬᠡᠢ  ᠳᠤ ᠨᠢ ᠦᠵᠡᠪᠡᠯ᠂ ᠡᠷᠢᠶᠡᠨ ᠬᠤᠳᠠ ᠶᠢᠨ ᠠᠵᠣ ᠠᠬᠤᠢ ᠨᠡᠶᠢᠭᠡᠮ ᠤᠨ ᠬᠦᠭᠵᠢᠯᠳᠡ ᠳᠤ ᠬᠦᠨᠳᠦ ᠴᠢᠬᠤᠯᠠ ᠠᠵᠠ ᠳᠣᠬᠢᠶᠠᠯ ᠳᠣᠯᠭᠠᠷᠴᠤ ᠪᠠᠶᠢᠬᠤ ᠮᠦᠷᠳᠡᠭᠡᠨ ᠬᠦᠨᠳᠦ ᠬᠡᠴᠡᠬᠦᠦ ᠦᠷᠢᠰᠦᠯᠳᠦᠭᠡᠨ ᠳᠣᠯᠭᠠᠷᠴᠤ ᠪᠠᠶᠢᠨ᠎ᠠ᠂ ᠭᠡᠪᠡᠴᠦ ᠠᠵᠠ ᠳᠣᠬᠢᠶᠠᠯ ᠨᠢ ᠦᠷᠢᠰᠦᠯᠳᠦᠭᠡᠨ ᠠᠴᠠ ᠶᠡᠭᠡ ᠪᠠᠶᠢᠨ᠎ᠠ᠃ ᠨᠢᠭᠡᠳᠦᠭᠡᠷ ᠬᠡᠰᠡᠭ    ᠳᠣᠯᠭᠠᠷᠴᠤ ᠪᠠᠶᠢᠭ᠎ᠠ ᠠᠵᠠ ᠳᠣᠬᠢᠶᠠᠯ      ︽ᠠᠷᠪᠠᠨ ᠭᠤᠷᠪᠠᠳᠣᠭᠠᠷ ᠳᠠᠪᠣᠨ ᠵᠢᠯ︾ ᠤᠨ ᠬᠤᠭᠤᠴᠠᠭᠠᠨ ᠳᠤ᠂ ᠮᠠᠨ ᠤ ᠣᠯᠣᠰ ᠤᠨ ᠬᠦᠭᠵᠢᠯᠳᠡ ᠮᠦᠨᠴᠦ ᠳᠣᠮᠣᠬᠠᠨ ᠠᠮᠵᠢᠯᠳᠠ ᠣᠯᠵᠣ ᠴᠢᠳᠠᠬᠤ ᠴᠢᠬᠤᠯᠠ ᠪᠠᠶᠢᠯᠳᠣᠬᠤ ᠪᠣᠳᠣᠯᠭ᠎ᠠ ᠶᠢᠨ ᠠᠵᠠ ᠳᠣᠬᠢᠶᠠᠯ ᠤᠨ ᠬᠤᠭᠤᠴᠠᠭᠠᠨ ᠳᠤ ᠣᠷᠣᠰᠢᠵᠣ ᠪᠠᠶᠢᠨ᠎ᠠ᠃ ᠨᠢᠭᠡ ᠳᠠᠯ᠎ᠠ ᠪᠠᠷ᠂ ᠳᠡᠯᠡᠬᠡᠢ ᠶᠢᠨ ᠣᠯᠣᠰ ᠲᠦᠷᠦ ᠠᠵᠣ ᠠᠬᠤᠢ ᠶᠢᠨ ᠪᠠᠶᠢᠳᠠᠯ ᠶᠡᠷᠦᠩᠬᠡᠢ ᠳᠤ ᠪᠠᠨ ᠳᠡᠯᠡᠬᠡᠢ ᠶᠢᠨ ᠡᠩᠬᠡ ᠳᠠᠶᠢᠪᠣᠩ ᠪᠣᠯᠣᠨ ᠬᠦᠭᠵᠢᠯᠳᠡ ᠶᠢᠨ ᠶᠡᠭᠡ ᠲᠦᠯᠦᠪ ᠢ ᠬᠠᠮᠠᠭᠠᠯᠠᠬᠤ ᠳᠤ ᠠᠰᠢᠭᠳᠠᠢ ᠪᠠᠶᠢᠵᠣ᠂ ᠳᠡᠯᠡᠬᠡᠢ ᠶᠢᠨ ᠣᠯᠠᠨ ᠲᠦᠢᠯᠰᠢᠷᠡᠯᠳᠡ᠂ ᠠᠵᠣ ᠠᠬᠤᠢ ᠶᠢᠨ ᠳᠠᠶᠠᠭᠠᠷᠴᠢᠯᠠᠯᠳᠠ᠂ ᠰᠣᠶᠣᠯ ᠤᠨ ᠣᠯᠠᠨ ᠲᠦᠷᠦᠯᠵᠢᠯᠳᠡ᠂ ᠨᠡᠶᠢᠭᠡᠮ ᠤᠨ ᠮᠡᠳᠡᠭᠡ ᠵᠠᠩᠬᠢᠵᠢᠯᠳᠠ ᠬᠦᠨᠵᠡᠭᠡᠶᠢᠷᠡᠨ ᠬᠦᠭᠵᠢᠵᠣ᠂ ᠳᠡᠯᠡᠬᠡᠢ ᠶᠢᠨ ᠠᠵᠣ ᠠᠬᠤᠢ ᠬᠦᠨᠵᠡᠭᠡᠢ ᠳᠣᠬᠢᠷᠠᠭᠤᠯᠣᠯᠳᠠ ᠶᠢᠨ ᠳᠣᠮᠳᠠ ᠨᠣᠭᠤᠷᠣᠯ ᠪᠦᠲᠦᠷᠢᠯ ᠲᠠᠢ  ᠪᠠᠷ ᠳᠠᠬᠢᠨ ᠰᠡᠷᠭᠦᠨ᠂ ᠪᠦᠬᠦ ᠪᠦᠮᠪᠦᠷᠴᠡᠭ ᠤᠨ ᠵᠠᠰᠠᠨ ᠴᠡᠭᠴᠡᠯᠡᠬᠦ ᠰᠢᠰᠲ᠋ᠧᠮ ᠬᠦᠨᠵᠡᠭᠡᠢ ᠦᠬᠡᠷᠡᠴᠢᠯᠡᠭᠳᠡᠵᠣ᠂ ᠬᠦᠭᠵᠢᠵᠣ ᠪᠠᠶᠢᠭ᠎ᠠ ᠣᠯᠣᠰ ᠣᠷᠣᠨ ᠨᠤᠭᠤᠳ ᠤᠨ ᠪᠦᠯᠦᠭ ᠦᠷᠭᠦᠯᠵᠢᠯᠡᠨ ᠬᠦᠴᠦᠷᠬᠡᠭᠵᠢᠨ᠂ ᠣᠯᠠᠨ ᠣᠯᠣᠰ ᠤᠨ ᠬᠦᠴᠦᠨ ᠤ ᠬᠠᠷᠢᠴᠠᠯ ᠠᠭᠠᠵᠢᠮ ᠢᠶᠠᠷ ᠳᠡᠩᠴᠡᠭᠦᠷᠢᠴᠡᠵᠣ᠂ ᠮᠠᠨ ᠤ ᠣᠯᠣᠰ ᠤᠨ ᠬᠦᠭᠵᠢᠯᠳᠡ ᠨᠢ ᠬᠠᠷᠢᠴᠠᠩᠭᠤᠢ ᠳᠣᠭᠳᠠᠭᠤᠨ ᠭᠠᠳᠠᠭᠠᠳᠣ ᠣᠷᠴᠢᠨ ᠲᠠᠢ ᠶᠣᠮ᠃ ᠨᠦᠬᠦᠬᠡ ᠳᠠᠯ᠎ᠠ ᠪᠠᠷ᠂ ᠮᠠᠨ ᠤ ᠣᠯᠣᠰ ᠤᠨ ᠠᠵᠣ ᠠᠬᠤᠢ ᠣᠷᠳᠣ ᠬᠤᠭᠤᠴᠠᠭᠠᠨ ᠳᠤ ᠰᠠᠶᠢᠨ ᠳᠡᠰᠢ ᠬᠦᠭᠵᠢᠬᠦ ᠦᠨᠳᠦᠰᠦᠨ ᠪᠠᠶᠢᠳᠠᠯ ᠬᠤᠪᠢᠷᠠᠭ᠎ᠠ ᠦᠬᠡᠢ᠂ ᠠᠵᠣ ᠠᠬᠤᠢ ᠶᠢᠨ ᠬᠦᠭᠵᠢᠯᠳᠡ ᠶᠢᠨ ᠬᠡᠯᠪᠡᠷᠢ ᠪᠠᠨ ᠲᠦᠷᠭᠡᠨ ᠬᠤᠪᠢᠷᠠᠭᠤᠯᠵᠣ᠂ ᠠᠵᠣ ᠠᠬᠤᠢ ᠶᠢᠨ ᠪᠦᠲᠦᠴᠡ ᠪᠠᠨ ᠳᠠᠰᠣᠷᠠᠯᠳᠠ ᠦᠬᠡᠢ ᠰᠢᠯᠢᠳᠡᠭᠵᠢᠭᠦᠯᠦᠨ᠂ ᠬᠦᠭᠵᠢᠯᠳᠡ ᠶᠢᠨ ᠬᠦᠳᠡᠯᠭᠡᠬᠦ ᠬᠦᠴᠦᠨ ᠪᠠᠨ ᠦᠷᠭᠦᠯᠵᠢᠯᠡᠨ ᠰᠢᠯᠵᠢᠭᠦᠯᠦᠨ ᠬᠤᠪᠢᠷᠠᠭᠠᠵᠣ᠂ ᠦᠭᠡᠷᠡᠴᠢᠯᠡᠯᠳᠡ ᠨᠡᠭᠡᠭᠡᠯᠳᠡ ᠨᠢ ᠰᠢᠨ᠎ᠡ ᠬᠦᠭᠵᠢᠯᠳᠡ ᠶᠢᠨ ᠠᠮᠢᠵᠢᠷᠠᠯ ᠤᠨ ᠬᠦᠴᠦᠨ ᠢ ᠭᠠᠷᠭᠠᠨ᠂ ᠰᠢᠯᠢᠳᠡᠭ ᠰᠠᠶᠢᠨ ᠬᠦᠭᠵᠢᠯᠳᠡ ᠶᠢᠨ ᠪᠠᠶᠢᠳᠠᠯ ᠪᠠᠨ ᠦᠷᠭᠦᠯᠵᠢᠯᠡᠨ ᠪᠠᠳᠣᠯᠠᠵᠣ ᠴᠢᠳᠠᠬᠤ ᠵᠡᠷᠭᠡ ᠨᠢ ᠮᠠᠨ ᠤ ᠣᠯᠣᠰ  ᠤᠨ ᠬᠦᠭᠵᠢᠯᠳᠡ ᠶᠢᠨ ᠪᠠᠶᠢᠯᠳᠣᠬᠤ ᠪᠣᠳᠣᠯᠭ᠎ᠠ ᠶᠢᠨ ᠠᠵᠠ ᠳᠣᠬᠢᠶᠠᠯ ᠤᠨ ᠬᠤᠭᠤᠴᠠᠭᠠᠨ ᠤ ᠠᠬᠤᠶᠢᠴᠢ ᠴᠢᠨᠡᠷ ᠪᠠ ᠵᠠᠶᠢᠯᠠᠰᠢ ᠦᠬᠡᠢ ᠴᠢᠨᠠᠷ ᠢ ᠳᠣᠭᠳᠠᠭᠠᠪᠠ᠃ ᠮᠠᠨ ᠤ ᠣᠯᠣᠰ ᠤᠨ ᠬᠦᠭᠵᠢᠯᠳᠡ ᠶᠢᠨ ᠪᠠᠶᠢᠯᠳᠣᠬᠤ ᠪᠣᠳᠣᠯᠭ᠎ᠠ ᠶᠢᠨ ᠠᠵᠠ ᠳᠣᠬᠢᠶᠠᠯᠳᠣ ᠬᠤᠭᠤᠴᠠᠭ᠎ᠠ ᠨᠢ ᠡᠷᠢᠶᠡᠨ ᠬᠤᠳᠠ ᠶᠢᠨ ︽ᠠᠷᠪᠠᠨ ᠭᠤᠷᠪᠠᠳᠣᠭᠠᠷ ᠲᠠᠪᠣᠨ ᠵᠢᠯ︾ ᠤᠨ ᠠᠵᠣ ᠠᠬᠤᠢ ᠨᠡᠶᠢᠭᠡᠮ ᠤᠨ ᠬᠦᠭᠵᠢᠯᠳᠡ ᠳᠤ ᠣᠯᠠᠨ ᠠᠷᠪᠢᠨ ᠠᠬᠤᠶᠢᠴᠢ ᠠᠵᠠ ᠳᠣᠬᠢᠶᠠᠯ ᠢ ᠠᠪᠴᠢᠷᠠᠵᠣ ᠦᠭᠭᠦᠭᠰᠡᠨ ᠪᠠᠶᠢᠨ᠎ᠠ᠄       ᠳᠣᠮᠳᠠᠳᠣ ᠮᠣᠩᠭᠤᠯ ᠣᠷᠣᠰ ᠤᠨ ᠠᠵᠣ ᠠᠬᠤᠢ ᠶᠢᠨ ᠬᠤᠩᠬᠢᠯ ᠤᠨ ᠪᠠᠶᠢᠭᠤᠯᠣᠯᠳᠠ ᠶᠢ ᠳᠣᠭᠳᠠᠭᠤᠨ ᠢᠶᠠᠷ ᠲᠦᠯᠬᠢᠨ ᠠᠬᠢᠭᠤᠯᠵᠣ ᠪᠠᠶᠢᠨ᠎ᠠ᠃ ᠳᠣᠮᠳᠠᠳᠣ ᠣᠷᠣᠰ ᠤᠨ ᠪᠦᠬᠦ ᠲᠠᠯ᠎ᠠ ᠶᠢᠨ ᠪᠠᠶᠢᠯᠳᠣᠬᠤ ᠪᠣᠳᠣᠯᠭ᠎ᠠ ᠶᠢᠨ ᠬᠠᠮᠵᠢᠯᠴᠠᠭᠠᠨ ᠤ ᠨᠦᠬᠦᠷᠰᠡᠭ ᠬᠠᠷᠢᠴᠠᠭ᠎ᠠ᠂ ᠳᠣᠮᠳᠠᠳᠣ ᠮᠣᠩᠭᠤᠯ ᠤᠨ ᠪᠦᠬᠦ ᠲᠠᠯ᠎ᠠ ᠶᠢᠨ ᠪᠠᠶᠢᠯᠳᠣᠬᠤ ᠪᠣᠳᠣᠯᠭ᠎ᠠ  ᠶᠢᠨ ᠨᠦᠬᠦᠷᠰᠡᠭ ᠬᠠᠷᠢᠴᠠᠭ᠎ᠠ ᠳᠠᠰᠣᠷᠠᠯᠳᠠ ᠦᠬᠡᠢ ᠬᠦᠨᠵᠡᠭᠡᠶᠢᠷᠡᠬᠦ ᠶᠢ ᠳᠠᠭᠠᠯᠳᠣᠨ᠂ ᠳᠣᠮᠳᠠᠳᠣ ᠣᠷᠣᠰ᠂ ᠳᠣᠮᠳᠠᠳᠣ ᠮᠣᠩᠭᠤᠯ ᠤᠨ ᠬᠠᠷᠢᠴᠠᠭ᠎ᠠ ᠲᠡᠦᠬᠡᠨ ᠬᠠᠮᠤᠭ ᠤᠨ ᠰᠠᠶᠢᠨ ᠬᠤᠭᠤᠴᠠᠭᠠᠨ ᠳᠤ ᠣᠷᠣᠪᠠ᠃ ︽ᠨᠢᠭᠡ ᠪᠦᠰᠡ ᠨᠢᠭᠡ ᠵᠠᠮ︾ ᠤᠨ ᠴᠢᠬᠤᠯᠠ ᠪᠦᠷᠢᠯᠳᠦᠭᠦᠨ ᠬᠡᠰᠡᠭ ᠪᠣᠯᠣᠭᠰᠠᠨ ᠤ ᠬᠤᠪᠢ ᠳᠤ᠂ ᠳᠣᠮᠳᠠᠳᠣ ᠮᠣᠩᠭᠤᠯ ᠣᠷᠣᠰ ᠤᠨ ᠠᠵᠣ ᠠᠬᠤᠢ ᠶᠢᠨ ᠬᠤᠩᠬᠢᠯ ᠤᠨ ᠪᠠᠶᠢᠭᠤᠯᠣᠯᠳᠠ ᠮᠣᠩᠭᠤᠯ᠂ ᠣᠷᠣᠰ ᠤᠨ ᠢᠳᠡᠪᠬᠢᠲᠡᠢ ᠳᠡᠮᠵᠢᠯᠭᠡ ᠶᠢ ᠣᠯᠵᠣ᠂ ᠳᠣᠮᠳᠠᠳᠣ ᠮᠣᠩᠭᠤᠯ ᠣᠷᠣᠰ ᠭᠤᠷᠪᠠᠨ ᠣᠯᠣᠰ ᠤᠨ ᠪᠦᠰᠡ ᠨᠣᠳᠤᠭ ᠤᠨ ᠬᠠᠮᠳᠣ ᠶᠢᠨ ᠠᠵᠢᠯᠯᠠᠭ᠎ᠠ ᠣᠯᠠᠮ ᠨᠢᠭᠳᠠᠷᠠᠨ᠂ ᠡᠷᠢᠶᠡᠨ ᠬᠤᠳᠠ ᠶᠢᠨ ᠪᠣᠭᠤᠮᠳᠠ ᠭᠠᠷᠣᠴᠠ ᠶᠢᠨ ᠳᠠᠪᠠᠭᠤᠯᠢᠭ ᠢᠶᠠᠨ ᠪᠠᠳᠠᠷᠠᠭᠤᠯᠵᠣ᠂ ᠭᠠᠳᠠᠭᠠᠳᠣ ᠳᠤ ᠬᠠᠨᠳᠣᠭᠰᠠᠨ ᠠᠵᠣ ᠠᠬᠤᠢ ᠪᠠᠨ ᠶᠡᠭᠡ ᠪᠠᠷ ᠬᠦᠭᠵᠢᠭᠦᠯᠦᠨ᠂ ᠳᠣᠮᠳᠠᠳᠣ ᠮᠣᠩᠭᠤᠯ ᠣᠷᠣᠰ ᠤᠨ ᠠᠵᠣ ᠠᠬᠤᠢ ᠶᠢᠨ ᠬᠤᠩᠬᠢᠯ ᠤᠨ ᠴᠢᠬᠤᠯᠠ ᠵᠠᠩᠬᠢᠯᠠᠭ᠎ᠠ ᠶᠢᠨ ᠴᠡᠭ ᠢ ᠪᠣᠢ ᠪᠣᠯᠭᠠᠬᠤ ᠳᠤ ᠠᠰᠢᠭᠳᠠᠢ᠃       ᠣᠯᠣᠰ ᠠᠴᠠ ᠪᠦᠰᠡ ᠨᠣᠳᠤᠭ ᠤᠨ ᠬᠦᠭᠵᠢᠯᠳᠡ ᠶᠢᠨ ᠪᠠᠶᠢᠯᠳᠣᠬᠤ ᠪᠣᠳᠣᠯᠭ᠎ᠠ ᠶᠢ ᠬᠦᠨᠵᠡᠭᠡᠢ ᠬᠡᠷᠡᠭᠵᠢᠭᠦᠯᠵᠣ ᠪᠠᠶᠢᠨ᠎ᠠ᠃ ᠣᠯᠣᠰ ᠠᠴᠠ ᠪᠠᠷᠠᠭᠤᠨ ᠣᠷᠣᠨ ᠢ ᠶᠡᠭᠡ ᠪᠠᠷ ᠨᠡᠭᠡᠭᠡᠨ ᠬᠦᠭᠵᠢᠭᠦᠯᠬᠦ᠂ ᠵᠡᠭᠦᠨ ᠬᠤᠶᠢᠳᠣ  ᠶᠢᠨ ᠬᠠᠭᠤᠴᠢᠨ ᠠᠵᠣ ᠦᠢᠯᠡᠳᠪᠦᠷᠢ ᠶᠢᠨ ᠰᠠᠭᠤᠷᠢᠨ ᠢ ᠰᠡᠷᠭᠦᠭᠡᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠪᠠ ᠬᠢᠯᠢ  ᠪᠠᠨ ᠮᠠᠨᠳᠣᠭᠤᠯᠵᠣ ᠠᠷᠠᠳ ᠢᠶᠠᠨ ᠪᠠᠶᠠᠵᠢᠭᠤᠯᠬᠤ ᠠᠵᠢᠯᠯᠠᠭ᠎ᠠ ᠶᠢᠨ ᠲᠦᠯᠦᠪᠯᠡᠭᠡ ᠶᠢ ᠦᠷᠭᠦᠯᠵᠢᠯᠡᠨ ᠬᠡᠷᠡᠭᠵᠢᠭᠦᠯᠵᠣ᠂ ᠪᠡᠭᠡᠵᠢᠩ ᠲᠢᠶᠡᠨᠵᠢᠨ ᠾᠧᠪᠸᠢ ᠲᠠᠢ ᠬᠠᠮᠵᠢᠯᠴᠠᠭᠰᠠᠨ ᠬᠦᠭᠵᠢᠯᠳᠡ ᠶᠢ ᠢᠳᠡᠪᠬᠢᠲᠡᠢ ᠲᠦᠯᠬᠢᠨ ᠠᠬᠢᠭᠤᠯᠵᠣ᠂ ᠪᠦᠸᠧᠬᠠᠢ ᠳᠠᠩᠬᠢᠰ ᠤᠨ ᠡᠷᠬᠢ ᠳᠠᠭᠠᠣ ᠠᠵᠣ ᠠᠬᠤᠢ ᠶᠢᠨ ᠴᠠᠭᠠᠷᠢᠭ ᠪᠠ ᠬᠦᠬᠡᠬᠤᠳᠠ ᠪᠣᠭᠤᠳᠠ ᠶᠢᠨᠴᠣᠸᠠᠨ ᠢᠣᠢ ᠯᠢᠨ ᠠᠵᠣ ᠠᠬᠤᠢ ᠶᠢᠨ ᠪᠦᠰᠡ ᠶᠢ ᠲᠦᠷᠭᠡᠨ ᠪᠠᠶᠢᠭᠤᠯᠣᠨ᠂ ᠡᠷᠢᠶᠡᠨ ᠬᠤᠳᠠ ᠶᠢᠨ ᠣᠯᠣᠰ ᠤᠨ ᠳᠣᠳᠣᠭᠠᠳᠣ ᠶᠢᠨ ᠪᠦᠰᠡ ᠨᠣᠳᠤᠭ ᠯᠤᠭ᠎ᠠ ᠶᠢᠨ ᠬᠠᠮᠳᠣ ᠶᠢᠨ ᠠᠵᠢᠯᠯᠠᠭ᠎ᠠ ᠪᠠᠨ ᠬᠦᠨᠵᠡᠭᠡᠶᠢᠷᠡᠭᠦᠯᠵᠣ᠂ ᠬᠦᠭᠵᠢᠭᠦᠯᠦᠯᠳᠡ ᠨᠡᠭᠡᠭᠡᠯᠳᠡ  ᠪᠠᠨ ᠣᠯᠠᠮ ᠨᠢᠭᠡᠨ ᠠᠯᠬᠤᠮ ᠦᠷᠭᠡᠳᠭᠡᠬᠦ ᠳᠤ ᠣᠯᠠᠨ ᠳᠠᠯ᠎ᠠ ᠶᠢᠨ ᠲᠦᠰᠢᠭ ᠳᠣᠯᠭᠠᠭᠤᠷᠢ ᠬᠠᠩᠭᠠᠬᠤ ᠳᠤ ᠠᠰᠢᠭᠳᠠᠢ ᠶᠣᠮ᠃ ᠣᠯᠣᠰ ᠠᠴᠠ ᠬᠢᠯᠢ ᠳᠠᠭᠠᠣ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ  ᠶᠢᠨ ᠳᠣᠭᠤᠷᠢᠭ᠂ ᠬᠢᠯᠢ ᠳᠠᠭᠠᠣ ᠣᠯᠣᠰ ᠤᠨ ᠳᠡᠰ ᠤᠨ ᠪᠣᠭᠤᠮᠳᠠ᠂ ᠬᠢᠯᠢ ᠶᠢᠨ ᠬᠤᠳᠠ᠂ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠪᠠ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ  ᠶᠢᠨ ᠠᠵᠢᠯᠯᠠᠭᠠᠨ ᠤ ᠳᠣᠭᠤᠷᠢᠭ ᠵᠡᠷᠭᠡ ᠭᠤᠣᠯᠳᠠᠯᠭ᠎ᠠ ᠲᠠᠢ ᠣᠷᠣᠨ ᠤ ᠬᠦᠭᠵᠢᠯᠳᠡ ᠨᠡᠭᠡᠭᠡᠯᠳᠡ ᠶᠢ ᠳᠡᠳᠭᠦᠨ ᠳᠡᠮᠵᠢᠬᠦ ᠬᠦᠴᠦᠯᠡᠴᠡ ᠪᠠᠨ ᠶᠡᠬᠡᠰᠬᠡᠵᠣ ᠪᠠᠶᠢᠭ᠎ᠠ ᠨᠢ ᠡᠷᠢᠶᠡᠨ ᠬᠤᠳᠠ ᠶᠢᠨ ᠬᠦᠭᠵᠢᠭᠦᠯᠦᠯᠳᠡ ᠨᠡᠭᠡᠭᠡᠯᠳᠡ ᠶᠢᠨ ᠪᠣᠳᠣᠯᠭ᠎ᠠ ᠶᠢᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠣ᠂ ᠬᠢᠯᠢ ᠳᠠᠭᠠᠣ ᠣᠷᠣᠨ ᠤ ᠴᠢᠬᠤᠯᠠ ᠠᠵᠣ ᠠᠬᠤᠢ  ᠶᠢᠨ ᠦᠰᠦᠯᠳᠡ ᠶᠢᠨ ᠲᠦᠢᠯ ᠢ ᠲᠦᠷᠭᠡᠨ ᠪᠠᠶᠢᠭᠤᠯᠬᠤ ᠳᠤ ᠠᠰᠢᠭᠳᠠᠢ ᠶᠣᠮ᠃      ᠣᠯᠣᠰ ᠤᠨ ᠬᠤᠷᠸ᠎ᠠ ᠳᠣᠬᠢᠷᠠᠭᠤᠯᠣᠯᠳᠠ ᠶᠢᠨ ᠪᠣᠳᠣᠯᠭ᠎ᠠ ᠶᠢᠨ ᠦᠷ᠎ᠡ ᠠᠰᠢᠭ ᠠᠭᠠᠵᠢᠮ ᠢᠶᠠᠷ ᠨᠡᠮᠡᠭᠳᠡᠵᠣ ᠪᠠᠶᠢᠨ᠎ᠠ᠃ ᠣᠯᠣᠰ ᠠᠴᠠ ᠠᠮᠢᠳᠣᠯᠢᠭ ᠪᠦᠲᠦᠮᠵᠢᠲᠠᠢ ᠬᠤᠷᠸ᠎ᠠ ᠡᠵᠡᠮᠰᠢᠯ ᠤᠨ ᠰᠢᠨ᠎ᠡ ᠶᠢ ᠡᠭᠦᠳᠬᠦ ᠠᠷᠭ᠎ᠠ ᠬᠡᠮᠵᠢᠶ᠎ᠡ  ᠶᠢ ᠬᠡᠷᠡᠭᠵᠢᠭᠦᠯᠦᠨ ᠠᠵᠣ ᠠᠬᠤᠢ ᠶᠢᠨ ᠬᠡᠯᠪᠡᠯᠵᠠᠯ ᠢ ᠠᠷᠭᠠᠴᠠᠭᠠᠵᠣ᠂ ᠠᠵᠣ ᠠᠬᠤᠢ ᠶᠢᠨ ᠦᠨᠳᠦᠷ ᠳᠣᠮᠳᠠ ᠬᠤᠷᠳᠣᠴᠠ ᠪᠠᠷ ᠦᠰᠬᠦ ᠶᠢ ᠪᠠᠳᠣᠯᠠᠪᠠ᠃ ᠪᠦᠲᠦᠴᠡ ᠪᠠᠨ ᠳᠣᠬᠢᠷᠠᠭᠤᠯᠵᠣ᠂ ᠬᠡᠯᠪᠡᠷᠢ ᠪᠠᠨ ᠬᠤᠪᠢᠷᠠᠭᠤᠯᠬᠤ ᠲᠠᠢ ᠨᠢᠭᠳᠠ ᠵᠣᠬᠢᠴᠠᠭᠤᠯᠣᠨ᠂ ᠰᠢᠨ᠎ᠡ ᠶᠢ ᠡᠭᠦᠳᠬᠦ ᠬᠦᠳᠡᠯᠭᠡᠭᠦᠷ ᠤᠨ ᠬᠦᠭᠵᠢᠯᠳᠡ ᠶᠢᠨ ᠪᠠᠶᠢᠯᠳᠣᠬᠤ ᠪᠣᠳᠣᠯᠭ᠎ᠠ ᠶᠢ ᠭᠡᠷᠡᠭᠵᠢᠭᠦᠯᠦᠨ᠂ ᠪᠦᠬᠦ ᠨᠡᠶᠢᠳᠡ ᠪᠠᠷ ᠢᠶᠠᠨ ᠦᠢᠯᠡᠰ ᠪᠣᠰᠬᠠᠵᠣ ᠰᠢᠨ᠎ᠡ ᠶᠢ ᠡᠭᠦᠳᠬᠦ ᠶᠢ ᠲᠦᠯᠬᠢᠨ ᠠᠬᠢᠭᠤᠯᠵᠣ᠂ ᠬᠠᠩᠭᠠᠯᠭ᠎ᠠ ᠪᠣᠯᠣᠨ ᠬᠡᠷᠡᠭᠴᠡᠭᠡ ᠶᠢᠨ ᠬᠤᠶᠠᠷ ᠲᠠᠯ᠎ᠠ ᠳᠤ ᠬᠦᠴᠦᠯᠡᠨ ᠠᠵᠣ ᠦᠢᠯᠡᠰ ᠤᠨ ᠦᠨᠳᠦᠷ ᠳᠡᠭᠡᠳᠣ ᠵᠡᠷᠭᠡᠯᠡᠯ ᠳᠡᠰᠢ ᠳᠡᠪᠰᠢᠬᠦ ᠶᠢ ᠠᠬᠢᠭᠤᠯᠪᠠ᠃ ᠣᠷᠣᠯᠭ᠎ᠠ ᠪᠠᠨ ᠳᠠᠰᠣᠷᠠᠯᠳᠠ ᠦᠬᠡᠢ ᠨᠡᠮᠡᠭᠳᠡᠭᠦᠯᠦᠬᠦᠭᠰᠡᠨ ᠤ ᠰᠠᠭᠤᠷᠢᠨ ᠳᠡᠭᠡᠷ᠎ᠡ ᠣᠷᠣᠯᠭ᠎ᠠ ᠶᠢ ᠬᠤᠪᠢᠶᠠᠷᠢᠯᠠᠬᠤ ᠳᠣᠭᠳᠠᠯᠴᠠᠭ᠎ᠠ ᠳᠤ ᠳᠣᠬᠢᠷᠠᠭᠤᠯᠣᠯᠳᠠ ᠬᠢᠵᠣ᠂ ᠨᠡᠶᠢᠭᠡᠮ ᠤᠨ ᠡᠷᠬᠡ ᠳᠡᠭᠰᠢ  ᠶᠢ ᠠᠬᠢᠭᠤᠯᠪᠠ᠃ ᠦᠨᠡᠨ ᠪᠣᠳᠠᠳᠠᠢ ᠬᠦᠨᠳᠦ ᠴᠢᠬᠤᠯᠠ ᠦᠬᠡᠷᠡᠴᠢᠯᠡᠯᠳᠡ ᠶᠢᠨ ᠠᠷᠭ᠎ᠠ ᠬᠡᠮᠵᠢᠶ᠎ᠡ ᠶᠢ ᠬᠡᠷᠡᠭᠵᠢᠭᠦᠯᠬᠦ  ᠪᠠᠷ ᠳᠠᠮᠵᠢᠨ᠂ ᠬᠦᠭᠵᠢᠯᠳᠡ ᠶᠢᠨ ᠳᠣᠮᠳᠠ ᠳᠣᠯᠭᠠᠷᠴᠣ ᠪᠠᠶᠢᠭ᠎ᠠ ᠬᠠᠷᠰᠢ ᠰᠠᠭᠠᠳ ᠪᠣᠯᠣᠨ ᠡᠷᠬᠡ ᠳᠡᠭᠰᠢ ᠶᠢ ᠬᠦᠯᠢᠶᠡᠰᠦᠯᠡᠵᠣ ᠪᠠᠶᠢᠭ᠎ᠠ ᠭᠡᠮ ᠰᠣᠭᠤᠭ ᠢ ᠠᠷᠢᠯᠭᠠᠵᠣ᠂ ᠦᠭᠡᠷᠡᠴᠢᠯᠡᠯᠳᠡ ᠶᠢᠨ ᠠᠰᠢᠭ ᠰᠢᠮ᠎ᠡ ᠶᠢ ᠳᠠᠰᠣᠷᠠᠯᠳᠠ ᠦᠬᠡᠢ ᠢᠯᠭᠠᠷᠠᠭᠤᠯᠣᠨ ᠬᠦᠭᠵᠢᠯᠳᠡ ᠶᠢᠨ ᠴᠢᠳᠠᠪᠣᠷᠢ ᠶᠢ ᠳᠡᠭᠡᠭᠰᠢᠯᠡᠭᠦᠯᠪᠡ᠃ ᠡᠨᠡ ᠨᠢ ᠡᠷᠢᠶᠡᠨ ᠬᠤᠳᠠ ᠳᠤ ᠳᠣᠭᠳᠠᠭᠤᠨ ᠬᠤᠷᠸ᠎ᠠ ᠠᠵᠣ ᠠᠬᠤᠢ ᠶᠢᠨ ᠣᠷᠴᠢᠨ ᠢ ᠬᠠᠩᠭᠠᠨ ᠦᠭᠴᠦ᠂ ᠠᠵᠣ ᠠᠬᠤᠢ ᠨᠡᠶᠢᠭᠡᠮ ᠤᠨ ᠬᠦᠭᠵᠢᠯᠳᠡ ᠳᠣᠮᠳᠠᠬᠢ ᠡᠮᠵᠡᠭ ᠪᠠᠭᠤᠷᠠᠢ ᠳᠠᠯ᠎ᠠ ᠪᠠᠨ ᠰᠠᠶᠢᠵᠢᠷᠠᠭᠤᠯᠣᠨ᠂ ᠬᠦᠭᠵᠢᠯᠳᠡ ᠶᠢᠨ ᠠᠮᠢᠵᠢᠷᠠᠯ ᠤᠨ ᠬᠦᠴᠦᠨ᠂ ᠬᠦᠳᠡᠯᠭᠡᠬᠦ ᠬᠦᠴᠦᠨ ᠢᠶᠠᠨ ᠳᠡᠭᠡᠭᠰᠢᠯᠡᠬᠦᠯᠬᠦ ᠶᠣᠮ᠃     ᠦᠪᠡᠷᠲᠡᠭᠡᠨ ᠵᠠᠰᠠᠬᠤ ᠣᠷᠣᠨ ᠤ ᠣᠮᠠᠷᠠᠰᠢ ᠨᠡᠭᠡᠭᠡᠯᠳᠡ ᠶᠢᠨ ᠪᠠᠶᠢᠯᠳᠣᠬᠤ ᠪᠣᠳᠣᠯᠭ᠎ᠠ ᠠᠮᠢᠵᠢᠷᠠᠯ ᠤᠨ ᠬᠦᠴᠦᠨ  ᠢᠶᠠᠷ ᠪᠢᠯᠬᠠᠮ᠎ᠠ ᠪᠠᠶᠢᠨ᠎ᠠ᠃ᠦᠪᠦᠷ ᠮᠣᠩᠭᠤᠯ ᠠᠴᠠ ︽ᠮᠠᠨ ᠤ ᠣᠯᠣᠰ ᠤᠨ ᠣᠮᠠᠷᠠᠰᠢ ᠨᠡᠭᠡᠭᠡᠯᠳᠡ ᠲᠠᠢ ᠬᠦᠬᠦᠷᠭᠡᠨ ᠪᠠᠬᠢᠯᠡᠯᠳᠡ ᠪᠠ ᠠᠮᠢᠵᠢᠷᠠᠯ ᠤᠨ ᠬᠦᠴᠦᠨ ᠪᠢᠯᠬᠠᠮ᠎ᠠ ᠬᠢᠯᠢ ᠳᠠᠭᠠᠣ ᠠᠵᠣ ᠠᠬᠤᠢ ᠶᠢᠨ ᠪᠦᠰᠡ︾ ᠶᠢ ᠪᠠᠶᠢᠭᠤᠯᠣᠨ ᠪᠡᠶᠡᠯᠡᠭᠦᠯᠬᠦ ᠬᠠᠷᠠᠯᠳᠠ ᠪᠠᠨ ᠳᠣᠭᠳᠠᠭᠠᠨ ᠪᠠᠳᠣᠯᠠᠵᠣ᠂ ᠳᠣᠷᠭᠠᠨ ᠵᠠᠮ ᠤᠨ ᠠᠵᠣ ᠠᠬᠤᠢ ᠶᠢᠨ ᠪᠦᠰᠡ ᠶᠢ ᠣᠷᠣᠯᠴᠠᠨ ᠪᠠᠶᠢᠭᠤᠯᠬᠤ ᠲᠦᠰᠦᠯ ᠣᠯᠣᠰ ᠤᠨ ᠵᠦᠪᠰᠢᠶᠡᠷᠡᠯ ᠢ ᠣᠯᠵᠣ᠂ ᠬᠢᠯᠢ ᠳᠠᠭᠠᠣ ᠪᠣᠭᠤᠮᠳᠠ ᠶᠢ ᠳᠡᠳᠭᠦᠨ ᠳᠡᠮᠵᠢᠬᠦ ᠬᠦᠴᠦᠯᠡᠴᠡ ᠪᠠᠨ ᠣᠯᠠᠮ ᠨᠢᠭᠡᠨ ᠠᠯᠬᠤᠮ ᠶᠡᠬᠡᠰᠬᠡᠵᠣ ᠪᠠᠶᠢᠭ᠎ᠠ ᠨᠢ ᠡᠷᠢᠶᠡᠨ ᠬᠤᠳᠠ ᠶᠢᠨ ᠬᠤᠪᠢ ᠪᠡᠶ᠎ᠡ  ᠶᠢᠨ ᠭᠠᠵᠠᠷ ᠵᠦᠢ ᠶᠢᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠣᠨ᠂ ᠦᠪᠡᠷᠳᠡᠭᠡᠨ ᠵᠠᠰᠠᠬᠤ ᠣᠷᠣᠨ ᠤ ᠬᠦᠭᠵᠢᠯᠳᠡ ᠶᠢᠨ ᠳᠣᠮᠣ ᠬᠦᠷᠢᠶᠡᠨ ᠳᠤ ᠨᠡᠩ ᠶᠡᠭᠡ ᠬᠤᠪᠢ ᠨᠡᠮᠡᠷᠢ ᠪᠠᠨ ᠦᠵᠡᠭᠦᠯᠬᠦ ᠳᠤ ᠠᠰᠢᠭᠳᠠᠢ᠃     ᠬᠤᠪᠢ ᠪᠠᠶ᠎ᠠ ᠶᠢᠨ ᠬᠦᠭᠵᠢᠯᠳᠡ ᠶᠢᠨ ᠦᠨᠳᠦᠰᠦ ᠰᠠᠭᠤᠷᠢ ᠣᠯᠠᠮ ᠨᠢᠭᠡᠨ ᠠᠯᠬᠤᠮ ᠪᠠᠳᠣᠵᠢᠵᠣ ᠪᠠᠶᠢᠨ᠎ᠠ᠃ ︽ᠠᠷᠪᠠᠨ ᠬᠤᠶᠠᠳᠣᠭᠠᠷ ᠳᠠᠪᠣᠨ ᠵᠢᠯ︾ ᠤᠨ ᠬᠤᠭᠤᠴᠠᠭᠠᠨ ᠤ ᠬᠦᠭᠵᠢᠯᠳᠡ ᠪᠠᠷ ᠳᠠᠮᠵᠢᠨ᠂ ᠡᠷᠢᠶᠡᠨ ᠬᠤᠳᠠ ᠶᠢᠨ ᠠᠵᠣ ᠠᠬᠤᠢ ᠶᠢᠨ ᠶᠡᠷᠦᠩᠬᠡᠢ ᠬᠡᠮᠵᠢᠶ᠎ᠡ ᠳᠠᠰᠣᠷᠠᠯᠳᠠ ᠦᠬᠡᠢ ᠨᠡᠮᠡᠭᠳᠡᠵᠣ᠂ ᠣᠷᠣᠨ ᠨᠣᠳᠤᠭ ᠤᠨ ᠦᠢᠯᠡᠳᠪᠦᠷᠢᠯᠡᠯ  ᠤᠨ ᠶᠡᠷᠦᠩᠬᠡᠢ ᠦᠷᠳᠡᠭ 2010 ᠣᠨ ᠠᠴᠠ ᠨᠢᠭᠡ ᠳᠠᠬᠢᠨ ᠨᠡᠮᠡᠭᠳᠡᠬᠦ ᠳᠡᠮᠡᠴᠡᠯ ᠤᠨ ᠬᠠᠷᠠᠯᠳᠠ ᠪᠠᠨ 5 ᠵᠢᠯ ᠣᠷᠢᠳᠴᠢᠯᠠᠨ ᠪᠡᠶᠡᠯᠡᠭᠦᠯᠪᠡ᠃ ᠣᠷᠳᠣ ᠬᠤᠭᠤᠴᠠᠭᠠᠨ ᠤ ᠬᠦᠭᠵᠢᠯᠳᠡ ᠲᠠᠢ ᠬᠤᠯᠪᠣᠭᠳᠠᠬᠤ ᠬᠢᠯᠢ ᠠᠯᠣᠰᠯᠠᠭᠰᠠᠨ ᠲᠡᠮᠦᠷ ᠵᠠᠮ᠂ ᠵᠠᠰᠠᠮᠠᠯ ᠵᠠᠮ᠂ ᠡᠨᠧᠷᠬᠢ ᠶᠢ ᠭᠠᠳᠠᠭᠰᠢ ᠵᠦᠭᠡᠭᠡᠪᠦᠷᠢᠯᠡᠬᠦ ᠭᠠᠷᠣᠴᠠ ᠵᠠᠮ᠂ ᠰᠠᠪᠠ ᠭᠠᠵᠠᠷ ᠠᠯᠣᠰᠯᠠᠨ ᠣᠰᠣ ᠳᠠᠳᠠᠬᠤ ᠵᠡᠷᠭᠡ ᠬᠦᠨᠳᠦ ᠴᠢᠬᠤᠯᠠ ᠰᠠᠭᠤᠷᠢ ᠲᠦᠭᠦᠭᠡᠷᠦᠮᠵᠢ ᠶᠢᠨ ᠲᠦᠷᠦᠯ ᠵᠦᠢᠯ ᠨᠢᠭᠡᠨᠳᠡ ᠣᠯᠣᠰ ᠪᠠ ᠦᠪᠡᠷᠲᠡᠭᠡᠨ ᠵᠠᠰᠠᠬᠤ ᠣᠷᠣᠨ ᠤ ᠬᠠᠮᠢᠶ᠎ᠠ ᠪᠦᠬᠦᠢ ᠲᠦᠯᠦᠪᠯᠡᠭᠡ ᠳᠤ ᠣᠷᠣᠵᠣ᠂ ᠮᠠᠨ ᠤ ᠬᠤᠳᠠ ᠶᠢᠨ ᠬᠦᠭᠵᠢᠯᠳᠡ  ᠶᠢ ᠣᠷᠳᠣ ᠬᠤᠭᠤᠴᠠᠭᠠᠨ ᠳᠤ ᠬᠦᠯᠢᠶᠡᠰᠦᠯᠡᠵᠣ ᠪᠠᠶᠢᠭᠰᠠᠨ ᠬᠦᠯᠢᠶᠡᠰᠦᠯᠡᠯ ᠢ ᠪᠦᠲᠦᠮᠵᠢᠲᠡᠢ ᠠᠷᠢᠯᠭᠠᠬᠤ ᠪᠣᠯᠣᠨ᠎ᠠ᠃ ᠪᠣᠭᠤᠮᠳᠠ ᠶᠢᠨ ᠪᠠᠶᠢᠷᠢ ᠰᠠᠭᠤᠷᠢ ᠣᠯᠠᠮ ᠨᠢᠭᠡᠨ ᠠᠯᠬᠤᠮ ᠪᠠᠳᠣᠵᠢᠨ ᠳᠡᠭᠡᠭᠰᠢᠯᠡᠵᠣ᠂ ᠮᠣᠩᠭᠤᠯ ᠲᠠᠢ ᠬᠢᠭᠰᠡᠨ ᠠᠷᠠᠯᠵᠢᠶᠠᠨ ᠤ ᠳᠣᠮᠳᠠ ᠡᠭᠦᠷᠢᠳᠡ ︽ᠲᠡᠷᠢᠭᠦᠯᠡᠭᠴᠢ︾ ᠪᠠᠶᠢᠷᠢ ᠰᠠᠭᠤᠷᠢ ᠳᠤ ᠣᠷᠣᠰᠢᠨ᠂ ᠮᠣᠩᠭᠤᠯ ᠲᠠᠢ ᠬᠢᠭᠰᠡᠨ ᠪᠠᠷᠠᠭ᠎ᠠ ᠳᠡᠭᠡᠭᠡᠪᠦᠷᠢ ᠶᠢᠨ ᠬᠡᠮᠵᠢᠶ᠎ᠡ ᠳᠣᠮᠳᠠᠳᠣ ᠮᠣᠩᠭᠤᠯ ᠤᠨ ᠪᠠᠷᠠᠭ᠎ᠠ ᠳᠡᠭᠡᠭᠡᠪᠦᠷᠢ ᠶᠢᠨ ᠶᠡᠷᠦᠩᠬᠡᠢ ᠬᠡᠮᠵᠢᠶ᠎ᠡ ᠶᠢᠨ 30% ᠠᠴᠠ ᠳᠡᠭᠡᠭᠰᠢᠬᠢ ᠶᠢ ᠡᠵᠡᠯᠡᠵᠣ᠂ ᠮᠣᠩᠭᠤᠯ ᠲᠠᠢ ᠬᠢᠭᠰᠡᠨ ᠠᠷᠠᠯᠵᠢᠶᠠᠨ ᠤ ᠦᠷᠳᠡᠭ ᠳᠣᠮᠳᠠᠳᠣ ᠮᠣᠩᠭᠤᠯ  ᠤᠨ ᠠᠷᠠᠯᠵᠢᠶᠠᠨ ᠤ ᠶᠡᠷᠦᠩᠬᠡᠢ ᠦᠷᠲᠡᠭ ᠤᠨ 60% ᠠᠴᠠ ᠳᠡᠭᠡᠭᠰᠢᠬᠢ ᠶᠢ ᠡᠵᠡᠯᠡᠨ᠂ ᠭᠠᠳᠠᠭᠠᠳᠣ ᠳᠤ ᠭᠠᠷᠭᠠᠭᠰᠠᠨ ᠮᠠᠰᠢᠨ ᠴᠠᠬᠢᠯᠭᠠᠨ ᠪᠦᠲᠦᠭᠡᠭᠳᠡᠭᠦᠨ ᠮᠣᠩᠭᠤᠯ ᠣᠯᠣᠰ ᠤᠨ ᠵᠠᠬ᠎ᠠ ᠳᠡᠯᠭᠡᠭᠦᠷ ᠤᠨ 50% ᠠᠴᠠ ᠳᠡᠭᠡᠭᠰᠢᠬᠢ ᠶᠢ ᠡᠵᠡᠯᠡᠵᠣ᠂ ᠼᠧᠮᠧᠨ᠋ᠲ᠂ ᠪᠣᠯᠣᠳ ᠮᠠᠲ᠋ᠧᠷᠢᠶᠠᠯ ᠵᠡᠷᠭᠡ ᠪᠠᠷᠢᠯᠭ᠎ᠠ ᠶᠢᠨ ᠮᠠᠲ᠋ᠧᠷᠢᠶᠠᠯ ᠪᠣᠯᠣᠨ ᠵᠢᠮᠢᠰ ᠨᠣᠭᠤᠭ᠎ᠠ ᠠᠮᠣ ᠳᠣᠰᠣ ᠵᠡᠷᠭᠡ ᠡᠳᠦᠷ ᠳᠣᠳᠣᠮ ᠤᠨ ᠬᠡᠷᠡᠭᠯᠡᠭᠡᠨ ᠤ ᠪᠦᠲᠦᠭᠡᠭᠳᠡᠭᠦᠨ ᠮᠣᠩᠭᠤᠯ ᠣᠯᠣᠰ ᠤᠨ ᠵᠠᠬ᠎ᠠ ᠳᠡᠯᠭᠡᠭᠦᠷ ᠤᠨ 80% ᠶᠢ ᠡᠵᠡᠯᠡᠨ᠂ ᠮᠣᠩᠭᠤᠯ ᠣᠯᠣᠰ ᠤᠨ ᠬᠢᠯᠢ ᠠᠯᠣᠰᠯᠠᠭᠰᠠᠨ ᠬᠡᠷᠡᠭᠯᠡᠭᠡ᠂ ᠬᠢᠯᠢ ᠶᠢᠨ ᠭᠠᠨᠳᠠᠨᠠᠬᠢ ᠰᠣᠷᠭᠠᠨ ᠬᠦᠮᠦᠵᠢᠯ ᠪᠠ ᠡᠮ ᠡᠮᠨᠡᠯᠭᠡ ᠶᠢᠨ ᠳᠡᠳᠭᠦᠮᠵᠢ ᠶᠢ ᠬᠦᠯᠢᠶᠡᠨ ᠠᠪᠬᠤ ᠠᠩᠬᠠᠨ ᠤ ᠰᠣᠩᠭᠤᠯᠳᠠ  ᠶᠢᠨ ᠣᠷᠣᠨ ᠪᠣᠯᠵᠣ᠂ ᠡᠷᠢᠶᠡᠨ ᠬᠤᠳᠠ ᠶᠢᠨ ᠡᠸᠥ᠋ᠷᠥᠫᠡ ᠠᠽᠢᠶ᠎ᠠ ᠶᠢᠨ ᠡᠬᠡ ᠬᠠᠭᠤᠷᠠᠢ ᠶᠢᠨ ᠬᠦᠬᠦᠷᠭᠡ ᠶᠢᠨ ᠵᠠᠮ ᠳᠠᠭᠠᠣ ᠣᠷᠣᠨ ᠨᠤᠭᠤᠳ ᠳᠠᠬᠢ ᠨᠦᠯᠦᠭᠡᠯᠡᠬᠦ ᠬᠦᠴᠦᠨ ᠢ ᠣᠯᠠᠮ ᠨᠢᠭᠡᠨ ᠠᠯᠬᠤᠮ  ᠳᠡᠭᠡᠭᠰᠢᠯᠡᠭᠦᠯᠦᠨ᠎ᠡ᠃ ᠬᠤᠶᠠᠳᠣᠭᠠᠷ ᠬᠡᠰᠡᠭ   ᠳᠣᠯᠭᠠᠷᠴᠣ ᠪᠠᠶᠢᠭ᠎ᠠ ᠦᠷᠢᠰᠦᠯᠳᠦᠭᠡᠨ      ᠭᠠᠳᠠᠭᠠᠳᠣ ᠣᠷᠴᠢᠨ ᠠᠴᠠ ᠠᠪᠴᠣ ᠦᠵᠡᠪᠡᠯ᠂ ᠳᠡᠯᠡᠬᠡᠢ ᠶᠢᠨ ᠠᠵᠣ ᠠᠬᠤᠢ ᠮᠦᠨᠴᠦ ᠣᠯᠠᠨ ᠣᠯᠣᠰ ᠤᠨ ᠮᠦᠩᠭᠦᠨ ᠭᠦᠢᠯᠭᠡᠭᠡᠨ ᠤ ᠬᠢᠮᠣᠷᠠᠯ ᠤᠨ ᠳᠠᠷᠠᠭᠠᠬᠢ ᠬᠦᠨᠵᠡᠭᠡᠢ ᠳᠣᠬᠢᠷᠠᠭᠤᠯᠣᠯᠳᠠ ᠶᠢᠨ ᠬᠤᠭᠤᠴᠠᠭᠠᠨ ᠳᠤ ᠪᠠᠨ ᠣᠷᠣᠰᠢᠵᠣ᠂ ᠠᠵᠣ ᠠᠬᠤᠢ ᠶᠢᠨ ᠦᠰᠦᠯᠳᠡ ᠶᠢᠨ ᠪᠠᠶᠢᠳᠠᠯ ᠤᠨ ᠬᠤᠪᠢᠷᠠᠬᠤ ᠬᠠᠨᠳᠣᠰᠢ ᠶᠢᠨ ᠳᠣᠳᠣᠷᠬᠠᠢ ᠪᠣᠰᠣ ᠴᠢᠨᠡᠷ ᠳᠡᠭᠡᠭᠰᠢᠯᠡᠨ᠂ ᠠᠵᠣ ᠠᠬᠤᠢ ᠦᠷᠭᠦᠯᠵᠢᠯᠡᠨ ᠳᠣᠣᠷ᠎ᠠ ᠬᠤᠷᠳᠣᠴᠠ ᠪᠠᠷ ᠦᠰᠬᠦ ᠪᠣᠯᠣᠮᠵᠢ ᠶᠡᠬᠡᠰᠴᠦ ᠪᠠᠶᠢᠨ᠎ᠠ᠃ ᠪᠦᠬᠦ ᠪᠦᠮᠪᠦᠷᠴᠡᠭ ᠤᠨ ᠪᠡᠯᠡ ᠣᠷᠣᠭᠤᠯᠣᠯᠳᠠ ᠪᠠ ᠠᠷᠠᠯᠵᠢᠶᠠᠨ ᠤ ᠲᠦᠷᠢᠮ ᠳᠤ ᠰᠢᠨ᠎ᠡ ᠬᠤᠪᠢᠷᠠᠯᠳᠠ ᠭᠠᠷᠴᠣ᠂ ᠪᠦᠬᠦ ᠪᠦᠮᠪᠦᠷᠴᠡᠭ ᠤᠨ ᠶᠡᠷᠦᠩᠬᠡᠢ ᠬᠡᠷᠡᠭᠴᠡᠭᠡ ᠰᠣᠯᠠᠷᠠᠨ᠂ ᠮᠠᠨ ᠤ ᠣᠯᠣᠰ ᠤᠨ ᠪᠦᠲᠦᠭᠡᠭᠳᠡᠭᠦᠨ ᠤ ᠭᠠᠳᠠᠭᠠᠳᠣ ᠳᠤ ᠭᠠᠷᠭᠠᠬᠤ ᠦᠷᠢᠰᠦᠯᠳᠦᠭᠡᠨ ᠨᠡᠩ ᠬᠤᠷᠴᠠ ᠰᠢᠷᠦᠭᠦᠨ ᠪᠣᠯᠣᠭᠰᠠᠨ ᠪᠠᠶᠢᠨ᠎ᠠ᠃ ᠣᠨᠴᠠᠭᠠᠶᠢᠯᠠᠨ ᠡᠷᠢᠶᠡᠨ ᠬᠤᠳᠠ ᠲᠠᠢ ᠬᠦᠷᠰᠢᠯᠡᠵᠣ ᠪᠠᠶᠢᠭ᠎ᠠ ᠮᠣᠩᠭᠤᠯ ᠣᠷᠣᠰ ᠤᠨ ᠠᠵᠣ ᠠᠬᠤᠢ ᠶᠢᠨ ᠬᠦᠭᠵᠢᠯᠳᠡ ᠣᠳᠠᠭᠠᠰᠢᠷᠠᠵᠣ᠂ ᠭᠠᠳᠠᠭᠠᠳᠣ ᠬᠦᠷᠦᠩᠭᠡ ᠣᠷᠣᠭᠤᠯᠣᠯᠳᠠ ᠶᠢ ᠳᠠᠳᠠᠬᠤ ᠬᠦᠴᠦᠨ ᠴᠢᠳᠠᠯ ᠨᠢ ᠳᠣᠷᠣᠭᠰᠢᠯᠠᠨ᠂ ᠵᠣᠭᠤᠰ ᠮᠠᠭᠤᠳᠠᠯ ᠨᠣᠴᠢᠳᠠᠢ᠂ ᠠᠭᠤᠷᠬᠠᠢ ᠶᠢᠨ ᠪᠦᠲᠦᠭᠡᠭᠳᠡᠭᠦᠨ ᠤ ᠦᠨ᠎ᠡ ᠶᠡᠭᠡ ᠪᠠᠷ ᠪᠠᠭᠤᠷᠠᠵᠣ᠂ ᠡᠷᠢᠶᠡᠨ ᠬᠤᠳᠠ ᠶᠢᠨ ᠳᠣᠯᠭᠠᠷᠴᠦ ᠪᠠᠶᠢᠭ᠎ᠠ ᠨᠡᠭᠡᠭᠡᠯᠳᠡ ᠬᠦᠭᠵᠢᠯᠳᠡ ᠶᠢᠨ ᠣᠷᠴᠢᠨ ᠨᠡᠩ ᠬᠦᠨᠳᠦ ᠬᠡᠴᠡᠬᠦᠦ ᠪᠣᠯᠵᠣ ᠪᠠᠶᠢᠨ᠎ᠠ᠃ ᠮᠠᠨ ᠤ ᠣᠯᠣᠰ ᠤᠨ ᠠᠵᠣ ᠠᠬᠤᠢ ᠰᠢᠨ᠎ᠡ ᠬᠡᠪ ᠪᠠᠶᠢᠳᠠᠯ ᠳᠤ ᠣᠷᠣᠭᠰᠠᠨ ᠢ ᠳᠠᠭᠠᠯᠳᠣᠨ᠂ ᠠᠵᠣ ᠠᠬᠤᠢ ᠶᠢᠨ ᠦᠰᠦᠯᠳᠡ ᠣᠳᠠᠭᠠᠰᠢᠷᠠᠵᠣ᠂ ᠬᠡᠰᠡᠭ ᠣᠯᠠᠮᠵᠢᠯᠠᠯᠳᠣ ᠠᠵᠣ ᠦᠢᠯᠡᠰ ᠤᠨ ᠦᠢᠯᠡᠳᠪᠦᠷᠢᠯᠡᠯ ᠤᠨ ᠴᠢᠳᠠᠯ ᠦᠯᠡᠭᠦᠳᠡᠭᠰᠡᠨ ᠪᠠᠶᠢᠳᠠᠯ ᠢ ᠣᠬᠤᠷᠬᠠᠨ ᠬᠤᠭᠤᠴᠠᠭᠠᠨ ᠳᠣᠳᠣᠷ᠎ᠠ ᠰᠠᠶᠢᠵᠢᠷᠠᠭᠤᠯᠬᠤ ᠳᠤ ᠬᠦᠴᠢᠷᠳᠡᠯᠳᠡᠢ᠂ ᠭᠠᠳᠠᠭᠠᠳᠣ ᠠᠴᠠ ᠣᠷᠣᠭᠤᠯᠬᠤ ᠭᠤᠣᠯ ᠨᠡᠷ᠎ᠡ  ᠶᠢᠨ ᠪᠠᠷᠠᠭ᠎ᠠ ᠪᠦᠲᠦᠭᠡᠭᠳᠡᠭᠦᠨ ᠤ ᠬᠡᠷᠡᠭᠴᠡᠭᠡ ᠪᠠᠭᠤᠷᠠᠵᠣ᠂ ᠪᠣᠭᠤᠮᠳᠠ ᠶᠢᠨ ᠪᠠᠷᠠᠭ᠎ᠠ ᠨᠡᠪᠳᠡᠷᠡᠭᠦᠯᠬᠦ ᠪᠠᠷ ᠰᠠᠭᠤᠷᠢ ᠪᠣᠯᠭᠠᠭᠰᠠᠨ ᠬᠢᠯᠢ ᠳᠠᠭᠠᠣ ᠠᠵᠣ ᠠᠬᠤᠢ ᠶᠢᠨ ᠬᠦᠭᠵᠢᠯᠳᠡ ᠳᠤ ᠬᠦᠨᠳᠦ ᠶᠡᠭᠡ ᠳᠠᠷᠣᠯᠳᠠ ᠪᠣᠯᠵᠣ ᠪᠠᠶᠢᠨ᠎ᠠ᠃      ᠬᠤᠪᠢ ᠪᠡᠶ᠎ᠡ ᠠᠴᠠ ᠠᠪᠴᠣ ᠦᠵᠡᠪᠡᠯ᠂ ᠡᠷᠢᠶᠡᠨ ᠬᠤᠳᠠ ᠶᠢᠨ ᠠᠵᠣ ᠠᠬᠤᠢ ᠶᠢᠨ ᠶᠡᠷᠦᠩᠬᠡᠢ ᠬᠡᠮᠵᠶ᠎ᠡ ᠪᠠᠭ᠎ᠠ᠂ ᠠᠵᠣ ᠦᠢᠯᠡᠰ ᠤᠨ ᠪᠦᠲᠦᠴᠡ ᠳᠠᠩ ᠴᠣᠯᠭᠤᠢ᠂ ᠦᠢᠯᠡᠴᠢᠯᠡᠭᠡᠨ ᠤ ᠦᠢᠯᠡᠰ ᠤᠨ ᠪᠦᠬᠦᠶᠢᠯᠡ ᠴᠣᠭᠴᠠ  ᠶᠢᠨ ᠬᠡᠪᠴᠢᠶ᠎ᠡ ᠳᠡᠰ ᠵᠡᠷᠭᠡᠯᠡᠯ ᠬᠠᠷᠠᠬᠠᠨ ᠳᠣᠣᠷ᠎ᠠ᠂ ᠠᠵᠣ ᠦᠢᠯᠡᠳᠪᠦᠷᠢ ᠠᠩᠬᠠᠨ ᠤ ᠱᠠᠳᠣᠨ ᠳᠤ ᠪᠠᠨ ᠣᠷᠣᠰᠢᠵᠣ ᠂ ᠠᠵᠣ ᠠᠬᠤᠢ ᠶᠢᠨ ᠦᠪᠡᠰᠦᠪᠡᠨ ᠬᠦᠭᠵᠢᠭᠦ ᠴᠢᠳᠠᠪᠣᠷᠢ ᠮᠡᠳᠡᠭᠳᠡᠮ᠎ᠡ ᠭᠦᠢᠴᠡᠳ ᠪᠣᠰᠣ︔ ᠰᠠᠭᠤᠷᠢ ᠲᠦᠭᠦᠭᠡᠷᠦᠮᠵᠢ  ᠶᠢᠨ ᠪᠦᠲᠦᠭᠡᠨ ᠪᠠᠶᠢᠭᠤᠯᠣᠯᠳᠠ ᠬᠠᠷᠢᠴᠠᠩᠭᠤᠢ ᠬᠤᠴᠣᠷᠣᠩᠭᠤᠢ᠂ ᠣᠰᠣᠨ ᠤ ᠡᠬᠢ ᠪᠠᠶᠠᠯᠢᠭ ᠬᠦᠨᠳᠦ ᠨᠣᠴᠢᠳᠠᠢ ᠳᠣᠳᠠᠭᠳᠠᠵᠣ᠂ ᠳᠠᠭᠠᠭᠠᠴᠠ ᠴᠢᠳᠠᠪᠣᠷᠢ ᠪᠠᠨ ᠳᠡᠭᠡᠭᠰᠢᠯᠡᠭᠦᠯᠬᠦ ᠴᠢᠬᠤᠯᠠᠳᠠᠢ︔ ᠪᠣᠭᠤᠮᠳᠠ ᠶᠢᠨ ᠳᠠᠪᠠᠭᠤᠯᠢᠭ ᠢᠶᠠᠨ ᠬᠠᠷᠠᠬᠠᠨ ᠭᠦᠢᠴᠡᠳ ᠪᠠᠳᠠᠷᠠᠭᠤᠯᠵᠣ ᠴᠢᠳᠠᠭ᠎ᠠ ᠦᠬᠡᠢ᠂ ᠳᠣᠳᠣᠭᠠᠳᠣ ᠭᠠᠳᠠᠭᠠᠳᠣ ᠳᠤ ᠨᠡᠭᠡᠭᠡᠯᠳᠡ ᠪᠠᠨ ᠦᠷᠭᠡᠳᠭᠡᠨ ᠂ ᠭᠠᠳᠠᠭᠠᠳᠣ ᠳᠤ ᠬᠠᠨᠳᠣᠭᠰᠠᠨ ᠠᠵᠣ ᠠᠬᠤᠢ ᠪᠠᠨ ᠲᠦᠷᠭᠡᠳᠭᠡᠨ ᠬᠦᠭᠵᠢᠭᠦᠯᠬᠦ ᠡᠭᠦᠷᠭᠡ ᠨᠦᠰᠡᠷ ᠬᠦᠨᠳᠦ︔ ᠨᠡᠶᠢᠭᠡᠮ ᠤᠨ ᠦᠢᠯᠡᠰ ᠤᠨ ᠬᠦᠭᠵᠢᠯᠳᠡ ᠶᠢᠨ ᠪᠦᠬᠦᠶᠢᠯᠡ ᠲᠦᠪᠰᠢᠨ ᠦᠨᠳᠦᠷ ᠪᠣᠰᠣ᠂ ᠠᠷᠠᠳ ᠤᠨ ᠠᠮᠢᠳᠣᠷᠠᠯ ᠤᠨ ᠴᠢᠨᠠᠷ ᠴᠢᠨᠰᠠᠭ᠎ᠠ ᠶᠢ ᠪᠠᠰᠠ ᠳᠠᠰᠣᠷᠠᠯᠳᠠ ᠦᠬᠡᠢ ᠳᠡᠭᠡᠭᠰᠢᠯᠡᠭᠦᠯᠬᠦ ᠴᠢᠬᠤᠯᠠᠳᠠᠢ︔ ᠬᠦᠮᠦᠨ ᠢ ᠨᠢᠭᠳᠠᠷᠠᠭᠤᠯᠣᠨ ᠬᠤᠳᠠᠯᠳᠤᠭ᠎ᠠ ᠶᠢ ᠲᠦᠪᠯᠡᠷᠡᠭᠦᠯᠬᠦ ᠠᠮᠢᠵᠢᠷᠠᠯ ᠤᠨ ᠬᠦᠴᠦᠨ ᠳᠣᠳᠠᠮᠠᠭ᠂ ᠴᠢᠳᠠᠪᠣᠷᠢᠳᠠᠨ ᠳᠣᠳᠠᠭᠳᠠᠵᠣ ᠪᠠᠶᠢᠭ᠎ᠠ ᠪᠠᠶᠢᠳᠠᠯ ᠪᠠᠰᠠ ᠦᠨᠳᠦᠰᠦᠨ ᠠᠴᠠ ᠪᠠᠨ ᠰᠢᠢᠳᠪᠦᠷᠢᠯᠡᠭᠳᠡᠵᠣ ᠴᠢᠳᠠᠭ᠎ᠠ ᠦᠬᠡᠢ︔ ᠨᠡᠶᠢᠭᠡᠮ ᠤᠨ ᠵᠠᠰᠠᠨ ᠴᠡᠭᠴᠡᠯᠡᠬᠦ ᠰᠢᠰᠲ᠋ᠧᠮ ᠪᠠ ᠵᠠᠰᠠᠨ ᠴᠡᠭᠴᠡᠯᠡᠬᠦ ᠴᠢᠳᠠᠪᠣᠷᠢ ᠳᠡᠭᠦᠯᠲᠡᠷᠵᠢᠭᠡ ᠦᠭᠡᠢ ᠪᠠᠶᠢᠭᠰᠠᠭᠠᠷ᠂ ᠬᠤᠳᠠ ᠶᠢᠨ ᠠᠷᠠᠳ ᠤᠨ ᠪᠣᠯᠪᠠᠰᠣᠨ ᠬᠡᠪ ᠴᠢᠨᠰᠠᠭ᠎ᠠ ᠪᠠ ᠨᠡᠶᠢᠭᠡᠮ ᠤᠨ ᠪᠣᠯᠪᠠᠰᠣᠨ ᠤ ᠬᠡᠮᠵᠢᠶ᠎ᠡ ᠶᠢ ᠪᠠᠰᠠ ᠳᠡᠭᠡᠭᠰᠢᠯᠡᠭᠦᠯᠬᠦ ᠴᠢᠬᠤᠯᠠᠳᠠᠢ᠃      ︽ᠠᠷᠪᠠᠨ ᠭᠤᠷᠪᠠᠳᠣᠭᠠᠷ ᠳᠠᠪᠣᠨ ᠵᠢᠯ︾ ᠤᠨ ᠬᠤᠭᠤᠴᠠᠭᠠᠨ ᠳᠤ᠂ ᠡᠯ᠎ᠡ ᠲᠦᠷᠦᠯ ᠤᠨ ᠬᠦᠴᠢᠷ ᠪᠡᠷᠬᠡᠰᠢᠶᠡᠯ ᠪᠣᠯᠣᠨ ᠦᠷᠢᠰᠦᠯᠳᠦᠭᠡᠨ ᠢ ᠢᠳᠡᠪᠬᠢᠲᠡᠢ ᠠᠷᠭᠠᠴᠠᠭᠠᠵᠣ᠂ ᠰᠢᠨ᠎ᠡ ᠪᠠᠶᠢᠳᠠᠯ ᠳᠤ ᠵᠣᠬᠢᠴᠠᠨ᠂ ᠰᠢᠨ᠎ᠡ ᠪᠠᠶᠢᠳᠠᠯ ᠢ ᠡᠵᠡᠮᠳᠡᠵᠣ᠂ ᠰᠢᠨ᠎ᠡ ᠪᠠᠶᠢᠳᠠᠯ ᠢ ᠬᠦᠰᠡᠨ ᠪᠠᠷᠠᠭᠠᠯᠠᠨ᠂ ᠠᠵᠣ ᠠᠬᠤᠢ ᠨᠡᠶᠢᠭᠡᠮ ᠤᠨ ᠬᠦᠭᠵᠢᠯᠳᠡ ᠶᠢᠨ ᠰᠢᠨ᠎ᠡ ᠴᠠᠷ᠎ᠠ ᠬᠦᠷᠢᠶ᠎ᠡ ᠪᠠᠨ ᠳᠠᠰᠣᠷᠠᠯᠳᠠ ᠦᠬᠡᠢ ᠦᠷᠭᠡᠳᠭᠡᠨ᠎ᠡ᠃ ᠭᠤᠷᠪᠠᠳᠣᠭᠠᠷ ᠪᠦᠯᠦᠭ   ᠬᠦᠭᠵᠢᠯᠳᠡ ᠶᠢᠨ ᠠᠯᠣᠰ ᠤᠨ ᠬᠦᠰᠡᠯ ᠨᠢᠭᠡᠳᠦᠭᠡᠷ ᠬᠡᠰᠡᠭ   ᠵᠢᠯᠣᠭᠤᠳᠬᠤ ᠦᠵᠡᠯ ᠰᠠᠨᠠᠭ᠎ᠠ      ᠨᠠᠮ ᠤᠨ ᠠᠷᠪᠠᠨ ᠨᠠᠢᠮᠠᠳᠣᠭᠠᠷ ᠶᠡᠭᠡ ᠬᠤᠷᠠᠯ ᠪᠣᠯᠣᠨ ᠠᠷᠪᠠᠨ ᠨᠠᠢᠮᠠᠳᠣᠭᠠᠷ ᠬᠤᠭᠤᠴᠠᠭᠠᠨ ᠭᠤᠷᠪᠠᠳᠣᠭᠠᠷ᠂ ᠲᠦᠷᠪᠡᠳᠦᠭᠡᠷ᠂ ᠲᠠᠪᠣᠳᠣᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠪᠠᠷ ᠵᠢᠯᠣᠭᠤᠳᠣᠯᠭ᠎ᠠ ᠪᠣᠯᠭᠠᠨ᠂ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ ᠶᠡᠷᠢᠶ᠎ᠠ ᠪᠠ ᠦᠪᠦᠷ ᠮᠣᠩᠭᠤᠯ ᠳᠤ ᠳᠣᠭᠤᠷᠢᠨ ᠪᠠᠶᠢᠴᠠᠭᠠᠬᠤ ᠦᠶ᠎ᠡ  ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠬᠦᠨᠵᠡᠭᠡᠢ ᠳᠣᠣᠱᠯᠠᠭᠤᠯᠵᠣ᠂ ︽ᠲᠦᠷᠪᠡᠨ ᠪᠦᠬᠦ ᠳᠠᠯ᠎ᠠ︾ ᠶᠢᠨ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠶᠢᠨ ᠳᠣᠭᠤᠷᠢᠨ ᠳᠤ᠂ ᠦᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ︽8337︾ ᠬᠦᠭᠵᠢᠯᠳᠡ ᠶᠢᠨ ᠰᠡᠳᠬᠢᠴᠡ ᠪᠠ ᠶᠢᠰᠦᠳᠦᠭᠡᠷ ᠬᠤᠭᠤᠴᠠᠭᠠᠨ ᠤ ᠠᠷᠪᠠᠨ ᠲᠦᠷᠪᠡᠳᠦᠭᠡᠷ ᠣᠳᠠᠭᠠᠨ ᠤ ᠪᠦᠬᠦᠳᠡ ᠭᠡᠰᠢᠭᠦᠳ ︵ᠦᠷᠭᠡᠳᠭᠡᠭᠰᠡᠨ︶ ᠤᠨ ᠬᠤᠷᠠᠯᠳᠣᠭᠠᠨ ᠵᠢᠴᠢ ᠬᠤᠳᠠ ᠶᠢᠨ ᠨᠠᠮ  ᠤᠨ ᠬᠤᠷᠢᠶᠠᠨ ᠤ ᠠᠷᠪᠠᠨ ᠬᠤᠶᠠᠳᠣᠭᠠᠷ ᠬᠤᠭᠤᠴᠠᠭᠠᠨ ᠤ ᠶᠢᠰᠦᠳᠦᠭᠡᠷ ᠣᠳᠠᠭᠠᠨ ᠤ ᠪᠦᠬᠦᠳᠡ ᠬᠡᠰᠢᠭᠦᠳ ︵ᠦᠷᠭᠡᠳᠭᠡᠭᠰᠡᠨ︶ ᠤᠨ ᠬᠤᠷᠠᠯᠳᠣᠭᠠᠨ ᠤ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠨᠠᠶᠢᠳᠠᠪᠣᠷᠢᠵᠢᠭᠤᠯᠣᠨ᠂ ᠬᠦᠭᠵᠢᠯᠳᠡ ᠪᠣᠯ ᠲᠡᠷᠢᠭᠦᠨ ᠡᠭᠦᠷᠭᠡ ᠭᠡᠳᠡᠭ ᠢ ᠪᠠᠷᠢᠮᠳᠠᠯᠠᠵᠣ᠂ ᠬᠦᠭᠵᠢᠯᠳᠡ ᠶᠢᠨ ᠴᠢᠨᠠᠷ ᠴᠢᠨᠰᠠᠭ᠎ᠠ ᠪᠠ ᠦᠷ᠎ᠡ ᠠᠰᠢᠭ ᠢᠶᠠᠷ ᠲᠦᠪ ᠪᠣᠯᠭᠠᠨ᠂ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ  ᠤᠨ ᠪᠦᠲᠦᠭᠡᠨ ᠪᠠᠶᠢᠭᠤᠯᠣᠯᠳᠠ ᠪᠠᠷ ᠣᠳᠣᠷᠢᠳᠣᠭᠤᠯᠣᠨ᠂ ᠳᠣᠭᠳᠠᠭᠤᠨ ᠳᠣᠮᠳᠠ ᠬᠦᠭᠵᠢᠬᠦ ᠶᠢ ᠪᠠᠷᠢᠮᠳᠠᠯᠠᠵᠣ᠂ ᠰᠢᠨ᠎ᠡ ᠶᠢ ᠡᠭᠦᠳᠬᠦ᠂ ᠵᠣᠬᠢᠴᠠᠩᠭᠤᠢ᠂ ᠪᠣᠬᠢᠷᠳᠠᠯ ᠦᠬᠡᠢ᠂ ᠨᠡᠭᠡᠭᠡᠯᠳᠡ ᠲᠠᠢ᠂ ᠬᠠᠮᠳᠣᠪᠡᠷ ᠡᠳ᠋ᠯᠡᠬᠦ ᠬᠦᠭᠵᠢᠯᠳᠡ ᠶᠢᠨ ᠣᠶᠢᠯᠠᠭᠠᠭᠳᠠᠬᠤᠨ ᠢ ᠪᠠᠷᠢᠮᠳᠠᠯᠠᠵᠣ᠂ ᠠᠵᠣ ᠠᠬᠤᠢ ᠶᠢᠨ ᠪᠠᠶᠢᠭᠤᠯᠣᠯᠳᠠ᠂ ᠣᠯᠣᠰ ᠲᠦᠷᠦ ᠶᠢᠨ ᠪᠠᠶᠢᠭᠤᠯᠣᠯᠳᠠ᠂ ᠰᠣᠶᠣᠯ ᠤᠨ ᠪᠠᠶᠢᠭᠤᠯᠣᠯᠳᠠ᠂ ᠨᠡᠶᠢᠭᠡᠮ ᠤᠨ ᠪᠠᠶᠢᠭᠤᠯᠣᠯᠳᠠ᠂ ᠠᠮᠢ ᠠᠬᠤᠢ ᠶᠢᠨ ᠪᠣᠯᠪᠠᠰᠣᠨ ᠤ ᠪᠠᠶᠢᠭᠤᠯᠣᠯᠳᠠ ᠪᠠ ᠨᠠᠮ ᠤᠨ ᠪᠠᠶᠢᠭᠤᠯᠣᠯᠳᠠ ᠶᠢ ᠨᠢᠭᠡᠲᠦᠯᠳᠡᠢ ᠲᠦᠯᠦᠪᠯᠡᠨ᠂ ᠪᠦᠬᠦ ᠣᠷᠣᠨ ᠳᠤ ᠲᠦᠷᠦᠭᠦᠯᠡᠨ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠣᠨ ᠪᠡᠶᠡᠯᠡᠭᠦᠯᠬᠦ ᠶᠢ ᠪᠠᠳᠣᠯᠠᠵᠣ᠂ ᠪᠣᠭᠤᠮᠳᠠ ᠬᠤᠳᠠ ᠶᠢ ᠠᠵᠣ ᠠᠬᠤᠢ ᠨᠡᠩ ᠴᠡᠴᠡᠭᠯᠡᠨ ᠬᠦᠭᠵᠢᠵᠣ᠂ ᠨᠡᠶᠢᠭᠡᠮ ᠨᠡᠩ ᠡᠶ᠎ᠡ ᠵᠣᠬᠢᠴᠠᠩᠭᠤᠢ᠂ ᠦᠬᠡᠷᠡᠴᠢᠯᠡᠯᠳᠡ ᠨᠡᠭᠡᠭᠡᠯᠳᠡ ᠨᠡᠩ ᠬᠦᠨᠵᠡᠭᠡᠶᠢᠷᠡᠭᠰᠡᠨ᠂ ᠬᠠᠦᠯᠢ  ᠪᠠᠷ ᠵᠠᠰᠠᠬᠤ ᠨᠡᠩ  ᠳᠡᠭᠦᠯᠳᠡᠷᠵᠢᠭᠰᠡᠨ᠂ ᠠᠮᠢ ᠠᠬᠤᠢ ᠨᠡᠩ ᠪᠣᠯᠪᠠᠰᠣᠨ᠂ ᠠᠷᠠᠳ ᠲᠦᠮᠡᠨ ᠨᠡᠩ ᠪᠠᠶᠠᠨ ᠴᠢᠨᠡᠭᠡᠯᠢᠭ᠂ ᠬᠢᠯᠢ ᠬᠢᠵᠠᠭᠠᠷ ᠨᠡᠩ ᠳᠠᠶᠢᠪᠣᠩ ᠳᠣᠭᠳᠠᠭᠤᠨ ᠪᠣᠯᠭᠠᠵᠣ᠂ ᠡᠷᠢᠶᠡᠨ ᠬᠤᠳᠠ ᠶᠢ ᠣᠮᠠᠷᠠᠰᠢ ᠨᠡᠭᠡᠭᠡᠯᠳᠡ ᠶᠢᠨ ︽ᠠᠯᠳᠠᠨ ᠰᠢᠷᠭᠠᠯ ᠬᠦᠬᠦᠷᠭᠡᠨ ᠪᠠᠬᠢᠯᠡᠯᠳᠡ︾᠂ ᠳᠣᠷᠭᠠᠨ ᠵᠠᠮ ᠤᠨ ᠠᠵᠣ ᠠᠬᠤᠢ ᠶᠢᠨ ᠪᠦᠰᠡ ᠶᠢᠨ ᠴᠢᠬᠤᠯᠠ ᠣᠯᠠᠨ ᠣᠯᠣᠰ ᠤᠨ ᠪᠠᠷᠠᠭᠠᠨ ᠤ ᠭᠦᠢᠯᠭᠡᠭᠡᠨ ᠤ ᠵᠠᠩᠬᠢᠯᠠᠭ᠎ᠠ᠂ ᠬᠢᠯᠢ ᠳᠠᠭᠠᠣ ᠠᠵᠣ ᠠᠬᠤᠢ ᠶᠢᠨ ᠪᠦᠰᠡ ᠶᠢᠨ ᠴᠢᠬᠤᠯᠠ ᠦᠰᠦᠯᠳᠡ ᠶᠢᠨ ᠲᠦᠢᠯ ᠪᠠ ᠠᠷᠠᠳ ᠢᠶᠠᠨ ᠪᠠᠶᠠᠵᠢᠭᠤᠯᠵᠣ ᠬᠢᠯᠢ ᠬᠢᠵᠠᠭᠠᠷ ᠢᠶᠠᠨ ᠳᠣᠭᠳᠠᠪᠣᠷᠢᠵᠢᠭᠤᠯᠣᠭᠰᠠᠨ ᠨᠦᠬᠦᠷᠰᠡᠭ ᠬᠦᠷᠰᠢ ᠶᠢᠨ ᠵᠢᠱᠢᠶᠡᠴᠢ ᠪᠣᠭᠤᠮᠳᠠ ᠪᠣᠯᠭᠠᠨ ᠴᠢᠷᠮᠠᠶᠢᠨ ᠪᠠᠶᠢᠭᠤᠯᠵᠣ᠂ ᠡᠬᠡ ᠣᠯᠣᠰ ᠤᠨ ᠣᠮᠠᠷᠠᠳᠣ ᠬᠢᠯᠢ ᠶᠢᠨ ᠬᠡᠬᠡᠨᠴᠢᠷ ᠦᠵᠡᠮᠵᠢ ᠶᠢᠨ ᠱᠣᠭᠤᠮ ᠢ ᠴᠣᠭᠴᠠᠯᠠᠬᠤ ᠳᠤ ᠰᠢᠨ᠎ᠡ ᠨᠡᠩ ᠶᠡᠭᠡ ᠨᠡᠮᠡᠷᠢ ᠬᠠᠨᠳᠢᠪ ᠦᠵᠡᠭᠦᠯᠦᠨ᠎ᠡ᠃ ᠬᠤᠶᠠᠳᠣᠭᠠᠷ ᠬᠡᠰᠡᠭ   ᠦᠨᠳᠦᠰᠦᠨ ᠵᠠᠷᠴᠢᠮ     ᠠᠷᠠᠳ ᠲᠦᠮᠡᠨ ᠤ ᠭᠤᠣᠯ ᠴᠣᠭᠴᠠ ᠶᠢᠨ ᠪᠠᠶᠢᠷᠢ ᠰᠠᠭᠤᠷᠢ ᠶᠢ ᠪᠠᠷᠢᠮᠳᠠᠯᠠᠨ᠎ᠠ᠃ ᠠᠷᠠᠳ ᠲᠦᠮᠡᠨ ᠪᠣᠯ ᠬᠦᠭᠵᠢᠯᠳᠡ ᠶᠢ ᠲᠦᠯᠬᠢᠨ ᠠᠬᠢᠭᠤᠯᠬᠤ ᠦᠨᠳᠦᠰᠦᠨ ᠬᠦᠴᠦᠨ ᠭᠡᠳᠡᠭ ᠢ ᠪᠠᠳᠣ ᠴᠡᠭᠡᠵᠢᠯᠡᠵᠣ᠂ ᠠᠷᠠᠳ ᠲᠦᠮᠡᠨ  ᠢᠶᠠᠷ ᠭᠤᠣᠯ ᠪᠣᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠪᠣᠢ ᠪᠣᠯᠭᠠᠨ᠂ ᠠᠷᠠᠳ ᠲᠦᠮᠡᠨ ᠤ ᠵᠣᠯ ᠵᠢᠷᠭᠠᠯ ᠢ ᠨᠡᠮᠡᠭᠳᠡᠭᠦᠯᠵᠣ᠂ ᠬᠦᠮᠦᠨ ᠤ ᠪᠦᠬᠦ ᠲᠠᠯ᠎ᠠ ᠶᠢᠨ ᠬᠦᠭᠵᠢᠯᠳᠡ ᠶᠢ ᠠᠬᠢᠭᠤᠯᠬᠤ ᠶᠢ ᠬᠦᠭᠵᠢᠯᠳᠡ ᠶᠢᠨ ᠡᠬᠢᠯᠡᠯᠳᠡ ᠶᠢᠨ ᠴᠡᠭ ᠪᠠ ᠳᠡᠭᠦᠰᠭᠡᠯ ᠤᠨ ᠴᠡᠭ ᠪᠣᠯᠭᠠᠨ᠂ ᠠᠷᠠᠳ ᠲᠦᠮᠡᠨ ᠤ ᠢᠳᠡᠪᠬᠢᠲᠣ ᠴᠢᠨᠡᠷ᠂ ᠰᠠᠨᠠᠭᠠᠴᠢᠯᠠᠭᠠᠳᠣ ᠴᠢᠨᠡᠷ᠂ ᠡᠭᠦᠳᠦᠯᠳᠦ ᠴᠢᠨᠡᠷ ᠢ ᠳᠠᠶᠢᠴᠢᠯᠠᠵᠣ᠂ ᠠᠷᠠᠳ ᠲᠦᠮᠡᠨ ᠤ ᠡᠷᠬᠡ ᠳᠡᠭᠰᠢ ᠪᠠᠷ ᠣᠷᠣᠯᠴᠠᠨ᠂ ᠡᠷᠬᠡ ᠳᠡᠭᠰᠢ ᠪᠠᠷ ᠬᠦᠭᠵᠢᠭᠦ ᠡᠷᠬᠡ ᠶᠢ ᠪᠠᠳᠣᠯᠠᠵᠣ᠂ ᠡᠯ᠎ᠡ ᠦᠨᠳᠦᠰᠦᠳᠡᠨ ᠤ ᠠᠷᠠᠳ ᠲᠦᠮᠡᠨ ᠤ ᠦᠨᠳᠦᠰᠦᠨ ᠠᠰᠢᠭ ᠳᠣᠰᠠ ᠶᠢ ᠰᠠᠶᠢᠳᠣᠷ ᠪᠡᠶᠡᠯᠡᠭᠦᠯᠦᠨ᠂ ᠰᠠᠶᠢᠳᠣᠷ ᠬᠠᠮᠠᠭᠠᠯᠠᠵᠣ᠂ ᠰᠠᠶᠢᠳᠣᠷ ᠬᠦᠭᠵᠢᠭᠦᠯᠦᠨ᠎ᠡ᠃     ᠰᠢᠨᠵᠢᠯᠡᠬᠦ ᠣᠬᠠᠭᠠᠨᠴᠢ ᠬᠦᠭᠵᠢᠯᠳᠡ ᠶᠢ ᠪᠠᠷᠢᠮᠳᠠᠯᠠᠨ᠎ᠠ᠃ ᠬᠦᠭᠵᠢᠯᠳᠡ ᠪᠣᠯ ᠬᠠᠳᠠᠭᠤ ᠶᠣᠰᠣ ᠭᠡᠳᠡᠭ ᠪᠠᠶᠢᠯᠳᠣᠬᠤ ᠪᠣᠳᠣᠯᠭ᠎ᠠ ᠶᠢᠨ ᠦᠵᠡᠯ ᠰᠠᠨᠠᠭ᠎ᠠ ᠶᠢ ᠪᠠᠳᠣ ᠴᠡᠭᠡᠵᠢᠯᠡᠵᠣ᠂ ᠪᠠᠭᠤᠷᠠᠢ ᠬᠦᠭᠵᠢᠯᠳᠡ ᠶᠢᠨ ᠦᠨᠳᠦᠰᠦᠨ ᠪᠠᠶᠢᠳᠠᠯ ᠠᠴᠠ ᠭᠠᠷᠳᠠᠨ᠂ ᠠᠵᠣ ᠠᠬᠤᠢ ᠶᠢᠨ ᠪᠦᠲᠦᠭᠡᠨ ᠪᠠᠶᠢᠭᠤᠯᠣᠯᠳᠠ ᠪᠠᠷ ᠭᠤᠣᠯ ᠪᠣᠯᠭᠠᠵᠣ᠂ ᠠᠵᠣ ᠠᠬᠤᠢ  ᠶᠢᠨ ᠬᠦᠭᠵᠢᠯᠳᠡ ᠶᠢᠨ ᠰᠢᠨ᠎ᠡ ᠪᠠᠶᠢᠳᠠᠯ ᠳᠣᠣᠷᠠᠬᠢ ᠰᠢᠨ᠎ᠡ ᠣᠨᠴᠠᠯᠢᠭ ᠢ ᠣᠶᠢᠯᠠᠭᠠᠨ ᠡᠵᠡᠮᠳᠡᠵᠣ᠂ ᠠᠵᠣ ᠠᠬᠤᠢ  ᠶᠢᠨ ᠬᠦᠭᠵᠢᠯᠳᠡ ᠶᠢᠨ ᠬᠡᠯᠪᠡᠷᠢ ᠪᠠᠨ ᠲᠦᠷᠭᠡᠨ ᠬᠤᠪᠢᠷᠠᠭᠤᠯᠵᠣ᠂ ᠠᠵᠣ ᠠᠬᠤᠢ ᠶᠢᠨ ᠶᠡᠷᠦᠩᠬᠡᠢ ᠬᠡᠮᠵᠢᠶ᠎ᠡ ᠶᠢ ᠶᠡᠬᠡᠰᠬᠡᠨ᠂ ᠨᠡᠩ ᠦᠨᠳᠦᠷ ᠴᠢᠨᠠᠷ ᠴᠢᠨᠰᠠᠭ᠎ᠠ ᠲᠠᠢ᠂ ᠨᠡᠩ ᠦᠷ᠎ᠡ ᠠᠰᠢᠭᠳᠠᠢ᠂ ᠨᠡᠩ ᠡᠷᠬᠡ ᠳᠡᠭᠰᠢ᠂ ᠨᠡᠩ ᠦᠷᠭᠦᠯᠵᠢᠯᠡᠨ ᠬᠦᠭᠵᠢᠭᠦ ᠶᠢ ᠪᠡᠶᠡᠯᠡᠭᠦᠯᠦᠨ᠎ᠡ᠃      ᠦᠭᠡᠷᠡᠴᠢᠯᠡᠯᠳᠡ ᠶᠢ ᠬᠦᠨᠵᠡᠭᠡᠶᠢᠷᠡᠭᠦᠯᠬᠦ ᠶᠢ ᠪᠠᠷᠢᠮᠳᠠᠯᠠᠨ᠎ᠠ᠃ ᠦᠭᠡᠷᠡᠴᠢᠯᠡᠯᠳᠡ ᠪᠣᠯ ᠬᠦᠭᠵᠢᠯᠳᠡ ᠶᠢᠨ ᠬᠦᠴᠦᠳᠡᠢ ᠬᠦᠳᠡᠯᠭᠡᠬᠦ ᠬᠦᠴᠦᠨ ᠭᠡᠳᠡᠭ ᠢ ᠪᠠᠳᠣ ᠴᠡᠭᠡᠵᠢᠯᠡᠵᠣ᠂ ᠵᠠᠬ᠎ᠠ ᠳᠡᠯᠭᠡᠭᠦᠷ ᠤᠨ ᠡᠬᠢ ᠪᠠᠶᠠᠯᠢᠭ ᠢ ᠳᠣᠬᠢᠷᠠᠭᠤᠯᠬᠤ ᠳᠣᠮᠳᠠ ᠰᠢᠢᠳᠪᠦᠷᠢᠡᠯᠬᠦ ᠴᠢᠨᠠᠷᠳᠠᠢ ᠦᠢᠯᠡᠳᠦᠯ ᠦᠵᠡᠭᠦᠯᠬᠦ ᠪᠠ ᠵᠠᠰᠠᠭ ᠤᠨ ᠣᠷᠳᠣᠨ ᠤ ᠦᠢᠯᠡᠳᠦᠯ  ᠢ ᠨᠡᠩ ᠰᠠᠶᠢᠨ ᠪᠠᠳᠠᠷᠠᠭᠤᠯᠬᠤ ᠶᠢᠨ ᠳᠣᠭᠤᠷᠢᠨ ᠳᠤ᠂ ᠠᠵᠣ ᠠᠬᠤᠢ ᠶᠢᠨ ᠪᠠᠶᠢᠭᠤᠯᠣᠮᠵᠢ ᠶᠢᠨ ᠦᠭᠡᠷᠡᠴᠢᠯᠡᠯᠳᠡ ᠪᠠᠷ ᠭᠤᠣᠯ ᠪᠣᠯᠭᠠᠨ᠂ ᠡᠯ᠎ᠡ ᠳᠠᠯ᠎ᠠ ᠶᠢᠨ ᠪᠠᠶᠢᠭᠤᠯᠣᠮᠵᠢ ᠳᠣᠭᠳᠠᠯᠴᠠᠭ᠎ᠠ ᠶᠢ ᠲᠦᠷᠭᠡᠨ ᠳᠡᠭᠦᠯᠳᠡᠷᠵᠢᠭᠦᠯᠵᠣ᠂ ᠰᠢᠨᠵᠢᠯᠡᠬᠦ ᠣᠬᠠᠭᠠᠨᠴᠢ ᠬᠦᠭᠵᠢᠯᠳᠡ ᠳᠤ ᠠᠰᠢᠭ ᠦᠬᠡᠢ ᠠᠯᠢᠪᠠ ᠪᠠᠶᠢᠭᠤᠯᠣᠮᠵᠢ ᠳᠣᠭᠳᠠᠯᠴᠠᠭ᠎ᠠ ᠶᠢ ᠠᠷᠢᠯᠭᠠᠨ᠂ ᠬᠦᠭᠵᠢᠯᠳᠡ  ᠳᠤ ᠦᠨᠢᠳᠡ ᠶᠢᠨ ᠬᠦᠳᠡᠯᠭᠡᠬᠦ ᠬᠦᠴᠦᠨ ᠢ ᠬᠠᠩᠭᠠᠨ᠎ᠠ᠃      ᠬᠠᠦᠯᠢ ᠪᠠᠷ ᠬᠤᠳᠠ ᠪᠠᠨ ᠵᠠᠰᠠᠬᠤ ᠶᠢ ᠪᠠᠷᠢᠮᠳᠠᠯᠠᠨ᠎ᠠ᠃ ᠬᠠᠦᠯᠢ ᠪᠠᠷ ᠵᠠᠰᠠᠬᠤ ᠪᠣᠯ ᠠᠵᠣ ᠠᠬᠤᠢ ᠨᠡᠶᠢᠭᠡᠮ  ᠤᠨ ᠬᠦᠭᠵᠢᠯᠳᠡ ᠶᠢᠨ ᠨᠠᠶᠢᠳᠠᠪᠣᠷᠢᠳᠠᠢ ᠪᠠᠳᠣᠯᠠᠭ᠎ᠠ ᠭᠡᠳᠡᠭ ᠢ ᠪᠠᠳᠣ ᠴᠡᠭᠡᠵᠢᠯᠡᠵᠣ᠂ ᠳᠣᠮᠳᠠᠳᠣ ᠣᠯᠣᠰ ᠤᠨ ᠣᠨᠴᠠᠯᠢᠭᠳᠣ ᠨᠡᠶᠢᠭᠡᠮ ᠵᠢᠷᠣᠮ ᠤᠨ ᠬᠠᠦᠯᠢ ᠪᠠᠷ ᠵᠠᠰᠠᠬᠤ ᠵᠠᠮ ᠢᠶᠠᠷ ᠶᠠᠪᠣᠬᠤ ᠶᠢ ᠭᠤᠶᠢᠪᠢᠰᠢ ᠦᠬᠡᠢ ᠪᠠᠷᠢᠮᠳᠠᠯᠠᠨ᠂ ᠬᠠᠦᠯᠢ ᠪᠠᠷ ᠵᠠᠰᠠᠭ ᠪᠠᠷᠢᠬᠤ᠂ ᠬᠠᠳᠠᠭᠤ ᠴᠢᠩᠭ᠎ᠠ ᠪᠠᠷ ᠬᠠᠦᠯᠢ ᠬᠡᠷᠡᠭᠵᠢᠭᠦᠯᠬᠦ᠂ ᠭᠤᠣᠯᠴᠢ ᠪᠠᠷ ᠬᠠᠦᠯᠢ ᠴᠠᠭᠠᠵᠠ ᠬᠡᠷᠡᠭᠵᠢᠭᠦᠯᠬᠦ᠂ ᠪᠦᠬᠦ ᠠᠷᠠᠳ ᠬᠠᠦᠯᠢ ᠰᠠᠬᠢᠬᠤ ᠶᠢ ᠲᠦᠯᠬᠢᠨ ᠠᠬᠢᠭᠤᠯᠵᠣ᠂ ᠨᠡᠶᠢᠭᠡᠮ ᠤᠨ ᠬᠠᠮᠢᠶᠠᠷᠣᠯᠳᠠ ᠶᠢ ᠴᠢᠩᠭᠠᠳᠬᠠᠨ ᠰᠢᠨᠡᠴᠢᠯᠡᠵᠣ᠂ ᠨᠡᠶᠢᠭᠡᠮ ᠤᠨ ᠡᠷᠬᠡ ᠳᠡᠭᠰᠢ ᠲᠦᠪ ᠭᠤᠣᠯᠴᠢ ᠶᠢ ᠬᠠᠮᠠᠭᠠᠯᠠᠨ᠂ ᠨᠡᠶᠢᠭᠡᠮ ᠤᠨ ᠡᠶ᠎ᠡ‌ᠵᠣᠬᠢᠴᠠᠩᠭᠤᠢ ᠳᠣᠭᠳᠠᠭᠤᠨ ᠢ ᠪᠠᠳᠣᠯᠠᠨ᠎ᠠ᠃      ᠭᠠᠳᠠᠭᠠᠳᠣ ᠳᠤ ᠨᠡᠭᠡᠭᠡᠯᠳᠡ ᠲᠠᠢ ᠳᠣᠳᠣᠭᠠᠳᠣ ᠳᠤ ᠪᠠᠨ ᠬᠤᠯᠪᠣᠭᠠᠯᠠᠬᠤ ᠶᠢ ᠪᠠᠷᠢᠮᠳᠠᠯᠠᠨ᠎ᠠ᠃ ᠨᠡᠭᠡᠭᠡᠯᠳᠡ ᠪᠣᠯ ᠬᠦᠭᠵᠢᠯᠳᠡ ᠶᠢᠨ ᠵᠠᠶᠢᠯᠠᠰᠢ ᠦᠬᠡᠢ ᠱᠠᠭᠠᠷᠳᠠᠯᠭ᠎ᠠ ᠭᠡᠳᠡᠭ ᠢ ᠪᠠᠳᠣ ᠴᠡᠭᠡᠵᠢᠯᠡᠵᠣ᠂ ᠣᠯᠣᠰ ᠤᠨ ︽ᠨᠢᠭᠡ ᠪᠦᠰᠡ ᠨᠢᠭᠡ ᠵᠠᠮ︾ ᠪᠠᠶᠢᠯᠳᠣᠬᠤ ᠪᠣᠳᠣᠯᠭ᠎ᠠ ᠶᠢ ᠬᠦᠨᠵᠡᠭᠡᠢ ᠨᠠᠶᠢᠳᠠᠪᠣᠷᠢᠵᠢᠭᠤᠯᠣᠨ᠂ ︽ᠳᠠᠳᠠᠨ ᠣᠷᠣᠭᠤᠯᠬᠤ︾ ᠪᠠ ︽ᠭᠠᠷᠴᠣ ᠶᠠᠪᠣᠬᠤ︾ ᠶᠢ ᠵᠡᠷᠭᠡᠪᠡᠷ ᠴᠢᠬᠤᠯᠠᠴᠢᠯᠠᠬᠤ ᠶᠢ ᠪᠠᠷᠢᠮᠳᠠᠯᠠᠵᠣ᠂ ︽ᠬᠤᠶᠠᠷ ᠵᠦᠢᠯ ᠤᠨ ᠡᠬᠢ ᠪᠠᠶᠠᠯᠢᠭ︾ ᠲᠤ ᠲᠦᠰᠢᠭᠯᠡᠨ᠂ ︽ᠬᠤᠶᠠᠷ ᠵᠠᠬ᠎ᠠ ᠳᠡᠯᠭᠡᠭᠦᠷ︾ ᠢ ᠨᠡᠭᠡᠭᠡᠵᠣ᠂ ᠳᠣᠮᠳᠠᠳᠣ ᠮᠣᠩᠭᠤᠯ ᠣᠷᠣᠰ ᠤᠨ ᠠᠵᠣ ᠠᠬᠤᠢ ᠶᠢᠨ ᠬᠤᠩᠬᠢᠯ ᠢ ᠪᠦᠲᠦᠭᠡᠨ ᠪᠠᠶᠢᠭᠤᠯᠬᠤ ᠳᠤ ᠢᠳᠡᠪᠬᠢᠲᠡᠢ ᠣᠷᠣᠯᠴᠠᠨ᠂ ᠭᠠᠳᠠᠭᠠᠳᠣ ᠳᠤ ᠮᠣᠩᠭᠤᠯ ᠣᠷᠣᠰ ᠤᠨ ᠬᠤᠯᠪᠣᠭᠳᠠᠬᠤ ᠣᠷᠣᠨ ᠨᠣᠳᠤᠭ ᠲᠠᠢ ᠬᠠᠮᠳᠣ ᠶᠢᠨ ᠠᠵᠢᠯᠯᠠᠭ᠎ᠠ ᠪᠠᠨ ᠬᠦᠨᠵᠡᠭᠡᠶᠢᠷᠡᠭᠦᠯᠵᠣ᠂ ᠳᠣᠳᠣᠭᠠᠳᠣ ᠳᠤ ᠪᠠᠨ ᠣᠯᠣᠰ ᠤᠨ ᠳᠣᠳᠣᠭᠠᠳᠣ ᠶᠢᠨ ᠣᠷᠣᠨ ᠪᠦᠰᠡ ᠲᠠᠢ ᠬᠠᠮᠵᠢᠯᠴᠠᠨ ᠠᠵᠢᠯᠯᠠᠵᠣ᠂ ᠭᠠᠳᠠᠭᠠᠳᠣ ᠨᠡᠭᠡᠭᠡᠯᠳᠡ ᠶᠢᠨ ᠲᠦᠪᠰᠢᠨ ᠢᠶᠠᠨ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃      ᠨᠠᠮ ᠤᠨ ᠣᠳᠣᠷᠢᠳᠣᠯᠭ᠎ᠠ ᠶᠢ ᠪᠠᠷᠢᠮᠳᠠᠯᠠᠨ᠎ᠠ᠃ ᠨᠠᠮ ᠤᠨ ᠣᠳᠣᠷᠢᠳᠣᠯᠭ᠎ᠠ ᠪᠣᠯ ᠳᠣᠮᠳᠠᠳᠣ ᠣᠯᠣᠰ ᠤᠨ ᠣᠨᠴᠠᠯᠢᠭᠳᠣ ᠨᠡᠶᠢᠭᠡᠮ ᠵᠢᠷᠣᠮ ᠤᠨ ᠲᠦᠷᠢᠮ ᠤᠨ ᠬᠠᠮᠤᠭ ᠶᠡᠭᠡ ᠳᠠᠪᠠᠭᠤᠯᠢᠭ ᠭᠡᠳᠡᠭ ᠢ ᠪᠠᠳᠣ ᠴᠡᠭᠡᠵᠢᠯᠡᠨ᠂ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠱᠠᠭᠠᠷᠳᠠᠯᠭ᠎ᠠ ᠶᠢ ᠡᠷᠡᠰ ᠪᠠᠷᠢᠮᠳᠠᠯᠠᠵᠣ᠂ ᠬᠤᠳᠠ ᠶᠢᠨ ᠨᠠᠮ ᠤᠨ ᠬᠤᠷᠢᠶᠠᠨ ᠤ ᠪᠦᠬᠦ ᠲᠠᠯ᠎ᠠ ᠶᠢ ᠨᠢᠭᠡᠲᠦᠯᠳᠡᠢ ᠲᠦᠯᠦᠪᠵᠢᠭᠦᠯᠦᠨ᠂ ᠡᠯ᠎ᠡ ᠲᠠᠯ᠎ᠠ ᠶᠢ ᠵᠣᠬᠢᠴᠠᠭᠤᠯᠬᠤ ᠭᠤᠣᠯ ᠦᠢᠯᠡᠳᠦᠯ ᠢ ᠭᠦᠢᠴᠡᠳ ᠪᠠᠳᠠᠷᠠᠭᠤᠯᠵᠣ᠂ ᠨᠠᠮ ᠤᠨ ᠵᠣᠬᠢᠶᠠᠨ ᠪᠠᠶᠢᠭᠤᠯᠣᠯᠳᠠ ᠶᠢᠨ ᠰᠢᠨ᠎ᠡ ᠶᠢ ᠡᠭᠦᠳᠬᠦ ᠬᠦᠴᠦᠨ᠂ ᠨᠢᠭᠳᠠᠷᠠᠭᠤᠯᠬᠤ ᠬᠦᠴᠦᠨ᠂ ᠪᠠᠶᠢᠯᠳᠣᠬᠤ ᠬᠦᠴᠦᠨ ᠢ ᠳᠠᠰᠣᠷᠠᠯᠳᠠ ᠦᠬᠡᠢ ᠳᠡᠭᠡᠭᠰᠢᠯᠡᠭᠦᠯᠵᠣ᠂ ᠨᠠᠮ ᠤᠨ ᠵᠠᠰᠠᠭ ᠪᠠᠷᠢᠬᠤ ᠴᠢᠳᠠᠪᠣᠷᠢ ᠪᠠ ᠣᠳᠣᠷᠢᠳᠬᠤ ᠲᠦᠪᠰᠢᠨ ᠢ ᠳᠠᠰᠣᠷᠠᠯᠳᠠ ᠦᠬᠡᠢ ᠳᠡᠭᠡᠭᠰᠢᠯᠡᠭᠦᠯᠦᠨ᠂ ︽ᠠᠷᠪᠠᠨ ᠭᠤᠷᠪᠠᠳᠣᠭᠠᠷ ᠳᠠᠪᠣᠨ ᠵᠢᠯ︾  ᠤᠨ ᠳᠡᠮᠡᠴᠡᠯ ᠤᠨ ᠬᠠᠷᠠᠯᠳᠠ ᠶᠢ ᠪᠡᠶᠡᠯᠡᠭᠦᠯᠬᠦ ᠳᠤ ᠦᠨᠳᠦᠰᠦᠨ ᠪᠠᠳᠣᠯᠠᠭ᠎ᠠ ᠬᠠᠩᠭᠠᠨ᠎ᠠ᠃ ᠭᠤᠷᠪᠠᠳᠣᠭᠠᠷ ᠬᠡᠰᠡᠭ   ᠦᠨᠳᠦᠰᠦᠨ ᠣᠶᠢᠯᠠᠭᠠᠭᠳᠠᠬᠤᠨ      ︽ᠠᠷᠪᠠᠨ ᠭᠤᠷᠪᠠᠳᠣᠭᠠᠷ ᠲᠠᠪᠣᠨ ᠵᠢᠯ︾ ᠤᠨ ᠬᠤᠭᠤᠴᠠᠭᠠᠨ ᠤ ᠬᠦᠭᠵᠢᠯᠳᠡ ᠶᠢᠨ ᠬᠠᠷᠠᠯᠳᠠ ᠶᠢ ᠪᠡᠶᠡᠯᠡᠭᠦᠯᠬᠦ ᠳᠤ᠂ ᠪᠠᠶᠢᠳᠠᠯ ᠤᠨ ᠬᠤᠪᠢᠷᠠᠯᠳᠠ ᠲᠠᠢ ᠡᠷᠬᠡᠪᠰᠢ ᠰᠠᠨᠠᠭᠠᠴᠢᠯᠠᠭ᠎ᠠ ᠠᠴᠠ ᠪᠠᠨ ᠵᠣᠬᠢᠴᠠᠨ᠂ ᠠᠵᠣ ᠠᠬᠤᠢ  ᠶᠢᠨ ᠬᠦᠭᠵᠢᠯᠳᠡ ᠶᠢᠨ ᠰᠢᠨ᠎ᠡ ᠪᠠᠶᠢᠳᠠᠯ ᠳᠣᠣᠷᠠᠬᠢ ᠰᠢᠨ᠎ᠡ ᠣᠨᠴᠠᠯᠢᠭ ᠢ ᠣᠶᠢᠯᠠᠭᠠᠨ ᠡᠵᠡᠮᠳᠡᠵᠣ᠂ ᠰᠢᠨ᠎ᠡ ᠶᠢ ᠡᠭᠦᠳᠬᠦ᠂ ᠵᠣᠬᠢᠴᠠᠩᠭᠤᠢ᠂ ᠪᠣᠬᠢᠷᠳᠠᠯ ᠦᠬᠡᠢ᠂ ᠨᠡᠭᠡᠭᠡᠯᠳᠡ ᠲᠠᠢ᠂ ᠬᠠᠮᠳᠣᠪᠡᠷ ᠡᠳ᠋ᠯᠡᠬᠦ ᠬᠦᠭᠵᠢᠯᠳᠡ ᠶᠢᠨ ᠣᠶᠢᠯᠠᠭᠠᠭᠳᠠᠬᠤᠨ ᠢ ᠡᠷᠡᠰ ᠨᠠᠶᠢᠳᠠᠪᠣᠷᠢᠵᠢᠭᠤᠯᠣᠨ᠎ᠠ᠃      ᠰᠢᠨ᠎ᠡ ᠶᠢ ᠡᠭᠦᠳᠬᠦ ᠬᠦᠭᠵᠢᠯᠳᠡ ᠶᠢ ᠪᠠᠷᠢᠮᠳᠠᠯᠠᠨ᠎ᠠ᠃ ᠰᠢᠨ᠎ᠡ ᠶᠢ ᠡᠭᠦᠳᠬᠦ ᠪᠣᠯ ᠬᠦᠭᠵᠢᠯᠳᠡ ᠶᠢ ᠳᠠᠶᠢᠴᠢᠯᠠᠬᠤ ᠨᠢᠭᠡᠳᠦᠭᠡᠷ ᠬᠦᠳᠡᠯᠭᠡᠬᠦ ᠬᠦᠴᠦᠨ ᠮᠦᠨ᠃ ᠰᠢᠨ᠎ᠡ ᠶᠢ ᠡᠭᠦᠳᠬᠦ ᠶᠢ ᠡᠷᠬᠡᠪᠰᠢ ᠬᠦᠭᠵᠢᠯᠳᠡ ᠶᠢᠨ ᠪᠦᠬᠦ ᠶᠠᠪᠣᠴᠠ ᠳᠤ ᠨᠠᠶᠢᠳᠠᠪᠣᠷᠢᠵᠢᠭᠤᠯᠣᠨ᠂ ᠣᠯᠣᠰ ᠤᠨ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ ᠤᠨ ᠪᠦᠲᠦᠭᠡᠨ ᠪᠠᠶᠢᠭᠤᠯᠣᠯᠳᠠ ᠶᠢ ᠯᠠᠪᠳᠠᠭᠤᠨ ᠢᠶᠠᠷ ᠲᠦᠯᠬᠢᠨ ᠠᠬᠢᠭᠤᠯᠵᠣ᠂ ᠪᠦᠬᠦ ᠨᠡᠶᠢᠭᠡᠮ ᠤᠨ ᠰᠢᠨ᠎ᠡ ᠶᠢ ᠡᠭᠦᠳᠬᠦ ᠠᠮᠢᠵᠢᠷᠠᠯ ᠤᠨ ᠬᠦᠴᠦᠨ ᠢ ᠬᠦᠭᠵᠢᠭᠡᠬᠦ ᠪᠣᠳᠣᠯᠭ᠎ᠠ ᠠᠷᠭ᠎ᠠ ᠬᠡᠮᠵᠢᠶ᠎ᠡ ᠶᠢ ᠳᠡᠭᠦᠯᠳᠡᠷᠵᠢᠭᠦᠯᠦᠨ ᠨᠠᠶᠢᠳᠠᠪᠣᠷᠢᠵᠢᠭᠤᠯᠵᠣ᠂ ᠬᠦᠭᠵᠢᠯᠳᠡ ᠶᠢᠨ ᠴᠢᠬᠤᠯᠠ ᠡᠯᠧᠮᠧᠨ᠋ᠲ ᠳᠣᠳᠠᠮᠠᠭ ᠪᠦᠲᠦᠴᠡ ᠶᠢ ᠰᠠᠶᠢᠵᠢᠷᠠᠭᠤᠯᠣᠨ᠂ ᠬᠠᠷᠢᠴᠠᠩᠭᠤᠢ ᠪᠣᠯᠪᠠᠰᠣᠷᠠᠭᠰᠠᠨ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠭ᠎ᠠ ᠶᠢ ᠲᠦᠷᠭᠡᠨ ᠪᠣᠢ ᠪᠣᠯᠭᠠᠨ᠎ᠠ᠃       ᠵᠣᠬᠢᠴᠠᠩᠭᠤᠢ ᠬᠦᠭᠵᠢᠯᠳᠡ ᠶᠢ ᠪᠠᠷᠢᠮᠳᠠᠯᠠᠨ᠎ᠠ᠃ ᠵᠣᠬᠢᠴᠠᠩᠭᠤᠢ ᠪᠣᠯ ᠦᠷᠭᠦᠯᠵᠢᠯᠡᠨ ᠡᠷᠡᠭᠦᠯ ᠢᠶᠠᠷ ᠬᠦᠭᠵᠢᠭᠦ  ᠶᠢᠨ ᠳᠣᠳᠣᠭᠠᠳᠣ ᠱᠠᠭᠠᠷᠳᠠᠯᠠᠭ᠎ᠠ ᠶᠣᠮ᠃ ᠬᠦᠭᠵᠢᠯᠳᠡ ᠶᠢᠨ ᠳᠣᠮᠳᠠᠬᠢ ᠬᠦᠨᠳᠦ ᠴᠢᠬᠤᠯᠠ ᠬᠠᠷᠢᠴᠠᠭ᠎ᠠ ᠶᠢ ᠡᠷᠬᠡᠪᠰᠢ ᠵᠦᠪ ᠢᠶᠠᠷ ᠰᠢᠢᠳᠪᠦᠷᠢᠯᠡᠵᠣ᠂ ᠬᠦᠭᠵᠢᠯᠳᠡ ᠶᠢᠨ ᠳᠣᠮᠳᠠᠬᠢ ᠲᠡᠩᠴᠡᠪᠦᠷᠢ ᠦᠬᠡᠢ᠂ ᠵᠣᠬᠢᠴᠠᠩᠭᠤᠢ ᠪᠣᠰᠣ ᠠᠰᠠᠭᠤᠳᠠᠯ  ᠢ ᠬᠦᠴᠦᠯᠡᠨ ᠰᠢᠢᠳᠪᠦᠷᠢᠯᠡᠵᠣ᠂ ᠭᠤᠷᠪᠠᠨ ᠠᠵᠣ ᠦᠢᠯᠡᠰ ᠤᠨ ᠵᠣᠬᠢᠴᠠᠩᠭᠤᠢ ᠬᠦᠭᠵᠢᠯᠳᠡ᠂ ᠬᠤᠳᠠ ᠬᠦᠳᠡᠭᠡ ᠶᠢᠨ ᠵᠣᠬᠢᠴᠠᠩᠭᠤᠢ  ᠬᠦᠭᠵᠢᠯᠳᠡ᠂ ᠠᠵᠣ ᠠᠬᠤᠢ ᠨᠡᠶᠢᠭᠡᠮ ᠤᠨ ᠵᠣᠬᠢᠴᠠᠩᠭᠤᠢ ᠬᠦᠭᠵᠢᠯᠳᠡ᠂ ᠪᠣᠳᠠᠰ ᠤᠨ ᠪᠣᠯᠪᠠᠰᠣᠨ ᠪᠣᠯᠣᠨ ᠣᠶᠣᠨ ᠤ ᠪᠣᠯᠪᠠᠰᠣᠨ ᠤ ᠵᠣᠬᠢᠴᠠᠩᠭᠤᠢ ᠬᠦᠭᠵᠢᠯᠳᠡ ᠶᠢ ᠬᠦᠴᠦ ᠳᠠᠯᠪᠢᠨ ᠠᠬᠢᠭᠤᠯᠵᠣ᠂ ᠬᠦᠭᠵᠢᠯᠳᠡ ᠶᠢᠨ ᠪᠦᠬᠦᠶᠢᠯᠡ ᠦᠷ᠎ᠡ ᠠᠰᠢᠭ ᠢ ᠳᠡᠭᠡᠭᠰᠢᠯᠡᠭᠦᠯᠦᠨ᠎ᠡ᠃     ᠪᠣᠬᠢᠷᠳᠠᠯ ᠦᠬᠡᠢ ᠬᠦᠭᠵᠢᠯᠳᠡ ᠶᠢ ᠪᠠᠷᠢᠮᠳᠠᠯᠠᠨ᠎ᠠ᠃ ᠪᠣᠬᠢᠷᠳᠠᠯ ᠦᠬᠡᠢ ᠪᠣᠯ ᠦᠷᠭᠦᠯᠵᠢᠯᠡᠨ ᠬᠦᠭᠵᠢᠭᠦ ᠶᠢᠨ ᠵᠠᠶᠢᠯᠠᠰᠢ ᠦᠬᠡᠢ ᠨᠦᠬᠦᠴᠡᠯ ᠪᠠ ᠣᠯᠠᠨ ᠲᠦᠮᠡᠨ ᠤ ᠰᠠᠶᠢᠨ ᠰᠠᠶᠢᠬᠠᠨ ᠠᠮᠢᠳᠣᠷᠠᠯ ᠢ ᠬᠦᠭᠡᠭᠡᠴᠡᠯᠳᠦᠬᠦ ᠶᠢᠨ ᠴᠢᠬᠤᠯᠠ ᠢᠯᠡᠷᠡᠯ ᠪᠣᠯᠣᠨ᠎ᠠ᠃ ᠡᠬᠢ ᠪᠠᠶᠠᠯᠢᠭ ᠢ ᠠᠷᠪᠢᠯᠠᠬᠤ ᠪᠠ ᠣᠷᠴᠢᠨ ᠳᠣᠭᠤᠷᠢᠨ ᠢ ᠬᠠᠮᠠᠭᠠᠯᠠᠬᠤ ᠦᠨᠳᠦᠰᠦᠨ ᠣᠯᠣᠰ  ᠤᠨ ᠪᠣᠳᠣᠯᠭ᠎ᠠ ᠶᠢ ᠡᠷᠬᠡᠪᠰᠢ ᠪᠠᠷᠢᠮᠳᠠᠯᠠᠨ᠂ ᠦᠷᠭᠦᠯᠵᠢᠯᠡᠨ ᠬᠦᠭᠵᠢᠭᠦ ᠶᠢ ᠪᠠᠷᠢᠮᠳᠠᠯᠠᠵᠣ᠂ ᠦᠢᠯᠡᠳᠪᠦᠷᠢᠯᠡᠯ ᠬᠦᠭᠵᠢᠨ ᠂ ᠠᠮᠢᠳᠣᠷᠠᠯ ᠪᠠᠶᠠᠯᠢᠭᠵᠢᠵᠣ᠂ ᠠᠮᠢ ᠠᠬᠤᠢ ᠰᠢᠯᠢᠳᠡᠭ ᠰᠠᠶᠢᠨ ᠪᠣᠯᠪᠠᠰᠣᠨ ᠬᠦᠭᠵᠢᠯᠳᠡ ᠶᠢᠨ ᠵᠠᠮ ᠪᠠᠷ ᠶᠠᠪᠣᠬᠤ ᠶᠢ ᠡᠷᠡᠰ ᠪᠠᠷᠢᠮᠳᠠᠯᠠᠨ᠂ ᠪᠣᠬᠢᠷᠳᠠᠯ ᠦᠬᠡᠢ ᠠᠵᠣ ᠠᠬᠤᠢ ᠶᠢ ᠬᠦᠭᠵᠢᠭᠦᠯᠵᠣ᠂ ᠡᠬᠢ ᠪᠠᠶᠠᠯᠢᠭ ᠠᠷᠪᠢᠯᠠᠬᠤ ᠬᠡᠯᠪᠡᠷᠢ ᠶᠢᠨ᠂ ᠣᠷᠴᠢᠨ ᠳᠣᠭᠤᠷᠢᠨ ᠳᠤ ᠨᠦᠬᠦᠷᠰᠡᠭ ᠬᠡᠯᠪᠡᠷᠢ ᠶᠢᠨ ᠨᠡᠶᠢᠭᠡᠮ ᠢ ᠪᠦᠲᠦᠭᠡᠨ ᠪᠠᠶᠢᠭᠤᠯᠵᠣ᠂ ᠬᠦᠮᠦᠨ ᠪᠣᠯᠣᠨ ᠪᠠᠶᠢᠭᠠᠯᠢ ᠵᠣᠬᠢᠴᠠᠩᠭᠤᠢ ᠬᠦᠭᠵᠢᠭᠰᠡᠨ ᠣᠳᠣ ᠦᠶ᠎ᠡ ᠶᠢᠨ ᠪᠦᠲᠦᠭᠡᠨ ᠪᠠᠶᠢᠭᠤᠯᠣᠯᠳᠠ ᠶᠢᠨ ᠰᠢᠨ᠎ᠡ ᠬᠡᠪ ᠪᠠᠶᠢᠳᠠᠯ ᠢ ᠪᠦᠷᠢᠯᠳᠦᠭᠦᠯᠦᠨ᠎ᠡ᠃     ᠨᠡᠭᠡᠭᠡᠯᠳᠡ ᠲᠠᠢ ᠬᠦᠭᠵᠢᠯᠳᠡ ᠶᠢ ᠪᠠᠷᠢᠮᠳᠠᠯᠠᠨ᠎ᠠ᠃ ᠨᠡᠭᠡᠭᠡᠯᠳᠡ ᠪᠣᠯ ᠬᠦᠭᠵᠢᠯᠳᠡ ᠶᠢᠨ ᠵᠠᠶᠢᠯᠠᠰᠢ ᠦᠬᠡᠢ ᠵᠠᠮ ᠶᠣᠮ᠃ ︽ᠳᠣᠷᠭᠠᠨ ᠵᠠᠮ ᠤᠨ ᠠᠵᠣ ᠠᠬᠤᠢ ᠶᠢᠨ ᠪᠦᠰᠡ︾ ᠤᠨ ᠪᠦᠲᠦᠭᠡᠨ ᠪᠠᠶᠢᠭᠤᠯᠣᠯᠳᠠ ᠶᠢᠨ ᠳᠣᠭᠤᠷᠢᠨ ᠳᠤ᠂ ᠡᠸᠦ᠋ᠷᠥᠫᠡ ᠠᠽᠢᠶ᠎ᠠ ᠶᠢᠨ ᠠᠵᠣ ᠠᠬᠤᠢ ᠶᠢᠨ ᠬᠤᠯᠪᠣᠭ᠎ᠠ᠂ ︽ᠲᠠᠯ᠎ᠠ ᠶᠢᠨ ᠵᠠᠮ︾ ᠰᠠᠨᠠᠭᠠᠴᠢᠯᠠᠭ᠎ᠠ ᠲᠠᠢ ᠬᠤᠯᠪᠣᠨ ᠵᠠᠯᠭᠠᠵᠣ᠂ ᠬᠢᠯᠢ ᠭᠡᠳᠡᠭ ᠢᠶᠠᠷ ᠰᠡᠳᠦᠪᠯᠡᠨ᠂ ᠨᠡᠭᠡᠭᠡᠯᠳᠡ ᠳᠡᠭᠡᠷ᠎ᠡ ᠬᠦᠴᠦᠯᠡᠵᠣ᠂ ᠳᠣᠳᠣᠭᠠᠳᠣ ᠬᠤᠯᠪᠣᠭᠠᠯᠠᠯ ᠠᠴᠠ ᠬᠦᠭᠵᠢᠯᠳᠡ ᠶᠢ ᠡᠷᠢᠯᠬᠢᠯᠡᠨ᠂ ᠳᠣᠮᠳᠠᠳᠣ ᠮᠣᠩᠭᠤᠯ ᠣᠷᠣᠰ ᠤᠨ ᠠᠵᠣ ᠠᠬᠤᠢ ᠶᠢᠨ ᠬᠤᠩᠬᠢᠯ ᠤᠨ ᠪᠠᠶᠢᠭᠤᠯᠣᠯᠳᠠ  ᠶᠢ ᠲᠦᠯᠬᠢᠨ ᠠᠬᠢᠭᠤᠯᠬᠤ ᠳᠡᠭᠡᠷ᠎ᠡ ᠰᠢᠨ᠎ᠡ ᠰᠢᠪᠳᠣᠯᠣᠯᠳᠠ ᠭᠠᠷᠭᠠᠨ᠎ᠠ᠃      ᠬᠠᠮᠳᠣᠪᠡᠷ ᠡᠳ᠋ᠯᠡᠬᠦ ᠬᠦᠭᠵᠢᠯᠳᠡ ᠶᠢ ᠪᠠᠷᠢᠮᠳᠠᠯᠠᠨ᠎ᠠ᠃ ᠬᠦᠭᠵᠢᠯᠳᠡ ᠶᠢ ᠬᠠᠮᠳᠣᠪᠡᠷ ᠡᠳ᠋ᠯᠡᠬᠦ ᠪᠣᠯ ᠳᠣᠮᠳᠠᠳᠣ ᠣᠯᠣᠰ ᠤᠨ ᠣᠨᠴᠠᠯᠢᠭᠳᠣ ᠨᠡᠶᠢᠭᠡᠮ ᠵᠢᠷᠣᠮ ᠤᠨ ᠮᠦᠨ ᠴᠢᠨᠡᠷ ᠤᠨ ᠱᠠᠭᠠᠷᠳᠠᠯᠭ᠎ᠠ ᠪᠣᠯᠣᠨ᠎ᠠ᠃ ᠬᠦᠭᠵᠢᠭᠦ ᠨᠢ ᠠᠷᠠᠳ ᠲᠦᠮᠡᠨ ᠤ ᠲᠦᠯᠦᠭᠡ᠂ ᠬᠦᠭᠵᠢᠬᠦ ᠳᠤ ᠠᠷᠠᠳ ᠲᠦᠮᠡᠨ ᠳᠤ ᠲᠦᠰᠢᠭᠯᠡᠬᠦ᠂ ᠬᠦᠭᠵᠢᠯᠳᠡ ᠶᠢᠨ ᠦᠷ᠎ᠡ ᠪᠦᠲᠦᠭᠡᠯ ᠢ ᠠᠷᠠᠳ ᠲᠦᠮᠡᠨ ᠬᠠᠮᠳᠣᠪᠡᠷ ᠡᠳ᠋ᠯᠡᠬᠦ ᠶᠢ ᠡᠷᠬᠡᠪᠰᠢ ᠪᠠᠷᠢᠮᠳᠠᠯᠠᠨ᠂ ᠬᠠᠮᠳᠣᠪᠡᠷ ᠪᠠᠶᠠᠵᠢᠬᠤ ᠶᠢ ᠪᠠᠷᠢᠮᠳᠠᠯᠠᠵᠣ᠂ ᠬᠦᠭᠵᠢᠯᠳᠡ ᠶᠢᠨ ᠠᠭᠤᠴᠢᠯᠠᠨ ᠪᠠᠭᠳᠠᠭᠠᠬᠤ ᠴᠢᠨᠡᠷ ᠢ ᠴᠢᠬᠤᠯᠠᠴᠢᠯᠠᠨ᠂ ᠪᠣᠭᠤᠮᠳᠠ ᠶᠢᠨ ᠡᠯ᠎ᠡ ᠦᠨᠳᠦᠰᠦᠳᠡᠨ ᠤ ᠠᠷᠠᠳ ᠲᠦᠮᠡᠨ ᠢ ᠬᠦᠭᠵᠢᠯᠳᠡ ᠶᠢᠨ ᠶᠠᠪᠣᠴᠠ ᠳᠤ ᠭᠦᠢᠴᠡᠳ ᠣᠷᠣᠯᠴᠠᠭᠤᠯᠵᠣ᠂ ᠬᠦᠭᠵᠢᠯᠳᠡ ᠶᠢᠨ ᠦᠷ᠎ᠡ ᠪᠦᠲᠦᠭᠡᠯ ᠢ ᠡᠷᠬᠡ ᠳᠡᠭᠰᠢ ᠪᠠᠷ ᠬᠤᠪᠢᠶᠠᠯᠴᠠᠨ᠂ ᠬᠦᠭᠵᠢᠯᠳᠡ ᠶᠢᠨ ᠬᠦᠳᠡᠯᠭᠡᠬᠦ ᠬᠦᠴᠦᠨ ᠢᠶᠠᠨ ᠳᠡᠭᠡᠭᠰᠢᠯᠡᠭᠦᠯᠵᠣ᠂ ᠠᠷᠠᠳ ᠲᠦᠮᠡᠨ ᠤ ᠪᠦᠯᠬᠦᠮᠳᠡᠯ ᠢ ᠴᠢᠩᠭᠠᠳᠬᠠᠨ᠂ ᠨᠡᠶᠢᠭᠡᠮ ᠤᠨ ᠡᠶ᠎ᠡ ᠵᠣᠬᠢᠴᠠᠯ ᠢ ᠠᠬᠢᠭᠤᠯᠣᠨ᠎ᠠ᠃ ᠲᠦᠷᠪᠡᠳᠦᠭᠡᠷ ᠬᠡᠰᠡᠭ   ᠭᠤᠣᠯ ᠬᠠᠷᠠᠯᠳᠠ       ︽ᠠᠷᠪᠠᠨ ᠭᠤᠷᠪᠠᠳᠣᠭᠠᠷ ᠳᠠᠪᠣᠨ ᠵᠢᠯ︾ ᠤᠨ ᠬᠤᠭᠤᠴᠠᠭᠠᠨ ᠤ ᠰᠡᠭᠦᠯᠴᠢ ᠬᠦᠷᠬᠦ ᠳᠤ᠂ ᠪᠦᠬᠦ ᠬᠤᠳᠠ  ᠶᠢᠨ ᠬᠦᠭᠵᠢᠯᠳᠡ ᠰᠢᠨ᠎ᠡ ᠶᠢ ᠡᠭᠦᠳᠬᠦ ᠴᠢᠳᠠᠪᠣᠷᠢ ᠮᠡᠳᠡᠭᠳᠡᠮ᠎ᠡ ᠳᠡᠭᠡᠭᠰᠢᠯᠡᠨ᠂ ᠬᠦᠭᠵᠢᠯᠳᠡ ᠶᠢᠨ ᠳᠣᠮᠳᠠ ᠣᠷᠣᠰᠢᠵᠣ ᠪᠠᠶᠢᠭ᠎ᠠ ᠵᠣᠬᠢᠴᠠᠩᠭᠤᠢ ᠪᠣᠰᠣ᠂ ᠲᠡᠩᠴᠡᠪᠦᠷᠢ ᠦᠬᠡᠢ ᠠᠰᠠᠭᠤᠳᠠᠯ ᠢᠯᠡᠳᠳᠡ ᠰᠠᠶᠢᠵᠢᠷᠠᠵᠣ᠂ ᠬᠦᠭᠵᠢᠯᠳᠡ ᠶᠢᠨ ᠦᠷᠭᠦᠯᠵᠢᠯᠡᠬᠦᠶᠢᠴᠡ ᠴᠢᠨᠡᠷ ᠪᠦᠲᠦᠮᠵᠢᠳᠡᠢ ᠳᠡᠭᠡᠭᠰᠢᠯᠡᠨ᠂ ᠬᠦᠭᠵᠢᠭᠦᠯᠦᠯᠳᠡ ᠨᠡᠭᠡᠭᠡᠯᠳᠡ ᠶᠢᠨ ᠲᠦᠪᠰᠢᠨ ᠶᠡᠭᠡ ᠪᠠᠷ ᠳᠡᠭᠡᠭᠰᠢᠯᠡᠵᠣ᠂ ᠡᠯ᠎ᠡ ᠦᠨᠳᠦᠰᠦᠳᠡᠨ ᠤ ᠠᠷᠠᠳ ᠲᠦᠮᠡᠨ ᠤ ᠣᠯᠣᠯᠳᠠ ᠶᠢᠨ ᠰᠡᠳᠬᠢᠭᠳᠡᠯ ᠭᠦᠢᠴᠡᠳ ᠬᠠᠨᠣᠮᠵᠢᠳᠠᠢ ᠪᠣᠯᠵᠣ᠂ ᠪᠦᠬᠦ ᠬᠤᠳᠠ ᠶᠢᠨ ᠡᠯ᠎ᠡ ᠦᠨᠳᠦᠰᠦᠳᠡᠨ ᠤ ᠠᠷᠠᠳ ᠲᠦᠮᠡᠨ ᠢ ᠬᠠᠮᠣᠷᠣᠭᠰᠠᠨ ᠨᠡᠩ ᠦᠨᠳᠦᠷ ᠲᠦᠪᠰᠢᠨ  ᠤ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠣᠨ ᠪᠡᠶᠡᠯᠡᠭᠦᠯᠦᠨ᠎ᠡ᠃—— ᠠᠵᠣ ᠠᠬᠤᠢ ᠶᠢᠨ ᠶᠡᠷᠦᠩᠬᠡᠶᠢᠯᠡᠭᠰᠡᠨ ᠪᠣᠳᠠᠳᠣ ᠬᠦᠴᠦᠨ ᠢ ᠮᠡᠳᠡᠭᠳᠡᠮ᠎ᠡ ᠳᠡᠭᠡᠭᠰᠢᠯᠡᠭᠦᠯᠦᠨ᠎ᠡ᠃ ᠠᠵᠣ ᠠᠬᠤᠢ ᠶᠢᠨ ᠶᠡᠷᠦᠩᠬᠡᠢ ᠬᠡᠮᠵᠢᠶ᠎ᠡ ᠶᠢ ᠶᠡᠬᠡᠰᠭᠡᠬᠦ ᠳᠣᠮᠳᠠ ᠠᠵᠣ ᠠᠬᠤᠢ ᠶᠢᠨ ᠬᠦᠭᠵᠢᠯᠳᠡ ᠶᠢᠨ ᠴᠢᠨᠠᠷ ᠴᠢᠨᠰᠠᠭ᠎ᠠ ᠪᠠ ᠦᠷ᠎ᠡ ᠠᠰᠢᠭ ᠢ ᠳᠡᠭᠡᠭᠰᠢᠯᠡᠭᠦᠯᠦᠨ᠂ ᠠᠵᠣ ᠠᠬᠤᠢ ᠶᠢᠨ ᠭᠤᠣᠯ ᠵᠢᠭᠠᠯᠳᠠ ᠳᠤᠭ᠎ᠠ ᠶᠢᠨ ᠦᠰᠦᠯᠳᠡ ᠶᠢ ᠪᠦᠬᠦ ᠣᠷᠣᠨ ᠪᠦᠬᠦ ᠠᠶᠢᠮᠠᠭ ᠤᠨ ᠳᠣᠮᠳᠠᠴᠢ ᠦᠰᠦᠯᠳᠡ ᠶᠢᠨ ᠬᠤᠷᠳᠣᠴᠠ ᠠᠴᠠ ᠦᠨᠳᠦᠷ ᠪᠠᠶᠢᠬᠤ ᠶᠢ ᠪᠠᠳᠣᠯᠠᠨ᠎ᠠ᠃ ᠣᠷᠣᠨ ᠨᠣᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠢ ᠳᠣᠮᠳᠠᠴᠢ ᠪᠠᠷ ᠵᠢᠯ ᠪᠦᠷᠢ 11% ︵ᠣᠳᠣ  ᠶᠢᠨ ᠦᠨ᠎ᠡ ᠪᠠᠷ︶ ᠣᠷᠴᠢᠮ ᠢᠶᠠᠷ ᠦᠰᠭᠡᠵᠣ᠂ ᠪᠦᠬᠦ ᠨᠡᠶᠢᠭᠡᠮ ᠤᠨ ᠳᠣᠭᠳᠠᠮᠠᠯ ᠬᠦᠷᠦᠩᠬᠡ ᠶᠢᠨ ᠪᠡᠯᠡ ᠣᠷᠣᠭᠤᠯᠣᠯᠳᠠ ᠶᠢ ᠳᠣᠮᠳᠠᠴᠢ ᠪᠠᠷ ᠵᠢᠯ ᠪᠦᠷᠢ 15% ᠢᠶᠠᠷ ᠦᠰᠭᠡᠨ᠂ ᠨᠡᠶᠢᠭᠡᠮ ᠤᠨ ᠬᠡᠷᠡᠭᠯᠡᠭᠡᠨ ᠤ ᠪᠣᠳᠠᠰ ᠤᠨ ᠵᠢᠵᠢᠭᠯᠡᠨ ᠪᠣᠷᠣᠯᠠᠭᠤᠯᠬᠤ ᠶᠡᠷᠦᠩᠬᠡᠢ ᠦᠷᠳᠡᠭ ᠢ ᠳᠣᠮᠳᠠᠴᠢ ᠪᠠᠷ ᠵᠢᠯ ᠪᠦᠷᠢ 11% ᠪᠠᠷ ᠦᠰᠭᠡᠨ᠎ᠡ᠃ ᠭᠤᠷᠪᠠᠨ ᠠᠵᠣ ᠦᠢᠯᠡᠰ ᠤᠨ ᠪᠦᠲᠦᠴᠡ ᠶᠢ ᠨᠡᠩ ᠰᠢᠯᠢᠳᠡᠭᠵᠢᠭᠦᠯᠵᠣ᠂ ᠠᠷᠠᠯᠵᠢᠶ᠎ᠠ ᠬᠤᠳᠠᠯᠳᠤᠭ᠎ᠠ ᠪᠠᠷᠠᠭᠠᠨ ᠤ ᠭᠦᠢᠯᠭᠡᠭᠡ᠂ ᠣᠷᠣᠭᠤᠯᠵᠣ ᠭᠠᠷᠭᠠᠬᠤ ᠡᠳ᠋ᠰᠢᠭᠦᠯᠦᠨ ᠪᠣᠯᠪᠠᠰᠣᠷᠠᠭᠤᠯᠬᠤ᠂ ᠬᠢᠯᠢ ᠶᠢᠨ ᠣᠨᠴᠠᠯᠢᠭᠳᠣ ᠰᠣᠶᠣᠯ ᠵᠢᠭᠤᠯᠴᠢᠯᠠᠯ᠂ ᠴᠡᠪᠡᠷ ᠡᠨᠧᠷᠬᠢ ᠵᠡᠷᠭᠡ ᠭᠤᠣᠯᠯᠠᠭᠴᠢ ᠠᠵᠣ ᠦᠢᠯᠡᠰ ᠤᠨ ᠳᠡᠰ ᠵᠡᠷᠭᠡᠯᠡᠯ ᠢ ᠨᠢ ᠳᠡᠭᠡᠭᠰᠢᠯᠡᠭᠦᠯᠦᠨ᠂ ᠠᠭᠠᠷ ᠠᠶᠠᠯᠠᠯ ᠲᠠᠢ ᠬᠤᠯᠪᠣᠭᠳᠠᠭᠰᠠᠨ ᠠᠵᠣ ᠠᠬᠤᠢ᠂ ᠡᠯᠧᠺᠲᠷᠣᠨ ᠬᠤᠳᠠᠯᠳᠤᠭ᠎ᠠ᠂ ᠴᠡᠪᠡᠷ ᠡᠨᠧᠷᠬᠢ ᠵᠡᠷᠭᠡ ᠰᠢᠨ᠎ᠡ ᠪᠠᠷ ᠬᠦᠭᠵᠢᠵᠣ ᠪᠠᠶᠢᠭ᠎ᠠ ᠠᠵᠣ ᠦᠢᠯᠡᠰ ᠢ ᠠᠩᠬ᠎ᠠ ᠠᠯᠬᠤᠮ ᠬᠡᠪᠴᠢᠶᠡᠵᠢᠭᠦᠯᠵᠣ᠂ ᠠᠵᠣ ᠦᠢᠯᠡᠰ ᠲᠦᠪᠯᠡᠷᠡᠨ ᠡᠷᠴᠢᠮᠵᠢᠭᠰᠡᠨ ᠬᠦᠭᠵᠢᠯᠳᠡ ᠶᠢᠨ ᠲᠦᠪᠰᠢᠨ ᠢ ᠮᠡᠳᠡᠭᠳᠡᠮ᠎ᠡ ᠳᠡᠭᠡᠭᠰᠢᠯᠡᠭᠦᠯᠦᠨ᠎ᠡ᠃ ᠣᠯᠠᠨ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ ᠶᠢ ᠳᠣᠮᠳᠠᠴᠢ ᠪᠠᠷ ᠵᠢᠯ ᠪᠦᠷᠢ 10% ᠢᠶᠠᠷ ᠦᠰᠭᠡᠵᠣ᠂ ᠡᠳ᠋ ᠤᠨ ᠵᠠᠰᠠᠭ ᠤᠨ ᠣᠷᠣᠯᠭ᠎ᠠ ᠵᠠᠷᠣᠯᠭ᠎ᠠ ᠶᠢᠨ ᠵᠦᠷᠢᠴᠡᠯ ᠢ ᠮᠡᠳᠡᠭᠳᠡᠮ᠎ᠡ ᠰᠠᠶᠢᠵᠢᠷᠠᠭᠤᠯᠣᠨ᠎ᠠ᠃—— ᠣᠮᠠᠷᠠᠰᠢ ᠨᠡᠭᠡᠭᠡᠯᠳᠡ ᠪᠠᠨ ᠳᠠᠰᠣᠷᠠᠯᠳᠠ ᠦᠬᠡᠢ ᠬᠦᠨᠵᠡᠭᠡᠶᠢᠷᠡᠭᠦᠯᠦᠨ᠎ᠡ᠃ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ ᠤᠨ ᠪᠦᠲᠦᠭᠡᠨ ᠪᠠᠶᠢᠭᠤᠯᠣᠯᠳᠠ ᠳᠤ ᠮᠡᠳᠡᠭᠳᠡᠮ᠎ᠡ ᠦᠷ᠎ᠡ ᠪᠦᠲᠦᠮᠵᠢ ᠭᠠᠷᠭᠠᠨ᠂ ᠡᠷᠢᠶᠡᠨ ᠬᠤᠳᠠ— ᠵᠠᠮ ᠤᠨ ᠡᠭᠦᠳᠡ ᠶᠢᠨ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠢ ᠦᠨᠳᠦᠰᠦᠨ ᠳᠤ ᠪᠠᠨ ᠪᠠᠶᠢᠭᠤᠯᠣᠨ ᠴᠣᠭᠴᠠᠯᠠᠵᠣ᠂ ᠳᠣᠮᠳᠠᠳᠣ ᠮᠣᠩᠭᠤᠯ ᠣᠷᠣᠰ ᠤᠨ ᠠᠵᠣ ᠠᠬᠤᠢ ᠶᠢᠨ ᠬᠤᠩᠬᠢᠯ ᠢ ᠬᠤᠯᠪᠣᠭᠰᠠᠨ ᠬᠢᠯᠢ ᠠᠯᠣᠰᠯᠠᠭᠰᠠᠨ ᠲᠡᠮᠦᠷ ᠵᠠᠮ᠂ ᠵᠠᠰᠠᠮᠠᠯ ᠵᠠᠮ᠂ ᠠᠭᠠᠷ ᠠᠶᠠᠯᠠᠯ᠂ ᠡᠨᠧᠷᠬᠢ᠂ ᠴᠠᠬᠢᠯᠭᠠᠨ ᠬᠦᠴᠦ᠂ ᠮᠡᠳᠡᠭᠡ ᠵᠠᠩᠬᠢ ᠵᠡᠷᠭᠡ ᠭᠠᠷᠣᠴᠠᠮ ᠵᠠᠮ ᠤᠨ ᠪᠠᠶᠢᠭᠤᠯᠣᠯᠳᠠ ᠶᠢ ᠪᠣᠳᠠᠳᠣ ᠠᠬᠢᠴᠠ ᠭᠠᠷᠭᠠᠨ᠂ ᠮᠣᠩᠭᠤᠯ ᠣᠷᠣᠰ ᠤᠨ ᠬᠤᠯᠪᠣᠭᠳᠠᠬᠤ ᠣᠷᠣᠨ ᠨᠣᠳᠤᠭ ᠵᠢᠴᠢ ᠣᠯᠣᠰ ᠤᠨ ᠳᠣᠳᠣᠭᠠᠳᠣ ᠶᠢᠨ ᠭᠤᠣᠯᠯᠠᠬᠤ ᠠᠵᠣ ᠠᠬᠤᠢ ᠶᠢᠨ ᠪᠦᠰᠡ ᠲᠠᠢ ᠬᠠᠮᠳᠣ ᠶᠢᠨ ᠠᠵᠢᠯᠯᠠᠭ᠎ᠠ ᠪᠠᠨ ᠳᠠᠰᠣᠷᠠᠯᠳᠠ ᠦᠬᠡᠢ ᠴᠢᠩᠭᠠᠳᠬᠠᠵᠣ᠂ ᠪᠦᠬᠦ ᠣᠯᠣᠰ ᠪᠦᠬᠦ ᠣᠷᠣᠨ ᠤ ᠣᠮᠠᠷᠠᠰᠢ ᠨᠡᠭᠡᠭᠡᠯᠳᠡ ᠳᠤ ᠦᠢᠯᠡᠴᠢᠯᠡᠬᠦ ᠦᠢᠯᠡᠳᠦᠯ ᠢᠶᠠᠨ ᠨᠡᠩ ᠳᠣᠪᠣᠶᠢᠮ᠎ᠠ ᠪᠣᠯᠭᠠᠨ᠎ᠠ᠃ ᠭᠠᠳᠠᠭᠠᠳᠣ ᠳᠤ ᠬᠠᠨᠳᠣᠭᠰᠠᠨ ᠠᠵᠣ ᠠᠬᠤᠢ ᠶᠢᠨ ᠬᠦᠭᠵᠢᠯᠳᠡ ᠶᠢᠨ ᠴᠢᠳᠠᠪᠣᠷᠢ ᠪᠠᠨ ᠮᠡᠳᠡᠭᠳᠡᠮ᠎ᠡ ᠳᠡᠭᠡᠭᠰᠢᠯᠡᠭᠦᠯᠵᠣ᠂ ᠬᠢᠯᠢ ᠪᠠᠷ ᠣᠷᠣᠭᠤᠯᠵᠣ ᠭᠠᠷᠭᠠᠬᠤ ᠪᠠᠷᠠᠭᠠᠨ ᠤ ᠬᠡᠮᠵᠢᠶ᠎ᠡ ᠪᠠ ᠠᠷᠠᠯᠵᠢᠶᠠᠨ ᠤ ᠦᠷᠳᠡᠭ ᠢ ᠳᠣᠰ ᠳᠣᠰ ᠳᠣᠮᠳᠠᠴᠢ ᠪᠠᠷ ᠵᠢᠯ ᠪᠦᠷᠢ 7.4% ᠪᠠ 8% ᠢᠶᠠᠷ ᠨᠡᠮᠡᠭᠳᠡᠭᠦᠯᠦᠨ᠎ᠡ᠃—— ᠰᠠᠭᠤᠭᠠᠯᠢ ᠠᠷᠠᠳ ᠤᠨ ᠠᠮᠢᠳᠣᠷᠠᠯ ᠤᠨ ᠲᠦᠪᠰᠢᠨ ᠪᠠ ᠴᠢᠨᠠᠷ ᠴᠢᠨᠰᠠᠭ᠎ᠠ ᠶᠢ ᠨᠡᠶᠢᠳᠡᠮ ᠳᠤ ᠨᠢ ᠳᠡᠭᠡᠭᠰᠢᠯᠡᠭᠦᠯᠦᠨ᠎ᠡ᠃ ᠪᠦᠬᠦ ᠰᠠᠭᠤᠭᠠᠯᠢ ᠠᠷᠠᠳ ᠤᠨ ᠬᠦᠮᠦᠨ ᠳᠣᠮᠳᠠᠴᠢ ᠡᠵᠡᠮᠳᠡᠵᠣ ᠪᠣᠯᠬᠤ ᠣᠷᠣᠯᠭ᠎ᠠ ᠶᠢ ᠳᠣᠮᠳᠠᠴᠢ ᠪᠠᠷ ᠵᠢᠯ ᠪᠦᠷᠢ 8% ᠪᠠᠷ ᠨᠡᠮᠡᠭᠳᠡᠭᠦᠯᠵᠣ᠂ ᠪᠦᠬᠦ ᠣᠷᠣᠨ ᠤ ᠲᠦᠷᠦᠭᠦᠨ ᠤ ᠡᠩᠨᠡᠭᠡᠨ ᠳᠤ ᠵᠢᠭᠰᠠᠭᠠᠭᠳᠠᠬᠤ ᠪᠠᠨ ᠦᠷᠭᠦᠯᠵᠢᠯᠡᠨ ᠪᠠᠳᠣᠯᠠᠨ᠎ᠠ᠃ ᠪᠦᠬᠦ ᠨᠡᠶᠢᠳᠡ ᠪᠠᠷ ᠢᠶᠠᠨ ᠦᠢᠯᠡᠰ ᠪᠣᠰᠬᠠᠨ᠂ ᠰᠢᠨ᠎ᠡ ᠶᠢ ᠡᠭᠦᠳᠬᠦ ᠶᠢ ᠬᠦᠨᠵᠡᠭᠡᠢ ᠦᠷᠨᠢᠭᠦᠯᠵᠣ᠂ ᠰᠢᠨ᠎ᠡ ᠪᠠᠷ ᠦᠢᠯᠡᠰ ᠪᠣᠰᠬᠠᠭᠰᠠᠨ ᠬᠦᠮᠦᠨ ᠤ ᠳᠤᠭ᠎ᠠ 1000 ᠬᠦᠮᠦᠨ  ᠳᠤ ᠬᠦᠷᠴᠦ᠂ ᠬᠤᠳᠠ ᠪᠠᠯᠭᠠᠰᠣᠨ ᠤ ᠰᠢᠨ᠎ᠡ ᠪᠠᠷ ᠠᠵᠢᠯ ᠣᠯᠣᠭᠰᠠᠨ ᠨᠡᠶᠢᠳᠡ ᠬᠦᠮᠦᠨ ᠤ ᠳᠤᠭ᠎ᠠ ᠶᠢ 4000 ᠬᠦᠮᠦᠨ ᠳᠤ ᠬᠦᠷᠴᠦ᠂ ᠬᠤᠳᠠ ᠪᠠᠯᠭᠠᠰᠣᠨ ᠤ ᠠᠵᠢᠯ ᠠᠯᠳᠠᠯᠳᠠ ᠶᠢ ᠪᠦᠷᠢᠳᠭᠡᠭᠰᠡᠨ ᠨᠣᠷᠮ᠎ᠠ ᠶᠢ 2.4% ᠶᠢᠨ ᠳᠣᠳᠣᠷ᠎ᠠ ᠬᠢᠵᠠᠭᠠᠷᠯᠠᠨ᠎ᠠ᠃ ᠬᠤᠳᠠ ᠣᠷᠣᠭᠰᠠᠨ ᠬᠦᠮᠦᠨ ᠠᠮᠠ ᠶᠢᠨ ᠬᠤᠳᠠ ᠶᠢᠨ ᠢᠷᠭᠡᠳ ᠪᠣᠯᠬᠤ ᠲᠦᠪᠰᠢᠨ ᠢ ᠳᠠᠰᠣᠷᠠᠯᠳᠠ ᠦᠬᠡᠢ ᠳᠡᠭᠡᠭᠰᠢᠯᠡᠭᠦᠯᠦᠨ᠂ ᠡᠷᠦᠬᠡ ᠠᠮᠠ ᠲᠠᠢ ᠬᠦᠮᠦᠨ ᠠᠮᠠ ᠶᠢᠨ ᠬᠤᠳᠠ ᠪᠠᠯᠭᠠᠰᠣᠵᠢᠬᠤ ᠨᠣᠷᠮ᠎ᠠ ᠶᠢ 98% ᠳᠤ ᠬᠦᠷᠭᠡᠨ᠎ᠡ᠃ ᠬᠤᠳᠠ ᠬᠦᠳᠡᠭᠡ ᠶᠢ ᠪᠦᠷᠬᠦᠭᠰᠡᠨ ᠦᠨᠳᠦᠰᠦᠨ ᠣᠯᠠᠨ ᠨᠡᠶᠢᠳᠡ ᠶᠢᠨ ᠦᠢᠯᠡᠴᠢᠯᠡᠭᠡᠨ ᠤ ᠰᠢᠰᠲ᠋ᠧᠮ ᠢ ᠠᠭᠠᠵᠢᠮ ᠢᠶᠠᠷ ᠳᠡᠭᠦᠯᠳᠡᠷᠵᠢᠭᠦᠯᠣᠨ᠂ ᠰᠣᠷᠭᠠᠨ ᠬᠦᠮᠦᠵᠢᠯ᠂ ᠰᠣᠶᠣᠯ᠂ ᠡᠮ ᠡᠮᠨᠡᠯᠭᠡ᠂ ᠨᠡᠶᠢᠭᠡᠮ ᠤᠨ ᠪᠠᠳᠣᠯᠠᠭ᠎ᠠ ᠵᠡᠷᠭᠡ ᠨᠡᠶᠢᠭᠡᠮ ᠤᠨ ᠦᠢᠯᠡᠰ ᠤᠨ ᠬᠦᠭᠵᠢᠯᠳᠡ ᠶᠢᠨ ᠲᠦᠪᠰᠢᠨ ᠢ ᠳᠣᠭᠳᠠᠭᠤᠨ ᠢᠶᠠᠷ ᠳᠡᠭᠡᠭᠰᠢᠯᠡᠭᠦᠯᠵᠣ᠂ ᠣᠷᠣᠨ ᠰᠠᠭᠤᠴᠠ ᠶᠢᠨ ᠪᠠᠳᠣᠯᠠᠭᠠᠨ ᠤ ᠰᠢᠰᠲ᠋ᠧᠮ ᠢ ᠣᠯᠠᠮ ᠨᠢᠭᠡᠨ ᠠᠯᠬᠤᠮ ᠳᠡᠭᠦᠯᠳᠡᠷᠵᠢᠭᠦᠯᠦᠨ᠂ ᠨᠡᠶᠢᠭᠡᠮ ᠤᠨ ᠪᠠᠳᠣᠯᠠᠭ᠎ᠠ ᠪᠦᠬᠦ ᠠᠷᠠᠳ ᠢ ᠪᠦᠷᠬᠦᠬᠦ ᠶᠢ ᠪᠡᠶᠡᠯᠡᠭᠦᠯᠦᠨ᠎ᠡ᠃ ᠬᠦᠳᠡᠭᠡ ᠳᠣᠰᠬᠤᠨ ᠮᠠᠯᠵᠢᠬᠤ ᠣᠷᠣᠨ ᠤ ︽ᠠᠷᠪᠠ  ᠶᠢ ᠪᠦᠷᠬᠦᠬᠦᠯᠬᠦ︾ ᠢᠨᠵᠧᠨᠧᠷᠢᠩ ᠤᠨ ᠪᠠᠶᠢᠭᠤᠯᠣᠯᠳᠠ ᠶᠢᠨ ᠦᠷ᠎ᠡ ᠪᠦᠲᠦᠭᠡᠯ ᠪᠠᠬᠢᠵᠢᠨ ᠳᠡᠭᠡᠭᠰᠢᠯᠡᠵᠣ᠂ ᠬᠤᠳᠠ ᠪᠠᠯᠭᠠᠰᠣᠨ ᠤ ᠶᠠᠳᠠᠭᠤ ᠬᠦᠴᠢᠷᠳᠡᠯᠳᠣ ᠬᠦᠮᠦᠰ ᠢ ᠪᠦᠬᠦᠨ ᠢ ᠶᠠᠳᠠᠭᠤ ᠠᠴᠠ ᠠᠩᠵᠢᠷᠠᠭᠤᠯᠣᠨ᠎ᠠ᠃—— ᠬᠤᠳᠠ ᠶᠢᠨ ᠠᠷᠠᠳ ᠤᠨ ᠭᠡᠪ ᠴᠢᠨᠰᠠᠭ᠎ᠠ ᠪᠠ ᠨᠡᠶᠢᠭᠡᠮ ᠤᠨ ᠪᠣᠯᠪᠠᠰᠣᠨ ᠤ ᠬᠡᠮᠵᠢᠶ᠎ᠡ ᠶᠢ ᠮᠡᠳᠡᠭᠳᠡᠮ᠎ᠡ ᠳᠡᠭᠡᠭᠰᠢᠯᠡᠭᠦᠯᠦᠨ᠎ᠡ᠃ ᠳᠣᠮᠳᠠᠳᠣ ᠣᠯᠣᠰ ᠤᠨ ᠬᠦᠰᠡᠯ ᠵᠡᠭᠦᠳᠣ ᠪᠠ ᠨᠡᠶᠢᠭᠡᠮ ᠵᠢᠷᠣᠮ ᠤᠨ ᠭᠤᠣᠯᠯᠠᠬᠤ ᠦᠷᠳᠡᠭ ᠤᠨ ᠦᠵᠡᠯᠳᠡ ᠨᠡᠩ ᠣᠯᠠᠨ ᠬᠦᠮᠦᠰ ᠤᠨ ᠰᠡᠳᠬᠢᠯ ᠳᠤ ᠬᠠᠳᠠᠩᠰᠢᠵᠣ᠂ ᠣᠯᠣᠰ ᠢᠶᠠᠨ ᠬᠠᠶᠢᠷᠠᠯᠠᠬᠤ ᠦᠵᠡᠯ᠂ ᠬᠠᠮᠳᠣᠴᠢ ᠦᠵᠡᠯ᠂ ᠨᠡᠶᠢᠭᠡᠮ ᠵᠢᠷᠣᠮ ᠤᠨ ᠦᠵᠡᠯ ᠰᠠᠨᠠᠭ᠎ᠠ ᠶᠢ ᠦᠷᠭᠡᠨ ᠢᠶᠠᠷ ᠳᠡᠯᠭᠡᠷᠡᠭᠦᠯᠣᠨ᠂ ᠳᠠᠪᠰᠢᠩᠭᠤᠢ ᠨᠢᠭᠦᠯᠡᠰᠦᠩᠭᠦᠢ᠂ ᠦᠨᠡᠨᠴᠢ ᠢᠳᠡᠭᠡᠯᠳᠡᠢ ᠬᠠᠷᠢᠯᠴᠠᠨ ᠬᠠᠪᠰᠣᠷᠣᠯᠴᠠᠬᠤ ᠨᠡᠶᠢᠭᠡᠮ ᠤᠨ ᠠᠭᠤᠷ ᠠᠮᠢᠰᠬᠤᠯ ᠣᠯᠠᠮ ᠦᠳᠭᠡᠷᠡᠵᠣ᠂ ᠡᠯ᠎ᠡ ᠦᠨᠳᠦᠰᠦᠳᠡᠨ ᠤ ᠠᠷᠠᠳ ᠲᠦᠮᠡᠨ ᠤ ᠦᠵᠡᠯ ᠰᠠᠨᠠᠭ᠎ᠠ ᠶᠣᠰᠣ ᠰᠣᠷᠳᠠᠬᠤᠨ ᠤ ᠬᠡᠪ ᠴᠢᠨᠰᠠᠭ᠎ᠠ ᠂ ᠰᠢᠨᠵᠢᠯᠡᠬᠦ ᠣᠬᠠᠭᠠᠨᠴᠢ ᠰᠣᠶᠣᠯ ᠤᠨ ᠬᠡᠪ ᠴᠢᠨᠰᠠᠭ᠎ᠠ᠂ ᠡᠷᠡᠭᠦᠯ ᠴᠢᠬᠢᠷᠠᠭ ᠬᠡᠪ ᠴᠢᠨᠰᠠᠭ᠎ᠠ ᠶᠢ ᠮᠡᠳᠡᠭᠳᠡᠮ᠎ᠡ ᠳᠡᠭᠡᠭᠰᠢᠯᠡᠭᠦᠯᠦᠨ᠂ ᠪᠦᠬᠦ ᠨᠡᠶᠢᠭᠡᠮ ᠤᠨ ᠬᠠᠦᠯᠢ ᠪᠠᠷ ᠵᠠᠰᠠᠬᠤ ᠦᠵᠡᠯ ᠣᠬᠠᠮᠰᠠᠷ ᠢ ᠳᠠᠰᠣᠷᠠᠯᠳᠠ ᠦᠬᠡᠢ ᠳᠡᠭᠡᠭᠰᠢᠯᠡᠭᠦᠯᠦᠨ᠎ᠡ᠃ ᠨᠡᠭᠡᠭᠡᠯᠳᠡ ᠲᠠᠢ᠂  ᠠᠭᠤᠵᠢᠭᠤ ᠪᠠᠭᠳᠠᠭᠠᠮᠵᠢ ᠲᠠᠢ᠂ ᠦᠨᠡᠨᠴᠢ ᠢᠳᠡᠭᠡᠯ ᠲᠠᠢ᠂ ᠨᠡᠮᠡᠷᠢ ᠬᠠᠨᠳᠢᠪ ᠲᠠᠢ ᠡᠷᠢᠶᠡᠨ ᠤ ᠵᠣᠷᠢᠭ ᠰᠠᠨᠠᠭ᠎ᠠ ᠭᠦᠢᠴᠡᠳ ᠢᠯᠡᠷᠡᠵᠣ᠂ ᠪᠦᠬᠦ ᠣᠯᠣᠰ ᠤᠨ ᠪᠣᠯᠪᠠᠰᠣᠨ ᠬᠤᠳᠠ ᠶᠢ ᠠᠮᠵᠢᠯᠳᠠ ᠲᠠᠢ ᠪᠠᠷ ᠴᠣᠭᠴᠠᠯᠠᠨ ᠪᠠᠶᠢᠭᠤᠯᠣᠨ᠎ᠠ᠃ ᠣᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡᠨ ᠤ ᠰᠢᠰᠲ᠋ᠧᠮ  ᠢ ᠨᠡᠩ ᠳᠡᠭᠦᠯᠳᠡᠷᠵᠢᠭᠦᠯᠵᠣ᠂ ᠰᠣᠶᠣᠯ ᠤᠨ ᠠᠵᠣ ᠦᠢᠯᠡᠰ ᠤᠨ ᠨᠡᠮᠡᠭᠳᠡᠯ ᠦᠷᠳᠡᠭ ᠤᠨ ᠣᠷᠣᠨ ᠨᠣᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠳᠠᠬᠢ ᠡᠵᠡᠯᠡᠬᠦ ᠬᠤᠪᠢ ᠶᠢᠨ ᠵᠢᠩ ᠢ ᠣᠯᠠᠮ ᠨᠢᠭᠡᠨ ᠠᠯᠬᠤᠮ ᠳᠡᠭᠡᠭᠰᠢᠯᠡᠭᠦᠯᠦᠨ᠎ᠡ᠃—— ᠠᠮᠢ ᠠᠬᠤᠢ ᠶᠢᠨ ᠣᠷᠴᠢᠨ ᠳᠣᠭᠤᠷᠢᠨ ᠤ ᠴᠢᠨᠠᠷ ᠴᠢᠨᠰᠠᠭ᠎ᠠ ᠶᠢ ᠦᠷᠭᠦᠯᠵᠢᠯᠡᠨ ᠰᠠᠶᠢᠵᠢᠷᠠᠭᠤᠯᠣᠨ᠎ᠠ᠃ ᠭᠤᠣᠯ ᠴᠣᠭᠴᠠ ᠶᠢᠨ ᠴᠢᠳᠠᠪᠬᠢᠳᠣ ᠳᠣᠭᠤᠷᠢᠭ ᠤᠨ ᠪᠠᠶᠢᠯᠳᠣᠬᠤ ᠪᠣᠳᠣᠯᠭ᠎ᠠ ᠶᠢ ᠬᠦᠨᠵᠡᠭᠡᠢ ᠨᠠᠶᠢᠳᠠᠪᠣᠷᠢᠵᠢᠭᠤᠯᠣᠨ᠂ ︽ᠠᠮᠢ ᠠᠬᠤᠢ ᠶᠢᠨ ᠣᠯᠠᠭᠠᠨ ᠱᠣᠭᠤᠮ︾ ᠢ ᠳᠣᠳᠣᠷᠬᠠᠢ ᠪᠣᠯᠭᠠᠪᠠ᠃ ᠠᠮᠢ ᠠᠬᠤᠢ ᠶᠢᠨ ᠰᠢᠰᠲ᠋ᠧᠮ ᠤᠨ ᠳᠣᠭᠳᠠᠭᠤᠨ ᠴᠢᠨᠡᠷ ᠢᠯᠡᠳᠳᠡ ᠳᠡᠭᠡᠭᠰᠢᠯᠡᠨ᠂ ᠲᠠᠯ᠎ᠠ ᠨᠣᠳᠤᠭ ᠤᠨ ᠠᠮᠢ ᠠᠬᠤᠢ ᠶᠢᠨ ᠣᠷᠴᠢᠨ ᠳᠣᠭᠤᠷᠢᠨ ᠪᠣᠯᠣᠨ ᠬᠤᠳᠠ ᠶᠢᠨ ᠰᠠᠭᠤᠷᠢᠰᠢᠯ ᠤᠨ ᠣᠷᠴᠢᠨ ᠳᠣᠭᠤᠷᠢᠨ ᠢ ᠦᠷᠭᠦᠯᠵᠢᠯᠡᠨ ᠰᠠᠶᠢᠵᠢᠷᠠᠭᠤᠯᠣᠨ᠎ᠠ᠃ ᠡᠬᠢ ᠪᠠᠶᠠᠯᠢᠭ ᠢ ᠡᠷᠬᠢᠯᠳᠡᠭᠦᠯᠦᠨ ᠠᠰᠢᠭᠯᠠᠬᠤ ᠰᠢᠰᠲ᠋ᠧᠮ ᠢ ᠦᠨᠳᠦᠰᠦᠨ ᠳᠤ ᠪᠠᠨ ᠪᠠᠶᠢᠭᠤᠯᠵᠣ᠂ ᠡᠨᠧᠷᠬᠢ ᠪᠠ ᠣᠰᠣᠨ ᠤ ᠡᠬᠢ ᠰᠣᠷᠪᠣᠯᠵᠢ ᠶᠢᠨ ᠬᠤᠷᠣᠭᠳᠠᠯ᠂ ᠪᠠᠷᠢᠯᠭ᠎ᠠ ᠪᠠᠶᠢᠭᠤᠯᠣᠯᠳᠠ ᠶᠢᠨ ᠬᠡᠷᠡᠭᠴᠡᠭᠡᠲᠣ ᠭᠠᠵᠠᠷ ᠤᠨ ᠶᠡᠷᠦᠩᠬᠡᠢ ᠬᠡᠮᠵᠢᠶ᠎ᠡ ᠪᠠ ᠳᠠᠭᠠᠭᠠᠴᠠ ᠶᠢ ᠵᠣᠬᠢᠰᠲᠠᠢ ᠬᠡᠮᠵᠢᠶᠡᠨ ᠳᠤ ᠬᠢᠵᠠᠭᠠᠷᠯᠠᠵᠣ᠂ ᠶᠡᠷᠦᠩᠬᠡᠶᠢᠯᠡᠭᠰᠡᠨ ᠠᠰᠢᠭᠯᠠᠯᠳᠠ ᠶᠢᠨ ᠨᠣᠷᠮ᠎ᠠ ᠶᠢ ᠣᠯᠠᠮ ᠨᠢᠭᠡᠨ ᠠᠯᠬᠤᠮ ᠳᠡᠭᠡᠭᠰᠢᠯᠡᠭᠦᠯᠦᠨ᠎ᠡ᠃  ᠨᠢᠭᠡᠴᠡ ᠣᠷᠣᠨ ᠨᠣᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠢ ᠪᠣᠢ ᠪᠣᠯᠭᠠᠬᠤ ᠳᠤ ᠵᠠᠷᠣᠴᠠᠭᠤᠯᠬᠤ ᠡᠨᠧᠷᠬᠢ ᠶᠢᠨ ᠬᠤᠷᠣᠭᠳᠠᠯ ᠪᠠ ᠭᠤᠣᠯ ᠪᠣᠬᠢᠷᠳᠠᠭᠤᠯᠣᠭᠴᠢ ᠪᠣᠳᠠᠰ ᠢ ᠭᠠᠳᠠᠭᠰᠢᠯᠠᠭᠤᠯᠬᠤ ᠬᠡᠮᠵᠢᠶ᠎ᠡ ᠶᠢ ᠳᠡᠭᠡᠳᠣ ᠱᠠᠳᠣᠨ ᠤ ᠳᠣᠭᠳᠠᠭᠠᠯ ᠤᠨ ᠬᠦᠷᠢᠶ᠎ᠡ ᠬᠡᠪᠴᠢᠶᠡᠨ ᠳᠣᠳᠣᠷ᠎ᠠ ᠬᠢᠵᠠᠭᠠᠷᠯᠠᠵᠣ᠂ ᠦᠷᠭᠦᠯᠵᠢᠯᠡᠨ ᠬᠦᠭᠵᠢᠬᠦ ᠴᠢᠳᠠᠪᠣᠷᠢ ᠪᠠᠨ ᠳᠡᠭᠡᠭᠰᠢᠯᠡᠭᠦᠯᠦᠨ᠎ᠡ᠃—— ᠪᠠᠶᠢᠭᠤᠯᠣᠮᠵᠢ ᠳᠣᠭᠳᠠᠯᠴᠠᠭ᠎ᠠ ᠶᠢᠨ ᠰᠢᠨᠡᠴᠢᠯᠡᠯᠳᠡ ᠳᠤ ᠰᠢᠪᠳᠣᠯᠣᠯᠳᠠ ᠣᠯᠣᠨ᠎ᠠ᠃ ᠵᠠᠰᠠᠭ ᠤᠨ ᠣᠷᠳᠣᠨ ᠤ ᠴᠢᠳᠠᠪᠬᠢ ᠪᠠᠨ ᠬᠤᠪᠢᠷᠠᠭᠤᠯᠬᠤ᠂ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠷᠢᠮ᠂ ᠬᠢᠯᠢ ᠶᠢᠨ ᠬᠠᠮᠢᠶᠠᠷᠣᠯᠳᠠ᠂ ᠪᠣᠭᠤᠮᠳᠠ ᠨᠡᠪᠳᠡᠷᠡᠯᠳᠡ᠂ ᠠᠵᠣ ᠦᠢᠯᠡᠰ ᠤᠨ ᠠᠬᠢᠭᠤᠯᠣᠯᠳᠠ᠂ ᠡᠳ᠋ ᠤᠨ ᠵᠠᠰᠠᠭ ᠭᠠᠶᠢᠯᠢ ᠳᠠᠳᠠᠪᠣᠷᠢ ᠶᠢᠨ ᠬᠠᠮᠢᠶᠠᠷᠣᠯᠳᠠ᠂ ᠮᠦᠩᠭᠦᠨ ᠭᠦᠢᠯᠭᠡᠭᠡᠨ ᠤ ᠦᠢᠯᠡᠴᠢᠯᠡᠭᠡ᠂ ᠭᠠᠵᠠᠷ ᠰᠢᠷᠣᠢ ᠶᠢᠨ ᠬᠠᠮᠢᠶᠠᠷᠣᠯᠳᠠ᠂ ᠴᠢᠳᠠᠪᠣᠷᠢᠳᠠᠨ ᠤ ᠬᠠᠮᠢᠶᠠᠷᠣᠯᠳᠠ᠂ ᠨᠡᠶᠢᠭᠡᠮ ᠤᠨ ᠬᠠᠮᠢᠶᠠᠷᠣᠯᠳᠠ ᠵᠡᠷᠭᠡ ᠴᠢᠬᠤᠯᠠ ᠬᠦᠷᠢᠶ᠎ᠡ ᠪᠠ ᠵᠠᠩᠬᠢᠯᠠᠭ᠎ᠠ ᠶᠢᠨ ᠭᠤᠭᠴᠤᠭ᠎ᠠ ᠶᠢᠨ ᠦᠭᠡᠷᠡᠴᠢᠯᠡᠯᠳᠡ ᠳᠤ ᠰᠢᠨ᠎ᠡ ᠰᠢᠪᠳᠣᠯᠣᠯᠳᠠ ᠣᠯᠵᠣ᠂ ᠰᠢᠰᠲ᠋ᠧᠮᠵᠢᠨ ᠪᠦᠷᠢᠨᠵᠢᠭᠰᠡᠨ᠂ ᠰᠢᠨᠵᠢᠯᠡᠬᠦ ᠣᠬᠠᠭᠠᠨᠴᠢ ᠲᠦᠷᠢᠮᠵᠢᠭᠰᠡᠨ᠂ ᠬᠤᠳᠠ ᠶᠢᠨ ᠪᠠᠶᠢᠳᠠᠯ ᠳᠤ ᠨᠡᠶᠢᠴᠡᠭᠰᠡᠨ᠂ ᠬᠡᠷᠡᠭᠵᠢᠯᠳᠡ ᠪᠦᠲᠦᠮᠵᠢᠲᠡᠢ ᠲᠦᠷᠢᠮ ᠤᠨ ᠰᠢᠰᠲ᠋ᠧᠮ ᠢ ᠦᠨᠳᠦᠰᠦᠨ ᠳᠤ ᠪᠠᠨ ᠪᠠᠶᠢᠭᠤᠯᠣᠨ᠂ ᠬᠢᠯᠢ ᠳᠠᠠᠭᠤ ᠣᠷᠣᠨ ᠤ ᠵᠢᠱᠢᠶᠠᠴᠢ᠂ ᠳᠠᠭᠠᠭᠤᠯᠬᠤ᠂ ᠳᠠᠶᠢᠴᠢᠯᠠᠬᠤ ᠦᠢᠯᠡᠳᠦᠯ ᠲᠠᠢ ᠪᠠᠶᠢᠭᠤᠯᠣᠮᠵᠢ ᠳᠣᠭᠳᠠᠯᠴᠠᠭ᠎ᠠ ᠶᠢ ᠪᠦᠷᠢᠯᠳᠦᠭᠦᠯᠵᠣ᠂ ᠣᠯᠣᠰ ᠪᠠ ᠦᠪᠡᠷᠳᠡᠭᠡᠨ ᠵᠠᠰᠠᠬᠤ ᠣᠷᠣᠨ ᠤ ᠬᠦᠨᠵᠡᠭᠡᠢ ᠦᠭᠡᠷᠡᠴᠢᠯᠡᠯᠳᠡ ᠶᠢᠨ ᠵᠢᠱᠢᠶᠡᠴᠢ ᠣᠷᠣᠨ ᠢ ᠪᠠᠶᠢᠭᠤᠯᠣᠨ᠂ ᠳᠠᠭᠤᠷᠢᠶᠠᠨ ᠳᠡᠯᠭᠡᠷᠡᠭᠦᠯᠵᠣ ᠪᠣᠯᠬᠤᠶᠢᠴᠠ ᠦᠭᠡᠷᠡᠴᠢᠯᠡᠯᠳᠡ ᠶᠢᠨ ᠦᠷ᠎ᠡ ᠪᠦᠲᠦᠭᠡᠯ ᠢ ᠪᠣᠢ ᠪᠣᠯᠭᠠᠨ᠎ᠠ᠃ ᠬᠠᠦᠯᠢ ᠪᠠᠷ ᠵᠠᠰᠠᠬᠤ ᠵᠠᠰᠠᠭ ᠤᠨ ᠣᠷᠳᠣᠨ ᠢ ᠦᠨᠳᠦᠰᠦᠨ ᠳᠤ ᠪᠠᠨ ᠪᠠᠶᠢᠭᠤᠯᠣᠨ ᠪᠡᠶᠡᠯᠡᠭᠦᠯᠵᠣ᠂ ᠬᠠᠦᠯᠢ ᠴᠠᠭᠠᠵᠠ ᠶᠢᠨ ᠢᠳᠡᠭᠡᠯ ᠤᠨ ᠬᠦᠴᠦᠨ ᠢ ᠮᠡᠳᠡᠭᠳᠡᠮ᠎ᠡ ᠳᠡᠭᠡᠭᠰᠢᠯᠡᠭᠦᠯᠦᠨ᠂ ᠦᠨᠳᠦᠰᠦᠳᠡᠨ ᠨᠦᠭᠦᠳ ᠪᠦᠯᠬᠦᠮᠳᠡᠭᠰᠡᠨ᠂ ᠨᠡᠶᠢᠭᠡᠮ ᠳᠣᠭᠳᠠᠭᠤᠨ᠂ ᠬᠢᠯᠢ ᠬᠢᠵᠠᠭᠠᠷ ᠠᠮᠣᠷ ᠲᠦᠪᠰᠢᠨ ᠣᠯᠣᠰ ᠲᠦᠷᠦ ᠶᠢᠨ ᠬᠡᠪ ᠪᠠᠶᠢᠳᠠᠯ ᠢ ᠣᠯᠠᠮ ᠨᠢᠭᠡᠨ ᠠᠯᠬᠤᠮ ᠪᠠᠬᠢᠵᠢᠭᠦᠯᠦᠨ᠎ᠡ᠃  ᠲᠦᠷᠪᠡᠳᠦᠭᠡᠷ ᠪᠦᠯᠦᠭ   ᠰᠢᠨ᠎ᠡ ᠶᠢ ᠡᠬᠦᠳᠬᠦ ᠬᠦᠭᠵᠢᠯᠳᠡ ᠶᠢ ᠪᠠᠷᠢᠮᠳᠠᠯᠠᠵᠣ᠂ ᠬᠦᠭᠵᠢᠯᠳᠡ ᠶᠢᠨ ᠴᠢᠨᠠᠷ ᠴᠢᠨᠰᠠᠭ᠎ᠠ ᠪᠠ ᠦᠷ᠎ᠡ ᠠᠰᠢᠭ ᠢ ᠬᠦᠴᠦᠯᠡᠨ ᠳᠡᠭᠡᠭᠰᠢᠯᠡᠭᠦᠯᠦᠨ᠎ᠡ       ᠣᠯᠣᠰ ᠤᠨ ᠭᠤᠣᠯᠳᠠᠯᠭ᠎ᠠ ᠲᠠᠢ ᠬᠦᠭᠵᠢᠭᠦᠯᠦᠯᠳᠡ ᠨᠡᠭᠡᠭᠡᠯᠳᠡ ᠶᠢᠨ ᠳᠣᠷᠰᠢᠯᠳᠠ ᠶᠢᠨ ᠳᠣᠭᠤᠷᠢᠭ ᠢᠶᠠᠷ ᠳᠠᠪᠴᠠᠩ ᠪᠣᠯᠭᠠᠨ᠂ ᠪᠠᠶᠢᠭᠤᠯᠣᠮᠵᠢ ᠳᠣᠭᠳᠠᠯᠴᠠᠭ᠎ᠠ ᠶᠢᠨ ᠦᠭᠡᠷᠡᠴᠢᠯᠡᠯᠳᠡ ᠶᠢ ᠬᠦᠨᠵᠡᠭᠡᠶᠢᠷᠡᠭᠦᠯᠬᠦ ᠪᠠᠷ ᠬᠦᠳᠡᠯᠭᠡᠬᠦ ᠬᠦᠴᠦᠨ ᠪᠣᠯᠭᠠᠵᠣ᠂ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠰᠢᠰᠲ᠋ᠧᠮ ᠢ ᠲᠡᠭᠦᠯᠳᠡᠷᠵᠢᠭᠦᠯᠬᠦ ᠪᠠᠷ ᠲᠦᠪ ᠪᠣᠯᠭᠠᠨ᠂ ᠰᠢᠨ᠎ᠡ ᠶᠢ ᠡᠭᠦᠳᠬᠦ ᠬᠦᠳᠡᠯᠭᠡᠭᠦᠷ ᠤᠨ ᠬᠦᠭᠵᠢᠯᠳᠡ ᠶᠢᠨ ᠪᠠᠶᠢᠯᠳᠣᠬᠤ ᠪᠣᠳᠣᠯᠭ᠎ᠠ ᠶᠢ ᠬᠦᠨᠵᠡᠭᠡᠢ ᠬᠡᠷᠡᠭᠵᠢᠭᠦᠯᠵᠣ᠂ ᠬᠦᠭᠵᠢᠯᠳᠡ ᠶᠢᠨ ᠰᠢᠨ᠎ᠡ ᠣᠷᠣᠨ ᠵᠠᠢ ᠶᠢ ᠢᠳᠡᠪᠬᠢᠳᠡᠢ ᠦᠷᠭᠡᠳᠭᠡᠨ᠂ ᠬᠦᠭᠵᠢᠯᠳᠡ ᠶᠢᠨ ᠰᠢᠨ᠎ᠡ ᠪᠠᠶᠢᠭᠤᠯᠣᠮᠵᠢ ᠶᠢ ᠳᠣᠭᠳᠠᠭᠠᠨ ᠪᠠᠶᠢᠭᠤᠯᠵᠣ᠂ ᠬᠦᠭᠵᠢᠯᠳᠡ ᠶᠢ ᠬᠦᠯᠢᠶᠡᠰᠦᠯᠡᠵᠣ ᠪᠠᠶᠢᠭ᠎ᠠ ᠬᠦᠯᠢᠶᠡᠰᠦᠯᠡᠯ ᠢ ᠬᠦᠴᠦ ᠳᠠᠯᠪᠢᠨ ᠠᠷᠢᠯᠭᠠᠵᠣ᠂ ᠠᠵᠣ ᠠᠬᠤᠢ ᠶᠢᠨ ᠬᠦᠭᠵᠢᠯᠳᠡ ᠶᠢ ᠲᠦᠯᠬᠢᠨ ᠠᠬᠢᠭᠤᠯᠬᠤ ᠨᠢ ᠭᠤᠣᠯ ᠡᠯᠧᠮᠧᠨ᠋ᠲ ᠲᠤ ᠭᠤᠣᠯᠯᠠᠨ ᠲᠦᠰᠢᠭᠯᠡᠵᠣ ᠪᠠᠶᠢᠭᠰᠠᠨ ᠠᠴᠠ ᠰᠢᠨ᠎ᠡ ᠶᠢ ᠡᠭᠦᠳᠬᠦ ᠬᠦᠳᠡᠯᠭᠡᠭᠦᠷ ᠲᠤ ᠲᠦᠰᠢᠭᠯᠡᠬᠦ ᠳᠡᠰᠢ ᠬᠤᠪᠢᠷᠠᠭᠤᠯᠣᠨ᠎ᠠ᠃ ᠨᠢᠭᠡᠳᠦᠭᠡᠷ ᠬᠡᠰᠡᠭ   ᠬᠦᠭᠵᠢᠯᠳᠡ ᠶᠢᠨ ᠰᠢᠨ᠎ᠡ ᠣᠷᠣᠨ ᠵᠠᠢ ᠶᠢ ᠨᠡᠭᠡᠭᠡᠨ ᠦᠷᠭᠡᠳᠭᠡᠨ᠎ᠡ       ︽ᠳᠣᠷᠰᠢᠯᠳᠠ ᠶᠢᠨ ᠳᠣᠭᠤᠷᠢᠭ︾ ᠤᠨ ᠠᠴᠢᠶᠠᠯᠠᠪᠣᠷᠢ ᠶᠢᠨ ᠪᠦᠲᠦᠭᠡᠨ ᠪᠠᠶᠢᠭᠤᠯᠣᠯᠳᠠ ᠶᠢ ᠲᠦᠷᠭᠡᠳᠭᠡᠨ ᠠᠬᠢᠭᠤᠯᠣᠨ᠎ᠠ᠃ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ᠂ ᠳᠣᠮᠳᠠᠳᠣ ᠮᠣᠩᠭᠤᠯ ᠬᠤᠶᠠᠷ ᠣᠯᠣᠰ ᠤᠨ ᠵᠠᠰᠠᠭ ᠤᠨ ᠣᠷᠳᠣᠨ ᠤ ︽ᠡᠷᠢᠶᠡᠨ ᠬᠤᠳᠠ— ᠵᠠᠮ ᠤᠨ ᠡᠭᠦᠳᠡ ᠶᠢᠨ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠤᠨ ᠬᠠᠮᠳᠣ ᠶᠢᠨ ᠶᠡᠷᠦᠩᠬᠡᠢ ᠲᠦᠰᠦᠯ︾ ᠢ ᠡᠷᠳᠡ ᠡᠳᠦᠷ ᠵᠦᠪᠰᠢᠶᠡᠷᠡᠨ ᠬᠡᠷᠡᠭᠵᠢᠭᠦᠯᠬᠦ ᠶᠢ ᠬᠦᠭᠡᠭᠡᠴᠡᠯᠳᠣᠨ᠂ ᠳᠣᠮᠳᠠᠳᠣ ᠮᠣᠩᠭᠤᠯ  ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠤᠨ ᠢᠵᠢ ᠪᠦᠷᠢᠨ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠶᠢ ᠡᠬᠢᠯᠡᠭᠦᠯᠦᠨ᠎ᠡ᠃ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠬᠠᠮᠳᠣᠷᠠᠭᠰᠠᠨ ᠠᠵᠢᠯ ᠤᠨ ᠬᠠᠮᠢᠶᠠᠷᠣᠯᠳᠠ ᠶᠢᠨ ᠵᠦᠪᠯᠡᠯ ᠢ ᠪᠠᠶᠢᠭᠤᠯᠣᠨ᠂ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠤᠨ ᠬᠠᠮᠢᠶᠠᠷᠣᠯᠳᠠ ᠪᠠ ᠨᠡᠭᠡᠭᠡᠯᠳᠡ ᠬᠦᠭᠵᠢᠭᠦᠯᠦᠯᠳᠡ ᠪᠠᠨ ᠴᠢᠩᠭᠠᠳᠬᠠᠵᠣ᠂ ᠳᠣᠮᠳᠠᠳᠣ ᠮᠣᠩᠭᠤᠯ ᠤᠨ ᠣᠨᠴᠠ ᠪᠦᠰᠡ ᠶᠢ ᠮᠡᠳᠡᠭᠦᠯᠦᠨ ᠵᠦᠪᠰᠢᠶᠡᠷᠡᠭᠦᠯᠵᠣ ᠪᠠᠶᠢᠭᠤᠯᠬᠤ ᠠᠵᠢᠯ ᠢ ᠳᠣᠭᠳᠠᠭᠤᠨ ᠢᠶᠠᠷ ᠲᠦᠯᠬᠢᠨ ᠠᠬᠢᠭᠤᠯᠣᠨ᠎ᠠ᠃ ᠬᠢᠯᠢ ᠶᠢᠨ ᠢᠷᠭᠡᠳ ᠤᠨ ᠬᠤᠳᠠᠯᠳᠣᠭᠠᠨ ᠤ ᠳᠣᠭᠤᠷᠢᠭ᠂ ᠬᠠᠮᠢᠶᠠᠷᠣᠯᠳᠠ ᠶᠢᠨ ᠪᠠᠶᠢᠭᠤᠯᠣᠮᠵᠢ ᠶᠢ ᠪᠠᠶᠢᠭᠤᠯᠣᠨ᠂ ᠬᠢᠨᠠᠯᠳᠠ ᠬᠠᠮᠢᠶᠠᠷᠣᠯᠳᠠ ᠶᠢᠨ ᠠᠷᠭ᠎ᠠ ᠪᠠ ᠢᠵᠢ ᠪᠦᠷᠢᠨ ᠲᠦᠷᠢᠮ ᠢ ᠳᠣᠭᠳᠠᠭᠠᠵᠣ ᠂ ᠬᠢᠯᠢ ᠶᠢᠨ ᠢᠷᠭᠡᠳ ᠤᠨ ᠬᠤᠳᠠᠯᠳᠣᠭᠠᠨ ᠤ ᠳᠣᠭᠤᠷᠢᠭ ᠤᠨ ᠬᠠᠮᠢᠶᠠᠷᠣᠯᠳᠠ ᠪᠠᠨ ᠴᠢᠩᠭᠠᠳᠬᠠᠨ᠎ᠠ᠃ ᠡᠵᠡᠩᠨᠡᠯᠳᠡ  ᠶᠢᠨ ᠬᠡᠪ ᠵᠠᠭᠪᠣᠷ ᠲᠤ ᠰᠢᠨ᠎ᠡ ᠶᠢ ᠡᠭᠦᠳᠦᠨ᠂ ᠬᠢᠯᠢ ᠳᠠᠭᠠᠣ ᠠᠵᠣ ᠠᠬᠤᠢ ᠶᠢᠨ ᠴᠡᠴᠡᠭᠯᠡᠨ ᠬᠦᠭᠵᠢᠬᠦ ᠶᠢ ᠠᠬᠢᠭᠤᠯᠣᠨ᠎ᠠ᠃ ᠶᠡᠷᠦᠩᠬᠡᠶᠢᠯᠡᠭᠰᠡᠨ ᠭᠠᠶᠢᠯᠢ ᠶᠢᠨ ᠪᠠᠳᠣᠯᠠᠭᠠᠳᠣ ᠳᠣᠭᠤᠷᠢᠭ᠂ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠪᠠ ᠬᠢᠯᠢ ᠶᠢᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠢ ᠪᠦᠷᠬᠦᠭᠰᠡᠨ᠂ ︽ᠨᠢᠭᠡ ᠪᠡᠶ᠎ᠡ ᠬᠤᠶᠠᠷ ᠳᠠᠯᠠᠪᠴᠢ︾ ᠶᠢᠨ ᠪᠠᠶᠢᠷᠢᠯᠠᠭᠤᠯᠣᠯᠳᠠ ᠶᠢ ᠪᠣᠢ ᠪᠣᠯᠭᠠᠨ᠂ ᠲᠡᠮᠦᠷ ᠵᠠᠮ᠂ ᠵᠠᠰᠠᠮᠠᠯ ᠵᠠᠮ ᠤᠨ ᠪᠣᠭᠤᠮᠳᠠ ᠶᠢᠨ ᠬᠤᠶᠠᠷ ᠳᠣᠮᠣ ᠴᠢᠳᠠᠪᠬᠢ  ᠶᠢᠨ ᠳᠠᠪᠠᠭᠤᠯᠢᠭ ᠢ ᠣᠶᠠᠯᠳᠣᠭᠤᠯᠣᠭᠰᠠᠨ ᠶᠡᠷᠦᠩᠬᠡᠶᠢᠯᠡᠭᠰᠡᠨ ᠭᠠᠶᠢᠯᠢ ᠶᠢᠨ ᠪᠠᠳᠣᠯᠠᠭᠠᠳᠣ ᠳᠣᠭᠤᠷᠢᠭ ᠢ ᠮᠡᠳᠡᠭᠦᠯᠦᠨ ᠵᠦᠪᠰᠢᠶᠡᠷᠡᠭᠦᠯᠵᠣ ᠪᠦᠲᠦᠭᠡᠨ ᠪᠠᠶᠢᠭᠤᠯᠬᠤ ᠠᠵᠢᠯ ᠢ ᠢᠳᠡᠪᠬᠢᠲᠡᠢ ᠦᠷᠨᠢᠭᠦᠯᠵᠣ᠂ ᠬᠦᠭᠵᠢᠯᠳᠡ ᠶᠢᠨ ᠣᠷᠴᠢᠨ ᠢ ᠰᠢᠯᠢᠳᠡᠭᠵᠢᠭᠦᠯᠣᠨ᠂ ᠭᠠᠳᠠᠭᠠᠳᠣ ᠨᠡᠭᠡᠭᠡᠯᠳᠡ ᠶᠢᠨ ᠳᠠᠪᠴᠠᠩ ᠢ ᠪᠠᠶᠢᠭᠤᠯᠣᠨ᠎ᠠ᠃ ᠬᠢᠯᠢ ᠶᠢᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ᠂ ᠬᠢᠯᠢ ᠶᠢᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ  ᠢ ᠰᠢᠯᠵᠢᠭᠦᠯᠦᠨ ᠦᠷᠭᠡᠳᠭᠡᠬᠦ ᠠᠵᠢᠯ ᠢ ᠲᠦᠯᠬᠢᠨ ᠠᠬᠢᠭᠤᠯᠵᠣ᠂ ᠰᠣᠯᠠ ᠳᠠᠯᠪᠢᠭᠳᠠᠵᠣ ᠪᠠᠶᠢᠭ᠎ᠠ ᠭᠠᠵᠠᠷ ᠢ ᠴᠡᠭᠴᠡᠯᠡᠬᠦ ᠬᠦᠴᠦᠯᠡᠴᠡ ᠪᠠᠨ ᠳᠡᠭᠡᠭᠰᠢᠯᠡᠭᠦᠯᠦᠨ᠂ ᠳᠣᠭᠤᠷᠢᠭ ᠤᠨ ᠬᠦᠭᠵᠢᠯᠳᠡ ᠶᠢᠨ ᠣᠷᠣᠨ ᠵᠠᠢ ᠶᠢ ᠦᠷᠭᠡᠳᠭᠡᠨ᠎ᠡ ᠃ ᠪᠡᠯᠡ ᠣᠷᠣᠭᠤᠯᠣᠯᠳᠠ ᠶᠢᠨ ᠬᠦᠴᠦᠯᠡᠴᠡ ᠪᠠᠨ ᠶᠡᠬᠡᠰᠬᠡᠵᠣ᠂ ᠳᠣᠭᠤᠷᠢᠭ ᠤᠨ ᠴᠠᠬᠢᠯᠭᠠᠨ ᠬᠠᠩᠭᠠᠬᠤ᠂ ᠣᠰᠣ ᠬᠠᠩᠭᠠᠬᠤ᠂ ᠣᠰᠣ ᠭᠠᠳᠠᠭᠰᠢᠯᠠᠭᠤᠯᠬᠤ᠂ ᠪᠣᠬᠢᠷ ᠣᠰᠣ ᠶᠢ ᠠᠷᠢᠭᠤᠳᠬᠠᠬᠤ᠂ ᠵᠠᠮ ᠬᠠᠷᠢᠯᠴᠠᠭ᠎ᠠ᠂ ᠴᠢᠮᠡᠭᠡ ᠬᠤᠯᠪᠣᠭ᠎ᠠ ᠵᠡᠷᠭᠡ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠵᠢᠴᠢ ᠰᠣᠳᠣᠯᠣᠨ ᠠᠰᠢᠭᠯᠠᠬᠤ᠂ ᠵᠢᠷᠤᠭ ᠲᠦᠯᠦᠪᠯᠡᠭᠡ᠂ ᠮᠦᠩᠭᠦᠨ ᠭᠦᠢᠯᠭᠡᠭᠡ᠂ ᠪᠠᠷᠠᠭᠠᠨ ᠤ ᠭᠦᠢᠯᠭᠡᠭᠡ᠂ ᠮᠡᠳᠡᠭᠡ ᠵᠠᠩᠬᠢ᠂ ᠴᠢᠳᠠᠪᠣᠷᠢᠳᠠᠨ ᠵᠡᠷᠭᠡ ᠣᠯᠠᠨ ᠨᠡᠶᠢᠳᠡ ᠶᠢᠨ ᠦᠢᠯᠡᠴᠢᠯᠡᠭᠡᠨ ᠤ ᠳᠠᠪᠴᠠᠩ ᠤᠨ ᠪᠠᠶᠢᠭᠤᠯᠣᠯᠳᠠ ᠶᠢ ᠴᠢᠩᠭᠠᠳᠬᠠᠵᠣ᠂ ᠰᠢᠨᠵᠢᠯᠡᠬᠦ ᠲᠧᠭᠨᠢᠭ  ᠤᠨ ᠰᠢᠨ᠎ᠡ ᠶᠢ ᠡᠭᠦᠳᠬᠦ ᠲᠦᠪ ᠢ ᠡᠭᠦᠰᠬᠡᠨ ᠪᠠᠶᠢᠭᠤᠯᠣᠨ᠂ ᠳᠣᠭᠤᠷᠢᠭ ᠤᠨ ᠠᠵᠣ ᠦᠢᠯᠡᠰ ᠤᠨ ᠳᠠᠭᠠᠭᠠᠴᠠ ᠴᠢᠳᠠᠪᠬᠢ ᠶᠢ ᠳᠡᠭᠡᠭᠰᠢᠯᠡᠭᠦᠯᠦᠨ᠎ᠡ᠃        ︽ ᠢᠨᠲ᠋ᠧᠷ ᠰᠦᠯᠵᠢᠶ᠎ᠡ +︾ ᠦᠢᠯᠡ ᠠᠵᠢᠯᠯᠠᠭᠠᠨ ᠤ ᠲᠦᠯᠦᠪᠯᠡᠭᠡ ᠶᠢ ᠪᠦᠬᠦ ᠲᠠᠯ᠎ᠠ ᠪᠠᠷ ᠬᠡᠷᠡᠭᠵᠢᠭᠦᠯᠦᠨ᠎ᠡ᠃ ︽ᠢᠨᠲ᠋ᠧᠷ ᠰᠦᠯᠵᠢᠶ᠎ᠡ +︾ ᠨᠡᠭᠡᠭᠡᠯᠳᠡ ᠲᠠᠢ ᠬᠠᠮᠳᠣᠪᠡᠷ ᠡᠳ᠋ᠯᠡᠬᠦ ᠳᠠᠪᠴᠠᠩ ᠢ ᠪᠠᠶᠢᠭᠤᠯᠵᠣ᠂ ᠠᠵᠣ ᠠᠬᠤᠢ ᠨᠡᠶᠢᠭᠡᠮ ᠤᠨ ᠬᠦᠭᠵᠢᠯᠳᠡ ᠶᠢᠨ ᠰᠦᠯᠵᠢᠶᠡᠵᠢᠬᠦ᠂ ᠳᠣᠭᠠᠴᠢᠯᠠᠬᠤ᠂ ᠣᠶᠣᠨᠵᠢᠬᠤ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ︽ᠢᠨᠲ᠋ᠧᠷ ᠰᠦᠯᠵᠢᠶ᠎ᠡ +︾ ᠵᠠᠰᠠᠭ ᠤᠨ ᠶᠠᠪᠣᠳᠠᠯ᠄ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ᠂ ᠠᠷᠠᠳ ᠲᠤ ᠲᠦᠭᠦᠮ ᠦᠵᠡᠭᠦᠯᠬᠦ ᠦᠢᠯᠡᠴᠢᠯᠡᠭᠡ᠂ ᠵᠠᠰᠠᠭ ᠤᠨ ᠶᠠᠪᠣᠳᠠᠯ ᠢ ᠢᠯᠡ ᠪᠣᠯᠭᠠᠬᠤ ᠵᠡᠷᠭᠡ ᠴᠢᠳᠠᠪᠬᠢ ᠶᠢ ᠨᠢᠭᠡ ᠴᠣᠭᠴᠠᠯᠠᠭᠰᠠᠨ ᠰᠦᠯᠵᠢᠶᠡᠨ ᠳᠡᠭᠡᠷᠡᠬᠢ ᠵᠠᠰᠠᠭ ᠤᠨ ᠶᠠᠪᠣᠳᠠᠯ ᠤᠨ ᠶᠡᠭᠡ ᠲᠢᠩᠬᠢᠮ ᠢ ᠲᠦᠷᠭᠡᠳᠭᠡᠨ ᠪᠠᠶᠢᠭᠤᠯᠵᠣ᠂ ᠪᠦᠬᠦ ᠬᠤᠳᠠ ᠶᠢᠨ ᠡᠯᠧᠺᠲᠷᠣᠨ ᠵᠠᠰᠠᠭ ᠤᠨ ᠶᠠᠪᠣᠳᠠᠯ ᠤᠨ ᠳᠣᠭᠠᠴᠢᠯᠠᠭᠰᠠᠨ ᠡᠬᠢ ᠰᠣᠷᠪᠣᠯᠵᠢ ᠳᠤ ᠨᠢᠭᠡᠲᠦᠯᠳᠡᠢ ᠬᠠᠮᠢᠶᠠᠷᠣᠯᠳᠠ ᠬᠠᠮᠠᠭᠠᠯᠠᠯᠳᠠ ᠶᠢ ᠬᠡᠷᠡᠭᠵᠢᠭᠦᠯᠦᠨ᠂ ᠵᠠᠰᠠᠭ ᠤᠨ ᠶᠠᠪᠣᠳᠠᠯ ᠤᠨ ᠦᠢᠯᠡᠴᠢᠯᠡᠭᠡ ᠪᠠ ᠣᠯᠠᠨ ᠨᠡᠶᠢᠳᠡ ᠶᠢᠨ ᠡᠬᠢ ᠪᠠᠶᠠᠯᠢᠭ ᠤᠨ ᠰᠣᠯᠢᠯᠴᠠᠭᠠᠨ ᠤ ᠲᠦᠪ ᠤᠨ ᠣᠶᠠᠯᠳᠣᠬᠤ ᠶᠢ ᠪᠡᠶᠡᠯᠡᠭᠦᠯᠦᠨ᠎ᠡ᠃ ︽ᠢᠨᠲ᠋ᠧᠷ ᠰᠦᠯᠵᠢᠶ᠎ᠡ +︾ ᠣᠳᠣ ᠦᠶ᠎ᠡ ᠶᠢᠨ ᠲᠠᠷᠢᠶᠠᠯᠠᠩ ᠮᠠᠯ ᠠᠵᠣ ᠠᠬᠤᠢ᠄ ᠳᠣᠰᠬᠠᠢ ᠮᠡᠷᠭᠡᠵᠢᠯᠳᠡᠨ ᠤ ᠸᠢᠳᠢᠣ᠋ ᠳᠡᠭᠡᠷ᠎ᠡ ᠣᠨᠣᠰᠢᠯᠠᠬᠤ ᠰᠢᠰᠲ᠋ᠧᠮ᠂ ᠬᠢᠵᠢᠭ ᠤᠨ ᠪᠠᠶᠢᠳᠠᠯ ᠢ ᠬᠢᠨᠠᠨ ᠰᠢᠯᠭᠠᠬᠤ ᠰᠢᠰᠲ᠋ᠧᠮ᠂ ᠮᠠᠯ ᠤᠨ ᠣᠷᠤᠭ᠎ᠠ ᠣᠷᠣᠬᠤ ᠶᠢ ᠬᠢᠨᠠᠨ ᠰᠢᠯᠭᠠᠬᠤ ᠰᠢᠰᠲ᠋ᠧᠮ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ  ᠤ ᠴᠢᠨᠠᠷ ᠴᠢᠨᠰᠠᠭ᠎ᠠ ᠠᠶᠣᠯᠭᠦᠢ ᠶᠢ ᠬᠢᠨᠠᠨ ᠰᠢᠯᠭᠠᠬᠤ ᠰᠢᠨᠰᠲ᠋ᠧᠮ ᠪᠠ ᠮᠦᠷᠳᠡᠨ ᠨᠡᠬᠡᠮᠵᠢᠯᠡᠬᠦ ᠰᠢᠰᠲ᠋ᠧᠮ ᠵᠡᠷᠭᠡ ᠶᠢ ᠪᠠᠭᠳᠠᠭᠠᠭᠰᠠᠨ ᠣᠳᠣ ᠦᠶ᠎ᠡ ᠶᠢᠨ ︽ᠲᠠᠷᠢᠵᠣ ᠳᠡᠵᠢᠭᠡᠬᠦ ᠪᠣᠯᠪᠠᠰᠣᠷᠠᠭᠤᠯᠬᠤ︾ ᠠᠮᠢ ᠠᠬᠤᠢ ᠶᠢᠨ ᠲᠠᠷᠢᠶᠠᠯᠠᠩ ᠤᠨ ᠰᠢᠨ᠎ᠡ ᠬᠡᠪ ᠵᠠᠭᠪᠣᠷ ᠢ ᠲᠦᠷᠭᠡᠳᠭᠡᠨ ᠪᠠᠶᠢᠭᠤᠯᠵᠣ᠂ ᠲᠠᠷᠢᠶᠠᠯᠠᠩ ᠮᠠᠯ ᠠᠵᠣ ᠠᠬᠤᠢ ᠶᠢᠨ ᠲᠠᠸᠠᠷᠳᠣ ᠪᠣᠳᠠᠰ ᠤᠨ ᠰᠦᠯᠵᠢᠶ᠎ᠡ ᠶᠢᠨ ᠳᠣᠷᠰᠢᠯᠳᠠ ᠶᠢᠨ ᠴᠡᠭ ᠤᠨ ᠠᠵᠢᠯ ᠢ ᠢᠳᠡᠪᠬᠢᠲᠡᠢ ᠦᠷᠨᠢᠭᠦᠯᠦᠨ᠂ ᠪᠦᠬᠦᠶᠢᠯᠡ ᠠᠵᠣ ᠦᠢᠯᠡᠰ ᠤᠨ ᠰᠦᠯᠵᠢᠶ᠎ᠡ ᠣᠶᠣᠨᠵᠢᠭᠰᠠᠨ ᠲᠠᠷᠢᠶᠠᠯᠠᠩ ᠮᠠᠯ ᠠᠵᠣ ᠠᠬᠤᠢ ᠶᠢᠨ ᠰᠢᠰᠲ᠋ᠧᠮ ᠢ ᠪᠠᠶᠢᠭᠤᠯᠣᠨ᠎ᠠ᠃ ︽ᠢᠨᠲ᠋ᠧᠷ ᠰᠦᠯᠵᠢᠶ᠎ᠡ +︾ ᠠᠵᠣ ᠦᠢᠯᠡᠳᠪᠦᠷᠢ᠄ ︽ᠢᠨᠲ᠋ᠧᠷ ᠰᠦᠯᠵᠢᠶ᠎ᠡ +︾ ᠮᠣᠳᠣᠨ ᠮᠠᠲ᠋ᠧᠷᠢᠶᠠᠯ᠂ ᠪᠠᠷᠢᠯᠭ᠎ᠠ ᠶᠢᠨ ᠮᠠᠲ᠋ᠧᠷᠢᠶᠠᠯ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ᠂ ᠬᠤᠪᠴᠠᠰᠣ᠂ ᠮᠧᠬᠠᠨᠢᠭ ᠣᠭᠰᠠᠷᠠᠯᠳᠠ ᠵᠡᠷᠭᠡ ᠣᠯᠠᠮᠵᠢᠯᠠᠯᠳᠣ ᠠᠵᠣ ᠦᠢᠯᠡᠰ ᠢᠶᠠᠷ ᠭᠤᠣᠯᠯᠳᠠᠯᠭ᠎ᠠ ᠪᠣᠯᠭᠠᠨ᠂ ᠢᠳᠡᠭᠡᠮᠵᠢ᠂ ᠪᠠᠷᠠᠭᠠᠨ ᠤ ᠭᠦᠢᠯᠭᠡᠭᠡ᠂ ᠠᠮᠦᠷ ᠲᠦᠪᠰᠢᠨ᠂ ᠶᠡᠭᠡ ᠳᠤᠭ᠎ᠠ ᠪᠠᠷᠢᠮᠳᠠ ᠶᠢ ᠵᠠᠳᠠᠯᠣᠨ ᠰᠢᠨᠵᠢᠯᠡᠬᠦ ᠵᠡᠷᠭᠡ ᠠᠵᠣ ᠦᠢᠯᠡᠳᠪᠦᠷᠢ ᠶᠢᠨ ᠨᠧᠲ ᠰᠦᠯᠵᠢᠶᠡᠨ  ᠤ ᠢᠵᠢ ᠪᠦᠷᠢᠨ ᠰᠢᠰᠲ᠋ᠧᠮ ᠤᠨ ᠪᠠᠶᠢᠭᠤᠯᠣᠯᠳᠠ ᠶᠢ ᠲᠦᠷᠭᠡᠳᠭᠡᠵᠣ᠂ ᠣᠶᠣᠨᠵᠢᠭᠰᠠᠨ ᠠᠵᠣ ᠦᠢᠯᠡᠳᠪᠦᠷᠢ ᠶᠢᠨ ᠳᠣᠭᠤᠷᠢᠭ ᠢ ᠢᠳᠡᠪᠬᠢᠲᠡᠢ ᠴᠣᠭᠴᠠᠯᠠᠨ ᠪᠠᠶᠢᠭᠤᠯᠣᠨ᠎ᠠ᠃ ︽ᠢᠨᠲ᠋ᠧᠷ ᠰᠦᠯᠵᠢᠶ᠎ᠡ +︾ ᠠᠷᠠᠯᠵᠢᠶ᠎ᠠ ᠬᠤᠳᠠᠯᠳᠤᠭ᠎ᠠ᠄ ᠬᠢᠯᠢ ᠠᠯᠣᠰᠯᠠᠭᠰᠠᠨ ᠡᠯᠧᠺᠲᠷᠣᠨ ᠬᠤᠳᠠᠯᠳᠣᠭᠠᠨ ᠤ ᠵᠢᠱᠢᠶᠡᠴᠢ ᠬᠤᠳᠠ᠂ ᠵᠢᠱᠢᠶᠡᠴᠢ ᠰᠠᠭᠤᠷᠢᠨ ᠢ ᠢᠳᠡᠪᠬᠢᠲᠡᠢ ᠳᠡᠭᠡᠭᠰᠢ ᠮᠡᠳᠡᠭᠦᠯᠦᠨ᠂ ᠡᠯᠧᠺᠲᠷᠣᠨ ᠬᠤᠳᠠᠯᠳᠤᠭ᠎ᠠ ᠶᠢ ᠶᠡᠭᠡ ᠬᠦᠴᠦᠨ ᠢᠶᠠᠷ ᠬᠦᠭᠵᠢᠭᠦᠯᠵᠣ᠂ ᠣᠯᠭᠤᠬᠤ᠂ ᠳᠣᠭᠠᠴᠠᠭ᠎ᠠ᠂ ᠪᠠᠷᠠᠭᠠᠨ ᠤ ᠭᠦᠢᠯᠭᠡᠭᠡ᠂ ᠨᠦᠬᠡᠴᠡᠯᠡᠨ ᠬᠦᠮᠦᠷᠭᠡᠯᠡᠬᠦ᠂ ᠬᠤᠳᠠᠯᠳᠤᠭ᠎ᠠ ᠪᠠ ᠮᠡᠷᠭᠡᠵᠢᠯ ᠢ ᠨᠢᠭᠡ ᠴᠣᠭᠴᠠᠯᠠᠭᠰᠠᠨ ︽ᠰᠦᠯᠵᠢᠶᠡᠨ ᠳᠡᠭᠡᠷᠡᠬᠢ ᠴᠢᠯᠦᠭᠡᠲᠦ ᠬᠤᠳᠠᠯᠳᠣᠭᠠᠨ ᠤ ᠳᠣᠭᠤᠷᠢᠭ︾ ᠪᠠ ︽ᠰᠦᠯᠵᠢᠶᠡᠨ ᠳᠡᠭᠡᠷᠡᠬᠢ ᠳᠣᠷᠭᠠᠨ ᠵᠠᠮ︾ ᠢ ᠬᠦᠴᠦ ᠳᠠᠯᠪᠢᠨ ᠪᠠᠶᠢᠭᠤᠯᠵᠣ᠂ ᠢᠣᠢ ᠯᠢ᠂ ᠵᠠᠮᠴᠢ ᠵᠡᠷᠭᠡ ᠪᠠᠷ ᠲᠦᠯᠦᠭᠡᠯᠡᠭᠦᠯᠦᠭᠰᠡᠨ ᠡᠯᠧᠺᠲᠷᠣᠨ ᠬᠤᠳᠠᠯᠳᠣᠭᠠᠨ ᠤ ᠦᠢᠯᠡᠴᠢᠯᠡᠭᠡᠨ ᠤ ᠳᠠᠪᠴᠠᠩ ᠤᠨ ᠪᠠᠶᠢᠭᠤᠯᠣᠯᠳᠠ ᠶᠢ ᠲᠦᠯᠬᠢᠨ ᠠᠬᠢᠭᠤᠯᠣᠨ᠎ᠠ᠃ ︽ᠢᠨᠲ᠋ᠧᠷ ᠰᠦᠯᠵᠢᠶ᠎ᠡ +︾ ᠰᠣᠶᠣᠯ ᠵᠢᠭᠤᠯᠴᠢᠯᠠᠯ᠄ ᠠᠶᠠᠯᠠᠯ ᠵᠢᠭᠤᠯᠴᠢᠯᠠᠯ ᠤᠨ ᠦᠵᠡᠮᠵᠢ ᠶᠢᠨ ᠳᠣᠭᠤᠷᠢᠭ ᠪᠠ ᠮᠠᠯᠵᠢᠬᠤ ᠣᠷᠣᠨ ᠤ ᠵᠢᠭᠤᠯᠴᠢᠯᠠᠯ ᠤᠨ ᠴᠡᠭ ᠤᠨ ᠣᠳᠠᠰᠣ ᠦᠬᠡᠢ ᠰᠦᠯᠵᠢᠶ᠎ᠡ᠂ ᠣᠶᠣᠨᠴᠢ ᠵᠠᠮᠴᠢᠯᠠᠭᠴᠢ᠂ ᠰᠦᠯᠵᠢᠶᠡᠨ ᠳᠡᠭᠡᠷᠡᠬᠢ ᠵᠠᠬᠢᠶᠠᠯᠠᠭ᠎ᠠ᠂ ᠮᠡᠳᠡᠭᠡ ᠵᠠᠩᠬᠢ ᠳᠠᠨᠢᠯᠴᠠᠭᠤᠯᠣᠨ ᠬᠦᠷᠬᠡᠬᠦ ᠵᠡᠷᠭᠡ ᠴᠢᠳᠠᠪᠬᠢ ᠶᠢ ᠲᠦᠷᠭᠡᠳᠭᠡᠨ ᠳᠡᠭᠦᠯᠳᠡᠷᠵᠢᠭᠦᠯᠵᠣ᠂ ᠣᠶᠣᠨᠴᠢ ᠦᠵᠡᠮᠵᠢ ᠶᠢᠨ ᠳᠣᠭᠤᠷᠢᠭ ᠪᠠ ᠣᠶᠣᠨᠴᠢ ᠵᠢᠭᠤᠯᠴᠢᠯᠠᠯ ᠤᠨ ᠮᠠᠯᠵᠢᠬᠤ ᠣᠷᠣᠨ ᠢ ᠪᠠᠶᠢᠭᠤᠯᠣᠨ᠂ ᠣᠶᠣᠨᠴᠢ ᠵᠢᠭᠤᠯᠴᠢᠯᠠᠯ ᠢ ᠬᠦᠭᠵᠢᠭᠦᠯᠦᠨ᠎ᠡ᠃ ᠰᠣᠶᠣᠯ ᠮᠡᠳᠡᠭᠡ ᠵᠠᠩᠬᠢ ᠶᠢᠨ ᠡᠬᠢ ᠪᠠᠶᠠᠯᠢᠭ ᠤᠨ ᠢᠨᠵᠧᠨᠧᠷᠢᠩ ᠢ ᠬᠡᠷᠡᠭᠵᠢᠭᠦᠯᠵᠣ᠂ ᠰᠣᠶᠣᠯ ᠤᠨ ᠠᠵᠣ ᠦᠢᠯᠡᠰ ᠪᠣᠯᠣᠨ ᠢᠨᠲ᠋ᠧᠷ ᠰᠦᠯᠵᠢᠶ᠎ᠡ ᠶᠢᠨ ᠣᠶᠠᠯᠳᠣᠨ ᠬᠦᠭᠵᠢᠭᠦ ᠶᠢ ᠠᠬᠢᠭᠤᠯᠣᠨ᠎ᠠ᠃ ︽ᠢᠨᠲ᠋ᠧᠷ ᠰᠦᠯᠵᠢᠶ᠎ᠡ +︾ ᠠᠷᠠᠳᠴᠢᠯᠠᠯ᠄ ᠮᠡᠳᠡᠭᠡ ᠵᠠᠩᠬᠢ ᠪᠠᠷ ᠠᠷᠠᠳ ᠢ ᠢᠪᠡᠭᠡᠬᠦ ᠢᠨᠵᠧᠨᠧᠷᠢᠩ ᠢ ᠬᠡᠷᠡᠭᠵᠢᠭᠦᠯᠦᠨ᠂ ᠢᠨᠲ᠋ᠧᠷ ᠰᠦᠯᠵᠢᠶᠡᠨ ᠳᠤ ᠰᠠᠭᠤᠷᠢᠯᠠᠭᠰᠠᠨ ᠣᠶᠣᠨᠴᠢ ᠨᠡᠶᠢᠭᠡᠮ ᠳᠣᠭᠤᠷᠢᠭ᠂ ᠣᠶᠣᠨᠴᠢ ᠡᠷᠡᠭᠦᠯ ᠴᠢᠬᠢᠷᠠᠭ᠂ ᠣᠶᠣᠨᠴᠢ ᠨᠠᠰᠣᠳᠠᠳ ᠤᠨ ᠠᠰᠠᠷᠠᠮᠵᠢ᠂ ᠣᠶᠣᠨᠴᠢ ᠣᠷᠴᠢᠨ ᠳᠣᠭᠤᠷᠢᠨ ᠤ ᠬᠠᠮᠠᠭᠠᠯᠠᠯᠳᠠ᠂ ᠣᠶᠣᠨᠴᠢ ᠵᠠᠮ ᠬᠠᠷᠢᠯᠴᠠᠭ᠎ᠠ᠂ ᠣᠶᠣᠨᠴᠢ ᠬᠠᠦᠯᠢ ᠪᠠᠷ ᠵᠠᠰᠠᠬᠤ᠂ ᠣᠶᠣᠨᠴᠢ ᠭᠡᠷ ᠦᠷᠦᠭᠡ ᠵᠡᠷᠭᠡ ᠳᠠᠪᠴᠠᠩ ᠢ ᠨᠢᠭᠡᠲᠦᠯᠳᠡᠢ ᠲᠦᠯᠬᠢᠨ ᠠᠬᠢᠭᠤᠯᠵᠣ᠂ ᠳᠣᠭᠠᠴᠢᠯᠠᠭᠰᠠᠨ ᠨᠣᠮ ᠤᠨ ᠰᠠᠩ ᠪᠠ ᠣᠶᠣᠨᠴᠢ ᠮᠦᠽᠸᠢ ᠶᠢᠨ ᠪᠠᠶᠢᠭᠤᠯᠣᠯᠳᠠ᠂ ᠣᠯᠠᠨ ᠨᠡᠶᠢᠳᠡ ᠶᠢᠨ ᠦᠢᠯᠡᠴᠢᠯᠡᠭᠡ ᠶᠢ ᠨᠢᠭᠡ ᠺᠠᠷᠲ ᠪᠠᠷ ᠨᠡᠪᠳᠡᠷᠡᠭᠦᠯᠬᠦ ᠵᠡᠷᠭᠡ ᠶᠢ ᠲᠦᠷᠭᠡᠳᠭᠡᠨ᠂ ᠰᠣᠷᠭᠠᠨ ᠬᠦᠮᠦᠵᠢᠯ᠂ ᠡᠮ ᠡᠮᠨᠡᠯᠭᠡ᠂ ᠨᠡᠶᠢᠭᠡᠮ ᠤᠨ ᠪᠠᠳᠣᠯᠠᠭ᠎ᠠ᠂ ᠠᠶᠠᠯᠠᠯ ᠵᠢᠭᠤᠯᠴᠢᠯᠠᠯ ᠵᠡᠷᠭᠡ ᠣᠯᠠᠨ ᠨᠡᠶᠢᠳᠡ ᠶᠢᠨ ᠬᠦᠷᠢᠶᠡᠨ ᠤ ᠳᠣᠭᠠᠴᠢᠯᠠᠬᠤ᠂ ᠰᠦᠯᠵᠢᠶᠡᠵᠢᠬᠦ᠂ ᠣᠶᠣᠨᠴᠢᠯᠠᠬᠤ ᠶᠢ ᠶᠡᠭᠡ ᠬᠦᠴᠦᠨ  ᠢᠶᠠᠷ ᠲᠦᠯᠬᠢᠨ ᠠᠬᠢᠭᠤᠯᠣᠨ᠎ᠠ᠃ᠬᠤᠶᠠᠳᠣᠭᠠᠷ ᠬᠡᠰᠡᠭ   ᠬᠦᠭᠵᠢᠯᠳᠡ ᠶᠢᠨ ᠰᠢᠨ᠎ᠡ ᠪᠠᠶᠢᠭᠤᠯᠣᠮᠵᠢ ᠶᠢ ᠪᠠᠶᠢᠭᠤᠯᠣᠨ᠎ᠠ      ᠦᠨᠳᠦᠰᠦᠨ ᠠᠵᠣ ᠠᠬᠤᠢ ᠶᠢᠨ ᠲᠦᠷᠢᠮ ᠢ ᠪᠠᠷᠢᠮᠳᠠᠯᠠᠨ ᠳᠡᠭᠦᠯᠳᠡᠷᠵᠢᠭᠦᠯᠦᠨ᠎ᠡ᠃ ᠠᠷᠠᠳ ᠤᠨ ᠳᠣᠮᠳᠠᠬᠢ ᠬᠦᠷᠦᠩᠬᠡ ᠮᠦᠩᠭᠦ ᠶᠢᠨ ᠳᠡᠭᠡᠳᠦ ᠰᠢᠨ᠎ᠡ ᠮᠡᠷᠭᠡᠵᠢᠯ᠂ ᠮᠦᠩᠭᠦᠨ ᠭᠦᠢᠯᠭᠡᠭᠡᠨ ᠤ ᠦᠢᠯᠡᠴᠢᠯᠡᠭᠡ᠂ ᠨᠡᠶᠢᠳᠡ ᠶᠢᠨ ᠬᠡᠷᠡᠭᠯᠡᠭᠡᠨ ᠤ ᠦᠢᠯᠡᠰ᠂ ᠰᠠᠭᠤᠷᠢ ᠲᠦᠭᠦᠭᠡᠷᠦᠮᠵᠢ ᠵᠡᠷᠭᠡ ᠬᠦᠷᠢᠶᠡᠨ ᠳᠤ ᠠᠰᠢᠭᠯᠠᠭᠳᠠᠨ ᠣᠷᠣᠬᠤ ᠶᠢ ᠪᠠᠷᠢᠮᠳᠠᠯᠠᠨ᠂ ︽ᠳᠣᠮᠳᠠ ᠵᠢᠵᠢᠭ ᠠᠵᠣ ᠠᠬᠤᠶᠢᠯᠠᠯ ᠢ ᠦᠰᠭᠡᠨ ᠪᠣᠶᠢᠵᠢᠭᠤᠯᠬᠤ ᠢᠨᠵᠧᠨᠧᠷᠢᠩ︾ ᠪᠠ ︽ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠳᠤᠭ᠎ᠠ ᠬᠡᠮᠵᠢᠶ᠎ᠡ ᠶᠢ ᠨᠡᠮᠡᠭᠳᠡᠭᠦᠯᠬᠦ ᠠᠵᠢᠯᠯᠠᠭ᠎ᠠ︾ ᠶᠢ ᠬᠡᠷᠡᠭᠵᠢᠭᠦᠯᠵᠣ᠂ ᠵᠢᠵᠢᠭ ᠠᠵᠣ ᠠᠬᠤᠶᠢᠯᠠᠯ ᠢ ᠬᠡᠪᠴᠢᠶᠡᠵᠢᠭᠰᠡᠨ ᠠᠵᠣ ᠠᠬᠤᠶᠢᠯᠠᠯ ᠪᠣᠯᠭᠠᠨ ᠦᠰᠭᠡᠨ ᠪᠣᠶᠢᠵᠢᠭᠤᠯᠬᠤ ᠳᠣᠭᠳᠠᠯᠴᠠᠭ᠎ᠠ ᠶᠢ ᠪᠠᠶᠢᠭᠤᠯᠣᠨ ᠂ ᠨᠡᠶᠢᠳᠡ ᠶᠢᠨ ᠦᠮᠴᠢᠯᠡᠯ ᠤᠨ ᠪᠣᠰᠣ ᠠᠵᠣ ᠠᠬᠤᠢ ᠶᠢᠨ ᠡᠷᠡᠭᠦᠯ ᠢᠶᠠᠷ ᠬᠦᠭᠵᠢᠭᠦ ᠶᠢ ᠲᠦᠯᠬᠢᠨ ᠠᠬᠢᠭᠤᠯᠵᠣ᠂ 2020 ᠣᠨ ᠬᠦᠷᠬᠦ ᠳᠤ ᠬᠡᠪᠴᠢᠶᠡᠵᠢᠯ ᠠᠴᠠ ᠳᠡᠭᠡᠭᠰᠢᠬᠢ ᠠᠵᠣ ᠦᠢᠯᠡᠳᠪᠦᠷᠢ ᠶᠢᠨ ᠠᠵᠣ ᠠᠬᠤᠶᠢᠯᠠᠯ ᠢ 43 ᠡᠷᠦᠬᠡ ᠳᠤ ᠬᠦᠷᠬᠡᠨ᠂ ᠵᠢᠯ ᠤᠨ ᠦᠢᠯᠡᠳᠭᠦᠨ ᠤ ᠦᠷᠳᠡᠭ ᠳ᠋ᠦᠩᠰᠢᠭᠤᠷ ᠲᠦᠭᠦᠷᠢᠭ ᠠᠴᠠ ᠳᠡᠭᠡᠭᠰᠢᠬᠢ ᠠᠵᠣ ᠠᠬᠤᠶᠢᠯᠠᠯ ᠢ 25 ᠡᠷᠦᠬᠡ ᠳᠤ ᠬᠦᠷᠬᠡᠬᠦ ᠪᠠᠷ ᠴᠢᠷᠮᠠᠶᠢᠨ᠎ᠠ᠃ ᠬᠦᠳᠡᠭᠡ ᠳᠣᠰᠬᠤᠨ ᠮᠠᠯᠵᠢᠬᠤ ᠣᠷᠣᠨ ᠤ ᠭᠠᠵᠠᠷ ᠰᠢᠷᠣᠢ᠂ ᠪᠡᠯᠴᠢᠭᠡᠷ ᠤᠨ ᠳᠠᠭᠠᠭᠠᠴᠢᠯᠠᠯᠳᠠ ᠡᠵᠡᠩᠨᠡᠯᠳᠡ ᠶᠢᠨ ᠡᠷᠭᠡ ᠶᠢ ᠪᠠᠳᠣᠯᠠᠨ ᠳᠠᠩᠰᠠᠯᠠᠬᠤ ᠶᠢ ᠲᠦᠷᠭᠡᠳᠭᠡᠨ ᠠᠬᠢᠭᠤᠯᠵᠣ᠂ ᠪᠠᠶᠢᠰᠢᠩ ᠤᠨ ᠰᠠᠭᠤᠷᠢᠨ ᠭᠠᠵᠠᠷ ᠤᠨ ᠬᠡᠷᠡᠭᠯᠡᠭᠡᠨ ᠤ ᠡᠷᠬᠡ ᠶᠢᠨ ᠭᠠᠵᠠᠷ ᠣᠷᠣᠨ ᠤ ᠬᠠᠷᠢᠶᠠᠯᠠᠯ ᠤᠨ ᠪᠠᠶᠢᠴᠠᠭᠠᠯᠳᠠ ᠶᠢ ᠳᠠᠭᠤᠰᠬᠠᠨ᠂ ᠬᠦᠳᠡᠭᠡ ᠳᠣᠰᠬᠤᠨ ᠤ ᠬᠠᠮᠳᠣ ᠨᠡᠶᠢᠳᠡ ᠶᠢᠨ ᠡᠵᠡᠩᠨᠡᠯᠳᠡ ᠶᠢᠨ ᠴᠢᠨᠠᠷᠳᠣ ᠪᠦᠲᠦᠭᠡᠨ ᠪᠠᠶᠢᠭᠤᠯᠣᠯᠳᠠ ᠶᠢᠨ ᠭᠠᠵᠠᠷ ᠰᠢᠷᠣᠢ ᠶᠢ ᠰᠢᠯᠵᠢᠭᠦᠯᠬᠦ ᠦᠭᠡᠷᠡᠴᠢᠯᠡᠯᠳᠡ ᠶᠢᠨ ᠳᠣᠷᠰᠢᠯᠳᠠ ᠶᠢᠨ ᠴᠡᠭ ᠤᠨ ᠠᠵᠢᠯ ᠢ ᠦᠷᠨᠢᠭᠦᠯᠵᠣ᠂ ᠭᠠᠵᠠᠷ ᠰᠢᠷᠣᠢ ᠲᠦᠷᠢᠶᠡᠰᠦᠯᠡᠬᠦ᠂ ᠰᠢᠯᠵᠢᠭᠦᠯᠬᠦ᠂ ᠳᠡᠨᠵᠢᠯᠠᠬᠤ ᠬᠤᠶᠠᠳᠣᠭᠠᠷ ᠵᠡᠷᠭᠡᠯᠡᠯ ᠤᠨ ᠵᠠᠬ᠎ᠠ ᠳᠡᠯᠭᠡᠭᠦᠷ ᠢ ᠪᠦᠷᠢᠨᠰᠢᠭᠦᠯᠦᠨ᠂ ᠦᠮᠴᠢᠯᠡᠬᠦ ᠡᠷᠬᠡ ᠶᠢ ᠬᠠᠮᠠᠭᠠᠯᠠᠬᠤ ᠲᠦᠷᠢᠮ ᠢ ᠳᠡᠭᠦᠯᠳᠡᠷᠵᠢᠭᠦᠯᠦᠨ᠎ᠡ᠃      ᠵᠠᠰᠠᠭ ᠤᠨ ᠣᠷᠳᠣᠨ ᠤ ᠴᠢᠳᠠᠪᠬᠢ ᠶᠢ ᠲᠦᠷᠭᠡᠳᠭᠡᠨ ᠬᠤᠪᠢᠷᠠᠭᠤᠯᠣᠨ᠎ᠠ᠃ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠷᠢᠮ ᠤᠨ ᠦᠭᠡᠷᠡᠴᠢᠯᠡᠯᠳᠡ ᠶᠢ ᠪᠦᠬᠦ ᠲᠠᠯ᠎ᠠ ᠪᠠᠷ ᠬᠦᠨᠵᠡᠭᠡᠶᠢᠷᠡᠭᠦᠯᠦᠨ᠂ ᠵᠠᠰᠠᠭ ᠤᠨ ᠣᠷᠳᠣᠨ ᠵᠢᠴᠢ ᠠᠵᠢᠯ ᠤᠨ ᠰᠠᠯᠠᠭ᠎ᠠ ᠮᠦᠴᠢᠷ ᠤᠨ ᠡᠷᠬᠡ ᠶᠢᠨ ᠪᠦᠷᠢᠳᠭᠡᠯ ᠪᠠ ᠬᠠᠷᠢᠭᠤᠴᠠᠯᠭ᠎ᠠ ᠶᠢᠨ ᠪᠦᠷᠢᠳᠭᠡᠯ ᠤᠨ ᠲᠦᠷᠢᠮ ᠢ ᠪᠦᠷᠢᠨᠰᠢᠭᠦᠯᠵᠣ᠂ ᠵᠠᠰᠠᠭ ᠤᠨ ᠣᠷᠳᠣᠨ ᠠᠴᠠ ᠬᠢᠨᠠᠨ ᠵᠦᠪᠰᠢᠶᠡᠷᠡᠭᠰᠡᠨ ᠪᠡᠯᠡ ᠣᠷᠣᠭᠤᠯᠣᠯᠳᠠ ᠶᠢᠨ ᠲᠦᠷᠦᠯ ᠵᠦᠢᠯ ᠤᠨ ᠬᠡᠪᠴᠢᠶ᠎ᠡ ᠶᠢ ᠶᠡᠭᠡ ᠬᠡᠮᠵᠢᠶ᠎ᠡ ᠪᠠᠷ ᠪᠠᠭᠠᠰᠬᠠᠨ᠂ ᠵᠠᠬ᠎ᠠ ᠳᠡᠯᠭᠡᠭᠦᠷ ᠤᠨ ᠪᠦᠲᠦᠮᠵᠢᠳᠡᠢ ᠳᠣᠬᠢᠷᠠᠭᠤᠯᠵᠣ ᠴᠢᠳᠠᠬᠤᠶᠢᠴᠠ ᠠᠵᠣ ᠠᠬᠤᠢ ᠶᠢᠨ ᠦᠢᠯᠡ ᠠᠵᠢᠯᠯᠠᠭ᠎ᠠ ᠶᠢ ᠬᠢᠨᠠᠨ ᠵᠦᠪᠰᠢᠶᠡᠷᠡᠬᠦ ᠶᠢ ᠠᠭᠠᠵᠢᠮ ᠢᠶᠠᠷ ᠬᠦᠴᠦᠨ ᠦᠬᠡᠢ ᠪᠣᠯᠭᠠᠵᠣ᠂ ᠵᠠᠰᠠᠭ ᠵᠠᠬᠢᠷᠭᠠᠨ ᠤ ᠦᠢᠯᠡᠴᠢᠯᠡᠬᠡᠨ ᠤ ᠲᠦᠪ ᠤᠨ ᠴᠢᠳᠠᠪᠬᠢ ᠶᠢ ᠴᠢᠩᠭᠠᠳᠬᠠᠨ᠂ ᠬᠦᠨᠳᠦ ᠴᠢᠬᠤᠯᠠ ᠲᠦᠷᠦᠯ ᠵᠦᠢᠯ ᠳᠤ ᠨᠣᠭᠤᠭᠠᠨ ᠭᠠᠷᠣᠴᠠ ᠬᠠᠩᠭᠠᠬᠤ ᠳᠣᠭᠳᠠᠯᠴᠠᠭ᠎ᠠ ᠶᠢ ᠨᠠᠶᠢᠳᠠᠪᠣᠷᠢᠵᠢᠭᠤᠯᠵᠣ᠂ ᠬᠡᠪ ᠢᠶᠠᠷ ᠦᠯᠡᠳᠡᠭᠡᠭᠰᠡᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠶᠠᠪᠣᠳᠠᠯ ᠳᠤ ᠲᠦᠪᠯᠡᠷᠡᠭᠦᠯᠦᠨ᠂ ᠵᠡᠷᠭᠡᠴᠡᠭᠦᠯᠦᠨ ᠰᠦᠯᠵᠢᠶᠡᠨ ᠳᠡᠭᠡᠷ᠎ᠡ ᠬᠢᠨᠠᠨ ᠵᠦᠪᠰᠢᠶᠡᠷᠡᠬᠦ ᠶᠢ ᠬᠡᠷᠡᠭᠵᠢᠭᠦᠯᠦᠨ᠎ᠡ᠃ ᠪᠠᠶᠢᠭᠤᠯᠣᠮᠵᠢ ᠶᠢᠨ ᠦᠬᠡᠷᠡᠴᠢᠯᠡᠯᠳᠡ ᠶᠢ ᠴᠢᠷᠮᠠᠶᠢᠨ ᠬᠦᠨᠵᠡᠭᠡᠶᠢᠷᠡᠭᠦᠯᠵᠣ᠂ ᠶᠡᠭᠡ ᠰᠠᠯᠠᠭ᠎ᠠ ᠮᠦᠴᠢᠷ ᠤᠨ ᠲᠦᠷᠢᠮ ᠢ ᠰᠦᠪᠡᠭᠴᠢᠯᠡᠨ ᠬᠡᠷᠡᠭᠵᠢᠭᠦᠯᠵᠣ᠂ ᠰᠣᠷᠭᠠᠭᠤᠯᠢ᠂ ᠡᠮᠨᠡᠯᠭᠡ ᠵᠡᠷᠭᠡ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠳᠡᠰ ᠵᠡᠷᠭᠡᠯᠡᠯ ᠢ ᠠᠭᠠᠵᠢᠮ ᠢᠶᠠᠷ ᠬᠦᠴᠦᠨ ᠦᠬᠡᠢ ᠪᠣᠯᠭᠠᠨ᠂ ᠨᠦᠬᠦᠴᠡᠯ ᠲᠠᠢ ᠠᠵᠢᠯ ᠦᠢᠯᠡᠰ ᠤᠨ ᠨᠢᠭᠡᠴᠡ ᠶᠢᠨ ᠠᠵᠣ ᠠᠬᠤᠶᠢᠯᠠᠯ ᠪᠣᠶᠣ ᠨᠡᠶᠢᠭᠡᠮ ᠤᠨ ᠵᠣᠬᠢᠶᠠᠨ ᠪᠠᠶᠢᠭᠤᠯᠣᠯᠳᠠ ᠵᠦᠭ ᠰᠢᠯᠵᠢᠬᠦ ᠶᠢ ᠲᠦᠯᠬᠢᠨ ᠠᠬᠢᠭᠤᠯᠣᠨ᠎ᠠ᠃       ᠣᠳᠣ ᠦᠶ᠎ᠡ ᠶᠢᠨ ᠵᠠᠬ᠎ᠠ ᠳᠡᠯᠭᠡᠭᠦᠷ ᠤᠨ ᠰᠢᠰᠲ᠋ᠧᠮ ᠢ ᠣᠯᠠᠮ ᠨᠢᠭᠡᠨ ᠠᠯᠬᠤᠮ ᠳᠡᠭᠦᠯᠳᠡᠷᠵᠢᠭᠦᠯᠦᠨ᠎ᠡ᠃ ᠵᠠᠬ᠎ᠠ ᠳᠡᠯᠭᠡᠭᠦᠷ ᠤᠨ ᠪᠣᠯᠣᠮᠵᠢᠳᠣ ᠨᠠᠵᠠᠭᠠᠢ ᠳᠠᠯ᠎ᠠ ᠶᠢ ᠪᠦᠷᠢᠳᠭᠡᠬᠦ ᠲᠦᠷᠢᠮ ᠢ ᠬᠡᠷᠡᠭᠵᠢᠭᠦᠯᠦᠨ᠂ ᠭᠠᠳᠠᠭᠠᠳᠣ ᠪᠡᠯᠡ ᠣᠷᠣᠭᠤᠯᠣᠯᠳᠠ ᠶᠢᠨ ᠵᠠᠬ᠎ᠠ ᠳᠡᠯᠭᠡᠭᠦᠷ ᠲᠤ ᠪᠦᠷᠢᠳᠭᠡᠭᠦᠯᠦᠨ ᠣᠷᠣᠬᠤ ᠪᠠᠷᠢᠮᠵᠢᠶ᠎ᠠ ᠬᠢᠵᠠᠭᠠᠷᠯᠠᠯ ᠢ ᠣᠯᠠᠮ ᠨᠢᠭᠡᠨ ᠠᠯᠬᠤᠮ ᠴᠢᠯᠥᠭᠡᠳᠡᠢ ᠪᠣᠯᠭᠠᠵᠣ᠂ ᠪᠦᠬᠦ ᠶᠠᠪᠣᠴᠠ ᠶᠢᠨ ᠡᠯᠧᠺᠲᠷᠣᠨᠵᠢᠭ᠍ᠰᠡᠨ ᠳᠠᠩᠰᠠ ᠪᠦᠷᠢᠳᠭᠡᠯ ᠪᠠ ᠡᠯᠧᠺᠲᠷᠣᠨ ᠡᠵᠡᠩᠨᠡᠯᠳᠡ ᠶᠢᠨ ᠦᠨᠡᠮᠯᠡᠯ ᠤᠨ ᠬᠠᠮᠢᠶᠠᠷᠣᠯᠳᠠ ᠶᠢ ᠰᠦᠪᠡᠭᠴᠢᠯᠡᠨ᠂ ᠡᠷᠬᠡ ᠳᠡᠭᠰᠢ ᠨᠡᠭᠡᠭᠡᠯᠳᠡ ᠲᠠᠢ ᠢᠯᠡ ᠳᠣᠳᠣ ᠵᠠᠬ᠎ᠠ ᠳᠡᠯᠭᠡᠭᠦᠷ ᠤᠨ ᠡᠮᠬᠢ ᠲᠦᠷᠢᠮ ᠢ ᠪᠠᠶᠢᠭᠤᠯᠣᠨ᠎ᠠ᠃ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠪᠦᠷᠢᠳᠭᠡᠭᠦᠯᠦᠨ ᠣᠷᠣᠬᠤ ᠠᠴᠠ ᠡᠮᠦᠨᠡᠬᠢ ᠢᠳᠡᠭᠡᠮᠵᠢ ᠠᠮᠠᠯᠳᠠᠯᠭ᠎ᠠ ᠶᠢᠨ ᠲᠦᠷᠢᠮ ᠢ ᠪᠦᠬᠦ ᠲᠠᠯ᠎ᠠ ᠪᠠᠷ ᠬᠡᠷᠡᠭᠵᠢᠭᠦᠯᠦᠨ᠂ ᠪᠠᠶᠢᠭᠠᠯᠢᠯᠢᠭ ᠬᠦᠮᠦᠨ᠂ ᠬᠠᠦᠯᠢ ᠶᠢᠨ ᠡᠷᠬᠡᠳᠡᠨ ᠪᠠ ᠪᠣᠰᠣᠳ ᠵᠣᠬᠢᠶᠠᠨ ᠪᠠᠶᠢᠭᠤᠯᠣᠯᠳᠠ ᠶᠢᠨ ᠨᠢᠭᠡᠳᠦᠯᠳᠡᠢ ᠨᠡᠶᠢᠭᠡᠮ ᠤᠨ ᠢᠳᠡᠭᠡᠮᠵᠢ ᠶᠢᠨ ᠨᠣᠮᠧᠷ ᠤᠨ ᠲᠦᠷᠢᠮ ᠢ ᠲᠦᠷᠭᠡᠳᠭᠡᠨ ᠬᠡᠷᠡᠭᠵᠢᠭᠦᠯᠵᠣ᠂ ᠡᠯ᠎ᠡ ᠠᠵᠢᠯ ᠲᠦᠷᠦᠯ ᠤᠨ ᠣᠯᠠᠭᠠᠨ ᠬᠠᠷ᠎ᠠ ᠳᠠᠩᠰᠠ ᠶᠢᠨ ᠲᠦᠷᠢᠮ ᠪᠠ ᠵᠠᠬ᠎ᠠ ᠳᠡᠯᠭᠡᠭᠦᠷ ᠠᠴᠠ ᠣᠬᠤᠷᠢᠨ ᠭᠠᠷᠬᠤ ᠲᠦᠷᠢᠮ ᠢ ᠳᠡᠭᠦᠯᠳᠡᠷᠵᠢᠭᠦᠯᠦᠨ᠂ ᠰᠠᠯᠠᠭ᠎ᠠ ᠮᠦᠴᠢᠷ ᠠᠯᠣᠰᠯᠠᠭᠰᠠᠨ᠂ ᠣᠷᠣᠨ ᠨᠣᠳᠤᠭ ᠠᠯᠣᠰᠯᠠᠭᠰᠠᠨ ᠢᠳᠡᠭᠡᠮᠵᠢ ᠶᠢᠨ ᠬᠠᠮᠳᠣᠷᠠᠭᠰᠠᠨ ᠱᠠᠩᠨᠠᠯ ᠳᠣᠷᠭᠠᠭᠤᠯᠢ ᠶᠢᠨ ᠳᠣᠭᠳᠠᠯᠴᠠᠭ᠎ᠠ ᠶᠢ ᠲᠦᠷᠭᠡᠳᠭᠡᠨ ᠪᠠᠶᠢᠭᠤᠯᠵᠣ᠂ ᠠᠵᠣ ᠠᠬᠤᠶᠢᠯᠠᠯ ᠤᠨ ᠢᠳᠡᠭᠡᠮᠵᠢ ᠶᠢᠨ ᠲᠦᠷᠦᠯ ᠠᠩᠬᠢᠯᠠᠯ ᠤᠨ ᠬᠢᠨᠠᠨ ᠬᠠᠮᠢᠶᠠᠷᠣᠯᠳᠠ ᠶᠢᠨ ᠰᠢᠰᠲ᠋ᠧᠮ᠂ ᠬᠡᠷᠡᠭᠯᠡᠭᠴᠢ ᠶᠢᠨ ᠡᠷᠬᠡ ᠠᠰᠢᠭ ᠢ ᠬᠠᠮᠠᠭᠠᠯᠠᠬᠤ ᠰᠢᠰᠲ᠋ᠧᠮ ᠪᠠ ᠬᠢᠨᠠᠨ ᠬᠠᠮᠢᠶᠠᠷᠣᠯᠳᠠ ᠶᠢᠨ ᠬᠠᠦᠯᠢ ᠬᠡᠷᠡᠭᠵᠢᠭᠦᠯᠬᠦ ᠰᠠᠨᠠᠯ ᠢᠶᠠᠨ ᠬᠠᠷᠢᠭᠤ ᠳᠣᠰᠬᠠᠬᠤ ᠰᠢᠰᠲ᠋ᠧᠮ ᠢ ᠳᠡᠭᠦᠯᠳᠡᠷᠵᠢᠭᠦᠯᠦᠨ᠂ ᠪᠦᠷᠢᠨ ᠲᠦᠭᠦᠷ ᠨᠡᠶᠢᠭᠡᠮ ᠤᠨ ᠢᠳᠡᠭᠡᠮᠵᠢ ᠶᠢᠨ ᠳᠣᠭᠳᠠᠯᠴᠠᠭ᠎ᠠ ᠪᠠ ᠰᠢᠰᠲ᠋ᠧᠮ ᠢ ᠪᠣᠢ ᠪᠣᠯᠭᠠᠨ᠎ᠠ᠃ ᠵᠠᠰᠠᠭ ᠤᠨ ᠣᠷᠳᠣᠨ ᠤ ᠦᠨ᠎ᠡ ᠬᠠᠩᠰᠢ ᠶᠢᠨ ᠪᠦᠷᠢᠯᠳᠦᠬᠦ ᠳᠤ ᠭᠠᠷ ᠳᠦᠷᠦᠬᠦ ᠶᠢ ᠪᠠᠭᠠᠰᠬᠠᠵᠣ᠂ ᠦᠷᠢᠰᠦᠯᠳᠦᠭᠡᠨᠳᠣ ᠬᠦᠷᠢᠶᠡᠨ ᠤ ᠪᠠᠷᠠᠭ᠎ᠠ ᠳᠠᠸᠠᠷ ᠪᠠ ᠦᠢᠯᠡᠴᠢᠯᠡᠭᠡᠨ ᠤ ᠦᠨ᠎ᠡ ᠶᠢ ᠪᠦᠬᠦ ᠲᠠᠯ᠎ᠠ ᠪᠠᠷ ᠴᠢᠯᠦᠭᠡᠲᠡᠢ ᠪᠣᠯᠭᠠᠨ᠂ ᠳᠣᠯᠠᠭᠠᠨ ᠬᠠᠩᠭᠠᠬᠤ᠂ ᠵᠠᠮ ᠬᠠᠷᠢᠯᠴᠠᠭ᠎ᠠ᠂ ᠰᠣᠷᠭᠠᠨ ᠬᠦᠮᠦᠵᠢᠯ᠂ ᠡᠮ ᠡᠮᠨᠡᠯᠭᠡ᠂ ᠨᠠᠰᠣᠳᠠᠳ ᠤᠨ ᠠᠰᠠᠷᠠᠮᠵᠢ ᠵᠡᠷᠭᠡ ᠶᠢᠨ ᠦᠨ᠎ᠡ ᠶᠢᠨ ᠦᠭᠡᠷᠡᠴᠢᠯᠡᠯᠳᠡ ᠶᠢ ᠲᠦᠯᠬᠢᠨ ᠠᠬᠢᠭᠤᠯᠵᠣ᠂ ᠣᠰᠣᠨ ᠤ ᠱᠠᠳᠣᠴᠢᠯᠠᠭᠰᠠᠨ ᠦᠨ᠎ᠡ ᠶᠢᠨ ᠪᠣᠳᠣᠯᠭ᠎ᠠ ᠶᠢ ᠳᠡᠭᠦᠯᠳᠡᠷᠵᠢᠭᠦᠯᠣᠨ᠂ ᠵᠣᠬᠢᠰ ᠦᠭᠡᠢ ᠰᠦᠢᠳᠭᠡᠯ ᠬᠤᠷᠢᠶᠠᠬᠤ ᠲᠦᠷᠦᠯ ᠵᠦᠢᠯ ᠢ ᠦᠷᠭᠦᠯᠵᠢᠯᠡᠨ ᠴᠡᠭᠴᠡᠯᠡᠵᠣ᠂ ᠵᠠᠬ᠎ᠠ ᠳᠡᠯᠭᠡᠭᠦᠷ ᠢᠶᠠᠷ ᠭᠤᠣᠯᠯᠠᠨ ᠦᠨ᠎ᠡ ᠶᠢ ᠵᠣᠬᠢᠴᠠᠭᠤᠯᠬᠤ ᠳᠣᠭᠳᠠᠯᠴᠠᠭ᠎ᠠ ᠶᠢ ᠪᠦᠷᠢᠨᠰᠢᠭᠦᠯᠦᠨ᠎ᠡ᠃ ᠵᠠᠰᠠᠭ ᠤᠨ ᠣᠷᠳᠣᠨ ᠤ ᠬᠤᠳᠠᠯᠳᠣᠨ ᠠᠪᠬᠤ ᠦᠢᠯᠡᠴᠢᠯᠡᠭᠡ ᠨᠢ ᠠᠵᠢᠯ ᠤᠨ ᠴᠢᠨᠠᠷᠳᠣ ᠬᠠᠮᠢᠶᠠᠷᠣᠯᠳᠠ ᠦᠢᠯᠡᠴᠢᠯᠡᠭᠡ ᠳᠤ ᠬᠠᠷᠢᠶᠠᠯᠠᠭᠳᠠᠬᠤ ᠳᠤ ᠬᠦᠷᠪᠡᠯ᠂ ᠭᠡᠷ᠎ᠡ ᠪᠠᠶᠢᠭᠤᠯᠬᠤ᠂ ᠢᠳᠡᠭᠡᠮᠵᠢᠯᠡᠨ ᠨᠠᠶᠢᠳᠠᠬᠤ ᠵᠡᠷᠭᠡ ᠬᠡᠯᠪᠡᠷᠢ ᠪᠠᠷ ᠨᠡᠶᠢᠭᠡᠮ ᠠᠴᠠ ᠬᠤᠳᠠᠯᠳᠣᠨ ᠠᠪᠬᠤ ᠶᠢ ᠳᠡᠯᠭᠡᠷᠡᠭᠦᠯᠦᠨ᠎ᠡ᠃      ᠡᠳ᠋ ᠤᠨ ᠵᠠᠰᠠᠭ ᠭᠠᠶᠢᠯᠢ ᠳᠠᠳᠠᠪᠣᠷᠢ ᠶᠢᠨ ᠪᠠᠶᠢᠭᠤᠯᠣᠮᠵᠢ ᠶᠢᠨ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠎ᠡ᠃ ᠪᠦᠬᠦ ᠲᠠᠯ᠎ᠠ ᠪᠠᠷ ᠲᠦᠷᠢᠮᠵᠢᠭᠰᠡᠨ᠂ ᠢᠯᠡ ᠳᠣᠳᠣ ᠣᠳᠣ ᠦᠶ᠎ᠡ ᠶᠢᠨ ᠲᠦᠰᠦᠪ ᠤᠨ ᠲᠦᠷᠢᠮ ᠢ ᠲᠡᠭᠦᠯᠳᠡᠷᠵᠢᠭᠦᠯᠵᠣ ᠂ ᠳᠣᠮᠳᠠ ᠬᠤᠭᠤᠴᠠᠭᠨ ᠤ ᠡᠳ᠋ ᠤᠨ ᠵᠠᠰᠠᠭ ᠤᠨ ᠲᠦᠯᠦᠪᠵᠢᠭᠦᠯᠭᠡ ᠶᠢᠨ ᠬᠠᠮᠢᠶᠠᠷᠣᠯᠳᠠ ᠶᠢ ᠬᠡᠷᠡᠭᠵᠢᠭᠦᠯᠦᠨ᠂ ᠲᠦᠰᠦᠪ ᠤᠨ ᠦᠷ᠎ᠡ ᠪᠦᠲᠦᠮᠵᠢ ᠶᠢᠨ ᠬᠠᠮᠢᠶᠠᠷᠣᠯᠳᠠ ᠶᠢ ᠪᠦᠬᠦ ᠲᠠᠯ᠎ᠠ ᠪᠠᠷ ᠲᠦᠯᠬᠢᠨ ᠠᠬᠢᠭᠤᠯᠵᠣ᠂ ᠬᠠᠳᠠᠭᠠᠯᠠᠮᠵᠢ ᠮᠦᠩᠭᠦ ᠶᠢ ᠢᠳᠡᠪᠬᠢᠲᠡᠢ ᠡᠷᠬᠢᠯᠳᠡ ᠳᠤ ᠣᠷᠣᠭᠤᠯᠣᠨ᠎ᠠ᠃ ᠡᠳ᠋ ᠤᠨ ᠵᠠᠰᠠᠭ ᠤᠨ ᠡᠬᠢ ᠪᠠᠶᠠᠯᠢᠭ ᠢ ᠵᠣᠬᠢᠰᠳᠠᠢ ᠳᠣᠬᠢᠷᠠᠭᠤᠯᠵᠣ᠂ ᠨᠡᠶᠢᠭᠡᠮ ᠤᠨ ᠪᠠᠳᠣᠯᠠᠭ᠎ᠠ᠂ ᠰᠣᠷᠭᠠᠨ ᠬᠦᠮᠦᠵᠢᠯ᠂ ᠰᠢᠨᠵᠢᠯᠡᠬᠦ ᠲᠧᠭᠨᠢᠭ᠂ ᠡᠷᠡᠭᠦᠯ ᠬᠠᠮᠠᠭᠠᠯᠠᠯ ᠵᠡᠷᠭᠡ ᠠᠷᠠᠳ ᠤᠨ ᠠᠮᠢᠳᠣᠷᠠᠯ ᠤᠨ ᠵᠠᠷᠣᠯᠭ᠎ᠠ ᠶᠢ ᠡᠩ ᠲᠦᠷᠦᠭᠦᠨ ᠳᠤ ᠳᠣᠬᠢᠷᠠᠭᠤᠯᠣᠨ᠎ᠠ᠃ ᠣᠯᠣᠰ ᠤᠨ ᠬᠦᠮᠦᠷᠭᠡ  ᠶᠢᠨ ᠲᠦᠪᠯᠡᠷᠡᠭᠦᠯᠦᠨ ᠣᠯᠭᠤᠬᠤ ᠡᠯᠧᠺᠲᠷᠣᠨᠴᠢᠯᠡᠭᠰᠠᠨ ᠬᠠᠮᠢᠶᠠᠷᠣᠯᠳᠠ ᠶᠢᠨ ᠦᠭᠡᠷᠡᠴᠢᠯᠡᠯᠳᠡ ᠶᠢ ᠳᠣᠭᠳᠠᠭᠤᠨ ᠢᠶᠠᠷ ᠲᠦᠯᠬᠢᠨ ᠠᠬᠢᠭᠤᠯᠣᠨ᠎ᠠ᠃ ᠣᠯᠣᠰ ᠤᠨ ᠭᠠᠶᠢᠯᠢ ᠳᠠᠳᠠᠪᠣᠷᠢᠯᠠᠬᠤ᠂ ᠣᠷᠣᠨ ᠨᠣᠳᠤᠭ ᠤᠨ ᠭᠠᠶᠢᠯᠢ ᠳᠠᠳᠠᠪᠣᠷᠢᠯᠠᠬᠤ ᠬᠠᠮᠢᠶᠠᠷᠣᠯᠳᠠ ᠶᠢᠨ ᠪᠠᠶᠢᠭᠤᠯᠣᠮᠵᠢ ᠶᠢᠨ ᠦᠭᠡᠷᠡᠴᠢᠯᠡᠯᠳᠡ ᠶᠢ ᠬᠦᠨᠵᠡᠭᠡᠶᠢᠷᠡᠭᠦᠯᠵᠣ᠂ ᠪᠠᠷᠢᠯᠭ᠎ᠠ ᠶᠢᠨ ᠦᠢᠯᠡᠰ᠂ ᠭᠡᠷ ᠪᠠᠶᠢᠰᠢᠩ ᠭᠠᠵᠠᠷ ᠬᠦᠷᠦᠩᠬᠡ ᠶᠢᠨ ᠦᠢᠯᠡᠰ᠂ ᠮᠦᠩᠭᠦᠨ ᠭᠦᠢᠯᠭᠡᠭᠡᠨ ᠤ ᠦᠢᠯᠡᠰ ᠪᠠ ᠠᠮᠢᠳᠣᠷᠠᠯ ᠤᠨ ᠦᠢᠯᠡᠴᠢᠯᠡᠭᠡᠨ ᠤ ᠦᠢᠯᠡᠰ ᠤᠨ ᠡᠵᠡᠩᠨᠡᠯᠳᠡ ᠶᠢᠨ ᠭᠠᠶᠢᠯᠢ ᠶᠢ ᠨᠡᠮᠡᠭᠳᠡᠯ ᠦᠷᠳᠡᠭ ᠤᠨ ᠭᠠᠶᠢᠯᠢ ᠳᠡᠰᠢ ᠬᠤᠪᠢᠷᠠᠭᠤᠯᠬᠤ ᠠᠵᠢᠯ ᠢ ᠢᠳᠡᠪᠬᠢᠲᠡᠢ ᠦᠷᠨᠢᠭᠦᠯᠦᠨ᠂ ᠶᠡᠷᠦᠩᠬᠡᠶᠢᠯᠡᠭᠰᠡᠨ ᠪᠠ ᠲᠦᠷᠦᠯ ᠠᠩᠬᠢᠯᠠᠬᠤ ᠶᠢ ᠣᠶᠠᠯᠳᠣᠭᠤᠯᠣᠭᠰᠠᠨ ᠬᠤᠪᠢ ᠬᠦᠮᠦᠨ ᠤ ᠣᠷᠣᠯᠭ᠎ᠠ ᠶᠢᠨ ᠭᠠᠶᠢᠯᠢ ᠶᠢᠨ ᠦᠬᠡᠷᠡᠴᠢᠯᠡᠯᠳᠡ ᠶᠢ ᠲᠦᠯᠬᠢᠨ ᠠᠬᠢᠭᠤᠯᠵᠣ ᠂ ᠬᠡᠷᠡᠭᠯᠡᠭᠡᠨ ᠤ ᠭᠠᠶᠢᠯᠢ ᠶᠢᠨ ᠦᠭᠡᠷᠡᠴᠢᠯᠡᠯᠳᠡ ᠶᠢ ᠲᠦᠯᠬᠢᠨ ᠠᠬᠢᠭᠤᠯᠣᠨ᠎ᠠ᠃ ᠦᠪᠡᠷᠳᠡᠭᠡᠨ ᠵᠠᠰᠠᠬᠤ ᠣᠷᠣᠨ ᠤ ᠳᠣᠷᠰᠢᠯᠳᠠ ᠶᠢᠨ ᠳᠣᠭᠤᠷᠢᠭ ᠤᠨ ᠪᠦᠲᠦᠭᠡᠨ ᠪᠠᠶᠢᠭᠤᠯᠣᠯᠳᠠ ᠶᠢ ᠳᠡᠮᠵᠢᠬᠦ ᠭᠠᠶᠢᠯᠢ ᠳᠠᠳᠠᠪᠣᠷᠢ ᠬᠤᠷᠢᠶᠠᠬᠤ ᠬᠠᠷᠠᠭᠠᠯᠵᠠᠯ ᠤᠨ ᠪᠣᠳᠣᠯᠭ᠎ᠠ ᠶᠢ ᠨᠠᠶᠢᠳᠠᠪᠣᠷᠢᠵᠢᠭᠤᠯᠣᠨ᠎ᠠ᠃ ᠭᠤᠷᠪᠠᠳᠣᠭᠠᠷ ᠬᠡᠰᠡᠭ   ᠰᠢᠨ᠎ᠡ ᠶᠢ ᠡᠭᠦᠳᠬᠦ ᠬᠦᠳᠡᠯᠭᠡᠭᠦᠷ ᠤᠨ ᠪᠠᠶᠢᠯᠳᠣᠬᠤ ᠪᠣᠳᠣᠯᠭ᠎ᠠ ᠶᠢ ᠬᠦᠨᠵᠡᠭᠡᠢ ᠬᠡᠷᠡᠭᠵᠢᠭᠦᠯᠦᠨ᠎ᠡ      ᠰᠢᠨᠵᠢᠯᠡᠬᠦ ᠲᠧᠭᠨᠢᠭ ᠤᠨ ᠪᠠᠶᠢᠭᠤᠯᠣᠮᠵᠢ ᠳᠣᠭᠳᠠᠯᠴᠠᠭ᠎ᠠ ᠶᠢᠨ ᠦᠭᠡᠷᠡᠴᠢᠯᠡᠯᠳᠡ ᠰᠢᠨᠡᠴᠢᠯᠡᠯᠳᠡ ᠶᠢ ᠬᠦᠨᠵᠡᠭᠡᠶᠢᠷᠡᠭᠦᠯᠦᠨ᠎ᠡ᠃ ᠰᠢᠨ᠎ᠡ ᠶᠢ ᠡᠭᠦᠳᠬᠦ ᠰᠢᠰᠲ᠋ᠧᠮ ᠢ ᠪᠠᠶᠢᠭᠤᠯᠣᠨ᠂ ᠠᠵᠣ ᠠᠬᠤᠶᠢᠯᠠᠯ ᠤᠨ ᠮᠡᠷᠭᠡᠵᠢᠯ ᠤᠨ ᠰᠢᠨ᠎ᠡ ᠶᠢ ᠡᠭᠦᠳᠬᠦ ᠭᠤᠣᠯ ᠴᠣᠭᠴᠠ ᠶᠢᠨ ᠪᠠᠶᠢᠷᠢ ᠰᠠᠭᠤᠷᠢ ᠶᠢ ᠴᠢᠩᠭᠠᠳᠬᠠᠵᠣ᠂ ᠨᠢᠭᠡ ᠪᠦᠯᠦᠭ ᠵᠠᠬ᠎ᠠ ᠳᠡᠯᠭᠡᠭᠦᠷ  ᠢᠶᠠᠷ ᠣᠳᠣᠷᠢᠳᠣᠮᠵᠢ ᠪᠣᠯᠭᠠᠨ᠂ ᠠᠵᠣ ᠠᠬᠤᠶᠢᠯᠠᠯ ᠢᠶᠠᠷ ᠭᠤᠣᠯ ᠴᠣᠭᠴᠠ ᠪᠣᠯᠭᠠᠭᠰᠠᠨ᠂ ᠰᠢᠨᠵᠢᠯᠡᠬᠦ ᠲᠧᠭᠨᠢᠭ ᠤᠨ ᠰᠢᠨ᠎ᠡ ᠶᠢ ᠡᠭᠦᠳᠬᠦ ᠪᠠ ᠠᠵᠣ ᠦᠢᠯᠡᠰᠵᠢᠯᠳᠠ ᠶᠢ ᠨᠢᠭᠡ ᠴᠣᠭᠴᠠᠯᠠᠭᠰᠠᠨ ᠰᠢᠨ᠎ᠡ ᠬᠡᠯᠪᠡᠷᠢ ᠶᠢᠨ ᠰᠢᠨᠵᠢᠯᠡᠬᠦ ᠲᠧᠭᠨᠢᠭ  ᠤᠨ ᠰᠣᠳᠣᠯᠣᠨ ᠨᠡᠭᠡᠭᠡᠬᠦ ᠪᠠᠶᠢᠭᠤᠯᠣᠮᠵᠢ ᠶᠢ ᠪᠠᠶᠢᠭᠤᠯᠣᠨ᠎ᠠ᠃ ᠵᠠᠩᠬᠢᠯᠠᠭ᠎ᠠ ᠶᠢᠨ ᠮᠡᠷᠭᠡᠵᠢᠯ ᠳᠤ ᠰᠢᠪᠳᠣᠯᠣᠯᠳᠠ ᠭᠠᠷᠭᠠᠬᠤ ᠶᠢ ᠵᠣᠬᠢᠶᠠᠨ ᠪᠠᠶᠢᠭᠤᠯᠵᠣ ᠬᠡᠷᠡᠭᠵᠢᠭᠦᠯᠦᠨ᠂ ᠣᠳᠣ ᠦᠶ᠎ᠡ ᠶᠢᠨ ᠮᠣᠩᠭᠤᠯ ᠡᠮ ᠡᠮᠨᠡᠯᠭᠡ᠂ ᠠᠮᠢ ᠠᠬᠤᠢ  ᠶᠢᠨ ᠰᠡᠷᠭᠦᠭᠡᠯᠳᠡ ᠪᠠ ᠵᠠᠰᠠᠯᠳᠠ᠂ ᠮᠠᠯ ᠳᠡᠵᠢᠭᠡᠪᠦᠷᠢ ᠶᠢᠨ ᠦᠷᠡᠵᠢᠯᠳᠡ ᠪᠣᠶᠢᠵᠢᠯᠳᠠ᠂ ᠪᠣᠭᠤᠮᠳᠠ ᠶᠢᠨ ᠮᠡᠳᠡᠭᠡ ᠵᠠᠩᠬᠢᠵᠢᠭᠰᠠᠨ ᠪᠠᠶᠢᠭᠤᠯᠣᠯᠳᠠ ᠵᠡᠷᠭᠡ ᠬᠦᠷᠢᠶᠡᠨ ᠳᠤ ᠰᠢᠪᠳᠣᠯᠣᠯᠳᠠ ᠭᠠᠷᠭᠠᠬᠤ ᠪᠠ ᠨᠢᠭᠡ ᠪᠦᠯᠦᠭ ᠵᠠᠩᠬᠢᠯᠠᠭ᠎ᠠ ᠶᠢᠨ ᠭᠤᠣᠯ ᠮᠡᠷᠭᠡᠵᠢᠯ ᠢ ᠣᠶᠢᠯᠠᠭᠠᠨ ᠡᠵᠡᠮᠳᠡᠬᠦ ᠪᠠᠷ ᠴᠢᠷᠮᠠᠶᠢᠨ᠎ᠠ᠃ ᠰᠢᠨᠵᠢᠯᠡᠬᠦ ᠲᠧᠭᠨᠢᠭ ᠤᠨ ᠲᠦᠷᠦᠯ ᠵᠦᠢᠯ ᠤᠨ ᠨᠦᠬᠡᠴᠡ ᠬᠦᠮᠦᠷᠬᠡ ᠶᠢ ᠪᠠᠶᠢᠭᠤᠯᠣᠨ᠂ ᠰᠢᠨᠵᠢᠯᠡᠬᠦ ᠲᠧᠭᠨᠢᠭ ᠤᠨ ᠬᠦᠨᠳᠦ ᠴᠢᠬᠤᠯᠠ ᠳᠣᠰᠬᠠᠢ ᠲᠦᠷᠦᠯ ᠵᠦᠢᠯ ᠪᠠ ᠰᠢᠨ᠎ᠡ ᠶᠢ ᠡᠭᠦᠳᠬᠦ ᠴᠢᠳᠠᠪᠣᠷᠢ ᠪᠠᠨ ᠳᠡᠭᠡᠭᠰᠢᠯᠡᠭᠦᠯᠬᠦ ᠢᠨᠵᠧᠨᠧᠷᠢᠩ ᠢ ᠬᠡᠷᠡᠭᠵᠢᠭᠦᠯᠦᠨ᠎ᠡ᠃ ᠪᠠᠶᠢᠭᠤᠯᠣᠮᠵᠢ ᠳᠣᠭᠳᠠᠯᠴᠠᠭ᠎ᠠ ᠳᠤ ᠰᠢᠨ᠎ᠡ ᠶᠢ ᠡᠭᠦᠳᠬᠦ ᠶᠢ ᠳᠡᠭᠦᠯᠳᠡᠷᠵᠢᠭᠦᠯᠵᠣ᠂ ᠣᠶᠣᠨ ᠤ ᠦᠮᠴᠢ ᠶᠢᠨ ᠡᠷᠬᠡ ᠶᠢ ᠬᠠᠮᠠᠭᠠᠯᠠᠬᠤ ᠲᠦᠷᠢᠮ ᠢ ᠴᠢᠩᠭ᠎ᠠ ᠬᠡᠷᠡᠭᠵᠢᠭᠦᠯᠦᠨ᠂ ᠣᠶᠣᠨ ᠤ ᠦᠮᠴᠢ ᠳᠤ ᠬᠠᠯᠳᠠᠭᠰᠠᠨ ᠪᠠ ᠬᠠᠭᠤᠷᠮᠠᠭ ᠣᠶᠣᠨ ᠤ ᠦᠮᠴᠢ ᠵᠡᠷᠭᠡ ᠬᠠᠦᠯᠢ ᠪᠣᠰᠣ ᠠᠵᠢᠯᠯᠠᠭ᠎ᠠ ᠳᠤ ᠴᠣᠬᠢᠯᠳᠠ ᠦᠭᠭᠦᠨ᠎ᠡ᠃ ᠰᠢᠨ᠎ᠡ ᠶᠢ ᠡᠭᠦᠳᠬᠦ ᠶᠢ ᠱᠠᠩᠨᠠᠨ ᠬᠦᠬᠢᠭᠦᠯᠬᠦ ᠪᠡᠯᠡ ᠮᠦᠩᠭᠦ ᠳᠣᠬᠢᠷᠠᠭᠤᠯᠣᠨ᠂ ᠠᠵᠣ ᠠᠬᠤᠶᠢᠯᠠᠯ ᠤᠨ ᠬᠤᠯᠪᠣᠭᠳᠠᠬᠤ ᠮᠡᠷᠭᠡᠵᠢᠯ᠂ ᠪᠦᠲᠦᠭᠡᠭᠳᠡᠬᠦᠨ ᠳᠤ ᠰᠢᠨ᠎ᠡ ᠰᠢᠪᠳᠣᠯᠣᠯᠳᠠ ᠭᠠᠷᠭᠠᠬᠤ ᠶᠢ ᠳᠡᠮᠵᠢᠨ᠎ᠡ᠃ ᠪᠠᠩᠬᠢ ᠶᠢᠨ ᠣᠯᠭᠤᠬᠤ ᠬᠡᠯᠪᠡᠷᠢ ᠳᠤ ᠰᠢᠨ᠎ᠡ ᠶᠢ ᠡᠭᠦᠳᠦᠨ᠂ ᠢᠳᠡᠭᠡᠮᠵᠢᠳᠣ ᠵᠢᠭᠡᠯᠡᠯᠭᠡ ᠳᠤ ᠲᠦᠰᠢᠭᠯᠡᠨ ᠰᠢᠨ᠎ᠡ ᠶᠢ ᠡᠭᠦᠳᠬᠦ ᠠᠮᠢᠳᠣᠯᠢᠭ ᠴᠢᠨᠠᠷ ᠪᠠ ᠲᠦᠭᠦᠮ ᠦᠵᠡᠭᠦᠯᠬᠦ ᠴᠢᠨᠡᠷ  ᠢᠶᠠᠨ ᠳᠡᠭᠡᠭᠰᠢᠯᠡᠭᠦᠯᠬᠦ ᠶᠢ ᠳᠡᠮᠵᠢᠵᠣ᠂ ᠡᠯ᠎ᠡ ᠲᠦᠷᠦᠯ ᠤᠨ ᠮᠦᠩᠭᠦᠨ ᠭᠦᠢᠯᠭᠡᠭᠡᠨ ᠤ ᠴᠢᠬᠤᠯᠠ ᠡᠯᠧᠮᠧᠨ᠋ᠲ ᠤᠳ ᠬᠠᠮᠵᠢᠯᠴᠠᠨ ᠰᠢᠨ᠎ᠡ ᠶᠢ ᠡᠭᠦᠳᠬᠦ ᠬᠦᠭᠵᠢᠯᠳᠡ ᠶᠢ ᠳᠡᠮᠵᠢᠬᠦ ᠰᠢᠯᠢᠳᠡᠭ ᠰᠠᠶᠢᠨ ᠣᠷᠴᠢᠨ ᠢ ᠪᠣᠢ ᠪᠣᠯᠭᠠᠨ᠎ᠠ᠃     ᠰᠢᠨ᠎ᠡ ᠶᠢ ᠡᠭᠦᠳᠬᠦ ᠬᠦᠳᠡᠯᠭᠡᠭᠦᠷ ᠤᠨ ᠴᠢᠳᠠᠪᠣᠷᠢᠳᠠᠨ ᠤ ᠳᠣᠯᠭᠠᠭᠤᠷᠢᠯᠠᠬᠤ ᠰᠢᠰᠲ᠋ᠧᠮ ᠢ ᠪᠠᠶᠢᠭᠤᠯᠣᠨ᠎ᠠ᠃ ᠴᠢᠳᠠᠪᠣᠷᠢᠳᠠᠨ ᠢ ᠲᠦᠷᠦᠭᠦᠨ ᠳᠤ ᠳᠠᠯᠪᠢᠬᠤ ᠬᠦᠭᠵᠢᠯᠳᠡ ᠶᠢᠨ ᠪᠠᠶᠢᠯᠳᠣᠬᠤ ᠪᠣᠳᠣᠯᠭ᠎ᠠ ᠶᠢ ᠪᠠᠷᠢᠮᠳᠠᠯᠠᠨ᠂ ᠴᠢᠳᠠᠪᠣᠷᠢᠳᠠᠨ ᠢ ᠰᠣᠩᠭᠤᠨ ᠬᠡᠷᠡᠭᠯᠡᠬᠦ ᠳᠣᠭᠳᠠᠯᠴᠠᠭ᠎ᠠ ᠶᠢ ᠳᠡᠭᠦᠯᠳᠡᠷᠵᠢᠭᠦᠯᠵᠣ᠂ ᠴᠢᠳᠠᠪᠣᠷᠢᠳᠠᠨ ᠨᠦᠬᠡᠴᠡᠯᠡᠬᠦ ᠠᠵᠢᠯ  ᠢ ᠢᠳᠡᠪᠬᠢᠳᠡᠢ ᠦᠷᠨᠢᠭᠦᠯᠦᠨ᠂ ᠬᠢᠨᠠᠨ ᠳᠣᠭᠳᠠᠭᠠᠭᠰᠠᠨ ᠣᠷᠣᠨ ᠳᠤᠭ᠎ᠠ ᠪᠠ ᠪᠡᠯᠡ ᠮᠦᠩᠭᠦᠨ ᠤ ᠶᠡᠷᠦᠩᠬᠡᠢ ᠬᠡᠮᠵᠢᠶ᠎ᠡ  ᠠᠴᠠ ᠭᠠᠳᠠᠨ᠎ᠠ᠂ ᠲᠦᠷᠦ ᠶᠢᠨ ᠠᠯᠪᠠᠳᠠᠨ ᠢ ᠬᠦᠯᠦᠰᠦᠯᠡᠨ ᠳᠣᠮᠢᠯᠠᠬᠤ ᠲᠦᠷᠢᠮ ᠤᠨ ᠦᠭᠡᠷᠡᠴᠢᠯᠡᠯᠳᠡ ᠶᠢᠨ ᠳᠣᠷᠰᠢᠯᠳᠠ ᠶᠢᠨ ᠴᠡᠭ ᠢ ᠲᠦᠯᠬᠢᠨ ᠠᠬᠢᠭᠤᠯᠣᠨ᠎ᠠ᠃ ᠴᠢᠳᠠᠪᠣᠷᠢᠳᠠᠨ ᠢ ᠳᠠᠳᠠᠨ ᠣᠷᠣᠭᠤᠯᠬᠤ ᠳᠣᠭᠳᠠᠯᠴᠠᠭ᠎ᠠ ᠶᠢ ᠳᠡᠭᠦᠯᠳᠡᠷᠵᠢᠭᠦᠯᠦᠨ᠂ ᠪᠠᠴᠢᠮ ᠱᠠᠭᠠᠷᠳᠠᠭᠳᠠᠵᠣ ᠪᠠᠶᠢᠭ᠎ᠠ ᠴᠢᠳᠠᠪᠣᠷᠢᠳᠠᠨ ᠤ ᠵᠢᠭᠰᠠᠭᠠᠯᠳᠠ ᠶᠢ ᠳᠣᠭᠳᠠᠭᠠᠨ ᠵᠠᠷᠯᠠᠵᠣ᠂ ᠳᠡᠭᠡᠳᠦ ᠵᠡᠷᠭᠡᠯᠡᠯ ᠤᠨ ᠰᠢᠨ᠎ᠡ ᠶᠢ ᠡᠭᠦᠳᠦᠨ ᠦᠢᠯᠡᠰ ᠪᠣᠰᠬᠠᠬᠤ᠂ ᠠᠵᠣ ᠠᠬᠤᠶᠢᠯᠠᠯ ᠤᠨ ᠡᠵᠡᠩᠨᠡᠯᠳᠡ ᠬᠠᠮᠢᠶᠠᠷᠣᠯᠳᠠ᠂ ᠳᠣᠰᠬᠠᠢ ᠮᠡᠷᠭᠡᠵᠢᠯ᠂ ᠦᠨᠳᠦᠷ ᠴᠢᠳᠠᠪᠣᠷᠢ ᠲᠠᠢ᠂ ᠬᠦᠳᠡᠭᠡ ᠳᠣᠰᠬᠤᠨ ᠮᠠᠯᠵᠢᠬᠤ ᠣᠷᠣᠨ ᠪᠠ ᠨᠡᠶᠢᠭᠡᠮ ᠤᠨ ᠠᠵᠢᠯ᠂ ᠨᠡᠶᠢᠳᠡ ᠶᠢᠨ ᠦᠮᠴᠢᠯᠡᠯ ᠤᠨ ᠪᠣᠰᠣ ᠠᠵᠣ ᠠᠬᠤᠢ᠂ ᠰᠣᠶᠣᠯ ᠪᠠ ᠠᠶᠠᠯᠠᠯ ᠵᠢᠭᠤᠯᠴᠢᠯᠠᠯ ᠤᠨ ᠠᠵᠣ ᠦᠢᠯᠡᠰ᠂ ᠨᠠᠮ ᠵᠠᠰᠠᠭ ᠵᠡᠷᠭᠡ ᠳᠠᠯ᠎ᠠ ᠶᠢᠨ ᠴᠢᠳᠠᠪᠣᠷᠢᠳᠠᠨ ᠢ ᠳᠠᠳᠠᠨ ᠣᠷᠣᠭᠤᠯᠬᠤ ᠬᠦᠴᠦᠯᠡᠴᠡ ᠪᠠᠨ ᠶᠡᠬᠡᠰᠬᠡᠨ᠎ᠡ᠃ ᠪᠦᠬᠦ ᠣᠯᠣᠰ ᠤᠨ ᠬᠡᠪᠴᠢᠶᠡᠨ ᠳᠤ ᠣᠶᠣᠨᠴᠢ ᠴᠢᠳᠠᠪᠣᠷᠢᠳᠠᠨ ᠢ ᠳᠠᠳᠠᠨ ᠣᠷᠣᠭᠤᠯᠬᠤ ᠠᠵᠢᠯ ᠢ ᠦᠷᠨᠢᠭᠦᠯᠦᠨ᠂ ᠳᠡᠭᠡᠳᠣ ᠵᠡᠷᠭᠡᠯᠡᠯ ᠤᠨ ᠴᠢᠳᠠᠪᠣᠷᠢᠳᠠᠨ ᠢ ᠳᠠᠳᠠᠨ ᠣᠷᠣᠭᠤᠯᠬᠤ ︽ᠨᠣᠭᠤᠭᠠᠨ ᠭᠠᠷᠣᠴᠠ︾ ᠶᠢ ᠪᠠᠶᠢᠭᠤᠯᠣᠨ᠎ᠠ᠃ ᠴᠢᠳᠠᠪᠣᠷᠢᠳᠠᠨ ᠢ ᠬᠦᠮᠦᠵᠢᠭᠦᠯᠬᠦ ᠳᠣᠭᠳᠠᠯᠴᠠᠭ᠎ᠠ ᠶᠢ ᠪᠦᠷᠢᠨᠰᠢᠭᠦᠯᠣᠨ᠂ ︽ᠨᠠᠮ ᠵᠠᠰᠠᠭ ᠤᠨ ᠺᠠᠳ᠋ᠷ  ᠤᠨ ᠬᠡᠪ ᠴᠢᠨᠰᠠᠭ᠎ᠠ ᠶᠢ ᠳᠡᠭᠡᠭᠰᠢᠯᠡᠭᠦᠯᠬᠦ᠂ ᠰᠢᠯᠢᠳᠡᠭ ᠰᠣᠷᠭᠠᠨ ᠬᠦᠮᠦᠵᠢᠯ ᠤᠨ ᠴᠢᠳᠠᠪᠣᠷᠢᠳᠠᠨ ᠢ ᠬᠦᠮᠦᠵᠢᠭᠦᠯᠬᠦ᠂ ᠰᠢᠯᠢᠳᠡᠭ ᠠᠵᠣ ᠠᠬᠤᠶᠢᠯᠠᠯ ᠤᠨ ᠡᠵᠡᠩᠨᠡᠯᠳᠡ ᠬᠠᠮᠢᠶᠠᠷᠣᠯᠳᠠ ᠶᠢᠨ ᠴᠢᠳᠠᠪᠣᠷᠢᠳᠠᠨ ᠢ ᠬᠦᠮᠦᠵᠢᠭᠦᠯᠬᠦ᠂ ᠪᠦᠬᠦ ᠠᠷᠠᠳ  ᠤᠨ ᠪᠡᠶ᠎ᠡ ᠴᠢᠬᠢᠷᠠᠭᠵᠢᠭᠤᠯᠬᠤ ᠡᠷᠡᠭᠦᠯ ᠬᠠᠮᠠᠭᠠᠯᠠᠯ ᠤᠨ ᠴᠢᠳᠠᠪᠣᠷᠢᠳᠠᠨ ᠢ ᠪᠠᠳᠣᠯᠠᠬᠤ᠂ ᠰᠣᠶᠣᠯ ᠤᠨ ᠠᠵᠣ ᠦᠢᠯᠡᠰ  ᠤᠨ ᠴᠢᠳᠠᠪᠣᠷᠢᠳᠠᠨ ᠢ ᠬᠦᠮᠦᠵᠢᠭᠦᠯᠬᠦ᠂ ᠳᠡᠭᠡᠳᠣ ᠵᠡᠷᠭᠡᠯᠡᠯ ᠤᠨ ᠴᠢᠳᠠᠪᠣᠷᠢᠳᠠᠨ ᠢ ᠳᠠᠳᠠᠨ ᠣᠷᠣᠭᠤᠯᠬᠤ︾ ᠵᠢᠷᠭᠤᠭᠠᠨ ᠳᠣᠮᠣ ᠢᠨᠵᠧᠨᠧᠷᠢᠩ ᠢ ᠬᠡᠷᠡᠭᠵᠢᠭᠦᠯᠵᠣ᠂ ᠣᠳᠣᠬᠠᠨ ᠳᠤ ᠪᠠᠶᠢᠭ᠎ᠠ ᠴᠢᠳᠠᠪᠣᠷᠢᠳᠠᠨ ᠤ ᠪᠦᠬᠦᠶᠢᠯᠡ ᠬᠡᠪ ᠴᠢᠨᠰᠠᠭ᠎ᠠ ᠶᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠶᠡᠷᠦᠩᠬᠡᠶᠢᠯᠡᠭᠰᠡᠨ ᠰᠣᠳᠣᠯᠭᠠᠨ ᠤ ᠴᠢᠳᠠᠪᠣᠷᠢᠳᠠᠨ ᠢ ᠬᠦᠮᠦᠵᠢᠭᠦᠯᠬᠦ ᠬᠦᠴᠦᠯᠡᠴᠡ ᠪᠠᠨ ᠶᠡᠬᠡᠰᠭᠡᠨ᠂ ᠣᠯᠣᠰ ᠤᠨ ᠳᠣᠳᠣᠭᠠᠳᠣ ᠵᠢᠴᠢ ᠮᠣᠩᠭᠤᠯ ᠣᠯᠣᠰ ᠤᠨ ᠬᠤᠯᠪᠣᠭᠳᠠᠬᠤ ᠰᠣᠳᠣᠯᠭᠠᠨ  ᠤ ᠪᠠᠶᠢᠭᠤᠯᠣᠮᠵᠢ ᠲᠠᠢ ᠪᠠᠶᠢᠩᠭᠤ ᠶᠢᠨ ᠬᠠᠷᠢᠯᠴᠠᠭ᠎ᠠ ᠬᠤᠯᠪᠣᠭ᠎ᠠ ᠪᠠ ᠬᠠᠮᠳᠣᠷᠠᠨ ᠠᠵᠢᠯᠯᠠᠬᠤ ᠳᠣᠭᠳᠠᠯᠴᠠᠭ᠎ᠠ ᠶᠢ ᠪᠠᠶᠢᠭᠤᠯᠵᠣ᠂ ᠣᠯᠣᠰ ᠤᠨ ᠳᠡᠰ ᠤᠨ ᠣᠶᠣᠨᠴᠢ ᠬᠦᠮᠦᠷᠭᠡ ᠶᠢ ᠳᠠᠳᠠᠨ ᠣᠷᠣᠭᠤᠯᠣᠨ᠂ ᠳᠣᠮᠳᠠᠳᠣ ᠮᠣᠩᠭᠤᠯ ᠣᠷᠣᠰ ᠤᠨ ᠰᠣᠳᠣᠯᠭᠠᠨ ᠤ ᠲᠦᠪ ᠢ ᠪᠠᠶᠢᠭᠤᠯᠣᠨ᠎ᠠ᠃ ᠴᠢᠳᠠᠪᠣᠷᠢᠳᠠᠨ ᠢ ᠣᠷᠮᠠᠰᠢᠭᠤᠯᠬᠤ ᠲᠦᠷᠢᠮ ᠢ ᠳᠣᠭᠳᠠᠭᠠᠨ᠂ ᠴᠢᠳᠠᠪᠣᠷᠢᠳᠠᠨ ᠤ ᠦᠢᠯᠡᠰ ᠪᠣᠰᠬᠠᠬᠤ ᠰᠠᠭᠤᠷᠢ ᠮᠦᠩᠭᠦ ᠶᠢ ᠳᠣᠬᠢᠷᠠᠭᠤᠯᠵᠣ᠂ ᠰᠢᠯᠢᠳᠡᠭ ᠴᠢᠳᠠᠪᠣᠷᠢᠳᠠᠨ ᠤ ᠰᠣᠳᠣᠯᠣᠨ ᠨᠡᠭᠡᠭᠡᠬᠦ᠂ ᠮᠡᠷᠭᠡᠵᠢᠯ ᠤᠨ ᠰᠢᠨ᠎ᠡ ᠶᠢ ᠡᠭᠦᠳᠬᠦ᠂ ᠦᠢᠯᠡᠰ ᠪᠣᠰᠬᠠᠬᠤ ᠵᠡᠷᠭᠡ ᠠᠵᠢᠯᠯᠠᠭ᠎ᠠ ᠶᠢ ᠬᠠᠪᠰᠣᠷᠣᠨ ᠳᠡᠮᠵᠢᠵᠣ᠂ ᠡᠷᠢᠶᠡᠨ ᠬᠤᠳᠠ ᠳᠤ ᠣᠷᠣᠰᠢᠨ ᠰᠠᠭᠤᠭᠴᠢ ᠳᠡᠭᠡᠳᠦ ᠵᠡᠷᠭᠡᠯᠡᠯ ᠤᠨ ᠴᠢᠳᠠᠪᠣᠷᠢᠳᠠᠨ ᠳᠤ ᠣᠷᠣᠨ ᠳᠤᠭ᠎ᠠ ᠂ ᠣᠷᠣᠨ ᠰᠠᠭᠤᠴᠠ᠂ ᠮᠡᠷᠭᠡᠵᠢᠯ ᠤᠨ ᠴᠣᠯᠠ ᠶᠢᠨ ᠳᠡᠭᠡᠭᠰᠢᠯᠡᠯᠳᠡ᠂ ᠦᠷ᠎ᠡ ᠬᠡᠦᠬᠡᠳ ᠤᠨ ᠰᠣᠷᠭᠠᠭᠤᠯᠢ ᠳᠤ ᠰᠠᠭᠤᠨ ᠠᠵᠢᠯ ᠣᠯᠬᠤ ᠵᠡᠷᠭᠡ ᠳᠠᠯ᠎ᠠ ᠪᠠᠷ ᠳᠡᠮᠵᠢᠯᠭᠡ ᠦᠵᠡᠭᠦᠯᠦᠨ᠎ᠡ᠃ ᠨᠡᠶᠢᠭᠡᠮ ᠳᠠᠶᠠᠭᠠᠷ ᠮᠡᠳᠡᠷᠡᠭᠰᠡᠨ ᠳᠣᠰᠬᠠᠢ ᠮᠡᠷᠭᠡᠵᠢᠯ ᠤᠨ ᠴᠢᠳᠠᠪᠣᠷᠢᠳᠠᠨ ᠢ ᠦᠨᠡᠯᠡᠬᠦ ᠳᠣᠭᠳᠠᠯᠴᠠᠭ᠎ᠠ ᠶᠢ ᠪᠠᠶᠢᠭᠤᠯᠣᠨ᠂ ᠬᠦᠮᠦᠨ ᠬᠡᠷᠡᠭᠯᠡᠭᠴᠢ ᠪᠠᠶᠢᠭᠤᠯᠣᠯᠭ᠎ᠠ ᠨᠢᠭᠡᠴᠡ ᠶᠢᠨ ᠳᠣᠰᠬᠠᠢ ᠮᠷᠭᠡᠵᠢᠯ ᠤᠨ ᠳᠣᠰᠢᠶᠠᠯ ᠳᠤ ᠬᠦᠯᠦᠰᠦᠯᠡᠨ ᠳᠣᠮᠢᠯᠠᠬᠤ ᠳᠣᠮᠳᠠᠬᠢ ᠦᠪᠡᠰᠦᠪᠡᠨ ᠡᠵᠡᠨ ᠮᠡᠳᠡᠬᠦ ᠡᠷᠬᠡ ᠶᠢ ᠨᠠᠶᠢᠳᠠᠪᠣᠷᠢᠵᠢᠭᠤᠯᠣᠨ᠎ᠠ᠃ 2020 ᠣᠨ ᠬᠦᠷᠳᠡᠯ᠎ᠡ᠂ ᠪᠦᠬᠦ ᠬᠤᠳᠠ ᠶᠢᠨ ᠴᠢᠳᠠᠪᠣᠷᠢᠳᠠᠨ ᠤ ᠶᠡᠷᠦᠩᠬᠡᠢ ᠬᠡᠮᠵᠢᠶ᠎ᠡ ᠶᠢ 9000 ᠬᠦᠮᠦᠨ ᠳᠤ ᠬᠦᠷᠬᠡᠵᠣ᠂ ᠪᠦᠬᠦ ᠬᠤᠳᠠ ᠶᠢᠨ ᠴᠢᠳᠠᠪᠣᠷᠢᠳᠠᠨ ᠳᠣᠳᠠᠭᠳᠠᠵᠣ ᠪᠠᠶᠢᠭ᠎ᠠ ᠪᠠᠶᠢᠳᠠᠯ ᠢ ᠮᠡᠳᠡᠭᠳᠡᠮ᠎ᠡ ᠰᠠᠶᠢᠵᠢᠷᠠᠭᠤᠯᠣᠨ᠎ᠠ᠃ ᠲᠦᠷᠪᠡᠳᠦᠭᠡᠷ ᠬᠡᠰᠡᠭ   ᠪᠦᠬᠦ ᠨᠡᠶᠢᠳᠡ ᠪᠷ ᠢᠶᠠᠨ ᠦᠢᠯᠡᠰ ᠪᠣᠰᠬᠠᠨ ᠰᠢᠨ᠎ᠡ ᠶᠢ ᠡᠭᠦᠳᠬᠦ ᠶᠢ ᠪᠦᠬᠦ ᠲᠠᠯ᠎ᠠ ᠪᠠᠷ ᠲᠦᠯᠬᠢᠨ ᠠᠬᠢᠭᠤᠯᠣᠨ᠎ᠠ     ᠰᠢᠯᠢᠳᠡᠭ ᠰᠠᠶᠢᠨ ᠪᠦᠬᠦ ᠨᠡᠶᠢᠳᠡ ᠪᠠᠷ ᠢᠶᠠᠨ ᠦᠢᠯᠡᠰ ᠪᠣᠰᠬᠠᠬᠤ ᠣᠷᠴᠢᠨ ᠢ ᠢᠳᠡᠪᠬᠢᠲᠡᠢ ᠪᠣᠢ ᠪᠣᠯᠭᠠᠨ᠎ᠠ᠃ ︽ᠳᠣᠷ᠎ᠠ ᠰᠣᠨᠢᠷᠬᠠᠯ ᠢᠶᠠᠨ ᠦᠢᠯᠡᠰᠵᠢᠭᠦᠯᠬᠦ ᠬᠦᠰᠡᠯ ᠬᠦᠬᠡᠬᠡᠴᠡᠯᠳᠦᠬᠦ᠂ ᠦᠢᠯᠡᠰ ᠪᠣᠰᠬᠠᠬᠤ ᠳᠤ ᠵᠠᠮᠴᠢᠯᠠᠬᠤ᠂ ᠦᠢᠯᠡᠰ ᠪᠣᠰᠬᠠᠬᠤ ᠳᠠᠭᠠᠳᠠᠢ ᠨᠦᠬᠦᠴᠡᠯ ᠪᠦᠷᠢᠳᠦᠭᠦᠯᠬᠦ᠂ ᠦᠢᠯᠡᠰ ᠪᠣᠰᠬᠠᠬᠤ ᠬᠦᠷᠦᠩᠬᠡ ᠬᠤᠷᠠᠮᠳᠣᠭᠤᠯᠬᠤ ᠳᠤ ᠰᠠᠭᠠᠳ ᠦᠬᠡᠢ ᠲᠦᠯᠦᠪᠯᠡᠭᠡ᠂ ᠵᠠᠯᠠᠭᠤᠴᠣᠳ ᠤᠨ ᠦᠢᠯᠡᠰ ᠪᠣᠰᠬᠠᠬᠤ︾ ᠵᠡᠷᠭᠡ ᠦᠢᠯᠡᠰ ᠪᠣᠰᠬᠠᠬᠤ ᠲᠦᠯᠦᠪᠯᠡᠭᠡ  ᠶᠢ ᠵᠣᠬᠢᠶᠠᠨ ᠪᠠᠶᠢᠭᠤᠯᠵᠣ ᠬᠡᠷᠡᠭᠵᠢᠭᠦᠯᠦᠨ᠂ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠦᠢᠯᠡᠰ ᠪᠣᠰᠬᠠᠨ ᠰᠢᠨ᠎ᠡ ᠶᠢ ᠡᠭᠦᠳᠬᠦ ᠶᠢ ᠢᠳᠡᠪᠬᠢᠲᠡᠢ ᠦᠷᠨᠢᠭᠦᠯᠬᠦ ᠶᠢ ᠣᠳᠣᠷᠢᠳᠣᠨ᠎ᠠ᠃ ᠦᠢᠯᠡᠰ ᠪᠣᠰᠬᠠᠨ ᠪᠡᠯᠡ ᠣᠷᠣᠭᠤᠯᠣᠯᠳᠠ ᠶᠢᠨ ᠠᠵᠣ ᠠᠬᠤᠶᠢᠯᠠᠯ ᠤᠨ ᠢᠳᠡᠭᠡᠯ ᠠᠮᠠᠯᠳᠠᠯᠭ᠎ᠠ ᠶᠢᠨ ᠲᠦᠷᠢᠮ ᠢ ᠪᠠᠶᠢᠭᠤᠯᠣᠨ᠂ ᠪᠦᠬᠦ ᠨᠡᠶᠢᠳᠡ  ᠪᠠᠷ ᠢᠶᠠᠨ ᠦᠢᠯᠡᠰ ᠪᠣᠰᠬᠠᠬᠤ᠂ ᠪᠦᠬᠦ ᠨᠡᠶᠢᠳᠡ ᠪᠠᠷ ᠢᠶᠠᠨ ᠳᠠᠭᠠᠭᠠᠴᠢᠯᠠᠯᠳᠠ ᠶᠠᠪᠣᠭᠤᠯᠬᠤ᠂ ᠪᠦᠬᠦ ᠨᠡᠶᠢᠳᠡ ᠪᠠᠷ  ᠢᠶᠠᠨ ᠬᠠᠪᠰᠣᠷᠣᠨ ᠳᠣᠰᠠᠯᠠᠬᠤ᠂ ᠪᠦᠬᠦ ᠨᠡᠶᠢᠳᠡ ᠪᠠᠷ ᠢᠶᠠᠨ ᠪᠡᠯᠡ ᠴᠣᠭᠴᠠᠯᠠᠭᠤᠯᠬᠤ ᠵᠡᠷᠭᠡ ᠰᠢᠨ᠎ᠡ ᠬᠡᠪ ᠵᠠᠭᠪᠣᠷ᠂ ᠰᠢᠨ᠎ᠡ ᠬᠡᠪ ᠪᠠᠶᠢᠳᠠᠯ ᠤᠨ ᠡᠷᠡᠭᠦᠯ ᠢᠶᠠᠷ ᠬᠦᠭᠵᠢᠭᠦ ᠶᠢ ᠲᠦᠯᠬᠢᠨ ᠠᠬᠢᠭᠤᠯᠣᠨ᠎ᠠ᠃ ᠦᠢᠯᠡᠰ ᠪᠣᠰᠬᠠᠬᠤ ᠶᠢ ᠪᠣᠳᠣᠯᠭ᠎ᠠ ᠪᠠᠷ ᠳᠡᠮᠵᠢᠬᠦ ᠶᠢ ᠴᠢᠩᠭᠠᠳᠬᠠᠨ᠂ ᠳᠣᠰᠬᠠᠢ ᠲᠦᠷᠦᠯ ᠤᠨ ᠪᠡᠯᠡ ᠮᠦᠩᠭᠦ ᠳᠣᠬᠢᠷᠠᠭᠤᠯᠵᠣ᠂ ᠲᠦᠯᠦᠪᠦᠷᠢ ᠦᠬᠡᠢ ᠳᠡᠳᠭᠦᠮᠵᠢ᠂ ᠵᠢᠭᠡᠯᠡᠯᠭᠡ ᠶᠢᠨ ᠬᠦᠦ ᠶᠢ ᠣᠷᠣᠯᠠᠨ ᠲᠦᠯᠦᠬᠦ᠂ ᠱᠠᠩᠨᠠᠨ ᠬᠦᠬᠢᠭᠦᠯᠬᠦ ᠵᠡᠷᠭᠡ ᠬᠡᠯᠪᠡᠷᠢ ᠪᠠᠷ ᠦᠢᠯᠡᠰ ᠪᠣᠰᠬᠠᠨ ᠰᠢᠨ᠎ᠡ ᠶᠢ ᠡᠭᠦᠳᠬᠦ ᠣᠷᠣᠨ ᠵᠠᠢ᠂ ᠣᠯᠠᠨ ᠨᠡᠶᠢᠳᠡ ᠶᠢᠨ ᠦᠢᠯᠡᠴᠢᠯᠡᠭᠡᠨ ᠤ ᠳᠠᠪᠴᠠᠩ᠂ ᠦᠢᠯᠡᠰ ᠪᠣᠰᠬᠠᠬᠤ ᠦᠢᠯᠡᠴᠢᠯᠡᠭᠡᠨ ᠤ ᠰᠢᠰᠲ᠋ᠧᠮ᠂ ᠦᠢᠯᠡᠰ ᠪᠣᠰᠬᠠᠬᠤ ᠬᠦᠷᠦᠩᠭᠡ ᠬᠤᠷᠠᠮᠳᠣᠭᠤᠯᠬᠤ ᠰᠢᠰᠲ᠋ᠧᠮ ᠵᠡᠷᠭᠡ ᠲᠠᠯ᠎ᠠ  ᠶᠢᠨ ᠪᠦᠲᠦᠭᠡᠨ ᠪᠠᠶᠢᠭᠤᠯᠣᠯᠳᠠ ᠳᠤ ᠳᠡᠮᠵᠢᠯᠭᠡ ᠦᠵᠡᠭᠦᠯᠦᠨ᠎ᠡ᠃ ᠦᠢᠯᠡᠰ ᠪᠣᠰᠬᠠᠬᠤ ᠪᠦᠷᠢᠳᠭᠡᠬᠦᠯᠬᠦ ᠪᠠᠷᠢᠮᠵᠢᠶ᠎ᠡ ᠶᠢ ᠳᠣᠷᠣᠭᠰᠢᠯᠠᠭᠤᠯᠵᠣ᠂ ᠵᠢᠵᠢᠭ ᠪᠢᠴᠢᠯ ᠠᠵᠣ ᠠᠬᠤᠶᠢᠯᠠᠯ ᠤᠨ ᠬᠦᠭᠵᠢᠯᠳᠡ ᠶᠢ ᠳᠡᠮᠵᠢᠨ ᠳᠡᠳᠭᠦᠬᠦ ᠡᠯ᠎ᠡ ᠲᠦᠷᠦᠯ  ᠤᠨ ᠳᠠᠳᠠᠪᠣᠷᠢ ᠬᠤᠷᠢᠶᠠᠯᠳᠠ ᠶᠢᠨ ᠬᠠᠷᠠᠭᠠᠯᠵᠠᠯ ᠤᠨ ᠪᠣᠳᠣᠯᠭ᠎ᠠ ᠶᠢ ᠨᠠᠶᠢᠳᠠᠪᠣᠷᠢᠵᠢᠭᠤᠯᠣᠨ᠂ ᠠᠩᠬ᠎ᠠ ᠦᠢᠯᠡᠰ ᠪᠣᠰᠬᠠᠭᠴᠢ ᠠᠵᠣ ᠠᠬᠤᠶᠢᠯᠠᠯ ᠳᠤ ᠪᠦᠷᠢᠳᠭᠡᠨ ᠳᠠᠩᠰᠠᠯᠠᠬᠤ ᠲᠦᠷᠦᠯ᠂ ᠭᠡᠷᠡᠴᠢ ᠦᠨᠡᠮᠯᠡᠯ ᠤᠨ ᠲᠦᠷᠦᠯ᠂ ᠬᠠᠮᠢᠶᠠᠷᠣᠯᠳᠠ ᠶᠢᠨ ᠲᠦᠷᠦᠯ ᠵᠡᠷᠭᠡ ᠶᠢᠨ ᠵᠠᠰᠠᠭ ᠵᠠᠬᠢᠷᠭᠠᠨ ᠠᠵᠢᠯ ᠦᠢᠯᠡᠰ ᠤᠨ ᠴᠢᠨᠠᠷᠳᠣ ᠰᠦᠢᠳᠭᠡᠯ ᠠᠴᠠ ᠬᠡᠯᠳᠦᠷᠢᠭᠦᠯᠦᠨ᠎ᠡ᠃ ᠵᠢᠵᠢᠭ ᠪᠢᠴᠢᠯ ᠠᠵᠣ ᠠᠬᠤᠶᠢᠯᠠᠯ ᠤᠨ ᠵᠠᠰᠠᠭ ᠤᠨ ᠣᠷᠳᠣᠨ ᠤ ᠬᠤᠳᠠᠯᠳᠣᠨ ᠠᠪᠬᠤ ᠦᠢᠯᠡ ᠠᠵᠢᠯᠯᠠᠭᠠᠨ ᠳᠤ ᠣᠷᠣᠯᠴᠠᠬᠤ ᠨᠦᠬᠦᠴᠡᠯ ᠢ ᠦᠷᠭᠡᠳᠭᠡᠨ᠂ ᠰᠢᠨ᠎ᠡ ᠶᠢ ᠡᠭᠦᠳᠬᠦ ᠪᠦᠲᠦᠭᠡᠭᠳᠡᠭᠦᠨ ᠪᠠ ᠦᠢᠯᠡᠴᠢᠯᠡᠭᠡ  ᠶᠢ ᠬᠤᠳᠠᠯᠳᠣᠨ ᠠᠪᠬᠤ ᠬᠦᠴᠦᠯᠡᠴᠡ ᠪᠠᠨ ᠶᠡᠬᠡᠰᠬᠡᠨ᠎ᠡ᠃ ᠢᠨᠲ᠋ᠧᠷ ᠰᠦᠯᠵᠢᠶᠡᠨ ᠳᠡᠭᠡᠷᠡᠬᠢ ᠮᠦᠩᠭᠦᠨ ᠭᠦᠢᠯᠭᠡᠭᠡ᠂ ᠪᠦᠬᠦ ᠨᠡᠶᠢᠳᠡ ᠪᠠᠷ ᠢᠶᠠᠨ ᠬᠦᠷᠦᠩᠬᠡ ᠬᠤᠷᠠᠮᠳᠣᠭᠤᠯᠬᠤ᠂ ᠲᠦᠷᠢᠶᠡᠰᠦᠯᠡᠬᠦ ᠵᠡᠷᠭᠡ ᠰᠢᠨ᠎ᠡ ᠬᠡᠯᠪᠡᠷᠢ ᠶᠢᠨ ᠬᠦᠷᠦᠩᠬᠡ ᠬᠤᠷᠠᠮᠳᠣᠭᠤᠯᠬᠤ ᠬᠡᠪ ᠵᠠᠭᠪᠣᠷ ᠢ ᠬᠦᠭᠵᠢᠭᠦᠯᠵᠣ᠂ ᠬᠤᠪᠢᠴᠠᠭᠠᠳᠣ ᠡᠷᠬᠡ ᠪᠠᠨ ᠰᠢᠯᠵᠢᠭᠦᠯᠦᠨ ᠪᠦᠬᠦ ᠨᠡᠶᠢᠳᠡ ᠪᠠᠷ  ᠢᠶᠠᠨ ᠣᠷᠣᠯᠴᠠᠬᠤ ᠬᠦᠷᠦᠩᠭᠡ ᠬᠤᠷᠠᠮᠳᠣᠭᠤᠯᠬᠤ ᠳᠣᠷᠰᠢᠯᠳᠠ ᠶᠢᠨ ᠴᠡᠭ ᠢ ᠬᠡᠷᠡᠭᠵᠢᠭᠦᠯᠦᠨ᠂ ᠪᠦᠬᠦ ᠨᠡᠶᠢᠳᠡ ᠪᠠᠷ  ᠢᠶᠠᠨ ᠦᠢᠯᠡᠰ ᠪᠣᠰᠬᠠᠬᠤ ᠣᠷᠣᠨ ᠵᠠᠢ ᠶᠢᠨ ᠰᠢᠨ᠎ᠡ ᠶᠢ ᠡᠭᠦᠳᠬᠦ ᠪᠦᠲᠦᠭᠡᠭᠳᠡᠭᠦᠨ ᠢ ᠵᠣᠬᠢᠶᠠᠨ ᠪᠠᠶᠢᠭᠤᠯᠵᠣ ᠰᠦᠯᠵᠢᠶᠡᠨ ᠳᠡᠭᠡᠷ᠎ᠡ ᠪᠦᠬᠦ ᠨᠡᠶᠢᠳᠡ ᠪᠠᠷ ᠢᠶᠠᠨ ᠬᠦᠷᠦᠩᠬᠡ ᠬᠤᠷᠠᠮᠳᠣᠭᠤᠯᠬᠤ ᠶᠢ ᠵᠣᠷᠢᠭᠵᠢᠭᠤᠯᠵᠣ᠂ ᠪᠦᠬᠦ ᠨᠡᠶᠢᠳᠡ  ᠪᠠᠷ ᠢᠶᠠᠨ ᠦᠢᠯᠡᠰ ᠪᠣᠰᠬᠠᠨ ᠰᠢᠨ᠎ᠡ ᠶᠢ ᠡᠭᠦᠳᠬᠦ ᠳᠤ ᠬᠦᠷᠦᠩᠬᠡ ᠬᠤᠷᠠᠮᠳᠣᠭᠤᠯᠬᠤ ᠦᠢᠯᠡᠴᠢᠯᠡᠭᠡ ᠬᠠᠩᠭᠠᠨ᠎ᠠ᠃     ᠦᠢᠯᠡᠰ ᠪᠣᠰᠬᠠᠨ ᠰᠢᠨ᠎ᠡ ᠶᠢ ᠡᠭᠦᠳᠬᠦ ᠣᠷᠣᠨ ᠵᠠᠢ ᠶᠢ ᠦᠷᠭᠡᠳᠭᠡᠨ᠎ᠡ᠃ ᠶᠡᠭᠡ ᠰᠣᠷᠭᠠᠭᠤᠯᠢ ᠳᠡᠭᠦᠰᠦᠭᠰᠡᠨ ᠣᠶᠣᠳᠠᠳ᠂ ᠦᠢᠯᠡᠰ ᠪᠣᠰᠬᠠᠨ ᠪᠡᠯᠡ ᠣᠷᠣᠭᠤᠯᠣᠯᠳᠠ ᠶᠢᠨ ᠪᠠᠶᠢᠭᠤᠯᠣᠮᠵᠢ᠂ ᠨᠡᠶᠢᠭᠡᠮ ᠤᠨ ᠵᠣᠬᠢᠶᠠᠨ ᠪᠠᠶᠢᠭᠤᠯᠣᠯᠳᠠ ᠵᠡᠷᠭᠡ ᠪᠠᠷ ᠭᠤᠣᠯ ᠬᠦᠴᠦᠨ ᠪᠣᠯᠭᠠᠨ᠂ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ᠂ ᠳᠣᠮᠳᠠ ᠵᠢᠵᠢᠭ ᠠᠵᠣ ᠠᠬᠤᠶᠢᠯᠠᠯ ᠤᠨ ᠦᠢᠯᠡᠰ ᠪᠣᠰᠬᠠᠬᠤ ᠬᠦᠷᠢᠶᠡᠯᠡᠩ᠂ ᠡᠯᠧᠺᠲᠷᠣᠨ ᠬᠤᠳᠠᠯᠳᠣᠭᠠᠨ ᠤ ᠶᠠᠪᠣᠳᠠᠯ ᠤᠨ ᠰᠠᠭᠤᠷᠢᠨ ᠵᠡᠷᠭᠡ ᠪᠠᠷ ᠠᠴᠢᠶᠠᠯᠠᠪᠣᠷᠢ ᠪᠣᠯᠭᠠᠵᠣ᠂ ᠰᠣᠯᠠ ᠳᠠᠯᠪᠢᠭᠳᠠᠵᠣ ᠪᠠᠶᠢᠭ᠎ᠠ ᠬᠤᠳᠠᠯᠳᠣᠭᠠᠨ ᠤ ᠬᠡᠷᠡᠭᠴᠡᠭᠡᠳᠣ ᠪᠠᠶᠢᠰᠢᠩ᠂ ᠠᠵᠣ ᠦᠢᠯᠡᠳᠪᠦᠷᠢ ᠶᠢᠨ ᠬᠡᠷᠡᠭᠴᠡᠭᠡᠳᠦ ᠪᠠᠶᠢᠰᠢᠩ᠂ ᠠᠵᠣ ᠠᠬᠤᠶᠢᠯᠠᠯ ᠤᠨ ᠬᠦᠮᠦᠷᠭᠡ᠂ ᠪᠠᠷᠠᠭᠠᠨ ᠤ ᠭᠦᠢᠯᠭᠡᠭᠡᠨ ᠤ ᠲᠦᠭᠦᠭᠡᠷᠦᠮᠵᠢ ᠵᠡᠷᠭᠡ ᠳᠤ ︽ᠦᠴᠦᠬᠡᠨ ᠬᠡᠮᠵᠢᠶᠡᠨ ᠤ ᠵᠠᠰᠠᠨ ᠰᠢᠨᠡᠴᠢᠯᠡᠯᠳᠡ︾ ᠣᠷᠣᠭᠤᠯᠣᠨ᠂ ᠳᠣᠷ᠎ᠠ ᠰᠣᠨᠢᠷᠬᠠᠯ ᠢᠶᠠᠨ ᠦᠢᠯᠡᠰᠵᠢᠭᠦᠯᠬᠦ ᠣᠷᠣᠨ ᠵᠠᠢ᠂ ᠦᠢᠯᠡᠰ ᠪᠣᠰᠬᠠᠬᠤ ᠳᠤ ᠳᠠᠪᠴᠠᠩ ᠬᠠᠩᠭᠠᠬᠤ ᠺᠣᠹᠢ ᠶᠢᠨ ᠮᠣᠬᠤᠯᠠᠭ᠂ ᠰᠢᠨ᠎ᠡ ᠶᠢ ᠡᠭᠦᠳᠬᠦ ᠦᠢᠯᠡᠳᠪᠦᠷᠢᠯᠡᠯ  ᠤᠨ ᠳᠠᠯᠠᠪᠠᠢ ᠵᠡᠷᠭᠡ ᠰᠢᠨ᠎ᠡ ᠬᠡᠯᠪᠡᠷᠢ ᠶᠢᠨ ᠨᠡᠪᠴᠢᠭᠦᠯᠬᠦ ᠪᠠᠭᠠᠵᠢ ᠶᠢ ᠪᠠᠶᠢᠭᠤᠯᠵᠣ᠂ ᠨᠢᠭᠡ ᠪᠦᠯᠦᠭ ᠳᠣᠣᠷ᠎ᠠ ᠦᠷᠳᠡᠭᠳᠣ᠂ ᠲᠦᠭᠦᠮ ᠲᠦᠳᠡ᠂ ᠪᠦᠬᠦ ᠡᠯᠧᠮᠧᠨ᠋ᠲ ᠶᠢ ᠬᠠᠮᠣᠷᠣᠭᠰᠠᠨ᠂ ᠨᠡᠭᠡᠭᠡᠯᠳᠡ ᠲᠠᠢ ᠪᠦᠬᠦ ᠨᠡᠶᠢᠳᠡ ᠪᠠᠷ ᠢᠶᠠᠨ ᠦᠢᠯᠡᠰ ᠪᠣᠰᠬᠠᠬᠤ ᠣᠷᠣᠨ ᠵᠠᠢ ᠶᠢ ᠪᠠᠶᠢᠭᠤᠯᠣᠨ᠎ᠠ᠃ ᠪᠦᠬᠦ ᠨᠡᠶᠢᠳᠡ ᠪᠠᠷ ᠢᠶᠠᠨ ᠦᠢᠯᠡᠰ ᠪᠣᠰᠬᠠᠬᠤ ᠣᠷᠣᠨ ᠵᠠᠢ ᠶᠢ ᠬᠦᠭᠵᠢᠭᠦᠯᠬᠦ ᠳᠡᠳᠬᠦᠨ ᠬᠦᠬᠢᠭᠦᠯᠬᠦ ᠠᠷᠭ᠎ᠠ ᠶᠢ ᠳᠣᠭᠳᠠᠭᠠᠨ᠂ ᠲᠦᠷᠦᠯ ᠵᠦᠢᠯ ᠢ ᠬᠢᠨᠠᠨ ᠵᠦᠪᠰᠢᠶᠡᠷᠡᠬᠦ᠂ ᠪᠠᠶᠢᠷᠢ ᠳᠠᠯᠠᠪᠠᠢ ᠲᠦᠷᠢᠶᠡᠰᠦᠯᠡᠬᠦ᠂ ᠳᠣᠨᠤᠭ ᠲᠦᠭᠦᠭᠡᠷᠦᠮᠵᠢ ᠬᠤᠳᠠᠯᠳᠣᠨ ᠠᠪᠬᠤ᠂ ᠣᠰᠣ ᠬᠡᠷᠡᠭᠯᠡᠬᠦ᠂ ᠴᠠᠬᠢᠯᠭᠠᠨ ᠬᠡᠷᠡᠭᠯᠡᠬᠦ ᠵᠡᠷᠭᠡ ᠳᠠᠯ᠎ᠠ ᠪᠠᠷ ᠳᠡᠮᠵᠢᠯᠭᠡ ᠦᠵᠡᠭᠦᠯᠦᠨ᠎ᠡ᠃      ᠦᠢᠯᠡᠰ ᠪᠣᠰᠬᠠᠬᠤ ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠬᠦᠭᠵᠢᠭᠡᠨ᠎ᠡ᠃ ᠣᠯᠣᠰ ᠤᠨ ᠦᠮᠴᠢᠯᠡᠯᠳᠣ ᠠᠵᠣ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ ᠰᠣᠳᠣᠯᠭᠠᠨ ᠤ ᠬᠦᠮᠦᠰ ᠤᠨ ᠠᠵᠢᠯ ᠤᠨ ᠪᠠᠶᠢᠷᠢ ᠠᠴᠠ ᠰᠠᠯᠣᠨ ᠦᠢᠯᠡᠰ ᠪᠣᠰᠬᠠᠬᠤ ᠪᠣᠳᠣᠯᠭ᠎ᠠ ᠶᠢ ᠲᠦᠷᠭᠡᠨ ᠨᠠᠶᠢᠳᠠᠪᠣᠷᠢᠵᠢᠭᠤᠯᠵᠣ᠂ ᠣᠷᠣᠨ ᠳᠤᠭ᠎ᠠ ᠶᠢ ᠬᠡᠪ ᠢᠶᠠᠷ ᠦᠯᠡᠳᠡᠭᠡᠬᠦ ᠵᠡᠷᠭᠡ ᠳᠠᠯ᠎ᠠ ᠪᠠᠷ ᠬᠠᠷᠢᠮᠠᠬᠠᠢ ᠴᠢᠨᠠᠷᠳᠣ ᠳᠡᠮᠵᠢᠯᠭᠡ ᠦᠵᠡᠭᠦᠯᠦᠨ᠂ ᠰᠣᠳᠣᠯᠭᠠᠨ ᠤ ᠬᠦᠮᠦᠰ  ᠤᠨ ᠬᠤᠣᠰ ᠴᠢᠭᠯᠡᠯ ᠢᠶᠠᠷ ᠬᠦᠳᠡᠯᠦᠯᠴᠡᠬᠦ ᠳᠣᠭᠳᠠᠯᠴᠠᠭ᠎ᠠ ᠶᠢ ᠪᠠᠶᠢᠭᠤᠯᠣᠨ᠎ᠠ᠃ ᠡᠷᠢᠶᠠᠨ ᠬᠤᠳᠠ ᠶᠢᠨ ᠣᠯᠠᠨ ᠣᠯᠣᠰ ᠤᠨ ᠳᠡᠭᠡᠳᠣ ᠰᠣᠷᠭᠠᠭᠤᠯᠢ ᠶᠢᠨ ᠬᠠᠷᠢᠮᠠᠬᠠᠢ ᠴᠢᠨᠠᠷᠳᠣ ᠰᠣᠷᠭᠠᠭᠤᠯᠢ ᠶᠢᠨ ᠲᠦᠷᠢᠮ ᠤᠨ ᠬᠠᠮᠢᠶᠠᠷᠣᠯᠳᠠ ᠶᠢᠨ ᠠᠷᠭ᠎ᠠ ᠪᠠᠨ ᠪᠠᠶᠢᠭᠤᠯᠣᠨ ᠪᠦᠷᠢᠨᠰᠢᠭᠦᠯᠬᠦ ᠶᠢ ᠳᠡᠮᠵᠢᠵᠣ᠂ ᠰᠣᠷᠭᠠᠭᠤᠯᠢ ᠳᠤ ᠰᠠᠭᠤᠭ᠎ᠠ ᠣᠶᠣᠳᠠᠳ ᠰᠣᠷᠣᠯᠭ᠎ᠠ ᠪᠠᠨ ᠵᠠᠪᠰᠠᠷᠯᠠᠨ ᠦᠢᠯᠡᠰ ᠪᠣᠰᠬᠠᠬᠤ ᠶᠢ ᠵᠦᠪᠰᠢᠶᠡᠷᠡᠨ᠂ ᠰᠣᠷᠭᠠᠭᠤᠯᠢ ᠶᠢᠨ ᠬᠠᠷᠢᠶᠠᠯᠠᠯ ᠢ ᠬᠡᠪ ᠢᠶᠠᠷ ᠪᠠᠶᠢᠯᠭᠠᠵᠣ᠂ ᠳᠠᠳᠣᠯᠭ᠎ᠠ ᠬᠢᠬᠦ ᠵᠡᠷᠭᠡ ᠦᠢᠯᠡᠳᠦᠯᠭᠡᠳᠣ ᠵᠢᠭᠠᠨ ᠰᠣᠷᠭᠠᠬᠤ ᠬᠢᠴᠢᠶᠡᠯ ᠠᠴᠠ ᠬᠡᠯᠲᠦᠷᠢᠭᠦᠯᠦᠨ᠂ ᠰᠣᠷᠣᠯᠭ᠎ᠠ ᠶᠢᠨ ᠬᠤᠪᠢ ᠶᠢ ᠳᠣᠭᠳᠠᠭᠠᠯ ᠶᠣᠰᠣ ᠪᠠᠷ ᠳᠡᠮᠳᠡᠭᠯᠡᠨ᠎ᠡ᠃ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠠᠵᠣ ᠠᠬᠤᠢ  ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠳᠣᠳᠣᠷ᠎ᠠ ︽ᠳᠣᠮᠳᠠᠳᠣ ᠮᠣᠩᠭᠤᠯ ᠬᠤᠶᠠᠷ ᠣᠯᠣᠰ ᠤᠨ ᠵᠠᠯᠠᠭᠤᠴᠣᠳ ᠤᠨ ᠦᠢᠯᠡᠰ ᠪᠣᠰᠬᠠᠬᠤ ᠰᠠᠭᠤᠷᠢᠨ︾ ᠢ ᠪᠠᠶᠢᠭᠤᠯᠣᠨ ᠳᠣᠬᠢᠷᠠᠭᠤᠯᠵᠣ᠂ ︽ᠳᠣᠮᠳᠠᠳᠣ ᠮᠣᠩᠭᠤᠯ ᠬᠤᠶᠠᠷ ᠣᠯᠣᠰ ᠤᠨ ᠵᠢᠵᠢᠭ ᠪᠢᠴᠢᠯ ᠠᠵᠣ ᠠᠬᠤᠶᠢᠯᠠᠯ ᠤᠨ ᠦᠢᠯᠡᠰ ᠪᠣᠰᠬᠠᠬᠤ ᠣᠨᠴᠠᠭᠠᠢ ᠳᠣᠭᠤᠷᠢᠭ︾ ᠢ ᠰᠦᠪᠡᠭᠴᠢᠯᠡᠨ ᠪᠦᠲᠦᠭᠡᠨ ᠪᠠᠶᠢᠭᠤᠯᠣᠨ᠎ᠠ᠃ ᠳᠠᠪᠣᠳᠣᠭᠠᠷ ᠪᠦᠯᠦᠭ   ᠵᠣᠬᠢᠴᠠᠩᠭᠤᠢ ᠬᠦᠭᠵᠢᠯᠳᠡ ᠶᠢ ᠪᠠᠷᠢᠮᠳᠠᠯᠠᠵᠣ  ᠬᠦᠭᠵᠢᠯᠳᠡ ᠶᠢᠨ ᠪᠦᠬᠦᠶᠢᠯᠡ ᠴᠣᠭᠴᠠᠳᠣ ᠴᠢᠨᠠᠷ ᠢ ᠳᠡᠭᠡᠭᠰᠢᠯᠡᠭᠦᠯᠦᠨ᠎ᠡ       ᠠᠵᠣ ᠠᠬᠤᠢ ᠶᠢᠨ ᠬᠦᠭᠵᠢᠯᠳᠡ ᠶᠢᠨ ᠬᠡᠯᠪᠡᠷᠢ ᠪᠠᠨ ᠬᠤᠪᠢᠷᠠᠭᠤᠯᠬᠤ ᠶᠢ ᠠᠵᠣ ᠠᠬᠤᠢ ᠶᠢᠨ ᠪᠦᠲᠦᠴᠡ ᠶᠢ ᠳᠣᠬᠢᠷᠠᠭᠤᠯᠣᠨ ᠰᠢᠯᠢᠳᠡᠭᠵᠢᠭᠦᠯᠬᠦ ᠲᠠᠢ ᠣᠶᠠᠯᠳᠣᠭᠤᠯᠣᠨ᠂ ᠠᠵᠣ ᠦᠢᠯᠡᠰ ᠤᠨ ᠵᠣᠬᠢᠴᠠᠩᠭᠤᠢ ᠬᠦᠭᠵᠢᠯᠳᠡ ᠶᠢ ᠨᠢᠭᠡᠲᠦᠯᠳᠡᠢ ᠲᠦᠯᠬᠢᠨ ᠠᠬᠢᠭᠤᠯᠵᠣ᠂ ᠬᠤᠳᠠ ᠬᠦᠳᠡᠭᠡ ᠨᠢᠭᠡ ᠴᠣᠭᠴᠠᠯᠠᠬᠤ ᠶᠢ ᠢᠳᠡᠪᠬᠢᠳᠡᠢ ᠠᠬᠢᠭᠤᠯᠣᠨ᠂ ᠪᠣᠳᠠᠰ  ᠤᠨ ᠪᠣᠯᠪᠠᠰᠣᠨ ᠪᠣᠯᠣᠨ ᠣᠶᠣᠨ ᠤ ᠪᠣᠯᠪᠠᠰᠣᠨ ᠢ ᠵᠡᠷᠭᠡᠪᠡᠷ ᠴᠢᠬᠤᠯᠠᠴᠢᠯᠠᠬᠤ ᠶᠢ ᠪᠠᠷᠢᠮᠳᠠᠯᠠᠵᠣ᠂ ᠬᠦᠭᠵᠢᠯᠳᠡ ᠶᠢᠨ ᠳᠠᠪᠠᠭᠤᠯᠢᠭ ᠢᠶᠠᠨ ᠪᠠᠬᠢᠵᠢᠭᠦᠯᠦᠨ᠂ ᠬᠦᠭᠵᠢᠯᠳᠡ ᠶᠢᠨ ᠣᠷᠣᠨ ᠵᠠᠢ ᠪᠠᠨ ᠦᠷᠭᠡᠳᠭᠡᠨ᠎ᠡ᠃ ᠨᠢᠭᠡᠳᠦᠭᠡᠷ ᠬᠡᠰᠡᠭ   ᠠᠵᠣ ᠦᠢᠯᠡᠰ ᠤᠨ ᠵᠣᠬᠢᠴᠠᠩᠭᠤᠢ ᠬᠦᠭᠵᠢᠯᠳᠡ ᠶᠢ ᠢᠳᠡᠪᠬᠢᠲᠡᠢ ᠲᠦᠯᠬᠢᠨ ᠠᠬᠢᠭᠤᠯᠣᠨ᠎ᠠ ᠨᠢᠭᠡ᠂ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠢ ᠶᠡᠭᠡ ᠪᠠᠷ ᠬᠦᠭᠵᠢᠭᠦᠯᠦᠨ᠎ᠡ      ᠣᠯᠠᠨ ᠣᠯᠣᠰ ᠤᠨ ᠠᠷᠠᠯᠵᠢᠶ᠎ᠠ ᠪᠠ ᠪᠠᠷᠠᠭᠠᠨ ᠤ ᠭᠦᠢᠯᠭᠡᠭᠡᠨ ᠤ ᠦᠢᠯᠡᠰ ᠢ ᠶᠡᠭᠡ ᠪᠠᠷ ᠬᠢᠨ᠎ᠡ᠃ ᠠᠷᠠᠯᠵᠢᠶᠠᠨ  ᠤ ᠠᠵᠣ ᠠᠬᠤᠶᠢᠯᠠᠯ ᠤᠨ ᠬᠡᠪᠴᠢᠶᠡᠵᠢᠭᠰᠡᠨ ᠡᠵᠡᠩᠨᠡᠯᠳᠡ ᠶᠢ ᠢᠳᠡᠪᠬᠢᠲᠡᠢ ᠲᠦᠯᠬᠢᠨ ᠠᠬᠢᠭᠤᠯᠵᠣ᠂ ᠠᠷᠠᠯᠵᠢᠶᠠᠨ ᠤ ᠭᠤᠣᠯ ᠴᠣᠭᠴᠠ ᠶᠢ ᠬᠦᠴᠦᠷᠬᠡᠭᠵᠢᠭᠦᠯᠦᠨ᠂ ᠠᠷᠠᠯᠵᠢᠶᠠᠨ ᠤ ᠣᠯᠣᠰ ᠤᠨ ᠬᠠᠷᠢᠶᠠᠯᠠᠯ ᠢ ᠦᠷᠭᠡᠳᠭᠡᠵᠣ᠂ ᠠᠷᠠᠯᠵᠢᠶᠠᠨ ᠤ ᠬᠡᠯᠪᠡᠷᠢ ᠳᠤ ᠰᠢᠨ᠎ᠡ ᠶᠢ ᠡᠭᠦᠳᠦᠨ᠂ ᠠᠵᠣ ᠠᠬᠤᠢ ᠠᠷᠠᠯᠵᠢᠶᠠᠨ ᠤ ᠬᠠᠮᠳᠣ ᠶᠢᠨ ᠠᠵᠢᠯᠯᠠᠭᠠᠨ ᠤ ᠬᠦᠷᠢᠶ᠎ᠡ ᠶᠢ ᠬᠦᠨᠵᠡᠭᠡᠶᠢᠷᠡᠭᠦᠯᠵᠣ᠂ ᠠᠷᠠᠯᠵᠢᠶᠠᠨ ᠤ ᠦᠷᠭᠦᠯᠵᠢᠯᠡᠨ ᠳᠣᠭᠳᠠᠭᠤᠨ ᠢᠶᠠᠷ ᠡᠬᠢᠯᠳᠦᠬᠦ ᠶᠢ ᠠᠬᠢᠭᠤᠯᠣᠨ᠎ᠠ᠃ ᠳᠣᠰᠬᠠᠢ ᠵᠠᠬ᠎ᠠ ᠳᠡᠯᠭᠡᠭᠦᠷ ᠤᠨ ᠪᠠᠶᠢᠭᠤᠯᠣᠯᠳᠠ ᠬᠠᠮᠢᠶᠠᠷᠣᠯᠳᠠ ᠶᠢ ᠲᠦᠷᠢᠮᠵᠢᠭᠦᠯᠵᠣ᠂ ᠳᠣᠰᠬᠠᠶᠢᠵᠢᠬᠤ᠂ ᠣᠯᠠᠨ ᠣᠯᠣᠰᠴᠢᠯᠠᠬᠤ ᠲᠦᠪᠰᠢᠨ ᠢ ᠳᠡᠭᠡᠭᠰᠢᠯᠡᠭᠦᠯᠦᠨ᠂ ᠡᠷᠢᠶᠡᠨ ᠬᠤᠳᠠ ᠶᠢ ᠮᠣᠩᠭᠤᠯ ᠣᠯᠣᠰ ᠪᠠ ᠣᠷᠣᠰ ᠤᠨ ᠵᠡᠭᠦᠨ ᠰᠢᠪᠧᠷᠢᠶ᠎ᠡ ᠣᠷᠣᠨ ᠳᠤ ᠬᠠᠨᠳᠣᠭᠰᠠᠨ ᠬᠤᠳᠠᠯᠳᠣᠨ ᠠᠪᠬᠤ ᠬᠡᠷᠡᠭᠯᠡᠭᠡᠨ ᠤ ᠲᠦᠷᠦᠭᠦᠨ ᠰᠣᠩᠭᠤᠯᠳᠠ ᠶᠢᠨ ᠣᠷᠣᠨ ᠪᠣᠯᠭᠠᠬᠤ ᠪᠠᠷ ᠴᠢᠷᠮᠠᠶᠢᠨ᠎ᠠ᠃ ᠪᠠᠷᠠᠭᠠᠨ ᠤ ᠭᠦᠢᠯᠭᠡᠭᠡᠨ ᠤ ᠳᠣᠭᠤᠷᠢᠭ ᠤᠨ ᠪᠠᠶᠢᠷᠢᠰᠢᠭᠤᠯᠣᠯᠳᠠ ᠪᠠᠨ ᠰᠢᠯᠢᠳᠡᠭᠵᠢᠭᠦᠯᠦᠨ᠂ ᠢᠵᠢ ᠪᠦᠷᠢᠨ ᠦᠢᠯᠡᠴᠢᠯᠡᠭᠡᠨ ᠤ ᠳᠣᠨᠤᠭ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠪᠠ ᠳᠣᠭᠤᠷᠢᠭ ᠢ ᠨᠢᠭᠡᠳᠭᠡᠬᠦ ᠶᠢ ᠲᠦᠷᠭᠡᠳᠭᠡᠵᠣ᠂ ᠪᠠᠷᠠᠭᠠᠨ ᠤ ᠭᠦᠢᠯᠭᠡᠭᠡᠨ ᠤ ᠦᠢᠯᠡᠰ ᠤᠨ ᠳᠡᠰ ᠵᠡᠷᠭᠡᠯᠡᠯ ᠳᠡᠪᠰᠢᠬᠦ ᠶᠢ ᠲᠦᠯᠬᠢᠨ ᠠᠬᠢᠭᠤᠯᠣᠨ᠎ᠠ᠃ ᠡᠷᠢᠶᠡᠨ ᠬᠤᠳᠠ ᠶᠢᠨ ᠣᠯᠠᠨ ᠣᠯᠣᠰ ᠤᠨ ᠠᠭᠠᠷ ᠤᠨ ᠪᠣᠭᠤᠮᠳᠠ ᠪᠠ ᠣᠯᠠᠨ ᠣᠯᠣᠰ  ᠤᠨ ᠪᠣᠭᠤᠳᠠᠯ ᠢᠯᠡᠭᠡᠮᠵᠢ ᠶᠢᠨ ᠰᠣᠯᠢᠯᠴᠠᠭᠠᠨ ᠤ ᠲᠦᠪ ᠲᠤ ᠲᠦᠰᠢᠭᠯᠡᠨ᠂ ᠮᠣᠩᠭᠤᠯ ᠣᠯᠣᠰ᠂ ᠣᠷᠣᠰ ᠴᠢᠭᠯᠡᠯ  ᠤᠨ ᠪᠠᠷᠠᠭᠠᠨ ᠳᠡᠭᠡᠭᠡᠪᠦᠷᠢ ᠶᠢᠨ ᠠᠭᠠᠷ ᠤᠨ ᠱᠣᠭᠤᠮ ᠢ ᠨᠡᠭᠡᠭᠡᠨ ᠨᠡᠪᠳᠡᠷᠡᠭᠦᠯᠵᠣ᠂ ᠠᠭᠠᠷ ᠤᠨ ᠳᠡᠭᠡᠭᠡᠪᠦᠷᠢ ᠶᠢᠨ ᠪᠣᠭᠤᠳᠠᠯ ᠢᠯᠡᠭᠡᠮᠵᠢ ᠶᠢᠨ ᠬᠡᠯᠪᠡᠷᠢ ᠶᠢ ᠠᠰᠢᠭᠯᠠᠨ᠂ ᠮᠣᠩᠭᠤᠯ ᠣᠷᠣᠰ ᠲᠤ ᠬᠠᠨᠳᠣᠭᠰᠠᠨ ᠪᠠᠷᠠᠭ᠎ᠠ ᠢᠯᠡᠭᠡᠮᠵᠢ ᠶᠢᠨ ᠵᠠᠬᠢᠶᠠᠯᠠᠯᠳᠣ ᠨᠢᠰᠭᠡᠯ ᠤᠨ ᠠᠵᠢᠯ ᠢ ᠦᠷᠨᠢᠭᠦᠯᠵᠣ᠂ ᠠᠭᠠᠷ ᠠᠶᠠᠯᠠᠯ ᠤᠨ ᠪᠠᠷᠠᠭ᠎ᠠ ᠳᠡᠭᠡᠭᠡᠪᠦᠷᠢ ᠶᠢ ᠣᠷᠣᠯᠠᠨ ᠭᠦᠢᠴᠡᠳᠭᠡᠬᠦ᠂ ᠠᠭᠠᠷ ᠠᠶᠠᠯᠠᠯ ᠤᠨ ᠪᠠᠷᠠᠭᠠᠨ ᠤ ᠭᠦᠢᠯᠭᠡᠭᠡ ᠨᠦᠬᠡᠴᠡᠯᠡᠨ ᠬᠦᠮᠦᠷᠬᠡᠯᠡᠬᠦ᠂ ᠠᠭᠠᠷ ᠠᠶᠠᠯᠠᠯ ᠤᠨ ᠪᠠᠷᠠᠭ᠎ᠠ ᠳᠡᠭᠡᠭᠡᠪᠦᠷᠢ ᠶᠢᠨ ᠲᠦᠷᠭᠡᠨ ᠢᠯᠡᠭᠡᠮᠵᠢ᠂ ᠰᠢᠣᠳᠠᠨ ᠵᠡᠷᠭᠡ ᠠᠭᠠᠷ ᠠᠶᠠᠯᠠᠯ ᠤᠨ ᠪᠠᠷᠠᠭ᠎ᠠ ᠳᠡᠭᠡᠭᠡᠪᠦᠷᠢ ᠶᠢᠨ ᠰᠣᠨᠵᠠᠷᠠᠭᠰᠠᠨ ᠨᠡᠮᠡᠭᠳᠡᠯ ᠦᠷᠳᠡᠭ ᠲᠠᠢ ᠦᠢᠯᠡᠴᠢᠯᠡᠭᠡ ᠶᠢ ᠢᠳᠡᠪᠬᠢᠲᠡᠢ ᠬᠠᠩᠭᠠᠨ᠂ ᠠᠭᠠᠷ ᠠᠶᠠᠯᠠᠯ ᠤᠨ ᠪᠠᠷᠠᠭ᠎ᠠ ᠳᠡᠭᠡᠭᠡᠪᠦᠷᠢ ᠪᠠ ᠠᠭᠠᠷ ᠠᠶᠠᠯᠠᠯ ᠤᠨ ᠪᠠᠷᠠᠭᠠᠨ ᠤ ᠭᠦᠢᠯᠭᠡᠭᠡ ᠳᠤ ᠲᠦᠰᠢᠭᠯᠡᠭᠰᠡᠨ ᠠᠭᠠᠷ ᠠᠶᠠᠯᠠᠯ ᠤᠨ ᠣᠯᠠᠨ ᠣᠯᠣᠰ  ᠤᠨ ᠪᠠᠷᠠᠭᠠᠨ ᠤ ᠭᠦᠢᠯᠭᠡᠭᠡᠨ ᠤ ᠠᠵᠣ ᠦᠢᠯᠡᠰ ᠤᠨ ᠳᠣᠭᠤᠷᠢᠭ ᠢ ᠪᠠᠶᠢᠭᠤᠯᠵᠣ᠂ ᠮᠣᠩᠭᠤᠯ ᠣᠷᠣᠰ ᠲᠤ ᠬᠠᠨᠳᠣᠭᠰᠠᠨ ᠠᠭᠠᠷ ᠠᠶᠠᠯᠠᠯ ᠤᠨ ᠪᠠᠷᠠᠭ᠎ᠠ ᠳᠡᠭᠡᠭᠡᠪᠦᠷᠢ ᠶᠢᠨ ᠳᠣᠮᠣ ᠭᠠᠷᠣᠴᠠ ᠶᠢ ᠨᠡᠭᠡᠭᠡᠨ᠎ᠡ᠃ ᠮᠣᠩᠭᠤᠯ ᠣᠷᠣᠰ  ᠲᠠᠢ ᠪᠠᠷᠠᠭᠠᠨ ᠤ ᠭᠦᠢᠯᠭᠡᠭᠡᠨ ᠤ ᠬᠠᠮᠳᠣ ᠶᠢᠨ ᠠᠵᠢᠯᠯᠠᠭ᠎ᠠ ᠪᠠᠨ ᠴᠢᠩᠭᠠᠳᠬᠠᠨ᠂ ᠬᠢᠯᠢ ᠠᠯᠣᠰᠯᠠᠭᠰᠠᠨ ᠪᠠᠷᠠᠭᠠᠨ ᠤ ᠭᠦᠢᠯᠭᠡᠭᠡᠨ ᠤ ᠵᠠᠩᠬᠢᠯᠠᠭ᠎ᠠ ᠶᠢᠨ ᠴᠡᠭ ᠤᠨ ᠰᠢᠭᠤᠳ ᠪᠣᠭᠤᠮᠳᠠ ᠨᠡᠪᠳᠡᠷᠡᠭᠦᠯᠬᠦ ᠬᠡᠪ ᠵᠠᠭᠪᠣᠷ ᠢ ᠪᠠᠶᠢᠭᠤᠯᠵᠣ᠂ ᠳᠣᠮᠳᠠᠳᠣ ᠮᠣᠩᠭᠤᠯ ᠣᠷᠣᠰ ᠤᠨ ᠵᠢᠮᠢᠰ ᠨᠣᠭᠤᠭ᠎ᠠ ᠶᠢᠨ ᠣᠯᠠᠨ ᠣᠯᠣᠰ ᠤᠨ ᠠᠷᠠᠯᠵᠢᠶ᠎ᠠ ᠶᠢ ᠣᠷᠣᠯᠠᠨ ᠭᠦᠢᠴᠡᠳᠭᠡᠬᠦ ᠠᠵᠢᠯ ᠢ ᠦᠷᠭᠡᠳᠭᠡᠨ᠂ ᠵᠢᠮᠢᠰ ᠨᠣᠭᠤᠭ᠎ᠠ ᠪᠠᠷ ᠭᠤᠣᠯᠯᠠᠭᠤᠯᠣᠭᠰᠠᠨ ᠭᠦᠢᠳᠡᠨ ᠰᠣᠷᠭᠤᠭ ᠢᠳᠡᠭᠡᠨ ᠤ ᠵᠦᠢᠯᠡᠰ ᠤᠨ ᠬᠢᠨᠵᠢᠯᠡᠭᠰᠡᠨ ᠪᠠᠷᠠᠭᠠᠨ ᠤ ᠭᠦᠢᠯᠭᠡᠭᠡᠨ ᠤ ᠦᠢᠯᠡᠰ ᠢ ᠲᠦᠷᠭᠡᠳᠭᠡᠨ ᠬᠦᠭᠵᠢᠭᠦᠯᠦᠨ᠎ᠡ᠃ ᠪᠦᠸᠧᠬᠠᠢ ᠳᠠᠩᠬᠢᠰ ᠤᠨ ᠡᠷᠬᠢ ᠳᠠᠭᠠᠣ ᠠᠵᠣ ᠠᠬᠤᠢ ᠶᠢᠨ ᠴᠠᠭᠠᠷᠢᠭ ᠤᠨ ᠲᠢᠶᠡᠨᠵᠢᠨ᠂ ᠵᠢᠨᠵᠸᠣ᠂ ᠫᠠᠨ ᠶᠢᠨ᠂ ᠳ᠋ᠠᠯᠢᠶᠠᠨ᠂ ᠶᠢᠩᠺᠸᠣ᠂ ᠴᠢᠨ ᠬᠤᠸᠠᠩ ᠳ᠋ᠣᠣ ᠵᠡᠷᠭᠡ ᠭᠠᠷᠠᠮ ᠤᠨ ᠬᠤᠳᠠ ᠲᠠᠢ ᠳᠠᠯᠠᠢ ᠬᠠᠭᠤᠷᠠᠢ ᠬᠤᠯᠪᠣᠭᠠᠯᠠᠨ ᠳᠡᠭᠡᠭᠡᠪᠦᠷᠢᠯᠡᠬᠦ ᠪᠠᠷᠠᠭᠠᠨ ᠤ ᠭᠦᠢᠯᠭᠡᠭᠡᠨ ᠤ ᠬᠠᠮᠳᠣ ᠶᠢᠨ ᠠᠵᠢᠯᠯᠠᠭ᠎ᠠ ᠶᠢ ᠬᠦᠨᠵᠡᠭᠡᠶᠢᠷᠡᠭᠦᠯᠦᠨ᠂ ᠳᠠᠯᠠᠢ ᠳᠠᠭᠠᠣ ᠭᠠᠷᠠᠮ ᠳᠤ ᠰᠢᠭᠤᠳ ᠬᠦᠷᠬᠦ ᠳᠣᠰᠬᠠᠢ ᠸᠠᠭᠤᠨ ᠢ ᠨᠡᠭᠡᠭᠡᠨ ᠨᠡᠪᠳᠡᠷᠡᠭᠦᠯᠦᠨ᠎ᠡ᠃ ᠭᠤᠷᠪᠠᠳᠠᠭᠴᠢ ᠳᠠᠯ᠎ᠠ ᠶᠢᠨ ᠪᠠᠷᠠᠭᠠᠨ ᠤ ᠭᠦᠢᠯᠭᠡᠭᠡᠨ ᠤ ᠠᠵᠣ ᠠᠬᠤᠶᠢᠯᠠᠯ ᠢ ᠳᠠᠳᠠᠨ ᠣᠷᠣᠭᠤᠯᠬᠤ ᠪᠠᠨ ᠲᠦᠷᠭᠡᠳᠭᠡᠵᠣ᠂ ᠰᠠᠯᠪᠣᠷᠢ ᠪᠠᠶᠢᠭᠤᠯᠣᠮᠵᠢ ᠪᠠ ᠣᠷᠣᠨ ᠨᠣᠳᠤᠭ ᠤᠨ ᠶᠡᠷᠦᠩᠬᠡᠢ ᠬᠡᠯᠳᠡᠰ ᠪᠠᠶᠢᠭᠤᠯᠣᠨ᠂ ᠳᠣᠬᠠᠢ ᠶᠢᠨ ᠣᠷᠣᠨ ᠤ ᠪᠠᠷᠠᠭᠠᠨ ᠤ ᠭᠦᠢᠯᠭᠡᠭᠡᠨ ᠤ ᠠᠵᠣ ᠠᠬᠤᠶᠢᠯᠠᠯ ᠤᠨ ᠳᠣᠰᠬᠠᠶᠢᠵᠢᠬᠤ᠂ ᠬᠡᠪᠴᠢᠶᠡᠵᠢᠬᠦ ᠵᠦᠭ ᠬᠦᠭᠵᠢᠭᠦ ᠶᠢ ᠲᠦᠯᠬᠢᠨ ᠠᠬᠢᠭᠤᠯᠣᠨ᠎ᠠ᠃ ᠡᠯᠧᠺᠲᠷᠣᠨ ᠬᠤᠳᠠᠯᠳᠣᠭᠠᠨ ᠤ ᠠᠵᠣ ᠠᠬᠤᠶᠢᠯᠠᠯ ᠤᠨ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠪᠠ ᠭᠠᠶᠢᠯᠢ ᠶᠢᠨ ᠪᠠᠳᠣᠯᠠᠭᠠᠳᠣ ᠬᠢᠨᠠᠨ ᠬᠠᠮᠢᠶᠠᠷᠣᠯᠳᠠ ᠶᠢᠨ ᠳᠠᠯᠠᠪᠠᠢ ᠳᠤ ︽ᠭᠠᠳᠠᠭᠠᠳᠣ ᠬᠦᠮᠦᠷᠬᠡ︾ ᠪᠠᠶᠢᠭᠤᠯᠬᠤ ᠶᠢ ᠣᠳᠣᠷᠢᠳᠣᠨ ᠳᠡᠮᠵᠢᠵᠣ᠂ ᠭᠠᠶᠢᠯᠢ ᠶᠢᠨ ᠪᠠᠳᠣᠯᠠᠭᠠᠳᠣ ᠪᠠᠷᠠᠭᠠᠨ ᠤ ᠭᠦᠢᠯᠭᠡᠭᠡᠨ ᠤ ᠴᠢᠳᠠᠪᠬᠢ ᠶᠢ ᠠᠰᠢᠭᠯᠠᠨ᠂ ᠦᠵᠡᠰᠭᠦᠯᠡᠩ ᠬᠤᠳᠠᠯᠳᠤᠭ᠎ᠠ ᠶᠢᠨ ᠠᠵᠢᠯ ᠢᠶᠠᠨ ᠦᠷᠭᠡᠳᠭᠡᠨ᠎ᠡ᠃ ᠬᠢᠯᠢ ᠠᠯᠣᠰᠯᠠᠭᠰᠠᠨ ᠡᠯᠧᠺᠲᠷᠣᠨ ᠬᠤᠳᠠᠯᠳᠣᠭᠠᠨ  ᠤ ᠰᠠᠭᠤᠷᠢᠨ ᠤ ᠪᠠᠶᠢᠭᠤᠯᠣᠯᠳᠠ ᠶᠢ ᠬᠦᠬᠡᠬᠡᠴᠡᠯᠳᠣᠬᠦ ᠪᠠ ᠳᠡᠮᠵᠢᠵᠣ᠂ ᠬᠢᠯᠢ ᠶᠢᠨ ᠪᠣᠭᠤᠮᠳᠠ ᠶᠢᠨ ᠬᠢᠨᠠᠨ ᠬᠠᠮᠢᠶᠠᠷᠣᠯᠳᠠ᠂ ᠰᠢᠯᠭᠠᠨ ᠪᠠᠶᠢᠴᠠᠭᠠᠵᠣ ᠬᠢᠵᠢᠭ ᠪᠠᠶᠢᠴᠠᠭᠠᠬᠤ᠂ ᠣᠷᠣᠭᠤᠯᠵᠣ ᠭᠠᠷᠭᠠᠬᠤ ᠳᠠᠳᠠᠪᠣᠷᠢ ᠬᠤᠷᠢᠶᠠᠬᠤ ᠪᠠ ᠭᠤᠪᠢᠭᠤᠯᠭ᠎ᠠ ᠶᠢᠨ ᠳᠣᠭᠠᠴᠠᠭ᠎ᠠ ᠬᠤᠳᠠᠯᠳᠣᠭᠤᠯᠭ᠎ᠠ ᠵᠡᠷᠭᠡ ᠲᠠᠯ᠎ᠠ ᠶᠢᠨ ᠦᠭᠡᠷᠡᠴᠢᠯᠡᠯᠳᠡ ᠶᠢ ᠬᠢᠯᠢ ᠠᠯᠣᠰᠯᠠᠭᠰᠠᠨ ᠡᠯᠧᠺᠲᠷᠣᠨ ᠬᠤᠳᠠᠯᠳᠤᠭ᠎ᠠ ᠳᠡᠰᠢ ᠦᠷᠭᠡᠳᠭᠡᠨ ᠳᠡᠯᠭᠡᠷᠡᠭᠦᠯᠵᠣ᠂ ᠬᠢᠯᠢ ᠠᠯᠣᠰᠯᠠᠭᠰᠠᠨ ᠡᠯᠧᠺᠲᠷᠣᠨ ᠬᠤᠳᠠᠯᠳᠣᠭᠠᠨ  ᠤ ᠡᠷᠡᠭᠦᠯ ᠢᠶᠠᠷ ᠲᠦᠷᠭᠡᠨ ᠬᠦᠭᠵᠢᠭᠦ ᠶᠢ ᠠᠬᠢᠭᠤᠯᠣᠨ᠎ᠠ᠃     ᠬᠢᠯᠢ ᠶᠢᠨ ᠣᠨᠴᠠᠯᠢᠭᠳᠣ ᠰᠣᠶᠣᠯ ᠵᠢᠭᠤᠯᠴᠢᠯᠠᠯ ᠤᠨ ᠦᠢᠯᠡᠰ ᠢ ᠠᠮᠢᠳᠣᠯᠢᠭᠵᠢᠭᠤᠯᠣᠨ᠎ᠠ᠃ ᠦᠨᠳᠦᠰᠦᠳᠡᠨ ᠤ ᠣᠨᠴᠠᠯᠢᠭ᠂ ᠪᠣᠭᠤᠮᠳᠠ ᠶᠢᠨ ᠣᠨᠴᠠᠯᠢᠭ ᠲᠤ ᠰᠠᠭᠤᠷᠢᠯᠠᠨ᠂ ᠰᠣᠶᠣᠯ ᠵᠢᠭᠤᠯᠴᠢᠯᠠᠯ᠂ ᠣᠷᠠᠯᠢᠭ ᠤᠨ ᠳᠣᠭᠯᠠᠯᠳᠠ᠂ ᠺᠢᠨᠣ᠋ ᠵᠦᠴᠦᠭᠡ ᠵᠣᠬᠢᠶᠠᠨ ᠪᠦᠲᠦᠭᠡᠬᠦ᠂ ᠰᠣᠶᠣᠯ ᠳᠠᠮᠢᠷ ᠵᠤᠭ᠎ᠠ ᠴᠡᠩᠭᠡᠯ᠂ ᠵᠠᠩ ᠢᠷᠭᠡᠨᠰᠢᠯ ᠵᠢᠴᠢ ᠦᠨᠳᠦᠰᠦᠳᠡᠨ ᠤ ᠬᠤᠪᠴᠠᠰᠣ ᠵᠠᠰᠠᠯ ᠤᠨ ᠦᠵᠡᠰᠭᠦᠯᠡᠩ ᠦᠵᠡᠭᠦᠯᠦᠯᠭᠡ᠂ ᠦᠨᠳᠦᠰᠦᠳᠡᠨ ᠤ ᠭᠠᠷ ᠣᠷᠠᠯᠠᠯ ᠤᠨ ᠪᠦᠲᠦᠭᠡᠭᠳᠡᠭᠦᠨ ᠦᠢᠯᠡᠳᠬᠦ᠂ ᠰᠣᠶᠣᠯ ᠤᠨ ᠬᠤᠷᠠᠯ ᠦᠵᠡᠰᠭᠦᠯᠡᠩ᠂ ᠦᠨᠳᠦᠰᠦᠳᠡᠨ ᠤ ᠰᠣᠶᠣᠯ ᠣᠷᠠᠯᠢᠭ ᠤᠨ ᠪᠣᠯᠪᠠᠰᠣᠷᠠᠯ᠂ ᠲᠠᠮᠢᠷ ᠪᠡᠶ᠎ᠡ ᠴᠢᠬᠢᠷᠠᠭᠵᠢᠭᠤᠯᠬᠤ ᠵᠡᠷᠭᠡ ᠪᠠᠷ ᠭᠤᠣᠯᠯᠠᠭᠤᠯᠣᠭᠰᠠᠨ ᠰᠣᠶᠣᠯ ᠤᠨ ᠠᠵᠣ ᠦᠢᠯᠡᠰ ᠤᠨ ᠰᠢᠰᠲ᠋ᠧᠮ ᠢ ᠪᠠᠶᠢᠭᠤᠯᠣᠨ᠎ᠠ᠃ ᠣᠯᠣᠰ ᠤᠨ ᠳᠡᠰ ᠤᠨ ᠭᠠᠵᠠᠷ ᠰᠢᠨᠵᠢᠯᠡᠭᠡᠨ ᠤ ᠬᠦᠷᠢᠶᠡᠯᠡᠩ᠂ ᠢ ᠯᠢᠨ ᠣᠯᠠᠭᠠᠴᠢ ᠦᠷᠳᠡᠭᠡ᠂ ᠣᠯᠣᠰ ᠤᠨ ᠡᠭᠦᠳᠡ ᠵᠡᠷᠭᠡ ᠳᠠᠪᠴᠠᠩ ᠤᠨ ᠳᠠᠪᠠᠭᠤᠯᠢᠭ ᠢ ᠰᠠᠶᠢᠳᠣᠷ ᠪᠠᠳᠠᠷᠠᠭᠤᠯᠵᠣ᠂ ︽ᠠᠪᠣᠷᠭᠤ ᠭᠦᠷᠪᠡᠯ ᠤᠨ ᠰᠣᠶᠣᠯ᠂ ᠡᠷᠳᠡᠨ ᠤ ᠬᠤᠳᠠᠯᠳᠣᠭᠠᠨ ᠤ ᠵᠠᠮ ᠤᠨ ᠰᠣᠶᠣᠯ᠂ ᠬᠢᠯᠢ ᠶᠢᠨ ᠪᠣᠭᠤᠮᠳᠠ ᠶᠢᠨ ᠰᠣᠶᠣᠯ︾ ᠵᠡᠷᠭᠡ ᠪᠣᠭᠤᠮᠳᠠ ᠶᠢᠨ ᠰᠣᠶᠣᠯ ᠤᠨ ᠨᠡᠷ᠎ᠡ ᠳᠡᠮᠳᠡᠭᠳᠣ ᠶᠢ ᠶᠡᠭᠡ ᠬᠦᠴᠦᠨ ᠢᠶᠠᠷ ᠪᠣᠢ ᠪᠣᠯᠭᠠᠨ᠎ᠠ᠃ ᠬᠤᠷᠠᠯ ᠦᠵᠡᠰᠭᠦᠯᠡᠩ  ᠤᠨ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠶᠢ ᠴᠢᠩᠭᠠᠳᠬᠠᠨ᠂ ᠶᠡᠭᠡ ᠬᠡᠪᠴᠢᠶᠡᠨ ᠤ ᠬᠤᠷᠠᠯ ᠦᠵᠡᠰᠭᠦᠯᠡᠩ ᠤᠨ ᠠᠵᠣ ᠠᠬᠤᠶᠢᠯᠠᠯ ᠢ ᠬᠦᠮᠦᠵᠢᠭᠦᠯᠣᠨ ᠪᠣᠶᠢᠵᠢᠭᠤᠯᠵᠣ᠂ ᠳᠣᠮᠳᠠᠳᠣ ᠮᠣᠩᠭᠤᠯ ᠣᠷᠣᠰ ᠤᠨ ᠠᠵᠣ ᠠᠬᠤᠢ ᠠᠷᠠᠯᠵᠢᠶᠠᠨ ᠤ ᠴᠢᠭᠤᠯᠭ᠎ᠠ ᠠᠭᠤᠯᠵᠠᠯᠳᠠ ᠶᠢ ᠳᠡᠰ ᠳᠡᠪᠰᠢᠭᠦᠯᠦᠨ ᠣᠯᠣᠰ ᠤᠨ ᠳᠡᠰ ᠤᠨ ᠬᠤᠷᠠᠯ ᠦᠵᠡᠰᠭᠦᠯᠡᠩ ᠪᠣᠯᠭᠠᠬᠤ ᠪᠠᠷ ᠴᠢᠷᠮᠠᠶᠢᠨ᠂ ᠬᠤᠷᠠᠯ ᠦᠵᠡᠰᠭᠦᠯᠡᠩ ᠤᠨ ᠬᠠᠮᠳᠣ ᠶᠢᠨ ᠠᠵᠢᠯᠯᠠᠭᠠᠨ ᠤ ᠳᠡᠰ ᠵᠡᠷᠭᠡᠯᠡᠯ ᠪᠠ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ ᠣᠯᠣᠰ ᠤᠨ ᠭᠠᠳᠠᠭᠠᠳᠣ ᠶᠢᠨ ᠣᠷᠠᠯᠢᠭ ᠤᠨ ᠪᠦᠯᠬᠦᠮ ᠲᠠᠢ ᠣᠷᠠᠯᠢᠭ  ᠤᠨ ᠳᠣᠭᠯᠠᠯᠳᠠ ᠶᠢᠨ ᠬᠠᠮᠳᠣ ᠶᠢᠨ ᠠᠵᠢᠯᠯᠠᠭ᠎ᠠ ᠪᠠᠨ ᠦᠷᠭᠡᠳᠭᠡᠵᠣ᠂ ᠰᠣᠶᠣᠯ ᠤᠨ ᠵᠠᠬ᠎ᠠ ᠳᠡᠯᠭᠡᠭᠦᠷ ᠢ ᠪᠠᠶᠠᠯᠢᠭᠵᠢᠭᠤᠯᠣᠨ᠎ᠠ᠃ ︽ᠣᠮᠠᠷᠠᠳᠣ ᠬᠢᠯᠢ ᠶᠢᠨ ᠬᠠᠭᠠᠯᠭ᠎ᠠ᠂ ᠴᠠᠢ ᠶᠢᠨ ᠵᠠᠮ ᠤᠨ ᠣᠯᠠᠭᠠᠴᠢ ᠦᠷᠳᠡᠭᠡ᠂ ᠠᠪᠣᠷᠭᠤ ᠭᠦᠷᠪᠡᠯ ᠤᠨ ᠦᠯᠦᠭᠡᠢ ᠡᠷᠢᠶᠡᠨ︾ ᠤ ᠲᠦᠷᠢ ᠲᠦᠷᠬᠦ ᠶᠢᠨ ᠣᠷᠣᠨ ᠪᠠᠶᠢᠷᠢ ᠶᠢ ᠳᠣᠭᠳᠠᠭᠠᠬᠤ ᠶᠢᠨ ᠳᠠᠭᠠᠣ᠂ ᠵᠢᠭᠤᠯᠴᠢᠯᠠᠯ ᠤᠨ ᠦᠢᠯᠡᠰ ᠤᠨ ᠬᠦᠭᠵᠢᠯᠳᠡ ᠶᠢᠨ ᠲᠦᠯᠦᠪᠵᠢᠭᠦᠯᠭᠡ ᠶᠢ ᠳᠡᠭᠦᠯᠳᠡᠷᠵᠢᠭᠦᠯᠦᠨ᠂ ᠵᠢᠭᠤᠯᠴᠢᠯᠠᠯ ᠤᠨ ᠰᠠᠭᠤᠷᠢ ᠲᠦᠭᠦᠭᠡᠷᠦᠮᠵᠢ᠂ ᠴᠢᠬᠤᠯᠠ ᠦᠵᠡᠮᠵᠢ ᠶᠢᠨ ᠳᠣᠭᠤᠷᠢᠭ ᠤᠨ ᠪᠦᠲᠦᠭᠡᠨ ᠪᠠᠶᠢᠭᠤᠯᠣᠯᠳᠠ ᠪᠠ ᠠᠶᠠᠯᠠᠯ ᠵᠢᠭᠤᠯᠴᠢᠯᠠᠯ ᠤᠨ ᠰᠢᠨ᠎ᠡ ᠲᠦᠷᠦᠯ ᠵᠦᠢᠯ ᠢ ᠨᠡᠭᠡᠭᠡᠨ ᠠᠰᠢᠭᠯᠠᠬᠤ ᠪᠠᠨ ᠲᠦᠷᠭᠡᠳᠭᠡᠵᠣ᠂ ᠵᠢᠭᠤᠯᠴᠢᠯᠠᠯ ᠤᠨ ᠪᠡᠯᠡᠭ ᠳᠣᠷᠠᠰᠬᠠᠯ ᠤᠨ ᠵᠦᠢᠯ ᠤᠨ ᠵᠠᠬ᠎ᠠ ᠳᠡᠯᠭᠡᠭᠦᠷ ᠢ ᠬᠦᠨᠵᠡᠭᠡᠢ ᠨᠡᠭᠡᠭᠡᠨ ᠠᠰᠢᠭᠯᠠᠨ᠂ ᠳᠣᠮᠳᠠᠳᠣ ᠮᠣᠩᠭᠤᠯ ᠣᠷᠣᠰ ᠤᠨ ᠴᠠᠢ ᠶᠢᠨ ᠵᠠᠮ ᠤᠨ ᠬᠤᠪᠢ ᠶᠢᠨ ᠮᠠᠰᠢᠨ ᠢᠶᠠᠷ ᠠᠶᠠᠯᠠᠬᠤ᠂ ᠳᠣᠰᠬᠠᠢ ᠸᠠᠭᠤᠨ ᠢᠶᠠᠷ ᠠᠶᠠᠯᠠᠬᠤ᠂ ᠳᠣᠭᠤᠢ ᠪᠠᠷ ᠠᠶᠠᠯᠠᠬᠤ ᠵᠡᠷᠭᠡ ᠰᠢᠷᠢᠰ ᠣᠨᠴᠠᠯᠢᠭᠳᠣ ᠵᠢᠭᠤᠯᠴᠢᠯᠠᠯ ᠤᠨ ᠪᠦᠲᠦᠭᠡᠭᠳᠡᠭᠦᠨ ᠢ ᠪᠦᠬᠦ ᠲᠠᠯ᠎ᠠ ᠪᠠᠷ ᠪᠣᠢ ᠪᠣᠯᠭᠠᠨ᠎ᠠ᠃ ᠡᠳ᠋ ᠤᠨ ᠵᠠᠰᠠᠭ ᠤᠨ ᠱᠠᠩᠨᠠᠨ ᠨᠦᠬᠦᠪᠦᠷᠢᠯᠡᠬᠦ ᠪᠣᠳᠣᠯᠭ᠎ᠠ ᠶᠢ ᠠᠰᠢᠭᠯᠠᠨ᠂ ᠵᠢᠭᠤᠯᠴᠢᠯᠠᠯ ᠤᠨ ᠦᠢᠯᠡᠴᠢᠯᠡᠭᠡᠨ ᠤ ᠭᠠᠵᠠᠷ᠂ ᠵᠣᠴᠢᠳ ᠪᠠᠭᠤᠳᠠᠯ ᠪᠠ ᠬᠤᠭᠤᠯᠠᠨ ᠭᠡᠷ ᠤᠨ ᠳᠡᠰ ᠵᠡᠷᠭᠡᠯᠡᠯ ᠢᠶᠠᠨ ᠳᠡᠪᠰᠢᠭᠦᠯᠬᠦ ᠶᠢ ᠣᠷᠮᠠᠰᠢᠭᠤᠯᠵᠣ᠂ ᠵᠢᠭᠤᠯᠴᠢᠯᠠᠯ ᠤᠨ ᠬᠦᠯᠢᠶᠡᠨ ᠠᠪᠴᠣ ᠦᠢᠯᠡᠴᠢᠯᠡᠬᠦ ᠴᠢᠳᠠᠪᠣᠷᠢ ᠪᠠᠨ ᠳᠡᠭᠡᠭᠰᠢᠯᠡᠭᠦᠯᠦᠨ᠎ᠡ᠃ ᠴᠡᠭ ᠢᠶᠠᠷ ᠱᠣᠭᠤᠮ ᠢ ᠬᠤᠯᠪᠣᠨ᠂ ᠱᠣᠭᠤᠮ ᠢᠶᠠᠷ ᠬᠡᠰᠡᠭ ᠢ ᠪᠠᠶᠠᠯᠡᠭᠦᠯᠬᠦ ᠬᠦᠭᠵᠢᠯᠳᠡ ᠶᠢᠨ ᠠᠷᠭ᠎ᠠ ᠪᠣᠳᠣᠯᠭ᠎ᠠ ᠶᠢ ᠪᠠᠷᠢᠮᠳᠠᠯᠠᠵᠣ᠂ ᠣᠶᠢᠷ᠎ᠠ ᠵᠡᠷᠭᠡᠯᠳᠡᠭᠡ ᠣᠷᠣᠨ ᠨᠣᠳᠤᠭ ᠲᠠᠢ ᠵᠢᠭᠤᠯᠴᠢᠯᠠᠯ ᠤᠨ ᠬᠠᠮᠳᠣ ᠶᠢᠨ ᠠᠵᠢᠯᠯᠠᠭ᠎ᠠ ᠪᠠᠨ ᠴᠢᠩᠭᠠᠳᠬᠠᠨ᠂ ᠡᠷᠢᠶᠡᠨ ᠬᠤᠳᠠ— ᠰᠢᠯᠢ ᠶᠢᠨ ᠬᠤᠳᠠ— ᠪᠡᠭᠡᠵᠢᠩ ᠴᠢᠭᠯᠡᠯ᠂ ᠡᠷᠢᠶᠡᠨ ᠬᠤᠳᠠ— ᠬᠦᠬᠡᠬᠤᠳᠠ— ᠣᠳᠠᠢ ᠠᠭᠤᠯᠠ ᠴᠢᠭᠯᠡᠯ᠂ ᠡᠷᠢᠶᠡᠨ ᠬᠤᠳᠠ— ᠬᠦᠬᠡᠬᠤᠳᠠ— ᠪᠸᠢ ᠳ᠋ᠠᠢ ᠾᠧ ᠵᠡᠷᠭᠡ ᠴᠢᠭᠯᠡᠯ ᠤᠨ ᠵᠢᠭᠤᠯᠴᠢᠯᠠᠯ ᠤᠨ ᠱᠣᠭᠤᠮ ᠢ ᠭᠤᠣᠯᠴᠢᠯᠠᠨ ᠪᠣᠢ ᠪᠣᠯᠭᠠᠨ᠎ᠠ᠃ ᠮᠣᠩᠭᠤᠯ ᠣᠷᠣᠰ ᠲᠠᠢ ᠬᠢᠯᠢ ᠠᠯᠣᠰᠯᠠᠭᠰᠠᠨ ᠬᠠᠮᠳᠣ ᠶᠢᠨ ᠠᠵᠢᠯᠯᠠᠭ᠎ᠠ  ᠪᠠᠨ ᠢᠳᠡᠪᠬᠢᠲᠡᠢ ᠦᠷᠨᠢᠭᠦᠯᠦᠨ᠂ ᠪᠡᠭᠡᠵᠢᠩ ᠲᠢᠶᠡᠨᠵᠢᠨ ᠾᠧᠪᠸᠢ— ᠬᠦᠬᠡᠬᠤᠳᠠ— ᠡᠷᠢᠶᠡᠨ ᠬᠤᠳᠠ— ᠣᠯᠠᠭᠠᠨᠪᠠᠭᠠᠳᠣᠷ— ᠣᠯᠠᠭᠠᠨ ᠡᠭᠦᠳᠡ— ᠪᠠᠶᠢᠭᠠᠯ ᠨᠠᠭᠤᠷ ᠢᠶᠠᠷ ᠭᠤᠣᠯ ᠵᠠᠩᠬᠢᠯᠠᠭ᠎ᠠ ᠶᠢᠨ ᠴᠡᠭ ᠪᠣᠯᠭᠠᠭᠰᠠᠨ ︽ᠲᠦᠮᠡᠨ ᠭᠠᠵᠠᠷ ᠤᠨ ᠴᠠᠢ ᠶᠢᠨ ᠵᠠᠮ︾ ᠤᠨ ᠰᠢᠯᠢᠳᠡᠭ ᠵᠢᠭᠤᠯᠴᠢᠯᠠᠯ ᠤᠨ ᠱᠣᠭᠤᠮ ᠢ ᠬᠦᠴᠦ ᠲᠠᠯᠪᠢᠨ ᠪᠣᠢ ᠪᠣᠯᠭᠠᠨ᠎ᠠ᠃ ᠡᠷᠢᠶᠡᠨ ᠬᠤᠳᠠ— ᠵᠠᠮ ᠤᠨ ᠡᠭᠦᠳᠡ ᠬᠢᠯᠢ ᠠᠯᠣᠰᠯᠠᠭᠰᠠᠨ ᠰᠣᠶᠣᠯ ᠵᠢᠭᠤᠯᠴᠢᠯᠠᠯ ᠤᠨ ᠬᠠᠮᠳᠣ ᠶᠢᠨ ᠠᠵᠢᠯᠯᠠᠭᠠᠨ ᠤ ᠳᠣᠭᠤᠷᠢᠭ ᠢ ᠲᠦᠷᠭᠡᠳᠭᠡᠨ ᠪᠠᠶᠢᠭᠤᠯᠵᠣ᠂ ᠬᠢᠯᠢ ᠶᠢᠨ ᠠᠶᠠᠯᠠᠯ ᠵᠢᠭᠤᠯᠴᠢᠯᠠᠯ ᠤᠨ ᠳᠣᠷᠰᠢᠯᠳᠠ ᠶᠢᠨ ᠳᠣᠭᠤᠷᠢᠭ ᠢ ᠬᠠᠶᠢᠨ ᠰᠦᠪᠡᠭᠴᠢᠯᠡᠵᠣ ᠪᠠᠶᠢᠭᠤᠯᠣᠨ᠎ᠠ᠃ ᠬᠦᠭᠵᠢᠶᠡᠨ ᠮᠠᠭᠤᠳᠠᠢ ᠣᠯᠠᠷᠢᠯ ᠤᠨ ᠵᠢᠭᠤᠯᠴᠢᠯᠠᠯ ᠤᠨ ᠵᠠᠬ᠎ᠠ ᠳᠡᠯᠭᠡᠭᠦᠷ ᠢ ᠨᠡᠭᠡᠭᠡᠨ ᠬᠦᠭᠵᠢᠭᠦᠯᠬᠦ ᠬᠦᠴᠦᠯᠡᠴᠡ ᠪᠠᠨ ᠶᠡᠬᠡᠰᠬᠡᠨ᠂ ᠡᠪᠦᠯ ᠤᠨ ᠣᠯᠠᠷᠢᠯ ᠤᠨ ᠵᠢᠭᠤᠯᠴᠢᠯᠠᠯ ᠤᠨ ᠪᠦᠲᠦᠭᠡᠭᠳᠡᠭᠦᠨ ᠨᠡᠭᠡᠭᠡᠨ ᠬᠦᠭᠵᠢᠭᠦᠯᠬᠦ ᠲᠦᠯᠦᠪᠯᠡᠭᠡ ᠶᠢ ᠳᠣᠭᠳᠠᠭᠠᠵᠣ᠂ ᠦᠵᠡᠰᠭᠦᠯᠡᠩ᠂ ᠣᠷᠣᠯᠳᠣᠭᠠᠨ ᠵᠡᠷᠭᠡ ᠵᠢᠭᠤᠯᠴᠢᠯᠠᠯ ᠤᠨ ᠪᠦᠲᠦᠭᠡᠭᠳᠡᠭᠦᠨ ᠢ ᠶᠡᠭᠡ ᠬᠦᠴᠦᠨ ᠢᠶᠠᠷ ᠨᠡᠭᠡᠭᠡᠨ ᠬᠦᠭᠵᠢᠭᠦᠯᠦᠨ᠎ᠡ᠃ ᠬᠢᠯᠢ ᠠᠯᠣᠰᠯᠠᠭᠰᠠᠨ ᠵᠢᠭᠤᠯᠴᠢᠯᠠᠯ ᠤᠨ ᠣᠬᠠᠭᠤᠯᠭ᠎ᠠ ᠰᠣᠷᠳᠠᠯᠴᠢᠯᠠᠭ᠎ᠠ ᠪᠠᠨ ᠶᠡᠬᠡᠰᠬᠡᠵᠣ᠂ ᠳᠣᠮᠳᠠᠳᠣ ᠮᠣᠩᠭᠤᠯ ᠣᠷᠣᠰ ᠤᠨ ᠬᠢᠯᠢ ᠠᠯᠣᠰᠯᠠᠭᠰᠠᠨ ᠵᠢᠭᠤᠯᠴᠢᠯᠠᠯ ᠤᠨ ᠬᠠᠮᠳᠣ ᠶᠢᠨ ᠠᠵᠢᠯᠯᠠᠭ᠎ᠠ ᠶᠢ ᠣᠬᠠᠭᠤᠯᠣᠨ ᠰᠣᠷᠳᠠᠯᠴᠢᠯᠠᠬᠤ ᠰᠦᠯᠵᠢᠶ᠎ᠡ ᠶᠢ ᠪᠠᠶᠢᠭᠤᠯᠣᠨ᠎ᠠ᠃ 2020 ᠣᠨ ᠬᠦᠷᠳᠡᠯ᠎ᠡ᠂ ᠳᠣᠮᠳᠠᠳᠣ ᠣᠯᠣᠰ ᠤᠨ ᠣᠮᠠᠷᠠᠳᠣ ᠣᠷᠣᠨ ᠤ ᠬᠢᠯᠢ ᠠᠯᠣᠰᠯᠠᠭᠰᠠᠨ ᠵᠢᠭᠤᠯᠴᠢᠯᠠᠯ ᠤᠨ ᠲᠦᠪᠯᠡᠷᠡᠭᠦᠯᠦᠨ ᠳᠠᠷᠬᠠᠭᠠᠬᠤ ᠭᠠᠵᠠᠷ ᠪᠠ ᠳᠣᠮᠳᠠᠳᠣ ᠮᠣᠩᠭᠤᠯ ᠤᠨ ᠬᠢᠯᠢ ᠠᠯᠣᠰᠯᠠᠭᠰᠠᠨ ᠵᠢᠭᠤᠯᠴᠢᠯᠠᠯ ᠤᠨ ᠵᠢᠱᠢᠶᠡᠴᠢ ᠣᠷᠣᠨ ᠢ ᠪᠠᠶᠢᠭᠤᠯᠣᠨ ᠪᠡᠶᠡᠯᠡᠭᠦᠯᠵᠣ᠂ ᠣᠯᠣᠰ ᠤᠨ ᠳᠣᠳᠣᠭᠠᠳᠣ ᠭᠠᠳᠠᠭᠠᠳᠣ ᠶᠢᠨ ᠵᠢᠭᠤᠯᠴᠢᠳ ᠢ 280 ᠲᠦᠮᠡᠨ ᠬᠦᠮᠦᠨ ᠣᠳᠠᠭ᠎ᠠ ᠬᠦᠯᠢᠶᠡᠨ ᠠᠪᠴᠣ᠂ ᠵᠢᠭᠤᠯᠴᠢᠯᠠᠯ ᠤᠨ ᠶᠡᠷᠦᠩᠬᠡᠢ ᠣᠷᠣᠯᠭ᠎ᠠ ᠶᠢ 60 ᠳ᠋ᠦᠩᠰᠢᠭᠤᠷ ᠲᠦᠭᠦᠷᠢᠭ ᠬᠦᠷᠭᠡᠨ᠎ᠡ᠃      ᠪᠣᠭᠤᠮᠳᠠ ᠶᠢᠨ ᠮᠦᠩᠭᠦᠨ ᠭᠦᠢᠯᠭᠡᠭᠡᠨ ᠤ ᠦᠢᠯᠡᠰ ᠢ ᠬᠦᠴᠦᠷᠭᠡᠭᠵᠢᠭᠦᠯᠦᠨ᠎ᠡ᠃ ᠬᠢᠯᠢ ᠳᠠᠭᠠᠣ ᠮᠦᠩᠭᠦᠨ ᠭᠦᠢᠯᠭᠡᠭᠡᠨ ᠤ ᠶᠡᠷᠦᠩᠬᠡᠶᠢᠯᠡᠭᠰᠡᠨ ᠦᠭᠡᠷᠡᠴᠢᠯᠡᠯᠳᠡ ᠶᠢᠨ ᠳᠣᠷᠰᠢᠯᠳᠠ ᠶᠢᠨ ᠳᠣᠭᠤᠷᠢᠭ ᠢ ᠮᠡᠳᠡᠭᠦᠯᠦᠨ ᠵᠦᠪᠰᠢᠶᠡᠷᠡᠭᠦᠯᠵᠣ ᠪᠦᠲᠦᠭᠡᠨ ᠪᠠᠶᠢᠭᠤᠯᠬᠤ ᠠᠵᠢᠯ ᠢ ᠡᠬᠢᠯᠡᠭᠦᠯᠦᠨ᠂ ᠮᠦᠩᠭᠦᠨ ᠭᠦᠢᠯᠭᠡᠭᠡᠨ ᠤ ᠪᠠᠶᠢᠭᠤᠯᠣᠮᠵᠢ ᠳᠣᠭᠳᠠᠯᠴᠠᠭ᠎ᠠ ᠶᠢᠨ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠎ᠡ᠃ ᠦᠨᠡᠳᠣ ᠴᠠᠭᠠᠰᠣᠨ ᠤ ᠺᠣᠮᠫᠠᠨᠢ᠂ ᠲᠦᠭᠰᠢᠭᠦᠷᠢᠳᠣ ᠪᠡᠯᠡ ᠣᠷᠣᠭᠤᠯᠣᠯᠳᠠ᠂ ᠭᠤᠣᠯ ᠨᠡᠷ᠎ᠡ ᠶᠢᠨ ᠪᠠᠷᠠᠭ᠎ᠠ ᠲᠠᠸᠠᠷ ᠤᠨ ᠵᠠᠭᠤᠴᠢᠯᠠᠭᠴᠢ ᠺᠣᠮᠫᠠᠨᠢ᠂ ᠪᠠᠷᠠᠭ᠎ᠠ ᠲᠠᠸᠠᠷ ᠤᠨ ᠰᠣᠯᠢᠯᠴᠠᠭᠠᠨ ᠤ ᠭᠠᠵᠠᠷ ᠪᠠ ᠰᠠᠭᠤᠷᠢ ᠮᠦᠩᠭᠦᠨ ᠤ ᠬᠠᠮᠢᠶᠠᠷᠣᠯᠳᠠ ᠶᠢᠨ ᠪᠠᠶᠢᠭᠤᠯᠣᠮᠵᠢ ᠵᠡᠷᠭᠡ  ᠶᠢ ᠢᠳᠡᠪᠬᠢᠲᠡᠢ ᠳᠠᠳᠠᠨ ᠣᠷᠣᠭᠤᠯᠵᠣ᠂ ᠮᠦᠩᠭᠦᠨ ᠭᠦᠢᠯᠭᠡᠭᠡᠨ ᠤ ᠦᠢᠯᠡᠴᠢᠯᠡᠬᠡᠨ ᠤ ᠰᠢᠰᠲ᠋ᠧᠮ ᠢ ᠣᠯᠠᠮ ᠨᠢᠭᠡᠨ ᠠᠯᠬᠤᠮ ᠪᠠᠶᠠᠯᠢᠭᠵᠢᠭᠤᠯᠣᠨ᠂ ᠮᠦᠩᠭᠦᠨ ᠭᠦᠢᠯᠭᠡᠭᠡᠨ ᠤ ᠭᠤᠣᠯ ᠴᠣᠭᠴᠠ ᠶᠢᠨ ᠣᠯᠠᠨ ᠲᠦᠢᠯᠰᠢᠷᠡᠬᠦ ᠶᠢ ᠪᠡᠶᠡᠯᠡᠭᠦᠯᠦᠨ᠎ᠡ᠃ ᠢᠨᠲ᠋ᠧᠷ ᠰᠦᠯᠵᠢᠶ᠎ᠡ ᠳᠡᠭᠡᠷᠡᠬᠢ ᠮᠦᠩᠭᠦᠨ ᠭᠦᠢᠯᠭᠡᠭᠡᠨ ᠤ ᠰᠢᠨ᠎ᠡ ᠬᠡᠪ ᠪᠠᠶᠢᠳᠠᠯ ᠤᠨ ᠬᠦᠭᠵᠢᠯᠳᠡ  ᠶᠢ ᠳᠡᠮᠵᠢᠵᠣ᠂ ᠣᠶᠣᠨᠴᠢ ᠪᠠᠩᠬᠢ ᠶᠢ ᠪᠠᠶᠢᠭᠤᠯᠬᠤ ᠶᠢ ᠲᠦᠯᠬᠢᠨ ᠠᠬᠢᠭᠤᠯᠣᠨ᠎ᠠ᠃ ᠵᠠᠬ᠎ᠠ ᠳᠡᠯᠭᠡᠭᠦᠷ ᠤᠨ ᠭᠤᠣᠯᠯᠠᠨ ᠣᠳᠣᠷᠢᠳᠬᠤ ᠪᠣᠯᠣᠨ ᠵᠠᠰᠠᠭ ᠤᠨ ᠣᠷᠳᠣᠨ ᠠᠴᠠ ᠳᠡᠮᠵᠢᠯᠭᠡ ᠦᠵᠡᠭᠦᠯᠬᠦ᠂ ᠬᠦᠷᠦᠩᠬᠡ ᠬᠤᠷᠠᠮᠳᠣᠭᠤᠯᠬᠤ ᠪᠣᠯᠣᠨ ᠡᠳ᠋ ᠪᠣᠳᠠᠰ ᠬᠤᠷᠠᠮᠳᠣᠭᠤᠯᠬᠤ᠂ ᠣᠯᠣᠰ ᠤᠨ ᠳᠣᠳᠣᠭᠠᠳᠣ ᠪᠣᠯᠣᠨ ᠣᠯᠣᠰ ᠤᠨ ᠭᠠᠳᠠᠭᠠᠳᠣ ᠶᠢ ᠬᠠᠷᠢᠯᠴᠠᠨ ᠣᠶᠠᠯᠳᠣᠭᠤᠯᠬᠤ ᠵᠠᠷᠴᠢᠮ ᠢ ᠪᠠᠷᠢᠮᠳᠠᠯᠠᠨ᠂ ᠮᠦᠩᠭᠦᠨ ᠭᠦᠢᠯᠭᠡᠭᠡᠨ ᠤ ᠲᠦᠷᠢᠶᠡᠰᠦᠯᠡᠬᠦ ᠦᠢᠯᠡᠰ ᠢ ᠶᠡᠭᠡ ᠪᠠᠷ ᠬᠦᠭᠵᠢᠭᠦᠯᠵᠣ᠂ ᠬᠦᠷᠦᠩᠬᠡ ᠬᠤᠷᠠᠮᠳᠣᠭᠤᠯᠬᠤ ᠲᠦᠷᠢᠶᠡᠰᠦᠯᠡᠬᠦ ᠠᠵᠣ ᠠᠬᠤᠶᠢᠯᠠᠯ ᠤᠨ ᠪᠣᠳᠠᠳᠣ ᠴᠣᠭᠴᠠ ᠶᠢᠨ ᠠᠵᠣ ᠠᠬᠤᠢ ᠪᠠ ᠣᠯᠠᠨ ᠨᠡᠶᠢᠳᠡ ᠶᠢᠨ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠳᠤ ᠦᠢᠯᠡᠴᠢᠯᠡᠬᠦ  ᠶᠢ ᠣᠳᠣᠷᠢᠳᠣᠨ ᠵᠢᠯᠣᠭᠤᠳᠣᠨ᠎ᠠ᠃ ᠬᠦᠯᠢᠶᠡᠯᠳᠡ ᠶᠢᠨ ᠠᠷᠠᠯᠵᠢᠶᠠᠨ ᠤ ᠭᠠᠵᠠᠷ ᠤᠨ ᠡᠷᠢᠶᠡᠨ ᠬᠤᠳᠠ ᠳᠤ ᠪᠠᠷᠠᠭ᠎ᠠ ᠳᠠᠸᠠᠷ ᠤᠨ ᠬᠦᠯᠢᠶᠡᠯᠳᠡ ᠶᠢᠨ ᠠᠷᠠᠯᠵᠢᠶᠠᠨ ᠤ ᠨᠦᠬᠡᠴᠡᠯᠡᠨ ᠬᠠᠳᠠᠭᠠᠯᠠᠬᠤ ᠬᠦᠮᠦᠷᠬᠡ ᠪᠠᠶᠢᠭᠤᠯᠬᠤ ᠶᠢ ᠬᠦᠬᠡᠬᠡᠴᠡᠯᠳᠦᠨ᠎ᠡ᠃ ᠮᠣᠩᠭᠤᠯ ᠣᠷᠣᠰ ᠤᠨ ᠪᠠᠶᠠᠯᠢᠭ ᠠᠭᠤᠷᠬᠠᠢ ᠶᠢᠨ ᠪᠦᠲᠦᠭᠡᠭᠳᠡᠭᠦᠨ᠂ ᠲᠡᠷᠢᠶᠠᠯᠠᠩ ᠠᠵᠣ ᠠᠬᠤᠢ ᠂ ᠣᠢ ᠰᠢᠭᠤᠢ ᠶᠢᠨ ᠠᠵᠣ ᠠᠬᠤᠢ ᠵᠡᠷᠭᠡ ᠡᠬᠢ ᠪᠠᠶᠠᠯᠢᠭ ᠢ ᠠᠰᠢᠭᠯᠠᠨ᠂ ᠬᠠᠦᠯᠢ ᠳᠣᠭᠳᠠᠭᠠᠯ ᠪᠠ ᠣᠯᠣᠰ ᠤᠨ ᠪᠣᠳᠣᠯᠭ᠎ᠠ ᠳᠤ ᠨᠡᠶᠢᠴᠡᠭᠰᠡᠨ ᠠᠭᠤᠷᠬᠠᠢ ᠶᠢᠨ ᠦᠮᠴᠢᠯᠡᠯ ᠤᠨ ᠡᠷᠬᠡ᠂ ᠣᠢ ᠰᠢᠭᠤᠢ ᠶᠢᠨ ᠦᠮᠴᠢᠯᠡᠯ ᠤᠨ ᠡᠷᠬᠡ ᠶᠢᠨ ᠰᠣᠯᠢᠯᠴᠠᠭᠠᠨ ᠤ ᠵᠠᠬ᠎ᠠ ᠳᠡᠯᠭᠡᠭᠦᠷ ᠢ ᠢᠳᠡᠪᠬᠢᠲᠡᠢ ᠬᠦᠭᠵᠢᠭᠦᠯᠦᠨ᠎ᠡ᠃ 2020 ᠣᠨ ᠬᠦᠷᠲᠡᠯ᠎ᠡ᠂ ᠮᠦᠩᠭᠦᠨ ᠭᠦᠢᠯᠭᠡᠭᠡᠨ ᠤ ᠦᠢᠯᠡᠰ ᠤᠨ ᠪᠦᠬᠦᠶᠢᠯᠡ ᠴᠣᠭᠴᠠ ᠶᠢᠨ ᠪᠣᠳᠠᠳᠣ ᠬᠦᠴᠦᠨ ᠪᠠ ᠦᠷᠢᠰᠦᠯᠳᠦᠬᠦ ᠬᠦᠴᠦᠨ ᠢ ᠮᠡᠳᠡᠭᠳᠡᠮ᠎ᠡ ᠳᠡᠭᠡᠭᠰᠢᠯᠡᠭᠦᠯᠵᠣ᠂ ᠦᠪ ᠬᠦᠷᠦᠩᠬᠡ ᠶᠢᠨ ᠬᠡᠪᠴᠢᠶ᠎ᠡ ᠶᠢ 150 ᠳ᠋ᠦᠩᠰᠢᠭᠤᠷ ᠲᠦᠭᠦᠷᠢᠭ ᠬᠦᠷᠭᠡᠨ᠂ ᠡᠯ᠎ᠡ ᠲᠦᠷᠦᠯ ᠤᠨ ᠬᠠᠳᠠᠭᠠᠯᠠᠮᠵᠢ ᠶᠢᠨ ᠦᠯᠡᠳᠡᠭᠳᠡᠯ ᠮᠦᠩᠭᠦ ᠶᠢ 112 ᠳ᠋ᠦᠩᠰᠢᠭᠤᠷ ᠲᠦᠭᠦᠷᠢᠭ ᠬᠦᠷᠭᠡᠵᠣ᠂ ᠵᠢᠭᠡᠯᠡᠯᠭᠡ ᠶᠢᠨ ᠦᠯᠡᠳᠡᠭᠳᠡᠯ ᠮᠦᠩᠭᠦ ᠶᠢ 100 ᠳ᠋ᠦᠩᠰᠢᠭᠤᠷ ᠲᠦᠭᠦᠷᠢᠭ ᠬᠦᠷᠭᠡᠨ᠎ᠠ᠃    ᠬᠤᠶᠠᠷ᠂ ᠣᠳᠣ ᠦᠶ᠎ᠡ ᠶᠢᠨ ᠠᠵᠣ ᠦᠢᠯᠡᠳᠪᠦᠷᠢ ᠶᠢ ᠲᠦᠷᠭᠡᠳᠭᠡᠨ ᠬᠦᠭᠵᠢᠭᠦᠯᠦᠨ᠎ᠡ       ᠬᠢᠯᠢ ᠪᠠᠷ ᠣᠷᠣᠭᠤᠯᠵᠣ ᠭᠠᠷᠭᠠᠬᠤ ᠪᠣᠯᠪᠠᠰᠣᠷᠠᠭᠤᠯᠬᠤ ᠠᠵᠣ ᠦᠢᠯᠡᠰ ᠢ ᠶᠡᠭᠡ ᠪᠠᠷ ᠬᠦᠭᠵᠢᠭᠦᠯᠦᠨ᠎ᠡ᠃ ᠮᠣᠩᠭᠤᠯ ᠣᠷᠣᠰ ᠠᠴᠠ ᠣᠷᠣᠭᠤᠯᠬᠤ ᠡᠬᠢ ᠪᠠᠶᠠᠯᠢᠭ ᠲᠤ ᠲᠦᠰᠢᠭᠯᠡᠨ᠂ ᠬᠠᠷ᠎ᠠ ᠲᠡᠮᠦᠷᠯᠢᠭ᠂ ᠦᠩᠭᠡᠳᠣ ᠲᠡᠮᠦᠷᠯᠢᠭ ᠂ ᠵᠣᠩᠰᠢ᠂ ᠴᠢᠯᠠᠭᠤᠨ ᠳᠣᠰᠣᠨ ᠤ ᠬᠢᠮᠢ ᠶᠢᠨ ᠦᠢᠯᠡᠳᠪᠦᠷᠢᠯᠡᠯ᠂ ᠮᠣᠳᠣᠨ ᠮᠠᠲ᠋ᠧᠷᠢᠶᠠᠯ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ ᠵᠡᠷᠭᠡ ᠡᠬᠢ ᠪᠠᠶᠠᠯᠢᠭ ᠢᠶᠠᠷ ᠲᠦᠭᠦᠭᠡᠢ ᠡᠳ᠋ ᠪᠣᠯᠭᠠᠭᠰᠠᠨ ᠭᠠᠳᠠᠭᠠᠳᠣ ᠠᠴᠠ ᠣᠷᠣᠭᠤᠯᠬᠤ ᠪᠣᠯᠪᠠᠰᠣᠷᠠᠭᠤᠯᠬᠤ ᠠᠵᠣ ᠦᠢᠯᠡᠳᠪᠦᠷᠢ ᠶᠢ ᠨᠢᠭᠡᠲᠦᠯᠳᠡᠢ ᠬᠦᠭᠵᠢᠭᠦᠯᠦᠨ᠎ᠡ᠃ ᠣᠯᠣᠰ ᠤᠨ ᠳᠣᠳᠣᠭᠠᠳᠣ ᠶᠢᠨ ᠠᠵᠣ ᠦᠢᠯᠡᠰ ᠤᠨ ᠰᠢᠯᠵᠢᠯᠳᠡ ᠲᠠᠢ ᠰᠠᠨᠠᠭᠠᠴᠢᠯᠠᠭ᠎ᠠ ᠠᠴᠠ ᠪᠠᠨ ᠵᠠᠯᠭᠠᠯᠳᠣᠨ᠂ ᠭᠡᠷᠡᠯ ᠴᠠᠬᠢᠯᠭᠠᠨ ᠂ ᠮᠠᠰᠢᠨ ᠮᠧᠬᠠᠨᠢᠭ᠂ ᠰᠢᠨ᠎ᠡ ᠬᠡᠯᠪᠡᠷᠢ ᠶᠢᠨ ᠪᠠᠷᠢᠯᠭ᠎ᠠ ᠶᠢᠨ ᠮᠠᠲ᠋ᠧᠷᠢᠶᠠᠯ᠂ ᠲᠡᠮᠦᠷᠯᠢᠭ ᠮᠠᠰᠢᠨ ᠴᠠᠬᠢᠯᠭᠠᠨ᠂ ᠠᠮᠢᠳᠣᠷᠠᠯ ᠤᠨ ᠬᠡᠷᠡᠭᠯᠡᠭᠡᠨ ᠤ ᠪᠣᠳᠠᠰ᠂ ᠬᠤᠪᠴᠠᠰᠣ᠂ ᠭᠡᠷ ᠤᠨ ᠴᠠᠬᠢᠯᠭᠠᠨ ᠬᠡᠷᠡᠭᠰᠡᠯ ᠵᠡᠷᠭᠡ ᠪᠠᠷ ᠭᠤᠣᠯᠯᠠᠭᠤᠯᠣᠭᠰᠠᠨ ᠭᠠᠳᠠᠭᠠᠳᠣ ᠳᠤ ᠭᠠᠷᠭᠠᠬᠤ ᠪᠦᠲᠦᠭᠡᠭᠳᠡᠭᠦᠨ ᠢ ᠪᠣᠯᠪᠠᠰᠣᠷᠠᠭᠤᠯᠣᠨ ᠦᠢᠯᠡᠳᠬᠦ ᠦᠢᠯᠡᠰ ᠢ ᠬᠦᠭᠵᠢᠭᠦᠯᠦᠨ᠎ᠡ᠃ ᠬᠢᠯᠢ ᠠᠯᠣᠰᠯᠠᠭᠰᠠᠨ ᠠᠵᠣ ᠠᠬᠤᠢ ᠶᠢᠨ ᠬᠠᠮᠳᠣ ᠶᠢᠨ ᠠᠵᠢᠯᠯᠠᠭᠠᠨ ᠤ ᠳᠣᠭᠤᠷᠢᠭ ᠤᠨ ᠳᠠᠪᠠᠭᠤᠯᠢᠭ ᠢ ᠭᠦᠢᠴᠡᠳ ᠪᠠᠳᠠᠷᠠᠭᠤᠯᠣᠨ᠂ ᠠᠵᠣ ᠠᠬᠤᠶᠢᠯᠠᠯ ᠤᠨ ᠡᠷᠢᠶᠡᠨ ᠬᠤᠳᠠ ᠪᠠ ᠵᠠᠮ ᠤᠨ ᠡᠭᠦᠳᠡ ᠳᠤ ︽ᠬᠤᠶᠠᠷ ᠳᠠᠯ᠎ᠠ ᠳᠤ ᠦᠢᠯᠡᠳᠪᠦᠷᠢ ᠪᠠᠶᠢᠭᠤᠯᠬᠤ︾᠂ ᠬᠢᠯᠢ ᠠᠯᠣᠰᠯᠠᠨ ᠡᠳ᠋ᠰᠢᠭᠦᠯᠦᠨ ᠪᠣᠯᠪᠠᠰᠣᠷᠠᠭᠤᠯᠬᠤ ᠶᠢ ᠵᠣᠷᠢᠭᠵᠢᠭᠤᠯᠵᠣ᠂ ᠮᠣᠳᠣᠨ ᠮᠠᠲ᠋ᠧᠷᠢᠶᠠᠯ᠂ ᠠᠭᠤᠷᠬᠠᠢ ᠶᠢᠨ ᠪᠦᠲᠦᠭᠡᠭᠳᠡᠭᠦᠨ᠂ ᠴᠢᠯᠠᠭᠤᠨ ᠳᠣᠰᠣ᠂ ᠮᠠᠯ ᠠᠵᠣ ᠠᠬᠤᠢ ᠶᠢᠨ ᠪᠦᠲᠦᠭᠡᠭᠳᠡᠭᠦᠨ ᠵᠡᠷᠭᠡ ᠭᠠᠳᠠᠭᠠᠳᠣ ᠠᠴᠠ ᠣᠷᠣᠭᠤᠯᠬᠤ ᠡᠬᠢ ᠪᠠᠶᠠᠯᠢᠭ ᠢ ᠬᠢᠯᠢ ᠶᠢᠨ ᠭᠠᠳᠠᠨ᠎ᠠ ᠠᠩᠬ᠎ᠠ ᠠᠯᠬᠤᠮ ᠡᠳ᠋ᠰᠢᠭᠦᠯᠦᠨ ᠪᠣᠯᠪᠠᠰᠣᠷᠠᠭᠤᠯᠵᠣ᠂ ᠬᠢᠯᠢ ᠶᠢᠨ ᠳᠣᠳᠣᠨ᠎ᠠ ᠨᠠᠷᠢᠯᠢᠭ ᠪᠣᠯᠪᠠᠰᠣᠷᠠᠭᠤᠯᠣᠨ᠂ ᠮᠠᠰᠢᠨ ᠴᠠᠬᠢᠯᠭᠠᠨ ᠂ ᠮᠠᠰᠢᠨ ᠮᠧᠬᠠᠨᠢᠭ᠂ ᠰᠢᠨ᠎ᠡ ᠬᠡᠯᠪᠡᠷᠢ ᠶᠢᠨ ᠪᠠᠷᠢᠯᠭ᠎ᠠ ᠶᠢᠨ ᠮᠠᠲ᠋ᠧᠷᠢᠶᠠᠯ ᠵᠡᠷᠭᠡ ᠭᠠᠳᠠᠭᠠᠳᠣ ᠳᠤ ᠭᠠᠷᠭᠠᠬᠤ ᠪᠦᠲᠦᠭᠡᠭᠳᠡᠭᠦᠨ ᠢ ᠬᠢᠯᠢ ᠶᠢᠨ ᠳᠣᠳᠣᠨ᠎ᠠ ᠪᠣᠯᠪᠠᠰᠣᠷᠠᠭᠤᠯᠵᠣ᠂ ᠬᠢᠯᠢ ᠶᠢᠨ ᠭᠠᠳᠠᠨ᠎ᠠ ᠪᠣᠷᠣᠯᠠᠭᠤᠯᠬᠤ ᠣᠨᠴᠠᠯᠢᠭᠳᠣ ᠠᠵᠣ ᠦᠢᠯᠡᠰ ᠤᠨ ᠬᠢᠨᠵᠢ ᠶᠢ ᠲᠦᠷᠭᠡᠳᠭᠡᠨ ᠪᠠᠶᠢᠭᠤᠯᠵᠣ᠂ ᠮᠣᠩᠭᠤᠯ ᠣᠷᠣᠰ ᠲᠤ ᠬᠠᠨᠳᠣᠭᠰᠠᠨ᠂ ᠪᠦᠸᠧᠬᠠᠢ ᠲᠠᠩᠬᠢᠰ ᠤᠨ ᠡᠷᠬᠢ ᠳᠠᠭᠠᠣ ᠠᠵᠣ ᠠᠬᠤᠢ ᠶᠢᠨ ᠴᠠᠭᠠᠷᠢᠭ᠂ ᠬᠦᠬᠡᠬᠤᠳᠠ ᠪᠣᠭᠤᠳᠣ ᠶᠢᠨᠴᠣᠸᠠᠨ ᠢᠦᠢ ᠯᠢᠨ ᠠᠵᠣ ᠠᠬᠤᠢ ᠶᠢᠨ ᠳᠣᠭᠤᠷᠢᠭ ᠤᠨ ᠴᠢᠬᠤᠯᠠ ᠣᠷᠣᠭᠤᠯᠵᠣ ᠭᠠᠷᠭᠠᠬᠤ ᠪᠣᠯᠪᠠᠰᠣᠷᠠᠭᠤᠯᠬᠤ ᠠᠵᠣ ᠦᠢᠯᠡᠳᠪᠦᠷᠢ ᠶᠢᠨ ᠰᠠᠭᠤᠷᠢᠨ ᠲᠠᠢ ᠵᠠᠯᠭᠠᠯᠳᠣᠭᠤᠯᠣᠨ᠎ᠠ᠃ 2020 ᠣᠨ ᠬᠦᠷᠲᠡᠯ᠎ᠡ᠂ ᠵᠢᠯ ᠳᠤ 1000 ᠲᠦᠮᠡᠨ ᠳᠣᠨ ᠲᠡᠮᠦᠷ ᠤᠨ ᠬᠦᠳᠡᠷ᠂ 300 ᠲᠦᠮᠡᠨ ᠺᠦᠪ ᠮᠧᠲᠷ ᠮᠣᠳᠣᠨ ᠮᠠᠲ᠋ᠧᠷᠢᠶᠠᠯ᠂ 60 ᠲᠦᠮᠡᠨ ᠳᠣᠨ ᠠᠮᠣ ᠳᠣᠰᠣ᠂ 50 ᠲᠦᠮᠡᠨ ᠺᠦᠪ ᠮᠧᠲᠷ ᠰᠢᠨ᠎ᠡ ᠬᠡᠯᠪᠡᠷᠢ ᠶᠢᠨ ᠪᠠᠷᠢᠯᠭ᠎ᠠ ᠶᠢᠨ ᠮᠠᠲ᠋ᠧᠷᠢᠶᠠᠯ ᠪᠣᠯᠪᠠᠰᠣᠷᠠᠭᠤᠯᠬᠤ ᠦᠢᠯᠡᠳᠪᠦᠷᠢᠯᠡᠯ ᠤᠨ ᠴᠢᠳᠠᠪᠬᠢ  ᠶᠢ ᠴᠢᠷᠮᠠᠶᠢᠨ ᠪᠦᠷᠢᠯᠳᠦᠭᠦᠯᠦᠨ᠎ᠡ᠃      ᠰᠢᠨ᠎ᠡ ᠪᠠᠷ ᠬᠦᠭᠵᠢᠵᠣ ᠪᠠᠶᠢᠭ᠎ᠠ ᠠᠵᠣ ᠦᠢᠯᠡᠰ ᠢ ᠬᠦᠴᠦ ᠳᠠᠯᠪᠢᠨ ᠪᠣᠶᠢᠵᠢᠭᠤᠯᠣᠨ᠎ᠠ᠃ ᠰᠢᠯᠢᠳᠡᠭ ᠰᠠᠶᠢᠨ ᠨᠠᠷᠠ ᠰᠠᠯᠬᠢᠨ ᠤ ᠡᠬᠢ ᠪᠠᠶᠠᠯᠢᠭ ᠢ ᠭᠦᠢᠴᠡᠳ ᠠᠰᠢᠭᠯᠠᠨ᠂ ᠰᠢᠨ᠎ᠡ ᠡᠨᠧᠷᠬᠢ ᠶᠢ ᠨᠡᠭᠡᠭᠡᠨ ᠠᠰᠢᠭᠯᠠᠵᠣ ᠪᠦᠲᠦᠭᠡᠨ ᠪᠠᠶᠢᠭᠤᠯᠬᠤ ᠬᠦᠴᠦᠯᠡᠴᠡ ᠪᠠᠨ ᠦᠷᠭᠦᠯᠵᠢᠯᠡᠨ ᠶᠡᠬᠡᠰᠬᠡᠨ᠂ 2020 ᠣᠨ ᠬᠦᠷᠲᠡᠯ᠎ᠡ ᠰᠢᠨ᠎ᠡ ᠡᠨᠧᠷᠬᠢ ᠶᠢᠨ ᠬᠦᠴᠦᠨ ᠴᠢᠳᠠᠯ ᠢ 200 ᠲᠦᠮᠡᠨ ᠺᠢᠯᠣᠸᠠᠲ ᠬᠦᠷᠭᠡᠬᠦ ᠪᠠᠷ ᠴᠢᠷᠮᠠᠶᠢᠨ᠎ᠠ᠃ ᠨᠠᠷᠠ ᠰᠠᠯᠬᠢᠨ ᠤ ᠴᠢᠳᠠᠮᠵᠢ ᠶᠢ ᠣᠷᠢᠳᠴᠢᠯᠠᠨ ᠲᠦᠰᠦᠭᠡᠯᠡᠬᠦ ᠰᠢᠰᠲ᠋ᠧᠮ ᠤᠨ ᠪᠠᠶᠢᠭᠤᠯᠣᠯᠳᠠ ᠶᠢ ᠲᠦᠷᠭᠡᠳᠭᠡᠵᠣ᠂ ᠣᠯᠠᠨ ᠲᠦᠷᠦᠯ ᠤᠨ ᠴᠠᠬᠢᠯᠭᠠᠨ ᠬᠡᠷᠡᠭᠯᠡᠭᠡᠨ ᠤ ᠣᠷᠬᠢᠯ ᠤᠨ ᠦᠶ᠎ᠡ ᠳᠤ ᠨᠡᠮᠡᠨ ᠬᠡᠷᠡᠭᠯᠡᠬᠦ ᠴᠠᠬᠢᠯᠭᠠᠨ ᠡᠭᠦᠰᠭᠡᠭᠦᠷ ᠪᠠ ᠡᠨᠧᠷᠬᠢ ᠬᠠᠳᠠᠭᠠᠯᠠᠬᠤ ᠬᠡᠯᠪᠡᠷᠢ  ᠶᠢ ᠬᠦᠭᠵᠢᠭᠦᠯᠦᠨ᠂ ᠰᠢᠨ᠎ᠡ ᠬᠡᠯᠪᠡᠷᠢ ᠶᠢᠨ ᠨᠠᠷᠠᠨ ᠡᠨᠧᠷᠬᠢ ᠪᠠᠷ ᠴᠠᠬᠢᠯᠭᠠᠨ ᠭᠠᠷᠭᠠᠬᠤ ᠮᠡᠷᠭᠡᠵᠢᠯ ᠢ ᠰᠣᠳᠣᠯᠣᠨ ᠨᠡᠭᠡᠭᠡᠬᠦ ᠪᠠᠨ ᠲᠦᠯᠬᠢᠨ ᠠᠬᠢᠭᠤᠯᠵᠣ᠂ ᠣᠶᠣᠨᠴᠢ ᠴᠠᠬᠢᠯᠭᠠᠨ ᠰᠦᠯᠵᠢᠶᠡᠨ ᠤ ᠪᠠᠶᠢᠭᠤᠯᠣᠯᠳᠠ ᠶᠢ ᠲᠦᠯᠬᠢᠨ ᠠᠬᠢᠭᠤᠯᠣᠨ᠎ᠠ᠃ ᠰᠢᠯᠢᠳᠡᠭ ᠰᠠᠶᠢᠨ ᠪᠣᠬᠢᠷᠳᠠᠯ ᠦᠬᠡᠢ ᠠᠭᠠᠷ ᠤᠨ ᠨᠦᠬᠦᠴᠡᠯ ᠢ ᠢᠳᠡᠪᠬᠢᠲᠡᠢ ᠠᠰᠢᠭᠯᠠᠨ᠂ ᠨᠡᠶᠢᠳᠡ  ᠶᠢᠨ ᠬᠡᠷᠡᠭᠯᠡᠭᠡᠨ ᠤ ᠠᠭᠠᠷ ᠤᠨ ᠳᠡᠭᠡᠭᠡᠪᠦᠷᠢ ᠶᠢᠨ ᠠᠵᠣ ᠦᠢᠯᠡᠰ ᠢ ᠬᠦᠭᠵᠢᠭᠦᠯᠵᠣ᠂ ᠠᠭᠠᠷ ᠤᠨ ᠳᠡᠭᠡᠭᠡᠪᠦᠷᠢ ᠶᠢᠨ ᠳᠣᠨᠤᠭ ᠲᠦᠭᠦᠭᠡᠷᠦᠮᠵᠢ ᠶᠢ ᠠᠷᠠᠴᠢᠯᠠᠨ ᠰᠡᠯᠪᠢᠬᠦ᠂ ᠠᠭᠠᠷ ᠳᠡᠭᠡᠭᠡᠪᠦᠷᠢ ᠶᠢᠨ ᠦᠵᠡᠰᠭᠦᠯᠡᠩ᠂ ᠠᠭᠠᠷ ᠠᠶᠠᠯᠠᠯ ᠤᠨ ᠵᠤᠭ᠎ᠠ ᠴᠡᠩᠬᠡᠯ ᠵᠡᠷᠭᠡ ᠠᠵᠣ ᠦᠢᠯᠡᠰ ᠢ ᠳᠠᠳᠠᠨ ᠣᠷᠣᠭᠤᠯᠣᠨ᠂ ᠨᠢᠰᠭᠡᠭᠴᠢ ᠶᠢᠨ ᠪᠣᠯᠪᠠᠰᠣᠷᠠᠯ ᠤᠨ ᠰᠠᠭᠤᠷᠢᠨ᠂ ᠠᠭᠠᠷ ᠤᠨ ᠳᠡᠭᠡᠭᠡᠪᠦᠷᠢ ᠶᠢᠨ ᠮᠦᠽᠸᠢ ᠶᠢ ᠲᠦᠷᠭᠡᠳᠭᠡᠨ ᠪᠠᠶᠢᠭᠤᠯᠵᠣ᠂ ᠠᠭᠠᠷ ᠤᠨ ᠳᠡᠭᠡᠭᠡᠪᠦᠷᠢ ᠲᠠᠢ ᠬᠤᠯᠪᠣᠭᠳᠠᠭᠰᠠᠨ ᠠᠵᠣ ᠠᠬᠤᠢ ᠶᠢᠨ ᠬᠡᠪᠴᠢᠶᠡᠵᠢᠬᠦ ᠶᠢ ᠲᠦᠯᠬᠢᠨ ᠠᠬᠢᠭᠤᠯᠣᠨ᠎ᠠ᠃ ᠪᠣᠭᠤᠮᠳᠠ ᠶᠢᠨ ᠳᠠᠪᠠᠭᠤᠯᠢᠭ  ᠢᠶᠠᠨ ᠭᠦᠢᠴᠡᠳ ᠪᠠᠳᠠᠷᠠᠭᠤᠯᠣᠨ᠂ ᠪᠠᠯ ᠴᠢᠯᠠᠭᠤᠨ ᠠᠯᠺᠧᠨ᠂ ᠨᠡᠭᠦᠷᠡᠰᠦᠨ ᠰᠢᠷᠬᠡᠭᠯᠢᠭ᠂ ᠣᠨᠴᠠᠭᠠᠢ ᠰᠢᠯ᠂ ᠪᠠᠷᠢᠯᠭ᠎ᠠ  ᠶᠢᠨ ᠡᠨᠧᠷᠬᠢ ᠠᠷᠪᠢᠯᠠᠭᠴᠢ ᠵᠡᠷᠭᠡ ᠪᠣᠯᠪᠠᠰᠣᠷᠠᠭᠤᠯᠬᠤ ᠠᠵᠣ ᠠᠬᠤᠶᠢᠯᠠᠯ ᠢ ᠳᠠᠳᠠᠨ ᠣᠷᠣᠭᠤᠯᠬᠤ ᠬᠦᠴᠦᠯᠡᠴᠡ ᠪᠠᠨ ᠶᠡᠬᠡᠰᠬᠡᠵᠣ᠂ ᠰᠢᠨ᠎ᠡ ᠬᠡᠯᠪᠡᠷᠢ ᠶᠢᠨ ᠮᠠᠲ᠋ᠧᠷᠢᠶᠠᠯᠯᠢᠭ ᠠᠵᠣ ᠦᠢᠯᠡᠰ ᠢ ᠲᠦᠷᠭᠡᠳᠭᠡᠨ ᠬᠦᠭᠵᠢᠭᠦᠯᠦᠨ᠎ᠡ᠃ ᠰᠢᠨ᠎ᠡ ᠮᠣᠩᠭᠤᠯ ᠡᠮ ᠡᠮᠨᠡᠯᠭᠡ᠂ ᠮᠧᠬᠠᠨᠢᠭ ᠳᠣᠨᠣᠭᠯᠠᠯ ᠵᠡᠷᠭᠡ ᠠᠵᠣ ᠦᠢᠯᠡᠰ ᠢ ᠢᠳᠡᠪᠬᠢᠲᠡᠢ ᠪᠣᠶᠢᠵᠢᠭᠤᠯᠣᠨ᠂ ᠠᠵᠣ ᠦᠢᠯᠡᠰ ᠤᠨ ᠬᠡᠯᠪᠡᠷᠢ ᠪᠠᠨ ᠬᠤᠪᠢᠷᠠᠭᠤᠯᠵᠣ ᠳᠡᠰ ᠵᠡᠷᠭᠡᠯᠡᠯ ᠳᠡᠪᠰᠢᠬᠦ ᠶᠢ ᠲᠦᠷᠭᠡᠳᠭᠡᠨ᠎ᠡ᠃      ᠠᠵᠣ ᠦᠢᠯᠡᠳᠪᠦᠷᠢᠵᠢᠬᠦ ᠪᠠ ᠮᠡᠳᠡᠭᠡ ᠵᠠᠩᠬᠢᠵᠢᠬᠤ ᠶᠢᠨ ᠬᠦᠨᠵᠡᠭᠡᠢ ᠣᠶᠠᠯᠳᠣᠬᠤ ᠶᠢ ᠲᠦᠯᠬᠢᠨ ᠠᠬᠢᠭᠤᠯᠣᠨ᠎ᠠ ᠃ ︽ᠳᠣᠮᠳᠠᠳᠣ ᠣᠯᠣᠰ ᠲᠤ ᠦᠢᠯᠡᠳᠪᠦᠷᠢᠯᠡᠨ ᠪᠣᠯᠪᠠᠰᠣᠷᠠᠭᠤᠯᠬᠤ 2025︾ ᠢ ᠬᠡᠷᠡᠭᠵᠢᠭᠦᠯᠬᠦ ᠶᠢ ᠲᠦᠷᠭᠡᠳᠭᠡᠨ ᠠᠬᠢᠭᠤᠯᠵᠣ᠂ ᠠᠵᠣ ᠦᠢᠯᠡᠳᠪᠦᠷᠢ ᠶᠢᠨ ᠬᠡᠯᠪᠡᠷᠢ ᠪᠠᠨ ᠬᠤᠪᠢᠷᠠᠭᠤᠯᠣᠨ ᠳᠡᠰ ᠵᠡᠷᠭᠡᠯᠡᠯ ᠳᠡᠪᠰᠢᠬᠦ ᠳᠤ ᠱᠠᠭᠠᠷᠳᠠᠭᠳᠠᠬᠤ ᠪᠡᠯᠡ ᠮᠦᠩᠭᠦ᠂ ᠮᠡᠷᠭᠡᠵᠢᠯ ᠤᠨ ᠦᠭᠡᠷᠡᠴᠢᠯᠡᠯᠳᠡ᠂ ᠳᠣᠮᠳᠠ ᠵᠢᠵᠢᠭ ᠠᠵᠣ ᠠᠬᠤᠶᠢᠯᠠᠯ ᠤᠨ ᠰᠠᠭᠤᠷᠢ ᠮᠦᠩᠭᠦ ᠵᠡᠷᠭᠡ ᠡᠳ᠋ ᠤᠨ ᠵᠠᠰᠠᠭ ᠤᠨ ᠳᠣᠰᠬᠠᠢ ᠲᠦᠷᠦᠯ ᠤᠨ ᠪᠡᠯᠡ ᠮᠦᠩᠭᠦ ᠶᠢ ᠨᠢᠭᠡᠲᠦᠯᠳᠡᠢ ᠲᠦᠯᠦᠪᠯᠡᠨ᠂ ᠪᠣᠯᠪᠠᠰᠣᠷᠠᠭᠤᠯᠣᠨ ᠦᠢᠯᠡᠳᠬᠦ ᠦᠢᠯᠡᠰ ᠤᠨ ᠮᠡᠳᠡᠭᠡ ᠵᠠᠩᠬᠢᠵᠢᠬᠤ ᠮᠷᠭᠡᠵᠢᠯ ᠤᠨ ᠢᠨᠵᠧᠨᠧᠷᠢᠩ ᠢ ᠬᠡᠷᠡᠭᠵᠢᠭᠦᠯᠵᠣ᠂ ᠪᠣᠯᠪᠠᠰᠣᠷᠠᠭᠤᠯᠣᠨ ᠦᠢᠯᠡᠳᠬᠦ ᠦᠢᠯᠡᠰ ᠤᠨ ᠰᠣᠳᠣᠯᠣᠨ ᠨᠡᠭᠡᠭᠡᠬᠦ ᠲᠦᠯᠦᠪᠯᠡᠭᠡ᠂ ᠳᠣᠨᠣᠭᠯᠠᠯ ᠦᠢᠯᠡᠳᠪᠦᠷᠢᠯᠡᠬᠦ᠂ ᠠᠯᠬᠤᠮ ᠶᠠᠪᠣᠴᠠ ᠶᠢᠨ ᠬᠠᠮᠢᠶᠠᠷᠣᠯᠳᠠ᠂ ᠪᠠᠷᠠᠭᠠᠨ ᠤ ᠭᠦᠢᠯᠭᠡᠭᠡ ᠬᠦᠷᠬᠡᠬᠦ᠂ ᠡᠨᠧᠷᠬᠢ ᠶᠢᠨ ᠬᠠᠮᠢᠶᠠᠷᠣᠯᠳᠠ ᠶᠢᠨ ᠳᠣᠭᠠᠴᠢᠯᠠᠬᠤ᠂ ᠰᠦᠯᠵᠢᠶᠡᠵᠢᠬᠦ᠂ ᠣᠶᠣᠨᠴᠢᠵᠢᠬᠤ ᠶᠢ ᠭᠤᠣᠯᠳᠠᠯᠭ᠎ᠠ ᠪᠣᠯᠭᠠᠨ ᠳᠡᠮᠵᠢᠵᠣ᠂ ᠣᠶᠣᠨᠴᠢ ᠦᠢᠯᠡᠳᠪᠦᠷᠢ᠂ ᠣᠶᠣᠨᠴᠢ ᠬᠦᠷᠢᠶᠡᠯᠡᠩ ᠳᠣᠭᠤᠷᠢᠭ ᠢ ᠪᠠᠶᠢᠭᠤᠯᠣᠨ᠎ᠠ᠃ ᠮᠣᠳᠣᠨ ᠮᠠᠲ᠋ᠧᠷᠢᠶᠠᠯ ᠵᠡᠷᠭᠡ ᠠᠵᠣ ᠦᠢᠯᠡᠰ ᠲᠤ ᠲᠦᠰᠢᠭᠯᠡᠨ᠂ ᠠᠵᠣ ᠠᠬᠤᠶᠢᠯᠠᠯ ᠢ ᠣᠳᠣᠷᠢᠳᠣᠨ ᠦᠪᠡᠷᠮᠢᠴᠡ ᠴᠢᠨᠡᠷ ᠢᠶᠠᠷ ᠭᠤᠣᠯ ᠣᠳᠣᠷᠢᠳᠣᠭᠤᠯᠣᠭᠰᠠᠨ ᠰᠢᠨ᠎ᠡ ᠬᠡᠯᠪᠡᠷᠢ ᠶᠢᠨ ᠦᠢᠯᠡᠳᠪᠦᠷᠢᠯᠡᠯ ᠤᠨ ᠬᠡᠯᠪᠡᠷᠢ ᠶᠢ ᠬᠦᠭᠵᠢᠭᠦᠯᠦᠨ᠎ᠡ᠃ ᠭᠤᠷᠪᠠ᠂ ᠣᠳᠣ ᠦᠶ᠎ᠡ ᠶᠢᠨ ᠲᠠᠷᠢᠶᠠᠯᠠᠩ ᠮᠠᠯ ᠠᠵᠣ ᠠᠬᠤᠢ ᠶᠢ ᠢᠳᠡᠪᠬᠢᠲᠡᠢ ᠬᠦᠭᠵᠢᠭᠦᠯᠦᠨ᠎ᠡ       ᠵᠣᠬᠢᠬᠤ ᠬᠡᠮᠵᠢᠶ᠎ᠡ ᠪᠠᠷ ᠬᠡᠪᠴᠢᠶᠡᠵᠢᠭᠰᠡᠨ ᠣᠳᠣ ᠦᠶ᠎ᠡ ᠶᠢᠨ ᠳᠠᠷᠢᠶᠠᠯᠠᠩ ᠮᠠᠯ ᠠᠵᠣ ᠠᠬᠤᠢ ᠶᠢ ᠬᠦᠭᠵᠢᠭᠦᠯᠦᠨ᠎ᠡ᠃ ᠰᠠᠶᠢᠬᠤᠰᠣ ᠶᠢᠨ ᠲᠠᠷᠢᠶᠠᠯᠠᠩ ᠮᠠᠯ ᠠᠵᠣ ᠠᠬᠤᠢ ᠣᠢ ᠰᠢᠭᠤᠢ ᠶᠢ ᠶᠡᠷᠦᠩᠬᠡᠶᠢᠯᠡᠨ ᠨᠡᠭᠡᠭᠡᠨ ᠠᠰᠢᠭᠯᠠᠬᠤ ᠵᠢᠱᠢᠶᠡᠴᠢ ᠳᠣᠭᠤᠷᠢᠭ ᠲᠤ ᠲᠦᠰᠢᠭᠯᠡᠨ᠂ ᠪᠡᠯᠡ ᠣᠷᠣᠭᠤᠯᠣᠯᠳᠠ ᠶᠢᠨ ᠬᠦᠴᠦᠯᠡᠴᠡ ᠪᠠᠨ ᠶᠡᠬᠡᠰᠭᠡᠵᠣ᠂ ᠬᠦᠷᠦᠰᠦ ᠰᠢᠷᠣᠢ᠂ ᠣᠰᠣᠨ ᠤ ᠴᠢᠨᠡᠷ ᠢ ᠰᠠᠶᠢᠵᠢᠷᠠᠭᠤᠯᠬᠤ ᠠᠷᠭ᠎ᠠ ᠶᠢ ᠰᠣᠳᠣᠯᠣᠨ᠂ ᠠᠭᠤᠷ ᠠᠮᠢᠰᠬᠤᠯ ᠤᠨ ᠨᠦᠬᠦᠴᠡᠯ ᠢ ᠠᠰᠢᠭᠯᠠᠵᠣ᠂ ᠢᠳᠡᠰᠢᠨ ᠨᠣᠭᠤᠭ᠎ᠠ᠂ ᠴᠢᠬᠢ ᠮᠣᠳᠣᠨ ᠤ ᠬᠦᠷᠢᠶᠡᠯᠡᠩ᠂ ᠴᠡᠴᠡᠭ ᠡᠪᠡᠰᠦ ᠪᠣᠶᠢᠵᠢᠭᠤᠯᠬᠤ ᠢᠨᠵᠧᠨᠧᠷᠢᠩ ᠢ ᠦᠷᠨᠢᠭᠦᠯᠦᠨ᠎ᠡ᠃ ᠰᠢᠯᠢᠳᠡᠭ ᠣᠨᠴᠠᠯᠢᠭᠳᠣ ᠪᠣᠬᠢᠷᠳᠠᠯ ᠦᠬᠡᠢ ᠨᠣᠭᠤᠭ᠎ᠠ ᠵᠢᠮᠢᠰ᠂ ᠢᠳᠡᠰᠢᠨ ᠪᠠᠺᠲ᠋ᠧᠷᠢ ᠵᠡᠷᠭᠡ ᠠᠵᠣ ᠠᠬᠤᠢ ᠶᠢᠨ ᠲᠠᠷᠢᠮᠠᠯ ᠢᠶᠠᠷ ᠭᠤᠣᠯᠳᠠᠯᠭ᠎ᠠ ᠪᠣᠯᠭᠠᠨ᠂ ᠬᠤᠳᠠ᠂ ᠣᠶᠢᠷ᠎ᠠ ᠵᠡᠷᠭᠡᠯᠳᠡᠭᠡ ᠬᠤᠰᠢᠭᠤ ᠰᠢᠶᠡᠨ ᠪᠠ ᠮᠣᠩᠭᠤᠯ ᠣᠯᠣᠰ ᠤᠨ ᠵᠠᠬ᠎ᠠ ᠳᠡᠯᠭᠡᠭᠦᠷ ᠲᠤ ᠬᠠᠩᠭᠠᠬᠤ ᠪᠠᠷ ᠬᠦᠲᠦᠯᠦᠮᠵᠢ ᠪᠣᠯᠭᠠᠵᠣ᠂ ᠨᠣᠭᠤᠭ᠎ᠠ ᠵᠢᠮᠢᠰ ᠵᠡᠷᠭᠡ ᠲᠠᠷᠢᠮᠠᠯ ᠤᠨ ᠣᠳᠣᠬᠢᠴᠢᠯᠠᠭᠰᠠᠨ᠂ ᠲᠦᠪᠯᠡᠷᠡᠵᠢᠭᠰᠡᠨ᠂ ᠬᠡᠪᠴᠢᠶᠡᠵᠢᠭᠰᠡᠨ ᠬᠦᠭᠵᠢᠯᠳᠡ ᠶᠢ ᠲᠦᠯᠬᠢᠨ ᠠᠬᠢᠭᠤᠯᠵᠣ᠂ ᠰᠠᠶᠢᠬᠤᠰᠣ ᠶᠢ ᠣᠳᠣ ᠦᠶ᠎ᠡ ᠶᠢᠨ ᠲᠠᠷᠢᠵᠣ ᠣᠷᠭᠤᠭᠤᠯᠬᠤ ᠦᠢᠯᠡᠰ ᠪᠠ ᠵᠢᠭᠤᠯᠴᠢᠯᠠᠯ ᠰᠡᠯᠡᠭᠦᠴᠡᠯ ᠲᠠᠷᠢᠶᠠᠯᠠᠩ ᠠᠵᠣ ᠠᠬᠤᠢ ᠶᠢ ᠨᠢᠭᠡ ᠴᠣᠭᠴᠠᠯᠠᠭᠰᠠᠨ ᠵᠢᠱᠢᠶᠡᠴᠢ ᠳᠣᠭᠤᠷᠢᠭ ᠪᠣᠯᠭᠠᠨ ᠠᠭᠠᠵᠢᠮ ᠢᠶᠠᠷ ᠪᠦᠲᠦᠭᠡᠨ ᠪᠠᠶᠢᠭᠤᠯᠣᠨ᠎ᠠ᠃ ᠪᠣᠭᠤᠮᠳᠠ ᠶᠢᠨ ᠠᠮᠢ ᠠᠬᠤᠢ ᠶᠢ ᠰᠠᠶᠢᠵᠢᠷᠠᠭᠤᠯᠬᠤ ᠪᠠᠷ ᠲᠦᠪ ᠪᠣᠯᠭᠠᠨ ᠂ ᠭᠠᠩ ᠬᠠᠪᠰᠣᠷᠭᠠᠨ ᠪᠠ ᠭᠦᠢᠳᠡᠨ ᠳᠤ ᠳᠠᠭᠠᠭᠠᠪᠣᠷᠢ ᠲᠠᠢ ᠳᠣᠬᠠᠢ ᠶᠢᠨ ᠣᠷᠣᠨ ᠤ ᠠᠭᠤᠷ ᠠᠮᠢᠰᠬᠤᠯ ᠤᠨ ᠣᠨᠴᠠᠯᠢᠭ ᠲᠤ ᠳᠣᠬᠢᠷᠠᠭᠰᠠᠨ ᠴᠢᠬᠢ ᠮᠣᠳᠣ᠂ ᠴᠡᠴᠡᠭ ᠡᠪᠡᠰᠦ ᠶᠢ ᠰᠣᠳᠣᠯᠣᠨ ᠭᠠᠷᠭᠠᠬᠤ ᠬᠦᠴᠦᠯᠡᠴᠡ ᠪᠠᠨ ᠶᠡᠬᠡᠰᠬᠡᠵᠣ᠂ ᠭᠠᠵᠠᠷ ᠣᠷᠣᠨ ᠳᠤ ᠨᠢ ᠳᠣᠬᠢᠷᠠᠭᠤᠯᠣᠨ᠂ ᠲᠠᠷᠢᠵᠣ ᠣᠷᠭᠤᠭᠤᠯᠬᠤ ᠶᠢ ᠳᠡᠯᠭᠡᠷᠡᠭᠦᠯᠦᠨ᠂ ᠠᠮᠢ ᠠᠬᠤᠢ  ᠶᠢᠨ ᠣᠷᠴᠢᠨ ᠳᠣᠭᠤᠷᠢᠨ ᠢ ᠪᠦᠲᠦᠮᠵᠢᠲᠡᠢ ᠰᠠᠶᠢᠵᠢᠷᠠᠭᠤᠯᠣᠨ᠎ᠠ᠃ ᠮᠠᠯ ᠠᠵᠣ ᠠᠬᠤᠢ ᠶᠢᠨ ᠪᠦᠲᠦᠭᠡᠭᠳᠡᠭᠦᠨ ᠤ ᠬᠠᠩᠭᠠᠯᠭ᠎ᠠ ᠶᠢᠨ ᠴᠢᠳᠠᠪᠣᠷᠢ ᠪᠠ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠪᠠᠷ ᠭᠤᠣᠯ ᠪᠣᠯᠭᠠᠨ᠂ ᠮᠠᠯ ᠲᠡᠵᠢᠭᠡᠪᠦᠷᠢ  ᠶᠢᠨ ᠰᠢᠯᠢᠳᠡᠭ  ᠡᠭᠦᠯᠳᠡᠷ ᠢ ᠦᠷᠡᠵᠢᠭᠦᠯᠦᠨ ᠪᠣᠶᠢᠵᠢᠭᠤᠯᠬᠤ ᠢᠨᠵᠧᠨᠧᠷᠢᠩ ᠢ ᠶᠡᠭᠡ ᠬᠦᠴᠦᠨ ᠢᠶᠠᠷ ᠳᠡᠯᠭᠡᠷᠡᠭᠦᠯᠵᠣ᠂ ᠰᠦᠨᠢᠳ ᠬᠤᠨᠢ ᠶᠢᠨ ᠡᠭᠦᠯᠳᠡᠷ ᠢ ᠰᠠᠶᠢᠵᠢᠷᠠᠭᠤᠯᠬᠤ ᠬᠦᠴᠦᠯᠡᠴᠡ ᠪᠠᠨ ᠶᠡᠬᠡᠰᠬᠡᠨ᠂ ᠲᠡᠵᠢᠭᠡᠪᠦᠷᠢ ᠶᠢᠨ ᠪᠦᠲᠦᠴᠡ  ᠳᠤ ᠳᠣᠬᠢᠷᠠᠭᠤᠯᠣᠯᠳᠠ ᠬᠢᠵᠣ᠂ ᠰᠢᠯᠢᠳᠡᠭ ᠴᠢᠨᠡᠷ ᠤᠨ ᠰᠦᠨᠢᠳ ᠮᠢᠬᠠᠨ ᠬᠤᠨᠢ ᠶᠢᠨ ᠡᠭᠦᠯᠳᠡᠷ ᠢ ᠦᠷᠡᠵᠢᠭᠦᠯᠦᠨ ᠪᠣᠶᠢᠵᠢᠭᠤᠯᠬᠤ ᠰᠠᠭᠤᠷᠢᠨ ᠢ ᠪᠣᠢ ᠪᠣᠯᠭᠠᠨ᠎ᠠ᠃ ᠲᠠᠷᠢᠶᠠᠯᠠᠩ ᠮᠠᠯ ᠠᠵᠣ ᠠᠬᠤᠢ ᠶᠢᠨ ᠬᠦᠭᠵᠢᠯᠳᠡ ᠶᠢᠨ ᠬᠡᠯᠪᠡᠷᠢ ᠶᠢ ᠬᠤᠪᠢᠷᠠᠭᠤᠯᠣᠨ᠎ᠠ᠃ ᠳᠣᠬᠠᠢ ᠶᠢᠨ ᠣᠷᠣᠨ ᠳᠤ  ᠨᠢ ᠪᠣᠯᠪᠠᠰᠣᠷᠠᠯ ᠬᠦᠷᠲᠡᠭᠡᠨ᠂ ᠭᠠᠳᠠᠭᠰᠢ ᠭᠠᠷᠴᠣ ᠪᠠᠶᠢᠴᠠᠭᠠᠯᠳᠠ ᠬᠢᠬᠦ᠂ ᠳᠣᠷᠰᠢᠯᠭ᠎ᠠ ᠰᠣᠯᠢᠯᠴᠠᠬᠤ ᠵᠡᠷᠭᠡ ᠬᠡᠯᠪᠡᠷᠢ  ᠪᠠᠷ ᠳᠠᠮᠵᠢᠭᠤᠯᠣᠨ᠂ ᠲᠠᠷᠢᠶᠠᠴᠢᠨ ᠮᠠᠯᠴᠢᠨ ᠵᠠᠭᠤᠴᠢᠯᠠᠭᠴᠢ᠂ ᠳᠠᠭᠠᠭᠤᠯᠣᠨ ᠳᠠᠶᠢᠴᠢᠯᠠᠭᠴᠢ ᠪᠠ ᠳᠣᠰᠬᠠᠢ ᠬᠠᠮᠳᠣᠷᠠᠯᠴᠠᠭᠠᠨ ᠤ ᠵᠣᠬᠢᠶᠠᠨ ᠪᠠᠶᠢᠭᠤᠯᠣᠯᠳᠠ ᠶᠢᠨ ᠣᠳᠣᠷᠢᠳᠣᠭᠴᠢ ᠵᠡᠷᠭᠡ ᠮᠡᠷᠭᠡᠵᠢᠯ ᠤᠨ ᠲᠠᠷᠢᠶᠠᠴᠢᠨ ᠮᠠᠯᠴᠢᠨ ᠢ ᠬᠦᠴᠦ ᠲᠠᠯᠪᠢᠨ ᠬᠦᠮᠦᠵᠢᠭᠦᠯᠦᠨ᠎ᠡ᠃ ᠪᠡᠯᠴᠢᠭᠡᠷ ᠤᠨ ᠡᠮᠬᠢ ᠵᠢᠷᠣᠮ ᠲᠠᠢ ᠰᠢᠯᠵᠢᠭᠦᠯᠣᠯᠳᠠ ᠶᠢ ᠲᠦᠯᠬᠢᠨ ᠠᠬᠢᠭᠤᠯᠵᠣ᠂ ᠳᠡᠵᠢᠭᠡᠨ ᠦᠷᠡᠵᠢᠭᠦᠯᠬᠦ ᠳᠣᠮᠣ ᠡᠷᠦᠬᠡ᠂ ᠭᠡᠷ ᠪᠦᠯᠢ ᠶᠢᠨ ᠲᠠᠷᠢᠶᠠᠯᠠᠬᠤ ᠮᠠᠯᠵᠢᠯ ᠤᠨ ᠳᠠᠯᠠᠪᠠᠢ᠂ ᠲᠠᠷᠢᠶᠠᠴᠢᠨ ᠮᠠᠯᠴᠢᠳ ᠤᠨ ᠬᠤᠷᠢᠰᠶ᠎ᠠ᠂ ᠲᠠᠷᠢᠶᠠᠯᠠᠩ ᠮᠠᠯ ᠠᠵᠣ ᠠᠬᠤᠢ ᠶᠢᠨ ᠠᠵᠣ ᠦᠢᠯᠡᠰᠵᠢᠭᠰᠡᠨ ᠳᠠᠭᠠᠭᠤᠯᠣᠭᠴᠢ ᠠᠵᠣ ᠠᠬᠤᠶᠢᠯᠠᠯ ᠵᠡᠷᠭᠡ ᠰᠢᠨ᠎ᠡ ᠬᠡᠯᠪᠡᠷᠢ ᠶᠢᠨ ᠲᠠᠷᠢᠶᠠᠯᠠᠩ ᠮᠠᠯ ᠠᠵᠣ ᠠᠬᠤᠢ ᠶᠢᠨ ᠡᠵᠡᠩᠨᠡᠯᠳᠡ  ᠶᠢᠨ ᠭᠤᠣᠯ ᠴᠣᠭᠴᠠ ᠶᠢ ᠣᠳᠣᠷᠢᠳᠣᠨ ᠬᠦᠮᠦᠵᠢᠭᠦᠯᠵᠣ᠂ ᠳᠠᠭᠠᠭᠤᠯᠣᠭᠴᠢ ᠠᠵᠣ ᠠᠬᠤᠶᠢᠯᠠᠯ ᠪᠣᠯᠣᠨ ᠲᠠᠷᠢᠶᠠᠴᠢᠨ ᠮᠠᠯᠴᠢᠳ ᠤᠨ ᠨᠡᠩ ᠨᠢᠭᠳᠠ ᠠᠰᠢᠭ ᠣᠷᠣᠯᠭ᠎ᠠ ᠶᠢᠨ ᠬᠠᠷᠢᠴᠠᠭᠠᠨ ᠤ ᠳᠣᠭᠳᠠᠯᠴᠠᠭ᠎ᠠ ᠶᠢ ᠳᠡᠭᠦᠯᠳᠡᠷᠵᠢᠭᠦᠯᠦᠨ᠎ᠡ᠃ ᠲᠠᠷᠢᠶᠠᠯᠠᠩ ᠮᠠᠯ ᠠᠵᠣ ᠠᠬᠤᠢ ᠶᠢᠨ ᠰᠢᠨᠵᠢᠯᠡᠬᠦ ᠲᠧᠭᠨᠢᠭ ᠤᠨ ᠣᠷᠣᠭᠤᠯᠣᠯᠳᠠ ᠶᠢᠨ ᠬᠦᠴᠦᠯᠡᠴᠡ ᠪᠠᠨ ᠶᠡᠬᠡᠰᠬᠡᠨ᠂ ᠬᠢᠯᠢ ᠶᠢᠨ ᠬᠢᠵᠢᠭ ᠰᠡᠷᠭᠡᠶᠢᠯᠡᠯᠳᠡ ᠪᠠᠨ ᠦᠷᠭᠦᠯᠵᠢᠯᠡᠨ ᠴᠢᠩᠭᠠᠳᠬᠠᠵᠣ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ ᠤ ᠴᠢᠨᠠᠷ ᠴᠢᠨᠰᠠᠭ᠎ᠠ ᠳᠤ ᠨᠡᠬᠡᠮᠵᠢᠯᠡᠨ ᠰᠢᠯᠭᠠᠬᠤ ᠰᠢᠰᠲ᠋ᠧᠮ ᠢ ᠪᠠᠶᠢᠭᠤᠯᠣᠨ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ ᠤ ᠴᠢᠨᠠᠷ ᠴᠢᠨᠰᠠᠭ᠎ᠠ ᠠᠶᠣᠯᠭᠦᠢ ᠶᠢ ᠪᠠᠳᠣᠯᠠᠵᠣ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ ᠤ ᠨᠠᠷᠢᠯᠢᠭ ᠪᠣᠯᠪᠠᠰᠣᠷᠠᠭᠤᠯᠣᠯᠳᠠ ᠪᠠ ᠪᠠᠷᠢᠮᠵᠢᠶᠠᠵᠢᠭᠰᠠᠨ ᠦᠢᠯᠡᠳᠪᠦᠷᠢᠯᠡᠯ ᠢ ᠲᠦᠯᠬᠢᠨ ᠠᠬᠢᠭᠤᠯᠵᠣ᠂ ᠲᠠᠷᠢᠶᠠᠯᠠᠩ ᠮᠠᠯ ᠠᠵᠣ ᠠᠬᠤᠢ ᠶᠢᠨ ᠪᠦᠲᠦᠭᠡᠭᠳᠡᠭᠦᠨ ᠤ ᠨᠡᠮᠡᠭᠳᠡᠯ ᠦᠷᠳᠡᠭ ᠢ ᠳᠡᠭᠡᠭᠰᠢᠯᠡᠭᠦᠯᠦᠨ᠎ᠡ᠃ᠬᠤᠶᠠᠳᠣᠭᠠᠷ ᠬᠡᠰᠡᠭ   ᠬᠤᠳᠠ ᠬᠦᠳᠡᠭᠡ ᠶᠢᠨ ᠵᠣᠬᠢᠴᠠᠩᠭᠤᠢ ᠬᠦᠭᠵᠢᠯᠳᠡ ᠶᠢ ᠨᠢᠭᠡᠳᠦᠯᠳᠡᠢ ᠲᠦᠯᠦᠪᠵᠢᠭᠦᠯᠦᠨ᠎ᠡ ᠨᠢᠭᠡ᠂ ᠰᠢᠨ᠎ᠡ ᠬᠡᠯᠪᠡᠷᠢ ᠶᠢᠨ ᠬᠤᠳᠠ ᠪᠠᠯᠭᠠᠰᠣᠵᠢᠯᠳᠠ ᠶᠢ ᠢᠳᠡᠪᠬᠢᠲᠡᠢ ᠲᠦᠯᠬᠢᠨ ᠠᠬᠢᠭᠤᠯᠣᠨ᠎ᠠ      ᠬᠤᠳᠠ ᠶᠢᠨ ᠲᠦᠯᠦᠪᠵᠢᠭᠦᠯᠭᠡ ᠶᠢᠨ ᠲᠦᠪᠰᠢᠨ ᠢ ᠢᠳᠡᠪᠬᠢᠲᠡᠢ ᠲᠦᠯᠬᠢᠨ ᠠᠬᠢᠭᠤᠯᠣᠨ᠎ᠠ᠃  ᠬᠤᠳᠠ ᠶᠢᠨ ᠬᠦᠭᠵᠢᠯᠳᠡ ᠶᠢᠨ ᠵᠢᠮ᠎ᠡ ᠶᠣᠰᠣ ᠶᠢ ᠬᠦᠨᠳᠦᠳᠬᠡᠨ᠂ ︽ᠡᠷᠢᠶᠡᠨ ᠬᠤᠳᠠ ᠶᠢᠨ ᠬᠤᠳᠠ ᠶᠢᠨ ᠪᠦᠲᠦᠭᠡᠨ ᠪᠠᠶᠢᠭᠤᠯᠣᠯᠳᠠ ᠶᠢᠨ ᠶᠡᠷᠦᠩᠬᠡᠢ ᠲᠦᠯᠦᠪᠵᠢᠭᠦᠯᠬᠡ︾ ᠶᠢ ᠨᠠᠶᠢᠷᠠᠭᠤᠯᠣᠨ ᠪᠣᠯᠪᠠᠰᠣᠷᠠᠭᠤᠯᠬᠤ ᠠᠵᠢᠯ ᠢ ᠦᠨᠳᠦᠷ ᠴᠢᠨᠠᠷ ᠴᠢᠨᠰᠠᠭ᠎ᠠ ᠲᠠᠢ ᠪᠡᠶᠡᠯᠡᠭᠦᠯᠵᠣ᠂ ᠣᠷᠣᠨ ᠵᠠᠢ᠂ ᠬᠡᠪᠴᠢᠶ᠎ᠡ᠂ ᠠᠵᠣ ᠦᠢᠯᠡᠰ ᠭᠤᠷᠪᠠᠨ ᠳᠣᠮᠣ ᠪᠦᠲᠦᠴᠡ ᠪᠠ ᠦᠢᠯᠡᠳᠪᠦᠷᠢᠯᠡᠯ᠂ ᠠᠮᠢᠳᠣᠷᠠᠯ᠂ ᠠᠮᠢ ᠠᠬᠤᠢ ᠭᠤᠷᠪᠠᠨ ᠳᠣᠮᠣ ᠪᠠᠶᠢᠷᠢᠰᠢᠭᠤᠯᠣᠯᠳᠠ ᠶᠢ ᠰᠢᠨᠵᠢᠯᠡᠬᠦ ᠣᠬᠠᠭᠠᠨᠴᠢ ᠪᠠᠷ ᠨᠢᠭᠡᠲᠦᠯᠳᠡᠢ ᠲᠦᠯᠦᠪᠵᠢᠭᠦᠯᠦᠨ᠂ ᠬᠤᠳᠠ ᠶᠢᠨ ᠬᠡᠪᠴᠢᠶ᠎ᠡ᠂ ᠨᠡᠭᠡᠭᠡᠨ ᠠᠰᠢᠭᠯᠠᠬᠤ ᠱᠣᠭᠤᠮ ᠬᠢᠵᠠᠭᠠᠷ᠂ ᠨᠡᠭᠡᠭᠡᠨ ᠬᠦᠭᠵᠢᠭᠦᠯᠬᠦ ᠬᠦᠴᠦᠯᠡᠴᠡ ᠪᠠ ᠬᠠᠮᠠᠭᠠᠯᠠᠯᠳᠠ ᠶᠢᠨ ᠴᠢᠨᠡᠷᠳᠣ ᠣᠷᠣᠨ ᠵᠠᠢ ᠶᠢ ᠵᠣᠬᠢᠰᠳᠠᠢ ᠳᠣᠭᠳᠠᠭᠠᠨ᠂ ᠪᠠᠭᠳᠠᠭᠠᠮᠵᠢ ᠶᠢᠨ ᠬᠡᠪᠴᠢᠶ᠎ᠡ᠂ ᠪᠠᠷᠢᠯᠭ᠎ᠠ ᠶᠢᠨ ᠨᠢᠭᠳᠠᠷᠠᠴᠠ ᠵᠡᠷᠭᠡ ᠬᠢᠵᠠᠭᠠᠷᠯᠠᠯ ᠪᠦᠬᠦᠢ ᠵᠢᠭᠠᠯᠳᠠ ᠳᠤᠭ᠎ᠠ ᠶᠢ ᠴᠢᠩᠭ᠎ᠠ ᠳᠣᠭᠳᠠᠭᠠᠵᠣ᠂ ᠬᠤᠳᠠ ᠶᠢᠨ ᠣᠷᠣᠨ ᠵᠠᠢ ᠶᠢᠨ ᠪᠣᠰᠤᠭ᠎ᠠ ᠪᠡᠶᠡᠳᠣ ᠴᠢᠨᠡᠷ᠂ ᠭᠠᠳᠠᠷᠭᠤ ᠶᠢᠨ ᠵᠣᠬᠢᠴᠠᠩᠭᠤᠢ ᠴᠢᠨᠡᠷ᠂ ᠲᠦᠷᠢ ᠲᠦᠷᠬᠦ ᠶᠢᠨ ᠪᠦᠬᠦᠶᠢᠯᠡ ᠴᠣᠭᠴᠠᠳᠣ ᠴᠢᠨᠡᠷ ᠪᠠ ᠰᠣᠶᠣᠯ ᠤᠨ ᠰᠣᠳᠠᠰᠣᠨ ᠤ ᠦᠷᠭᠦᠯᠵᠢᠯᠡᠯᠳᠣ ᠴᠢᠨᠡᠷ ᠢ ᠳᠡᠭᠡᠭᠰᠢᠯᠡᠭᠦᠯᠦᠨ᠂ ᠬᠤᠳᠠ ᠶᠢᠨ ᠬᠦᠭᠵᠢᠯᠳᠡ ᠶᠢᠨ ᠦᠷᠭᠦᠯᠵᠢᠯᠡᠯᠳᠣ ᠴᠢᠨᠡᠷ ᠪᠠ ᠣᠷᠣᠰᠢᠨ ᠰᠠᠭᠤᠬᠤ ᠳᠤ ᠳᠣᠬᠢᠯᠢᠭ ᠴᠢᠨᠡᠷ ᠢ ᠳᠡᠭᠡᠭᠰᠢᠯᠡᠭᠦᠯᠦᠨ᠎ᠡ᠃ ᠲᠦᠯᠦᠪᠵᠢᠭᠦᠯᠭᠡ ᠶᠢᠨ ᠬᠠᠦᠯᠢ ᠬᠡᠷᠡᠭᠵᠢᠭᠦᠯᠬᠦ ᠪᠠᠶᠢᠴᠠᠭᠠᠯᠳᠠ ᠶᠢᠨ ᠬᠦᠴᠦᠯᠡᠴᠡ ᠪᠠᠨ ᠶᠡᠬᠡᠰᠬᠡᠵᠣ᠂ ᠲᠦᠯᠦᠪᠵᠢᠭᠦᠯᠭᠡ ᠶᠢᠨ ᠡᠷᠬᠡ ᠰᠦᠷᠲᠦ ᠴᠢᠨᠡᠷ ᠪᠠ ᠠᠯᠪᠠᠳᠠᠯᠭ᠎ᠠ ᠶᠢᠨ ᠴᠢᠨᠡᠷ ᠢ ᠴᠢᠩᠭᠠᠳᠬᠠᠨ᠎ᠠ᠃     ᠬᠤᠳᠠ ᠶᠢᠨ ᠪᠦᠲᠦᠭᠡᠨ ᠪᠠᠶᠢᠭᠤᠯᠣᠯᠳᠠ ᠶᠢᠨ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠣᠯᠠᠭᠠᠴᠢ ᠦᠷᠳᠡᠭᠡ᠂ ᠬᠢᠯᠢ ᠶᠢᠨ ᠪᠣᠭᠤᠮᠳᠠ ᠪᠠ ᠠᠪᠣᠷᠭᠤ ᠭᠦᠷᠪᠡᠯ ᠵᠡᠷᠭᠡ ᠬᠤᠳᠠ ᠶᠢᠨ ᠰᠣᠶᠣᠯ ᠤᠨ ᠣᠨᠴᠠᠯᠢᠭ ᠢ ᠬᠦᠨᠵᠡᠭᠡᠢ ᠬᠠᠶᠢᠨ ᠢᠯᠡᠷᠡᠭᠦᠯᠵᠣ᠂ ᠨᠢᠭᠡ ᠪᠦᠯᠦᠭ ᠣᠨᠴᠠᠯᠢᠭᠳᠣ ᠰᠣᠶᠣᠯ ᠢ ᠬᠦᠮᠦᠵᠢᠭᠦᠯᠬᠦ᠂ ᠣᠨᠴᠠᠯᠢᠭᠳᠣ ᠦᠵᠡᠮᠵᠢ ᠶᠢ ᠪᠣᠢ ᠪᠣᠯᠭᠠᠬᠤ᠂ ᠣᠨᠴᠠᠯᠢᠭᠳᠣ ᠵᠡᠭᠡᠯᠢ ᠭᠤᠳᠣᠮᠵᠢ ᠶᠢ ᠪᠠᠶᠢᠭᠤᠯᠬᠤ ᠢᠵᠧᠨᠧᠷᠢᠩ ᠢ ᠲᠦᠷᠭᠡᠳᠭᠡᠨ ᠬᠡᠷᠡᠭᠵᠢᠭᠦᠯᠦᠨ᠂ ᠬᠤᠳᠠ ᠶᠢᠨ ᠦᠨᠦᠷ ᠠᠮᠳᠠ ᠶᠢ ᠬᠦᠴᠦᠯᠡᠨ ᠳᠡᠭᠡᠭᠰᠢᠯᠡᠭᠦᠯᠦᠨ᠎ᠡ᠃ ᠬᠤᠳᠠ ᠶᠢᠨ ᠵᠠᠮ᠂ ᠣᠰᠣ ᠬᠠᠩᠭᠠᠬᠤ᠂ ᠳᠣᠯᠠᠭᠠᠨ ᠬᠠᠩᠭᠠᠬᠤ᠂ ᠬᠡᠢ ᠬᠠᠩᠭᠠᠬᠤ᠂ ᠴᠠᠬᠢᠯᠭᠠᠨ ᠬᠠᠩᠭᠠᠬᠤ᠂ ᠪᠣᠬᠢᠷ ᠣᠰᠣ ᠴᠡᠪᠡᠷᠰᠢᠭᠦᠯᠬᠦ᠂ ᠬᠤᠭ ᠨᠣᠪᠰᠢ ᠰᠢᠢᠳᠪᠦᠷᠢᠯᠡᠬᠦ᠂ ᠭᠡᠷᠡᠯ ᠰᠢᠷᠭᠡᠭᠯᠢᠭ ᠵᠡᠷᠭᠡ ᠰᠢᠰᠲ᠋ᠧᠮ ᠤᠨ ᠪᠦᠲᠦᠭᠡᠨ ᠪᠠᠶᠢᠭᠤᠯᠣᠯᠳᠠ ᠶᠢ ᠶᠡᠭᠡ ᠪᠠᠷ ᠲᠦᠯᠬᠢᠨ ᠠᠬᠢᠭᠤᠯᠵᠣ ᠲᠡᠭᠦᠯᠳᠡᠷᠵᠢᠭᠦᠯᠦᠨ᠂ ᠭᠤᠷᠪᠠᠳᠣᠭᠠᠷ ᠣᠰᠣᠨ ᠤ ᠦᠢᠯᠡᠳᠪᠦᠷᠢ᠂ ᠣᠰᠣᠨ ᠰᠣᠷᠪᠣᠯᠵᠢ ᠶᠢᠨ ᠭᠠᠵᠠᠷ ᠢ ᠦᠷᠭᠡᠳᠭᠡᠨ ᠪᠠᠶᠢᠭᠤᠯᠬᠤ᠂ ᠭᠠᠵᠠᠷ ᠳᠣᠣᠷᠠᠬᠢ ᠭᠤᠣᠷᠰᠣ ᠰᠦᠯᠵᠢᠶ᠎ᠡ᠂ ᠬᠤᠳᠠ ᠶᠢᠨ ᠰᠢᠳᠠᠮᠠᠬᠠᠢ ᠬᠡᠢ᠂ ᠬᠤᠳᠠ ᠶᠢᠨ ᠣᠰᠣ ᠬᠠᠩᠭᠠᠬᠤ ᠭᠠᠳᠠᠭᠰᠢᠯᠠᠭᠤᠯᠬᠤ ᠪᠠ ᠳᠣᠯᠠᠭᠠᠨ ᠬᠠᠩᠭᠠᠬᠤ ᠭᠤᠣᠷᠰᠣ ᠰᠦᠯᠵᠢᠶ᠎ᠡ ᠶᠢ ᠵᠠᠰᠠᠨ ᠰᠢᠨᠡᠴᠢᠯᠡᠬᠦ᠂ ᠣᠳᠠᠰᠣ ᠦᠬᠡᠢ ᠬᠤᠳᠠ᠂ ᠭᠡᠷᠡᠯ ᠰᠦᠯᠵᠢᠶᠡᠳᠣ ᠬᠤᠳᠠ ᠵᠡᠷᠭᠡ ᠲᠦᠷᠦᠯ ᠵᠦᠢᠯ ᠤᠨ ᠪᠦᠲᠦᠭᠡᠨ ᠪᠠᠶᠢᠭᠤᠯᠣᠯᠳᠠ ᠶᠢ ᠡᠬᠢᠯᠡᠭᠦᠯᠵᠣ᠂ ᠬᠤᠳᠠ ᠶᠢᠨ ᠶᠡᠷᠦᠩᠬᠡᠶᠢᠯᠡᠭᠰᠡᠨ ᠪᠠᠳᠣᠯᠠᠭ᠎ᠠ ᠦᠢᠯᠡᠴᠢᠯᠡᠭᠡᠨ ᠤ ᠴᠢᠳᠠᠪᠣᠷᠢ ᠶᠢ ᠳᠠᠰᠣᠷᠠᠯᠳᠠ ᠦᠬᠡᠢ ᠳᠡᠭᠡᠭᠰᠢᠯᠡᠭᠦᠯᠦᠨ᠎ᠡ᠃ ᠨᠣᠭᠤᠭᠠᠷᠠᠭᠤᠯᠣᠯᠳᠠ ᠭᠤᠶᠣᠵᠢᠭᠤᠯᠣᠯᠳᠠ ᠬᠡᠬᠡᠵᠢᠭᠦᠯᠦᠯᠳᠡ ᠶᠢᠨ ᠢᠨᠵᠧᠨᠧᠷᠢᠩ ᠢ ᠳᠣᠪᠣᠶᠢᠮ᠎ᠠ ᠠᠳᠬᠤᠵᠣ᠂ ᠫᠧᠩ ᠰᠠᠷᠠᠪᠴᠢᠳᠣ ᠳᠣᠭᠤᠷᠢᠭ᠂ ᠬᠠᠭᠤᠴᠢᠨ ᠵᠢᠵᠢᠭ ᠬᠤᠷᠢᠶᠠᠯᠠᠯ ᠢ ᠵᠠᠰᠠᠨ ᠰᠢᠨᠡᠴᠢᠯᠡᠬᠦ ᠬᠦᠴᠦᠯᠡᠴᠡ ᠪᠠᠨ ᠶᠡᠬᠡᠰᠬᠡᠵᠣ᠂ ᠰᠢᠯᠢᠳᠡᠭ ᠰᠠᠶᠢᠨ ᠣᠷᠣᠰᠢᠨ ᠰᠠᠭᠤᠬᠤ ᠣᠷᠴᠢᠨ ᠢ ᠢᠳᠡᠪᠬᠢᠲᠡᠢ ᠪᠣᠢ ᠪᠣᠯᠭᠠᠨ᠎ᠠ᠃ ᠰᠣᠯᠠ ᠳᠠᠯᠪᠢᠭᠳᠠᠵᠣ ᠪᠠᠶᠢᠭ᠎ᠠ ᠭᠠᠵᠠᠷ ᠰᠢᠷᠣᠢ ᠶᠢ ᠴᠡᠭᠴᠡᠯᠡᠬᠦ ᠪᠠ ᠨᠦᠬᠡᠴᠡᠯᠡᠵᠣ ᠪᠠᠶᠢᠭ᠎ᠠ ᠭᠡᠷ ᠪᠠᠶᠢᠰᠢᠩ ᠭᠠᠵᠠᠷ ᠬᠦᠷᠦᠩᠭᠡ ᠶᠢ ᠰᠢᠯᠢᠳᠡᠭᠵᠢᠭᠦᠯᠬᠦ ᠬᠦᠴᠦᠯᠡᠴᠡ ᠪᠠᠨ ᠶᠡᠬᠡᠰᠬᠡᠨ᠂ ᠬᠤᠳᠠ ᠶᠢᠨ ᠲᠦᠪᠯᠡᠷᠡᠭᠰᠡᠨ ᠡᠷᠴᠢᠮᠳᠡᠢ ᠬᠦᠭᠵᠢᠯᠳᠡ ᠶᠢ ᠲᠦᠯᠬᠢᠨ ᠠᠬᠢᠭᠤᠯᠣᠨ᠎ᠠ᠃      ᠬᠤᠳᠠ ᠶᠢᠨ ᠬᠠᠮᠢᠶᠠᠷᠣᠯᠳᠠ ᠶᠢᠨ ᠲᠦᠪᠰᠢᠨ ᠢᠶᠠᠨ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠬᠦᠮᠦᠨ ᠢᠶᠠᠷ ᠭᠤᠣᠯ ᠪᠣᠯᠭᠠᠬᠤ ᠶᠢ ᠪᠠᠷᠢᠮᠳᠠᠯᠠᠨ᠂ ᠵᠠᠰᠠᠭ ᠤᠨ ᠣᠷᠳᠣᠨ᠂ ᠨᠡᠶᠢᠭᠡᠮ᠂ ᠬᠤᠳᠠ ᠶᠢᠨ ᠠᠷᠠᠳ ᠭᠤᠷᠪᠠᠨ ᠭᠤᠣᠯ ᠴᠣᠭᠴᠠ ᠶᠢ ᠨᠢᠭᠡᠲᠦᠯᠳᠡᠢ ᠲᠦᠯᠦᠪᠵᠢᠭᠦᠯᠵᠣ᠂ ᠬᠤᠳᠠ ᠶᠢᠨ ᠬᠦᠭᠵᠢᠯᠳᠡ ᠶᠢ ᠲᠦᠯᠬᠢᠨ ᠠᠬᠢᠭᠤᠯᠬᠤ ᠡᠯ᠎ᠡ ᠳᠠᠯ᠎ᠠ  ᠶᠢᠨ ᠢᠳᠡᠪᠬᠢ ᠴᠢᠨ᠎ᠡ᠂ ᠰᠠᠨᠠᠭᠠᠴᠢᠯᠠᠭᠠᠳᠣ ᠴᠢᠨᠡᠷ ᠪᠠ ᠡᠭᠦᠳᠦᠨ ᠪᠦᠲᠦᠭᠡᠯᠳᠣ ᠴᠢᠨᠡᠷ ᠢ ᠳᠡᠭᠡᠭᠰᠢᠯᠡᠭᠦᠯᠦᠨ᠎ᠡ᠃ ᠬᠤᠳᠠ ᠶᠢᠨ ᠳᠡᠰ ᠬᠤᠪᠢᠶᠠᠨ ᠳᠣᠭᠤᠷᠢᠭ ᠠᠩᠬᠢᠯᠠᠭᠰᠠᠨ ᠬᠠᠮᠢᠶᠠᠷᠣᠯᠳᠠ ᠶᠢ ᠲᠦᠯᠬᠢᠨ ᠠᠬᠢᠭᠤᠯᠵᠣ᠂ ᠬᠤᠳᠠ ᠶᠢᠨ ᠬᠠᠮᠢᠶᠠᠷᠣᠯᠳᠠ᠂ ᠣᠷᠴᠢᠨ ᠳᠣᠭᠤᠷᠢᠨ ᠤ ᠬᠠᠮᠠᠭᠠᠯᠠᠯᠳᠠ ᠵᠡᠷᠭᠡ ᠰᠠᠯᠠᠭ᠎ᠠ ᠮᠦᠴᠢᠷ ᠤᠨ ᠬᠦᠮᠦᠨ ᠤ ᠬᠦᠴᠦᠨ᠂ ᠪᠣᠳᠠᠰ ᠤᠨ ᠬᠦᠴᠦᠨ ᠤ ᠣᠷᠣᠭᠤᠯᠣᠯᠳᠠ ᠪᠠᠨ ᠶᠡᠬᠡᠰᠬᠡᠨ᠂ ᠬᠤᠳᠠ ᠶᠢᠨ ᠳᠣᠣᠷᠵᠢᠭᠤᠯᠣᠭᠰᠠᠨ ᠬᠠᠮᠢᠶᠠᠷᠣᠯᠳᠠ ᠶᠢᠨ ᠬᠡᠪ ᠵᠠᠭᠪᠣᠷ ᠢ ᠳᠡᠭᠦᠯᠳᠡᠷᠵᠢᠭᠦᠯᠵᠣ᠂ ᠬᠤᠳᠠ ᠶᠢᠨ ᠵᠠᠰᠠᠯᠳᠠ ᠬᠠᠮᠢᠶᠠᠷᠣᠯᠳᠠ ᠪᠠ ᠦᠢᠯᠡᠴᠢᠯᠡᠭᠡᠨ ᠤ ᠰᠢᠨ᠎ᠡ ᠶᠢ ᠡᠭᠦᠳᠬᠦ ᠴᠢᠳᠠᠪᠣᠷᠢ ᠶᠢ ᠳᠡᠭᠡᠭᠰᠢᠯᠡᠭᠦᠯᠦᠨ᠎ᠡ᠃ ᠣᠶᠣᠨᠴᠢ ᠬᠤᠳᠠ ᠶᠢ ᠲᠦᠷᠭᠡᠳᠭᠡᠨ ᠪᠠᠶᠢᠭᠤᠯᠵᠣ᠂ ᠬᠤᠳᠠ ᠶᠢᠨ ᠬᠠᠮᠢᠶᠠᠷᠣᠯᠳᠠ ᠶᠢᠨ ᠳᠣᠭᠠᠴᠢᠯᠠᠬᠤ᠂ ᠨᠠᠷᠢᠯᠢᠭᠵᠢᠬᠤ᠂ ᠣᠶᠣᠨᠵᠢᠬᠤ ᠶᠢ ᠲᠦᠯᠬᠢᠨ ᠠᠬᠢᠭᠤᠯᠣᠨ᠎ᠠ᠃ ᠳᠣᠯᠠᠭᠠᠨ ᠬᠠᠩᠭᠠᠬᠤ᠂ ᠭᠡᠷ ᠠᠬᠤᠢ ᠵᠡᠷᠭᠡ ᠶᠢᠨ ᠬᠤᠯᠪᠣᠭᠳᠠᠬᠤ ᠬᠠᠮᠢᠶᠠᠷᠣᠯᠳᠠ ᠶᠢᠨ ᠠᠷᠭ᠎ᠠ ᠶᠢ ᠪᠠᠶᠢᠭᠤᠯᠣᠨ ᠪᠦᠷᠢᠨᠰᠢᠭᠦᠯᠵᠣ᠂ ᠬᠤᠳᠠ ᠶᠢᠨ ᠬᠠᠦᠯᠢ ᠪᠠᠷ ᠵᠠᠰᠠᠬᠤ ᠴᠢᠳᠠᠪᠣᠷᠢ ᠶᠢ ᠳᠡᠭᠡᠭᠰᠢᠯᠡᠭᠦᠯᠦᠨ᠎ᠡ᠃ ᠡᠷᠦᠬᠡ ᠠᠮᠠ ᠶᠢᠨ ᠬᠠᠷᠢᠶᠠᠯᠠᠯ ᠤᠨ ᠲᠦᠷᠢᠮ ᠤᠨ ᠦᠬᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠣᠷᠣᠰᠢᠨ ᠰᠠᠭᠤᠬᠤ ᠦᠨᠡᠮᠯᠡᠯ ᠤᠨ ᠲᠦᠷᠢᠮ ᠢ ᠬᠡᠷᠡᠭᠵᠢᠭᠦᠯᠬᠦ ᠳᠤ ᠠᠩᠬᠠᠷᠣᠯ ᠳᠠᠯᠪᠢᠨ᠂ ᠬᠤᠳᠠ ᠪᠠᠯᠭᠠᠰᠣᠨ ᠤ ᠪᠠᠶᠢᠩᠭᠤ ᠣᠷᠣᠰᠢᠨ ᠰᠠᠭᠤᠭᠴᠢ ᠬᠦᠮᠦᠨ ᠠᠮᠠ  ᠶᠢᠨ ᠦᠨᠳᠦᠰᠦᠨ ᠣᠯᠠᠨ ᠨᠡᠶᠢᠳᠡ ᠶᠢᠨ ᠦᠢᠯᠡᠴᠢᠯᠡᠭᠡᠨ ᠤ ᠳᠡᠩᠴᠡᠭᠦᠷᠢᠴᠡᠬᠦ ᠶᠢ ᠲᠦᠯᠬᠢᠨ ᠠᠬᠢᠭᠤᠯᠵᠣ᠂ ᠬᠤᠳᠠ  ᠶᠢᠨ ᠣᠯᠠᠨ ᠨᠡᠶᠢᠳᠡ ᠶᠢᠨ ᠬᠠᠮᠢᠶᠠᠷᠣᠯᠳᠠ ᠶᠢ ᠴᠢᠩᠭᠠᠳᠬᠠᠨ᠎ᠠ᠃ ᠣᠯᠣᠰ ᠤᠨ ᠬᠦᠮᠦᠨ ᠲᠦᠷᠦᠯᠬᠢᠲᠡᠨ ᠣᠷᠣᠰᠢᠨ ᠰᠠᠭᠤᠬᠤ ᠳᠤ ᠳᠣᠬᠢᠯᠢᠭ ᠣᠷᠴᠢᠨ ᠢ ᠬᠠᠮᠳᠣᠪᠡᠷ ᠪᠠᠶᠢᠭᠤᠯᠬᠤ ᠵᠢᠱᠢᠶᠡᠴᠢ ᠬᠤᠳᠠ᠂ ᠣᠯᠠᠨ ᠣᠯᠣᠰ ᠤᠨ ᠵᠢᠭᠤᠯᠴᠢᠯᠠᠯ ᠤᠨ ᠬᠠᠷᠠᠯᠳᠠᠳᠣ ᠣᠷᠣᠨ᠂ ᠣᠯᠣᠰ ᠤᠨ ᠳᠡᠰ ᠤᠨ ᠡᠷᠡᠭᠦᠯ ᠬᠠᠮᠠᠭᠠᠯᠠᠯ ᠤᠨ ᠬᠤᠳᠠ᠂ ᠪᠦᠬᠦ ᠣᠯᠣᠰ  ᠤᠨ ᠪᠣᠯᠪᠠᠰᠣᠨ ᠬᠤᠳᠠ ︽ᠲᠦᠷᠪᠡᠨ ᠬᠤᠳᠠ ᠶᠢ ᠵᠡᠷᠭᠡᠪᠡᠷ ᠪᠠᠶᠢᠭᠤᠯᠬᠤ︾ ᠠᠵᠢᠯᠯᠠᠭ᠎ᠠ ᠶᠢ ᠦᠷᠭᠦᠯᠵᠢᠯᠡᠨ ᠦᠷᠨᠢᠭᠦᠯᠵᠣ᠂ ᠬᠤᠳᠠ ᠶᠢᠨ ᠪᠦᠬᠦᠶᠢᠯᠡ ᠬᠠᠮᠢᠶᠠᠷᠣᠯᠳᠠ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠬᠤᠶᠠᠷ᠂ ᠰᠢᠨ᠎ᠡ ᠬᠦᠳᠡᠭᠡ ᠳᠣᠰᠬᠤᠨ ᠰᠢᠨ᠎ᠡ ᠮᠠᠯᠵᠢᠬᠤ ᠣᠷᠣᠨ ᠤ ᠪᠦᠲᠦᠭᠡᠨ ᠪᠠᠶᠢᠭᠤᠯᠣᠯᠳᠠ ᠶᠢ ᠯᠠᠪᠳᠠᠭᠤᠨ ᠪᠠᠳᠣᠳᠠᠢ ᠠᠳᠬᠤᠨ᠎ᠠ       ᠰᠢᠨ᠎ᠡ ᠬᠦᠳᠡᠭᠡ ᠳᠣᠰᠬᠤᠨ ᠰᠢᠨ᠎ᠡ ᠮᠠᠯᠵᠢᠬᠤ ᠣᠷᠣᠨ ᠤ ᠲᠦᠯᠦᠪᠵᠢᠭᠦᠯᠭᠡ ᠪᠠᠶᠢᠷᠢᠰᠢᠭᠤᠯᠣᠯᠳᠠ ᠶᠢ ᠰᠠᠶᠢᠳᠣᠷ ᠠᠳᠬᠤᠨ᠎ᠠ᠃ ︽ᠦᠨᠳᠦᠷ ᠡᠬᠢᠯᠡᠯᠳᠡ ᠶᠢᠨ ᠴᠡᠭ ᠢᠶᠠᠷ ᠪᠠᠶᠢᠷᠢ ᠳᠣᠭᠳᠠᠭᠠᠨ᠂ ᠦᠨᠳᠦᠷ ᠪᠠᠷᠢᠮᠵᠢᠶ᠎ᠠ ᠪᠠᠷ ᠪᠦᠲᠦᠭᠡᠨ ᠪᠠᠶᠢᠭᠤᠯᠵᠣ᠂ ᠦᠨᠳᠦᠷ ᠲᠦᠪᠰᠢᠨ ᠢᠶᠠᠷ ᠠᠵᠢᠯᠯᠠᠬᠤ︾ ᠵᠠᠷᠴᠢᠮ ᠢ ᠪᠠᠷᠢᠮᠳᠠᠯᠠᠨ᠂ ᠰᠠᠶᠢᠬᠤᠰᠣ ᠭᠠᠴᠠᠭᠠᠨ  ᠤ ᠶᠡᠷᠦᠩᠬᠡᠢ ᠲᠦᠯᠦᠪᠵᠢᠭᠦᠯᠭᠡ ᠶᠢ ᠨᠠᠶᠢᠷᠠᠭᠤᠯᠣᠨ ᠪᠣᠯᠪᠠᠰᠣᠷᠠᠭᠤᠯᠣᠨ᠎ᠠ᠃ ᠬᠤᠳᠠ ᠶᠢᠨ ᠶᠡᠷᠦᠩᠬᠡᠢ ᠲᠦᠯᠦᠪᠵᠢᠭᠦᠯᠭᠡ ᠳᠤ ᠪᠠᠳᠣᠯᠠᠭᠰᠠᠨ ︽ᠨᠢᠭᠡ ᠴᠦᠮ᠎ᠡ᠂ ᠨᠢᠭᠡᠳᠦᠭᠡᠷ ᠵᠡᠷᠭᠡᠯᠡᠯ ᠤᠨ ᠬᠦᠭᠵᠢᠯᠳᠡ ᠶᠢᠨ ᠳᠡᠩᠭᠡᠯᠢᠭ︾  ᠤᠨ ᠶᠡᠷᠦᠩᠬᠡᠢ ᠪᠠᠶᠢᠷᠢᠯᠠᠭᠤᠯᠣᠯᠳᠠ ᠶᠢᠨ ᠳᠠᠭᠠᠣ᠂ ᠰᠠᠶᠢᠬᠤᠰᠣ ᠦᠵᠡᠰᠭᠦᠯᠡᠩ ᠰᠠᠶᠢᠬᠠᠨ ᠬᠦᠳᠡᠭᠡ ᠳᠣᠰᠬᠤᠨ ᠢ ᠪᠦᠲᠦᠭᠡᠨ ᠪᠠᠶᠢᠭᠤᠯᠣᠨ᠎ᠠ᠃       ᠬᠦᠳᠡᠭᠡ ᠳᠣᠰᠬᠤᠨ ᠮᠠᠯᠵᠢᠬᠤ ᠣᠷᠣᠨ ᠤ ᠦᠢᠯᠡᠳᠪᠦᠷᠢᠯᠡᠯ ᠠᠮᠢᠳᠣᠷᠠᠯ ᠤᠨ ᠨᠦᠬᠦᠴᠡᠯ ᠢ ᠰᠠᠶᠢᠵᠢᠷᠠᠭᠤᠯᠣᠨ᠎ᠠ᠃ ᠬᠦᠳᠡᠭᠡ ᠳᠣᠰᠬᠤᠨ ᠮᠠᠯᠵᠢᠬᠤ ᠣᠷᠣᠨ ᠤ ᠰᠠᠭᠤᠷᠢ ᠲᠦᠭᠦᠭᠡᠷᠦᠮᠵᠢ ᠪᠠ ᠣᠯᠠᠨ ᠨᠡᠶᠢᠳᠡ ᠶᠢᠨ ᠦᠢᠯᠡᠴᠢᠯᠡᠭᠡ ᠶᠢᠨ ᠪᠡᠯᠡ ᠣᠷᠣᠭᠤᠯᠣᠯᠳᠠ ᠶᠢᠨ ᠪᠠᠶᠢᠩᠭᠤ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠵᠣ᠂ ᠠᠷᠪᠠ ᠶᠢ ᠪᠦᠷᠬᠦᠬᠦᠯᠬᠦ᠂ ᠶᠠᠳᠠᠭᠤ ᠶᠢ ᠳᠡᠳᠬᠦᠨ ᠨᠡᠭᠡᠭᠡᠨ ᠬᠦᠭᠵᠢᠭᠦᠯᠬᠦ ᠵᠡᠷᠭᠡ ᠭᠤᠣᠯᠳᠠᠯᠭ᠎ᠠ ᠲᠠᠢ ᠢᠨᠵᠧᠨᠧᠷᠢᠩ ᠳᠤ ᠲᠦᠰᠢᠭᠯᠡᠨ᠂ ᠬᠦᠳᠡᠭᠡ ᠳᠣᠰᠬᠤᠨ ᠮᠠᠯᠵᠢᠬᠤ ᠣᠷᠣᠨ ᠤ ᠡᠪᠳᠡᠷᠬᠡᠢ ᠬᠠᠭᠤᠴᠢᠨ ᠭᠡᠷ ᠪᠠᠶᠢᠰᠢᠩ ᠢ ᠵᠠᠰᠠᠨ ᠰᠢᠨᠡᠴᠢᠯᠡᠬᠦ ᠂ ᠳᠣᠰᠬᠤᠨ ᠳᠤ ᠨᠡᠪᠳᠡᠷᠡᠬᠦ ᠵᠠᠰᠠᠮᠠᠯ ᠵᠠᠮ᠂ ᠴᠠᠬᠢᠯᠭᠠᠨ ᠨᠡᠪᠳᠡᠷᠡᠭᠦᠯᠬᠦ᠂ ᠷᠠᠳᠢᠣ᠋ ᠲᠧᠯᠸᠢᠰ ᠴᠢᠮᠡᠭᠡ ᠨᠡᠪᠳᠡᠷᠡᠯᠭᠡ ᠶᠢ ᠨᠡᠪᠳᠡᠷᠡᠭᠦᠯᠬᠦ ᠵᠡᠷᠭᠡ ᠢᠨᠵᠧᠨᠧᠷᠢᠩ ᠤᠨ ᠪᠠᠷᠢᠮᠵᠢᠶ᠎ᠠ ᠶᠢ ᠳᠡᠭᠡᠭᠰᠢᠯᠡᠭᠦᠯᠦᠨ ᠳᠠᠯᠠᠪᠠᠢ ᠶᠢ ᠦᠷᠭᠡᠳᠭᠡᠵᠣ᠂ ᠳᠠᠷᠠᠭᠠᠴᠢ  ᠶᠢᠨ ᠬᠠᠮᠢᠶᠠᠷᠣᠯᠳᠠ ᠬᠠᠮᠠᠭᠠᠯᠠᠯᠳᠠ ᠪᠠᠨ ᠴᠢᠩᠭᠠᠳᠬᠠᠨ᠂ ᠪᠦᠲᠦᠭᠡᠨ ᠪᠠᠶᠢᠭᠤᠯᠣᠯᠳᠠ ᠶᠢᠨ ᠦᠷ᠎ᠡ ᠪᠦᠲᠦᠭᠡᠯ ᠢᠶᠠᠨ ᠪᠠᠬᠢᠵᠢᠭᠦᠯᠦᠨ᠂ ᠵᠢᠱᠢᠶᠡᠴᠢ ᠳᠣᠰᠬᠤᠨ ᠢ ᠪᠦᠲᠦᠭᠡᠨ ᠪᠠᠶᠢᠭᠤᠯᠬᠤ ᠪᠠ ᠬᠦᠳᠡᠭᠡ ᠳᠣᠰᠬᠤᠨ ᠮᠠᠯᠵᠢᠬᠤ ᠣᠷᠣᠨ ᠤ ᠰᠠᠭᠤᠷᠢ ᠲᠦᠭᠦᠭᠡᠷᠦᠮᠵᠢ ᠶᠢᠨ ᠪᠠᠶᠢᠩᠭᠤ ᠶᠢᠨ ᠬᠠᠮᠢᠶᠠᠷᠣᠯᠳᠠ ᠬᠠᠮᠠᠭᠠᠯᠠᠯᠳᠠ ᠶᠢᠨ ᠳᠣᠭᠳᠠᠯᠴᠠᠭ᠎ᠠ ᠶᠢ ᠪᠣᠢ ᠪᠣᠯᠭᠠᠬᠤ  ᠶᠢ ᠲᠦᠯᠬᠢᠨ ᠠᠬᠢᠭᠤᠯᠣᠨ᠎ᠠ᠃ ᠬᠦᠮᠦᠨ ᠮᠠᠯ ᠤᠨ ᠠᠶᠣᠯᠭᠦᠢ ᠣᠣᠭᠤᠬᠤ ᠣᠰᠣ᠂ ᠬᠠᠰᠢᠶ᠎ᠠ ᠬᠤᠷᠤᠭ᠎ᠠ᠂ ᠡᠪᠡᠰᠦ ᠪᠣᠷᠳᠤᠭ᠎ᠠ ᠨᠦᠬᠡᠴᠡᠯᠡᠨ ᠬᠠᠳᠠᠭᠠᠯᠠᠬᠤ ᠰᠠᠭᠤᠷᠢᠨ᠂ ᠮᠠᠯ ᠲᠡᠵᠢᠭᠡᠪᠦᠷᠢ ᠶᠢᠨ ᠫᠧᠩ ᠬᠠᠰᠢᠶ᠎ᠠ᠂ ᠬᠦᠷᠦᠰᠦ ᠰᠢᠷᠣᠢ ᠶᠢ ᠰᠠᠶᠢᠵᠢᠷᠠᠭᠤᠯᠬᠤ᠂ ᠴᠠᠭ ᠠᠭᠤᠷ ᠤᠨ ᠭᠠᠮᠰᠢᠭ ᠠᠴᠠ ᠰᠡᠷᠭᠡᠶᠢᠯᠡᠨ ᠪᠠᠭᠠᠰᠬᠠᠬᠤ ᠰᠢᠰᠲ᠋ᠧᠮ ᠵᠡᠷᠭᠡ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠣᠯᠳᠠ ᠶᠢ ᠦᠷᠭᠦᠯᠵᠢᠯᠡᠨ ᠲᠦᠯᠬᠢᠨ ᠠᠬᠢᠭᠤᠯᠵᠣ᠂ ᠲᠠᠷᠢᠶᠠᠯᠠᠩ ᠮᠠᠯ ᠠᠵᠣ ᠠᠬᠤᠢ ᠶᠢᠨ ᠬᠦᠭᠵᠢᠯᠳᠡ ᠶᠢᠨ ᠰᠠᠭᠤᠷᠢ ᠶᠢ ᠪᠠᠳᠣᠳᠬᠠᠨ᠂ ᠭᠠᠮᠰᠢᠭ ᠠᠴᠠ ᠰᠡᠷᠭᠡᠶᠢᠯᠡᠨ ᠵᠠᠶᠢᠯᠠᠬᠤ ᠴᠢᠳᠠᠪᠣᠷᠢ ᠶᠢ ᠳᠡᠭᠡᠭᠰᠢᠯᠡᠭᠦᠯᠦᠨ᠎ᠡ᠃ ᠬᠦᠮᠦᠨ ᠲᠦᠷᠦᠯᠬᠢᠲᠡᠨ ᠣᠷᠣᠰᠢᠨ ᠰᠠᠭᠤᠬᠤ ᠳᠤ ᠳᠣᠬᠢᠯᠢᠭ ᠣᠷᠴᠢᠨ ᠤ ᠵᠠᠰᠠᠨ ᠴᠡᠭᠴᠡᠯᠡᠯᠳᠡ ᠪᠠᠨ ᠴᠢᠩᠭᠠᠳᠬᠠᠨ᠂ ᠦᠵᠡᠰᠭᠦᠯᠡᠩ ᠰᠠᠶᠢᠬᠠᠨ ᠬᠦᠳᠡᠭᠡ ᠳᠣᠰᠬᠤᠨ ᠢ ᠪᠦᠲᠦᠭᠡᠨ ᠪᠠᠶᠢᠭᠤᠯᠬᠤ ᠢᠨᠵᠧᠨᠧᠷᠢᠩ ᠢ ᠬᠡᠷᠡᠭᠵᠢᠭᠦᠯᠵᠣ᠂ ᠬᠦᠳᠡᠭᠡ ᠳᠣᠰᠬᠤᠨ ᠮᠠᠯᠵᠢᠬᠤ ᠣᠷᠣᠨ ᠤ ᠬᠦᠮᠦᠨ ᠲᠦᠷᠦᠯᠬᠢᠳᠡᠨ ᠣᠷᠣᠰᠢᠨ ᠰᠠᠭᠤᠬᠤ ᠳᠤ ᠳᠣᠬᠢᠯᠢᠭ ᠣᠷᠴᠢᠨ ᠢ ᠵᠠᠰᠠᠨ ᠴᠡᠭᠴᠡᠯᠡᠬᠦ ᠲᠦᠯᠦᠪᠯᠡᠭᠡ ᠶᠢ ᠰᠣᠳᠣᠯᠣᠨ ᠳᠣᠭᠳᠠᠭᠠᠵᠣ ᠦᠷᠨᠢᠭᠦᠯᠦᠨ᠂ ᠬᠦᠳᠡᠭᠡ ᠳᠣᠰᠬᠤᠨ ᠮᠠᠯᠵᠢᠬᠤ ᠣᠷᠣᠨ ᠤ ᠬᠤᠭ ᠨᠣᠪᠰᠢ ᠶᠢ ᠬᠤᠷᠢᠶᠠᠨ ᠰᠢᠢᠳᠪᠦᠷᠢᠯᠡᠨ ᠪᠣᠬᠢᠷ ᠣᠰᠣ ᠶᠢ ᠴᠡᠪᠡᠷᠰᠢᠭᠦᠯᠬᠦ᠂ ᠠᠷᠢᠭᠤᠨ ᠴᠡᠪᠡᠷ ᠵᠣᠷᠯᠣᠩ ᠢ ᠵᠠᠰᠠᠨ ᠰᠢᠨᠡᠴᠢᠯᠡᠬᠦ᠂ ᠨᠣᠭᠤᠭᠠᠵᠢᠭᠤᠯᠣᠯᠳᠠ ᠭᠤᠶᠣᠵᠢᠭᠤᠯᠣᠯᠳᠠ ᠭᠡᠭᠡᠵᠢᠭᠦᠯᠦᠯᠳᠡ ᠵᠡᠷᠭᠡ ᠶᠡᠷᠦᠩᠬᠡᠶᠢᠯᠡᠭᠰᠡᠨ ᠵᠠᠰᠠᠨ ᠴᠡᠭᠴᠡᠯᠡᠯᠳᠡ ᠶᠢ ᠦᠷᠨᠢᠭᠦᠯᠦᠨ᠎ᠡ᠃ ᠭᠤᠷᠪᠠᠳᠣᠭᠠᠷ ᠬᠡᠰᠡᠭ   ᠪᠣᠳᠠᠰ ᠤᠨ ᠪᠣᠯᠪᠠᠰᠣᠨ ᠪᠣᠯᠣᠨ ᠣᠶᠣᠨ ᠤ ᠪᠣᠯᠪᠠᠰᠣᠨ ᠤ ᠵᠣᠬᠢᠴᠠᠩᠭᠤᠢ ᠬᠦᠭᠵᠢᠯᠳᠡ ᠶᠢ ᠲᠦᠯᠬᠢᠨ ᠠᠬᠢᠭᠤᠯᠣᠨ᠎ᠠ       ᠨᠡᠶᠢᠭᠡᠮ ᠵᠢᠷᠣᠮ ᠤᠨ ᠭᠤᠣᠯᠯᠠᠬᠤ ᠦᠷᠳᠡᠭ ᠤᠨ ᠦᠵᠡᠯᠳᠡ ᠶᠢ ᠦᠢᠯᠡᠳᠦᠯᠭᠡᠵᠢᠭᠦᠯᠦᠨ᠎ᠡ᠃ ᠨᠡᠶᠢᠭᠡᠮ ᠵᠢᠷᠣᠮ ᠤᠨ ᠭᠤᠣᠯᠯᠠᠬᠤ ᠦᠷᠳᠡᠭ ᠤᠨ ᠰᠢᠰᠲ᠋ᠧᠮ ᠤᠨ ᠬᠦᠮᠦᠵᠢᠯ ᠪᠠ ᠳᠣᠮᠳᠠᠳᠣ ᠶᠢᠨ ᠦᠨᠳᠦᠰᠦᠳᠡᠨ ᠢᠶᠠᠨ ᠰᠡᠷᠭᠦᠭᠡᠨ ᠮᠠᠨᠳᠣᠭᠤᠯᠬᠤ ᠠᠭᠤᠣ ᠶᠡᠭᠡ ᠬᠦᠰᠡᠯ ᠵᠣᠷᠢᠯᠳᠠ ᠶᠢᠨ ᠬᠦᠮᠦᠵᠢᠯ ᠢ ᠴᠢᠩᠭᠠᠳᠬᠠᠨ᠂ ᠣᠯᠣᠰ ᠢᠶᠠᠨ ᠬᠠᠶᠢᠷᠠᠯᠠᠬᠤ ᠦᠵᠡᠯ ᠢᠶᠠᠷ ᠭᠤᠣᠯ ᠪᠣᠯᠭᠠᠭᠰᠠᠨ ᠦᠨᠳᠦᠰᠦᠳᠡᠨ ᠤ ᠵᠣᠷᠢᠭ ᠰᠠᠨᠠᠭ᠎ᠠ ᠪᠠ ᠦᠬᠡᠷᠡᠴᠢᠯᠡᠨ ᠰᠢᠨ᠎ᠡ ᠶᠢ ᠡᠭᠦᠳᠬᠦ ᠪᠠᠷ ᠭᠤᠣᠯ ᠪᠣᠯᠭᠠᠭᠰᠠᠨ ᠴᠠᠭ ᠡᠷᠡᠨ ᠤ ᠵᠣᠷᠢᠭ ᠰᠠᠨᠠᠭ᠎ᠠ ᠶᠢ ᠶᠡᠭᠡ ᠪᠠᠷ ᠣᠯᠠᠮᠵᠢᠯᠠᠨ ᠰᠣᠷᠳᠠᠯᠴᠢᠯᠠᠵᠣ᠂ ᠨᠡᠶᠢᠭᠡᠮ ᠵᠢᠷᠣᠮ ᠤᠨ ᠭᠤᠣᠯᠯᠠᠬᠤ ᠦᠷᠳᠡᠭ ᠤᠨ ᠦᠵᠡᠯᠳᠡ ᠶᠢ ᠴᠢᠷᠮᠠᠶᠢᠨ ᠦᠢᠯᠡᠳᠦᠯᠭᠡᠵᠢᠭᠦᠯᠦᠨ᠂ ᠣᠯᠣᠰ ᠢᠶᠠᠨ ᠬᠠᠶᠢᠷᠠᠯᠠᠬᠤ ᠦᠵᠡᠯ᠂ ᠬᠠᠮᠳᠣᠴᠢ ᠦᠵᠡᠯ᠂ ᠨᠡᠶᠢᠭᠡᠮ ᠵᠢᠷᠣᠮ ᠤᠨ ᠬᠦᠮᠦᠵᠢᠯ ᠢ ᠦᠷᠭᠡᠨ ᠢᠶᠠᠷ ᠦᠷᠨᠢᠭᠦᠯᠵᠣ᠂ ᠵᠦᠪ ᠣᠨᠣᠪᠴᠢᠳᠠᠢ ᠦᠷᠳᠡᠭ ᠤᠨ ᠵᠦᠭᠯᠡᠭᠦᠷ ᠢ ᠪᠣᠢ ᠪᠣᠯᠭᠠᠨ᠂ ︽ᠪᠠᠶᠠᠨ ᠴᠢᠨᠡᠭᠡᠯᠢᠭ᠂ ᠠᠷᠠᠳᠴᠢᠯᠠᠭᠰᠠᠨ᠂ ᠪᠣᠯᠪᠠᠰᠣᠨ᠂ ᠡᠶ᠎ᠡ ᠵᠣᠬᠢᠴᠠᠩᠭᠤᠢ᠂ ᠡᠷᠬᠡ ᠴᠢᠯᠦᠭᠡ ᠲᠠᠢ᠂ ᠡᠷᠬᠡ ᠳᠡᠭᠰᠢ᠂ ᠲᠦᠪ ᠭᠤᠣᠯᠴᠢ᠂ ᠬᠠᠦᠯᠢ ᠪᠠᠷ ᠵᠠᠰᠠᠬᠤ᠂ ᠣᠯᠣᠰ  ᠢᠶᠠᠨ ᠬᠠᠶᠢᠷᠠᠯᠠᠬᠤ᠂ ᠠᠵᠢᠯ ᠢᠶᠠᠨ ᠳᠡᠭᠡᠳᠦᠯᠡᠬᠦ᠂ ᠦᠨᠡᠨᠴᠢ ᠢᠳᠡᠭᠡᠯ ᠲᠠᠢ᠂ ᠡᠶ᠎ᠡ ᠨᠠᠶᠢᠷ ᠲᠠᠢ︾ ᠨᠡᠶᠢᠭᠡᠮ ᠵᠢᠷᠣᠮ  ᠤᠨ ᠭᠤᠣᠯᠯᠠᠬᠤ ᠦᠷᠳᠡᠭ ᠤᠨ ᠦᠵᠡᠯᠳᠡ ᠶᠢ ᠪᠦᠬᠦ ᠬᠤᠳᠠ ᠶᠢᠨ ᠡᠯ᠎ᠡ ᠦᠨᠳᠦᠰᠦᠳᠡᠨ ᠤ ᠠᠷᠠᠳ ᠲᠦᠮᠡᠨ ᠤ ᠬᠠᠮᠳᠣ ᠶᠢᠨ ᠦᠷᠳᠡᠭ ᠤᠨ ᠬᠦᠬᠡᠬᠡᠴᠡᠯᠳᠦᠯ ᠪᠣᠯᠭᠠᠨ᠎ᠠ᠃ ︽ᠳᠣᠮᠳᠠᠳᠣ ᠶᠢᠨ ᠬᠦᠰᠡᠯ ᠵᠡᠭᠦᠳᠣ︾ ᠪᠠᠷ ᠭᠤᠣᠯ ᠰᠡᠳᠦᠪ ᠪᠣᠯᠭᠠᠭᠰᠠᠨ ᠰᠣᠶᠣᠯ ᠤᠨ ᠰᠢᠯᠢᠳᠡᠭ ᠪᠦᠲᠦᠭᠡᠯ ᠢ ᠵᠣᠬᠢᠶᠠᠨ ᠪᠦᠲᠦᠭᠡᠬᠦ ᠶᠢ ᠴᠢᠩᠭᠠᠳᠬᠠᠨ᠂ ᠳᠣᠮᠳᠠᠳᠣ ᠶᠢᠨ ᠵᠣᠷᠢᠭ ᠰᠠᠨᠠᠭ᠎ᠠ ᠶᠢ ᠣᠯᠠᠮᠵᠢᠯᠠᠨ ᠳᠡᠯᠭᠡᠷᠡᠭᠦᠯᠵᠣ᠂ ᠳᠣᠮᠳᠠᠳᠣ ᠶᠢᠨ ᠦᠷᠳᠡᠭ ᠢ ᠣᠯᠠᠮᠵᠢᠯᠠᠨ ᠳᠠᠷᠬᠠᠭᠠᠵᠣ᠂ ᠳᠣᠮᠳᠠᠳᠣ ᠶᠢᠨ ᠬᠦᠴᠦᠨ ᠢ ᠨᠢᠭᠳᠠᠷᠠᠭᠤᠯᠣᠨ᠎ᠠ᠃ ᠨᠠᠰᠣᠨ ᠳᠤ ᠬᠦᠷᠦᠭᠡᠳᠦᠢ ᠬᠮᠦᠰ ᠤᠨ ᠦᠵᠡᠯ ᠰᠠᠨᠠᠭ᠎ᠠ ᠶᠣᠰᠣ ᠰᠣᠷᠳᠠᠬᠤᠨ ᠤ ᠪᠠᠶᠢᠭᠤᠯᠣᠯᠳᠠ ᠪᠠ ᠶᠡᠭᠡ ᠰᠣᠷᠭᠠᠭᠤᠯᠢ ᠶᠢᠨ ᠣᠶᠣᠳᠠᠳ ᠤᠨ ᠦᠵᠡᠯ ᠰᠠᠨᠠᠭ᠎ᠠ ᠣᠯᠣᠰ ᠲᠦᠷᠦ ᠶᠢᠨ ᠬᠦᠮᠦᠵᠢᠯ ᠢ ᠬᠦᠨᠵᠡᠭᠡᠢ ᠲᠦᠯᠬᠢᠨ ᠠᠬᠢᠭᠤᠯᠵᠣ᠂ ᠰᠢᠨᠵᠢᠯᠡᠬᠦ ᠣᠬᠠᠭᠠᠨᠴᠢ ᠵᠣᠷᠢᠭ ᠰᠠᠨᠠᠭ᠎ᠠ ᠶᠢ ᠣᠯᠠᠮᠵᠢᠯᠠᠨ ᠳᠡᠯᠭᠡᠷᠡᠭᠦᠯᠵᠣ᠂ ᠬᠦᠮᠦᠡᠯᠢᠭ ᠬᠠᠶᠢᠷ᠎ᠠ ᠬᠠᠯᠠᠮᠵᠢ ᠶᠢ ᠴᠢᠩᠭᠠᠳᠬᠠᠨ᠂ ᠬᠦᠴᠦᠯᠡᠨ ᠴᠢᠷᠮᠠᠶᠢᠵᠣ ᠦᠬᠡᠳᠡᠯᠡᠨ ᠳᠠᠪᠰᠢᠬᠤ᠂ ᠣᠶᠣᠨ ᠣᠬᠠᠭᠠᠨ ᠡᠶᠡᠯᠳᠡᠭ ᠰᠠᠶᠢᠬᠠᠨ᠂ ᠨᠡᠭᠡᠭᠡᠯᠳᠡ ᠪᠠᠭᠳᠠᠭᠠᠮᠵᠢ ᠲᠠᠢ ᠨᠡᠶᠢᠭᠡᠮ ᠤᠨ ᠣᠷᠴᠢᠨ ᠢ ᠴᠢᠷᠮᠠᠶᠢᠨ ᠪᠣᠢ ᠪᠣᠯᠭᠠᠨ᠎ᠠ᠃      ᠡᠷᠬᠡᠳᠣ ᠠᠷᠠᠳ ᠤᠨ ᠪᠣᠯᠪᠠᠰᠣᠨ ᠬᠡᠪ ᠴᠢᠨᠰᠠᠭ᠎ᠠ ᠶᠢ ᠳᠡᠭᠡᠭᠰᠢᠯᠡᠭᠦᠯᠦᠨ᠎ᠡ᠃ ᠨᠡᠶᠢᠭᠡᠮ ᠵᠢᠷᠣᠮ ᠤᠨ ᠣᠶᠣᠨ ᠤ ᠪᠣᠯᠪᠠᠰᠣᠨ ᠤ ᠪᠠᠶᠢᠭᠤᠯᠣᠯᠳᠠ ᠶᠢ ᠣᠯᠠᠮ ᠨᠢᠭᠡᠨ ᠠᠯᠬᠤᠮ ᠲᠦᠯᠬᠢᠨ ᠠᠬᠢᠭᠤᠯᠵᠣ᠂ ᠨᠡᠶᠢᠭᠡᠮ ᠤᠨ ᠨᠡᠶᠢᠳᠡ ᠶᠢᠨ ᠶᠣᠰᠣ ᠰᠣᠷᠳᠠᠬᠤᠨ᠂ ᠳᠣᠬᠠᠶᠢᠯᠠᠭᠰᠠᠨ ᠠᠵᠢᠯ ᠤᠨ ᠶᠣᠰᠣ ᠰᠣᠷᠳᠠᠬᠤᠨ᠂ ᠭᠡᠷ ᠪᠦᠯᠢ ᠶᠢᠨ ᠶᠣᠰᠣ ᠰᠣᠷᠳᠠᠬᠤᠨ᠂ ᠬᠤᠪᠢ ᠬᠦᠮᠦᠨ ᠤ ᠵᠠᠩ ᠰᠣᠷᠳᠠᠬᠤᠨ ᠤ ᠬᠦᠮᠦᠵᠢᠯ ᠢ ᠴᠢᠩᠭᠠᠳᠬᠠᠨ᠂ ᠰᠢᠯᠢᠳᠡᠭ ᠰᠣᠶᠣᠯ ᠪᠠ ᠣᠯᠠᠮᠵᠢᠯᠠᠯᠳᠣ ᠶᠣᠰᠣ ᠰᠣᠷᠳᠠᠬᠤᠨ ᠢ ᠣᠯᠠᠮᠵᠢᠯᠠᠨ ᠳᠡᠯᠭᠡᠷᠡᠭᠦᠯᠵᠣ᠂ ᠲᠡᠷᠢᠭᠦᠨ ᠵᠢᠱᠢᠶᠡᠴᠢ ᠶᠢ ᠦᠨᠡᠯᠡᠨ ᠰᠢᠯᠭᠠᠵᠣ ᠰᠣᠩᠭᠤᠨ ᠰᠢᠯᠭᠠᠷᠠᠭᠤᠯᠬᠤ ᠣᠬᠠᠭᠤᠯᠭ᠎ᠠ ᠶᠢᠨ ᠬᠦᠴᠦᠯᠡᠴᠡ ᠪᠠᠨ ᠶᠡᠬᠡᠰᠬᠡᠨ᠂ ᠶᠣᠰᠣ ᠰᠣᠷᠳᠠᠬᠤᠨ ᠤ ᠬᠦᠷᠢᠶᠡᠨ ᠤ ᠳᠣᠪᠣᠶᠢᠮ᠎ᠠ ᠠᠰᠠᠭᠤᠳᠠᠯ ᠳᠤ ᠳᠣᠰᠬᠠᠢ ᠬᠦᠮᠦᠵᠢᠯ ᠪᠠ ᠵᠠᠰᠠᠨ ᠴᠡᠭᠴᠡᠯᠡᠯᠳᠡ ᠪᠠᠨ ᠬᠦᠨᠵᠡᠭᠡᠶᠢᠷᠡᠭᠦᠯᠵᠣ᠂ ᠬᠠᠦᠯᠢ ᠪᠠᠷ ᠵᠠᠰᠠᠬᠤ  ᠶᠢᠨ ᠶᠣᠰᠣ ᠰᠣᠷᠳᠠᠬᠤᠨ ᠤ ᠠᠭᠤᠯᠠᠭᠳᠠᠬᠤᠨ ᠢ ᠨᠡᠮᠡᠭᠳᠡᠭᠦᠯᠦᠨ᠂ ᠲᠦᠷᠢᠮᠳᠣ ᠣᠬᠠᠮᠰᠠᠷ ᠢ ᠴᠢᠩᠭᠠᠳᠬᠠᠵᠣ᠂ ᠭᠡᠷ᠎ᠡ ᠬᠡᠯᠡᠯᠴᠡᠭᠡᠷ ᠤᠨ ᠵᠣᠷᠢᠭ ᠰᠠᠨᠠᠭ᠎ᠠ ᠶᠢ ᠰᠠᠨᠠᠭᠠᠴᠢᠯᠠᠨ᠂ ᠨᠡᠶᠢᠳᠡ ᠶᠢᠨ ᠡᠮᠬᠢ ᠵᠢᠷᠣᠮ ᠢ ᠰᠠᠬᠢᠨ ᠴᠠᠶᠢᠯᠭᠠᠨ ᠬᠡᠪ ᠵᠠᠩᠰᠢᠯ ᠳᠤ ᠨᠡᠶᠢᠴᠡᠭᠦ ᠶᠢ ᠣᠬᠠᠭᠤᠯᠵᠣ᠂ ᠬᠦᠮᠦᠰ ᠤᠨ ᠬᠠᠦᠯᠢ ᠳᠤ ᠳᠣᠭᠳᠠᠭᠠᠭᠰᠠᠨ ᠡᠭᠦᠷᠭᠡ᠂ ᠨᠡᠶᠢᠭᠡᠮ ᠤᠨ ᠬᠠᠷᠢᠭᠤᠴᠠᠯᠭ᠎ᠠ᠂ ᠭᠡᠷ ᠪᠦᠯᠢ ᠶᠢᠨ ᠬᠠᠷᠢᠭᠤᠴᠠᠯᠭ᠎ᠠ ᠪᠠᠨ ᠰᠠᠨᠠᠭᠠᠴᠢᠯᠠᠭ᠎ᠠ ᠠᠴᠠ ᠪᠠᠨ ᠭᠦᠢᠴᠡᠳᠭᠡᠬᠦ ᠶᠢ ᠣᠳᠣᠷᠢᠳᠣᠨ ᠵᠢᠯᠣᠭᠤᠳᠴᠣ᠂ ᠡᠷᠬᠡᠳᠣ ᠠᠷᠠᠳ ᠤᠨ ᠦᠵᠡᠯ ᠰᠠᠨᠠᠭ᠎ᠠ ᠶᠣᠰᠣ ᠰᠣᠷᠳᠠᠬᠤᠨ ᠤ ᠬᠡᠪ ᠴᠢᠨᠰᠠᠭ᠎ᠠ᠂ ᠰᠢᠨᠵᠢᠯᠡᠬᠦ ᠣᠬᠠᠭᠠᠨᠴᠢ ᠰᠣᠶᠣᠯ ᠤᠨ ᠬᠡᠪ ᠴᠢᠨᠰᠠᠭ᠎ᠠ ᠪᠠ ᠡᠷᠡᠭᠦᠯ ᠴᠢᠬᠢᠷᠠᠭ ᠬᠡᠪ ᠴᠢᠨᠰᠠᠭ᠎ᠠ ᠶᠢ ᠳᠠᠰᠣᠷᠠᠯᠳᠠ ᠦᠬᠡᠢ ᠳᠡᠭᠡᠭᠰᠢᠯᠡᠭᠦᠯᠦᠨ᠎ᠡ᠃ ᠪᠣᠯᠪᠠᠰᠣᠨ ᠨᠢᠭᠡᠴᠡ ᠪᠠ ᠪᠣᠯᠪᠠᠰᠣᠨ ᠨᠡᠶᠢᠭᠡᠮ ᠳᠣᠭᠤᠷᠢᠭ ᠢ ᠴᠣᠭᠴᠠᠯᠠᠨ ᠪᠠᠶᠢᠭᠤᠯᠬᠤ ᠶᠢ ᠶᠡᠭᠡ ᠪᠠᠷ ᠲᠦᠯᠬᠢᠨ ᠠᠬᠢᠭᠤᠯᠵᠣ᠂ ᠣᠯᠠᠨ ᠲᠦᠮᠡᠨᠴᠢ ᠣᠶᠣᠨ ᠤ ᠪᠣᠯᠪᠠᠰᠣᠨ ᠢ ᠴᠣᠭᠴᠠᠯᠠᠨ ᠪᠠᠶᠢᠭᠤᠯᠬᠤ ᠠᠵᠢᠯᠯᠠᠭ᠎ᠠ ᠶᠢ ᠦᠷᠭᠡᠳᠭᠡᠨ᠎ᠡ᠃ ᠡᠯ᠎ᠡ ᠲᠦᠷᠦᠯ ᠤᠨ ᠰᠠᠶᠢᠨ ᠳᠣᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠶᠢ ᠦᠷᠭᠡᠨ ᠢᠶᠠᠷ ᠦᠷᠨᠢᠭᠦᠯᠵᠣ᠂ ᠪᠦᠬᠦ ᠣᠯᠣᠰ ᠤᠨ ᠪᠣᠯᠪᠠᠰᠣᠨ ᠬᠤᠳᠠ ᠶᠢ ᠴᠣᠭᠴᠠᠯᠠᠨ ᠪᠠᠶᠢᠭᠤᠯᠬᠤ ᠠᠵᠢᠯ ᠢ ᠪᠡᠶᠡᠯᠡᠭᠦᠯᠦᠨ᠎ᠡ᠃ ᠰᠣᠶᠣᠯ ᠤᠨ ᠠᠵᠢᠯ ᠦᠢᠯᠡᠰ ᠢ ᠴᠡᠴᠡᠭᠯᠡᠭᠦᠯᠦᠨ ᠬᠦᠭᠵᠢᠭᠦᠯᠦᠨ᠎ᠡ᠃ ᠨᠡᠶᠢᠭᠡᠮ ᠤᠨ ᠲᠡᠷᠢᠭᠦᠨ ᠰᠣᠶᠣᠯ ᠤᠨ ᠳᠠᠪᠰᠢᠯᠳᠠ ᠶᠢᠨ ᠴᠢᠭᠯᠡᠯ ᠢ ᠪᠠᠷᠢᠮᠳᠠᠯᠠᠨ᠂ ᠬᠢᠯᠢ ᠶᠢᠨ ᠪᠣᠭᠤᠮᠳᠠ ᠶᠢᠨ ᠰᠣᠶᠣᠯ᠂ ᠣᠯᠠᠭᠠᠴᠢ ᠦᠷᠳᠡᠭᠡᠨ ᠤ ᠰᠣᠶᠣᠯ᠂ ᠮᠣᠩᠭᠤᠯ ᠶᠣᠸᠠᠨ ᠤ ᠰᠣᠶᠣᠯ᠂ ᠠᠳᠣᠭᠤᠨ ᠰᠣᠶᠣᠯ ᠵᠡᠷᠭᠡ ᠡᠬᠢ ᠪᠠᠶᠠᠯᠢᠭ ᠢ ᠬᠦᠨᠵᠡᠭᠡᠢ ᠬᠠᠶᠢᠨ ᠪᠦᠲᠦᠮᠵᠢᠲᠡᠢ ᠠᠰᠢᠭᠯᠠᠵᠣ᠂ ᠰᠣᠶᠣᠯ ᠤᠨ ᠴᠢᠳᠠᠪᠣᠷᠢᠳᠠᠨ ᠢ ᠳᠠᠳᠠᠨ ᠣᠷᠣᠭᠤᠯᠬᠤ ᠬᠦᠮᠦᠵᠢᠭᠦᠯᠬᠦ ᠪᠠ ᠬᠡᠷᠡᠭᠯᠡᠬᠦ ᠪᠠᠨ ᠴᠢᠩᠭᠠᠳᠬᠠᠨ ᠂ ᠰᠢᠯᠢᠳᠡᠭ ᠰᠣᠶᠣᠯ ᠤᠨ ᠪᠦᠲᠦᠭᠡᠭᠳᠡᠭᠦᠨ ᠡᠭᠦᠳᠦᠨ ᠪᠦᠲᠦᠭᠡᠬᠦ ᠶᠢ ᠳᠡᠳᠭᠦᠨ ᠳᠡᠮᠵᠢᠵᠣ᠂ ᠣᠳᠬ᠎ᠠ ᠵᠣᠬᠢᠶᠠᠯ ᠣᠷᠠᠯᠢᠭ᠂ ᠷᠠᠳᠢᠣ᠋ ᠲᠧᠯᠸᠢᠰ ᠺᠢᠨᠣ᠋ ᠵᠦᠴᠦᠭᠡ ᠵᠡᠷᠭᠡ ᠰᠣᠶᠣᠯ ᠤᠨ ᠠᠵᠣ ᠦᠢᠯᠡᠰ ᠢ ᠴᠡᠴᠡᠭᠯᠡᠭᠦᠯᠦᠨ ᠬᠦᠭᠵᠢᠭᠦᠯᠦᠨ᠎ᠡ ᠃ ᠰᠣᠶᠣᠯ ᠤᠨ ᠪᠠᠶᠢᠭᠤᠯᠣᠮᠵᠢ ᠶᠢᠨ ᠦᠭᠡᠷᠡᠴᠢᠯᠡᠯᠳᠡ ᠶᠢ ᠬᠦᠨᠵᠡᠭᠡᠶᠢᠷᠡᠭᠦᠯᠦᠨ᠂ ᠬᠦᠨᠳᠦ ᠴᠢᠬᠤᠯᠠ ᠰᠣᠶᠣᠯ ᠤᠨ ᠢᠨᠵᠧᠨᠧᠷᠢᠩ ᠢ ᠬᠡᠷᠡᠭᠵᠢᠭᠦᠯᠵᠣ᠂ ᠣᠯᠠᠨ ᠨᠡᠶᠢᠳᠡ ᠶᠢᠨ ᠰᠣᠶᠣᠯ ᠤᠨ ᠦᠢᠯᠡᠴᠢᠯᠡᠬᠡᠨ ᠤ ᠰᠢᠰᠲ᠋ᠧᠮ᠂ ᠰᠣᠶᠣᠯ ᠤᠨ ᠠᠵᠣ ᠦᠢᠯᠡᠰ ᠤᠨ ᠰᠢᠰᠲ᠋ᠧᠮ᠂ ᠰᠣᠶᠣᠯ ᠤᠨ ᠵᠠᠬ᠎ᠠ ᠳᠡᠯᠭᠡᠭᠦᠷ ᠤᠨ ᠰᠢᠰᠲ᠋ᠧᠮ ᠢ ᠳᠡᠭᠦᠯᠳᠡᠷᠵᠢᠭᠦᠯᠦᠨ᠎ᠡ᠃ ᠰᠢᠨ᠎ᠡ ᠪᠠᠶᠢᠳᠠᠯ ᠳᠣᠣᠷᠠᠬᠢ ᠳᠠᠩᠰᠠ ᠡᠪᠬᠡᠮᠡᠯ ᠪᠠ ᠳᠡᠦᠬᠡ ᠱᠠᠰᠲᠢᠷ ᠤᠨ ᠠᠵᠢᠯ ᠢ ᠴᠢᠩᠭᠠᠳᠬᠠᠬᠤ ᠪᠠ ᠦᠭᠡᠷᠡᠴᠢᠯᠡᠨ ᠰᠢᠨᠡᠴᠢᠯᠡᠵᠣ᠂ ᠳᠠᠩᠰᠠ ᠡᠪᠬᠡᠮᠡᠯ ᠤᠨ ᠰᠠᠯᠠᠭ᠎ᠠ ᠮᠦᠴᠢᠷ ᠤᠨ ᠬᠠᠦᠯᠢ ᠶᠣᠰᠣ ᠪᠠᠷ ᠬᠠᠷᠢᠭᠤᠴᠠᠯᠭ᠎ᠠ ᠪᠠᠨ ᠭᠦᠢᠴᠡᠳᠭᠡᠬᠦ ᠴᠢᠳᠠᠪᠣᠷᠢ ᠶᠢ ᠣᠯᠠᠮ ᠨᠢᠭᠡᠨ ᠠᠯᠬᠤᠮ ᠳᠡᠭᠡᠭᠰᠢᠯᠡᠭᠦᠯᠦᠨ᠂ ᠦᠢᠯᠡᠴᠢᠯᠡᠭᠡᠨ ᠤ ᠴᠢᠨᠠᠷ ᠢ ᠳᠡᠭᠡᠭᠰᠢᠯᠡᠭᠦᠯᠦᠨ᠎ᠡ᠃ ᠨᠣᠮ ᠤᠨ ᠰᠠᠩ᠂ ᠪᠠᠭᠠᠴᠣᠳ ᠤᠨ ᠣᠷᠳᠣᠨ᠂ ᠰᠣᠶᠣᠯ ᠣᠷᠠᠯᠢᠭ ᠤᠨ ᠲᠦᠪ ᠢ ᠲᠦᠷᠭᠡᠳᠭᠡᠨ ᠪᠠᠶᠢᠭᠤᠯᠵᠣ᠂ ᠨᠢᠭᠡ ᠪᠦᠯᠦᠭ ᠰᠣᠶᠣᠯ ᠤᠨ ᠦᠢᠯᠡᠳᠪᠦᠷᠢᠯᠡᠯ᠂ ᠰᠣᠶᠣᠯ ᠤᠨ ᠦᠢᠯᠡᠴᠢᠯᠡᠭᠡ᠂ ᠰᠣᠶᠣᠯ  ᠤᠨ ᠦᠵᠡᠰᠭᠦᠯᠡᠩ᠂ ᠰᠣᠶᠣᠯ ᠤᠨ ᠵᠢᠭᠠᠨ ᠰᠣᠷᠭᠠᠯᠳᠠ ᠰᠣᠯᠢᠯᠴᠠᠭ᠎ᠠ ᠵᠡᠷᠭᠡ ᠣᠯᠠᠨ ᠴᠢᠳᠠᠪᠬᠢᠳᠣ ᠰᠣᠶᠣᠯ ᠤᠨ ᠳᠣᠨᠤᠭ ᠲᠦᠭᠦᠭᠡᠷᠦᠮᠵᠢ ᠶᠢ ᠪᠣᠢ ᠪᠣᠯᠭᠠᠨ᠎ᠠ᠃      ᠦᠵᠡᠯ ᠰᠠᠨᠠᠭ᠎ᠠ ᠰᠣᠶᠣᠯ ᠤᠨ ᠪᠠᠬᠢᠯᠡᠯᠳᠡ ᠶᠢᠨ ᠪᠠᠶᠢᠭᠤᠯᠣᠯᠳᠠ ᠶᠢ ᠴᠢᠩᠭᠠᠳᠬᠠᠨ᠎ᠠ᠃ ᠵᠦᠪ ᠣᠨᠣᠪᠴᠢᠳᠠᠢ ᠶᠡᠷᠢᠶ᠎ᠡ ᠬᠡᠯᠡᠯᠴᠡᠭᠡᠨ ᠤ ᠬᠦᠲᠦᠯᠦᠮᠵᠢ ᠶᠢ ᠪᠠᠳᠣ ᠠᠳᠬᠤᠨ᠂ ᠨᠡᠶᠢᠭᠡᠮ ᠤᠨ ᠶᠠᠷᠢᠶ᠎ᠠ ᠬᠡᠯᠡᠯᠴᠡᠭᠡᠨ ᠤ ᠪᠠᠶᠢᠳᠠᠯ ᠤᠨ ᠣᠳᠣᠷᠢᠳᠣᠮᠵᠢ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠵᠣ᠂ ᠵᠦᠪ ᠡᠨᠧᠷᠬᠢ ᠶᠢ ᠣᠯᠠᠮᠵᠢᠯᠠᠨ ᠳᠠᠷᠬᠠᠭᠠᠨ᠎ᠠ᠃ ᠰᠦᠯᠵᠢᠶᠡᠨ ᠳᠡᠭᠡᠷᠡᠬᠢ ᠦᠵᠡᠯ ᠰᠠᠨᠠᠭ᠎ᠠ ᠰᠣᠶᠣᠯ ᠤᠨ ᠪᠠᠬᠢᠯᠡᠯᠳᠡ ᠶᠢᠨ ᠪᠠᠶᠢᠭᠤᠯᠣᠯᠳᠠ ᠶᠢ ᠴᠢᠩᠭᠠᠳᠬᠠᠨ᠂ ᠰᠦᠯᠵᠢᠶᠡᠨ ᠤ ᠠᠭᠤᠯᠭ᠎ᠠ ᠶᠢᠨ ᠪᠠᠶᠢᠭᠤᠯᠣᠯᠳᠠ ᠶᠢᠨ ᠢᠨᠵᠧᠨᠧᠷᠢᠩ ᠢ ᠬᠡᠷᠡᠭᠵᠢᠭᠦᠯᠵᠣ᠂ ᠢᠳᠡᠪᠬᠢᠲᠡᠢ ᠦᠭᠡᠳᠡᠯᠡᠨ ᠳᠠᠪᠰᠢᠬᠤ ᠰᠦᠯᠵᠢᠶᠡᠨ ᠤ ᠰᠣᠶᠣᠯ ᠢ ᠬᠦᠭᠵᠢᠭᠦᠯᠦᠨ᠂ ᠰᠦᠯᠵᠢᠶᠡᠨ ᠤ ᠣᠷᠴᠢᠨ ᠢ ᠠᠷᠢᠭᠤᠳᠬᠠᠨ᠎ᠠ᠃ ᠰᠢᠨ᠎ᠡ ᠬᠡᠯᠪᠡᠷᠢ ᠶᠢᠨ ᠵᠠᠭᠤᠴᠢᠯᠠᠭᠤᠷ ᠪᠠ ᠣᠯᠠᠮᠵᠢᠯᠠᠯᠳᠣ ᠵᠠᠭᠤᠴᠢᠯᠠᠭᠤᠷ ᠤᠨ ᠣᠶᠠᠯᠳᠣᠨ ᠬᠦᠭᠵᠢᠭᠦ ᠶᠢ ᠲᠦᠯᠬᠢᠨ ᠠᠬᠢᠭᠤᠯᠵᠣ᠂ ᠵᠠᠭᠤᠴᠢᠯᠠᠭᠤᠷ ᠤᠨ ᠳᠣᠭᠠᠴᠢᠯᠠᠭᠰᠠᠨ ᠪᠦᠲᠦᠭᠡᠨ ᠪᠠᠶᠢᠭᠤᠯᠣᠯᠳᠠ ᠶᠢ ᠲᠦᠷᠭᠡᠳᠭᠡᠨ᠎ᠡ᠃ ᠣᠯᠠᠨ ᠣᠯᠣᠰ ᠤᠨ ᠣᠯᠠᠮᠵᠢᠯᠠᠨ ᠳᠠᠷᠬᠠᠭᠠᠬᠤ ᠴᠢᠳᠠᠪᠣᠷᠢ ᠶᠢᠨ ᠪᠠᠶᠢᠭᠤᠯᠣᠯᠳᠠ ᠶᠢ ᠴᠢᠩᠭᠠᠳᠬᠠᠵᠣ᠂ ᠭᠠᠳᠠᠭᠠᠳᠣ ᠳᠤ ᠣᠯᠠᠮᠵᠢᠯᠠᠨ ᠳᠠᠷᠬᠠᠭᠠᠬᠤ᠂ ᠰᠣᠶᠣᠯ ᠤᠨ ᠰᠣᠯᠢᠯᠴᠠᠭ᠎ᠠ᠂ ᠰᠣᠶᠣᠯ ᠤᠨ ᠠᠷᠠᠯᠵᠢᠶᠠᠨ ᠤ ᠬᠡᠯᠪᠡᠷᠢ ᠳᠤ ᠰᠢᠨ᠎ᠡ ᠶᠢ ᠡᠭᠦᠳᠦᠨ᠂ ᠳᠣᠮᠳᠠᠳᠣ ᠶᠢᠨ ᠰᠣᠶᠣᠯ ᠤᠨ ᠭᠠᠷᠴᠣ ᠶᠠᠪᠣᠬᠤ ᠶᠢ ᠲᠦᠯᠬᠢᠨ ᠠᠬᠢᠭᠤᠯᠣᠨ᠎ᠠ᠃ ᠵᠢᠷᠭᠤᠳᠣᠭᠠᠷ ᠪᠦᠯᠦᠭ   ᠪᠣᠬᠢᠷᠳᠠᠯ ᠦᠬᠡᠢ ᠬᠥᠭᠵᠢᠯᠳᠡ ᠶᠢ ᠪᠠᠷᠢᠮᠳᠠᠯᠠᠵᠤ᠂ ᠪᠣᠯᠪᠠᠰᠣᠨ ᠠᠮᠢ ᠠᠬᠤᠢ ᠶᠢᠨ ᠰᠢᠨ᠎ᠡ ᠭᠡᠷ ᠣᠷᠣᠨ ᠢ ᠪᠠᠶᠢᠭᠤᠯᠣᠨ᠎ᠠ       ᠣᠷᠣᠨ ᠵᠠᠢ ᠶᠢᠨ ᠳᠥᠯᠥᠪᠵᠢᠭᠦᠯᠥᠯᠲᠡ ᠶᠢ ᠬᠡᠷᠡᠭᠵᠢᠭᠦᠯᠬᠦ ᠴᠢᠳᠠᠪᠦᠷᠢ ᠶᠢ ᠳᠡᠭᠡᠭᠰᠢᠯᠡᠭᠦᠯᠬᠦ ᠪᠠᠷ ᠰᠠᠭᠤᠷᠢ ᠪᠣᠯᠭᠠᠨ᠂ ᠠᠮᠢ ᠠᠬᠤᠢ ᠶᠢᠨ ᠣᠷᠴᠢᠨ ᠲᠣᠭᠤᠷᠢᠨ ᠤ ᠬᠠᠮᠠᠭᠠᠯᠠᠯᠲᠠ ᠳᠤ ᠬᠦᠴᠦ ᠲᠠᠯᠪᠢᠨ᠂ ᠡᠬᠢ ᠪᠠᠶᠠᠯᠢᠭ ᠠᠷᠪᠢᠯᠠᠬᠤ ᠬᠡᠯᠪᠡᠷᠢ ᠶᠢᠨ᠂ ᠤᠷᠴᠢᠨ ᠲᠤᠭᠤᠷᠢᠨ ᠳᠤ ᠨᠦᠬᠦᠷᠰᠡᠭ ᠬᠡᠯᠪᠡᠷᠢ ᠶᠢᠨ ᠨᠡᠶᠢᠭᠡᠮ ᠢ ᠪᠠᠶᠢᠭᠤᠯᠬᠤ ᠠᠬᠢᠴᠠ  ᠶᠢ ᠲᠥᠷᠭᠡᠳᠭᠡᠵᠣ᠂ ᠪᠣᠬᠢᠷᠳᠠᠯ ᠦᠬᠡᠢ ᠬᠥᠭᠵᠢᠯᠲᠡ ᠶᠢᠨ ᠬᠡᠯᠪᠡᠷᠢ ᠪᠣᠯᠣᠨ ᠠᠮᠢᠳᠤᠷᠠᠯ ᠤᠨ ᠬᠡᠪ ᠮᠠᠶ᠋ᠢᠭ ᠢ ᠪᠤᠢ ᠪᠤᠯᠭᠠᠨ᠂ ᠬᠥᠮᠥᠨ ᠪᠣᠯᠣᠨ ᠪᠠᠶᠢᠭᠠᠯᠢ ᠶᠢᠨ ᠡᠶ᠎ᠡ ᠵᠣᠬᠢᠴᠠᠯ ᠢ ᠠᠬᠢᠭᠤᠯᠤᠨ᠂ ᠤᠮᠠᠷᠠᠲᠤ ᠬᠢᠯᠢ ᠳᠠᠬᠢ ᠪᠣᠬᠢᠷᠳᠠᠯ ᠦᠬᠡᠢ ᠠᠮᠢ ᠠᠬᠤᠢ ᠶᠢᠨ ᠠᠮᠤᠷ ᠲᠥᠪᠰᠢᠨ ᠬᠠᠯᠬᠠᠪᠴᠢ ᠶᠢ ᠪᠠᠶᠢᠭᠤᠯᠵᠤ ᠪᠠᠬᠢᠵᠢᠭᠦᠯᠥᠨ᠎ᠡ᠃     ᠨᠢᠭᠡᠳᠦᠭᠡᠷ ᠬᠡᠰᠡᠭ    ᠤᠷᠤᠨ ᠵᠠᠢ ᠶᠢᠨ ᠲᠦᠯᠦᠪᠵᠢᠭᠦᠯᠭᠡ ᠶᠢ ᠬᠡᠷᠡᠭᠵᠢᠭᠦᠯᠬᠦ ᠴᠢᠳᠠᠪᠦᠷᠢ ᠶᠢ ᠳᠡᠭᠡᠭᠰᠢᠯᠡᠭᠦᠯᠦᠨ᠎ᠡ     ᠭᠤᠣᠯ ᠴᠣᠭᠴᠠᠲᠣ ᠴᠢᠳᠠᠪᠬᠢᠳᠤ ᠪᠦᠰᠡ ᠳᠠᠬᠢ ᠲᠦᠯᠦᠪᠵᠢᠭᠦᠯᠭᠡ ᠶᠢ ᠳᠣᠣᠱᠯᠠᠭᠤᠯᠣᠨ᠎ᠠ᠃ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠤᠣᠯ ᠴᠣᠭᠴᠠᠲᠣ ᠴᠢᠳᠠᠪᠬᠢᠳᠤ ᠳᠣᠭᠤᠷᠢᠭ ᠤᠨ ᠳᠥᠯᠥᠪᠵᠢᠭᠦᠯᠥᠯᠳᠡ︾ ᠶᠢᠨ ᠱᠠᠭᠠᠷᠳᠠᠯᠭ᠎ᠠ ᠶᠢᠨ ᠶᠤᠰᠤᠭᠠᠷ᠂ ᠰᠢᠨᠵᠢᠯᠡᠬᠦ ᠤᠬᠠᠭᠠᠨᠴᠢ ᠪᠠᠷ ᠦᠢᠯᠡᠳᠪᠦᠷᠢᠯᠡᠯ ᠤᠨ᠂ ᠠᠮᠢᠳᠤᠷᠠᠯ ᠤᠨ ᠵᠢᠴᠢ ᠠᠮᠢ ᠠᠬᠤᠢ ᠶᠢᠨ ᠣᠷᠣᠨ ᠵᠠᠢ ᠶᠢ ᠬᠤᠪᠢᠶᠠᠷᠢᠯᠠᠨ ᠳᠣᠭᠳᠠᠭᠠᠵᠤ᠂ ᠠᠳᠠᠯᠢ ᠪᠣᠰᠣ ᠴᠢᠳᠠᠪᠬᠢᠳᠤ ᠳᠣᠭᠤᠷᠢᠭ ᠤᠨ ᠪᠠᠶᠢᠷᠢᠯᠠᠯ ᠪᠠ ᠬᠥᠭᠵᠢᠯᠲᠡ ᠶᠢᠨ ᠴᠢᠭᠯᠡᠯ ᠢ ᠲᠣᠳᠣᠷᠠᠭᠤᠯᠵᠤ᠂  ᠣᠷᠣᠨ ᠵᠠᠢ ᠶᠢᠨ ᠬᠢᠨᠠᠯᠲᠠ ᠬᠢᠵᠠᠭᠠᠷᠯᠠᠯ ᠢ ᠴᠢᠩᠭᠠᠳᠬᠠᠵᠤ᠂ ᠨᠡᠭᠡᠭᠡᠨ ᠠᠰᠢᠭᠯᠠᠬᠤ ᠳᠦᠷᠢᠮ ᠵᠢᠷᠤᠮ ᠢ ᠴᠡᠭᠴᠡᠯᠡᠨ᠎ᠡ᠃ ᠡᠷᠢᠶᠡᠨ ᠬᠤᠳᠣᠭᠤᠷ ᠤᠨ ᠠᠪᠤᠷᠭᠤ ᠭᠦᠷᠪᠡᠯ ᠤᠨ ᠴᠢᠯᠠᠭᠤᠵᠢᠮᠠᠯ ᠤᠨ ᠥᠪᠡᠷᠳᠡᠭᠡᠨ ᠵᠠᠰᠠᠬᠤ ᠣᠷᠣᠨ ᠤ ᠳᠡᠰ ᠤᠨ  ᠪᠠᠶᠢᠭᠠᠯᠢ  ᠶᠢᠨ ᠬᠠᠮᠠᠭᠠᠯᠠᠯᠲᠠ ᠶᠢᠨ ᠳᠣᠭᠤᠷᠢᠭ᠂ ᠡᠷᠢᠶᠡᠨ ᠬᠤᠳᠣᠭᠤᠷ ᠤᠨ ᠴᠠᠷᠳᠠ ᠶᠢᠨ ᠭᠠᠯᠪᠠ ᠶᠢᠨ ᠠᠪᠤᠷᠭᠤ ᠭᠦᠷᠪᠡᠯ ᠤᠨ ᠤᠯᠤᠰ ᠤᠨ ᠳᠡᠰ ᠤᠨ ᠭᠠᠵᠠᠷ ᠰᠢᠨᠵᠢᠯᠡᠭᠡᠨ ᠤ ᠬᠦᠷᠢᠶᠡᠯᠡᠩ ᠵᠢᠴᠢ ᠡᠷᠢᠶᠡᠨ ᠬᠤᠲᠠ ᠶᠢᠨ ᠴᠢᠬᠢᠷᠠᠭᠲᠤ ᠤᠰᠤᠨ ᠰᠤᠷᠪᠤᠯᠵᠢ ᠶᠢᠨ ᠤᠷᠣᠨ ᠢ ᠬᠠᠮᠠᠭᠠᠯᠠᠬᠤ ᠬᠦᠴᠦᠯᠡᠴᠡ ᠪᠠᠨ ᠴᠢᠩᠭᠠᠳᠬᠠᠨ᠎ᠠ᠃ 2020 ᠣᠨ ᠪᠣᠯᠬᠤ ᠳᠤ᠂ ᠬᠤᠲᠠ ᠶᠢᠨ ᠪᠦᠬᠦᠶᠢᠯᠡ ᠨᠡᠭᠡᠭᠡᠨ ᠠᠰᠢᠭᠯᠠᠯᠲᠠ ᠶᠢᠨ ᠬᠦᠴᠦᠯᠡᠴᠡ ᠶᠢᠨ ᠬᠡᠮᠵᠢᠶ᠎ᠡ ᠶᠢ 2.16 % ᠬᠤᠪᠢ ᠶᠢᠨ ᠳᠣᠲᠣᠷ᠎ᠠ ᠬᠢᠵᠠᠭᠠᠷᠯᠠᠨ᠎ᠠ᠃      ᠳᠣᠷᠰᠢᠯᠲᠠ ᠶᠢᠨ ᠳᠤᠭᠤᠷᠢᠭ ᠤᠨ ᠪᠦᠲᠦᠭᠡᠨ ᠪᠠᠶᠢᠭᠤᠯᠣᠯᠳᠠ ᠶᠢᠨ ᠶᠡᠷᠥᠩᠬᠡᠢ ᠲᠦᠯᠦᠪᠵᠢᠭᠦᠯᠭᠡ ᠶᠢ ᠴᠢᠩᠭ᠎ᠠ ᠬᠡᠷᠡᠭᠵᠢᠭᠦᠯᠦᠨ᠎ᠡ᠃ ︽ᠡᠷᠢᠶᠡᠨ ᠬᠤᠲᠠ ᠶᠢᠨ ᠤᠯᠤᠰ ᠤᠨ ᠭᠤᠣᠯᠳᠠᠯᠭ᠎ᠠ ᠲᠠᠢ ᠬᠥᠭᠵᠢᠭᠦᠯᠥᠯᠳᠡ ᠨᠡᠭᠡᠭᠡᠯᠳᠡ ᠶᠢᠨ ᠲᠤᠷᠰᠢᠯᠲᠠ ᠶᠢᠨ ᠳᠣᠭᠤᠷᠢᠭ ᠤᠨ ᠪᠦᠲᠥᠭᠡᠨ ᠪᠠᠶᠢᠭᠤᠯᠤᠯᠲᠠ ᠶᠢᠨ ᠶᠡᠷᠥᠩᠬᠡᠢ ᠲᠦᠯᠦᠪᠵᠢᠭᠦᠯᠭᠡ︾ ᠶᠢ ᠲᠤᠤᠱᠲᠠᠢ ᠬᠡᠷᠡᠭᠵᠢᠭᠦᠯᠵᠤ᠂ ᠲᠣᠭᠳᠠᠭᠠᠭᠰᠠᠨ ᠣᠷᠣᠨ ᠵᠠᠢ ᠶᠢᠨ ᠬᠤᠪᠢᠶᠠᠷᠢᠯᠠᠯᠲᠠ ᠶᠢᠨ ᠳᠠᠭᠤ ᠨᠡᠭᠡᠭᠡᠨ ᠠᠰᠢᠭᠯᠠᠯᠲᠠ ᠪᠦᠲᠥᠭᠡᠨ ᠪᠠᠶᠢᠭᠤᠯᠤᠯᠲᠠ ᠶᠢᠨ ᠠᠵᠢᠯ ᠢ ᠥᠷᠨᠢᠭᠦᠯᠥᠨ᠂ ᠣᠯᠠᠨ ᠤᠯᠤᠰ ᠤᠨ ᠬᠤᠳᠠᠯᠳᠤᠭ᠎ᠠ ᠠᠶᠠᠯᠠᠯ ᠵᠢᠭᠤᠯᠴᠢᠯᠠᠯ ᠤᠨ ᠦᠢᠯᠡᠴᠢᠯᠡᠯᠭᠡᠨ ᠤ ᠳᠣᠭᠤᠷᠢᠭ᠂ ᠤᠯᠠᠨ ᠤᠯᠤᠰ ᠤᠨ ᠪᠠᠷᠠᠭ᠎ᠠ ᠳᠡᠭᠡᠭᠡᠪᠦᠷᠢ ᠶᠢ ᠨᠥᠭᠡᠴᠡᠯᠡᠬᠦ ᠳᠣᠭᠤᠷᠢᠭ᠂ ᠬᠢᠯᠢ   ᠶᠢᠨ ᠠᠵᠤ ᠠᠬᠤᠢ ᠶᠢᠨ ᠬᠠᠮᠲᠣ ᠶᠢᠨ ᠠᠵᠢᠯᠯᠠᠭᠠᠨ ᠤ ᠳᠣᠭᠤᠷᠢᠭ ᠵᠢᠴᠢ ᠡᠨᠧᠷᠬᠢ ᠡᠬᠢ ᠪᠠᠶᠠᠯᠢᠭ ᠶᠢ ᠨᠢᠭᠡᠳᠭᠡᠨ ᠠᠰᠢᠭᠯᠠᠬᠤ ᠳᠣᠭᠤᠷᠢᠭ ᠠᠴᠠ ᠭᠠᠳᠠᠨᠠᠬᠢ ᠪᠣᠰᠤᠳ ᠳᠣᠭᠤᠷᠢᠭ ᠢ ᠠᠮᠢ ᠠᠬᠤᠢ ᠶᠢᠨ ᠴᠢᠳᠠᠪᠬᠢᠳᠤ ᠳᠣᠭᠤᠷᠢᠭ ᠤᠨ ᠬᠠᠮᠠᠭᠠᠯᠠᠯᠲᠠ ᠶᠢᠨ ᠬᠡᠪᠴᠢᠶᠡᠨ ᠳᠤ ᠬᠠᠮᠣᠷᠠᠭᠤᠯᠣᠨ ᠣᠷᠣᠭᠤᠯᠵᠣ᠂ ᠪᠡᠯᠴᠢᠭᠡᠷᠯᠡᠬᠦᠯᠬᠦ ᠶᠢ ᠬᠤᠷᠢᠭᠯᠠᠬᠤ ᠪᠠ ᠲᠠᠯ᠎ᠠ ᠨᠤᠳᠤᠭ ᠤᠨ ᠠᠮᠢ ᠠᠬᠤᠢ ᠶᠢᠨ ᠵᠠᠰᠠᠯᠲᠠ ᠵᠡᠷᠭᠡ ᠢᠨᠵᠧᠨᠧᠷᠢᠩ ᠢ ᠭᠤᠣᠯᠳᠠᠯᠭ᠎ᠠ ᠲᠠᠢ ᠬᠡᠷᠡᠭᠵᠢᠭᠦᠯᠥᠨ᠎ᠡ᠃       ᠬᠤᠲᠠ ᠬᠥᠳᠡᠭᠡ ᠶᠢᠨ ᠭᠠᠵᠠᠷ ᠰᠢᠷᠣᠢ ᠶᠢ ᠠᠰᠢᠬᠯᠠᠬᠤ ᠲᠥᠯᠥᠪᠯᠡᠭᠡ ᠶᠢ ᠨᠢᠭᠡᠳᠥᠯᠲᠡᠢ ᠬᠡᠷᠡᠭᠵᠢᠭᠦᠯᠦᠨ᠎ᠡ᠃ ︽ᠡᠷᠢᠶᠡᠨ ᠬᠤᠲᠠ ᠶᠢᠨ ᠬᠤᠲᠠ ᠪᠠᠶᠢᠭᠤᠯᠤᠯᠲᠠ ᠶᠢᠨ ᠶᠡᠷᠥᠩᠬᠡᠢ ᠲᠥᠯᠥᠪᠯᠡᠭᠡ︾᠂ ︽ᠡᠷᠢᠶᠡᠨ ᠬᠤᠲᠠ ᠶᠢᠨ ᠭᠠᠵᠠᠷ ᠰᠢᠷᠣᠢ ᠶᠢᠨ ᠠᠰᠢᠭᠯᠠᠯᠲᠠ ᠶᠢᠨ ᠶᠡᠷᠥᠩᠬᠡᠢ ᠲᠥᠯᠥᠪᠯᠡᠭᠡ ︵2009—2020︶︾ ᠶᠢᠨ ᠱᠠᠭᠠᠷᠳᠠᠯᠭ᠎ᠠ ᠶᠣᠰᠣᠭᠠᠷ᠂ ᠦᠢᠯᠡᠳᠪᠦᠷᠢᠯᠡᠯ ᠤᠨ ᠪᠠᠶᠢᠷᠢᠯᠠᠭᠤᠯᠤᠯᠲᠠ ᠶᠢ ᠨᠢᠭᠡᠳᠥᠯᠲᠡᠢ ᠲᠥᠯᠥᠪᠯᠡᠵᠥ᠂ ᠭᠠᠵᠠᠷ ᠰᠢᠷᠣᠢ ᠶᠢᠨ ᠡᠬᠢ ᠪᠠᠶᠠᠯᠢᠭ ᠢ ᠵᠣᠬᠢᠰᠲᠠᠢ ᠨᠡᠭᠡᠭᠡᠨ ᠠᠰᠢᠭᠯᠠᠨ᠂ ᠨᠡᠭᠡᠭᠡᠨ ᠠᠰᠢᠭᠯᠠᠬᠤ ᠬᠦᠴᠦᠯᠡᠴᠡ ᠪᠠᠨ ᠴᠢᠩᠭ᠎ᠠ ᠬᠢᠵᠠᠭᠠᠷᠯᠠᠨ᠎ᠠ᠃ 2020 ᠣᠨ ᠪᠣᠯᠬᠤ ᠳᠤ᠂ ᠬᠤᠲᠠ ᠪᠠᠶᠢᠭᠤᠯᠤᠯᠲᠠ ᠳᠤ ᠬᠡᠷᠡᠭᠰᠡᠬᠦ ᠭᠠᠵᠠᠷ 8671.25 ᠡᠾᠧᠺᠲ᠋ᠠᠷ ᠲᠠᠯᠠᠪᠠᠢ ᠳᠤ ᠬᠦᠷᠴᠥ᠂  ᠲᠠᠷᠢᠶᠠᠯᠠᠵᠤ ᠪᠣᠯᠬᠤ ᠭᠠᠵᠠᠷ 81.45 ᠡᠾᠧᠺᠲ᠋ᠠᠷ ᠲᠠᠯᠠᠪᠠᠢ ᠪᠠᠶᠢᠬᠤ ᠶᠢ ᠪᠠᠲᠤᠯᠠᠨ᠂ ᠣᠶᠢᠵᠢᠯᠲᠠ ᠶᠢᠨ ᠲᠠᠯᠠᠪᠠᠢ 500 ᠡᠾᠧᠺᠲ᠋ᠠᠷ ᠲᠤ ᠬᠦᠷᠴᠥ᠂ ᠪᠡᠯᠴᠢᠭᠡᠷ ᠤᠨ ᠲᠠᠯᠠᠪᠠᠢ ᠶᠢ 363996.81ᠡᠾᠧᠺᠲ᠋ᠠᠷ ᠲᠤ ᠲᠣᠭᠲᠠᠪᠦᠷᠢᠵᠢᠭᠤᠯᠵᠤ᠂ ᠲᠠᠷᠢᠶᠠᠨ ᠭᠠᠵᠠᠷ ᠠᠴᠠ ᠪᠠᠷᠢᠯᠭ᠎ᠠ ᠪᠠᠶᠢᠭᠤᠯᠤᠯᠲᠠ ᠳᠤ ᠵᠣᠷᠢᠭᠤᠯᠤᠭᠰᠠᠨ ᠭᠠᠵᠠᠷ ᠤᠨ ᠲᠠᠯᠠᠪᠠᠢ ᠶᠢ 760.83 ᠡᠾᠧᠺᠲ᠋ᠠᠷ ᠳᠣᠲᠣᠷ᠎ᠠ ᠬᠢᠵᠠᠭᠠᠷᠯᠠᠨ᠎ᠠ᠃ ᠬᠤᠶᠠᠳᠣᠭᠠᠷ ᠬᠡᠰᠡᠭ    ᠡᠬᠢ ᠪᠠᠶᠠᠯᠢᠭ ᠠᠷᠪᠢᠯᠠᠨ ᠭᠠᠮᠨᠠᠬᠤ ᠬᠡᠯᠪᠡᠷᠢ ᠶᠢᠨ ᠨᠡᠶᠢᠭᠡᠮ ᠢ ᠪᠦᠲᠥᠭᠡᠨ ᠪᠠᠶᠢᠭᠤᠯᠣᠨ᠎ᠠ     ᠤᠰᠣᠨ ᠰᠣᠷᠪᠣᠯᠵᠢ ᠶᠢᠨ ᠬᠠᠮᠢᠶᠠᠷᠤᠯᠲᠠ ᠶᠢᠨ ᠳᠦᠷᠢᠮ ᠢ ᠬᠠᠳᠠᠭᠤ ᠴᠢᠩᠭ᠎ᠠ ᠬᠡᠷᠡᠭᠵᠢᠭᠦᠯᠦᠨ᠎ᠡ᠃ ᠤᠰᠤᠨ ᠰᠣᠷᠪᠣᠯᠵᠢ ᠶᠢ ᠨᠡᠭᠡᠭᠡᠨ ᠠᠰᠢᠭᠯᠠᠬᠤ ᠬᠢᠵᠠᠭᠠᠷᠯᠠᠯᠳᠠ᠂ ᠤᠰᠤ ᠠᠰᠢᠭᠯᠠᠯᠲᠠ ᠶᠢᠨ ᠦᠷ᠎ᠡ ᠠᠰᠢᠭ ᠤᠨ ᠬᠢᠵᠠᠭᠠᠷᠯᠠᠯᠲᠠ ᠂ ᠤᠰᠤᠨ ᠤ ᠴᠢᠳᠠᠪᠬᠢᠳᠤ ᠳᠣᠭᠤᠷᠢᠭ ᠳᠠᠬᠢ ᠪᠣᠬᠢᠷ ᠤᠨ ᠬᠢᠵᠠᠭᠠᠷᠯᠠᠯᠳᠠ ᠭᠡᠬᠦ ᠵᠡᠷᠭᠡ ᠭᠤᠷᠪᠠᠨ ᠬᠢᠵᠠᠭᠠᠷᠯᠠᠯᠲᠠ ᠶᠢᠨ ᠱᠤᠭᠤᠮ ᠢ ᠲᠣᠳᠣᠷᠬᠠᠶᠢᠯᠠᠵᠤ᠂ ᠬᠦᠮᠥᠨ ᠤ ᠬᠦᠴᠥ ᠪᠠᠷ ᠪᠣᠷᠣᠭᠠᠨ ᠣᠷᠣᠭᠤᠯᠬᠤ ᠠᠵᠢᠯᠯᠠᠭ᠎ᠠ ᠶᠢ ᠦᠷᠭᠦᠯᠵᠢᠯᠡᠨ ᠦᠷᠨᠢᠭᠦᠯᠵᠥ᠂ ᠳᠠᠷᠢᠶᠠᠯᠠᠩ ᠮᠠᠯ ᠠᠵᠤ ᠠᠬᠤᠢ᠂ ᠦᠢᠯᠡᠳᠪᠦᠷᠢ᠂ ᠬᠤᠳᠠ ᠬᠥᠳᠡᠭᠡ ᠵᠢᠴᠢ ᠠᠮᠢ ᠠᠬᠤᠢ ᠳᠤ ᠬᠡᠷᠡᠭᠰᠡᠬᠦ ᠤᠰᠤ ᠶᠢ ᠵᠣᠬᠢᠰᠲᠠᠢ ᠵᠣᠬᠢᠴᠠᠭᠤᠯᠤᠨ᠂ ᠬᠡᠪ ᠤᠨ ᠪᠤᠰᠤ ᠵᠣᠷᠢᠭᠤᠯᠤᠯᠲᠠᠲᠤ ᠤᠰᠤᠨ ᠤ ᠬᠡᠷᠡᠭᠯᠡᠯᠲᠡ ᠶᠢᠨ ᠦᠷ᠎ᠡ ᠠᠰᠢᠭ ᠢ ᠨᠡᠮᠡᠭᠳᠡᠭᠦᠯᠵᠥ᠂ ᠳᠣᠬᠠᠢ ᠶᠢᠨ ᠵᠢᠯ ᠤᠨ ᠤᠰᠤᠨ ᠤ ᠬᠡᠷᠡᠭᠯᠡᠯᠲᠡ ᠶᠢᠨ ᠳᠥᠯᠥᠪᠯᠡᠭᠡ ᠶᠢ ᠠᠯᠬᠤᠮ ᠳᠠᠷᠠᠭ᠎ᠠ ᠲᠠᠢ ᠬᠡᠷᠡᠭᠵᠢᠭᠦᠯᠥᠨ᠂ ᠱᠠᠲᠤᠴᠢᠯᠠᠭᠰᠠᠨ ᠬᠡᠯᠪᠡᠷᠢ ᠶᠢᠨ ᠤᠰᠤᠨ ᠤ ᠦᠨ᠎ᠡ ᠪᠣᠯᠣᠨ ᠲᠣᠭᠳᠠᠭᠰᠠᠨ ᠬᠡᠮᠵᠢᠶᠡᠨ  ᠠᠴᠠ ᠬᠡᠳᠦᠷᠡᠭᠰᠡᠨ ᠤᠰᠤ ᠶᠢ ᠬᠡᠳᠦᠷᠡᠭᠰᠡᠨ ᠬᠡᠮᠵᠢᠶ᠎ᠡ ᠪᠠᠷ ᠨᠢ ᠨᠢᠭᠡᠳᠭᠡᠨ ᠲᠤᠭᠠᠴᠠᠬᠤ ᠦᠨ᠎ᠡ ᠨᠡᠮᠡᠬᠦ ᠳᠦᠷᠢᠮ ᠢ ᠪᠦᠬᠦ ᠲᠠᠯ᠎ᠠ ᠪᠠᠷ ᠬᠡᠷᠡᠭᠵᠢᠭᠦᠯᠵᠥ᠂ ᠤᠰᠤ ᠠᠷᠪᠢᠯᠠᠬᠤ ᠠᠵᠢᠯᠯᠠᠭ᠎ᠠ ᠶᠢ ᠰᠠᠯᠪᠦᠷᠢ ᠪᠦᠷᠢ ᠳᠤ ᠳᠣᠣᠱᠯᠠᠭᠤᠯᠤᠨ᠂ ᠤᠯᠤᠰ ᠠᠴᠠ ᠬᠡᠷᠡᠭᠵᠢᠭᠦᠯᠵᠥ ᠪᠠᠶᠢᠭ᠎ᠠ  ᠤᠰᠤ ᠠᠷᠪᠢᠯᠠᠬᠤ ᠭᠡᠷᠡᠳᠥ ᠳᠥᠰᠥᠯ ᠢ ᠢᠳᠡᠪᠬᠢᠲᠡᠢ ᠠᠬᠢᠭᠤᠯᠵᠤ᠂  ᠤᠰᠤ ᠠᠷᠪᠢᠯᠠᠬᠤ ᠮᠠᠶ᠋ᠢᠭ ᠤᠨ ᠨᠡᠶᠢᠭᠡᠮ ᠢ ᠪᠦᠬᠦ ᠲᠠᠯ᠎ᠠ ᠪᠠᠷ ᠪᠦᠲᠥᠭᠡᠨ ᠪᠠᠶᠢᠭᠤᠯᠤᠨ᠎ᠠ᠃ ᠲᠠᠷᠢᠶᠠᠯᠠᠩ ᠮᠠᠯ ᠠᠵᠤ ᠠᠬᠤᠢ  ᠳᠤ ᠬᠡᠷᠡᠭᠯᠡᠬᠦ ᠤᠰᠤᠨ ᠤ ᠬᠡᠮᠵᠢᠶ᠎ᠡ ᠶᠢ ᠬᠢᠵᠠᠭᠠᠷᠯᠠᠨ᠂ ᠤᠰᠤ ᠠᠷᠪᠢᠯᠠᠬᠤ ᠬᠡᠯᠪᠡᠷᠢ ᠶᠢᠨ ᠳᠠᠷᠢᠶᠠᠯᠠᠩ ᠤᠰᠤᠵᠢᠯᠲᠠ  ᠶᠢᠨ ᠢᠨᠵᠧᠨᠧᠷᠢᠩ ᠢ ᠪᠦᠲᠥᠭᠡᠨ ᠪᠠᠶᠢᠭᠤᠯᠵᠤ᠂ ᠲᠠᠷᠢᠶᠠᠯᠠᠩ ᠬᠥᠳᠡᠭᠡ ᠠᠵᠤ ᠠᠬᠤᠢ ᠳᠤ ᠬᠡᠷᠡᠭᠯᠡᠬᠦ ᠤᠰᠤᠨ ᠤ ᠬᠡᠮᠵᠢᠶ᠎ᠡ ᠶᠢ ᠪᠠᠭᠠᠰᠬᠠᠨ᠎ᠠ᠃ ᠰᠠᠯᠪᠦᠷᠢ ᠶᠢᠨ ᠪᠦᠷᠢᠳᠭᠡᠬᠦᠯᠬᠦ ᠱᠠᠭᠠᠷᠳᠠᠯᠭ᠎ᠠ ᠶᠢ ᠴᠢᠩᠭ᠎ᠠ ᠬᠡᠷᠡᠭᠵᠢᠭᠦᠯᠵᠥ᠂ ᠤᠰᠤ ᠪᠠᠷᠠᠭᠳᠠᠭᠤᠯᠬᠤ᠂ ᠥᠨᠳᠥᠷ ᠪᠣᠬᠢᠷᠳᠠᠯᠳᠤ ᠠᠵᠣ ᠠᠬᠤᠶᠢᠯᠠᠯ ᠢ ᠪᠦᠷᠢᠳᠭᠡᠯ ᠳᠤ ᠣᠷᠣᠭᠤᠯᠬᠤ ᠶᠢ ᠬᠢᠵᠠᠭᠠᠷᠯᠠᠨ᠎ᠠ᠃ ᠬᠦᠳᠡᠷ ᠰᠢᠯᠢᠯᠳᠡ ᠵᠡᠷᠭᠡ ᠤᠰᠤ ᠶᠡᠭᠡ ᠪᠠᠷᠠᠭᠳᠠᠭᠤᠯᠬᠤ ᠰᠠᠯᠪᠦᠷᠢ ᠳᠤ ᠤᠰᠤ ᠠᠷᠪᠢᠯᠠᠬᠤ ᠬᠡᠯᠪᠡᠷᠢ ᠶᠢᠨ ᠲᠧᠭᠨᠢᠭ ᠣᠷᠤᠭᠤᠯᠤᠨ ᠠᠰᠢᠭᠯᠠᠵᠤ᠂ ᠠᠵᠣ ᠠᠬᠤᠶᠢᠯᠠᠯ ᠳᠤ ᠳᠠᠬᠢᠨ ᠴᠡᠪᠡᠷᠰᠢᠭᠦᠯᠥᠭᠰᠡᠨ ᠤᠰᠤ ᠬᠡᠷᠡᠭᠯᠡᠬᠦ ᠶᠢ ᠰᠠᠨᠠᠭᠠᠴᠢᠯᠠᠨ᠂ ᠠᠵᠣ ᠦᠢᠯᠡᠳᠪᠦᠷᠢ ᠳᠤ ᠬᠡᠷᠡᠭᠯᠡᠬᠦ ᠤᠰᠤᠨ ᠤ ᠳᠠᠬᠢᠨ ᠠᠰᠢᠭᠯᠠᠬᠤ ᠨᠣᠷᠮ᠎ᠠ ᠪᠠ ᠡᠷᠬᠢᠭᠦᠯᠥᠨ ᠠᠰᠢᠭᠯᠠᠬᠤ ᠬᠡᠮᠵᠢᠶ᠎ᠡ  ᠶᠢ ᠳᠡᠭᠡᠭᠰᠢᠯᠡᠬᠦᠯᠥᠨ᠎ᠡ᠃ ᠤᠰᠤ ᠠᠷᠪᠢᠯᠠᠬᠤ ᠬᠡᠯᠪᠡᠷᠢ ᠶᠢᠨ ᠬᠤᠲᠠ ᠶᠢ ᠪᠠᠶᠢᠭᠤᠯᠵᠤ᠂ ᠨᠡᠶᠢᠲᠡ ᠶᠢᠨ ᠪᠠᠷᠢᠯᠭ᠎ᠠ ᠪᠠᠶᠢᠭᠤᠯᠤᠯᠳᠠ ᠪᠠ ᠣᠷᠣᠨ ᠰᠠᠭᠤᠴᠠ ᠶᠢᠨ ᠤᠰᠤ ᠬᠡᠮᠨᠡᠬᠦ ᠥᠭᠡᠷᠡᠴᠢᠯᠡᠯᠲᠡ ᠶᠢ ᠳᠥᠷᠭᠡᠳᠭᠡᠵᠤ᠂ ᠤᠰᠤ ᠠᠷᠪᠢᠯᠠᠬᠤ ᠬᠡᠯᠪᠡᠷᠢ ᠶᠢᠨ ᠳᠣᠨᠤᠭ ᠲᠥᠭᠦᠭᠡᠷᠥᠮᠵᠢ ᠶᠢ ᠪᠦᠬᠦ ᠰᠠᠯᠪᠦᠷᠢ ᠳᠤ ᠲᠥᠭᠡᠮᠡᠯᠵᠢᠭᠦᠯᠥᠨ᠎ᠡ᠃ ᠳᠠᠯᠳᠠ ᠤᠰᠤᠨ ᠱᠤᠭᠤᠮ  ᠤᠨ ᠥᠭᠡᠷᠡᠴᠢᠯᠡᠯᠲᠡ ᠶᠢ ᠠᠬᠢᠭᠤᠯᠤᠨ᠂ ᠤᠰᠤ ᠠᠯᠳᠠᠬᠤ ᠤᠰᠤ ᠭᠤᠭᠤᠵᠢᠬᠤ ᠵᠡᠷᠭᠡ ᠤᠰᠤ ᠪᠦᠷᠢᠯᠭᠡᠬᠦ ᠠᠰᠠᠭᠤᠳᠠᠯ  ᠤᠳ ᠢ ᠪᠦᠲᠥᠮᠵᠢ ᠲᠠᠢ ᠰᠢᠢᠳᠪᠦᠷᠢᠯᠡᠨ᠎ᠡ᠃ ᠴᠡᠴᠡᠷᠯᠢᠭ ᠤᠨ ᠨᠣᠭᠤᠭᠠᠷᠠᠭᠤᠯᠵᠢᠯᠲᠠ ᠵᠢᠴᠢ ᠤᠰᠤ ᠠᠷᠪᠢᠯᠠᠬᠤ ᠠᠷᠭ᠎ᠠ ᠪᠠᠷᠢᠯ ᠢ ᠨᠠᠷᠢᠨ ᠰᠤᠳᠤᠯᠵᠤ᠂  ᠡᠯ᠎ᠡ ᠲᠥᠷᠥᠯ ᠤᠨ ᠠᠰᠢᠭᠯᠠᠵᠤ ᠪᠣᠯᠬᠤᠶᠢᠴᠠ ᠤᠰᠤᠨ ᠤ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠭᠦᠯᠥᠨ᠎ᠡ᠃ ᠤᠰᠤᠨ ᠤ ᠡᠬᠢ ᠰᠣᠷᠪᠣᠯᠵᠢ ᠶᠢ ᠬᠠᠮᠠᠭᠠᠯᠠᠬᠤ ᠬᠦᠴᠦᠯᠡᠴᠡ ᠪᠠᠨ ᠴᠢᠩᠭᠠᠳᠬᠠᠵᠤ ᠂ ᠰᠢᠨᠵᠢᠯᠡᠬᠦ ᠤᠬᠠᠭᠠᠨᠴᠢ ᠪᠠᠷ ᠤᠰᠤᠨ ᠤ ᠡᠬᠢ ᠰᠣᠷᠪᠣᠯᠵᠢ ᠶᠢᠨ ᠬᠠᠮᠠᠭᠠᠯᠠᠯᠲᠠ ᠶᠢᠨ ᠳᠣᠭᠤᠷᠢᠭ ᠢ ᠠᠩᠭᠢᠯᠠᠨ ᠲᠣᠭᠳᠠᠭᠠᠵᠤ᠂ ᠤᠰᠤᠨ ᠰᠣᠷᠪᠣᠯᠵᠢ ᠶᠢᠨ ᠣᠶᠢᠷ᠎ᠠ ᠣᠷᠴᠢᠮ ᠤᠨ ᠭᠠᠵᠠᠷ ᠵᠢᠴᠢ ᠤᠰᠤ ᠳᠠᠮᠵᠢᠭᠤᠯᠬᠤ ᠬᠤᠭᠤᠯᠠᠢ  ᠶᠢᠨ ᠬᠤᠶᠠᠷ ᠬᠠᠵᠠᠭᠤ ᠶᠢᠨ ᠬᠡᠰᠡᠭ ᠢ ᠨᠡᠭᠡᠭᠡᠨ ᠠᠰᠢᠭᠯᠠᠬᠤ ᠬᠦᠴᠦᠯᠡᠴᠡ ᠪᠠᠨ ᠴᠢᠩᠭ᠎ᠠ ᠬᠢᠵᠠᠭᠠᠷᠯᠠᠨ᠎ᠠ᠃ ᠰᠦᠨᠢᠳ  ᠤᠨ ᠡᠷᠳᠡᠨ ᠤ ᠭᠤᠣᠯ ᠤᠨ ᠭᠠᠵᠠᠷ ᠳᠣᠣᠷᠠᠬᠢ ᠣᠰᠣᠨ ᠤ ᠨᠥᠭᠡᠴᠡ ᠶᠢ ᠵᠦᠢ ᠵᠣᠬᠢᠰᠲᠠᠢ  ᠠᠰᠢᠭᠯᠠᠬᠤ ᠲᠣᠭᠳᠠᠯᠴᠠᠭ᠎ᠠ ᠶᠢ ᠪᠠᠶᠢᠭᠤᠯᠬᠤ ᠠᠬᠢᠴᠠ ᠶᠢ ᠳᠥᠯᠬᠢᠨ ᠠᠬᠢᠭᠤᠯᠵᠤ᠂ ᠡᠷᠢᠶᠡᠨ ᠬᠤᠲᠠ ᠶᠢᠨ ᠠᠮᠢᠳᠣᠷᠠᠯ ᠤᠨ ᠬᠡᠷᠡᠭᠯᠡᠭᠡᠨ ᠤ ᠣᠰᠣᠨ ᠬᠠᠩᠭᠠᠮᠵᠢ ᠶᠢ ᠡᠩ ᠲᠦᠷᠦᠭᠦᠨ ᠳᠤ ᠪᠠᠳᠤᠯᠠᠨ᠎ᠠ᠃ 2020 ᠣᠨ ᠪᠣᠯᠬᠤ ᠳᠤ᠂ ᠡᠷᠢᠶᠡᠨ  ᠬᠤᠳᠠ ᠶᠢᠨ ᠬᠡᠷᠡᠭᠯᠡᠬᠦ ᠤᠰᠤᠨ ᠤ ᠶᠡᠷᠥᠩᠬᠡᠢ ᠬᠡᠮᠵᠢᠶ᠎ᠡ ᠶᠢ 1100 ᠳᠦᠮᠡᠨ ᠺᠥᠪ ᠮᠧᠲᠷ ᠤᠨ ᠬᠡᠮᠵᠢᠶᠡᠨ ᠳᠤ ᠬᠢᠵᠠᠭᠠᠷᠯᠠᠵᠤ᠂ ᠠᠵᠣ ᠦᠢᠯᠡᠳᠪᠦᠷᠢ ᠶᠢᠨ ᠨᠡᠮᠡᠭᠦᠦ ᠥᠷᠳᠡᠭ ᠲᠦᠮᠡᠨ ᠳᠥᠭᠦᠷᠢᠭ ᠨᠡᠮᠡᠭᠳᠡᠬᠦ ᠪᠦᠷᠢ ᠳᠤ ᠨᠤᠭᠳᠠᠬᠤ ᠤᠰᠤᠨ ᠤ ᠬᠡᠷᠡᠭᠯᠡᠯᠲᠡ ᠶᠢᠨ ᠬᠡᠮᠵᠢᠶ᠎ᠡ ᠶᠢ 10 ᠺᠥᠪ ᠮᠧᠲᠷ ᠠᠴᠠ ᠳᠣᠷᠤᠭᠰᠢ ᠪᠣᠯᠭᠠᠨ ᠳᠣᠷᠣᠭᠰᠢᠯᠠᠭᠤᠯᠵᠣ᠂ ᠪᠣᠬᠢᠷ ᠣᠰᠣᠨ ᠤ ᠰᠢᠢᠳᠪᠦᠷᠢᠯᠡᠯᠲᠡ ᠪᠣᠯᠣᠨ ᠡᠷᠭᠢᠭᠦᠯᠥᠨ ᠠᠰᠢᠭᠯᠠᠬᠤ ᠨᠣᠷᠮ᠎ᠠ ᠶᠢ  ᠳᠣᠰ ᠳᠣᠰ 95%᠂ 94% ᠪᠣᠯᠭᠠᠨ᠎ᠠ᠃    ᠡᠷᠬᠢᠯᠳᠡᠳᠥ ᠠᠵᠣ ᠦᠢᠯᠡᠰ ᠤᠨ ᠲᠣᠭᠲᠠᠯᠴᠠᠭ᠎ᠠ ᠶᠢ ᠪᠠᠶᠢᠭᠤᠯᠤᠨ᠎ᠠ᠃ ᠠᠮᠢᠳᠣ ᠪᠣᠳᠠᠰ ᠤᠨ ᠬᠢᠨᠵᠢ ᠶᠢᠨ ᠡᠷᠭᠢᠯᠳᠡᠲᠣ ᠦᠢᠯᠡᠳᠥᠯ ᠢ ᠪᠠᠳᠠᠷᠠᠭᠤᠯᠤᠨ᠂ ᠳᠠᠷᠢᠶᠠᠯᠠᠩ ᠮᠠᠯ ᠠᠵᠣ ᠠᠬᠤᠢ ᠶᠢᠨ ᠠᠮᠢ ᠠᠬᠤᠢ ᠶᠢᠨ ᠰᠢᠰᠲ᠋ᠧᠮ ᠤᠨ ᠪᠦᠬᠦᠯᠢ ᠴᠣᠭᠴᠠ ᠶᠢᠨ ᠳᠠᠯᠳᠠ ᠴᠢᠳᠠᠯ ᠢ ᠶᠡᠭᠡ ᠪᠠᠷ ᠨᠡᠭᠡᠭᠡᠨ ᠬᠥᠭᠵᠢᠭᠦᠯᠵᠥ᠂ ᠡᠷᠴᠢᠮᠵᠢᠭᠦᠯᠥᠯᠳᠡ ᠶᠢᠨ ᠲᠥᠪᠰᠢᠨ  ᠢ ᠳᠡᠭᠡᠭᠰᠢᠯᠡᠭᠦᠯᠵᠥ᠂ ᠬᠠᠮᠠᠭᠠᠯᠠᠯᠲᠠ ᠶᠢᠨ ᠴᠢᠨᠠᠷ ᠲᠠᠢ ᠲᠠᠷᠢᠶᠠᠯᠠᠬᠤ ᠠᠷᠭ᠎ᠠ᠂ ᠤᠰᠤ ᠠᠷᠪᠢᠯᠠᠬᠤ ᠬᠡᠯᠪᠡᠷᠢ ᠶᠢᠨ ᠤᠰᠤᠯᠠᠯᠲᠠ᠂ ᠡᠷᠴᠢᠮᠵᠢᠭᠦᠯᠥᠭᠰᠡᠨ ᠴᠢᠨᠠᠷᠲᠠᠢ ᠠᠮᠢ ᠠᠬᠤᠢ ᠶᠢᠨ ᠳᠡᠵᠢᠭᠡᠨ ᠦᠷᠵᠢᠭᠦᠯᠥᠯᠲᠡ᠂ ᠨᠠᠷᠠᠨ ᠤ ᠡᠨᠧᠷᠭᠢ  ᠪᠠᠷ ᠲᠠᠷᠢᠶᠠᠯᠠᠬᠤ ᠵᠡᠷᠭᠡ ᠡᠷᠬᠢᠯᠳᠦᠭᠦᠯᠦᠨ ᠠᠰᠢᠭᠯᠠᠬᠤ ᠲᠧᠭᠨᠢᠭ ᠢ ᠭᠤᠣᠯᠳᠠᠯᠭ᠎ᠠ ᠲᠠᠢ ᠲᠡᠯᠭᠡᠷᠡᠭᠦᠯᠥᠨ ᠲᠥᠭᠡᠮᠡᠯᠵᠢᠭᠦᠯᠥᠨ᠎ᠡ᠃ ︽ᠬᠡᠮᠵᠢᠶ᠎ᠡ ᠶᠢ ᠪᠠᠭᠠᠰᠬᠠᠬᠤ᠂ ᠲᠠᠬᠢᠨ ᠬᠡᠷᠡᠭᠯᠡᠯᠲᠡ᠂ ᠡᠬᠢ ᠪᠠᠶᠠᠯᠢᠭᠵᠢᠭᠤᠯᠤᠯᠲᠠ︾ ᠶᠢᠨ ᠵᠠᠷᠴᠢᠮ ᠤᠨ ᠳᠠᠭᠠᠤ᠂ ᠮᠣᠳᠣᠨ ᠮᠠᠲ᠋ᠧᠷᠢᠶᠠᠯ ᠪᠣᠯᠪᠠᠰᠤᠷᠠᠭᠤᠯᠬᠤ᠂ ᠲᠡᠮᠥᠷ ᠤᠨ ᠬᠦᠳᠡᠷ ᠰᠢᠯᠢᠯᠲᠡ ᠶᠢᠨ ᠠᠵᠢᠯ ᠢ ᠥᠷᠨᠢᠭᠦᠯᠥᠨ᠂ ᠪᠦᠬᠦᠯᠢ ᠮᠣᠳᠣ — ᠥᠩᠭᠡᠯᠡᠭᠰᠡᠨ ᠮᠠᠲ᠋ᠧᠷᠢᠶᠠᠯ᠂ ᠬᠠᠪᠲᠠᠰᠠᠨ ᠮᠠᠲ᠋ᠧᠷᠢᠶᠠᠯ —  ᠴᠣᠯᠠ ᠮᠣᠳᠣᠨ ᠤ ᠭᠡᠷ ᠤᠨ ᠳᠠᠪᠢᠯᠭ᠎ᠠ᠂ ᠲᠡᠮᠥᠷ ᠤᠨ ᠬᠦᠳᠡᠷ — ᠲᠡᠮᠥᠷ ᠤᠨ ᠨᠤᠨᠳᠠᠭ — ᠲᠡᠮᠥᠷ ᠤᠨ ᠢᠰᠥᠯ — ᠪᠠᠷᠢᠯᠭ᠎ᠠ ᠶᠢᠨ ᠮᠠᠲ᠋ᠧᠷᠢᠶᠠᠯ ᠵᠡᠷᠭᠡ ᠡᠷᠭᠢᠯᠳᠡᠳᠣ ᠠᠵᠤ ᠦᠢᠯᠡᠰ ᠤᠨ ᠬᠡᠯᠬᠢᠶ᠎ᠡ ᠶᠢ ᠪᠤᠢ ᠪᠤᠯᠭᠠᠨ᠂ ᠠᠵᠤ ᠦᠢᠯᠡᠳᠪᠦᠷᠢ ᠶᠢᠨ ᠳᠣᠭᠤᠷᠢᠭ ᠤᠨ ᠳᠣᠲᠣᠭᠠᠳᠤ ᠳᠠᠬᠢ ᠵᠢᠴᠢ ᠳᠣᠭᠤᠷᠢᠭ ᠬᠤᠭᠤᠷᠤᠨᠳᠤ ᠶᠢᠨ ᠬᠠᠶᠠᠭᠳᠠᠮᠠᠯ ᠪᠤᠳᠠᠰ ᠤᠨ ᠬᠠᠷᠢᠯᠴᠠᠨ ᠰᠣᠯᠢᠯᠴᠠᠬᠤ ᠰᠢᠰᠲ᠋ᠧᠮ ᠪᠣᠯᠣᠨ ᠡᠨᠧᠷᠭᠢ ᠶᠢᠨ ᠱᠠᠳᠤᠴᠢᠯᠠᠭᠰᠠᠨ ᠠᠰᠢᠭᠯᠠᠯᠲᠠ ᠶᠢ ᠠᠬᠢᠭᠤᠯᠤᠨ᠂ ᠬᠤᠯᠪᠣᠭ᠎ᠠ ᠤᠶᠠᠯᠳᠤᠭᠠᠨ ᠲᠠᠢ ᠡᠷᠭᠢᠯᠳᠡᠳᠤ ᠠᠵᠤ ᠦᠢᠯᠡᠳᠪᠦᠷᠢᠯᠡᠯ ᠤᠨ ᠬᠡᠯᠬᠢᠶ᠎ᠡ ᠶᠢ ᠪᠤᠢ ᠪᠤᠯᠭᠠᠨ᠎ᠠ᠃ ᠠᠵᠤ ᠦᠢᠯᠡᠳᠪᠦᠷᠢ  ᠶᠢᠨ ᠳᠣᠭᠤᠷᠢᠭ ᠳᠠᠬᠢ ᠠᠵᠤ ᠦᠢᠯᠡᠰ ᠤᠨ ᠬᠤᠷᠠᠨ ᠴᠤᠭᠯᠠᠷᠠᠯᠲᠠ ᠪᠣᠯᠣᠨ ᠠᠵᠤ ᠦᠢᠯᠡᠳᠪᠦᠷᠢ ᠶᠢᠨ ᠠᠮᠢ ᠠᠬᠤᠢ  ᠶᠢᠨ ᠦᠷ᠎ᠡ ᠠᠰᠢᠭ ᠢ ᠭᠦᠢᠴᠡᠳ ᠪᠠᠳᠠᠷᠠᠭᠤᠯᠤᠨ᠂ ᠪᠣᠬᠢᠷ ᠤᠨ ᠲᠥᠪᠯᠡᠷᠡᠭᠰᠡᠨ ᠵᠠᠰᠠᠯᠲᠠ᠂ ᠲᠥᠪᠯᠡᠷᠡᠭᠰᠡᠨ ᠬᠠᠯᠠᠭᠠᠯᠲᠠ ᠵᠢᠴᠢ ᠲᠥᠪᠯᠡᠷᠡᠭᠰᠡᠨ ᠴᠠᠬᠢᠯᠭᠠᠨ ᠡᠨᠧᠷᠬᠢ ᠶᠢᠨ ᠰᠢᠰᠲ᠋ᠧᠮ ᠢ ᠪᠠᠶᠢᠭᠤᠯᠤᠨ᠂ ᠠᠵᠤ ᠦᠢᠯᠡᠳᠪᠦᠷᠢ ᠶᠢᠨ ᠳᠣᠭᠤᠷᠢᠭ ᠤᠨ ᠰᠠᠭᠤᠷᠢ ᠳᠥᠭᠦᠭᠡᠷᠥᠮᠵᠢ ᠶᠢᠨ ᠪᠦᠳᠥᠭᠡᠨ ᠪᠠᠶᠢᠭᠤᠯᠤᠯᠳᠠ ᠶᠢ ᠬᠠᠮᠳᠣ ᠪᠠᠷ ᠡᠳ᠋ᠯᠡᠬᠦ ᠪᠣᠯᠣᠨ ᠬᠡᠪᠴᠢᠶᠡᠴᠢᠯᠡᠭᠰᠡᠨ ᠡᠵᠡᠩᠨᠡᠯᠲᠡ ᠶᠢ ᠠᠬᠢᠭᠤᠯᠤᠨ᠂ ᠬᠦᠷᠢᠶ᠎ᠡ ᠬᠡᠪᠴᠢᠶ᠎ᠡ ᠣᠷᠣᠨ ᠵᠠᠢ ᠶᠢᠨ ᠲᠣᠬᠢᠷᠠᠭᠤᠯᠤᠯᠲᠠ ᠵᠣᠬᠢᠰᠲᠠᠢ᠂ ᠬᠠᠷᠢᠯᠴᠠᠨ ᠡᠭᠦᠷᠭᠡ ᠴᠢᠳᠠᠪᠬᠢ ᠪᠠᠨ ᠨᠥᠬᠦᠪᠦᠷᠢᠯᠡᠭᠰᠡᠨ ᠣᠷᠴᠢᠨ ᠳᠣᠭᠤᠷᠢᠨ ᠳᠤ ᠨᠦᠬᠦᠷᠰᠡᠭ ᠬᠡᠯᠪᠡᠷᠢ  ᠶᠢᠨ ᠠᠵᠣ ᠦᠢᠯᠡᠳᠪᠦᠷᠢ ᠶᠢᠨ ᠳᠣᠭᠤᠷᠢᠭ ᠤᠨ ᠲᠣᠭᠳᠠᠯᠴᠠᠭ᠎ᠠ ᠶᠢ ᠡᠭᠦᠰᠭᠡᠨ ᠪᠠᠶᠢᠭᠤᠯᠤᠨ᠎ᠠ᠃      ᠡᠬᠢ ᠪᠠᠶᠠᠯᠢᠭ ᠢ ᠠᠷᠪᠢᠯᠠᠵᠥ ᠡᠷᠴᠢᠮᠵᠢᠭᠦᠯᠥᠨ ᠠᠰᠢᠭᠯᠠᠬᠤ ᠬᠦᠴᠦᠯᠡᠴᠡ ᠪᠠᠨ ᠨᠡᠮᠡᠭᠳᠡᠭᠦᠯᠥᠨ᠎ᠡ᠃ ᠪᠠᠶᠢᠭᠠᠯᠢ  ᠶᠢᠨ ᠡᠬᠢ ᠪᠠᠶᠠᠯᠢᠭ ᠤᠨ ᠨᠥᠭᠡᠴᠡ ᠶᠢᠨ ᠬᠡᠮᠵᠢᠶ᠎ᠡ ᠶᠢ ᠳᠣᠳᠤᠷᠠᠭᠤᠯᠤᠨ᠂ ᠡᠨᠧᠷᠭᠢ ᠠᠷᠪᠢᠯᠠᠬᠤ᠂ ᠣᠷᠣᠨ ᠵᠠᠢ ᠬᠡᠮᠨᠡᠬᠦ ᠂ ᠮᠠᠲ᠋ᠧᠷᠢᠶᠡᠯ ᠠᠷᠪᠢᠯᠠᠬᠤ ᠮᠠᠶ᠋ᠢᠭ ᠤᠨ ᠦᠢᠯᠡᠳᠪᠦᠷᠢᠯᠡᠯ ᠤᠨ ᠠᠷᠭ᠎ᠠ ᠶᠢ ᠲᠦᠭᠡᠮᠡᠯᠵᠢᠭᠦᠯᠥᠨ᠂ ᠡᠬᠢ ᠪᠠᠶᠠᠯᠢᠭ ᠤᠨ ᠬᠤᠷᠣᠭᠳᠠᠬᠤ ᠬᠡᠮᠵᠢᠶ᠎ᠡ ᠶᠢ ᠶᠡᠭᠡ ᠪᠠᠷ ᠪᠠᠭᠤᠷᠠᠭᠤᠯᠤᠨ᠎ᠠ᠃ ᠳᠣᠭᠳᠠᠮᠠᠯ ᠬᠥᠷᠥᠩᠭᠡ ᠶᠢᠨ ᠪᠡᠯᠡ ᠣᠷᠣᠭᠤᠯᠣᠯᠳᠠ ᠶᠢᠨ ᠲᠦᠷᠥᠯ ᠵᠦᠢᠯ ᠤᠨ ᠡᠨᠧᠷᠭᠢ ᠠᠷᠪᠢᠯᠠᠬᠤ ᠪᠠᠶᠢᠴᠠᠭᠠᠯᠲᠠ ᠦᠨᠡᠯᠡᠯᠲᠡ ᠶᠢᠨ ᠳᠦᠷᠢᠮ ᠢ ᠴᠢᠩᠭ᠎ᠠ ᠬᠡᠷᠡᠭᠵᠢᠭᠦᠯᠵᠥ᠂ ᠡᠨᠧᠷᠭᠢ ᠶᠡᠭᠡ ᠵᠠᠷᠣᠴᠠᠭᠤᠯᠬᠤ ᠭᠤᠣᠯ ᠪᠣᠯᠬᠤ ᠪᠠᠶᠢᠭᠤᠯᠤᠯᠭ᠎ᠠ ᠨᠢᠭᠡᠴᠡ ᠶᠢ ᠬᠢᠨᠠᠨ ᠬᠠᠮᠢᠶᠠᠷᠬᠤ ᠬᠦᠴᠦᠯᠡᠴᠡ ᠪᠠᠨ ᠴᠢᠩᠭᠠᠳᠬᠠᠨ᠂ ᠠᠵᠤ ᠦᠢᠯᠡᠳᠪᠦᠷᠢ᠂ ᠪᠠᠷᠢᠯᠭ᠎ᠠ᠂ ᠵᠠᠮ ᠬᠠᠷᠢᠯᠴᠠᠭ᠎ᠠ᠂ ᠬᠤᠳᠠᠯᠳᠤᠭ᠎ᠠ᠂ ᠤᠯᠠᠨ ᠨᠡᠶᠢᠲᠡ ᠶᠢᠨ ᠪᠠᠶᠢᠭᠤᠯᠤᠮᠵᠢ ᠵᠡᠷᠭᠡ ᠭᠤᠣᠯ ᠰᠠᠯᠪᠦᠷᠢ ᠤᠳ ᠤᠨ ᠡᠨᠧᠷᠭᠢ ᠬᠤᠷᠣᠭᠳᠠᠯᠲᠠ ᠶᠢ ᠪᠠᠭᠠᠰᠬᠠᠨ᠎ᠠ᠃ ᠭᠠᠵᠠᠷ ᠰᠢᠷᠣᠢ ᠶᠢᠨ ᠠᠰᠢᠭᠯᠠᠯᠲᠠ ᠶᠢᠨ ᠳᠥᠯᠥᠪᠯᠡᠭᠡ ᠶᠢᠨ ᠬᠢᠨᠠᠨ ᠬᠠᠮᠢᠶᠠᠷᠤᠯᠲᠠ ᠪᠣᠯᠣᠨ ᠬᠡᠷᠡᠭᠴᠡᠭᠡ ᠵᠣᠷᠢᠭᠤᠯᠤᠯᠲᠠ ᠶᠢᠨ ᠬᠠᠮᠢᠶᠠᠷᠤᠯᠲᠠ  ᠶᠢ ᠴᠢᠩᠭᠠᠳᠬᠠᠨ᠂ ᠢᠷᠡᠭᠡᠳᠦᠢ ᠳᠤ ᠠᠰᠢᠭᠯᠠᠬᠤ ᠵᠣᠷᠢᠭᠤᠯᠤᠯᠲᠠ ᠲᠠᠢ ᠭᠠᠵᠠᠷ ᠰᠢᠷᠣᠢ ᠶᠢᠨ ᠵᠣᠬᠢᠴᠠᠭᠤᠯᠤᠯᠲᠠ ᠶᠢ ᠴᠢᠩᠭᠠᠳᠬᠠᠨ᠂ ᠠᠰᠢᠭᠯᠠᠭᠳᠠᠭ᠎ᠠ ᠦᠭᠡᠢ ᠭᠠᠵᠠᠷ ᠰᠢᠷᠤᠢ ᠶᠢᠨ ᠵᠣᠬᠢᠰᠲᠠᠢ ᠠᠰᠢᠭᠯᠠᠯᠲᠠ ᠶᠢ ᠠᠬᠢᠭᠤᠯᠤᠨ᠎ᠠ᠃ ᠬᠠᠳᠠᠭᠤ ᠪᠡᠶᠡᠲᠤ ᠬᠠᠶᠠᠭᠳᠠᠮᠠᠯ ᠪᠣᠳᠠᠰ ᠤᠨ ᠪᠣᠬᠢᠷᠳᠣᠯ ᠢ ᠰᠡᠷᠭᠡᠶᠢᠯᠡᠨ ᠵᠠᠰᠠᠵᠤ᠂ ᠠᠭᠤᠷᠬᠠᠢ ᠶᠢᠨ ᠡᠬᠢ ᠪᠠᠶᠠᠯᠢᠭ  ᠤᠨ ᠪᠣᠳᠠᠳᠠᠢ ᠨᠡᠭᠡᠭᠡᠨ ᠠᠰᠢᠭᠯᠠᠭᠰᠠᠨ ᠬᠡᠮᠵᠢᠶ᠎ᠡ ᠪᠣᠯᠣᠨ ᠬᠦᠳᠡᠷ ᠰᠢᠯᠢᠯᠳᠡ ᠶᠢᠨ ᠡᠭᠡᠭᠦᠯᠥᠨ ᠠᠪᠬᠤ ᠬᠡᠮᠵᠢᠶ᠎ᠡ ᠶᠢ ᠨᠡᠮᠡᠭᠳᠡᠭᠦᠯᠵᠥ᠂ ᠨᠡᠭᠡᠭᠡᠨ ᠠᠰᠢᠭᠯᠠᠬᠤ ᠶᠠᠪᠦᠴᠠ ᠳᠤ ᠳᠠᠭᠠᠯᠳᠤᠨ ᠪᠤᠢ ᠪᠤᠯᠤᠭᠰᠠᠨ ᠡᠬᠢ ᠪᠠᠶᠠᠯᠢᠭ᠂ ᠠᠭᠤᠷᠬᠠᠢ ᠶᠢᠨ ᠦᠯᠡᠳᠡᠭᠳᠡᠯ᠂ ᠴᠢᠯᠠᠭᠤᠨ ᠬᠡᠮᠬᠡᠷᠬᠡᠢ ᠶᠢᠨ ᠶᠡᠷᠥᠩᠬᠡᠢ ᠠᠰᠢᠭᠯᠠᠯᠲᠠ ᠶᠢᠨ ᠨᠣᠷᠮ᠎ᠠ ᠶᠢ ᠨᠡᠮᠡᠭᠳᠡᠭᠦᠯᠵᠥ᠂ ᠦᠢᠯᠡᠳᠪᠦᠷᠢᠯᠡᠯ ᠤᠨ ᠶᠠᠪᠦᠴᠠ ᠪᠦᠷᠢ ᠳᠠᠬᠢ ᠬᠤᠷᠣᠭᠳᠠᠬᠤ ᠪᠣᠳᠠᠰ ᠤᠨ ᠬᠡᠮᠵᠢᠶ᠎ᠡ ᠶᠢ ᠪᠠᠭᠠᠰᠬᠠᠨ᠎ᠠ᠃ ︽ᠬᠤᠲᠠ  ᠶᠢᠨ ᠠᠭᠤᠷᠬᠠᠢ ᠶᠢᠨ ᠭᠠᠷᠤᠯᠳᠠ︾ ᠶᠢ ᠬᠦᠢᠴᠡᠳ ᠨᠡᠭᠡᠭᠡᠨ ᠠᠰᠢᠭᠯᠠᠵᠤ᠂ ︽ᠭᠤᠷᠪᠠᠨ ᠬᠠᠶᠠᠭᠳᠠᠮᠠᠯ︾ ᠤᠨ ᠶᠡᠷᠥᠩᠬᠡᠢ ᠠᠰᠢᠭᠯᠠᠯᠲᠠ᠂ ᠳᠠᠬᠢᠨ ᠰᠡᠷᠭᠦᠬᠦ ᠡᠬᠢ ᠪᠠᠶᠠᠯᠢᠭ ᠤᠨ ᠡᠭᠡᠬᠦᠯᠥᠨ ᠠᠰᠢᠭᠯᠠᠯᠲᠠ ᠶᠢ ᠳᠦᠯᠬᠢᠨ ᠠᠬᠢᠭᠤᠯᠤᠨ᠎ᠠ᠃ ᠠᠷᠪᠢᠯᠠᠬᠤ ᠪᠣᠯᠣᠨ ᠡᠷᠭᠢᠯᠳᠡᠳᠥ ᠮᠠᠶ᠋ᠢᠭ ᠤᠨ ᠬᠡᠷᠡᠭᠯᠡᠭᠡᠨ ᠤ ᠦᠵᠡᠯ ᠤᠬᠠᠮᠰᠠᠷ ᠢ ᠰᠣᠷᠳᠠᠯᠴᠢᠯᠠᠨ᠂ ᠵᠠᠰᠠᠭ ᠤᠨ ᠣᠷᠳᠣᠨ ᠤ ᠪᠣᠬᠢᠷᠳᠠᠯ ᠦᠬᠡᠢ ᠬᠤᠳᠠᠯᠳᠤᠨ ᠠᠪᠦᠯᠳᠠ ᠶᠢ ᠬᠡᠷᠡᠭᠵᠢᠭᠦᠯᠵᠥ᠂ ᠡᠬᠢ ᠪᠠᠶᠠᠯᠢᠭ ᠤᠨ ᠶᠡᠷᠥᠩᠬᠡᠢ ᠠᠰᠢᠭᠯᠠᠯᠲᠠ ᠶᠢᠨ ᠨᠣᠷᠮ᠎ᠠ ᠶᠢ ᠨᠡᠮᠡᠭᠳᠡᠭᠦᠯᠥᠨ᠎ᠡ᠃ 2020 ᠣᠨ ᠪᠣᠯᠬᠤ ᠳᠤ᠂ ᠳᠦᠮᠡᠨ ᠳᠥᠭᠦᠷᠢᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠳᠤ ᠵᠠᠷᠣᠴᠠᠭᠤᠯᠬᠤ ᠡᠨᠧᠷᠭᠢ ᠶᠢᠨ ᠬᠡᠮᠵᠢᠶ᠎ᠡ ᠶᠢ 0.66 ᠳᠣᠨ ᠪᠠᠷᠢᠮᠵᠢᠶ᠎ᠠ ᠨᠡᠭᠦᠷᠡᠰᠥ ᠪᠠᠷ ᠬᠢᠵᠠᠭᠠᠷᠯᠠᠵᠤ᠂  ᠭᠤᠤᠯ ᠪᠤᠯᠬᠤ ᠳᠠᠬᠢᠨ ᠰᠡᠷᠭᠦᠬᠦ ᠡᠬᠢ ᠪᠠᠶᠠᠯᠢᠭ ᠢ ᠡᠭᠡᠭᠦᠯᠥᠨ ᠠᠰᠢᠭᠯᠠᠬᠤ ᠨᠣᠷᠮ᠎ᠠ  ᠶᠢ70% ᠪᠣᠯᠭᠠᠨ᠎ᠠ᠃ᠭᠤᠷᠪᠠᠳᠤᠭᠠᠷ ᠬᠡᠰᠡᠭ    ᠣᠷᠴᠢᠨ ᠳᠣᠭᠤᠷᠢᠨ ᠳᠤ ᠨᠦᠬᠦᠷᠰᠡᠭ ᠬᠡᠯᠪᠡᠷᠢ ᠶᠢᠨ ᠨᠡᠶᠢᠭᠡᠮ ᠢ ᠪᠦᠳᠦᠭᠡᠨ ᠪᠠᠶᠢᠭᠤᠯᠤᠨ᠎ᠠ     ᠮᠠᠯ ᠪᠡᠯᠴᠢᠭᠡᠷ ᠳᠡᠩᠴᠡᠪᠦᠷᠢᠲᠡᠢ ᠬᠥᠭᠵᠢᠬᠦ ᠳᠦᠷᠢᠮ ᠢ ᠴᠢᠩᠭ᠎ᠠ ᠰᠠᠬᠢᠵᠤ᠂ ᠳᠠᠯ᠎ᠠ ᠨᠤᠳᠤᠭ ᠤᠨ ᠠᠮᠢ ᠠᠬᠤᠢ  ᠶᠢᠨ ᠨᠥᠬᠦᠪᠦᠷᠢ ᠶᠢᠨ ᠳᠦᠷᠢᠮ ᠢ ᠬᠡᠷᠡᠭᠵᠢᠭᠦᠯᠥᠨ᠂ ᠲᠠᠯ᠎ᠠ ᠨᠣᠳᠤᠭ ᠤᠨ ᠠᠮᠢ ᠠᠬᠤᠢ ᠶᠢᠨ ᠨᠥᠭᠦᠪᠦᠷᠢ ᠣᠯᠭᠤᠬᠤ ᠱᠠᠩᠨᠠᠨ ᠣᠷᠮᠠᠰᠢᠭᠤᠯᠬᠤ ᠪᠠᠶᠢᠩᠭᠤ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠥᠨ᠂ ᠲᠠᠯ᠎ᠠ ᠨᠣᠳᠤᠭ ᠤᠨ ᠦᠨᠳᠥᠰᠥᠨ ᠬᠠᠮᠠᠭᠠᠯᠠᠯᠲᠠ ᠶᠢᠨ ᠳᠦᠷᠢᠮ ᠢ ᠬᠡᠷᠡᠭᠵᠢᠭᠦᠯᠵᠥ᠂ ᠲᠠᠯ᠎ᠠ ᠨᠣᠳᠤᠭ ᠤᠨ ᠠᠮᠢ ᠠᠬᠤᠢ ᠶᠢ ᠬᠠᠮᠠᠭᠠᠯᠠᠬᠤ᠂ ᠰᠢᠯᠭᠠᠨ ᠪᠠᠶᠢᠴᠠᠭᠠᠬᠤ᠂ ᠳᠣᠭᠠᠴᠠᠨ ᠦᠨᠡᠯᠡᠬᠦ ᠳᠦᠷᠢᠮ ᠢ ᠳᠡᠭᠦᠯᠳᠡᠷᠵᠢᠭᠦᠯᠥᠨ᠎ᠡ᠃ ᠲᠠᠯ᠎ᠠ ᠨᠤᠳᠤᠭ ᠤᠨ ᠤᠷᠭᠤᠮᠠᠯ ᠤᠨ ᠪᠦᠷᠬᠦᠪᠴᠢ ᠶᠢᠨ ᠬᠡᠪᠴᠢᠶ᠎ᠡ ᠶᠢ ᠠᠭᠠᠵᠢᠮ ᠥᠷᠭᠡᠳᠭᠡᠨ᠂ ᠲᠠᠯ᠎ᠠ ᠨᠣᠳᠤᠭ ᠤᠨ ᠠᠮᠢ ᠠᠬᠤᠢ ᠶᠢᠨ ᠡᠶᠡᠷᠭᠦ ᠦᠰᠥᠯᠳᠡ ᠪᠣᠯᠣᠨ ᠦᠨᠢᠳᠡ ᠶᠢᠨ ᠦᠷᠭᠦᠯᠵᠢᠯᠡᠬᠦᠶᠢᠴᠡ ᠠᠰᠢᠭᠯᠠᠯᠲᠠ ᠶᠢ ᠳᠦᠯᠬᠢᠨ ᠠᠬᠢᠭᠤᠯᠤᠨ᠎ᠠ᠃ ᠪᠡᠭᠡᠵᠢᠩ ᠳᠢᠶᠠᠨᠵᠢᠨ ᠣᠷᠣᠨ ᠤ ᠡᠯᠡᠰᠥᠨ ᠰᠢᠭᠤᠷᠭ᠎ᠠ ᠶᠢᠨ ᠡᠬᠢ ᠰᠣᠷᠪᠣᠯᠵᠢ ᠶᠢ ᠵᠠᠰᠠᠬᠤ ᠬᠤᠶᠠᠳᠣᠭᠠᠷ ᠬᠤᠭᠤᠴᠠᠭᠠᠨ ᠤ ᠠᠮᠢ ᠠᠬᠤᠢ ᠶᠢᠨ ᠳᠤᠰᠬᠠᠢ ᠢᠨᠵᠧᠨᠧᠷᠢᠩ ᠢ ᠦᠷᠭᠦᠯᠵᠢᠯᠡᠨ ᠬᠡᠷᠡᠭᠵᠢᠭᠦᠯᠵᠥ᠂ ᠡᠯᠡᠰᠥᠷᠬᠡᠭ ᠭᠠᠵᠠᠷ ᠢ ᠵᠠᠰᠠᠬᠤ ᠬᠦᠴᠦᠯᠡᠴᠡ ᠪᠠᠨ ᠨᠡᠮᠡᠭᠳᠡᠭᠦᠯᠥᠨ᠎ᠡ᠃ ᠴᠡᠴᠡᠷᠯᠢᠭ ᠤᠨ ᠨᠣᠭᠤᠭᠠᠷᠠᠭᠤᠯᠤᠭᠰᠠᠨ ᠭᠠᠵᠠᠷ᠂ ᠵᠠᠮ ᠤᠨ ᠬᠠᠵᠠᠭᠤ ᠶᠢᠨ ᠨᠣᠭᠤᠭᠠᠷᠠᠭᠤᠯᠤᠯᠳᠠ᠂ ᠭᠡᠷ ᠬᠠᠰᠢᠶᠠᠨ ᠤ ᠨᠣᠭᠤᠭᠠᠷᠠᠭᠤᠯᠤᠯᠳᠠ ᠪᠠᠷ ᠭᠤᠤᠯ ᠪᠤᠯᠭᠠᠨ᠂ ᠬᠤᠳᠠ ᠶᠢᠨ ᠨᠣᠭᠤᠭᠠᠷᠠᠭᠤᠯᠤᠭᠰᠠᠨ ᠪᠦᠳᠥᠭᠡᠨ ᠪᠠᠶᠢᠭᠤᠯᠤᠯᠳᠠ ᠶᠢ ᠴᠢᠩᠭᠠᠳᠬᠠᠨ᠂ ᠨᠣᠭᠤᠭᠠᠷᠠᠭᠤᠯᠤᠭᠰᠠᠨ ᠭᠠᠵᠠᠷ ᠤᠨ ᠰᠢᠰᠲ᠋ᠧᠮᠳᠤ ᠪᠦᠭᠦᠢ ᠦᠵᠡᠮᠵᠢ ᠶᠢᠨ ᠣᠷᠣᠨ ᠢ ᠬᠠᠮᠠᠭᠠᠯᠠᠬᠤ ᠴᠢᠳᠠᠪᠬᠢ ᠶᠢ ᠠᠩᠬ᠎ᠠ ᠠᠯᠬᠤᠮ ᠲᠥᠯᠥᠪᠰᠢᠭᠦᠯᠵᠥ᠂ ᠬᠤᠳᠠ ᠶᠢᠨ ᠨᠤᠭᠤᠭᠠᠷᠠᠭᠤᠯᠤᠯᠳᠠ ᠶᠢᠨ ᠨᠣᠷᠮ᠎ᠠ ᠶᠢ 45% ᠳᠤ ᠬᠦᠷᠭᠡᠨ᠎ᠡ᠃ ᠣᠶᠢᠷ᠎ᠠ ᠵᠡᠷᠭᠡᠯᠳᠡᠭᠡ ᠬᠤᠰᠢᠭᠤ ᠰᠢᠶᠠᠨ ᠲᠠᠢ ᠬᠠᠮᠲᠤ ᠠᠮᠢ ᠠᠬᠤᠢ ᠶᠢᠨ ᠪᠣᠯᠪᠠᠰᠤᠨ ᠢ ᠬᠥᠭᠵᠢᠭᠦᠯᠬᠦ ᠳᠣᠭᠳᠠᠯᠴᠠᠭ᠎ᠠ ᠶᠢ ᠪᠠᠶᠢᠭᠤᠯᠵᠤ᠂ ᠪᠦᠰᠡ ᠳᠣᠭᠤᠷᠢᠭ ᠤᠨ ᠠᠵᠤ ᠦᠢᠯᠡᠰ ᠤᠨ ᠪᠦᠷᠢᠳᠭᠡᠯᠳᠡ ᠶᠢᠨ ᠪᠠᠷᠢᠮᠵᠢᠶ᠎ᠠ ᠪᠣᠯᠣᠨ ᠣᠷᠴᠢᠨ ᠳᠣᠭᠤᠷᠢᠨ ᠢ ᠬᠢᠨᠠᠨ ᠬᠠᠮᠢᠶᠠᠷᠤᠬᠤ ᠪᠠᠷᠢᠮᠵᠢᠶ᠎ᠠ ᠶᠢ ᠨᠢᠭᠡᠳᠭᠡᠨ᠂ ᠣᠷᠴᠢᠨ ᠳᠣᠭᠤᠷᠢᠨ ᠤ ᠲᠤᠬᠠᠢ ᠮᠡᠳᠡᠭᠡ ᠵᠠᠩᠭᠢ ᠶᠢ ᠬᠠᠮᠲᠤ ᠪᠠᠷ ᠬᠤᠪᠢᠶᠠᠯᠴᠠᠵᠤ᠂ ᠪᠦᠰᠡ ᠳᠣᠭᠤᠷᠢᠭ ᠤᠨ ᠠᠭᠠᠷ ᠮᠠᠨᠳᠠᠯ ᠤᠨ ᠪᠣᠬᠢᠷᠳᠤᠯ ᠢ ᠬᠠᠮᠲᠤ ᠪᠠᠷ ᠰᠡᠷᠭᠡᠶᠢᠯᠡᠨ ᠬᠠᠮᠲᠤ ᠪᠠᠷ ᠵᠠᠰᠠᠬᠤ ᠳᠤᠭᠳᠠᠯᠴᠠᠭ᠎ᠠ ᠶᠢ ᠪᠤᠢ ᠪᠤᠯᠭᠠᠨ᠎ᠠ᠃ ᠮᠣᠩᠭᠤᠯ ᠲᠠᠢ ᠬᠢᠯᠢ ᠵᠠᠯᠭᠠᠯᠳᠤᠵᠤ ᠪᠠᠶᠢᠭ᠎ᠠ ᠭᠠᠵᠠᠷ ᠣᠷᠤᠨ ᠯᠤᠭ᠎ᠠ  ᠶᠢᠨ ᠬᠠᠮᠲᠤ ᠶᠢᠨ ᠠᠵᠢᠯᠯᠠᠭ᠎ᠠ ᠶᠢ ᠠᠬᠢᠭᠤᠯᠤᠨ᠂ ᠠᠮᠢ ᠠᠬᠤᠢ ᠶᠢᠨ ᠣᠷᠴᠢᠨ ᠳᠣᠭᠤᠷᠢᠨ ᠤ ᠠᠶᠤᠯ ᠲᠥᠭᠰᠢᠭᠦᠷᠢ  ᠶᠢ ᠬᠠᠮᠲᠤ ᠪᠠᠷ ᠢᠯᠭᠠᠨ ᠲᠠᠨᠢᠬᠤ ᠪᠣᠯᠣᠨ ᠤᠷᠢᠳᠴᠢᠯᠠᠨ ᠰᠡᠷᠭᠡᠶᠢᠯᠡᠬᠦ ᠰᠢᠰᠲ᠋ᠧᠮ ᠢ ᠬᠠᠮᠲᠤ ᠪᠠᠷ ᠪᠠᠶᠢᠭᠤᠯᠵᠤ᠂ ᠠᠮᠢ ᠠᠬᠤᠢ ᠶᠢᠨ ᠣᠷᠴᠢᠨ ᠳᠣᠭᠤᠷᠢᠨ ᠤ ᠬᠢᠯᠢ ᠠᠯᠤᠰᠯᠠᠭᠰᠠᠨ ᠬᠥᠨᠳᠥ ᠴᠢᠬᠤᠯᠠ ᠬᠡᠷᠡᠭ ᠤᠴᠢᠷ ᠤᠨ ᠮᠡᠳᠡᠭᠡᠯᠡᠯ ᠠᠭᠤᠯᠵᠠᠯᠲᠠ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠵᠥ᠂ ᠳᠣᠮᠳᠠᠳᠣ ᠮᠣᠩᠭᠤᠯ ᠤᠨ ᠬᠢᠯᠢ ᠶᠢᠨ ᠠᠮᠢ ᠠᠬᠤᠢ ᠶᠢᠨ ᠠᠮᠣᠷ ᠳᠥᠪᠰᠢᠨ ᠢ ᠬᠠᠮᠲᠤ ᠪᠠᠷ ᠬᠠᠮᠠᠭᠠᠯᠠᠨ᠎ᠠ᠃ ᠪᠠᠶᠢᠭᠠᠯᠢ ᠶᠢᠨ ᠡᠬᠢ ᠪᠠᠶᠠᠯᠢᠭ ᠤᠨ ᠥᠪ ᠬᠥᠷᠥᠩᠭᠡ ᠦᠷᠢ ᠥᠭᠴᠡᠭᠡᠨ ᠤ ᠬᠦᠰᠥᠨᠥᠭ ᠢ ᠦᠢᠯᠡᠳᠬᠦ ᠠᠵᠢᠯ ᠢ ᠵᠣᠬᠢᠶᠠᠨ ᠪᠠᠶᠢᠭᠤᠯᠵᠤ᠂ ᠭᠠᠵᠠᠷ ᠰᠢᠷᠤᠢ᠂ ᠤᠰᠤ ᠵᠡᠷᠭᠡ ᠪᠠᠶᠢᠭᠠᠯᠢ ᠶᠢᠨ ᠭᠤᠣᠯ ᠪᠣᠯᠬᠤ ᠡᠬᠢ ᠪᠠᠶᠠᠯᠢᠭ ᠤᠨ ᠪᠣᠳᠠᠳᠤ ᠨᠥᠭᠡᠴᠡ ᠬᠡᠮᠵᠢᠶ᠎ᠡ ᠶᠢ ᠲᠣᠭᠠᠴᠠᠨ ᠦᠨᠡᠯᠡᠬᠦ ᠳᠠᠩᠰᠠ ᠪᠠᠶᠢᠭᠤᠯᠵᠤ᠂ ᠡᠬᠢ ᠪᠠᠶᠠᠯᠢᠭ ᠤᠨ ᠬᠤᠷᠤᠭᠳᠠᠯ᠂ ᠣᠷᠴᠢᠨ ᠲᠣᠭᠤᠷᠢᠨ ᠳᠤ ᠦᠵᠡᠭᠦᠯᠥᠭᠰᠡᠨ ᠬᠤᠤᠷ ᠨᠥᠯᠥᠭᠡ ᠵᠢᠴᠢ ᠠᠮᠢ ᠠᠬᠤᠢ ᠶᠢᠨ ᠦᠷ᠎ᠡ ᠠᠰᠢᠭ ᠵᠡᠷᠭᠡ ᠠᠮᠢ ᠠᠬᠤᠢ ᠶᠢᠨ ᠪᠣᠯᠪᠠᠰᠣᠨ ᠤ ᠦᠷ᠎ᠡ ᠪᠦᠳᠥᠮᠵᠢ ᠶᠢᠨ ᠦᠨᠡᠯᠡᠯᠭᠡ ᠰᠢᠯᠭᠠᠯᠲᠠ ᠪᠣᠯᠣᠨ ᠬᠠᠷᠢᠭᠤᠴᠠᠯᠭ᠎ᠠ ᠨᠡᠬᠡᠮᠵᠢᠯᠡᠬᠦ ᠳᠦᠷᠢᠮ ᠢ ᠳᠡᠭᠦᠯᠳᠡᠷᠵᠢᠭᠦᠯᠥᠨ᠎ᠡ᠃      ᠣᠷᠴᠢᠨ ᠳᠣᠭᠤᠷᠢᠨ ᠤ ᠪᠣᠬᠢᠷᠳᠣᠯ ᠢ ᠰᠡᠷᠭᠡᠶᠢᠯᠡᠨ ᠵᠠᠰᠠᠬᠤ ᠬᠦᠴᠦᠯᠡᠴᠡ ᠶᠢ ᠨᠡᠮᠡᠭᠳᠡᠭᠦᠯᠥᠨ᠎ᠡ᠃ ᠣᠷᠴᠢᠨ ᠳᠣᠭᠤᠷᠢᠨ ᠤ ᠦᠨᠡᠯᠡᠯᠳᠡ ᠶᠢᠨ ᠮᠡᠷᠭᠡᠵᠢᠯ ᠳᠤ ᠳᠤᠯᠭᠠᠭᠤᠷᠢᠯᠠᠨ᠂ ᠤᠷᠴᠢᠨ ᠳᠣᠭᠤᠷᠢᠨ ᠤ ᠦᠨᠡᠯᠡᠯᠳᠡ ᠶᠢᠨ ᠡᠬᠢ ᠰᠣᠷᠪᠣᠯᠵᠢ ᠶᠢ ᠬᠢᠵᠠᠭᠠᠷᠯᠠᠬᠤ ᠦᠢᠯᠡᠳᠥᠯ ᠢ ᠬᠦᠢᠴᠡᠳ ᠪᠠᠳᠠᠷᠠᠭᠤᠯᠵᠤ᠂ ᠣᠷᠴᠢᠨ ᠳᠣᠭᠤᠷᠢᠨ ᠤ ᠬᠢᠵᠠᠭᠠᠷᠯᠠᠯ ᠤᠨ ᠪᠠᠷᠢᠮᠵᠢᠶ᠎ᠠ ᠶᠢ ᠳᠡᠭᠡᠭᠰᠢᠯᠡᠭᠦᠯᠵᠥ᠂ ᠠᠵᠤ ᠠᠬᠤᠢ ᠶᠢᠨ ᠬᠡᠯᠪᠡᠷᠢ ᠶᠢᠨ ᠥᠭᠡᠷᠡᠴᠢᠯᠡᠯᠳᠡ᠂ ᠳᠣᠣᠷ᠎ᠠ ᠨᠡᠭᠦᠷᠡᠰᠥᠳᠥᠷᠥᠭᠴᠢ᠂ ᠪᠣᠬᠢᠷᠳᠠᠯ ᠦᠬᠡᠢ ᠬᠥᠭᠵᠢᠯᠳᠡ ᠶᠢ ᠳᠥᠯᠬᠢᠨ ᠠᠬᠢᠭᠤᠯᠤᠨ᠎ᠠ᠃ ᠣᠷᠴᠢᠨ ᠳᠣᠭᠤᠷᠢᠨ ᠤ ᠬᠠᠮᠠᠭᠠᠯᠠᠯᠳᠠ ᠶᠢᠨ ᠰᠠᠭᠤᠷᠢ ᠳᠥᠭᠦᠭᠡᠷᠥᠮᠵᠢ ᠶᠢᠨ ᠪᠦᠳᠥᠭᠡᠨ ᠪᠠᠶᠢᠭᠤᠯᠤᠯᠳᠠ ᠶᠢᠨ︽ᠭᠤᠷᠪᠠ ᠶᠢ ᠵᠡᠷᠭᠡᠪᠡᠷ ᠶᠠᠪᠣᠭᠳᠠᠭᠤᠯᠬᠤ︾ ᠵᠠᠷᠴᠢᠮ ᠢ ᠴᠢᠩᠭ᠎ᠠ ᠳᠥᠷᠢᠮᠵᠢᠭᠦᠯᠵᠥ᠂ ᠦᠢᠯᠡᠳᠪᠦᠷᠢᠯᠡᠯ ᠤᠨ ᠶᠠᠪᠣᠴᠠ ᠳᠤ ᠭᠠᠳᠠᠭᠰᠢᠯᠠᠭᠤᠯᠣᠭᠰᠠᠨ ᠪᠣᠬᠢᠷ ᠤᠨ ᠬᠡᠮᠵᠢᠶ᠎ᠡ ᠶᠢ ᠪᠠᠷᠢᠮᠵᠢᠶᠠᠨ ᠳᠤ ᠨᠡᠶᠢᠴᠡᠭᠦᠯᠬᠦ ᠶᠢ ᠪᠡᠶᠡᠯᠡᠭᠦᠯᠥᠨ᠎ᠡ᠃ ᠪᠣᠬᠢᠷ ᠢ ᠭᠠᠳᠠᠭᠰᠢᠯᠠᠭᠤᠯᠬᠤ ᠵᠥᠪᠰᠢᠶᠡᠷᠡᠯ ᠤᠨ ᠪᠢᠴᠢᠭ ᠤᠨ ᠳᠦᠷᠢᠮ ᠢ ᠪᠦᠬᠦ ᠳᠠᠯ᠎ᠠ ᠪᠠᠷ ᠬᠡᠷᠡᠭᠵᠢᠭᠦᠯᠵᠥ᠂ ᠪᠠᠷᠢᠮᠵᠢᠶᠠᠨ  ᠠᠴᠠ ᠳᠠᠪᠠᠵᠤ᠂ ᠶᠡᠷᠥᠩᠭᠡᠢ ᠬᠡᠮᠵᠢᠶᠡᠨ ᠠᠴᠠ  ᠬᠡᠳᠣᠷᠴᠣ ᠪᠣᠬᠢᠷᠳᠠᠯ ᠭᠠᠳᠠᠭᠰᠢᠭᠤᠯᠬᠤ ᠶᠢ ᠡᠷᠡᠰ ᠬᠤᠷᠢᠭᠯᠠᠨ᠎ᠠ᠃ ᠳᠣᠯᠠᠭᠠᠨ ᠬᠠᠩᠭᠠᠮᠵᠢ᠂ ᠰᠦᠢᠨᠢ ᠦᠢᠯᠡᠳᠪᠦᠷᠢᠯᠡᠬᠦ ᠵᠡᠷᠭᠡ ᠭᠤᠣᠯᠳᠠᠯᠭ᠎ᠠ ᠲᠠᠢ ᠠᠵᠤ ᠠᠬᠤᠶᠢᠯᠠᠯ ᠳᠤ ᠬᠦᠬᠦᠷ ᠦᠭᠡᠶᠢᠵᠢᠭᠦᠯᠬᠦ᠂ ᠱᠣᠣ ᠦᠭᠡᠶᠢᠵᠢᠭᠦᠯᠬᠦ᠂ ᠳᠣᠭᠤᠰᠣ ᠠᠷᠢᠯᠭᠠᠬᠤ ᠵᠡᠷᠭᠡ ᠲᠧᠭᠨᠢᠭ ᠤᠨ ᠥᠭᠡᠷᠡᠴᠢᠯᠡᠯᠲᠡ ᠰᠢᠨᠡᠴᠢᠯᠡᠯᠳᠡ ᠬᠢᠨ᠎ᠡ᠃ ︽ᠬᠡᠶᠢᠵᠢᠭᠦᠯᠥᠭᠰᠡᠨ ᠡᠷᠢᠶᠡᠨ︾᠂ ᠰᠠᠯᠬᠢ ᠭᠡᠷᠡᠯ ᠴᠠᠬᠢᠯᠭᠠᠨ ᠢᠶᠠᠷ ᠳᠤᠯᠠᠭᠠᠯᠠᠬᠤ ᠵᠡᠷᠭᠡ ᠳᠥᠰᠥᠯ ᠤᠨ ᠪᠦᠳᠥᠭᠡᠨ ᠪᠠᠶᠢᠭᠤᠯᠣᠯᠳᠠ ᠶᠢᠨ ᠠᠬᠢᠴᠠ ᠶᠢ ᠳᠥᠷᠭᠡᠳᠭᠡᠵᠤ᠂ ᠬᠤᠲᠠ ᠶᠢᠨ ᠴᠡᠪᠡᠷ ᠡᠨᠧᠷᠭᠢ ᠶᠢ ᠬᠡᠷᠡᠭᠯᠡᠬᠦ ᠬᠠᠷᠢᠴᠠᠯ ᠢ ᠨᠡᠮᠡᠭᠳᠡᠬᠦᠯᠥᠨ᠎ᠡ᠃ ᠤᠰᠤᠨ ᠤ ᠡᠬᠢ ᠰᠣᠷᠪᠣᠯᠵᠢ ᠪᠣᠯᠣᠨ ᠦᠢᠯᠡᠳᠪᠦᠷᠢ ᠶᠢᠨ ᠤᠰᠤᠨ ᠤ ᠴᠢᠨᠠᠷ ᠤᠨ ᠬᠠᠮᠠᠭᠠᠯᠠᠯᠲᠠ ᠪᠣᠯᠣᠨ ᠬᠢᠨᠠᠨ ᠬᠡᠮᠵᠢᠯᠳᠡ ᠶᠢ ᠴᠢᠩᠭᠠᠳᠬᠠᠵᠤ᠂ ᠤᠰᠤᠨ ᠰᠣᠷᠪᠣᠯᠵᠢ ᠶᠢᠨ ᠣᠷᠣᠨ ᠤ ᠣᠷᠴᠢᠨ ᠲᠤᠭᠤᠷᠢᠨ ᠤ ᠬᠢᠨᠠᠨ ᠬᠠᠮᠢᠶᠠᠷᠤᠯᠳᠠ ᠶᠢᠨ ᠰᠢᠰᠲ᠋ᠧᠮ ᠪᠣᠯᠣᠨ ᠠᠶᠤᠯ ᠦᠭᠡᠢ ᠤᠤᠭᠤᠬᠤ ᠤᠰᠤᠨ ᠤ ᠢᠨᠵᠧᠨᠧᠷᠢᠩ ᠤᠨ ᠡᠷᠡᠭᠦᠯ ᠠᠵᠢᠯᠯᠠᠭᠠᠨ ᠤ ᠳᠣᠭᠳᠠᠯᠴᠠᠭ᠎ᠠ ᠶᠢ ᠪᠠᠶᠢᠭᠤᠯᠤᠨ᠎ᠠ᠃ ᠪᠤᠬᠢᠷ ᠤᠰᠤ ᠶᠢ ᠭᠠᠳᠠᠭᠰᠢᠯᠠᠭᠤᠯᠬᠤ ᠰᠠᠭᠤᠷᠢ ᠳᠥᠬᠦᠭᠡᠷᠥᠮᠵᠢ ᠶᠢᠨ ᠪᠦᠲᠥᠭᠡᠨ ᠪᠠᠶᠢᠭᠤᠯᠤᠯᠲᠠ ᠶᠢ ᠴᠢᠩᠭᠠᠳᠬᠠᠵᠤ᠂ ᠰᠢᠨᠵᠢᠯᠡᠬᠦ ᠤᠬᠠᠭᠠᠨᠴᠢ ᠪᠠᠷ ᠪᠣᠬᠢᠷ ᠤᠨ ᠣᠰᠣ ᠶᠢ ᠰᠢᠢᠳᠪᠦᠷᠢᠯᠡᠬᠦ ᠭᠤᠣᠷᠰᠣ ᠰᠦᠯᠵᠢᠶ᠎ᠡ ᠶᠢ ᠲᠦᠯᠦᠪᠵᠢᠭᠦᠯᠵᠣ᠂ ᠰᠠᠷᠠᠯ ᠤᠰᠤᠨ ᠤ ᠳᠠᠬᠢᠨ ᠠᠰᠢᠭᠯᠠᠯᠲᠠ ᠶᠢ ᠠᠬᠢᠭᠤᠯᠤᠨ᠎ᠠ᠃ ᠲᠥᠪᠯᠡᠷᠡᠭᠦᠯᠥᠨ ᠳᠤᠯᠠᠭᠠᠯᠠᠬᠤ ᠱᠣᠭᠤᠮ ᠤᠨ ᠬᠤᠶᠠᠳᠠᠭᠴᠢ ᠤᠳᠠᠭᠠᠨ ᠤ ᠥᠭᠡᠷᠡᠴᠢᠯᠡᠯᠲᠡ ᠪᠣᠯᠣᠨ ᠰᠢᠳᠠᠮᠠᠬᠠᠢ ᠬᠡᠢ ᠶᠢᠨ ᠱᠤᠭᠤᠮ ᠰᠦᠯᠵᠢᠶᠡᠨ ᠤ ᠪᠦᠲᠥᠭᠡᠨ ᠪᠠᠶᠢᠭᠤᠯᠤᠯᠲᠠ ᠶᠢ ᠴᠢᠩᠭᠠᠳᠬᠠᠨ᠂ ᠬᠤᠲᠠ ᠶᠢᠨ ᠳᠥᠪᠯᠡᠷᠡᠭᠰᠡᠨ ᠳᠤᠯᠠᠭᠠᠨ ᠬᠠᠩᠭᠠᠮᠵᠢ ᠶᠢᠨ ᠰᠢᠰᠲ᠋ᠧᠮ ᠤᠨ ᠬᠥᠭᠵᠢᠯᠳᠡ ᠶᠢ ᠠᠬᠢᠭᠤᠯᠤᠨ᠂ ᠡᠯ᠎ᠡ ᠲᠥᠷᠥᠯ ᠤᠨ ᠲᠥᠯᠥᠪᠯᠡᠭᠡᠳᠤ ᠪᠤᠰᠤ ᠨᠡᠭᠦᠷᠡᠰᠥᠨ ᠵᠤᠤᠬ᠎ᠠ ᠶᠢ ᠤᠰᠠᠳᠬᠠᠨ᠎ᠠ᠃ ᠠᠭᠤᠷᠬᠠᠢ ᠶᠢᠨ ᠡᠬᠢ ᠪᠠᠶᠠᠯᠢᠭ ᠢ ᠨᠡᠭᠡᠭᠡᠨ ᠠᠰᠢᠭᠯᠠᠬᠤ ᠪᠦᠬᠦ ᠶᠠᠪᠦᠴᠠ ᠳᠠᠬᠢ ᠠᠮᠢ ᠠᠬᠤᠢ ᠶᠢᠨ ᠣᠷᠴᠢᠨ ᠲᠤᠭᠤᠷᠢᠨ ᠤ ᠬᠠᠮᠠᠭᠠᠯᠠᠯᠲᠠ ᠶᠢ ᠬᠢᠨᠠᠵᠤ ᠬᠠᠮᠢᠶᠠᠷᠬᠤ ᠬᠦᠴᠦᠯᠡᠴᠡ ᠪᠠᠨ ᠴᠢᠩᠭᠠᠳᠬᠠᠵᠤ᠂ ᠭᠸᠣᠯᠣᠭᠢ ᠶᠢᠨ ᠦᠯᠡᠳᠡᠭᠳᠡᠯ ᠢ ᠬᠠᠮᠠᠭᠠᠯᠠᠬᠤ ᠲᠥᠰᠥᠯ ᠪᠣᠯᠣᠨ ᠠᠭᠤᠷᠬᠠᠢ ᠶᠢᠨ ᠤᠷᠳᠤ ᠶᠢᠨ ᠭᠸᠣᠯᠣᠭᠢ ᠶᠢᠨ ᠣᠷᠴᠢᠨ ᠲᠤᠭᠤᠷᠢᠨ ᠤ ᠵᠠᠰᠠᠯᠲᠠ ᠶᠢᠨ ᠲᠥᠰᠥᠯ ᠤᠨ ᠪᠠᠶᠢᠭᠤᠯᠤᠯᠲᠠ ᠶᠢ  ᠢᠳᠡᠪᠬᠢᠲᠡᠢ ᠳᠦᠯᠬᠢᠨ ᠠᠬᠢᠭᠤᠯᠵᠤ᠂ ᠭᠠᠵᠠᠷ ᠰᠢᠷᠤᠢ ᠶᠢᠨ ᠶᠡᠷᠥᠩᠭᠡᠢ ᠳᠠᠭᠠᠭᠠᠴᠠ ᠶᠢ ᠨᠡᠮᠡᠭᠳᠡᠭᠦᠯᠥᠨ᠎ᠡ᠃ ᠪᠠᠷᠢᠯᠭ᠎ᠠ ᠶᠢᠨ ᠬᠠᠶᠠᠭᠳᠠᠮᠠᠯ ᠪᠣᠳᠠᠰ᠂ ᠠᠮᠢᠳᠤᠷᠠᠯ ᠤᠨ ᠬᠤᠭ ᠨᠣᠪᠰᠢ ᠵᠢᠴᠢ ᠡᠮᠨᠡᠯᠭᠡ ᠶᠢᠨ ᠬᠤᠭ ᠬᠠᠶᠠᠭᠳᠠᠯ ᠵᠡᠷᠭᠡ ᠶᠢᠨ ᠰᠢᠢᠳᠪᠦᠷᠢᠯᠡᠯᠲᠡ ᠶᠢ ᠴᠢᠩᠭᠠᠳᠬᠠᠵᠤ᠂ ᠪᠣᠵᠠᠷ ᠰᠢᠪᠠᠷ ᠪᠣᠯᠠᠩᠬᠢᠷ ᠤᠰᠤ ᠰᠢᠢᠳᠪᠦᠷᠢᠯᠡᠬᠦ ᠢᠨᠵᠧᠨᠧᠷᠢᠩ ᠢ ᠡᠬᠢᠯᠡᠭᠦᠯᠥᠨ᠎ᠡ᠃ ᠰᠠᠴᠤᠷᠠᠭ ᠢᠳᠡᠪᠬᠢ ᠣᠷᠴᠢᠨ ᠤ ᠪᠠᠶᠢᠴᠠᠭᠠᠯᠳᠠ ᠰᠢᠯᠭᠠᠯᠳᠡ ᠶᠢ ᠴᠢᠩᠭᠠᠳᠬᠠᠵᠤ᠂ ︽ᠰᠠᠴᠤᠷᠠᠭ ᠢᠳᠡᠪᠬᠢᠳᠤ ᠪᠤᠳᠠᠰ ᠤᠨ ᠪᠣᠬᠢᠷᠳᠤᠯ ᠠᠴᠠ ᠰᠡᠷᠭᠡᠶᠢᠯᠡᠬᠦ ᠠᠵᠢᠯᠯᠠᠭ᠎ᠠ ᠶᠢᠨ ᠲᠥᠯᠥᠪᠯᠡᠭᠡ ᠶᠢ ᠬᠡᠷᠡᠭᠵᠢᠭᠦᠯᠬᠦ ᠲᠥᠰᠥᠯ︾ ᠢ ᠳᠣᠭᠳᠠᠭᠠᠨ ᠬᠡᠷᠡᠭᠵᠢᠭᠦᠯᠵᠥ᠂ ᠤᠷᠤᠰᠢᠨ ᠠᠮᠢᠳᠤᠷᠠᠬᠤ ᠣᠷᠴᠢᠨ ᠤ ᠠᠶᠤᠯ ᠦᠭᠡᠢ ᠪᠠᠶᠢᠳᠠᠯ ᠢ ᠪᠠᠳᠤᠯᠠᠨ᠎ᠠ᠃ 2020 ᠣᠨ ᠪᠣᠯᠬᠤ ᠳᠤ᠂ ᠰᠢᠯᠢᠳᠡᠭ ᠰᠠᠶᠢᠨ ᠴᠠᠭ ᠠᠭᠤᠷ ᠤᠨ ᠵᠢᠭᠠᠯᠳᠠ ᠳᠤᠭ᠎ᠠ ᠤᠯᠠᠮ ᠨᠢᠭᠡ ᠠᠯᠬᠤᠮ ᠳᠡᠭᠡᠭᠰᠢᠯᠡᠵᠤ᠂ ᠠᠷᠠᠳ ᠢᠷᠭᠡᠳ ᠤᠨ ᠠᠮᠢᠳᠤᠷᠠᠯ ᠤᠨ ᠤᠤᠭᠤᠬᠤ ᠤᠰᠤᠨ  ᠤ ᠴᠢᠨᠠᠷ ᠴᠢᠨᠰᠠᠭ᠎ᠠ ᠪᠠᠷᠢᠮᠵᠢᠶ᠎ᠠ ᠳᠤ ᠨᠡᠶᠢᠴᠡᠬᠦ ᠨᠣᠷᠮ᠎ᠠ 90% ᠳᠤ ᠬᠦᠷᠴᠥ᠂ ᠠᠭᠤᠯᠠ ᠠᠭᠤᠷᠬᠠᠢ ᠶᠢᠨ ᠵᠠᠰᠠᠯᠲᠠ  ᠶᠢᠨ ᠲᠦᠷᠦᠯ ᠵᠦᠢᠯ ᠢ ᠪᠦᠷᠢᠨ ᠭᠦᠢᠴᠡᠳᠭᠡᠵᠤ᠂ ᠠᠮᠢᠳᠤᠷᠠᠯ ᠤᠨ ᠬᠤᠭ ᠨᠣᠪᠰᠢ᠂ ᠠᠵᠤ ᠦᠢᠯᠡᠳᠪᠦᠷᠢ ᠶᠢᠨ ᠬᠠᠳᠠᠭᠤ ᠪᠡᠶᠡᠳᠤ ᠬᠠᠶᠠᠭᠳᠠᠯ᠂ ᠡᠮᠨᠡᠯᠭᠡ ᠶᠢᠨ ᠬᠠᠶᠠᠭᠳᠠᠮᠠᠯ ᠪᠣᠳᠠᠰ᠂ ᠳᠤᠷᠰᠢᠯᠳᠠ ᠶᠢᠨ ᠳᠠᠰᠤᠭ ᠤᠨ ᠬᠠᠶᠠᠭᠳᠠᠯ ᠵᠢᠴᠢ ᠪᠣᠯᠠᠩᠬᠢᠷ ᠤᠰᠤᠨ ᠤ ᠰᠢᠢᠳᠪᠦᠷᠢᠯᠡᠯᠲᠡ ᠶᠢ 100% ᠳᠤ ᠭᠦᠷᠭᠡᠨ᠎ᠡ᠃         ᠪᠣᠬᠢᠷᠳᠠᠯ ᠦᠬᠡᠢ ᠠᠮᠢᠳᠤᠷᠠᠯ ᠤᠨ ᠬᠡᠪ ᠰᠤᠷᠳᠠᠯ ᠪᠣᠯᠣᠨ ᠬᠡᠷᠡᠭᠯᠡᠭᠡᠨ ᠤ ᠬᠡᠪ ᠮᠠᠶ᠋ᠢᠭ ᠢ ᠢᠳᠡᠪᠬᠢᠲᠡᠢ ᠰᠣᠷᠳᠠᠯᠴᠢᠯᠠᠨ ᠤᠬᠠᠭᠤᠯᠤᠨ᠎ᠠ᠃ ᠠᠮᠢ ᠠᠬᠤᠢ ᠶᠢᠨ ᠪᠣᠯᠪᠠᠰᠤᠨ ᠤ ᠰᠤᠷᠳᠠᠯᠴᠢᠯᠭ᠎ᠠ ᠤᠬᠠᠭᠤᠯᠭ᠎ᠠ ᠶᠢ ᠰᠤᠷᠭᠠᠭᠤᠯᠢ᠂ ᠠᠯᠪᠠᠨ ᠪᠠᠶᠢᠭᠤᠯᠤᠯᠭ᠎ᠠ᠂ ᠠᠵᠤ ᠠᠬᠤᠶᠢᠯᠠᠯ᠂ ᠴᠡᠷᠢᠭ ᠤᠨ ᠬᠤᠸᠠᠷᠠᠨ᠂ ᠨᠡᠶᠢᠭᠡᠮ ᠲᠣᠭᠤᠷᠢᠭ᠂ ᠲᠠᠷᠢᠶᠠᠯᠠᠩ ᠬᠥᠳᠡᠭᠡ ᠳᠣᠰᠬᠤᠨ ᠵᠢᠴᠢ ᠱᠠᠰᠢᠨ ᠳᠡᠯᠭᠡᠷᠡᠭᠦᠯᠬᠦ ᠭᠠᠵᠠᠷ ᠲᠤ ᠣᠷᠣᠭᠤᠯᠬᠤ ︽ᠳᠣᠯᠣᠭᠠᠨ ᠭᠠᠵᠠᠷ ᠲᠤ ᠭᠦᠨᠵᠡᠭᠡᠶᠢᠷᠡᠨ ᠣᠷᠤᠬᠤ︾ ᠬᠥᠳᠡᠯᠭᠡᠭᠡᠨ ᠢ ᠵᠣᠬᠢᠶᠠᠨ ᠪᠠᠶᠢᠭᠤᠯᠵᠤ᠂ ᠬᠡᠷᠡᠭᠯᠡᠭᠴᠢ ᠶᠢᠨ ᠨᠣᠭᠤᠭᠠᠨ ᠬᠡᠷᠡᠭᠯᠡᠭᠡᠨ ᠤ ᠦᠵᠡᠯ ᠢ ᠳᠥᠯᠥᠪᠰᠢᠭᠦᠯᠥᠨ᠂ ᠬᠡᠷᠡᠭᠯᠡᠭᠴᠢᠳ ᠢ ᠥᠪᠡᠷ ᠤᠨ ᠬᠡᠷᠡᠭᠯᠡᠭᠡᠨ ᠤ ᠦᠢᠯᠡ ᠠᠵᠢᠯᠯᠠᠭ᠎ᠠ ᠪᠠᠨ ᠵᠥᠭᠰᠢᠷᠡᠭᠦᠯᠬᠦ  ᠳᠤ ᠨᠢ ᠤᠳᠤᠷᠢᠳᠤᠨ ᠳᠠᠭᠠᠭᠤᠯᠵᠤ᠂ ᠪᠤᠷᠣᠭᠤ ᠬᠡᠷᠡᠭᠯᠡᠭᠡᠨ ᠤ ᠬᠡᠯᠪᠡᠷᠢ ᠶᠢ ᠥᠭᠡᠷᠡᠴᠢᠯᠡᠨ᠎ᠡ᠃ ᠠᠷᠠᠳ ᠢᠷᠭᠡᠳ ᠢ ᠡᠳᠥᠷ ᠳᠤᠳᠤᠮ ᠤᠨ ᠠᠮᠢᠳᠤᠷᠠᠯ ᠳᠠᠭᠠᠨ ᠠᠵᠢᠯᠴᠢ ᠠᠷᠪᠢᠴᠢ ᠪᠠᠶᠢᠬᠤ ᠶᠢ ᠰᠠᠨᠠᠭᠠᠴᠢᠯᠠᠵᠤ᠂ ᠡᠬᠢ ᠪᠠᠶᠠᠯᠢᠭ ᠠᠷᠪᠢᠯᠠᠬᠤ ᠮᠠᠶ᠋ᠢᠭ ᠤᠨ ᠪᠣᠯᠪᠠᠰᠣᠨ ᠠᠮᠢᠳᠤᠷᠠᠯ ᠤᠨ ᠳᠠᠳᠬᠠᠯ ᠢ ᠪᠣᠢ ᠪᠣᠯᠭᠠᠨ᠎ᠠ᠃ ᠠᠷᠠᠳ ᠢᠷᠭᠡᠳ ᠢ ᠨᠠᠷᠠᠨ ᠤ ᠡᠨᠧᠷᠭᠢ ᠶᠢᠨ ᠤᠰᠤ ᠬᠠᠯᠠᠭᠠᠬᠤ ᠲᠥᠬᠦᠭᠡᠷᠥᠮᠵᠢ ᠵᠡᠷᠭᠡ ᠳᠤᠯᠠᠭᠠᠯᠠᠬᠤ ᠬᠡᠷᠡᠭᠰᠡᠯ᠂ ᠨᠡᠶᠢᠲᠡ ᠶᠢᠨ ᠵᠠᠮ ᠬᠠᠷᠢᠯᠴᠠᠭᠠᠨ  ᠤ ᠪᠠᠭᠠᠵᠢ ᠬᠡᠷᠡᠭᠰᠡᠯ ᠵᠢᠴᠢ ᠮᠣᠲ᠋ᠣᠷᠲᠣ ᠪᠣᠰᠤ ᠳᠡᠷᠭᠡ ᠪᠠᠷ ᠠᠶᠠᠯᠠᠬᠤ ᠶᠢ ᠵᠣᠷᠢᠭᠵᠢᠭᠤᠯᠵᠤ᠂ ᠴᠠᠬᠢᠯᠭᠠᠨᠳᠤ ᠳᠡᠷᠭᠡ ᠶᠢ ᠲᠥᠭᠡᠮᠡᠯᠵᠢᠭᠦᠯᠵᠥ᠂ ᠨᠣᠭᠤᠭᠠᠨ᠂ ᠳᠣᠣᠷ᠎ᠠ ᠨᠡᠭᠦᠷᠡᠰᠥᠳᠥᠷᠥᠭᠴᠢᠳᠤ ᠠᠮᠢᠳᠣᠷᠠᠯ ᠤᠨ ᠬᠡᠪ ᠮᠠᠶ᠋ᠢᠭ ᠢ ᠪᠦᠬᠦ ᠲᠠᠯ᠎ᠠ ᠪᠠᠷ ᠳᠦᠭᠡᠮᠡᠯᠵᠢᠭᠦᠯᠥᠨ᠎ᠡ᠃ᠳᠣᠯᠣᠳᠤᠭᠠᠷ ᠪᠦᠯᠥᠭ  ᠨᠡᠭᠡᠭᠡᠯᠳᠡ ᠲᠠᠢ ᠬᠥᠭᠵᠢᠯᠳᠡ ᠶᠢ ᠪᠠᠷᠢᠮᠳᠠᠯᠠᠨ᠂ ᠳᠤᠮᠳᠠᠳᠤ ᠮᠣᠩᠭᠤᠯ ᠣᠷᠣᠰ ᠭᠤᠷᠪᠠᠨ ᠤᠯᠤᠰ ᠤᠨ ᠠᠵᠣ ᠠᠬᠤᠢ ᠶᠢᠨ ᠬᠤᠩᠭᠢᠯ ᠤᠨ ᠴᠢᠬᠤᠯᠠ ᠵᠠᠩᠭᠢᠯᠠᠭ᠎ᠠ ᠶᠢᠨ ᠴᠡᠭ ᠢ ᠪᠦᠲᠥᠭᠡᠨ ᠪᠠᠶᠢᠭᠤᠯᠤᠨ᠎ᠠ     ︽ᠳᠠᠳᠠᠨ ᠣᠷᠣᠭᠤᠯᠬᠤ︾ ᠪᠠ ︽ᠭᠠᠷᠴᠤ ᠶᠠᠪᠦᠬᠤ︾ ᠬᠤᠶᠠᠷ ᠢ ᠤᠶᠠᠯᠳᠠᠭᠤᠯᠤᠭᠰᠠᠨ ᠭᠠᠳᠠᠭᠠᠳᠤ ᠳᠤ ᠨᠡᠭᠡᠭᠡᠯᠳᠡᠢ ᠪᠠᠶᠢᠯᠳᠤᠬᠤ ᠪᠣᠳᠤᠯᠭ᠎ᠠ ᠶᠢ ᠪᠠᠷᠢᠮᠳᠠᠯᠠᠨ᠂ ᠳᠡᠯᠡᠬᠡᠢ ᠶᠢᠨ ᠪᠣᠯᠣᠨ ᠤᠯᠣᠰ ᠤᠨ ᠳᠣᠳᠣᠭᠠᠳᠣ ᠶᠢᠨ ᠬᠤᠶᠠᠷ ᠵᠠᠬ᠎ᠠ ᠳᠡᠯᠭᠡᠭᠦᠷ᠂ ᠬᠤᠶᠠᠷ ᠡᠬᠢ ᠪᠠᠶᠠᠯᠢᠭ ᠢ ᠨᠡᠩ ᠵᠣᠬᠢᠰᠲᠠᠢ ᠠᠰᠢᠭᠯᠠᠵᠥ᠂ ︽ᠲᠥᠷᠥ ᠶᠢᠨ ᠪᠣᠳᠣᠯᠭ᠎ᠠ ᠶᠢᠨ ᠬᠠᠷᠢᠯᠴᠠᠨ ᠣᠶᠢᠯᠭᠠᠯᠴᠠᠯᠲᠠ᠂ ᠰᠠᠭᠤᠷᠢ ᠪᠦᠲᠥᠭᠡᠨ ᠪᠠᠶᠢᠭᠤᠯᠤᠯᠳᠠ ᠶᠢᠨ ᠬᠠᠷᠢᠯᠴᠠᠨ ᠬᠤᠯᠪᠣᠯᠳᠠ᠂ ᠠᠷᠠᠯᠵᠢᠶ᠎ᠠ ᠬᠤᠳᠠᠯᠳᠤᠭᠠᠨ ᠤ ᠰᠢᠭᠤᠷᠬᠠᠢ ᠨᠡᠪᠳᠡᠷᠡᠯᠲᠡ᠂ ᠬᠥᠷᠥᠩᠭᠡ ᠮᠥᠩᠬᠦ ᠶᠢᠨ ᠴᠢᠯᠥᠭᠡᠳᠡᠢ ᠡᠷᠭᠢᠯᠲᠡ᠂ ᠠᠷᠠᠳ ᠢᠷᠭᠡᠳ  ᠤᠨ ᠬᠠᠷᠢᠴᠠᠭ᠎ᠠ ᠬᠤᠯᠪᠣᠭ᠎ᠠ︾ ᠶᠢ ᠳᠥᠯᠬᠢᠨ ᠠᠬᠢᠭᠤᠯᠬᠤ ᠪᠠᠷ ᠭᠤᠣᠯ ᠪᠣᠯᠭᠠᠨ᠂ ᠮᠣᠩᠭᠤᠯ ᠤᠯᠤᠰ ᠠᠴᠠ ᠰᠠᠨᠠᠭᠠᠴᠢᠯᠠᠭᠰᠠᠨ ︽ᠲᠠᠯ᠎ᠠ ᠶᠢᠨ ᠵᠠᠮ︾ ᠪᠣᠯᠣᠨ ᠤᠷᠤᠰ ᠤᠨ ᠠᠽᠢᠶ᠎ᠠ ᠡᠸᠦ᠋ᠷᠣᠫᠡ ᠶᠢᠨ ᠠᠵᠣ ᠠᠬᠤᠢ ᠶᠢᠨ ᠬᠤᠯᠪᠣᠭ᠎ᠠ ᠤᠨ ᠪᠠᠶᠢᠯᠳᠤᠬᠤ ᠪᠤᠳᠤᠯᠭ᠎ᠠ ᠲᠠᠢ ᠢᠳᠡᠪᠬᠢᠲᠡᠢ ᠤᠶᠠᠯᠳᠤᠨ᠂ ᠮᠣᠩᠭᠤᠯ ᠤᠷᠣᠰ ᠤᠨ ᠡᠬᠡ ᠭᠠᠵᠠᠷ ᠤᠨ ᠬᠥᠭᠦᠷᠭᠡ ᠶᠢᠨ ᠳᠠᠭᠠᠤ ᠬᠢ ᠪᠦᠰᠡ ᠨᠤᠳᠤᠭ ᠵᠢᠴᠢ ᠳᠣᠳᠣᠷ ᠭᠠᠵᠠᠷ ᠯᠤᠭ᠎ᠠ ᠶᠢᠨ ᠰᠣᠯᠢᠯᠴᠠᠭ᠎ᠠ ᠬᠠᠮᠲᠤ ᠶᠢᠨ ᠠᠵᠢᠯᠯᠠᠭ᠎ᠠ ᠶᠢ ᠳᠠᠰᠤᠷᠠᠯᠲᠠ ᠦᠭᠡᠢ ᠭᠦᠨᠵᠡᠭᠡᠶᠢᠷᠡᠭᠦᠯᠵᠥ᠂ ᠳᠣᠮᠳᠠᠳᠤ ᠮᠣᠩᠭᠤᠯ ᠣᠷᠣᠰ ᠤᠨ ᠠᠵᠤ ᠠᠬᠤᠢ ᠶᠢᠨ ᠬᠤᠩᠭᠢᠯ ᠤᠨ ᠴᠢᠬᠤᠯᠠ ᠳᠤᠯᠭᠠᠭᠤᠷᠢ ᠴᠡᠭ ᠢ ᠪᠦᠬᠦ ᠲᠠᠯ᠎ᠠ ᠪᠠᠷ ᠪᠦᠲᠥᠭᠡᠨ ᠪᠠᠶᠢᠭᠤᠯᠤᠨ᠎ᠠ᠃ᠨᠢᠭᠡᠳᠥᠭᠡᠷ ᠬᠡᠰᠡᠭ   ᠲᠥᠷᠥ ᠶᠢᠨ ᠪᠤᠳᠣᠯᠭ᠎ᠠ ᠶᠢᠨ ᠬᠠᠷᠢᠯᠴᠠᠨ ᠣᠶᠢᠯᠭᠠᠯᠲᠠ ᠪᠣᠯᠣᠨ ᠵᠣᠬᠢᠴᠠᠭᠤᠯᠤᠯᠲᠠ ᠶᠢ ᠢᠳᠡᠪᠬᠢᠲᠡᠢ ᠠᠬᠢᠭᠤᠯᠤᠨ᠎ᠠ      ᠮᠣᠩᠭᠤᠯ ᠤᠯᠤᠰ ᠤᠨ ᠬᠤᠯᠪᠤᠭᠳᠠᠬᠤ ᠪᠠᠶᠢᠭᠤᠯᠤᠯᠭ᠎ᠠ ᠨᠢᠭᠡᠴᠢ᠂ ᠡᠯ᠎ᠡ ᠮᠤᠵᠢ ᠬᠤᠲᠠ᠂ ᠣᠷᠣᠰ ᠤᠨ ᠢᠷᠭᠦᠼᠺ ᠮᠤᠵᠢ᠂ ᠪᠤᠷᠢᠶᠠᠳ ᠪᠦᠭᠦᠳᠡ ᠨᠠᠶᠢᠷᠠᠮᠳᠠᠬᠤ ᠤᠯᠤᠰ᠂ ᠲᠤᠸᠠ ᠪᠦᠭᠦᠳᠡ ᠨᠠᠶᠢᠷᠠᠮᠳᠠᠬᠤ ᠤᠯᠤᠰ ᠵᠡᠷᠭᠡ ᠭᠠᠵᠠᠷ ᠤᠷᠤᠨ ᠨᠤᠭᠤᠳ ᠲᠠᠢ ᠵᠠᠰᠠᠭ ᠳᠠᠷᠤᠭ᠎ᠠ ᠶᠢᠨ ᠳᠣᠭᠳᠠᠭᠰᠠᠨ ᠬᠤᠭᠤᠴᠠᠭᠠᠨ ᠤ ᠠᠭᠤᠯᠵᠠᠯᠲᠠ ᠶᠠᠪᠤᠭᠳᠠᠭᠤᠯᠬᠤ ᠲᠤᠭᠳᠠᠯᠴᠠᠭ᠎ᠠ ᠶᠢ ᠪᠠᠶᠢᠭᠤᠯᠬᠤ ᠠᠬᠢᠴᠠ ᠶᠢ ᠳᠥᠷᠭᠡᠳᠭᠡᠨ᠎ᠡ᠃ ᠮᠣᠩᠭᠤᠯ ᠤᠷᠤᠰ ᠤᠨ ᠡᠬᠡ ᠭᠠᠵᠠᠷ ᠤᠨ ᠬᠥᠭᠦᠷᠭᠡ ᠳᠠᠭᠠᠤ ᠬᠢ ᠭᠠᠵᠠᠷ ᠣᠷᠣᠨ ᠲᠠᠢ ᠨᠥᠬᠦᠷᠰᠡᠭ ᠬᠤᠳᠠᠳ ᠤᠨ ᠬᠠᠷᠢᠴᠠᠭ᠎ᠠ ᠪᠠᠶᠢᠭᠤᠯᠵᠤ᠂ ︽ᠴᠠᠢ ᠶᠢᠨ ᠵᠠᠮ︾ ᠤᠨ ᠣᠯᠠᠨ ᠤᠯᠤᠰ ᠤᠨ ᠬᠤᠳᠠᠳ ᠤᠨ ᠬᠤᠯᠪᠣᠭᠠᠨ ᠤ ᠬᠠᠮᠣᠷᠤᠬᠤ ᠴᠠᠷ᠎ᠠ ᠬᠦᠷᠢᠶ᠎ᠡ ᠶᠢ ᠦᠷᠭᠡᠳᠭᠡᠨ᠎ᠡ᠃ ᠦᠵᠡᠰᠭᠦᠯᠡᠩ ᠬᠤᠳᠠᠯᠳᠤᠭ᠎ᠠ᠂ ᠬᠤᠷᠠᠯ ᠴᠤᠭᠯᠠᠭ᠎ᠠ᠂ ᠰᠣᠶᠣᠯ ᠲᠠᠮᠢᠷ ᠤᠨ ᠬᠥᠳᠡᠯᠭᠡᠭᠡᠨ ᠵᠣᠬᠢᠶᠠᠨ ᠪᠠᠶᠢᠭᠤᠯᠬᠤ ᠪᠠᠷ ᠳᠠᠮᠵᠢᠨ᠂ ᠵᠠᠰᠠᠭ ᠤᠨ ᠪᠠ ᠵᠠᠰᠠᠭ ᠤᠨ ᠪᠣᠰᠣ ᠵᠣᠬᠢᠶᠠᠨ ᠪᠠᠶᠢᠭᠤᠯᠤᠯᠳᠠ ᠤᠳ ᠤᠨ ᠬᠤᠭᠤᠷᠣᠨᠳᠣ ᠬᠠᠷᠢᠯᠴᠠᠨ ᠰᠣᠯᠢᠯᠴᠠᠬᠤ ᠳᠠᠪᠴᠠᠩ ᠢ ᠪᠠᠶᠢᠭᠤᠯᠵᠤ᠂ ᠤᠷᠤᠰ ᠮᠤᠩᠭᠤᠯ ᠯᠤᠭ᠎ᠠ ᠶᠢᠨ ᠣᠯᠠᠨ ᠳᠠᠪᠬᠤᠷᠭᠠᠳᠤ ᠬᠠᠷᠢᠯᠴᠠᠭᠠᠨ ᠤ ᠬᠦᠷᠢᠶ᠎ᠡ ᠬᠡᠪᠴᠢᠶ᠎ᠡ ᠶᠢ ᠥᠷᠭᠡᠳᠭᠡᠨ᠎ᠡ᠃ ᠡᠬᠡ ᠭᠠᠵᠠᠷ ᠤᠨ ᠬᠥᠭᠦᠷᠭᠡ ᠳᠠᠭᠠᠤ ᠬᠢ ᠭᠠᠵᠠᠷ ᠤᠷᠤᠨ  ᠤ ᠬᠤᠭᠤᠷᠣᠨᠳᠣ ᠪᠠᠶᠢᠩᠭᠤ ᠶᠢᠨ ᠬᠠᠮᠲᠤ ᠶᠢᠨ ᠠᠵᠢᠯᠯᠠᠭᠠᠨ ᠤ ᠳᠤᠭᠳᠠᠯᠴᠠᠭ᠎ᠠ ᠶᠢ ᠪᠠᠶᠢᠭᠤᠯᠵᠤ᠂ ᠡᠨᠧᠷᠭᠢ ᠶᠢᠨ ᠡᠬᠢ ᠪᠠᠶᠠᠯᠢᠭ᠂ ᠠᠮᠢ ᠠᠬᠤᠢ ᠶᠢᠨ ᠣᠷᠴᠢᠨ᠂ ᠰᠠᠭᠤᠷᠢ ᠪᠦᠲᠥᠭᠡᠨ ᠪᠠᠶᠢᠭᠤᠯᠤᠯᠳᠠ᠂ ᠠᠵᠤ ᠦᠢᠯᠡᠰ ᠤᠨ ᠬᠥᠭᠵᠢᠯᠳᠡ ᠮᠥᠩᠭᠦᠨ ᠭᠦᠢᠯᠭᠡᠭᠡᠨ ᠤ ᠬᠠᠮᠲᠣ ᠶᠢᠨ ᠠᠵᠢᠯᠯᠠᠭ᠎ᠠ᠂ ᠬᠤᠲᠠ ᠪᠠᠶᠢᠭᠤᠯᠤᠯᠲᠠ᠂ ᠰᠣᠶᠣᠯ ᠲᠧᠭᠨᠢᠭ ᠮᠡᠷᠭᠡᠵᠢᠯ᠂ ᠬᠢᠵᠢᠭ ᠰᠡᠷᠭᠡᠶᠢᠯᠡᠯᠲᠡ᠂ ᠤᠰᠤᠨ ᠤ ᠡᠬᠢ ᠪᠠᠶᠠᠯᠢᠭ ᠵᠡᠷᠭᠡ ᠰᠠᠯᠪᠦᠷᠢ ᠤᠳ ᠲᠤ ᠥᠷᠭᠡᠨ ᠳᠡᠯᠭᠡᠷ ᠬᠠᠮᠲᠣ ᠶᠢᠨ ᠠᠵᠢᠯᠯᠠᠭ᠎ᠠ ᠶᠢ ᠥᠷᠨᠢᠭᠦᠯᠥᠨ᠎ᠡ᠃ ᠮᠣᠩᠭᠤᠯ ᠤᠯᠤᠰ ᠤᠨ ᠤᠯᠭᠠᠨᠪᠠᠭᠠᠳᠤᠷ ᠲᠤ ᠰᠠᠭᠤᠭ᠎ᠠ ᠳᠣᠮᠳᠠᠳᠤ ᠤᠯᠤᠰ ᠤᠨ ᠬᠤᠳᠠᠯᠳᠤᠭᠠᠨ ᠤ ᠲᠥᠯᠥᠭᠡᠯᠡᠭᠴᠢ ᠶᠢᠨ ᠭᠠᠵᠠᠷ ᠤᠨ ᠦᠢᠯᠡᠳᠥᠯ ᠢ ᠭᠦᠢᠴᠡᠳ ᠪᠠᠳᠠᠷᠠᠭᠤᠯᠤᠨ᠂ ᠮᠣᠩᠭᠤᠯ ᠣᠷᠣᠰ  ᠤᠨ ᠡᠭᠡ ᠭᠠᠵᠠᠷ ᠤᠨ ᠭᠥᠭᠦᠷᠭᠡ ᠳᠠᠭᠠᠤ ᠬᠢ ᠭᠠᠵᠠᠷ ᠣᠷᠣᠨ ᠳᠤ ᠰᠠᠭᠤᠭ᠎ᠠ ᠬᠤᠳᠠᠯᠳᠤᠭᠠᠨ ᠤ ᠲᠥᠯᠥᠭᠡᠯᠡᠭᠴᠢ ᠶᠢᠨ ᠭᠠᠵᠠᠷ ᠢ ᠪᠠᠶᠢᠭᠤᠯᠬᠤ ᠪᠠᠷ ᠪᠠᠯᠡᠳᠭᠡᠨ᠎ᠡ᠃ᠬᠤᠶᠠᠳᠣᠭᠠᠷ ᠬᠡᠰᠡᠭ   ᠰᠠᠭᠤᠷᠢ ᠪᠦᠲᠥᠭᠡᠨ ᠪᠠᠶᠢᠭᠤᠯᠤᠯᠳᠠ ᠶᠢᠨ ᠬᠠᠷᠢᠯᠴᠠᠨ ᠬᠤᠯᠪᠦᠯᠳᠠ ᠶᠢ ᠢᠳᠡᠪᠬᠢ ᠲᠠᠢ ᠳᠦᠯᠬᠢᠨ ᠠᠬᠢᠭᠤᠯᠤᠨ᠎ᠠ      ᠳᠡᠮᠦᠷ ᠵᠠᠮ᠃ ᠡᠷᠢᠶᠡᠨ — ᠤᠯᠠᠭᠠᠨᠪᠠᠭᠠᠳᠦᠷ — ᠣᠯᠠᠭᠠᠨ ᠡᠭᠦᠳᠡ ᠴᠢᠭᠯᠡᠯ ᠤᠨ ᠬᠤᠣᠰ ᠱᠤᠭᠤᠮᠳᠤ ᠴᠠᠬᠢᠯᠭᠠᠨᠵᠢᠭᠤᠯᠤᠭᠰᠠᠨ ᠥᠭᠡᠷᠡᠴᠢᠯᠡᠯᠲᠡ᠂ ᠡᠷᠢᠶᠡᠨ — ᠰᠠᠶᠢᠨᠱᠠᠩᠳᠣ ᠴᠢᠭᠯᠡᠯ ᠤᠨ ᠲᠡᠮᠥᠷ ᠵᠠᠮ᠂ ᠪᠡᠭᠡᠵᠢᠩ — ᠡᠷᠢᠶᠡᠨ ᠬᠤᠳᠠ — ᠮᠣᠰᠺᠸᠠ ᠴᠢᠭᠯᠡᠯ ᠤᠨ ᠠᠽᠢᠶ᠎ᠠ ᠡᠸᠦ᠋ᠷᠣᠫᠡ ᠶᠢᠨ ᠬᠤᠷᠳᠣᠨ ᠤ ᠭᠠᠯᠳᠤ ᠳᠡᠷᠭᠡ ᠶᠢᠨ ᠳᠡᠭᠡᠭᠡᠪᠦᠷᠢ ᠶᠢᠨ ᠬᠤᠩᠭᠢᠯ ᠤᠨ ᠳᠤᠮᠳᠠ ᠱᠤᠭᠤᠮ ᠤᠨ ᠢᠨᠵᠧᠨᠧᠷᠢᠩ ᠤᠨ ᠪᠦᠲᠦᠭᠡᠨ ᠪᠠᠶᠢᠭᠤᠯᠤᠯᠳᠠ ᠶᠢ ᠵᠣᠬᠢᠴᠠᠩᠭᠤᠢ ᠳᠥᠯᠬᠢᠨ ᠠᠬᠢᠭᠤᠯᠵᠤ᠂ ᠳᠣᠮᠳᠠᠳᠤ ᠮᠣᠩᠭᠤᠯ ᠣᠷᠣᠰ ᠭᠤᠷᠪᠠᠨ ᠤᠯᠤᠰ ᠢ ᠬᠤᠯᠪᠣᠭᠰᠠᠨ ᠲᠡᠮᠥᠷ ᠵᠠᠮ  ᠤᠨ ᠰᠦᠯᠵᠢᠶᠡᠨ ᠤ ᠥᠨᠳᠥᠷ ᠦᠷ᠎ᠡ ᠠᠰᠢᠭᠳᠤ ᠰᠢᠭᠤᠷᠬᠠᠢ ᠨᠡᠪᠳᠡᠷᠡᠯᠲᠡ ᠶᠢ ᠠᠬᠢᠭᠤᠯᠤᠨ᠎ᠠ᠃      ᠵᠠᠰᠠᠮᠠᠯ ᠵᠠᠮ᠃ ᠡᠷᠢᠶᠡᠨ — ᠤᠯᠠᠭᠠᠨᠪᠠᠭᠠᠳᠣᠷ — ᠠᠯᠳᠠᠨᠪᠤᠯᠠᠭ ᠤᠨ ᠥᠨᠳᠥᠷ ᠳᠡᠰ ᠤᠨ ᠵᠠᠰᠠᠮᠠᠯ ᠵᠠᠮ᠂ ᠡᠷᠢᠶᠡᠨ — ᠰᠠᠶᠢᠨᠱᠠᠩᠳᠤ ᠶᠢᠨ ᠬᠥᠨᠳᠥ ᠠᠴᠢᠶ᠎ᠠ ᠳᠡᠭᠡᠭᠡᠪᠦᠷᠢ ᠶᠢᠨ ᠵᠠᠰᠠᠮᠠᠯ ᠵᠠᠮ ᠵᠡᠷᠭᠡ ᠤᠯᠠᠨ ᠤᠯᠤᠰ ᠤᠨ ᠵᠠᠰᠠᠮᠠᠯ ᠵᠠᠮ ᠤᠨ ᠪᠠᠶᠢᠭᠤᠯᠤᠯᠳᠠ ᠶᠢ ᠵᠣᠬᠢᠴᠠᠩᠭᠤᠢ ᠳᠦᠯᠬᠢᠨ ᠠᠬᠢᠭᠤᠯᠵᠤ᠂ ᠮᠣᠩᠭᠤᠯ ᠤᠯᠤᠰ ᠤᠨ ᠠᠯᠳᠠᠨᠪᠤᠯᠠᠭ᠂ ᠵᠠᠮ  ᠤᠨ ᠡᠭᠦᠳᠡ ᠬᠤᠶᠠᠷ ᠶᠡᠭᠡ ᠴᠢᠯᠥᠭᠡᠳᠥ ᠠᠷᠠᠯᠵᠢᠶᠠᠨ ᠤ ᠳᠣᠭᠤᠷᠢᠭ ᠵᠢᠴᠢ ᠠᠽᠢᠶ᠎ᠠ ᠡᠸᠥ᠋ᠷᠥᠫᠡ ᠳᠤ ᠨᠡᠪᠳᠡᠷᠡᠬᠦ  ᠠᠴᠢᠶ᠎ᠠ ᠳᠡᠭᠡᠭᠡᠪᠦᠷᠢ ᠶᠢᠨ ᠭᠠᠷᠣᠴᠠ ᠶᠢ ᠬᠤᠯᠪᠣᠨ ᠨᠡᠪᠳᠡᠷᠡᠭᠦᠯᠥᠨ᠎ᠡ᠃      ᠠᠭᠠᠷ ᠤᠨ ᠵᠠᠮ᠃ ᠨᠢᠰᠭᠡᠯ ᠤᠨ ᠪᠠᠭᠤᠳᠠᠯ ᠤᠨ ᠳᠣᠨᠤᠭ ᠳᠦᠭᠦᠭᠡᠷᠥᠮᠵᠢ ᠶᠢ ᠳᠡᠭᠦᠯᠳᠡᠷᠵᠢᠭᠦᠯᠵᠥ᠂ ᠰᠠᠶᠢᠬᠤᠰᠤ ᠤᠯᠠᠨ ᠤᠯᠤᠰ ᠤᠨ ᠠᠭᠠᠷ ᠤᠨ ᠪᠤᠭᠤᠮᠳᠠ ᠶᠢᠨ ᠨᠡᠭᠡᠭᠡᠯᠳᠡ ᠶᠢ ᠳᠥᠯᠬᠢᠨ ᠠᠬᠢᠭᠤᠯᠤᠨ᠎ᠠ᠃ ᠤᠯᠠᠨ ᠤᠯᠤᠰ ᠤᠨ ᠠᠭᠠᠷ ᠤᠨ ᠭᠠᠷᠠᠮ᠂ ᠠᠭᠠᠷ ᠤᠨ ᠪᠣᠯᠪᠠᠰᠤᠷᠠᠭᠤᠯᠤᠯᠳᠠ ᠶᠢᠨ ᠰᠠᠭᠤᠷᠢᠨ ᠭᠠᠵᠠᠷ ᠢ ᠪᠦᠲᠥᠭᠡᠨ ᠪᠠᠶᠢᠭᠤᠯᠤᠨ᠎ᠠ᠃ ᠮᠣᠩᠭᠤᠯ ᠤᠯᠤᠰ ᠤᠨ ᠤᠯᠠᠭᠠᠨᠪᠠᠭᠠᠳᠤᠷ ᠬᠤᠲᠠ ᠳᠤ ᠨᠡᠪᠳᠡᠷᠡᠬᠦ ᠤᠯᠠᠨ ᠤᠯᠤᠰ ᠤᠨ ᠠᠭᠠᠷ ᠤᠨ ᠵᠠᠮ ᠢ ᠵᠢᠯ ᠤᠨ ᠳᠣᠷᠰᠢ ᠠᠵᠢᠯᠯᠠᠭᠤᠯᠵᠤ᠂ ᠡᠷᠢᠶᠡᠨ ᠠᠴᠠ ᠣᠷᠣᠰ ᠤᠨ ᠢᠷᠭᠦᠼᠺ᠂ ᠣᠯᠠᠭᠠᠨ ᠡᠭᠦᠳᠡ ᠬᠦᠷᠬᠦ ᠤᠯᠠᠨ ᠤᠯᠤᠰ ᠤᠨ ᠠᠭᠠᠷ ᠤᠨ ᠵᠠᠮ ᠢ ᠡᠷᠳᠡ ᠨᠢᠭᠡ ᠡᠳᠥᠷ ᠨᠡᠪᠳᠡᠷᠡᠭᠦᠯᠥᠨ᠂ ᠬᠡᠪᠴᠢᠶ᠎ᠡ ᠨᠢ ᠵᠦᠢ ᠵᠣᠬᠢᠰᠲᠠᠢ ᠠᠭᠠᠷ ᠤᠨ ᠱᠤᠭᠤᠮ ᠰᠦᠯᠵᠢᠶ᠎ᠡ ᠶᠢ ᠪᠤᠢ ᠪᠤᠯᠭᠠᠨ᠎ᠠ᠃      ᠬᠤᠭᠤᠯᠠᠢ ᠱᠤᠭᠤᠮ᠃ ᠢᠷᠺᠥᠼᠺ — ᠤᠯᠠᠭᠠᠨᠪᠠᠭᠠᠳᠤᠷ — ᠡᠷᠢᠶᠡᠨ ᠤ ᠳᠣᠮᠳᠠᠳᠤ ᠮᠣᠩᠭᠤᠯ ᠣᠷᠣᠰ ᠤᠨ ᠴᠢᠯᠠᠭᠤᠨ ᠳᠣᠰᠣᠨ ᠬᠡᠢ ᠶᠢᠨ ᠬᠤᠭᠤᠯᠠᠢ ᠶᠢᠨ ᠪᠦᠳᠥᠭᠡᠨ ᠪᠠᠶᠢᠭᠤᠯᠤᠯᠳᠠ ᠶᠢ ᠢᠳᠡᠪᠬᠢᠲᠡᠢ ᠬᠥᠭᠡᠭᠡᠴᠡᠯᠳᠥᠨ᠂ ᠬᠥᠬᠡᠬᠤᠳᠠ — ᠡᠷᠢᠶᠡᠨ ᠤ ᠪᠠᠶᠢᠭᠠᠯᠢ ᠶᠢᠨ ᠰᠢᠳᠠᠮᠠᠬᠠᠢ ᠬᠡᠢ ᠶᠢᠨ ᠬᠤᠭᠤᠯᠠᠢ ᠶᠢ  ᠪᠦᠲᠥᠭᠡᠨ ᠪᠠᠶᠢᠭᠤᠯᠬᠤ ᠲᠥᠷᠥᠯ ᠵᠦᠢᠯ ᠢ ᠠᠬᠢᠭᠤᠯᠤᠨ᠂ ᠪᠡᠭᠡᠵᠢᠩ ᠲᠢᠶᠠᠨᠵᠢᠨ ᠡᠾᠧᠪᠸᠢ ᠪᠣᠯᠣᠨ ᠬᠥᠬᠡᠬᠤᠳᠠ ᠪᠣᠭᠤᠲᠤ ᠤᠷᠳᠤᠰ ᠵᠡᠷᠭᠡ ᠭᠠᠵᠠᠷ ᠣᠷᠣᠨ ᠳᠤ ᠨᠡᠪᠳᠡᠷᠡᠬᠦ ᠭᠠᠵᠠᠷ ᠳᠤᠤᠷᠠᠬᠢ ᠡᠨ᠋ᠷᠧᠭᠢ ᠶᠢᠨ ᠳᠠᠮᠵᠢᠭᠤᠯᠤᠨ ᠵᠥᠭᠡᠭᠡᠪᠦᠷᠢᠯᠡᠬᠦ ᠬᠤᠭᠤᠯᠠᠢ ᠶᠢ ᠪᠦᠳᠥᠭᠡᠨ ᠪᠠᠶᠢᠭᠤᠯᠤᠨ᠎ᠠ᠃      ᠴᠠᠬᠢᠯᠭᠠᠨ ᠡᠨᠧᠷᠭᠢ᠃ ᠪᠦᠰᠡ ᠨᠤᠳᠤᠭ ᠠᠯᠣᠰᠯᠠᠭᠰᠠᠨ᠂ ᠬᠢᠯᠢ ᠠᠯᠤᠰᠯᠠᠭᠰᠠᠨ ᠬᠡᠳᠥ ᠥᠨᠳᠥᠷ ᠳᠠᠷᠣᠯᠳᠠᠳᠤ ᠂ ᠤᠨᠴᠠ ᠥᠨᠳᠥᠷ ᠳᠠᠷᠤᠯᠳᠠᠳᠤ ᠳᠠᠮᠵᠢᠭᠤᠯᠬᠤ ᠱᠤᠭᠤᠮ ᠢ ᠰᠤᠳᠤᠯᠠᠨ ᠪᠠᠶᠢᠭᠤᠯᠵᠤ᠂ ᠡᠷᠢᠶᠡᠨ ᠬᠤᠲᠠ ᠶᠢᠨ ᠳᠠᠬᠢᠨ ᠰᠡᠷᠭᠦᠵᠥ ᠪᠣᠯᠬᠤ ᠡᠨᠧᠷᠭᠢ ᠶᠢᠨ ᠪᠢᠴᠢᠯ ᠴᠠᠬᠢᠯᠭᠠᠨ ᠰᠦᠯᠵᠢᠶᠡᠨ ᠤ ᠵᠢᠱᠢᠶᠡᠴᠢ ᠳᠥᠷᠥᠯ ᠵᠦᠢᠯ᠂ ᠡᠷᠢᠶᠡᠨ ᠬᠤᠳᠠ — ᠰᠢᠯᠢᠨ ᠭᠤᠣᠯ ᠠᠶᠢᠮᠠᠭ ᠤᠨ ᠬᠡᠳᠥ ᠥᠨᠳᠥᠷ ᠳᠠᠷᠣᠯᠳᠠᠳᠤ ᠴᠠᠬᠢᠯᠭᠠᠨ ᠬᠦᠴᠦᠨ ᠤ ᠳᠠᠮᠵᠢᠬᠤ ᠱᠤᠭᠤᠮ ᠪᠣᠯᠣᠨ 500 ᠺᠢᠯᠥᠸᠠᠲ ᠴᠠᠬᠢᠯᠭᠠᠨ ᠳᠠᠮᠵᠢᠭᠤᠯᠬᠤ ᠱᠤᠭᠤᠮ᠂ ᠬᠦᠴᠦᠳᠡᠯ ᠥᠭᠡᠷᠡᠴᠢᠯᠡᠬᠦ ᠲᠥᠭᠦᠭᠡᠷᠥᠮᠵᠢ ᠵᠡᠷᠭᠡ ᠲᠥᠷᠥᠯ ᠵᠦᠢᠯ ᠤᠨ ᠪᠦᠲᠥᠭᠡᠨ ᠪᠠᠶᠢᠭᠤᠯᠤᠯᠳᠠ ᠶᠢ ᠳᠥᠷᠭᠡᠳᠭᠡᠵᠥ᠂ ᠰᠢᠯᠢᠨ ᠭᠤᠣᠯ ᠠᠶᠢᠮᠠᠭ ᠤᠨ ᠪᠠᠷᠠᠭᠤᠨ ᠪᠦᠰᠡ ᠳᠠᠬᠢ 500 ᠺᠢᠯᠥᠸᠠᠲ ᠴᠠᠬᠢᠯᠭᠠᠨ ᠤ ᠱᠤᠭᠤᠮ ᠰᠦᠯᠵᠢᠶ᠎ᠡ ᠶᠢ ᠪᠤᠢ ᠪᠤᠯᠭᠠᠨ᠎ᠠ᠃ ᠤᠯᠤᠰ ᠠᠴᠠ ︽ᠠᠽᠢᠶ᠎ᠠ ᠶᠢᠨ ᠬᠡᠳᠥ ᠥᠨᠳᠥᠷ ᠳᠡᠰ ᠤᠨ ᠴᠠᠬᠢᠯᠭᠠᠨ ᠰᠦᠯᠵᠢᠶ᠎ᠡ︾ ᠶᠢ ᠪᠦᠲᠥᠭᠡᠨ ᠪᠠᠶᠢᠭᠤᠯᠬᠤ ᠵᠥᠪᠰᠢᠶᠡᠷᠡᠯ ᠢ ᠲᠡᠮᠡᠴᠡᠨ ᠣᠯᠵᠣ᠂ ᠡᠷᠢᠶᠠᠨ ᠬᠤᠳᠠ — ᠰᠠᠶᠢᠨᠱᠠᠩᠳᠣ ᠶᠢᠨ ᠬᠤᠣᠰ ᠴᠢᠭᠯᠡᠯ ᠳᠤ ᠴᠠᠬᠢᠯᠭᠠᠨ ᠳᠠᠮᠵᠢᠭᠤᠯᠬᠤ ᠱᠤᠭᠤᠮ ᠵᠢᠴᠢ ᠲᠡᠭᠦᠨ ᠤ ᠢᠵᠢ ᠪᠦᠷᠢᠨ ᠬᠦᠴᠥᠳᠡᠯ ᠬᠤᠪᠢᠰᠬᠠᠬᠤ ᠳᠦᠭᠦᠭᠡᠷᠥᠮᠵᠢ ᠶᠢᠨ ᠪᠦᠳᠥᠭᠡᠨ ᠪᠠᠶᠢᠭᠤᠯᠤᠯᠳᠠ ᠶᠢ ᠳᠥᠯᠬᠢᠨ ᠠᠬᠢᠭᠤᠯᠤᠨ᠎ᠠ᠃ ᠮᠣᠩᠭᠤᠯ ᠤᠷᠤᠰ ᠯᠤᠭ᠎ᠠ ᠶᠢᠨ ᠴᠡᠪᠡᠷᠰᠢᠭᠦᠯᠬᠦ ᠡᠨ᠋ᠷᠧᠬᠢ ᠶᠢᠨ ᠲᠠᠯ᠎ᠠ ᠪᠠᠷ ᠬᠢ ᠬᠠᠮᠲᠤ ᠶᠢᠨ ᠠᠵᠢᠯᠯᠠᠭ᠎ᠠ ᠶᠢ ᠴᠢᠩᠭᠠᠳᠬᠠᠵᠤ᠂ ᠮᠣᠩᠭᠤᠯ ᠲᠠᠢ ᠬᠢᠯᠢ ᠨᠡᠶᠢᠯᠡᠵᠥ ᠪᠠᠶᠢᠭ᠎ᠠ ᠭᠠᠵᠠᠷ ᠣᠷᠣᠨ ᠳᠤ ᠰᠠᠯᠬᠢ᠂ ᠭᠡᠷᠡᠯ ᠴᠠᠬᠢᠯᠭᠠᠨ ᠵᠡᠷᠭᠡ ᠰᠠᠯᠪᠦᠷᠢ ᠳᠠᠬᠢ ᠬᠠᠮᠲᠤ ᠶᠢᠨ ᠠᠵᠢᠯᠯᠠᠭᠠᠨ ᠤ ᠳᠤᠷᠰᠢᠬᠤ ᠴᠡᠭ ᠢ ᠰᠤᠳᠤᠯᠠᠨ ᠡᠷᠬᠢᠯᠡᠵᠥ᠂ ᠬᠢᠯᠢ  ᠶᠢᠨ ᠭᠠᠵᠠᠷ ᠣᠷᠣᠨ ᠳᠤ ᠴᠠᠬᠢᠯᠭᠠᠨ ᠰᠦᠯᠵᠢᠶᠡᠨ ᠤ ᠤᠯᠠᠨ ᠴᠡᠭ ᠠᠴᠠ ᠰᠦᠯᠵᠢᠶᠡᠨ ᠳᠤ ᠬᠤᠯᠪᠣᠬᠤ ᠢᠨᠵᠧᠨᠧᠷᠢᠩ  ᠢ ᠬᠠᠮᠲᠤ ᠪᠠᠷ ᠪᠦᠳᠦᠭᠡᠨ ᠪᠠᠶᠢᠭᠤᠯᠤᠨ᠎ᠠ᠃       ᠪᠣᠭᠤᠮᠳᠠ ᠤᠨ ᠰᠠᠭᠤᠷᠢ ᠳᠥᠭᠦᠭᠡᠷᠥᠮᠵᠢ ᠶᠢᠨ ᠪᠦᠲᠥᠭᠡᠨ ᠪᠠᠶᠢᠭᠤᠯᠤᠯᠳᠠ᠃ ᠪᠣᠭᠤᠮᠳᠠ ᠶᠢᠨ ᠨᠢᠭᠡᠳᠦᠭᠰᠡᠨ ᠰᠢᠯᠭᠠᠨ ᠪᠠᠶᠢᠴᠠᠭᠠᠬᠤ᠂ ᠪᠣᠭᠤᠮᠳᠠ ᠪᠠᠷ ᠥᠪᠡᠷᠳᠡᠭᠡᠨ ᠨᠡᠪᠳᠡᠷᠡᠬᠦ᠂ ᠠᠮᠤ ᠪᠤᠳᠠᠭᠠᠨ ᠤ ᠳᠤᠰᠬᠠᠢ ᠪᠣᠭᠤᠮᠳᠠ ᠵᠡᠷᠭᠡ ᠰᠠᠭᠤᠷᠢ ᠪᠦᠲᠥᠭᠡᠨ ᠪᠠᠶᠢᠭᠤᠯᠤᠯᠳᠠ ᠶᠢ ᠳᠥᠷᠭᠡᠳᠭᠡᠨ ᠪᠠᠶᠢᠭᠤᠯᠵᠤ᠂ ᠲᠡᠮᠥᠷ ᠵᠠᠮ ᠤᠨ ᠥᠷᠳᠡᠭᠡᠨ ᠤ ᠥᠭᠡᠷᠡᠴᠢᠯᠡᠨ ᠪᠠᠶᠢᠭᠤᠯᠤᠯᠲᠠ ᠶᠢ ᠪᠡᠶᠡᠯᠡᠭᠦᠯᠵᠥ᠂ ᠲᠡᠮᠥᠷ ᠵᠠᠮ ᠤᠨ ᠰᠢᠯᠵᠢᠭᠦᠯᠥᠨ ᠠᠴᠢᠬᠤ ᠴᠢᠳᠠᠪᠦᠷᠢ ᠶᠢ ᠳᠡᠭᠡᠭᠰᠢᠯᠡᠬᠦᠯᠵᠥ᠂ ᠣᠯᠠᠨ ᠤᠯᠤᠰ ᠤᠨ ᠨᠢᠭᠡᠳᠥᠭᠰᠡᠨ ᠠᠴᠢᠶ᠎ᠠ ᠳᠡᠭᠡᠭᠡᠪᠦᠷᠢ ᠶᠢᠨ ᠵᠠᠩᠭᠢᠯᠠᠭ᠎ᠠ ᠶᠢᠨ ᠦᠢᠯᠡᠳᠥᠯ   ᠢ ᠪᠠᠳᠠᠷᠠᠭᠤᠯᠤᠨ᠎ᠠ᠃ ᠡᠷᠢᠶᠡᠨ ᠡᠯᠧᠺᠲᠷᠣᠨ ᠪᠣᠭᠤᠮᠲᠠ ᠶᠢᠨ ᠳᠡᠰ ᠳᠠᠪᠰᠢᠭᠰᠠᠨ ᠢᠨᠵᠧᠨᠧᠷᠢᠩ ᠢ ᠦᠷᠭᠦᠯᠵᠢᠯᠡᠨ ᠬᠡᠷᠡᠭᠵᠢᠭᠦᠯᠵᠥ᠂ ᠡᠯᠧᠺᠲᠷᠥᠨ ᠪᠣᠭᠤᠮᠳᠠ ᠵᠢᠴᠢ ᠰᠠᠯᠠᠭ᠎ᠠ ᠮᠥᠴᠢᠷ ᠠᠯᠳᠠᠯᠠᠭᠰᠠᠨ ᠬᠠᠮᠲᠤ ᠪᠠᠶᠢᠭᠤᠯᠬᠤ᠂ ᠬᠠᠮᠳᠤ ᠬᠠᠮᠢᠶᠠᠷᠣᠬᠤ᠂ ᠬᠠᠮᠳᠤ ᠪᠠᠷ ᠡᠳ᠋ᠯᠡᠬᠦ ᠳᠣᠭᠳᠠᠯᠴᠠᠭ᠎ᠠ ᠶᠢᠨ ᠪᠤᠢ ᠪᠣᠯᠬᠤ ᠶᠢ ᠳᠥᠷᠭᠡᠳᠭᠡᠨ᠂ ᠬᠠᠮᠳᠣ ᠪᠠᠷ ᠬᠤᠪᠢᠶᠠᠯᠴᠠᠬᠤ᠂ ᠬᠠᠮᠳᠣ  ᠪᠠᠷ ᠬᠡᠷᠡᠭᠯᠡᠬᠦ ᠵᠠᠷᠴᠢᠮ ᠶᠣᠰᠣᠭᠠᠷ᠂ ᠪᠣᠭᠤᠮᠳᠠ ᠶᠢᠨ ᠬᠢᠨᠠᠨ ᠬᠠᠮᠢᠶᠠᠷᠣᠯᠳᠠ ᠶᠢᠨ ᠰᠠᠭᠤᠷᠢ ᠳᠥᠭᠦᠭᠡᠷᠥᠮᠵᠢ ᠶᠢᠨ ᠡᠬᠢ ᠪᠠᠶᠠᠯᠢᠭ ᠪᠣᠯᠣᠨ ᠰᠢᠯᠭᠠᠨ ᠪᠠᠶᠢᠴᠠᠭᠠᠬᠤ ᠭᠠᠵᠠᠷ ᠢ ᠨᠢᠭᠡᠳᠭᠡᠨ᠎ᠡ᠃ ᠪᠣᠭᠤᠮᠳᠠ ᠶᠢᠨ ᠶᠡᠷᠥᠩᠬᠡᠶᠢᠯᠡᠭᠰᠡᠨ ᠦᠢᠯᠡᠴᠢᠯᠡᠭᠡᠨ ᠤ ᠣᠷᠴᠢᠨ ᠢ ᠰᠠᠶᠢᠵᠢᠷᠠᠭᠤᠯᠵᠤ᠂ ᠪᠣᠭᠤᠮᠳᠠ ᠶᠢᠨ ᠨᠡᠪᠳᠡᠷᠡᠭᠦᠯᠬᠦ ᠴᠢᠳᠠᠯ ᠢ ᠳᠡᠭᠡᠭᠰᠢᠯᠡᠭᠦᠯᠥᠨ᠎ᠡ᠃ ᠪᠣᠭᠤᠮᠳᠠ ᠶᠢᠨ ᠵᠠᠮ ᠬᠠᠷᠢᠯᠴᠠᠭ᠎ᠠ᠂ ᠤᠰᠤ ᠬᠠᠩᠭᠠᠯᠳᠠ᠂ ᠴᠠᠬᠢᠯᠭᠠᠨ ᠬᠠᠩᠭᠠᠯᠲᠠ᠂ ᠮᠡᠳᠡᠭᠡ ᠬᠤᠯᠪᠣᠭ᠎ᠠ᠂ ᠭᠤᠶᠣᠵᠢᠭᠤᠯᠤᠯᠳᠠ᠂ ᠨᠤᠭᠤᠭᠠᠷᠠᠭᠤᠯᠤᠯᠳᠠ ᠵᠡᠷᠭᠡ ᠢᠵᠢ ᠪᠦᠷᠢᠨ ᠰᠠᠭᠤᠷᠢ ᠪᠦᠳᠥᠭᠡᠨ ᠪᠠᠶᠢᠭᠤᠯᠤᠯᠳᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠥ᠂ ᠪᠣᠭᠤᠮᠳᠠ ᠶᠢᠨ ᠰᠢᠭᠤᠷᠬᠠᠢ ᠨᠡᠪᠳᠡᠷᠡᠯᠲᠡ ᠶᠢ ᠪᠠᠳᠤᠯᠠᠨ᠎ᠠ᠃ ᠮᠣᠩᠭᠤᠯ ᠤᠯᠤᠰ  ᠤᠨ ᠵᠠᠮ ᠤᠨ ᠡᠭᠦᠳᠡ ᠪᠤᠭᠤᠮᠳᠠ ᠶᠢᠨ ᠰᠠᠭᠤᠷᠢ ᠰᠢᠯᠭᠠᠨ ᠪᠠᠶᠢᠴᠠᠭᠠᠬᠤ ᠳᠥᠭᠦᠭᠡᠷᠥᠮᠵᠢ ᠶᠢᠨ ᠪᠦᠳᠥᠭᠡᠨ ᠪᠠᠶᠢᠭᠤᠯᠤᠯᠳᠠ ᠶᠢ ᠳᠡᠮᠵᠢᠵᠥ᠂ ᠬᠤᠶᠠᠷ ᠳᠠᠯ᠎ᠠ ᠶᠢᠨ ᠪᠣᠭᠤᠮᠳᠠ ᠶᠢᠨ ᠨᠡᠪᠳᠡᠷᠡᠭᠦᠯᠬᠦ ᠴᠢᠳᠠᠪᠦᠷᠢ ᠶᠢᠨ ᠠᠳᠠᠯᠢ ᠳᠡᠭᠰᠢ ᠪᠠᠶᠢᠬᠤ ᠶᠢ ᠪᠠᠳᠤᠯᠠᠨ᠎ᠠ᠃      ᠮᠡᠳᠡᠭᠡ ᠵᠠᠩᠬᠢ᠃ ᠡᠷᠢᠶᠡᠨ — ᠤᠯᠠᠭᠠᠨᠪᠠᠭᠠᠳᠤᠷ ᠤᠨ ᠬᠢᠯᠢ ᠠᠯᠣᠰᠯᠠᠭᠰᠠᠨ ᠰᠦᠯᠵᠢᠶᠡᠨ ᠤ ᠤᠳᠠᠰᠤ ᠶᠢ ᠤᠷᠳᠤᠰᠬᠠᠨ ᠪᠠᠶᠢᠭᠤᠯᠵᠤ᠂ ᠤᠯᠠᠨ ᠤᠯᠤᠰ ᠤᠨ ᠰᠦᠯᠵᠢᠶᠡᠨ ᠲᠣᠣᠷ ᠤᠨ ᠪᠠᠶᠢᠭᠤᠯᠤᠯᠲᠠ ᠶᠢ ᠲᠦᠷᠭᠡᠳᠭᠡᠨ᠎ᠡ᠃ ᠪᠦᠰᠡ ᠨᠣᠳᠤᠭ ᠤᠨ ᠴᠢᠨᠠᠷ ᠲᠠᠢ ᠣᠯᠠᠨ ᠣᠯᠣᠰ ᠤᠨ ᠮᠡᠳᠡᠭᠡ ᠬᠤᠯᠪᠣᠭᠠᠨ ᠤ ᠦᠢᠯᠡᠴᠢᠯᠡᠭᠡᠨ ᠤ ᠣᠷᠣᠴᠠ ᠶᠢ ᠨᠡᠮᠡᠨ ᠪᠠᠶᠢᠭᠤᠯᠵᠤ᠂ ᠮᠣᠩᠭᠤᠯ ᠤᠷᠤᠰ ᠵᠢᠴᠢ ᠡᠸᠦ᠋ᠷᠣᠫᠡ ᠳᠤ ᠬᠠᠨᠳᠤᠭᠰᠠᠨ ᠮᠡᠳᠡᠭᠡ ᠵᠠᠩᠭᠢ ᠳ᠋ᠠᠶᠢᠲ᠋ᠠ ᠶᠢᠨ ᠨᠥᠭᠡᠴᠡ᠂ ᠲᠣᠭᠠᠴᠠᠨ ᠪᠣᠳᠤᠯᠳᠠ᠂ ᠳᠦᠷᠢᠶᠡᠰᠥᠯᠡᠭᠦᠯᠬᠦ ᠵᠡᠷᠭᠡ ᠦᠢᠯᠡᠴᠢᠯᠡᠭᠡ ᠶᠢ ᠬᠠᠩᠭᠠᠨ᠂ ᠮᠣᠩᠭᠤᠯ ᠪᠣᠯᠣᠨ ᠣᠷᠣᠰ ᠤᠨ ᠰᠢᠪᠧᠷᠢᠶ᠎ᠠ ᠶᠢᠨ ᠭᠠᠵᠠᠷ ᠣᠷᠣᠨ ᠳᠤ ᠬᠠᠨᠳᠤᠭᠰᠠᠨ ᠮᠡᠳᠡᠭᠡ ᠬᠤᠯᠪᠣᠭᠠᠨ ᠤ ᠵᠠᠩᠭᠢᠯᠠᠭ᠎ᠠ ᠶᠢᠨ ᠴᠡᠭ ᠪᠣᠯᠣᠨ ᠪᠦᠰᠡ ᠨᠤᠳᠤᠭ ᠤᠨ ᠮᠡᠳᠡᠭᠡ ᠵᠠᠩᠭᠢ ᠶᠢᠨ ᠴᠤᠭᠯᠠᠷᠠᠯ ᠤᠨ ᠳᠥᠪ ᠢ ᠢᠳᠡᠪᠬᠢᠯᠡᠨ ᠪᠦᠲᠥᠭᠡᠨ ᠪᠠᠶᠢᠭᠤᠯᠤᠨ᠎ᠠ᠃ᠭᠤᠷᠪᠠᠳᠤᠭᠠᠷ ᠬᠡᠰᠡᠭ    ᠬᠥᠷᠥᠩᠭᠡ ᠮᠥᠩᠭᠦ ᠶᠢᠨ ᠬᠦᠢᠯᠭᠡᠭᠡᠨ ᠤ ᠵᠠᠭᠪᠦᠷ ᠢ ᠰᠢᠨᠡᠴᠢᠯᠡᠨ ᠪᠠᠶᠢᠭᠤᠯᠤᠨ᠎ᠠ       ᠬᠢᠯᠢ ᠠᠯᠤᠰᠯᠠᠭᠰᠠᠨ ᠠᠷᠠᠳ ᠤᠨ ᠵᠣᠭᠤᠰ ᠤᠨ ᠠᠵᠢᠯ ᠦᠢᠯᠡᠴᠢᠯᠡᠭᠡᠨ ᠤ ᠰᠢᠨᠡᠴᠢᠯᠡᠯᠲᠡ ᠶᠢ ᠳᠦᠯᠬᠢᠨ ᠠᠬᠢᠭᠤᠯᠤᠨ᠎ᠠ᠃ ᠠᠷᠠᠳ ᠤᠨ ᠵᠣᠭᠤᠰ ᠤᠨ ᠪᠡᠯᠡᠨ ᠮᠥᠩᠭᠦᠨ ᠤ ᠨᠡᠭᠦᠯᠭᠡᠨ ᠰᠢᠯᠵᠢᠭᠦᠯᠥᠯᠲᠡ ᠪᠣᠯᠣᠨ ᠮᠣᠩᠭᠤᠯ ᠳᠤ ᠬᠠᠨᠳᠤᠭᠰᠠᠨ ᠬᠥᠷᠥᠩᠭᠡ ᠮᠥᠩᠭᠦ ᠶᠢᠨ ᠳᠣᠭᠠᠴᠠᠨ ᠪᠣᠳᠣᠯᠳᠠ ᠶᠢᠨ ᠦᠢᠯᠡᠴᠢᠯᠡᠯᠭᠡᠨ ᠤ ᠴᠢᠳᠠᠪᠬᠢ ᠶᠢ ᠳᠡᠭᠦᠯᠳᠡᠷᠵᠢᠭᠦᠯᠵᠥ᠂ ᠠᠷᠠᠳ ᠤᠨ ᠵᠣᠭᠤᠰ ᠪᠣᠯᠣᠨ ᠮᠣᠩᠭᠤᠯ ᠲᠥᠭᠦᠷᠢᠭ ᠤᠨ ᠬᠤᠭᠤᠷᠤᠨᠳᠤᠬᠢ ᠰᠢᠭᠤᠳ ᠭᠤᠪᠢᠭᠤᠯᠭ᠎ᠠ ᠶᠢᠨ ᠬᠡᠰᠡᠭ ᠲᠠᠬᠢ ᠳᠡᠮᠳᠡᠭᠳᠥ ᠡᠯᠭᠦᠯᠳᠡ ᠵᠢᠴᠢ ᠪᠡᠯᠡᠨ ᠮᠥᠩᠭᠦ ᠶᠢᠨ ᠰᠣᠯᠢᠬᠤ ᠬᠡᠪᠴᠢᠶ᠎ᠡ ᠶᠢ ᠥᠷᠭᠡᠳᠭᠡᠨ᠎ᠡ᠃ ᠠᠷᠠᠳ ᠤᠨ ᠵᠣᠭᠤᠰ ᠤᠨ ᠪᠣᠴᠠᠨ ᠤᠷᠤᠰᠬᠤ ᠵᠠᠮ ᠰᠤᠪᠠᠭ ᠢ ᠳᠦᠷᠢᠮᠵᠢᠭᠦᠯᠵᠥ ᠨᠡᠪᠳᠡᠷᠡᠭᠦᠯᠥᠨ᠂ ᠮᠣᠩᠭᠤᠯ ᠤᠯᠤᠰ ᠲᠠᠢ ᠠᠷᠠᠳ ᠤᠨ ᠵᠣᠭᠤᠰ ᠤᠨ ᠬᠤᠣᠰ ᠴᠢᠭᠯᠡᠯ ᠤᠨ ᠵᠢᠭᠡᠯᠡᠯᠭᠡ ᠶᠢᠨ ᠳᠤᠷᠰᠢᠬᠤ ᠴᠡᠭ ᠪᠠᠶᠢᠭᠤᠯᠬᠤ ᠶᠢ ᠰᠦᠪᠡᠭᠴᠢᠯᠡᠵᠥ᠂ ᠬᠢᠯᠢ ᠶᠢᠨ ᠭᠠᠳᠠᠨᠠᠬᠢ ᠬᠥᠷᠥᠩᠭᠡ ᠨᠡᠶᠢᠯᠡᠭᠦᠯᠥᠯᠲᠡ ᠶᠢᠨ ᠠᠵᠢᠯᠯᠠᠭ᠎ᠠ ᠶᠢ ᠵᠣᠬᠢᠶᠠᠨ ᠪᠠᠶᠢᠭᠤᠯᠤᠨ᠎ᠠ᠃ ᠠᠷᠠᠳ ᠤᠨ ᠳᠤᠮᠳᠠᠬᠢ ᠬᠥᠷᠥᠩᠭᠡ ᠶᠢ ᠳᠦᠷᠢᠮᠵᠢᠭᠦᠯᠥᠨ ᠬᠥᠭᠵᠢᠭᠦᠯᠵᠥ᠂ ᠬᠤᠪᠢ ᠬᠦᠮᠥᠨ ᠬᠢᠯᠢ  ᠶᠢᠨ ᠭᠠᠳᠠᠨ᠎ᠠ ᠰᠢᠭᠤᠳ ᠪᠠᠯᠡ ᠣᠷᠣᠭᠤᠯᠬᠤ ᠳᠤᠷᠰᠢᠯᠲᠠ ᠶᠢᠨ ᠴᠡᠭ ᠢ ᠳᠤᠷᠰᠢᠨ ᠠᠵᠢᠯᠯᠠᠭᠤᠯᠤᠨ᠎ᠠ᠃ ᠠᠷᠠᠳ ᠤᠨ ᠵᠣᠭᠤᠰ ᠪᠣᠯᠣᠨ ᠮᠣᠩᠭᠤᠯ ᠳᠥᠭᠦᠷᠢᠭ ᠤᠨ ᠳᠤᠰᠬᠠᠢ ᠵᠥᠪᠰᠢᠶᠡᠷᠡᠯᠳᠤ ᠮᠥᠩᠭᠦ ᠰᠣᠯᠢᠬᠤ ᠠᠵᠢᠯ ᠦᠢᠯᠡᠴᠢᠯᠡᠭᠡᠨ ᠤ ᠬᠦᠷᠢᠶ᠎ᠡ ᠬᠡᠪᠴᠢᠶ᠎ᠡ ᠶᠢ ᠥᠷᠭᠡᠳᠭᠡᠨ ᠬᠥᠷᠥᠩᠭᠡ ᠶᠢᠨ ᠳᠥᠷᠥᠯ ᠵᠦᠢᠯ ᠳᠤ ᠬᠠᠮᠤᠷᠤᠭᠤᠯᠤᠨ᠂ ᠬᠠᠷᠭᠠᠯᠵᠠᠭᠰᠠᠨ ᠰᠣᠯᠢᠬᠤ ᠮᠥᠩᠭᠦᠨ ᠤ ᠬᠡᠮᠵᠢᠶ᠎ᠡ ᠶᠢ ᠨᠡᠮᠡᠭᠳᠡᠭᠦᠯᠥᠨ᠂ ᠬᠤᠪᠢ ᠬᠦᠮᠥᠨ ᠤ ᠬᠢᠯᠢ ᠪᠠᠷ ᠠᠪᠴᠤ ᠭᠠᠷᠴᠣ ᠪᠣᠯᠬᠤ ᠪᠡᠯᠡᠨ ᠮᠥᠩᠭᠦᠨ ᠤ ᠬᠡᠮᠵᠢᠶ᠎ᠡ ᠶᠢ ᠨᠡᠮᠡᠭᠳᠡᠭᠦᠯᠬᠦ ᠪᠠᠷ ᠬᠥᠭᠡᠭᠡᠴᠡᠯᠳᠥᠨ᠎ᠡ᠃        ᠪᠡᠯᠡ ᠤᠷᠤᠭᠤᠯᠵᠤ ᠬᠥᠷᠥᠩᠭᠡ ᠨᠡᠶᠢᠯᠡᠭᠦᠯᠬᠦ ᠰᠢᠰᠲ᠋ᠧᠮ ᠲᠣᠭᠲᠠᠯᠴᠠᠭ᠎ᠠ ᠶᠢᠨ ᠰᠢᠨᠡᠴᠢᠯᠡᠯᠳᠡ ᠶᠢ ᠠᠬᠢᠭᠤᠯᠤᠨ᠎ᠠ᠃ ᠬᠤᠳᠠᠯᠳᠤᠭᠠᠨ ᠤ ᠪᠠᠩᠭᠢ ᠠᠴᠠ ᠳᠤᠮᠳᠠᠳᠤ ᠤᠷᠤᠰ᠂ ᠳᠤᠮᠳᠠᠳᠤ ᠮᠣᠩᠭᠤᠯ ᠤᠨ ᠬᠢᠯᠢ ᠠᠯᠣᠰᠯᠠᠭᠰᠠᠨ ᠮᠥᠩᠭᠦᠨ ᠭᠦᠢᠯᠭᠡᠭᠡᠨ ᠤ ᠦᠢᠯᠡᠴᠢᠯᠡᠭᠡᠨ ᠤ ᠲᠥᠪ ᠪᠠᠶᠢᠭᠤᠯᠬᠤ ᠶᠢ ᠵᠣᠷᠢᠭᠵᠢᠭᠤᠯᠵᠤ᠂ ᠨᠥᠭᠦᠴᠡᠯ  ᠳᠤ ᠨᠡᠶᠢᠴᠡᠭᠰᠡᠨ ᠮᠣᠩᠭᠤᠯ ᠤᠯᠤᠰ ᠤᠨ ᠮᠥᠩᠭᠦᠨ ᠬᠦᠢᠯᠭᠡᠭᠡᠨ ᠤ ᠪᠠᠶᠢᠭᠤᠯᠤᠯᠭ᠎ᠠ ᠶᠢᠨ ᠡᠷᠢᠶᠡᠨ ᠬᠤᠲᠠ ᠳᠤ ᠭᠠᠳᠠᠭᠠᠳᠤ ᠪᠡᠯᠡ ᠶᠢ ᠰᠢᠩᠭᠡᠭᠡᠭᠰᠡᠨ ᠰᠠᠯᠪᠦᠷᠢ ᠪᠠᠶᠢᠭᠤᠯᠤᠯᠭ᠎ᠠ ᠪᠠᠶᠢᠭᠤᠯᠬᠤ ᠶᠢ ᠳᠡᠮᠵᠢᠵᠤ᠂ ᠠᠷᠠᠳ ᠤᠨ ᠳᠤᠮᠳᠠᠬᠢ ᠬᠥᠷᠥᠩᠭᠡ ᠪᠠᠷ ᠪᠠᠶᠢᠭᠤᠯᠤᠭᠳᠠᠭᠰᠠᠨ ᠥᠪᠡᠷᠳᠡᠭᠡᠨ ᠳᠥᠭᠰᠢᠭᠦᠷᠢ ᠪᠠᠨ ᠳᠠᠭᠠᠭᠠᠬᠤ ᠠᠷᠠᠳ ᠠᠴᠠ ᠡᠷᠭᠢᠯᠡᠭᠰᠡᠨ ᠪᠠᠩᠬᠢ ᠂ ᠮᠥᠩᠭᠦᠨ ᠬᠦᠢᠯᠭᠡᠭᠡᠨ ᠤ ᠳᠥᠷᠢᠶᠡᠰᠥᠨ ᠤ ᠺᠣᠮᠫᠠᠨᠢ ᠵᠢᠴᠢ ᠬᠡᠷᠡᠭᠯᠡᠭᠡᠨ ᠤ ᠮᠥᠩᠭᠦᠨ ᠭᠦᠢᠯᠭᠡᠭᠡᠨ ᠤ ᠺᠣᠮᠫᠠᠨᠢ ᠵᠡᠷᠭᠡ ᠮᠥᠩᠭᠦᠨ ᠭᠦᠢᠯᠭᠡᠭᠡᠨ ᠤ ᠪᠠᠶᠢᠭᠤᠯᠤᠯᠭ᠎ᠠ ᠶᠢ ᠳᠤᠷᠰᠢᠨ ᠠᠵᠢᠯᠯᠠᠭᠤᠯᠤᠨ᠎ᠠ᠃ ᠤᠯᠤᠰ ᠤᠨ ᠭᠠᠳᠠᠭᠠᠳᠤ ᠤᠷᠤᠭᠤᠯᠤᠯᠳᠠ ᠭᠠᠷᠭᠠᠯᠳᠠ ᠶᠢᠨ ᠪᠠᠩᠬᠢ᠂ ᠠᠽᠢᠶ᠎ᠠ ᠶᠢᠨ ᠪᠡᠯᠡ ᠣᠷᠣᠭᠤᠯᠣᠯᠲᠠ ᠶᠢᠨ ᠪᠠᠩᠬᠢ ᠵᠢᠴᠢ ᠳᠣᠷᠭᠠᠨ ᠵᠠᠮ  ᠤᠨ ᠰᠠᠭᠤᠷᠢ ᠮᠥᠩᠭᠦᠨ ᠤ ᠨᠡᠶᠢᠭᠡᠮᠯᠢᠭ ᠭᠡᠬᠦ ᠮᠡᠳᠥ ᠮᠥᠩᠭᠦᠨ ᠬᠦᠢᠯᠭᠡᠭᠡᠨ ᠤ ᠵᠣᠬᠢᠶᠠᠨ ᠪᠠᠶᠢᠭᠤᠯᠤᠯᠲᠠ ᠠᠴᠠ ᠳᠣᠮᠳᠠᠳᠤ ᠮᠣᠩᠭᠤᠯ ᠣᠷᠣᠰ ᠤᠨ ᠠᠵᠤ ᠠᠬᠤᠢ ᠶᠢᠨ ᠬᠤᠩᠭᠢᠯ ᠢ ᠪᠦᠳᠥᠭᠡᠨ ᠪᠠᠶᠢᠭᠤᠯᠬᠤ ᠲᠥᠷᠥᠯ ᠵᠦᠢᠯ ᠳᠤ ᠬᠥᠩᠭᠡᠯᠡᠯᠲᠡ ᠲᠠᠢ ᠵᠢᠭᠡᠯᠡᠯᠭᠡ ᠤᠯᠭᠤᠬᠤ ᠶᠢ ᠢᠳᠡᠪᠬᠢᠲᠡᠢ ᠬᠥᠭᠡᠭᠡᠴᠡᠯᠳᠥᠨ᠂ BOT᠂TOT᠂PPP ᠵᠠᠭᠪᠦᠷ ᠪᠣᠯᠣᠨ ᠬᠥᠷᠥᠩᠭᠡ ᠶᠢᠨ ᠦᠨᠡᠳᠤ ᠴᠠᠭᠠᠰᠥᠴᠢᠯᠠᠭᠰᠠᠨ ᠨᠡᠶᠢᠯᠡᠭᠦᠯᠥᠯᠳᠡ ᠵᠡᠷᠭᠡ ᠳᠠᠯ᠎ᠠ ᠳᠤ ᠤᠯᠤᠰ ᠪᠣᠯᠣᠨ ᠥᠪᠡᠷᠳᠡᠭᠡᠨ ᠵᠠᠰᠠᠬᠤ ᠣᠷᠣᠨ ᠤ ᠳᠡᠮᠵᠢᠯᠭᠡ ᠶᠢ ᠤᠯᠬᠤ ᠪᠠᠷ ᠴᠢᠷᠮᠠᠶᠢᠨ᠂ ᠬᠢᠯᠢ ᠶᠢᠨ ᠭᠠᠳᠠᠨᠠᠬᠢ ᠠᠷᠠᠳ ᠤᠨ ᠵᠣᠭᠤᠰ ᠢ ᠵᠢᠭᠡᠯᠡᠯᠭᠡ ᠶᠢᠨ ᠬᠡᠯᠪᠡᠷᠢ ᠪᠠᠷ ᠡᠷᠢᠶᠡᠨ ᠬᠤᠲᠠ ᠶᠢᠨ ᠭᠤᠣᠯᠳᠠᠯᠭ᠎ᠠ ᠲᠠᠢ ᠠᠵᠤ ᠦᠢᠯᠡᠰ ‍ᠤᠨ‌‍ᠲ᠋ᠥ᠋ᠷᠥᠯ ᠵᠦᠢᠯ ᠳᠤ ᠪᠡᠯᠡ ᠣᠷᠣᠭᠤᠯᠬᠤ ᠠᠷᠭ᠎ᠠ ᠶᠢ ᠬᠠᠶᠢᠨ ᠰᠥᠪᠡᠭᠴᠢᠯᠡᠨ᠎ᠡ᠃      ᠮᠥᠩᠭᠦᠨ ᠭᠦᠢᠯᠭᠡᠭᠡᠨ ᠤ ᠪᠦᠳᠥᠭᠡᠭᠳᠡᠭᠦᠨ ᠢ ᠡᠭᠦᠳᠥᠨ ᠰᠢᠨᠡᠴᠢᠯᠡᠨ᠎ᠡ᠃ ᠮᠥᠩᠭᠦᠨ ᠭᠦᠢᠯᠭᠡᠭᠡᠨ ᠤ ᠪᠠᠶᠢᠭᠤᠯᠤᠯᠭ᠎ᠠ ᠨᠢᠭᠡᠴᠢ ᠶᠢᠨ ᠣᠷᠣᠰ ᠮᠣᠩᠭᠤᠯ ᠲᠠᠢ ᠢᠳᠡᠭᠡᠮᠵᠢ ᠶᠢᠨ ᠳᠡᠮᠳᠡᠭ᠂ ᠪᠠᠳᠤᠯᠠᠭᠠᠨ ᠤ ᠪᠢᠴᠢᠭ᠂ ᠪᠠᠩᠭᠢ  ᠶᠢᠨ ᠺᠠᠷᠲ ᠵᠡᠷᠭᠡ ᠳᠣᠭᠠᠴᠠᠨ ᠪᠣᠳᠤᠬᠤ ᠠᠵᠢᠯ ᠦᠢᠯᠡᠴᠢᠯᠡᠭᠡᠨ ᠤ ᠳᠠᠯ᠎ᠠ ᠪᠠᠷ ᠬᠠᠮᠲᠤ ᠶᠢᠨ ᠠᠵᠢᠯᠯᠠᠭ᠎ᠠ ᠥᠷᠨᠢᠭᠦᠯᠬᠦ  ᠶᠢ ᠵᠣᠷᠢᠭᠵᠢᠭᠤᠯᠵᠤ᠂ ᠠᠷᠠᠯᠵᠢᠶᠠᠨ ᠤ ᠲᠣᠭᠠᠴᠠᠨ ᠪᠣᠳᠣᠬᠤ ᠳᠥᠷᠥᠯ ᠵᠠᠨᠠᠷ ᠢ ᠡᠯᠪᠡᠭᠵᠢᠭᠦᠯᠥᠨ᠎ᠡ᠃ ᠮᠣᠩᠭᠤᠯ ᠣᠷᠣᠰ ᠲᠤ ᠬᠠᠨᠳᠤᠭᠰᠠᠨ ᠬᠢᠯᠢ ᠠᠯᠤᠰᠯᠠᠭᠰᠠᠨ ᠡᠯᠧᠺᠲᠷᠣᠨ ᠬᠤᠳᠠᠯᠳᠤᠭᠠᠨ ᠤ ᠭᠠᠳᠠᠭᠠᠳᠤ ᠭᠤᠶᠢᠪᠢᠭᠤᠯᠤᠯᠲᠠ ᠶᠢᠨ ᠲᠥᠯᠥᠪᠦᠷᠢ ᠬᠢᠬᠦ ᠳᠣᠷᠰᠢᠬᠤ ᠴᠡᠭ ᠢ ᠪᠠᠶᠢᠭᠤᠯᠤᠨ᠂ ᠮᠣᠩᠭᠤᠯ ᠳᠥᠭᠦᠷᠢᠭ᠂ ᠷᠥᠪᠯᠢ ᠶᠢᠨ ᠰᠦᠯᠵᠢᠶᠡᠨ ᠳᠡᠭᠡᠷ᠎ᠡ ᠨᠢᠭᠡ ᠱᠤᠭᠤᠮ ᠢᠶᠠᠷ ᠲᠣᠭᠠᠴᠠᠨ ᠪᠣᠳᠣᠬᠤ ᠳᠦᠷᠭᠡᠨ ᠭᠠᠷᠣᠴᠠ ᠶᠢ ᠨᠡᠪᠳᠡᠷᠡᠭᠦᠯᠥᠨ᠎ᠡ᠃ ᠬᠢᠯᠢ ᠠᠯᠤᠰᠯᠠᠭᠰᠠᠨ ᠳᠠᠭᠠᠳᠬᠠᠯ ᠤᠨ ᠦᠢᠯᠡᠴᠢᠯᠡᠭᠡᠨ ᠤ ᠳᠥᠪ ᠢ ᠪᠦᠲᠥᠭᠡᠨ ᠪᠠᠶᠢᠭᠤᠯᠵᠤ᠂ ᠳᠣᠮᠳᠠᠳᠤ ᠮᠣᠩᠭᠤᠯ ᠤᠷᠤᠰ ᠤᠨ ᠮᠣᠲ᠋ᠣᠷᠲᠣ ᠳᠡᠷᠭᠡᠨ ᠤ ᠳᠠᠭᠠᠳᠬᠠᠯ᠂ ᠠᠴᠢᠶ᠎ᠠ ᠳᠡᠭᠡᠭᠡᠪᠦᠷᠢ ᠵᠥᠭᠡᠭᠡᠪᠦᠷᠢᠯᠡᠬᠦ ᠳᠠᠭᠠᠳᠬᠠᠯ᠂ ᠪᠠᠷᠢᠯᠭ᠎ᠠ ᠢᠨᠵᠧᠨᠧᠷ ᠤᠨ ᠳᠠᠭᠠᠳᠬᠠᠯ᠂ ᠠᠶᠠᠯᠠᠯ ᠵᠢᠭᠤᠯᠴᠢᠯᠠᠯ ᠤᠨ ᠳᠠᠭᠠᠳᠬᠠᠯ ᠵᠡᠷᠭᠡ ᠲᠠᠯ᠎ᠠ ᠪᠠᠷ ᠬᠢ ᠬᠠᠮᠲᠤ ᠶᠢᠨ ᠠᠵᠢᠯᠯᠠᠭ᠎ᠠ ᠶᠢ ᠠᠬᠢᠭᠤᠯᠵᠤ᠂ ᠮᠣᠩᠭᠤᠯ ᠲᠠᠢ ᠬᠢᠯᠢ ᠠᠯᠤᠰᠯᠠᠨ ᠪᠡᠯᠡ ᠣᠷᠣᠭᠤᠯᠣᠭᠰᠠᠨ ᠠᠷᠠᠯᠵᠢᠶᠠᠨ ᠤ ᠢᠳᠡᠭᠡᠮᠵᠢᠯᠡᠯ ᠤᠨ ᠳᠠᠭᠠᠳᠬᠠᠯ ᠢ ᠬᠠᠮᠲᠤ ᠪᠠᠷ ᠬᠥᠭᠵᠢᠭᠦᠯᠥᠨ᠎ᠡ᠃ᠳᠦᠷᠪᠡᠳᠦᠭᠡᠷ ᠬᠡᠰᠡᠭ   ᠳᠥᠬᠦᠮ ᠲᠥᠳᠡ ᠰᠢᠭᠤᠷᠬᠠᠢ ᠨᠡᠪᠳᠡᠷᠡᠬᠦ ᠤᠯᠠᠨ ᠤᠯᠤᠰ ᠤᠨ ᠠᠷᠠᠯᠵᠢᠶᠠᠨ ᠤ ᠰᠢᠨ᠎ᠡ ᠭᠠᠷᠤᠴᠠ ᠶᠢ ᠪᠠᠶᠢᠭᠤᠯᠤᠨ᠎ᠠ     ᠪᠣᠭᠤᠮᠳᠠ ᠪᠠᠷ ᠨᠡᠪᠳᠡᠷᠡᠬᠦ ᠬᠢᠯᠪᠠᠷᠴᠢᠯᠠᠭᠰᠠᠨ ᠥᠭᠡᠷᠡᠴᠢᠯᠡᠯᠲᠠ ᠶᠢ ᠠᠬᠢᠭᠤᠯᠤᠨ᠎ᠠ᠃ ᠣᠯᠠᠨ ᠤᠯᠤᠰ ᠤᠨ ᠠᠷᠠᠯᠵᠢᠶᠠᠨ ᠤ ︽ᠭᠠᠭᠴᠠ ᠴᠣᠩᠬᠤ︾ ᠶᠢ ᠪᠠᠶᠢᠭᠤᠯᠤᠨ᠂ ︽ᠨᠢᠭᠡ ᠱᠤᠭᠤᠮᠳᠤ︾ ᠦᠢᠯᠡᠴᠢᠯᠡᠭᠡ ᠶᠢ ᠪᠦᠬᠦ ᠳᠠᠯ᠎ᠠ  ᠪᠠᠷ ᠠᠬᠢᠭᠤᠯᠤᠨ᠂ ᠮᠡᠳᠡᠭᠡ ᠵᠠᠩᠭᠢ ᠶᠢ ᠬᠠᠮᠳᠤ ᠪᠠᠷ ᠬᠤᠪᠢᠶᠠᠯᠴᠠᠬᠤ ᠳᠣᠭᠳᠠᠯᠴᠠᠭ᠎ᠠ ᠶᠢ ᠳᠡᠭᠦᠯᠳᠡᠷᠵᠢᠭᠦᠯᠥᠨ ᠪᠠᠶᠢᠭᠤᠯᠵᠤ᠂ ᠨᠢᠭᠡ ᠴᠣᠭᠴᠠᠴᠢᠯᠠᠭᠰᠠᠨ ᠪᠣᠭᠤᠮᠳᠠ ᠪᠠᠷ ᠨᠡᠪᠳᠡᠷᠡᠬᠦ ᠬᠠᠮᠢᠶᠠᠷᠤᠯᠳᠠ ᠶᠢ ᠴᠢᠩᠭᠠᠳᠬᠠᠨ᠂ ᠨᠡᠩ ᠥᠨᠳᠥᠷ ᠦᠷ᠎ᠡ ᠠᠰᠢᠭᠲᠠᠢ ᠪᠣᠭᠤᠮᠳᠠ ᠪᠠᠷ ᠨᠡᠪᠳᠡᠷᠡᠬᠦ ᠬᠡᠪ ᠵᠠᠭᠪᠣᠷ ᠢ ᠪᠤᠢ ᠪᠤᠯᠭᠠᠨ᠎ᠠ᠃ ᠪᠣᠭᠤᠮᠳᠠ ᠶᠢᠨ ᠨᠣᠭᠤᠭᠠᠨ ᠭᠠᠷᠣᠴᠠ᠂ ᠳᠦᠷᠭᠡᠨ ᠭᠠᠷᠤᠴᠠ ᠵᠡᠷᠭᠡ ᠬᠢᠯᠪᠠᠷᠴᠢᠯᠠᠭᠰᠠᠨ ᠪᠣᠭᠤᠮᠳᠠ ᠪᠠᠷ ᠨᠡᠪᠳᠡᠷᠡᠬᠦ ᠠᠷᠭ᠎ᠠ ᠬᠡᠮᠵᠢᠶᠡᠨ ᠤ ᠪᠦᠷᠬᠦᠵᠢᠯᠳᠡ ᠶᠢᠨ ᠬᠡᠪᠴᠢᠶ᠎ᠡ ᠶᠢ ᠤᠯᠠᠮ ᠥᠷᠭᠡᠳᠭᠡᠵᠥ᠂ ᠴᠠᠭᠠᠰᠣᠨ ᠪᠢᠴᠢᠭ ᠪᠠᠷᠢᠮᠳᠠ ᠦᠭᠡᠢ ᠪᠣᠭᠤᠮᠳᠠ ᠪᠠᠷ ᠨᠡᠪᠳᠡᠷᠡᠬᠦ ᠬᠠᠮᠢᠶ᠎ᠠ ᠪᠦᠬᠦᠢ ᠦᠢᠯᠡ ᠶᠠᠪᠦᠴᠠ ᠶᠢ ᠤᠯᠠᠮ ᠨᠢᠭᠡ ᠠᠯᠬᠤᠮ ᠳᠡᠭᠦᠯᠳᠡᠷᠵᠢᠭᠦᠯᠵᠥ᠂ ᠪᠣᠯᠵᠣᠵᠣ ᠰᠢᠯᠭᠠᠨ ᠥᠩᠭᠡᠷᠡᠭᠦᠯᠬᠦ ᠳᠦᠷᠢᠮ ᠢ ᠳᠡᠭᠦᠯᠳᠡᠷᠵᠢᠭᠦᠯᠥᠨ᠂ ᠪᠣᠭᠤᠮᠳᠠ ᠶᠢᠨ ᠲᠡᠮᠥᠷ ᠵᠠᠮ᠂ ᠵᠠᠮ ᠬᠠᠷᠢᠯᠴᠠᠭ᠎ᠠ ᠵᠢᠴᠢ ᠬᠠᠮᠢᠶ᠎ᠠ ᠪᠦᠬᠦᠢ ᠳᠡᠭᠡᠭᠡᠪᠦᠷᠢ ᠶᠢᠨ ᠪᠠᠶᠢᠭᠤᠯᠤᠯᠭ᠎ᠠ ᠨᠢᠭᠡᠴᠢ   ᠶᠢᠨ ᠨᠢᠭᠡᠳᠥᠨ ᠰᠢᠯᠭᠠᠬᠤ ᠰᠠᠯᠠᠭ᠎ᠠ ᠮᠦᠴᠢᠷ ᠤᠳ ᠲᠠᠢ ᠪᠣᠭᠤᠮᠳᠠ ᠪᠠᠷ ᠨᠡᠪᠳᠡᠷᠡᠬᠦ ᠬᠠᠤᠯᠢ ᠬᠡᠷᠡᠭᠵᠢᠯᠳᠡ ᠲᠠᠢ ᠬᠤᠯᠪᠣᠭᠳᠠᠬᠤ ᠵᠠᠷᠯᠢᠭ ᠮᠡᠳᠡᠭᠡ ᠵᠠᠩᠭᠢ ᠶᠢ ᠬᠠᠷᠢᠯᠴᠠᠨ ᠰᠣᠯᠢᠯᠴᠠᠨ ᠬᠤᠪᠢᠶᠠᠯᠴᠠᠬᠤ ᠶᠢ ᠳᠥᠯᠬᠢᠨ ᠠᠬᠢᠭᠤᠯᠵᠥ᠂ ᠳᠡᠭᠡᠭᠡᠪᠦᠷᠢ ᠶᠢᠨ ᠬᠡᠷᠡᠭᠰᠡᠯ  ᠪᠣᠯᠣᠨ ᠪᠠᠷᠠᠭ᠎ᠠ ᠲᠡᠭᠡᠭᠡᠪᠦᠷᠢ  ᠶᠢᠨ ᠪᠣᠭᠤᠮᠳᠠ ᠪᠠᠷ ᠨᠡᠪᠳᠡᠷᠡᠬᠦ ᠵᠣᠬᠢᠴᠠᠭᠤᠯᠤᠯᠳᠠ ᠶᠢᠨ ᠰᠢᠰᠲ᠋ᠧᠮ ᠢ ᠰᠢᠯᠢᠳᠡᠭᠵᠢᠭᠦᠯᠥᠨ᠎ᠡ᠃ ᠵᠠᠰᠠᠮᠠᠯ ᠵᠠᠮ ᠤᠨ ᠪᠣᠭᠤᠮᠳᠠ ᠶᠢᠨ ᠥᠪᠡᠷᠳᠡᠭᠡᠨ ᠪᠣᠭᠤᠮᠳᠠ ᠪᠠᠷ ᠨᠡᠪᠳᠡᠷᠡᠬᠦ ᠭᠠᠷᠣᠴᠠ ᠶᠢ ᠪᠠᠶᠢᠭᠤᠯᠤᠨ᠂ ᠪᠠᠶᠢᠩᠭᠤ ᠪᠣᠭᠤᠮᠳᠠ ᠪᠠᠷ ᠵᠣᠷᠴᠢᠳᠠᠭ ᠬᠤᠶᠠᠷ ᠤᠯᠤᠰ ᠤᠨ ᠬᠢᠯᠢ ᠶᠢᠨ ᠠᠷᠠᠳ ᠢᠷᠭᠡᠳ᠂ ᠬᠤᠳᠠᠯᠳᠤᠭᠠᠴᠢᠳ ᠥᠪᠡᠷᠳᠡᠭᠡᠨ ᠪᠣᠭᠤᠮᠳᠠ ᠪᠠᠷ ᠨᠡᠪᠳᠡᠷᠴᠥ᠂ ᠬᠤᠶᠠᠷ ᠤᠯᠤᠰ ᠤᠨ ᠬᠢᠯᠢ ᠶᠢᠨ ᠠᠷᠠᠳ ᠢᠷᠭᠡᠳ ᠤᠨ ᠮᠠᠰᠢᠨ ᠳᠡᠷᠭᠡ ᠡᠷᠢᠶᠡᠨ ᠪᠣᠯᠣᠨ ᠵᠠᠮ ᠤᠨ ᠡᠭᠦᠳᠡ ᠬᠤᠳᠠ ᠳᠤ ᠴᠢᠯᠥᠭᠡᠳᠡᠢ ᠵᠣᠷᠴᠢᠵᠤ᠂72 ᠴᠠᠭ ᠤᠨ ᠳᠣᠳᠣᠷ᠎ᠠ ᠪᠣᠭᠤᠮᠳᠠ ᠪᠠᠷ ᠸᠢᠽᠨ ᠦᠭᠡᠢ ᠨᠡᠪᠳᠡᠷᠴᠥ᠂24 ᠴᠠᠭ ᠤᠨ ᠳᠣᠳᠣᠷ᠎ᠠ ᠲᠡᠮᠥᠷ ᠵᠠᠮ ᠪᠠ ᠵᠠᠰᠠᠮᠠᠯ ᠵᠠᠮ ᠤᠨ ᠪᠣᠭᠤᠮᠳᠠ ᠪᠠᠷ ᠸᠢᠽ ᠦᠭᠡᠢ ᠨᠡᠪᠳᠡᠷᠡᠨ᠎ᠡ᠃ ᠳᠣᠮᠳᠠᠳᠤ ᠮᠣᠩᠭᠤᠯ ᠤᠨ ᠬᠢᠯᠢ ᠶᠢᠨ ᠪᠣᠭᠤᠮᠳᠠ ᠶᠢᠨ ᠨᠢᠭᠡᠳᠥᠨ ᠬᠢᠨᠠᠬᠤ ᠬᠠᠮᠢᠶᠠᠷᠤᠯᠳᠠ ᠶᠢᠨ ᠳᠣᠷᠰᠢᠬᠤ ᠴᠡᠭ ᠤᠨ ᠰᠠᠭᠤᠷᠢᠨ ᠳᠡᠭᠡᠷ᠎ᠡ᠂ ᠳᠣᠮᠳᠠᠳᠣ ᠮᠣᠩᠭᠤᠯ ᠤᠷᠤᠰ ᠭᠤᠷᠪᠠᠨ ᠤᠯᠤᠰ ᠤᠨ ᠬᠤᠭᠤᠷᠤᠨᠳᠤᠬᠢ ᠪᠤᠭᠤᠮᠳᠠ ᠶᠢᠨ ᠨᠢᠭᠡᠳᠥᠭᠰᠡᠨ ︽ᠪᠠᠷᠠᠭ᠎ᠠ ᠲᠡᠭᠡᠭᠡᠪᠦᠷᠢᠯᠡᠯᠲᠡ ᠶᠢᠨ ᠵᠢᠭᠰᠠᠭᠠᠯᠳᠠ︾ ᠵᠡᠷᠭᠡ ᠶᠢ ᠠᠯᠭᠤᠷ ᠳᠥᠯᠬᠢᠨ ᠤᠷᠤᠭᠰᠢᠯᠠᠭᠤᠯᠵᠤ ᠂ ᠬᠠᠮᠢᠶᠠᠷᠤᠯᠳᠠ ᠶᠢᠨ ᠪᠢᠴᠢᠭ ᠮᠠᠲ᠋ᠧᠷᠢᠶᠠᠯ ᠤᠨ ᠡᠯᠧᠺᠲᠷᠣᠨ ᠳᠠᠮᠵᠢᠯᠳᠠ ᠪᠣᠯᠣᠨ ᠮᠠᠰᠢᠨ ᠳᠡᠷᠭᠡ ᠶᠢ ᠬᠤᠣᠰ ᠴᠢᠭᠯᠡᠯ ᠳᠡᠶᠢᠰᠢ ᠰᠢᠯᠭᠠᠨ ᠥᠩᠭᠡᠷᠡᠭᠦᠯᠬᠦ ᠳᠡᠭᠴᠡᠪᠦᠷᠢᠯᠡᠯᠲᠡ ᠶᠢ ᠪᠡᠶᠡᠯᠡᠭᠦᠯᠥᠨ᠎ᠡ᠃ ᠤᠯᠤᠰ ᠤᠨ ᠳᠣᠳᠣᠭᠠᠳᠤ ᠶᠢᠨ ᠭᠠᠷᠠᠮ ᠵᠢᠴᠢ ᠳᠣᠳᠣᠭᠠᠳᠤ ᠬᠠᠭᠤᠷᠠᠢ ᠶᠢᠨ ᠭᠠᠷᠠᠮ ᠯᠤᠭ᠎ᠠ ᠶᠢᠨ ᠪᠣᠭᠤᠮᠳᠠ ᠪᠠᠷ ᠨᠡᠪᠳᠡᠷᠡᠬᠦ ᠬᠠᠮᠲᠤ ᠶᠢᠨ ᠠᠵᠢᠯᠯᠠᠭ᠎ᠠ ᠶᠢ ᠭᠦᠨᠵᠡᠭᠡᠶᠢᠷᠡᠭᠦᠯᠥᠨ᠂ ᠬᠢᠯᠢ ᠠᠯᠣᠰᠯᠠᠭᠰᠠᠨ ᠣᠯᠠᠨ ᠶᠠᠩᠵᠤᠳᠤ ᠨᠢᠭᠡᠳᠥᠭᠰᠡᠨ ᠳᠡᠭᠡᠭᠡᠪᠦᠷᠢ ᠶᠢᠨ ᠬᠥᠭᠵᠢᠯᠳᠡ ᠶᠢᠨ ᠣᠷᠣᠨ ᠵᠠᠢ ᠶᠢ ᠥᠷᠭᠡᠳᠭᠡᠨ᠎ᠡ᠃ ᠪᠣᠭᠤᠮᠳᠠ ᠶᠢᠨ ᠠᠮᠤᠷ ᠳᠥᠪᠰᠢᠨ ᠢ ᠰᠡᠷᠭᠡᠶᠢᠯᠡᠵᠥ ᠬᠠᠮᠠᠭᠠᠯᠠᠬᠤ ᠳᠣᠭᠳᠠᠯᠴᠠᠭ᠎ᠠ  ᠶᠢ ᠪᠠᠶᠢᠭᠤᠯᠤᠨ᠂ ᠪᠣᠭᠤᠮᠳᠠ ᠪᠠᠷ ᠨᠡᠪᠳᠡᠷᠡᠬᠦ ᠢᠳᠡᠭᠡᠮᠵᠢ ᠶᠢᠨ ᠰᠢᠰᠲ᠋ᠧᠮ ᠢ ᠪᠠᠶᠢᠭᠤᠯᠵᠤ᠂ ᠪᠣᠭᠤᠮᠳᠠ ᠪᠠᠷ ᠨᠡᠪᠳᠡᠷᠡᠬᠦ ᠦᠢᠯᠡᠴᠢᠯᠡᠭᠡ ᠶᠢ ᠳᠦᠷᠢᠮᠵᠢᠭᠦᠯᠥᠨ᠂ ᠣᠯᠠᠨ ᠤᠯᠤᠰ ᠤᠨ ᠪᠠᠷᠠᠭᠠᠨ ᠤ ᠡᠷᠭᠢᠯᠳᠡ ᠶᠢᠨ ᠥᠷᠭᠡᠨ ᠭᠠᠷᠣᠴᠠ ᠶᠢ ᠨᠡᠪᠳᠡᠷᠡᠭᠦᠯᠥᠨ᠂ ︽ᠨᠢᠭᠡ ᠪᠦᠰᠡ ᠨᠢᠭᠡ ᠵᠠᠮ︾ ᠤᠨ ᠪᠦᠲᠥᠭᠡᠨ ᠪᠠᠶᠢᠭᠤᠯᠤᠯᠳᠠ ᠶᠢ ᠳᠦᠯᠬᠢᠨ ᠠᠬᠢᠭᠤᠯᠤᠨ᠎ᠠ᠃      ᠭᠠᠳᠠᠭᠠᠳᠤ ᠠᠴᠠ ᠣᠷᠣᠭᠤᠯᠬᠤ ᠬᠢᠵᠠᠭᠠᠷᠯᠠᠯ ᠢ ᠪᠠᠭᠠᠰᠬᠠᠨ᠎ᠠ᠃ ᠪᠦᠳᠥᠨ ᠮᠠᠰᠢᠨ ᠳᠡᠷᠭᠡ ᠶᠢ ᠭᠠᠳᠠᠭᠠᠳᠤ  ᠠᠴᠠ ᠣᠷᠣᠭᠤᠯᠬᠤ ᠳᠤᠰᠬᠠᠢ ᠪᠤᠭᠤᠮᠳᠠ ᠪᠠᠶᠢᠭᠤᠯᠬᠤ ᠶᠢ ᠢᠳᠡᠪᠬᠢᠳᠡᠢ ᠭᠤᠶᠤᠴᠢᠯᠠᠵᠤ᠂ ᠪᠦᠬᠦ ᠬᠦᠴᠥ ᠪᠠᠷ ᠳᠥᠯᠬᠢᠨ ᠠᠬᠢᠭᠤᠯᠵᠤ᠂ ᠵᠠᠰᠠᠮᠠᠯ ᠵᠠᠮ ᠤᠨ ᠪᠤᠭᠤᠮᠳᠠ ᠶᠢ ᠠᠮᠤ ᠪᠣᠳᠠᠭ᠎ᠠ ᠤᠷᠤᠭᠤᠯᠬᠤ ᠳᠤᠰᠬᠠᠢ ᠪᠤᠭᠤᠮᠳᠠ ᠪᠤᠯᠭᠠᠨ ᠪᠦᠲᠦᠭᠡᠨ ᠪᠠᠶᠢᠭᠤᠯᠬᠤ ᠶᠢ ᠠᠬᠢᠭᠤᠯᠵᠤ᠂ ᠤᠯᠤᠰ ᠠᠴᠠ ᠡᠷᠢᠶᠡᠨ ᠪᠤᠭᠤᠮᠳᠠ ᠳᠤ ᠣᠷᠣᠰ ᠵᠡᠷᠭᠡ ᠭᠤᠷᠪᠠᠳᠤᠭᠠᠷ ᠤᠯᠤᠰ ᠠᠴᠠ ᠪᠤᠭᠤᠳᠠᠢ᠂ ᠤᠯᠤᠰᠤ᠂ ᠨᠤᠬᠠᠢ ᠶᠢᠨ ᠬᠤᠰᠢᠭᠤ ᠵᠡᠷᠭᠡ ᠳᠠᠷᠢᠶᠠᠯᠠᠩ ᠤᠨ ᠪᠦᠳᠥᠭᠡᠭᠳᠡᠬᠦᠨ ᠤᠷᠤᠭᠤᠯᠬᠤ ᠵᠥᠪᠰᠢᠶᠡᠷᠡᠯ ᠤᠯᠭᠤᠬᠤ ᠶᠢ ᠬᠥᠭᠡᠭᠡᠴᠡᠯᠳᠥᠵᠥ᠂ ᠤᠯᠠᠮ ᠢᠶᠠᠷ ᠬᠢᠯᠢ ᠪᠠᠷ ᠣᠷᠣᠭᠤᠯᠵᠤ ᠭᠠᠷᠭᠠᠬᠤ ᠬᠢᠵᠠᠭᠠᠷᠯᠠᠯ ᠢ ᠠᠯᠭᠤᠷ ᠰᠤᠯᠠᠷᠠᠭᠤᠯᠤᠨ᠂  ᠬᠢᠯᠢ ᠶᠢᠨ ᠭᠠᠵᠠᠷ ᠤᠷᠤᠨ ᠳᠤ ᠬᠢᠯᠢ ᠪᠠᠷ ᠤᠷᠤᠭᠤᠯᠬᠤ ᠮᠠᠯ ᠤᠨ ᠡᠪᠡᠳᠴᠢᠨ ᠬᠢᠵᠢᠭ ᠢ ᠰᠡᠷᠭᠡᠶᠢᠯᠡᠨ ᠵᠠᠰᠠᠬᠤ ᠳᠤᠰᠭᠠᠷᠯᠠᠭᠰᠠᠨ ᠳᠠᠯᠠᠪᠦᠷ ᠪᠦᠲᠦᠭᠡᠨ ᠪᠠᠶᠢᠭᠤᠯᠵᠤ᠂ ᠭᠠᠳᠠᠭᠠᠳᠤ ᠠᠴᠠ ᠤᠷᠤᠭᠤᠯᠬᠤ ᠪᠦᠲᠥᠭᠡᠭᠳᠡᠭᠦᠨ ᠤ ᠲᠥᠷᠥᠯ ᠵᠦᠢᠯ ᠪᠤᠯᠤᠨ ᠬᠡᠪᠴᠢᠶ᠎ᠡ ᠶᠢ ᠥᠷᠭᠡᠳᠭᠡᠨ᠎ᠡ᠃ ᠳᠣᠰ ᠬᠤᠳᠠ ᠶᠢᠨ ᠬᠤᠳᠠᠯᠳᠤᠭ᠎ᠠ ᠠᠵᠤ ᠠᠬᠤᠶᠢᠯᠠᠯ ᠤᠨ ᠭᠠᠳᠠᠭᠠᠳᠤ ᠶᠢᠨ ᠨᠡᠷᠡᠳᠥ ᠪᠦᠳᠥᠭᠡᠭᠳᠡᠭᠦᠨ ᠢ ᠣᠷᠣᠯᠠᠨ ᠡᠵᠡᠩᠨᠡᠬᠦ ᠶᠢ ᠵᠣᠷᠢᠭᠵᠢᠭᠤᠯᠤᠨ᠎ᠠ᠃     ᠠᠷᠠᠯᠵᠢᠶ᠎ᠠ ᠬᠤᠳᠠᠯᠳᠤᠭ᠎ᠠ ᠪᠠᠷ ᠬᠠᠷᠢᠯᠴᠠᠨ ᠬᠤᠯᠪᠣᠯᠳᠠᠬᠤ ᠳᠣᠭᠳᠠᠯᠴᠠᠭ᠎ᠠ ᠶᠢ ᠪᠠᠶᠢᠭᠤᠯᠤᠨ᠎ᠠ᠃ ︽ᠤᠯᠠᠨ ᠤᠯᠤᠰ ᠤᠨ ᠵᠠᠮ ᠬᠠᠷᠢᠯᠴᠠᠭ᠎ᠠ ᠲᠡᠭᠡᠭᠡᠪᠦᠷᠢ ᠶᠢᠨ ᠬᠥᠭᠵᠢᠯᠳᠡ ᠶᠢᠨ ᠳᠤᠬᠠᠢ ᠳᠣᠮᠳᠠᠳᠤ ᠮᠣᠩᠭᠤᠯ ᠣᠷᠣᠰ ᠭᠤᠷᠪᠠᠨ ᠤᠯᠤᠰ ᠤᠨ ᠵᠠᠰᠠᠭ ᠤᠨ ᠭᠠᠵᠠᠷ ᠤᠨ ᠬᠤᠭᠤᠷᠣᠨᠳᠣᠬᠢ ᠭᠡᠷ᠎ᠡ ᠬᠡᠯᠡᠯᠴᠡᠭᠡᠷ︾ ᠪᠠᠶᠢᠭᠤᠯᠬᠤ ᠶᠢ ᠳᠥᠯᠬᠢᠨ ᠠᠬᠢᠭᠤᠯᠵᠤ ᠂ ᠬᠢᠯᠢ ᠠᠯᠣᠰᠯᠠᠭᠰᠠᠨ ᠠᠴᠢᠶ᠎ᠠ ᠲᠡᠭᠡᠭᠡᠪᠦᠷᠢ ᠶᠢᠨ ᠳᠦᠷᠢᠮ ᠪᠠ ᠦᠨ᠎ᠡ ᠬᠠᠩᠰᠢ ᠶᠢ ᠲᠤᠭᠳᠠᠭᠠᠬᠤ ᠲᠠᠯ᠎ᠠ ᠪᠠᠷ ᠵᠥᠪᠳᠡᠯᠴᠡᠨ᠂ ᠤᠯᠠᠨ ᠤᠯᠤᠰ ᠤᠨ ᠪᠣᠭᠤᠮᠳᠠ ᠪᠠᠷ ᠨᠡᠪᠳᠡᠷᠡᠬᠦ᠂ ᠰᠢᠯᠵᠢᠭᠦᠯᠥᠨ ᠠᠴᠢᠬᠤ᠂ ᠣᠯᠠᠨ ᠶᠠᠩᠵᠤᠳᠤ ᠨᠢᠭᠡᠳᠥᠭᠰᠡᠨ ᠲᠡᠭᠡᠭᠡᠪᠦᠷᠢ ᠶᠢᠨ ᠤᠷᠭᠠᠨᠢᠭ ᠬᠤᠯᠪᠣᠯᠲᠠ ᠶᠢ ᠠᠬᠢᠭᠤᠯᠤᠨ᠂ ᠤᠯᠠᠨ ᠤᠯᠤᠰ ᠤᠨ ᠨᠢᠭᠡᠳᠥᠭᠰᠡᠨ ᠲᠡᠭᠡᠭᠡᠪᠦᠷᠢ ᠶᠢᠨ ᠮᠡᠳᠡᠭᠡ ᠵᠠᠩᠭᠢ ᠶᠢᠨ ᠰᠣᠯᠢᠯᠴᠠᠭ᠎ᠠ ᠶᠢ ᠠᠬᠢᠭᠤᠯᠤᠨ᠂ ᠵᠧᠩᠵᠸᠥ ᠡᠸᠥ᠋ᠷᠥᠫᠡ ᠶᠢ ᠬᠤᠯᠪᠣᠭᠰᠠᠨ᠂ ᠬᠤᠨᠠᠨ ᠡᠸᠥ᠋ᠷᠥᠫᠡ ᠶᠢ ᠬᠤᠯᠪᠣᠭᠰᠠᠨ ᠳᠣᠮᠳᠠᠳᠤ ᠡᠸᠥ᠋ᠷᠥᠫᠡ ᠶᠢᠨ ᠠᠴᠢᠶᠠᠨ ᠤ ᠭᠠᠯᠲᠤ ᠳᠡᠷᠭᠡᠨ ᠤ ᠨᠡᠪᠲᠡᠷᠡᠬᠦ ᠳᠣᠭᠳᠠᠯᠴᠠᠭ᠎ᠠ ᠶᠢ ᠤᠯᠠᠮ ᠨᠢᠭᠡ ᠠᠯᠬᠤᠮ ᠳᠡᠭᠦᠯᠳᠡᠷᠵᠢᠭᠦᠯᠵᠥ᠂ ᠳᠣᠮᠳᠠᠳᠤ ᠡᠸᠥ᠋ᠷᠥᠫᠡ ᠶᠢᠨ ᠭᠠᠯᠳᠤ ᠳᠡᠷᠭᠡᠨ ᠤ ᠳᠠᠮᠵᠢᠨ ᠥᠩᠭᠡᠷᠡᠬᠦ ᠭᠠᠵᠠᠷ ᠣᠷᠣᠨ ᠤ ᠬᠡᠪᠴᠢᠶ᠎ᠡ ᠶᠢ ᠢᠳᠡᠪᠬᠢᠲᠡᠢ ᠥᠷᠭᠡᠳᠭᠡᠨ᠂ ᠤᠯᠠᠮ ᠶᠡᠭᠡ ᠬᠡᠮᠵᠢᠶᠡᠨ ᠤ ᠳᠤᠮᠳᠠᠳᠤ ᠡᠸᠥ᠋ᠷᠥᠫᠡ ᠶᠢ ᠬᠤᠯᠪᠣᠭᠰᠠᠨ ᠭᠠᠯᠲᠤ ᠳᠡᠷᠭᠡᠨ ᠤ ᠨᠡᠷᠡᠳᠥ ᠳᠡᠮᠳᠡᠭᠳᠥ ᠶᠢ ᠦᠢᠯᠡᠳᠥᠨ ᠭᠠᠷᠭᠠᠬᠤ ᠪᠠᠷ ᠴᠢᠷᠮᠠᠶᠢᠨ᠎ᠠ᠃ ᠳᠣᠮᠳᠠᠳᠤ ᠮᠣᠩᠭᠤᠯ ᠤᠷᠣᠰ ᠤᠨ ᠳᠡᠮᠥᠷ ᠵᠠᠮ ᠤᠨ ᠲᠡᠭᠡᠭᠡᠪᠦᠷᠢ ᠪᠠᠷᠠᠭ᠎ᠠ ᠡᠷᠭᠢᠯᠲᠡ ᠶᠢᠨ ᠨᠢᠭᠡᠳᠥᠭᠰᠡᠨ ᠺᠣᠮᠫᠠᠨᠢ ᠶᠢ ᠪᠠᠶᠢᠭᠤᠯᠤᠨ᠂ ᠳᠣᠮᠳᠠᠳᠤ ︵ᠮᠣᠩᠭᠤᠯ︶ ᠣᠷᠣᠰ ᠤᠨ ᠣᠯᠠᠨ ᠤᠯᠤᠰ ᠤᠨ ᠴᠢᠩᠭᠡᠯᠢᠭ ᠠᠴᠢᠶᠠᠨ ᠤ ᠭᠠᠯᠳᠤ ᠳᠡᠷᠭᠡ ᠶᠢ ᠬᠠᠮᠲᠤᠷᠠᠨ ᠠᠵᠢᠯᠯᠠᠭᠤᠯᠵᠤ᠂ ᠮᠣᠩᠭᠤᠯ ᠢᠶᠠᠷ ᠳᠠᠮᠵᠢᠨ ᠥᠩᠭᠡᠷᠡᠬᠦ ᠳᠣᠮᠳᠠᠳᠣ ᠤᠷᠤᠰ ᠤᠨ ᠲᠡᠮᠥᠷ ᠵᠠᠮ ᠤᠨ ᠠᠴᠢᠶ᠎ᠠ ᠳᠡᠭᠡᠭᠡᠪᠦᠷᠢ ᠶᠢᠨ ᠬᠡᠮᠵᠢᠶ᠎ᠡ ᠶᠢ ᠨᠡᠮᠡᠭᠳᠡᠭᠦᠯᠥᠨ᠎ᠡ᠃ ᠳᠤᠮᠳᠠᠳᠤ ᠮᠣᠩᠭᠤᠯ ᠤᠷᠤᠰ ᠭᠤᠷᠪᠠᠨ ᠤᠯᠤᠰ ᠤᠨ ᠮᠠᠰᠢᠨ ᠳᠡᠷᠭᠡᠨ ᠤ ᠳᠡᠭᠡᠭᠡᠪᠦᠷᠢᠯᠡᠯᠲᠡ ᠶᠢᠨ ᠭᠡᠷ᠎ᠡ ᠶᠢᠨ ᠳᠣᠭᠳᠠᠯᠴᠠᠭ᠎ᠠ ᠶᠢ ᠪᠠᠶᠢᠭᠤᠯᠵᠤ᠂ ᠬᠢᠯᠢ ᠠᠯᠤᠰᠯᠠᠭᠰᠠᠨ ᠠᠴᠢᠶ᠎ᠠ ᠳᠡᠭᠡᠭᠡᠪᠦᠷᠢ ᠶᠢ ᠳᠦᠷᠢᠮᠵᠢᠭᠦᠯᠵᠥ᠂ ᠤᠯᠠᠭᠠᠨᠪᠠᠭᠠᠳᠣᠷ ᠠᠴᠠ ᠲᠢᠶᠠᠨᠵᠢᠨ ᠭᠠᠷᠠᠮ ᠬᠦᠷᠬᠦ ᠴᠢᠩᠭᠡᠯᠢᠭ ᠢᠶᠠᠷ ᠵᠥᠭᠡᠭᠡᠪᠦᠷᠢᠯᠡᠬᠦ ᠠᠵᠢᠯ ᠦᠢᠯᠡᠴᠢᠯᠡᠯᠭᠡᠨ ᠢ ᠡᠷᠬᠢᠯᠡᠵᠥ᠂ ᠣᠯᠠᠨ ᠤᠯᠤᠰ ᠤᠨ ᠵᠠᠮ ᠲᠡᠭᠡᠭᠡᠪᠦᠷᠢ ᠶᠢᠨ ᠱᠤᠭᠤᠮ ᠢ ᠨᠡᠮᠡᠨ ᠪᠠᠶᠢᠭᠤᠯᠤᠨ᠎ᠠ᠃       ᠠᠷᠠᠯᠵᠢᠶᠠᠨ ᠤ ᠬᠡᠯᠪᠡᠷᠢ ᠳᠤ ᠰᠢᠨ᠎ᠡ ᠶᠢ ᠡᠭᠦᠳᠥᠨ᠎ᠡ᠃ ᠳᠤᠮᠳᠠᠳᠤ ᠮᠣᠩᠭᠤᠯ ᠤᠷᠤᠰ ᠭᠤᠷᠪᠠᠨ ᠤᠯᠤᠰ ᠤᠨ ᠠᠵᠤ ᠠᠬᠤᠢ ᠶᠢᠨ ᠬᠠᠮᠳᠤ ᠶᠢᠨ ᠠᠵᠢᠯᠯᠠᠭᠠᠨ ᠤ ᠡᠷᠢᠶᠡᠨ ᠬᠤᠲᠠ ᠴᠢᠭᠤᠯᠭ᠎ᠠ ᠠᠭᠤᠯᠵᠠᠯᠲᠠ ᠶᠢ ᠴᠢᠨᠠᠭᠰᠢᠳᠠ ᠨᠡᠩ ᠥᠨᠳᠥᠷ ᠳᠥᠪᠰᠢᠨ ᠳᠤ ᠵᠣᠬᠢᠶᠠᠨ ᠪᠠᠶᠢᠭᠤᠯᠵᠤ᠂ ᠮᠣᠩᠭᠤᠯ ᠣᠷᠣᠰ ᠤᠨ ᠡᠬᠡ ᠬᠠᠭᠤᠷᠠᠢ ᠶᠢᠨ ᠬᠦᠬᠦᠷᠭᠡ ᠶᠢᠨ ᠳᠠᠭᠠᠤ ᠬᠢ ᠭᠠᠵᠠᠷ ᠣᠷᠣᠨ ᠯᠤᠭ᠎ᠠ ᠶᠢᠨ ᠠᠷᠠᠯᠵᠢᠶ᠎ᠠ ᠬᠠᠮᠲᠤ ᠶᠢᠨ ᠠᠵᠢᠯᠯᠠᠭ᠎ᠠ ᠶᠢ ᠴᠢᠩᠭᠠᠳᠬᠠᠨ᠎ᠠ᠃ ᠤᠳᠤ ᠪᠠᠶᠢᠭ᠎ᠠ ᠳᠤᠰᠬᠠᠢ ᠵᠠᠬ᠎ᠠ ᠳᠡᠯᠭᠡᠭᠦᠷ ᠶᠢᠨ ᠳᠡᠰ ᠵᠡᠷᠭᠡᠯᠡᠯ ᠢ ᠳᠡᠭᠡᠭᠰᠢᠯᠡᠭᠦᠯᠥᠨ᠂ ᠠᠵᠤ ᠠᠬᠤᠶᠢᠯᠠᠯ ᠢ ᠤᠳᠤᠷᠢᠳᠤᠨ ᠳᠠᠭᠠᠭᠤᠯᠵᠤ ᠮᠤᠩᠭᠤᠯ ᠤᠷᠤᠰ ᠲᠤ ᠪᠠᠷᠢᠯᠭ᠎ᠠ ᠶᠢᠨ ᠮᠠᠲ᠋ᠧᠷᠢᠶᠠᠯ᠂ ᠴᠠᠬᠢᠯᠭᠠᠨ ᠮᠧᠬᠠᠨᠢᠭ᠂ ᠠᠮᠢᠳᠤᠷᠠᠯ ᠤᠨ ᠥᠷᠭᠡᠨ ᠬᠡᠷᠡᠭᠯᠡᠭᠡᠨ ᠤ ᠪᠠᠷᠠᠭ᠎ᠠ ᠪᠦᠳᠥᠭᠡᠭᠳᠡᠭᠦᠨ ᠢ ᠵᠢᠵᠢᠭᠯᠡᠨ ᠪᠣᠷᠤᠯᠠᠭᠤᠯᠬᠤ ᠲᠥᠪ ᠪᠠ ᠪᠣᠷᠣᠯᠠᠭᠤᠯᠵᠤ ᠡᠵᠡᠩᠨᠡᠬᠦ ᠳᠣᠣᠷ ᠰᠥᠯᠵᠢᠶ᠎ᠡ ᠶᠢ ᠪᠠᠶᠢᠭᠤᠯᠤᠨ᠂ ᠳᠤᠮᠳᠠᠳᠤ ᠤᠯᠤᠰ ᠤᠨ ᠪᠠᠷᠠᠭ᠎ᠠ ᠬᠤᠳᠠᠯᠳᠤᠭᠠᠨ ᠤ ᠳᠡᠯᠭᠡᠭᠦᠷ᠂ ᠦᠵᠡᠰᠭᠦᠯᠡᠩ ᠬᠤᠳᠠᠯᠳᠤᠭᠠᠨ ᠤ ᠳᠥᠪ᠂ ᠬᠤᠳᠠᠯᠳᠤᠭᠠᠨ ᠤ ᠳᠠᠷᠠᠭᠠᠬᠢ ᠦᠢᠯᠡᠴᠢᠯᠡᠯᠭᠡᠨ ᠤ ᠳᠥᠪ ᠪᠠᠶᠢᠭᠤᠯᠵᠤ᠂ ᠲᠥᠷᠥᠯᠵᠢᠭᠰᠡᠨ ᠬᠤᠳᠠᠯᠳᠤᠭ᠎ᠠ ᠡᠵᠡᠩᠨᠡᠯᠲᠡ ᠶᠢᠨ ᠵᠠᠭᠪᠦᠷ ᠢ ᠪᠤᠢ ᠪᠣᠯᠭᠠᠨ᠎ᠠ᠃ ᠠᠷᠠᠯᠵᠢᠶᠠᠨ ᠤ ᠬᠥᠭᠵᠢᠬᠦ ᠬᠡᠯᠪᠡᠷᠢ ᠶᠢ ᠥᠭᠡᠷᠡᠴᠢᠯᠡᠵᠥ ᠂ ᠬᠢᠯᠢ ᠠᠯᠤᠰᠯᠠᠭᠰᠠᠨ ᠡᠯᠧᠺᠲᠷᠣᠨ ᠠᠷᠠᠯᠵᠢᠶᠠᠨ ᠤ ᠳᠠᠪᠴᠠᠩ ᠢ ᠪᠠᠶᠢᠭᠤᠯᠵᠤ ᠠᠰᠢᠭᠯᠠᠯᠳᠠ ᠳᠤ ᠣᠷᠣᠭᠤᠯᠵᠤ᠂ ᠪᠠᠷᠠᠭ᠎ᠠ ᠪᠦᠳᠥᠭᠡᠭᠳᠡᠭᠦᠨ ᠤ ᠠᠷᠠᠯᠵᠢᠶᠠᠨ ᠤ ᠬᠢᠷᠢ ᠳᠥᠪᠰᠢᠨ ᠢ ᠳᠡᠭᠡᠭᠰᠢᠯᠡᠭᠦᠯᠵᠥ᠂ ᠮᠣᠩᠭᠤᠯ ᠣᠷᠣᠰ ᠲᠤ ᠬᠠᠨᠳᠤᠭᠰᠠᠨ ᠮᠡᠷᠭᠡᠵᠢᠯ ᠤᠨ ᠠᠷᠠᠯᠵᠢᠶ᠎ᠠ᠂ ᠬᠤᠳᠠᠯᠳᠤᠭ᠎ᠠ ᠦᠢᠯᠡᠴᠢᠯᠡᠭᠡ ᠶᠢ ᠶᠡᠭᠡ ᠪᠠᠷ ᠬᠥᠭᠵᠢᠭᠦᠯᠥᠨ᠎ᠡ᠃      ᠡᠬᠢ ᠪᠠᠶᠠᠯᠢᠭ ᠶᠢ ᠨᠡᠭᠡᠭᠡᠨ ᠠᠰᠢᠭᠯᠠᠬᠤ ᠬᠠᠮᠲᠤ ᠶᠢᠨ ᠠᠵᠢᠯᠯᠠᠭ᠎ᠠ ᠦᠷᠨᠢᠭᠦᠯᠥᠨ᠎ᠡ᠃ ᠨᠥᠬᠦᠴᠡᠯ ᠪᠦᠷᠢᠳᠥᠭᠰᠡᠨ ᠠᠵᠣ ᠠᠬᠤᠶᠢᠯᠠᠯ ᠤᠨ ᠬᠢᠯᠢ ᠶᠢᠨ ᠭᠠᠳᠠᠨ᠎ᠠ ᠡᠬᠢ ᠪᠠᠶᠠᠯᠢᠭ ᠨᠡᠭᠡᠭᠡᠨ  ᠠᠰᠢᠭᠯᠠᠬᠤ ᠬᠠᠮᠲᠤ ᠶᠢᠨ ᠠᠵᠢᠯᠯᠠᠭ᠎ᠠ ᠳᠤ ᠣᠷᠣᠯᠴᠠᠬᠤ ᠪᠤᠶᠤ ᠭᠠᠳᠠᠭᠠᠳᠤ ᠳᠤ ᠳᠤᠬᠠᠢ ᠶᠢᠨ ᠭᠠᠵᠠᠷ ᠲᠤ ᠨᠢ ᠡᠬᠢ ᠪᠠᠶᠠᠯᠢᠭ ᠪᠣᠯᠪᠠᠰᠤᠷᠠᠭᠤᠯᠬᠤ ᠶᠢ ᠵᠣᠷᠢᠭᠵᠢᠭᠤᠯᠤᠨ᠂ ᠢᠨᠵᠧᠨᠧᠷᠢᠩ ᠤᠨ ᠲᠧᠭᠨᠢᠭ ᠮᠡᠷᠭᠡᠵᠢᠯ ᠳᠣᠨᠤᠭ ᠳᠥᠭᠦᠭᠡᠷᠥᠮᠵᠢ᠂ ᠦᠢᠯᠡᠳᠪᠦᠷᠢᠯᠡᠭᠰᠡᠨ ᠪᠦᠳᠥᠭᠡᠭᠳᠡᠭᠦᠨ ᠢ ᠭᠠᠳᠠᠭᠠᠳᠤ ᠳᠤ ᠭᠠᠷᠭᠠᠬᠤ ᠵᠢᠴᠢ ᠬᠥᠳᠡᠯᠮᠦᠷᠢ ᠬᠦᠴᠦᠨ ᠭᠠᠳᠠᠭᠠᠳᠤ ᠳᠤ ᠭᠠᠷᠭᠠᠬᠤ ᠵᠡᠷᠭᠡ ᠶᠢ ᠤᠯᠠᠮ ᠨᠢᠭᠡ ᠠᠯᠬᠤᠮ ᠳᠠᠶᠢᠯᠠᠨ ᠳᠠᠭᠠᠭᠤᠯᠵᠤ᠂ ᠮᠣᠩᠭᠤᠯ ᠤᠷᠤᠰ ᠲᠠᠢ ᠲᠡᠮᠥᠷ ᠤᠨ ᠠᠭᠤᠷᠬᠠᠢ᠂ ᠥᠩᠭᠡᠳᠥ ᠳᠡᠮᠦᠷᠯᠢᠭ᠂ ᠨᠡᠭᠦᠷᠡᠰᠥ᠂ ᠴᠢᠯᠠᠭᠤᠨ ᠳᠤᠰᠤ᠂ ᠪᠠᠶᠢᠭᠠᠯᠢ ᠶᠢᠨ ᠰᠢᠳᠠᠮᠠᠬᠠᠢ ᠬᠡᠢ᠂ ᠣᠢ ᠮᠤᠳᠤ ᠵᠡᠷᠭᠡ ᠡᠬᠢ ᠪᠠᠶᠠᠯᠢᠭ ᠢ ᠨᠡᠭᠡᠭᠡᠨ ᠠᠰᠢᠭᠯᠠᠬᠤ ᠬᠠᠮᠲᠤ ᠶᠢᠨ ᠠᠵᠢᠯᠯᠠᠭ᠎ᠠ ᠥᠷᠨᠢᠭᠦᠯᠬᠦ ᠶᠢ ᠭᠤᠤᠯᠳᠠᠯᠭ᠎ᠠ ᠲᠠᠢ ᠴᠢᠩᠭᠠᠳᠬᠠᠨ᠎ᠠ᠃ ᠮᠣᠩᠭᠤᠯ ᠤᠷᠤᠰ ᠤᠨ ᠬᠠᠮᠢᠶ᠎ᠠ ᠪᠦᠬᠦᠢ ᠡᠬᠢ ᠪᠠᠶᠠᠯᠢᠭ᠂ ᠤᠯᠤᠰ ᠲᠥᠷᠥ ᠶᠢᠨ ᠳᠠᠪᠠᠭᠤᠯᠢᠭ ᠢ ᠠᠰᠢᠭᠯᠠᠨ᠂ ᠬᠠᠭᠠᠰ ᠡᠳ᠋ᠰᠢᠭᠦᠯᠥᠭᠰᠡᠨ ᠪᠦᠳᠦᠭᠡᠭᠳᠡᠭᠦᠨ ᠦᠢᠯᠡᠳᠪᠦᠷᠢᠯᠡᠬᠦ — ᠬᠢᠮᠳᠠ ᠪᠤᠭᠤᠮᠳᠠ ᠶᠢᠨ ᠭᠠᠶᠢᠯᠢ ᠪᠠᠷ ᠭᠠᠷᠭᠠᠬᠤ — ᠭᠠᠳᠠᠭᠠᠳᠤ ᠳᠤ ᠭᠦᠨᠵᠡᠭᠡᠢ ᠡᠳ᠋ᠰᠢᠭᠦᠯᠥᠨ ᠪᠣᠷᠣᠯᠠᠭᠤᠯᠠᠬᠤ ᠬᠡᠯᠪᠡᠷᠢ ᠶᠢᠨ ᠬᠢᠯᠢ ᠠᠯᠤᠰᠯᠠᠭᠰᠠᠨ ᠬᠡᠯᠬᠢᠶᠡᠳᠥ ᠮᠠᠶ᠋ᠢᠭ ᠤᠨ ᠬᠠᠮᠲᠤ ᠶᠢᠨ ᠠᠵᠢᠯᠯᠠᠭᠠᠨ ᠤ ᠰᠢᠨ᠎ᠡ ᠵᠠᠭᠪᠣᠷ ᠢ ᠡᠭᠦᠳᠥᠨ᠎ᠡ᠃ ᠮᠣᠩᠭᠤᠯ ᠤᠯᠤᠰ ᠤᠨ ᠰᠠᠶᠢᠨᠱᠠᠩᠳᠤ ᠬᠥᠨᠳᠥ ᠠᠵᠤ ᠦᠢᠯᠡᠳᠪᠦᠷᠢ ᠶᠢᠨ ᠬᠦᠷᠢᠶᠡᠯᠡᠩ᠂ ᠵᠠᠮ ᠤᠨ ᠡᠭᠦᠳᠡ ᠶᠢᠨ ᠴᠢᠯᠥᠭᠡᠳᠤ ᠲᠤᠭᠤᠷᠢᠭ ᠤᠨ ᠪᠠᠶᠢᠭᠤᠯᠤᠯᠳᠠ ᠶᠢ ᠳᠦᠯᠬᠢᠨ ᠤᠷᠤᠭᠰᠢᠯᠠᠭᠤᠯᠵᠤ᠂ ᠮᠣᠩᠭᠤᠯ ᠤᠯᠤᠰ ᠤᠨ ᠮᠠᠯ ᠤᠨ ᠪᠦᠳᠦᠭᠡᠭᠳᠡᠭᠦᠨ ᠢ ᠭᠦᠨᠵᠡᠭᠡᠢ ᠡᠳ᠋ᠰᠢᠭᠦᠯᠬᠦ ᠬᠦᠷᠢᠶᠡᠯᠡᠩ᠂ ᠣᠷᠣᠰ ᠤᠨ ᠳᠤᠸᠠ ᠶᠢᠨ ᠳᠠᠷᠢᠶᠠᠯᠠᠩ ᠪᠦᠳᠥᠭᠡᠭᠳᠡᠭᠦᠨ ᠤ ᠭᠦᠨᠵᠡᠭᠡᠢ ᠡᠳ᠋ᠰᠢᠭᠦᠯᠥᠯᠲᠡ  ᠶᠢᠨ ᠬᠦᠷᠢᠶᠡᠯᠡᠩ ᠵᠡᠷᠭᠡ ᠶᠢ ᠪᠠᠶᠢᠭᠤᠯᠬᠤ ᠪᠠᠷ ᠬᠠᠶᠢᠨ ᠰᠥᠪᠡᠭᠴᠢᠯᠡᠨ᠎ᠡ᠃      ᠠᠷᠠᠯᠵᠢᠶ᠎ᠠ ᠶᠢ ᠳᠡᠮᠵᠢᠬᠦ ᠦᠢᠯᠡᠴᠢᠯᠡᠯᠭᠡᠨ ᠤ ᠰᠢᠰᠲ᠋ᠧᠮ ᠢ ᠪᠠᠶᠢᠭᠤᠯᠤᠨ ᠳᠡᠭᠦᠯᠳᠡᠷᠵᠢᠭᠦᠯᠥᠨ᠎ᠡ᠃ ᠨᠡᠶᠢᠭᠡᠮ ᠤᠨ ᠵᠤᠬᠢᠶᠠᠨ ᠪᠠᠶᠢᠭᠤᠯᠤᠯᠳᠠ᠂ ᠵᠠᠭᠤᠴᠢ ᠪᠠᠶᠢᠭᠤᠯᠤᠮᠵᠢ ᠶᠢ ᠪᠣᠶᠢᠵᠢᠭᠤᠯᠵᠤ᠂ ᠮᠣᠩᠭᠤᠯ ᠤᠷᠤᠰ ᠤᠨ ᠲᠥᠷᠥ ᠶᠢᠨ ᠪᠤᠳᠤᠯᠭ᠎ᠠ᠂ ᠬᠠᠤᠯᠢ ᠳᠦᠷᠢᠮ ᠵᠢᠴᠢ ᠲᠡᠳᠡᠭᠡᠷ ᠤᠨ ᠬᠤᠪᠢᠷᠠᠯᠳᠠ ᠬᠥᠭᠵᠢᠯᠳᠡ ᠶᠢ ᠰᠤᠳᠤᠯᠤᠨ ᠰᠢᠨᠵᠢᠯᠡᠵᠥ᠂ ᠭᠠᠳᠠᠭᠠᠳᠤ ᠳᠤ ᠭᠠᠷᠤᠭᠰᠠᠨ ᠠᠵᠤ ᠠᠬᠤᠶᠢᠯᠠᠯ ᠳᠤ ᠵᠠᠬ᠎ᠠ ᠳᠡᠯᠭᠡᠭᠦᠷ᠂ ᠤᠯᠤᠰ ᠳᠥᠷᠥ᠂ ᠬᠠᠤᠯᠢ ᠳᠦᠷᠢᠮ᠂ ᠬᠥᠷᠥᠩᠭᠡ ᠤᠷᠤᠭᠤᠯᠤᠯᠳᠠ ᠶᠢᠨ ᠦᠨᠡᠯᠡᠯᠭᠡ᠂ ᠠᠶᠤᠯ ᠳᠥᠭᠰᠢᠭᠦᠷᠢ ᠶᠢᠨ ᠰᠠᠨᠠᠭᠤᠯᠤᠮᠵᠢ ᠵᠡᠷᠭᠡ ᠮᠡᠳᠡᠭᠡ ᠵᠠᠩᠭᠢ ᠶᠢᠨ ᠦᠢᠯᠡᠴᠢᠯᠡᠭᠡ ᠶᠢ ᠬᠠᠩᠭᠠᠵᠤ᠂ ᠠᠷᠠᠯᠵᠢᠶᠠᠨ ᠤ ᠠᠶᠤᠯ ᠳᠥᠭᠰᠢᠭᠦᠷᠢ ᠶᠢ ᠠᠷᠭᠠᠴᠠᠬᠤ ᠨᠥᠭᠡᠴᠡ ᠮᠥᠩᠭᠦ ᠪᠡᠯᠡᠳᠭᠡᠨ᠎ᠡ ᠃ ᠭᠠᠳᠠᠭᠠᠳᠤ ᠳᠤ ᠭᠠᠷᠤᠭᠰᠠᠨ ᠠᠵᠤ ᠠᠬᠤᠶᠢᠯᠠᠯ   ᠤᠨ ᠡᠯ᠎ᠡ ᠲᠥᠷᠥᠯ ᠤᠨ ᠬᠤᠳᠠᠯᠳᠤᠭᠠᠨ ᠤ ᠨᠡᠶᠢᠭᠡᠮᠯᠢᠭ᠂ ᠬᠤᠯᠪᠤᠭ᠎ᠠ ᠵᠤᠬᠢᠶᠠᠨ ᠪᠠᠶᠢᠭᠤᠯᠤᠯᠳᠠ ᠪᠠᠶᠢᠭᠤᠯᠬᠤ ᠶᠢ ᠳᠡᠮᠵᠢᠨ᠂ ᠠᠵᠢᠯ ᠲᠥᠷᠥᠯ ᠤᠨ ᠥᠪᠡᠷ ᠢ ᠪᠠᠨ ᠴᠢᠩᠭ᠎ᠠ ᠱᠠᠭᠠᠷᠳᠠᠬᠤ ᠳᠤᠭᠲᠠᠯᠴᠠᠭ᠎ᠠ ᠶᠢ ᠪᠠᠶᠢᠭᠤᠯᠵᠤ᠂ ᠪᠦᠬᠦᠯᠢ ᠴᠣᠭᠴᠠ ᠶᠢᠨ ᠬᠠᠮᠳᠤ ᠶᠢᠨ ᠬᠦᠴᠦᠨ ᠢ ᠪᠣᠢ ᠪᠣᠯᠭᠠᠨ᠂ ᠠᠵᠤ ᠠᠬᠤᠶᠢᠯᠠᠯ ᠤᠨ ᠬᠤᠭᠤᠷᠣᠨᠳᠥᠬᠢ ᠬᠤᠤᠷᠳᠤ ᠥᠷᠢᠰᠥᠯᠳᠥᠭᠡᠨ ᠠᠴᠠ ᠰᠡᠷᠭᠡᠶᠢᠯᠡᠨ᠎ᠡ᠃ ᠮᠥᠩᠭᠦᠨ ᠭᠦᠢᠯᠭᠡᠭᠡᠨ  ᠤ ᠪᠠᠶᠢᠭᠤᠯᠤᠮᠵᠢ ᠪᠣᠯᠣᠨ ᠳᠠᠭᠠᠳᠬᠠᠯ ᠤᠨ ᠪᠠᠶᠢᠭᠤᠯᠤᠯᠵᠢ ᠯᠤᠭ᠎ᠠ ᠶᠢᠨ ᠬᠠᠷᠢᠴᠠᠭ᠎ᠠ ᠬᠤᠯᠪᠣᠭ᠎ᠠ ᠶᠢ ᠴᠢᠩᠭᠠᠳᠬᠠᠵᠤ᠂ ᠮᠡᠳᠡᠭᠡ ᠵᠠᠩᠬᠢ ᠶᠢᠨ ᠬᠤᠪᠢᠶᠠᠯᠴᠠᠯᠲᠠ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠥᠨ᠂ ᠠᠵᠤ ᠠᠬᠤᠶᠢᠯᠠᠯ ᠳᠤ  ᠭᠠᠳᠠᠭᠠᠳᠤ ᠳᠤ ᠭᠠᠷᠬᠤ ᠢᠳᠡᠭᠡᠮᠵᠢ ᠶᠢᠨ ᠳᠠᠭᠠᠳᠬᠠᠯ ᠪᠣᠯᠣᠨ ᠢᠳᠡᠭᠡᠮᠵᠳᠤ ᠵᠢᠭᠡᠯᠡᠯᠭᠡ ᠶᠢᠨ ᠦᠢᠯᠡᠴᠢᠯᠡᠭᠡ ᠶᠢ ᠨᠡᠩ ᠰᠠᠶᠢᠨ ᠬᠠᠩᠭᠠᠨ᠎ᠠ᠃ᠳᠠᠪᠦᠳᠤᠭᠠᠷ ᠬᠡᠰᠡᠭ   ᠠᠷᠠᠳ ᠤᠨ ᠰᠡᠳᠭᠢᠯ ᠬᠠᠷᠢᠯᠴᠠᠨ ᠨᠡᠪᠳᠡᠷᠡᠯᠴᠡᠭᠰᠡᠨ ᠬᠥᠬᠦᠷᠭᠡ ᠬᠤᠯᠪᠣᠭᠠᠰᠤ ᠶᠢ ᠪᠠᠶᠢᠭᠤᠯᠤᠨ᠎ᠠ       ᠮᠣᠩᠭᠤᠯ ᠤᠯᠤᠰ ᠤᠨ ᠵᠠᠮ ᠤᠨ ᠡᠭᠦᠳᠡ ᠪᠤᠭᠤᠮᠳᠠ ᠳᠠᠬᠢ ᠦᠨᠳᠥᠰᠥᠨ ᠰᠢᠯᠭᠠᠨ ᠨᠡᠪᠳᠡᠷᠡᠭᠦᠯᠬᠦ ᠰᠠᠭᠤᠷᠢ ᠲᠥᠭᠦᠭᠡᠷᠥᠮᠵᠢ ᠶᠢᠨ ᠪᠠᠶᠢᠭᠤᠯᠤᠯᠳᠠ ᠶᠢ ᠳᠡᠮᠵᠢᠵᠤ᠂ ᠪᠤᠭᠤᠮᠳᠠ ᠶᠢᠨ ᠨᠡᠪᠳᠡᠷᠡᠬᠦ ᠴᠢᠳᠠᠯ ᠢᠶᠠᠷ ᠢᠶᠠᠨ ᠮᠣᠩᠭᠤᠯ ᠤᠯᠤᠰ ᠤᠨ ᠪᠣᠭᠤᠮᠳᠠ ᠲᠠᠢ ᠠᠳᠠᠯᠢ ᠪᠠᠶᠢᠬᠤ ᠵᠢᠴᠢ ᠬᠢᠯᠢ ᠠᠯᠤᠰᠯᠠᠭᠰᠠᠨ ᠦᠨᠳᠥᠰᠥᠨ ᠪᠦᠲᠥᠭᠡᠨ ᠪᠠᠶᠢᠭᠤᠯᠤᠯᠳᠠ  ᠪᠠᠷ ᠬᠠᠷᠢᠯᠴᠠᠨ ᠬᠤᠯᠪᠤᠯᠳᠤᠬᠤ ᠶᠢ ᠪᠠᠳᠤᠯᠠᠨ᠎ᠠ᠃ ᠭᠠᠳᠠᠭᠠᠳᠤ ᠵᠢᠭᠤᠯᠴᠢᠯᠠᠯ ᠤᠨ ᠺᠤᠮᠫᠠᠨᠢ ᠶᠢᠨ ᠬᠢᠯᠢ ᠪᠠᠷ ᠣᠷᠣᠵᠣ ᠠᠶᠠᠯᠠᠯ ᠵᠢᠭᠤᠯᠴᠢᠯᠠᠯ ᠤᠨ ᠦᠢᠯᠡ ᠠᠵᠢᠯᠯᠠᠭ᠎ᠠ ᠶᠠᠪᠦᠭᠤᠯᠬᠤ ᠵᠥᠪᠰᠢᠶᠡᠷᠡᠯ ᠣᠯᠭᠤᠬᠤ ᠡᠷᠬᠡ᠂ ᠬᠢᠯᠢ ᠶᠢᠨ ᠵᠢᠭᠤᠯᠴᠢᠯᠠᠯ ᠤᠨ ᠪᠠᠳᠤᠯᠭᠠᠵᠢᠭᠤᠯᠤᠭᠰᠠᠨ ᠪᠢᠴᠢᠭ ᠣᠯᠭᠤᠬᠤ ᠡᠷᠬᠡ ᠵᠢᠴᠢ ᠥᠪᠡᠷᠳᠡᠭᠡᠨ ᠵᠠᠰᠠᠬᠤ ᠣᠷᠣᠨ ᠠᠴᠠ ᠮᠣᠩᠭᠤᠯ ᠣᠷᠣᠰ ᠲᠤ ᠠᠶᠠᠯᠠᠬᠤ ᠵᠢᠭᠤᠯᠴᠢᠯᠠᠯ ᠤᠨ ᠪᠦᠯᠬᠦᠮ ᠤᠨ ᠨᠡᠷ᠎ᠡ ᠶᠢᠨ ᠵᠢᠭᠰᠠᠭᠠᠯᠳᠠ ᠭᠠᠷᠭᠠᠬᠤ ᠡᠷᠬᠡ ᠵᠡᠷᠭᠡ  ᠶᠢ ᠳᠣᠣᠷ᠎ᠠ ᠱᠠᠳᠤᠨ ᠳᠤ ᠰᠢᠯᠵᠢᠭᠦᠯᠥᠨ ᠥᠭᠭᠦ ᠶᠢ ᠬᠥᠭᠡᠭᠡᠴᠡᠯᠳᠥᠨ᠎ᠡ᠃ ᠳᠣᠮᠳᠠᠳᠤ ᠮᠣᠩᠭᠤᠯ ᠤᠨ ᠬᠠᠮᠳᠤᠷᠠᠭᠰᠠᠨ ᠶᠡᠭᠡ ᠰᠤᠷᠭᠠᠭᠤᠯᠢ ᠶᠢᠨ ᠪᠠᠶᠢᠭᠤᠯᠤᠯᠳᠠ ᠶᠢ ᠳᠦᠯᠬᠢᠨ ᠠᠬᠢᠭᠤᠯᠵᠤ᠂ ᠡᠷᠢᠶᠡᠨ ᠬᠤᠲᠠ ᠶᠢᠨ ᠤᠯᠠᠨ ᠤᠯᠤᠰ ᠤᠨ ᠳᠡᠭᠡᠳᠤ ᠰᠤᠷᠭᠠᠭᠤᠯᠢ ᠳᠤ ᠮᠣᠩᠭᠤᠯ ᠤᠷᠤᠰ ᠤᠨ ᠠᠷᠠᠯᠵᠢᠶ᠎ᠠ ᠬᠤᠳᠠᠯᠳᠤᠭ᠎ᠠ ᠬᠦᠮᠥᠨ ᠰᠣᠶᠣᠯ ᠤᠨ ᠬᠠᠮᠲᠤ ᠶᠢᠨ ᠠᠵᠢᠯᠯᠠᠭᠠᠨ ᠤ ᠳᠤᠰᠬᠠᠢ ᠮᠡᠷᠭᠡᠵᠢᠯ ᠤᠨ ᠰᠠᠯᠪᠦᠷᠢ ᠪᠠᠶᠢᠭᠤᠯᠬᠤ ᠶᠢ ᠳᠡᠮᠵᠢᠨ᠂ ᠰᠤᠷᠭᠠᠭᠤᠯᠢ ᠤᠳ ᠬᠠᠮᠳᠤᠷᠠᠨ ᠰᠤᠷᠭᠠᠭᠤᠯᠢ ᠪᠠᠶᠢᠭᠤᠯᠬᠤ᠂ ᠬᠠᠷᠢᠯᠴᠠᠨ ᠪᠠᠭᠰᠢ ᠭᠠᠳᠠᠭᠠᠳᠤ ᠤᠶᠤᠳᠠᠨ ᠳᠣᠮᠢᠯᠠᠵᠤ ᠰᠣᠯᠢᠯᠴᠠᠬᠤ ᠬᠡᠪᠴᠢᠶ᠎ᠡ ᠪᠠᠨ ᠥᠷᠭᠡᠳᠬᠡᠬᠦ ᠶᠢ ᠵᠣᠷᠢᠭᠵᠢᠭᠤᠯᠤᠨ᠎ᠠ᠃ ᠮᠣᠩᠭᠤᠯ ᠤᠯᠤᠰ ᠲᠠᠢ ᠡᠮ ᠡᠮᠨᠡᠯᠭᠡ ᠶᠢᠨ ᠮᠡᠷᠭᠡᠵᠢᠯ᠂ ᠡᠷᠡᠭᠦᠯ ᠮᠡᠨᠳᠥ ᠬᠢᠵᠢᠭ ᠰᠡᠷᠭᠡᠶᠢᠯᠡᠯᠲᠡ᠂ ᠮᠣᠩᠭᠤᠯ ᠡᠮ ᠲᠠᠩ ᠤᠨ ᠰᠤᠳᠤᠯᠤᠨ ᠦᠢᠯᠡᠳᠪᠦᠷᠢᠯᠡᠯᠲᠡ᠂ ᠴᠢᠳᠠᠪᠦᠷᠢᠳᠠᠨ ᠤ ᠬᠦᠮᠥᠵᠢᠭᠦᠯᠥᠯᠲᠡ᠂ ᠡᠷᠳᠡᠮ ᠰᠢᠨᠵᠢᠯᠡᠭᠡᠨ ᠤ ᠰᠣᠯᠢᠯᠴᠠᠭ᠎ᠠ ᠵᠡᠷᠭᠡ ᠬᠦᠷᠢᠶᠡᠨ   ᠳᠤ ᠰᠣᠯᠢᠴᠠᠭ᠎ᠠ ᠬᠠᠮᠲᠤ ᠶᠢᠨ ᠠᠵᠢᠯᠯᠠᠭ᠎ᠠ ᠦᠷᠨᠢᠭᠦᠯᠬᠦ ᠶᠢ ᠴᠢᠩᠭᠠᠳᠬᠠᠨ᠂ ᠮᠣᠩᠭᠤᠯ ᠤᠯᠤᠰ ᠤᠨ ᠤᠯᠠᠮᠵᠢᠯᠠᠯᠲᠤ ᠠᠨᠠᠭᠠᠬᠤ ᠤᠬᠭᠭᠠᠨ ᠤ ᠰᠤᠳᠤᠯᠬᠤ ᠬᠦᠷᠢᠶᠡᠯᠡᠩ᠂ ᠮᠣᠩᠭᠤᠯ ᠤᠯᠤᠰ ᠤᠨ ᠠᠨᠠᠭᠠᠬᠤ ᠶᠢᠨ ᠶᠡᠭᠡ ᠰᠤᠷᠭᠠᠭᠤᠯᠢ ᠵᠡᠷᠭᠡ ᠡᠮ ᠡᠮᠨᠡᠯᠭᠡ ᠡᠷᠡᠭᠦᠯ ᠮᠡᠨᠳᠥ ᠶᠢᠨ ᠪᠠᠶᠢᠭᠤᠯᠤᠯᠭ᠎ᠠ ᠤᠳ ᠲᠠᠢ ᠬᠠᠮᠲᠤ ᠶᠢᠨ ᠬᠠᠷᠢᠴᠠᠭ᠎ᠠ ᠪᠠᠶᠢᠭᠤᠯᠬᠤ ᠶᠢ ᠳᠥᠯᠬᠢᠨ ᠠᠬᠢᠭᠤᠯᠵᠤ᠂ ᠳᠤᠮᠳᠠᠳᠤ ᠮᠤᠩᠭᠤᠯ ᠤᠨ ᠬᠠᠮᠲᠤᠷᠠᠭᠰᠠᠨ ᠡᠮᠨᠡᠯᠭᠡ ᠶᠢᠨ ᠪᠠᠶᠢᠭᠤᠯᠤᠯᠳᠠ ᠶᠢ ᠳᠦᠷᠭᠡᠳᠭᠡᠨ᠎ᠡ᠃ ᠡᠷᠢᠶᠡᠨ ᠬᠤᠲᠠ ᠪᠣᠯᠣᠨ ᠣᠷᠣᠰ ᠮᠣᠩᠭᠤᠯ ᠤᠨ ᠬᠠᠮᠳᠣᠷᠠᠭᠰᠠᠨ ᠰᠤᠳᠤᠯᠭᠠᠨ ᠤ ᠪᠠᠶᠢᠭᠤᠯᠤᠯᠭ᠎ᠠ ᠪᠠᠶᠢᠭᠤᠯᠬᠤ ᠶᠢ ᠳᠥᠯᠬᠢᠨ ᠠᠬᠢᠭᠤᠯᠵᠤ᠂ ᠬᠦᠨᠳᠥ ᠴᠢᠬᠤᠯᠠ ᠠᠰᠠᠭᠤᠳᠠᠯ ᠤᠨ ᠳᠣᠬᠠᠢ ᠰᠤᠳᠤᠯᠭ᠎ᠠ ᠶᠢ ᠬᠦᠨᠵᠡᠭᠡᠶᠢᠷᠡᠭᠦᠯᠥᠨ᠎ᠡ᠃ ᠮᠣᠩᠭᠤᠯ ᠤᠯᠤᠰ ᠲᠤ ᠭᠠᠷᠭᠠᠬᠤ ᠬᠦᠳᠡᠯᠮᠦᠷᠢ ᠬᠦᠴᠥᠨ ᠢ ᠵᠣᠬᠢᠴᠠᠭᠤᠯᠤᠨ ᠬᠠᠮᠢᠶᠠᠷᠤᠬᠤ ᠪᠠᠶᠢᠭᠤᠯᠤᠯᠭ᠎ᠠ ᠶᠢ ᠪᠠᠶᠢᠭᠤᠯᠵᠤ᠂ ᠳᠣᠮᠳᠠᠳᠤ ᠮᠣᠩᠭᠤᠯ ᠬᠤᠶᠠᠷ ᠤᠯᠤᠰ ᠤᠨ ᠬᠢᠯᠢ ᠳᠣᠳᠣᠷ᠎ᠠ ᠳᠣᠭᠳᠠᠮᠠᠯ ᠬᠤᠭᠤᠴᠠᠭ᠎ᠠ ᠲᠠᠢ ᠡᠯᠰᠡᠯᠲᠡ ᠶᠢᠨ ᠬᠤᠷᠠᠯ ᠵᠣᠬᠢᠶᠠᠨ ᠪᠠᠶᠢᠭᠤᠯᠵᠤ᠂ ᠴᠢᠳᠠᠪᠦᠷᠢᠳᠠᠨ ᠤ ᠰᠣᠯᠢᠯᠴᠠᠭ᠎ᠠ ᠶᠢ ᠠᠬᠢᠭᠤᠯᠤᠨ᠎ᠠ᠃ ᠡᠷᠢᠶᠡᠨ ᠬᠤᠲᠠ ᠶᠢᠨ ᠰᠤᠶᠤᠯ ᠤᠷᠠᠯᠢᠭ ᠤᠨ ᠪᠦᠯᠬᠦᠮ᠂ ᠲᠠᠮᠢᠷ ᠤᠨ ᠪᠦᠯᠬᠦᠮ᠂ ᠮᠦᠽᠸᠢ᠂ ᠨᠤᠮ ᠤᠨ ᠰᠠᠩ᠂ ᠮᠡᠳᠡᠭᠡ ᠵᠠᠭᠤᠴᠢᠯᠠᠭᠤᠷ᠂ ᠺᠢᠨᠤ᠋ ᠲᠧᠯᠸᠢᠰ ᠵᠡᠷᠭᠡ ᠪᠠᠶᠢᠭᠤᠯᠤᠯᠭ᠎ᠠ ᠶᠢᠨ ᠣᠷᠣᠰ ᠮᠣᠩᠭᠤᠯ ᠲᠠᠢ ᠬᠠᠮᠲᠤ ᠶᠢᠨ  ᠠᠵᠢᠯᠯᠠᠭᠠᠨ ᠤ ᠬᠠᠷᠢᠴᠠᠭ᠎ᠠ ᠪᠠᠶᠢᠭᠤᠯᠬᠤ ᠶᠢ ᠳᠡᠮᠵᠢᠨ᠂ ᠬᠠᠮᠲᠤ ᠪᠠᠷ ᠳᠤᠭᠯᠠᠯᠲᠠ ᠭᠠᠷᠭᠠᠨ᠂ ᠡᠭᠦᠳᠥᠯᠲᠡ ᠶᠢᠨ ᠬᠥᠳᠡᠯᠭᠡᠭᠡᠨ ᠥᠷᠨᠢᠭᠦᠯᠵᠥ᠂ ᠳᠣᠭᠳᠠᠭᠰᠠᠨ ᠬᠤᠭᠤᠴᠠᠭ᠎ᠠ ᠲᠠᠢ ᠳᠠᠭᠤᠤ᠂ ᠪᠦᠵᠢᠭ᠂ ᠵᠢᠷᠤᠭ᠂ ᠰᠡᠶᠢᠯᠥᠮᠡᠯ᠂ ᠭᠡᠷᠡᠯ ᠵᠢᠷᠤᠭ ᠵᠡᠷᠭᠡ ᠶᠢᠨ ᠲᠡᠮᠡᠴᠡᠭᠡᠨ ᠢ ᠵᠣᠬᠢᠶᠠᠨ ᠪᠠᠶᠢᠭᠤᠯᠤᠨ᠎ᠠ᠃ ᠪᠡᠶᠡᠳᠤ ᠪᠤᠰᠤ ᠰᠣᠶᠤᠯ ᠤᠨ ᠥᠪ ᠤᠨ ᠨᠢᠭᠡᠳᠤᠭ᠍ᠰᠡᠨ ᠬᠠᠮᠠᠭᠠᠯᠠᠯᠲᠠ᠂ ᠪᠦᠷᠢᠳᠭᠡᠯᠲᠡ ᠵᠡᠷᠭᠡ ᠶᠢᠨ ᠬᠠᠮᠲᠤ ᠶᠢᠨ ᠠᠵᠢᠯᠯᠠᠭ᠎ᠠ ᠶᠢ ᠴᠢᠩᠭᠠᠳᠬᠠᠨ᠂ ︽ᠲᠦᠮᠡᠨ ᠭᠠᠵᠠᠷ ᠤᠨ ᠴᠠᠢ ᠶᠢᠨ ᠵᠠᠮ︾ ᠵᠡᠷᠭᠡ ᠳᠡᠯᠡᠬᠡᠢ ᠶᠢᠨ ᠰᠣᠶᠣᠯ ᠤᠨ ᠦᠯᠡᠳᠡᠭᠳᠡᠯ ᠥᠪ ᠤᠨ ᠨᠢᠭᠡᠳᠤᠭ᠍ᠰᠡᠨ ᠮᠡᠳᠡᠭᠦᠯᠥᠯᠲᠡ ᠶᠢ ᠢᠳᠡᠪᠬᠢᠲᠡᠢ ᠳᠥᠯᠬᠢᠨ ᠠᠬᠢᠭᠤᠯᠤᠨ᠎ᠠ᠃ ᠮᠣᠩᠭᠤᠯ ᠣᠷᠣᠰ ᠤᠨ ᠡᠬᠡ ᠬᠠᠭᠤᠷᠠᠢ ᠶᠢᠨ ᠬᠦᠬᠦᠷᠭᠡ ᠳᠠᠭᠠᠤ ᠬᠢ ᠭᠠᠵᠠᠷ ᠣᠷᠣᠨ ᠲᠠᠢ ᠠᠭᠤᠷᠬᠠᠢ᠂ ᠳᠠᠷᠢᠶᠠᠯᠠᠩ ᠮᠠᠯ ᠠᠵᠤ ᠠᠬᠤᠢ᠂ ᠲᠧᠭᠨᠢᠭ ᠮᠡᠷᠭᠡᠵᠢᠯ᠂ ᠠᠮᠢ ᠠᠬᠤᠢ᠂ ᠤᠷᠴᠢᠨ ᠬᠠᠮᠠᠭᠠᠯᠠᠯᠲᠠ᠂ ᠭᠠᠮᠰᠢᠭ ᠰᠡᠷᠭᠡᠶᠢᠯᠡᠯᠲᠡ ᠵᠡᠷᠭᠡ ᠳᠠᠯ᠎ᠠ ᠳᠤ ᠬᠥᠮᠥᠨ ᠰᠣᠶᠣᠯ ᠤᠨ ᠪᠦᠬᠦ ᠲᠠᠯ᠎ᠠ ᠶᠢᠨ ᠰᠣᠯᠢᠯᠴᠠᠭ᠎ᠠ ᠬᠠᠮᠲᠤ ᠶᠢᠨ ᠠᠵᠢᠯᠯᠠᠭ᠎ᠠ ᠥᠷᠨᠢᠭᠦᠯᠬᠦ ᠶᠢ ᠳᠥᠯᠬᠢᠨ ᠠᠬᠢᠭᠤᠯᠵᠥ᠂ ᠬᠠᠷᠢᠯᠴᠠᠨ ᠤᠶᠢᠯᠭᠠᠯᠴᠠᠬᠤ᠂ ᠬᠠᠶᠢᠷ᠎ᠠ ᠰᠡᠳᠭᠢᠯ ᠢ ᠨᠡᠮᠡᠭᠳᠡᠭᠦᠯᠬᠦ ᠬᠥᠭᠦᠷᠭᠡ ᠶᠢ ᠪᠠᠶᠢᠭᠤᠯᠤᠨ᠎ᠠ᠃ᠵᠢᠷᠭᠤᠳᠤᠭᠠᠷ ᠬᠡᠰᠡᠭ   ᠤᠯᠤᠰ ᠤᠨ ᠳᠣᠳᠣᠭᠠᠳᠤ ᠶᠢᠨ ᠠᠵᠤ ᠠᠬᠤᠢ ᠶᠢᠨ ᠬᠡᠪᠡᠯᠢ ᠭᠠᠵᠠᠷ ᠯᠤᠭ᠎ᠠ ᠶᠢᠨ ᠬᠠᠮᠲᠤ  ᠶᠢᠨ ᠠᠵᠢᠯᠯᠠᠭ᠎ᠠ ᠶᠢ ᠴᠢᠩᠭᠠᠳᠬᠠᠨ᠎ᠠ      ᠰᠠᠭᠤᠷᠢ ᠪᠦᠳᠥᠭᠡᠨ ᠪᠠᠶᠢᠭᠤᠯᠤᠯᠳᠠ ᠪᠠᠷ ᠬᠠᠷᠢᠯᠴᠠᠨ ᠬᠤᠯᠪᠣᠯᠳᠠᠬᠤ ᠶᠢ ᠳᠦᠯᠬᠢᠨ ᠠᠬᠢᠭᠤᠯᠤᠨ᠎ᠠ᠃ ᠡᠷᠢᠶᠡᠨ ᠬᠤᠳᠠ — ᠵᠢᠨᠢᠩ ᠴᠢᠭᠯᠡᠯ ᠤᠨ ᠲᠡᠮᠥᠷ ᠵᠠᠮ ᠢ ᠥᠷᠭᠡᠳᠭᠡᠨ ᠵᠠᠰᠠᠬᠤ ᠲᠥᠷᠥᠯ ᠵᠦᠢᠯ ᠤᠨ ᠪᠠᠶᠢᠭᠤᠯᠤᠯᠳᠠ ᠶᠢ ᠳᠦᠷᠭᠡᠳᠭᠡᠨ᠂ ᠳᠤᠮᠳᠠᠳᠤ ᠤᠯᠤᠰ ᠤᠨ ᠤᠮᠠᠷᠠᠲᠤ ᠤᠷᠤᠨ ᠳᠤ ᠨᠡᠪᠳᠡᠷᠡᠬᠦ ᠳᠡᠭᠡᠭᠡᠪᠦᠷᠢ ᠶᠢᠨ ᠵᠠᠮ ᠢ ᠨᠡᠭᠡᠭᠡᠵᠥ᠂ ᠲᠠᠯᠠᠢ ᠬᠠᠭᠤᠷᠠᠢ ᠶᠢᠨ ᠨᠢᠭᠡᠳᠥᠭᠰᠡᠨ ᠲᠡᠭᠡᠭᠡᠪᠦᠷᠢ ᠶᠢᠨ ᠬᠠᠷᠢᠯᠴᠠᠨ ᠬᠤᠯᠪᠤᠯᠳᠠ ᠶᠢ ᠪᠡᠶᠡᠯᠡᠭᠦᠯᠥᠨ᠎ᠡ᠃ ᠡᠷᠢᠶᠡᠨ — ᠰᠢᠯᠢᠨᠬᠤᠲᠠ — ᠤᠯᠠᠭᠠᠨᠬᠠᠳᠠ — ᠵᠢᠨᠵᠸᠥ ᠴᠢᠭᠯᠡᠯ ᠤᠨ ᠲᠡᠮᠥᠷ ᠵᠠᠮ ᠤᠨ ᠪᠦᠳᠥᠭᠡᠨ ᠪᠠᠶᠢᠭᠤᠯᠤᠯᠲᠠ ᠶᠢ ᠳᠦᠷᠭᠡᠳᠭᠡᠨ᠂ ᠵᠡᠭᠦᠨ ᠬᠤᠶᠢᠲᠣ ᠣᠷᠣᠨ ᠳᠤ ᠨᠡᠪᠳᠡᠷᠡᠬᠦ ᠡᠬᠢ ᠪᠠᠶᠠᠯᠢᠭ᠂ ᠡᠨᠧᠷᠭᠢ ᠵᠥᠭᠡᠭᠡᠪᠦᠷᠢᠯᠡᠬᠦ ᠵᠠᠮ ᠢ ᠨᠡᠭᠡᠭᠡᠵᠥ᠂ ᠰᠢᠯᠢᠨᠬᠤᠲᠠ ᠤᠯᠠᠭᠠᠨᠬᠠᠳᠠ ᠲᠥᠩᠯᠢᠶᠥᠥ ᠴᠣᠣᠶᠠᠩ ᠵᠢᠨᠵᠸᠦ ᠶᠢᠨ ᠳᠠᠭᠠᠯᠳᠤᠭᠰᠠᠨ ᠬᠥᠭᠵᠢᠯᠲᠡ ᠶᠢ ᠳᠥᠯᠬᠢᠨ ᠠᠬᠢᠭᠤᠯᠤᠨ᠎ᠠ᠃ ᠡᠷᠢᠶᠡᠨ — ᠪᠠᠶᠠᠨᠬᠤᠸᠠᠷ ᠴᠢᠭᠯᠡᠯ ᠤᠨ ᠲᠡᠮᠥᠷ ᠵᠠᠮ ᠤᠨ ᠪᠦᠳᠥᠭᠡᠨ ᠪᠠᠶᠢᠭᠤᠯᠤᠯᠲᠠ ᠶᠢ ᠢᠳᠡᠪᠬᠢᠲᠡᠢ ᠳᠥᠯᠬᠢᠨ ᠠᠬᠢᠭᠤᠯᠵᠤ᠂ ᠡᠷᠢᠶᠡᠨ — ᠮᠠᠨᠳᠤᠯᠳᠤ ᠪᠣᠭᠤᠮᠲᠠ ᠶᠢᠨ ᠬᠢᠯᠢ ᠶᠢᠨ ᠵᠠᠰᠠᠮᠠᠯ ᠵᠠᠮ ᠤᠨ ᠪᠦᠳᠦᠭᠡᠨ ᠪᠠᠶᠢᠭᠤᠯᠤᠯᠲᠠ ᠶᠢ ᠳᠦᠷᠭᠡᠳᠭᠡᠨ᠂ ᠬᠥᠬᠡᠬᠤᠲᠠ ᠪᠣᠭᠤᠳᠣ ᠶᠢᠨᠴᠤᠸᠠᠨ ᠢᠦᠢ ᠯᠢᠨ ᠠᠵᠤ ᠠᠬᠤᠢ ᠶᠢᠨ ᠳᠣᠭᠤᠷᠢᠭ ᠵᠢᠴᠢ ᠪᠠᠷᠠᠭᠤᠨ ᠬᠤᠶᠢᠲᠣ ᠣᠷᠣᠨ ᠳᠤ ᠨᠡᠪᠳᠡᠷᠡᠬᠦ ᠳᠡᠭᠡᠭᠡᠪᠦᠷᠢ ᠶᠢᠨ ᠵᠠᠮ ᠢ ᠨᠡᠭᠡᠭᠡᠨ᠎ᠡ᠃ ᠡᠷᠢᠶᠡᠨ ᠬᠤᠲᠠ — ᠮᠠᠨᠳᠤᠯᠳᠤ — ᠰᠢᠯᠢ ᠶᠢᠨ ᠬᠤᠳᠠ ᠴᠢᠭᠯᠡᠯ ᠤᠨ ᠨᠢᠭᠡᠳᠦᠭᠡᠷ ᠳᠡᠰ ᠤᠨ ᠵᠠᠰᠠᠮᠠᠯ ᠵᠠᠮ᠂ ᠡᠷᠢᠶᠡᠨ — ᠪᠣᠳᠠᠷ ᠴᠢᠯᠠᠭᠤᠨ ᠣᠢ — ᠵᠡᠭᠦᠨ ᠬᠠᠳᠠᠪᠴᠢ ᠴᠢᠭᠯᠡᠯ ᠤᠨ ᠵᠠᠰᠠᠮᠠᠯ ᠵᠠᠮ ᠤᠨ ᠪᠦᠳᠥᠭᠡᠨ ᠪᠠᠶᠢᠭᠤᠯᠤᠯᠳᠠ ᠪᠣᠯᠣᠨ ᠡᠷᠢᠶᠡᠨ ᠬᠤᠳᠠ — ᠭᠤᠸᠠᠩᠵᠸᠥ ᠴᠢᠭᠯᠡᠯ ᠤᠨ ᠵᠠᠮ᠂ ᠡᠷᠢᠶᠡᠨ ᠬᠤᠳᠠ — ᠰᠠᠶᠢᠬᠠᠨᠲᠠᠯ᠎ᠠ ᠴᠢᠭᠯᠡᠯ ᠤᠨ ᠥᠨᠳᠥᠷ ᠬᠤᠷᠳᠠᠴᠠᠳᠤ ᠵᠠᠰᠠᠮᠠᠯ ᠵᠠᠮ ᠤᠨ ᠥᠭᠡᠷᠡᠴᠢᠯᠡᠨ ᠪᠠᠶᠢᠭᠤᠯᠤᠯᠲᠠ ᠶᠢ ᠢᠳᠡᠪᠬᠢᠳᠡᠢ ᠳᠦᠯᠬᠢᠨ ᠣᠷᠣᠭᠰᠢᠯᠠᠭᠤᠯᠵᠤ᠂ ᠵᠡᠭᠦᠨ ᠬᠤᠶᠢᠳᠣ ᠪᠣᠯᠣᠨ ᠤᠮᠠᠷᠠᠳᠤ ᠤᠷᠤᠨ ᠲᠠᠢ ᠬᠤᠯᠪᠣᠯᠳᠠᠭᠰᠠᠨ ᠵᠠᠰᠠᠮᠠᠯ ᠵᠠᠮ ᠤᠨ ᠳᠣᠣᠷ ᠰᠦᠯᠵᠢᠶ᠎ᠡ ᠶᠢ ᠪᠤᠢ ᠪᠤᠯᠭᠠᠨ᠎ᠠ᠃ ᠤᠯᠤᠰ ᠤᠨ ᠳᠣᠳᠣᠭᠠᠳᠤ ᠶᠢᠨ ᠠᠭᠠᠷ ᠤᠨ ᠱᠤᠭᠤᠮ ᠢ ᠤᠯᠠᠰᠢᠷᠠᠭᠤᠯᠵᠤ᠂ ᠡᠷᠢᠶᠡᠨ ᠠᠴᠠ ᠵᠦᠵᠢᠶᠠᠩ ᠮᠦᠷᠡᠨ ᠤ ᠭᠤᠷᠪᠠᠯᠵᠢᠨ ᠬᠤᠶᠢᠭ᠂ ᠬᠥᠬᠡ ᠮᠥᠷᠡᠨ ᠤ ᠭᠤᠷᠪᠠᠯᠵᠢᠨ ᠬᠤᠶᠢᠭ᠂ ᠪᠦᠸᠧᠬᠠᠢ ᠲᠠᠩᠬᠢᠰ ᠤᠨ ᠡᠷᠭᠢ ᠳᠠᠭᠠᠤ ᠠᠵᠤ ᠠᠬᠤᠢ ᠶᠢᠨ ᠴᠠᠭᠠᠷᠢᠭ᠂ ᠵᠡᠭᠦᠨ ᠬᠤᠶᠢᠳᠤ  ᠣᠷᠣᠨ᠂ ᠪᠠᠷᠠᠭᠤᠨ ᠡᠮᠥᠨᠡᠳᠥ ᠣᠷᠣᠨ ᠬᠦᠷᠬᠦ ᠤᠯᠤᠰ  ᠤᠨ ᠳᠣᠳᠣᠭᠠᠳᠣ ᠶᠢᠨ ᠠᠭᠠᠷ ᠤᠨ ᠵᠠᠮ ᠰᠥᠯᠵᠢᠶ᠎ᠡ ᠶᠢ ᠪᠤᠢ ᠪᠤᠯᠭᠠᠨ᠎ᠠ᠃      ᠪᠦᠰᠡ ᠨᠣᠳᠤᠭ ᠤᠨ ᠬᠠᠮᠲᠤ ᠶᠢᠨ ᠠᠵᠢᠯᠯᠠᠭᠠᠨ ᠤ ᠵᠠᠭᠪᠦᠷ ᠪᠣᠯᠣᠨ ᠳᠣᠭᠳᠠᠯᠴᠠᠭ᠎ᠠ ᠶᠢ ᠰᠢᠨᠡᠴᠢᠯᠡᠨ᠎ᠡ᠃ ᠡᠷᠢᠶᠡᠨ ᠬᠤᠳᠠ ᠪᠣᠯᠣᠨ ᠡᠷᠭᠢᠨ ᠳᠣᠭᠤᠷᠢᠨ ᠤ ᠬᠤᠰᠢᠭᠤ ᠰᠢᠶᠠᠨ ᠤ ᠦᠢᠯᠡᠳᠪᠦᠷᠢᠯᠡᠯ ᠤᠨ ᠪᠠᠶᠢᠷᠢᠯᠠᠭᠤᠯᠤᠯᠲᠠ ᠶᠢ ᠨᠢᠭᠡᠳᠥᠯᠲᠡᠢ ᠳᠥᠯᠥᠪᠯᠡᠵᠥ᠂ ᠠᠵᠤ ᠠᠬᠤᠶᠢᠯᠠᠯ ᠢ ᠪᠦᠬᠦ ᠲᠠᠯ᠎ᠠ ᠶᠢᠨ᠂ ᠤᠯᠠᠨ ᠳᠠᠪᠬᠤᠷᠭᠠᠳᠤ ᠨᠢᠭᠡᠳᠥᠭᠰᠡᠨ ᠬᠠᠮᠲᠤ  ᠶᠢᠨ ᠠᠵᠢᠯᠯᠠᠭ᠎ᠠ ᠦᠷᠨᠢᠭᠦᠯᠬᠦ ᠶᠢ ᠳᠥᠯᠬᠢᠨ ᠠᠬᠢᠭᠤᠯᠵᠤ᠂ ᠳᠠᠪᠠᠭᠤᠯᠢᠭ ᠢᠶᠠᠨ ᠬᠠᠷᠢᠯᠴᠠᠨ ᠨᠥᠬᠦᠪᠦᠷᠢᠯᠡᠭᠰᠡᠨ᠂ ᠥᠷᠢᠰᠥᠯᠳᠥᠬᠦ ᠬᠦᠴᠦᠨ ᠴᠢᠩᠭ᠎ᠠ ᠦᠢᠯᠡᠳᠪᠦᠷᠢ ᠶᠢᠨ ᠰᠦᠷᠥᠭ ᠢ ᠬᠠᠮᠲᠤ ᠪᠠᠷ ᠪᠦᠳᠥᠭᠡᠨ ᠪᠠᠶᠢᠭᠤᠯᠤᠨ᠎ᠠ᠃ ᠪᠦᠸᠧᠬᠠᠢ ᠳᠠᠩᠭᠢᠰ ᠤᠨ ᠡᠷᠭᠢ ᠳᠠᠭᠠᠤ ᠠᠵᠤ ᠠᠬᠤᠢ ᠶᠢᠨ ᠴᠠᠭᠠᠷᠢᠭ᠂ ᠬᠥᠬᠡᠬᠤᠳᠠ ᠪᠣᠭᠤᠳᠣ ᠶᠢᠨᠴᠦᠸᠠᠨ ᠢᠦᠢ ᠯᠢᠨ ᠤ ᠠᠵᠤ ᠠᠬᠤᠢ ᠶᠢᠨ ᠳᠣᠭᠤᠷᠢᠭ᠂ ᠥᠪᠥᠷ ᠮᠤᠩᠭᠤᠯ᠂ ᠱᠠᠨ ᠰᠢ᠂ ᠡᠾᠧᠪᠸᠢ ︵ᠤᠯᠠᠭᠠᠨᠴᠠᠪ᠂ ᠳ᠋ᠠᠲ᠋ᠤᠩ᠂ ᠵᠠᠩᠴᠠᠺᠤᠤ︶ ᠤᠷᠳᠤ ᠴᠠᠭᠠᠨ ᠬᠡᠷᠡᠮ ᠤᠨ ᠠᠯᠳᠠᠨ ᠭᠤᠷᠪᠠᠯᠵᠢᠨ ᠠᠵᠤ ᠠᠬᠤᠢ ᠶᠢᠨ ᠬᠠᠮᠳᠤ ᠶᠢᠨ ᠠᠵᠢᠯᠯᠠᠭᠠᠨ ᠤ ᠳᠣᠭᠤᠷᠢᠭ ᠲᠤ ᠢᠳᠡᠪᠬᠢᠳᠡᠢ ᠣᠷᠣᠯᠴᠠᠨ᠂ ᠪᠤᠰᠤᠳ ᠳᠤᠷᠰᠢᠯᠲᠠ ᠶᠢᠨ ᠳᠣᠭᠤᠷᠢᠭ᠂ ᠠᠳᠠᠯᠢ ᠲᠥᠷᠥᠯ ᠤᠨ ᠪᠣᠭᠤᠮᠳᠠ ᠶᠢᠨ ᠬᠤᠳᠠ ᠵᠢᠴᠢ ᠭᠠᠳᠠᠭᠠᠳᠤ ᠠᠴᠠ ᠡᠬᠢ ᠪᠠᠶᠠᠯᠢᠭ ᠣᠷᠣᠭᠤᠯᠣᠭᠰᠠᠨ ᠭᠠᠵᠠᠷ᠂ ᠭᠠᠳᠠᠭᠠᠳᠤ ᠳᠤ ᠪᠠᠷᠠᠭ᠎ᠠ ᠪᠦᠳᠥᠭᠡᠭᠳᠡᠭᠦᠨ ᠭᠠᠷᠭᠠᠭᠰᠠᠨ ᠭᠠᠵᠠᠷ ᠲᠠᠢ ᠬᠠᠷᠢᠴᠠᠭ᠎ᠠ ᠬᠤᠯᠪᠣᠭ᠎ᠠ ᠪᠠᠨ ᠴᠢᠩᠭᠠᠳᠬᠠᠵᠤ᠂ ᠴᠢᠳᠠᠪᠦᠷᠢᠳᠠᠨ᠂ ᠮᠡᠳᠡᠭᠡ ᠵᠠᠩᠭᠢ᠂ ᠲᠧᠭᠨᠢᠭ ᠮᠡᠷᠭᠡᠵᠢᠯ ᠵᠡᠷᠭᠡ ᠪᠠᠷ ᠬᠤᠯᠪᠣᠯᠳᠣᠭᠰᠠᠨ ᠬᠠᠮᠳᠣ ᠪᠠᠷ ᠬᠤᠪᠢᠶᠠᠯᠴᠠᠬᠤ ᠲᠠᠪᠴᠠᠩ ᠢ ᠪᠦᠳᠥᠭᠡᠨ ᠪᠠᠶᠢᠭᠤᠯᠵᠤ᠂ ᠪᠦᠰᠡ ᠨᠣᠳᠤᠭ ᠤᠨ ᠬᠤᠭᠤᠷᠣᠨᠳᠣᠬᠢ ᠲᠡᠭᠡᠭᠡᠪᠦᠷᠢ ᠪᠠᠷᠠᠭ᠎ᠠ ᠡᠷᠭᠢᠯᠳᠡ᠂ ᠠᠶᠠᠯᠠᠯ ᠵᠢᠭᠤᠯᠴᠢᠯᠠᠯ᠂ ᠮᠡᠳᠡᠭᠡ ᠬᠤᠯᠪᠣᠭ᠎ᠠ᠂ ᠦᠢᠯᠡᠳᠪᠦᠷᠢ ᠶᠢᠨ ᠭᠦᠨᠵᠡᠭᠡᠢ ᠠᠭᠤᠯᠰᠠᠯᠴᠠᠯ ᠢ ᠳᠥᠯᠬᠢᠨ ᠠᠬᠢᠭᠤᠯᠵᠤ᠂ ᠳᠣᠳᠣᠷ ᠭᠠᠵᠠᠷ ᠤᠨ ᠬᠥᠷᠥᠩᠭᠡ ᠮᠥᠩᠭᠦ᠂ ᠲᠧᠭᠨᠢᠭ ᠮᠡᠷᠭᠡᠵᠢᠯ᠂ ᠮᠡᠳᠡᠭᠡ ᠵᠠᠩᠭᠢ ᠵᠡᠷᠭᠡ ᠦᠢᠯᠡᠳᠪᠦᠷᠢᠯᠡᠯ ᠤᠨ ᠴᠢᠬᠤᠯᠠ ᠡᠯᠧᠮᠧᠨ᠋ᠲ ᠶᠢ ᠡᠷᠢᠶᠡᠨ ᠬᠤᠳᠠ ᠳᠤ ᠣᠷᠣᠭᠤᠯᠬᠤ ᠠᠬᠢᠴᠠ ᠶᠢ ᠲᠥᠷᠭᠡᠳᠭᠡᠨ᠂ ᠳᠠᠪᠠᠭᠤᠯᠢᠭ ᠢᠶᠠᠨ ᠬᠠᠷᠢᠯᠴᠠᠨ ᠨᠥᠬᠦᠪᠦᠷᠢᠯᠡᠭᠰᠡᠨ᠂ ᠦᠷ᠎ᠡ ᠠᠰᠢᠭ ᠲᠠᠢ ᠬᠠᠷᠢᠯᠴᠠᠨ ᠬᠤᠯᠪᠣᠯᠳᠤᠭᠰᠠᠨ᠂ ᠬᠠᠷᠢᠯᠴᠠᠨ ᠳᠦᠰᠢᠯᠴᠡᠨ ᠣᠷᠣᠰᠢᠬᠤ᠂ ᠬᠠᠷᠢᠯᠴᠠᠨ ᠡᠷᠡᠭᠦᠯ ᠢᠶᠠᠷ ᠨᠥᠯᠥᠭᠡᠯᠡᠯᠴᠡᠬᠦ‍ ᠨᠢᠭᠡ ᠴᠣᠭᠴᠠᠴᠢᠯᠠᠭᠰᠠᠨ ᠬᠥᠭᠵᠢᠯᠲᠡ ᠶᠢᠨ ᠰᠢᠨ᠎ᠡ ᠲᠢᠭᠯᠡᠮ  ᠢ ᠪᠤᠢ ᠪᠤᠯᠭᠠᠨ᠎ᠠ᠃      ᠬᠤᠳᠠᠯᠳᠤᠭ᠎ᠠ ᠪᠡᠯᠡ ᠣᠷᠣᠭᠤᠯᠣᠯᠲᠠ ᠶᠢ ᠳᠠᠳᠠᠬᠤ ᠬᠦᠴᠦᠯᠡᠴᠡ ᠪᠠᠨ ᠨᠡᠮᠡᠭᠳᠡᠭᠦᠯᠥᠨ᠎ᠡ᠃ ᠢᠵᠢ ᠪᠦᠷᠢᠨ ᠰᠠᠭᠤᠷᠢ ᠳᠥᠭᠦᠭᠡᠷᠥᠮᠵᠢ ᠶᠢᠨ ᠪᠦᠳᠦᠭᠡᠨ ᠪᠠᠶᠢᠭᠤᠯᠤᠯᠲᠠ ᠶᠢ ᠤᠯᠠᠮ ᠨᠢᠭᠡ ᠠᠯᠬᠤᠮ ᠳᠡᠭᠦᠯᠳᠡᠷᠵᠢᠭᠦᠯᠵᠥ᠂ ᠬᠢᠯᠢ ᠠᠯᠤᠰᠯᠠᠭᠰᠠᠨ ᠠᠵᠤ ᠠᠬᠤᠢ ᠶᠢᠨ ᠬᠠᠮᠲᠤ ᠶᠢᠨ ᠠᠵᠢᠯᠯᠠᠭᠠᠨ ᠤ ᠳᠣᠭᠤᠷᠢᠭ᠂ ᠬᠢᠯᠢ ᠶᠢᠨ ᠠᠵᠤ ᠠᠬᠤᠢ ᠶᠢᠨ ᠬᠠᠮᠲᠤ  ᠶᠢᠨ ᠠᠵᠢᠯᠯᠠᠭᠠᠨ ᠤ ᠳᠣᠭᠤᠷᠢᠭ ᠢᠶᠠᠷ ᠲᠠᠪᠴᠠᠩ ᠪᠣᠯᠭᠠᠵᠤ᠂ ᠭᠤᠣᠯ ᠪᠣᠯᠬᠤ ᠠᠵᠤ ᠦᠢᠯᠡᠳᠪᠦᠷᠢ ᠶᠢᠨ ᠳᠣᠭᠤᠷᠢᠨ  ᠳᠤ᠂ ︽ᠨᠢᠭᠡ ᠪᠦᠰᠡ ᠨᠢᠭᠡ ᠵᠠᠮ︾ ᠤᠨ ᠪᠠᠶᠢᠯᠳᠤᠬᠤ ᠪᠤᠳᠤᠯᠭ᠎ᠠ ᠶᠢᠨ ᠭᠤᠣᠯ ᠪᠣᠯᠬᠤ ᠭᠠᠳᠠᠭᠠᠳᠤ ᠳᠤ ᠭᠠᠷᠭᠠᠬᠤ ᠳᠥᠷᠥᠯ ᠵᠦᠢᠯ ᠢ ᠵᠠᠯᠭᠠᠮᠵᠢᠯᠠᠬᠤ ᠬᠤᠷᠳᠤᠴᠠ ᠪᠠᠨ ᠳᠦᠷᠭᠡᠳᠭᠡᠨ᠎ᠡ᠃ ᠲᠥᠷᠥᠯ ᠵᠦᠢᠯ ᠤᠨ ᠨᠥᠭᠡᠴᠡ ᠶᠢ ᠤᠯᠠᠮ ᠨᠢᠭᠡ ᠠᠯᠬᠤᠮ ᠳᠡᠭᠦᠯᠳᠡᠷᠵᠢᠭᠦᠯᠵᠥ᠂ ᠬᠤᠳᠠᠯᠳᠤᠭ᠎ᠠ ᠪᠡᠯᠡ ᠣᠷᠣᠭᠤᠯᠤᠯᠳᠠ ᠳᠠᠳᠠᠬᠤ ᠠᠷᠭ᠎ᠠ ᠬᠡᠯᠪᠡᠷᠢ ᠪᠠᠨ ᠰᠢᠨᠡᠳᠭᠡᠨ᠂ ᠰᠢᠨ᠎ᠡ ᠮᠠᠲ᠋ᠧᠷᠢᠶᠠᠯ᠂ ᠬᠢᠳᠠᠳ ᠮᠣᠩᠭᠤᠯ ᠡᠮ᠂ ᠠᠭᠠᠷ ᠤᠨ ᠠᠵᠤ ᠠᠬᠤᠢ ᠵᠡᠷᠭᠡ ᠰᠢᠨ᠎ᠡ ᠪᠠᠷ ᠡᠭᠦᠰᠥᠨ ᠬᠥᠭᠵᠢᠭᠰᠡᠨ ᠦᠢᠯᠡᠳᠪᠦᠷᠢ ᠶᠢ ᠳᠠᠳᠠᠨ ᠣᠷᠣᠭᠤᠯᠬᠤ ᠶᠢ ᠠᠬᠢᠭᠤᠯᠤᠨ᠎ᠠ᠃ ᠦᠢᠯᠡᠴᠢᠯᠡᠭᠡᠨ ᠤ ᠴᠢᠨᠠᠷ ᠴᠢᠨᠰᠠᠭ᠎ᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠥ᠂ ᠡᠷᠡᠭᠦᠯ ᠴᠢᠬᠢᠷᠠᠭ ᠪᠡᠯᠡ ᠣᠷᠣᠭᠤᠯᠣᠯᠲᠠ ᠶᠢᠨ ᠣᠷᠴᠢᠨ  ᠢ ᠪᠣᠢ ᠪᠣᠯᠭᠠᠵᠤ᠂ ᠬᠤᠳᠠᠯᠳᠤᠭ᠎ᠠ ᠪᠡᠯᠡ ᠣᠷᠣᠭᠤᠯᠤᠯᠲᠠ ᠳᠠᠳᠠᠬᠤ ᠠᠷᠭ᠎ᠠ ᠬᠡᠯᠪᠡᠷᠢ ᠶᠢ ᠬᠥᠩᠭᠡᠯᠡᠯᠲᠡ ᠲᠠᠢ ᠲᠥᠷᠥ  ᠶᠢᠨ ᠪᠣᠳᠣᠯᠭ᠎ᠠ ᠳᠣᠭᠳᠠᠭᠠᠬᠤ ᠠᠴᠠ ᠡᠷᠡᠭᠦᠯ ᠴᠢᠬᠢᠷᠠᠭ ᠬᠥᠭᠵᠢᠯᠳᠡ ᠶᠢᠨ ᠣᠷᠴᠢᠨ ᠪᠦᠳᠥᠭᠡᠨ ᠪᠠᠶᠢᠭᠤᠯᠬᠤ ᠲᠡᠶᠢᠰᠢ ᠬᠤᠪᠢᠷᠠᠭᠤᠯᠤᠨ᠎ᠠ᠃ ᠨᠠᠢᠮᠠᠳᠣᠭᠠᠷ ᠪᠦᠯᠥᠭ    ᠬᠥᠭᠵᠢᠯᠲᠡ ᠶᠢ ᠬᠠᠮᠲᠤ ᠳᠠᠭᠠᠨ ᠬᠤᠪᠢᠶᠠᠯᠴᠠᠵᠤ᠂ ᠠᠷᠠᠳ ᠤᠨ ᠠᠮᠢᠳᠤᠷᠠᠯ ᠤᠨ ᠳᠥᠪᠰᠢᠨ ᠠᠮᠢᠵᠢᠷᠭᠠᠨ ᠤ ᠴᠢᠨᠠᠷ ᠢ ᠳᠡᠭᠡᠭᠰᠢᠭᠦᠯᠥᠨ᠎ᠡ     ᠠᠷᠠᠳ ᠢᠶᠠᠨ ᠪᠠᠶᠠᠵᠢᠭᠤᠯᠵᠤ ᠬᠤᠲᠠ ᠪᠠᠨ‌‍ᠬᠥ᠋ᠴᠦᠷᠭᠡᠭᠵᠢᠭᠦᠯᠬᠦ ᠵᠠᠮ ᠢᠶᠠᠷ ᠵᠠᠮᠨᠠᠬᠤ ᠶᠢ ᠪᠠᠷᠢᠮᠳᠠᠯᠠᠨ᠂ ᠠᠷᠠᠳ  ᠤᠨ ᠠᠮᠢᠳᠤᠷᠠᠯ ᠢ ᠪᠠᠳᠣᠯᠠᠨ ᠰᠠᠶᠢᠵᠢᠷᠠᠭᠤᠯᠬᠤ ᠶᠢ ᠠᠵᠤ ᠠᠬᠤᠢ ᠨᠡᠶᠢᠭᠡᠮ ᠤᠨ ᠬᠥᠭᠵᠢᠯᠳᠡ ᠶᠢᠨ ᠰᠠᠭᠤᠷᠢ ᠪᠠ ᠬᠠᠷᠠᠯᠳᠠ ᠪᠣᠯᠭᠠᠨ᠂ ᠶᠠᠳᠠᠭᠤ ᠶᠢ ᠳᠡᠳᠭᠦᠬᠦ ᠳᠠᠶᠢᠨ ᠳᠤ ᠢᠯᠠᠯᠲᠠ ᠣᠯᠵᠣ᠂ ᠠᠷᠠᠳ ᠢᠷᠭᠡᠳ ᠤᠨ ᠬᠠᠮᠤᠭ ᠠᠴᠠ ᠰᠠᠨᠠᠭᠠᠰᠢᠷᠠᠵᠤ ᠪᠠᠶᠢᠭ᠎ᠠ ᠰᠤᠷᠭᠠᠨ ᠬᠥᠮᠥᠵᠢᠯ᠂ ᠡᠮ ᠡᠮᠨᠡᠯᠭᠡ᠂ ᠠᠵᠢᠯ ᠣᠯᠭᠤᠯᠳᠠ᠂ ᠨᠡᠶᠢᠭᠡᠮ ᠤᠨ ᠳᠠᠭᠠᠳᠬᠠᠯ᠂ ᠤᠷᠤᠯᠭ᠎ᠠ᠂ ᠢᠳᠡᠭᠡᠨ ᠤ ᠠᠮᠥᠷ ᠲᠥᠪᠰᠢᠨ ᠵᠡᠷᠭᠡ ᠠᠰᠠᠭᠤᠳᠠᠯ ᠢ ᠳᠤᠤᠱᠲᠠᠢ ᠰᠢᠢᠳᠪᠦᠷᠢᠯᠡᠨ᠂ ᠬᠥᠭᠵᠢᠯᠲᠡ ᠶᠢᠨ ᠦᠷ᠎ᠡ ᠪᠦᠳᠦᠭᠡᠯ ᠢ ᠨᠡᠩ ᠥᠷᠭᠡᠨ ᠳᠡᠯᠭᠡᠷ ᠨᠡᠩ ᠡᠷᠬᠡ ᠳᠡᠭᠰᠢ ᠪᠠᠷ ᠡᠯ᠎ᠡ ᠦᠨᠳᠥᠰᠥᠳᠡᠨ ᠤ ᠠᠷᠠᠳ ᠳᠦᠮᠡᠨ ᠳᠤ ᠡᠳ᠋ᠯᠡᠭᠦᠯᠥᠨ᠎ᠡ᠃ᠨᠢᠭᠡᠳᠥᠭᠡᠷ ᠬᠡᠰᠡᠭ    ᠶᠠᠳᠠᠭᠤ ᠠᠴᠠ ᠠᠩᠭᠢᠵᠢᠷᠠᠬᠤ ᠪᠠᠬᠢᠯᠡᠯᠲᠡ ᠶᠢᠨ ᠳᠠᠶᠢᠨ ᠳᠤ ᠢᠯᠠᠯᠲᠠ ᠣᠯᠬᠤ      ᠶᠠᠳᠠᠭᠤ ᠠᠴᠠ ᠣᠨᠣᠪᠴᠢᠲᠠᠢ ᠠᠩᠭᠢᠵᠢᠷᠠᠬᠤ ᠢᠨᠵᠧᠨᠧᠷᠢᠩ ᠢ ᠬᠡᠷᠡᠭᠵᠢᠭᠦᠯᠥᠨ᠎ᠡ᠃ ᠶᠠᠳᠠᠭᠤ ᠥᠷᠥᠬᠡ ᠶᠢᠨ ᠶᠠᠳᠠᠭᠤ ᠳᠣᠷᠣᠢ ᠪᠠᠶᠢᠬᠤ ᠰᠢᠯᠳᠠᠭᠠᠨ ᠢ ᠭᠦᠨᠵᠡᠭᠡᠢ ᠵᠠᠳᠠᠯᠤᠨ᠂ ᠲᠤᠬᠠᠢ ᠶᠢᠨ ᠭᠠᠵᠠᠷ᠂ ᠳᠤᠬᠠᠢ ᠶᠢᠨ ᠥᠷᠥᠭᠡ᠂ ᠳᠣᠬᠠᠢ ᠶᠢᠨ ᠬᠥᠮᠥᠨ ᠳᠤ ᠨᠢ ᠳᠣᠬᠢᠷᠠᠭᠰᠠᠨ ᠶᠠᠳᠠᠭᠤ ᠶᠢ ᠳᠡᠳᠬᠦᠬᠦ ᠳᠥᠯᠥᠪᠯᠡᠭᠡ ᠳᠣᠭᠳᠠᠭᠠᠨ᠂ ᠳᠡᠳᠬᠦᠬᠦ ᠪᠠᠶᠢᠭᠤᠯᠤᠯᠭ᠎ᠠ ᠨᠢᠭᠡᠴᠢ ᠪᠣᠯᠣᠨ ᠬᠠᠷᠢᠭᠤᠴᠠᠬᠤ ᠬᠥᠮᠥᠰ ᠢ ᠳᠣᠬᠢᠷᠠᠭᠤᠯᠤᠨ᠎ᠠ᠃ ᠳᠠᠷᠤᠭ᠎ᠠ ᠺᠠᠲᠠᠷ ᠦᠨᠳᠥᠰᠥᠨ ᠱᠠᠳᠣᠨ ᠳᠤ ᠪᠠᠭᠤᠨ᠂ ᠬᠥᠳᠡᠭᠡ ᠳᠣᠰᠬᠤᠨ ᠳᠤ ᠰᠠᠭᠤᠷᠢᠰᠢᠨ ᠠᠵᠢᠯᠯᠠᠬᠤ ᠶᠢ ᠴᠠᠭᠠᠰᠢᠲᠠ ᠥᠷᠭᠡᠳᠭᠡᠨ ᠭᠦᠨᠵᠡᠭᠡᠶᠢᠷᠡᠭᠦᠯᠵᠥ᠂ ᠦᠢᠯᠡᠳᠪᠦᠷᠢᠯᠡᠯ ᠢ ᠬᠥᠭᠵᠢᠭᠦᠯᠬᠦ᠂ ᠠᠮᠢ ᠠᠬᠤᠢ ᠶᠢ ᠨᠥᠭᠦᠨ ᠰᠡᠷᠭᠦᠭᠡᠭᠦ᠂ ᠰᠤᠷᠭᠠᠨ ᠬᠥᠮᠥᠵᠢᠯ ᠢ ᠬᠥᠭᠵᠢᠭᠦᠯᠬᠦ᠂ ᠨᠡᠶᠢᠭᠡᠮ ᠤᠨ ᠳᠠᠭᠠᠳᠬᠠᠯ ᠢ ᠬᠥᠭᠵᠢᠭᠦᠯᠬᠦ ᠵᠡᠷᠭᠡ ᠪᠠᠷ ᠳᠠᠮᠵᠢᠨ ᠶᠠᠳᠠᠭᠤ ᠠᠴᠠ ᠠᠩᠭᠢᠵᠢᠷᠠᠭᠤᠯᠤᠨ᠂ ᠪᠦᠬᠦ ᠬᠦᠴᠦ ᠪᠠᠷ ᠶᠠᠳᠠᠭᠤᠴᠤᠤᠯ ᠢ ᠪᠠᠶᠠᠵᠢᠭᠤᠯᠤᠨ᠎ᠠ᠃ ᠡᠯ᠎ᠡ ᠲᠥᠷᠥᠯ ᠤᠨ ᠠᠵᠤ ᠠᠬᠤᠶᠢᠯᠠᠯ ᠂ ᠨᠡᠶᠢᠭᠡᠮ ᠤᠨ ᠵᠣᠬᠢᠶᠠᠨ ᠪᠠᠶᠢᠭᠤᠯᠤᠯᠲᠠ ᠵᠢᠴᠢ ᠬᠤᠪᠢ ᠬᠦᠮᠥᠨ ᠢ ᠤᠳᠤᠷᠢᠳᠤᠨ ᠳᠠᠭᠠᠭᠤᠯᠵᠤ ᠶᠠᠩᠵᠤ ᠪᠦᠷᠢ ᠶᠢᠨ ᠶᠠᠳᠠᠭᠤ ᠶᠢ ᠳᠡᠳᠬᠦᠬᠦ ᠦᠢᠯᠡ ᠠᠵᠢᠯᠯᠠᠭ᠎ᠠ ᠶᠢ ᠥᠷᠨᠢᠭᠦᠯᠥᠨ᠂ ᠪᠦᠬᠦ ᠨᠡᠶᠢᠭᠡᠮ ᠤᠨ ᠬᠡᠪᠴᠢᠶᠡᠨ ᠳᠤ ᠬᠠᠶᠢᠷ᠎ᠠ ᠰᠡᠳᠬᠢᠯ ᠪᠢᠯᠬᠠᠮ᠎ᠠ ᠡᠶ᠎ᠡ ᠨᠠᠶᠢᠷᠲᠠᠢ ᠬᠠᠷᠢᠯᠴᠠᠨ ᠬᠠᠪᠰᠤᠷᠤᠯᠴᠠᠬᠤ ᠡᠷᠡᠭᠦᠯ ᠴᠢᠬᠢᠷᠠᠭ ᠠᠭᠤᠷ ᠠᠮᠢᠰᠬᠤᠯ ᠢ ᠪᠣᠢ ᠪᠣᠯᠭᠠᠨ᠎ᠠ᠃ ᠶᠠᠳᠠᠭᠤ ᠬᠦᠴᠢᠷᠳᠡᠯᠲᠡᠢ ᠥᠷᠥᠬᠡ ᠶᠢ ᠶᠠᠳᠠᠭᠤ ᠠᠴᠠ ᠠᠩᠭᠢᠵᠢᠷᠠᠭᠤᠯᠬᠤ ᠬᠢᠨᠠᠵᠤ ᠳᠣᠭᠳᠠᠭᠠᠬᠤ ᠳᠣᠭᠳᠠᠯᠴᠠᠭ᠎ᠠ ᠶᠢ ᠪᠠᠶᠢᠭᠤᠯᠵᠤ᠂ ᠶᠠᠳᠠᠭᠤ ᠥᠷᠥᠬᠡ ᠶᠢ ᠬᠥᠳᠡᠯᠭᠡᠭᠡᠨ ᠲᠠᠢ ᠬᠠᠮᠢᠶᠠᠷᠣᠬᠤ ᠳᠦᠷᠢᠮ ᠢ ᠬᠡᠷᠡᠭᠵᠢᠭᠦᠯᠥᠨ ᠂ ᠰᠢᠨ᠎ᠡ ᠪᠠᠷ ᠨᠡᠮᠡᠭᠳᠡᠭᠰᠡᠨ ᠶᠠᠳᠠᠭᠤ ᠥᠷᠥᠬᠡ ᠪᠣᠯᠣᠨ ᠳᠠᠬᠢᠨ ᠶᠠᠳᠠᠭᠤᠷᠠᠭᠰᠠᠨ ᠥᠷᠥᠭᠡ ᠶᠢ ᠣᠨᠣᠪᠴᠢᠲᠠᠢ ᠶᠠᠳᠠᠭᠤ  ᠶᠢ ᠳᠡᠳᠭᠦᠭᠦ ᠬᠦᠷᠢᠶ᠎ᠡ ᠬᠡᠪᠴᠢᠶᠡᠨ ᠳᠤ ᠬᠠᠮᠤᠷᠤᠨ ᠣᠷᠣᠭᠤᠯᠤᠨ᠎ᠠ᠃     ᠶᠠᠳᠠᠭᠤ ᠶᠢ ᠣᠨᠣᠪᠴᠢᠲᠠᠢ ᠳᠡᠳᠭᠦᠬᠦ ᠳᠣᠭᠳᠠᠯᠴᠠᠭ᠎ᠠ ᠶᠢ ᠳᠡᠭᠦᠯᠳᠡᠷᠵᠢᠭᠦᠯᠥᠨ᠎ᠡ᠃ ᠬᠤᠲᠠ ᠬᠥᠳᠡᠭᠡ ᠶᠢ ᠪᠦᠷᠭᠦᠭᠰᠡᠨ ᠶᠠᠳᠠᠭᠤ ᠠᠴᠠ ᠠᠩᠭᠢᠵᠢᠷᠠᠭᠤᠯᠬᠤ ᠠᠵᠢᠯ ᠤᠨ ᠳᠣᠭᠳᠠᠯᠴᠠᠭ᠎ᠠ  ᠪᠠᠶᠢᠭᠤᠯᠬᠤ ᠶᠢ ᠬᠠᠶᠢᠨ ᠰᠦᠪᠡᠭᠴᠢᠯᠡᠵᠥ᠂ ᠶᠠᠳᠠᠭᠤ ᠶᠢ ᠳᠡᠳᠭᠦᠬᠦ ᠴᠠᠷ᠎ᠠ ᠬᠦᠷᠢᠶ᠎ᠡ ᠶᠢ ᠳᠣᠭᠳᠠᠭᠠᠨ᠂ ᠶᠠᠳᠠᠭᠤ ᠶᠢ ᠳᠡᠳᠭᠦᠭᠦ ᠪᠠᠷᠢᠮᠵᠢᠶ᠎ᠠ ᠶᠢ ᠳᠣᠳᠣᠷᠬᠠᠶᠢᠯᠠᠨ᠂ ᠶᠠᠳᠠᠭᠤ ᠶᠢ ᠣᠨᠣᠪᠴᠢᠲᠠᠢ ᠳᠡᠳᠭᠦᠭᠦ᠂ ᠤᠨᠤᠪᠴᠢᠳᠠᠢ ᠶᠠᠳᠠᠭᠤ ᠠᠴᠠ ᠠᠩᠭᠢᠵᠢᠷᠠᠬᠤ ᠶᠢ ᠪᠡᠶᠡᠯᠡᠭᠦᠯᠥᠨ᠎ᠡ᠃ ᠵᠠᠰᠠᠭ ᠤᠨ ᠤᠷᠳᠤᠨ ᠤ ᠪᠡᠯᠡ ᠣᠷᠣᠭᠤᠯᠣᠯᠳᠠ ᠪᠠᠷ ᠭᠤᠣᠯ ᠪᠣᠯᠭᠠᠨ᠂ ᠤᠯᠤᠰ᠂ ᠥᠪᠡᠷᠳᠡᠭᠡᠨ ᠵᠠᠰᠠᠬᠤ ᠤᠷᠤᠨ ᠤ ᠨᠥᠭᠦᠪᠦᠷᠢ ᠮᠥᠩᠭᠦ ᠶᠢ ᠢᠳᠡᠪᠬᠢᠲᠡᠢ ᠬᠥᠭᠡᠭᠡᠴᠡᠯᠳᠥᠨ᠂ ᠬᠤᠲᠠ ᠶᠢᠨ ᠲᠤᠰ ᠱᠠᠲᠤᠨ ᠤ ᠶᠠᠳᠠᠭᠤ  ᠶᠢ ᠳᠡᠳᠭᠦᠬᠦ ᠪᠡᠯᠡ ᠮᠥᠩᠭᠦᠨ ᠤ ᠬᠡᠮᠵᠢᠶ᠎ᠡ ᠶᠢ ᠵᠢᠯ ᠳᠠᠷᠠᠭᠠᠯᠠᠨ ᠨᠡᠮᠡᠭᠳᠡᠭᠦᠯᠥᠨ᠎ᠡ᠃ ᠶᠠᠳᠠᠭᠤ ᠶᠢ ᠳᠡᠳᠬᠦᠬᠦ ᠵᠢᠭᠡᠯᠡᠯᠭᠡ  ᠶᠢᠨ ᠠᠶᠤᠯ ᠳᠥᠭᠰᠢᠭᠦᠷᠢ ᠶᠢ ᠪᠠᠳᠤᠯᠠᠨ ᠳᠠᠭᠠᠭᠠᠬᠤ ᠳᠣᠭᠳᠠᠯᠴᠠᠭ᠎ᠠ ᠶᠢ ᠳᠡᠭᠦᠯᠳᠡᠷᠵᠢᠭᠦᠯᠥᠨ᠂ ᠮᠥᠩᠭᠦᠨ ᠬᠦᠢᠯᠭᠡᠭᠡᠨ  ᠤ ᠪᠠᠶᠢᠭᠤᠯᠤᠮᠵᠢ ᠠᠴᠠ ᠳᠠᠩᠰᠠ ᠪᠠᠶᠢᠭᠤᠯᠤᠨ ᠺᠠᠷᠲ ᠣᠯᠭᠤᠭᠰᠠᠨ ᠶᠠᠳᠠᠭᠤ ᠥᠷᠥᠬᠡ᠂ ᠬᠥᠳᠡᠯᠮᠥᠷᠢ ᠨᠢᠭᠳᠠᠷᠠᠭᠰᠠᠨ ᠬᠡᠯᠪᠡᠷᠢ ᠶᠢᠨ ᠦᠢᠯᠡᠴᠢᠯᠡᠯᠭᠡᠨ ᠤ ᠠᠵᠤ ᠠᠬᠤᠶᠢᠯᠠᠯ᠂ ᠶᠠᠳᠠᠭᠤ ᠶᠢ ᠳᠡᠳᠭᠦᠭᠦ ᠠᠵᠢᠯ ᠤᠨ ᠬᠥᠳᠡᠯᠭᠡᠭᠴᠢ ᠬᠦᠴᠦᠨ ᠪᠦᠬᠦᠢ ᠳᠠᠷᠢᠵᠤ ᠦᠷᠡᠵᠢᠭᠦᠯᠬᠦ ᠪᠠᠶᠠᠨ ᠥᠷᠥᠬᠡ᠂ ᠳᠤᠰᠬᠠᠢ ᠮᠡᠷᠭᠡᠵᠢᠯ ᠤᠨ ᠬᠠᠮᠳᠣᠷᠠᠭᠰᠠᠨ ᠬᠤᠷᠰᠢᠶ᠎ᠠ᠂ ᠶᠠᠳᠠᠭᠤ ᠶᠢ ᠳᠡᠳᠬᠦᠬᠦ ᠳᠣᠯᠣᠭᠠᠶᠢᠯᠠᠭᠴᠢ ᠠᠵᠤ ᠠᠬᠤᠶᠢᠯᠠᠯ ᠳᠤ ᠣᠯᠭᠤᠬᠤ ᠵᠢᠭᠡᠯᠡᠯᠭᠡ ᠶᠢᠨ ᠳᠡᠳᠭᠦᠮᠵᠢ ᠶᠢᠨ ᠬᠡᠮᠵᠢᠶ᠎ᠡ ᠪᠠᠨ ᠨᠡᠮᠡᠭᠳᠡᠭᠦᠯᠬᠦ ᠶᠢ ᠵᠣᠷᠢᠭᠵᠢᠭᠤᠯᠤᠨ᠎ᠠ᠃ ᠶᠠᠳᠠᠭᠤ ᠶᠢ ᠳᠡᠳᠭᠦᠬᠦ ᠠᠵᠢᠯ ᠢ ᠳᠤᠤᠱᠯᠠᠭᠤᠯᠬᠤ ᠳᠥᠯᠥᠪᠯᠡᠭᠡ ᠪᠣᠯᠣᠨ ᠡᠯ᠎ᠡ ᠲᠥᠷᠥᠯ ᠤᠨ ᠳᠠᠷᠢᠶᠠᠯᠠᠩ ᠢ ᠬᠦᠴᠦᠷᠬᠡᠭᠵᠢᠭᠦᠯᠬᠦ ᠲᠠᠷᠢᠶᠠᠯᠠᠩ ᠳᠤ ᠡᠭᠡᠯᠢᠲᠡᠢ ᠳᠠᠷᠢᠶᠠᠴᠢᠳ ᠢ ᠪᠠᠶᠠᠵᠢᠭᠤᠯᠬᠤ ᠪᠣᠳᠣᠯᠭ᠎ᠠ ᠶᠢ ᠬᠢᠨᠠᠮᠠᠭᠠᠢ ᠬᠡᠷᠡᠭᠵᠢᠭᠦᠯᠵᠥ᠂ ᠡᠯ᠎ᠡ ᠲᠥᠷᠥᠯ ᠤᠨ ᠶᠠᠳᠠᠭᠤ   ᠶᠢ ᠳᠡᠳᠬᠦᠬᠦ ᠡᠬᠢ ᠰᠣᠷᠪᠣᠯᠵᠢ ᠢ ᠨᠢᠭᠡᠳᠥᠯᠳᠡᠢ ᠵᠣᠬᠢᠴᠠᠭᠤᠯᠵᠤ ᠠᠰᠢᠭᠯᠠᠨ᠂ ᠳᠡᠳᠭᠦᠯᠳᠡ ᠶᠢᠨ ᠲᠥᠷᠥᠯ ᠵᠦᠢᠯ ᠤᠨ ᠬᠡᠷᠡᠭᠵᠢᠯᠳᠡ ᠶᠢ ᠬᠢᠨᠠᠵᠤ ᠬᠠᠮᠢᠶᠠᠷᠤᠨ᠎ᠠ᠃ ︽ᠣᠨᠣᠪᠴᠢᠲᠠᠢ ᠶᠠᠳᠠᠭᠤ ᠶᠢ ᠳᠡᠳᠭᠦᠬᠦ ᠠᠵᠢᠯ ᠤᠨ ᠬᠢᠨᠠᠨ ᠰᠢᠯᠭᠠᠬᠤ ᠠᠷᠭ᠎ᠠ ᠬᠡᠮᠵᠢᠶ᠎ᠡ︾ ᠶᠢ ᠳᠣᠭᠳᠠᠭᠠᠨ ᠬᠡᠷᠡᠭᠵᠢᠭᠦᠯᠵᠥ᠂ ᠰᠤᠮᠤᠨ ᠤ ᠨᠠᠮ ᠵᠠᠰᠠᠭ ᠤᠨ ᠤᠳᠤᠷᠢᠳᠤᠯᠭ᠎ᠠ᠂ ᠡᠯ᠎ᠡ ᠳᠣᠭᠤᠷᠢᠭ ᠵᠢᠴᠢ ᠬᠥᠳᠡᠭᠡ ᠪᠠᠭᠤᠵᠤ ᠳᠤᠰᠬᠤᠨ ᠳᠤ ᠰᠠᠭᠤᠷᠢᠰᠢᠨ ᠠᠵᠢᠯᠯᠠᠵᠤ ᠪᠠᠶᠢᠭ᠎ᠠ ᠺᠠᠳᠠᠷᠴᠣᠳ ᠤᠨ ᠶᠠᠳᠠᠭᠤ ᠶᠢ ᠳᠡᠳᠬᠦᠬᠦ ᠠᠵᠢᠯ ᠤᠨ ᠬᠠᠷᠢᠭᠤᠴᠠᠯᠭ᠎ᠠ ᠪᠠᠨ ᠭᠦᠢᠴᠡᠳᠭᠡᠵᠥ ᠪᠠᠶᠢᠭ᠎ᠠ ᠪᠠᠶᠢᠳᠠᠯ ᠵᠢᠴᠢ ᠶᠠᠳᠠᠭᠤ ᠶᠢ ᠳᠡᠳᠭᠦᠬᠦ ᠠᠵᠢᠯ ᠤᠨ ᠦᠷ᠎ᠡ ᠪᠦᠳᠥᠭᠡᠯ  ᠢ ᠭᠤᠣᠯᠴᠢᠯᠠᠨ ᠬᠢᠨᠠᠨ ᠰᠢᠯᠭᠠᠵᠥ᠂ ᠰᠢᠯᠭᠠᠯᠳᠠ ᠶᠢᠨ ᠦᠷ᠎ᠡ ᠳ᠋ᠦᠩ ᠢᠶᠠᠷ ᠪᠠᠷᠢᠮᠵᠢᠶ᠎ᠠ ᠪᠤᠯᠭᠠᠭᠰᠠᠨ ᠱᠠᠩᠨᠠᠨ ᠬᠥᠬᠢᠭᠦᠯᠬᠦ ᠪᠣᠯᠣᠨ ᠬᠠᠷᠢᠭᠤᠴᠠᠯᠭ᠎ᠠ ᠨᠡᠬᠡᠮᠵᠢᠯᠡᠬᠦ ᠳᠦᠷᠢᠮ ᠤᠨ ᠳᠣᠭᠳᠠᠯᠴᠠᠭ᠎ᠠ ᠶᠢ ᠪᠠᠶᠢᠭᠤᠯᠤᠨ᠎ᠠ᠃2016 ᠣᠨ  ᠳᠤ ᠬᠤᠳᠠ ᠬᠥᠳᠡᠭᠡ ᠶᠢᠨ ᠶᠠᠳᠠᠭᠤ ᠬᠥᠮᠥᠨ ᠠᠮᠠ ᠪᠦᠬᠦᠨ ᠶᠠᠳᠠᠭᠤ ᠠᠴᠠ ᠳᠣᠭᠳᠠᠪᠦᠷᠢᠳᠠᠢ ᠠᠩᠭᠢᠵᠢᠷᠠᠨ᠎ᠠ᠃ᠬᠤᠶᠠᠳᠤᠭᠠᠷ ᠬᠡᠰᠡᠭ    ᠰᠤᠷᠭᠠᠨ ᠬᠦᠮᠥᠵᠢᠯ ᠤᠨ ᠠᠵᠢᠯ ᠦᠢᠯᠡᠰ ᠢ ᠶᠡᠭᠡ ᠪᠠᠷ ᠬᠥᠭᠵᠢᠭᠦᠯᠥᠨ᠎ᠡ       ᠰᠤᠷᠭᠠᠨ ᠬᠥᠮᠥᠵᠢᠯ ᠤᠨ ᠪᠦᠬᠦᠯᠢ ᠴᠣᠭᠴᠠ ᠶᠢᠨ ᠲᠥᠪᠰᠢᠨ ᠢ ᠳᠡᠭᠡᠭᠰᠢᠯᠡᠭᠦᠯᠥᠨ᠎ᠡ᠃ ᠳᠤᠮᠳᠠ ᠪᠠᠭ᠎ᠠ ᠰᠤᠷᠭᠠᠭᠤᠯᠢ ᠶᠢᠨ ᠪᠠᠷᠢᠮᠵᠢᠶᠠᠵᠢᠭᠤᠯᠤᠭᠰᠠᠨ᠂ ᠮᠡᠳᠡᠭᠡ ᠵᠠᠩᠭᠢᠴᠢᠯᠠᠭᠰᠠᠨ᠂ ᠳᠡᠩᠴᠡᠪᠦᠷᠢᠵᠢᠭᠦᠯᠥᠭᠰᠡᠨ ᠪᠦᠳᠥᠭᠡᠨ ᠪᠠᠶᠢᠭᠤᠯᠤᠯᠲᠠ ᠶᠢ ᠴᠢᠩᠭᠠᠳᠬᠠᠵᠤ᠂ ᠰᠤᠷᠭᠠᠭᠤᠯᠢ ᠶᠢᠨ ᠰᠠᠭᠤᠷᠢ ᠪᠦᠳᠥᠭᠡᠨ ᠪᠠᠶᠢᠭᠤᠯᠤᠯᠲᠠ ᠶᠢ ᠤᠯᠠᠮ ᠨᠢᠭᠡ ᠠᠯᠬᠤᠮ ᠳᠡᠭᠦᠯᠳᠡᠷᠵᠢᠭᠦᠯᠥᠨ᠎ᠡ᠃ ᠪᠠᠭᠰᠢ ᠨᠥᠭᠦᠵᠥ ᠡᠯᠰᠡᠬᠦ ᠪᠠᠶᠢᠩᠭᠤ ᠶᠢᠨ ᠳᠣᠭᠳᠠᠯᠴᠠᠭ᠎ᠠ ᠶᠢ ᠪᠠᠶᠢᠭᠤᠯᠵᠤ᠂ ᠰᠢᠯᠢᠳᠡᠭ ᠪᠠᠭᠰᠢ ᠠᠵᠢᠯᠳᠠᠳ ᠢ ᠢᠳᠡᠪᠬᠢᠲᠡᠢ ᠳᠠᠳᠠᠨ ᠣᠷᠣᠭᠤᠯᠣᠨ᠎ᠠ᠃ ᠪᠣᠭᠤᠮᠳᠠ ᠶᠢᠨ ᠬᠤᠳᠠ ᠶᠢᠨ ᠨᠡᠷᠡᠳᠥ ᠪᠠᠭᠰᠢ ᠶᠢᠨ ᠰᠢᠯᠭᠠᠷᠠᠭᠤᠯᠤᠯᠳᠠ ᠶᠢᠨ ᠢᠨᠵᠧᠨᠧᠷᠢᠩ ᠤᠨ ᠪᠠᠶᠢᠭᠤᠯᠤᠯᠳᠠ ᠶᠢ ᠳᠥᠯᠬᠢᠨ ᠤᠷᠤᠭᠰᠢᠯᠠᠭᠤᠯᠵᠤ᠂ ᠰᠢᠯᠭᠠᠷᠠᠭᠤᠯᠵᠤ ᠬᠥᠬᠢᠭᠦᠯᠬᠦ ᠠᠷᠭ᠎ᠠ ᠬᠡᠮᠵᠢᠶ᠎ᠡ ᠶᠢ ᠳᠡᠭᠦᠯᠳᠡᠷᠵᠢᠭᠦᠯᠥᠨ᠎ᠡ᠃ ᠰᠤᠷᠭᠠᠭᠤᠯᠢ ᠶᠢᠨ ᠵᠠᠬᠢᠷᠣᠯ ᠪᠠᠭᠰᠢ ᠠᠵᠢᠯᠳᠠᠨ ᠤ ᠠᠵᠢᠯ ᠤᠨ ᠪᠠᠶᠢᠷᠢ ᠡᠭᠡᠯᠵᠢᠯᠡᠵᠥ ᠰᠤᠯᠢᠬᠤ ᠳᠦᠷᠢᠮ ᠢ ᠬᠡᠷᠡᠭᠵᠢᠭᠦᠯᠵᠥ᠂ ᠰᠤᠷᠭᠠᠨ ᠬᠥᠮᠥᠵᠢᠯ᠂ ᠰᠤᠷᠭᠠᠯᠳᠠ ᠬᠠᠮᠢᠶᠠᠷᠤᠯᠲᠠ ᠶᠢᠨ ᠳᠥᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠥᠨ᠎ᠡ᠃ ︽ᠰᠤᠷᠬᠤ ᠨᠠᠰᠤᠨ ᠠᠴᠠ ᠡᠮᠥᠨᠡᠬᠢ ᠭᠤᠷᠪᠠᠨ ᠵᠢᠯ ᠤᠨ ᠰᠤᠷᠭᠠᠨ ᠬᠦᠮᠥᠵᠢᠯ ᠤᠨ ᠳᠥᠯᠥᠪᠯᠡᠭᠡ︾ ᠶᠢᠨ ᠬᠤᠶᠠᠳᠣᠭᠠᠷ ᠬᠤᠭᠤᠴᠠᠭᠠᠨ ᠤ ᠢᠨᠵᠧᠨᠧᠷᠢᠩ ᠢ ᠪᠦᠬᠦ ᠬᠦᠴᠦᠨ ᠢᠶᠠᠷ ᠳᠥᠯᠬᠢᠨ ᠠᠬᠢᠭᠤᠯᠵᠤ᠂ ᠳᠤᠮᠳᠠ ᠪᠠᠭ᠎ᠠ ᠰᠤᠷᠭᠠᠭᠤᠯᠢ ᠶᠢᠨ ᠬᠢᠴᠢᠶᠡᠯ ᠰᠤᠷᠭᠠᠯᠲᠠ ᠶᠢ ᠴᠢᠩᠭ᠎ᠠ ᠠᠳᠬᠤᠵᠤ᠂ ᠦᠨᠳᠥᠰᠥᠲᠡᠨ ᠤ ᠰᠤᠷᠭᠠᠨ ᠬᠥᠮᠥᠵᠢᠯ᠂ ᠠᠵᠢᠯ ᠮᠡᠷᠭᠡᠵᠢᠯ ᠤᠨ ᠰᠤᠷᠭᠠᠨ ᠬᠥᠮᠥᠵᠢᠯ᠂ ᠥᠨᠳᠥᠷ ᠳᠡᠰ ᠤᠨ ᠰᠤᠷᠭᠠᠨ ᠬᠥᠮᠥᠵᠢᠯ ᠵᠡᠷᠭᠡ ᠶᠢᠨ ᠬᠥᠭᠵᠢᠯᠲᠡ ᠶᠢ ᠳᠦᠷᠭᠡᠳᠭᠡᠨ᠂ ᠡᠷᠢᠶᠡᠨ ᠬᠤᠳᠠ  ᠶᠢᠨ ᠤᠯᠠᠨ ᠤᠯᠤᠰ ᠤᠨ ᠬᠡᠷᠡᠭᠯᠡᠭᠡᠨ ᠤ ᠠᠵᠢᠯ ᠮᠡᠷᠭᠡᠵᠢᠯ ᠤᠨ ᠳᠡᠭᠡᠳᠣ ᠰᠤᠷᠭᠠᠭᠤᠯᠢ ᠶᠢᠨ ᠪᠦᠳᠥᠭᠡᠨ ᠪᠠᠶᠢᠭᠤᠯᠤᠯᠳᠠ ᠶᠢ ᠢᠳᠡᠪᠬᠢᠳᠡᠢ ᠠᠬᠢᠭᠤᠯᠤᠨ᠂ ᠰᠤᠷᠭᠠᠨ ᠬᠥᠮᠥᠵᠢᠯ ᠤᠨ ᠰᠢᠰᠲ᠋ᠧᠮ ᠢ ᠠᠯᠬᠤᠮ ᠳᠠᠷᠠᠭ᠎ᠠ ᠲᠠᠢ ᠳᠡᠭᠦᠯᠳᠡᠷᠵᠢᠭᠦᠯᠥᠨ᠎ᠡ᠃ ᠥᠪᠡᠷᠳᠡᠭᠡᠨ ᠵᠠᠰᠠᠬᠤ ᠣᠷᠣᠨ ᠤ ᠳᠣᠳᠣᠷ ᠭᠠᠳᠠᠨᠠᠬᠢ ᠨᠡᠷᠡᠳᠥ ᠳᠡᠭᠡᠳᠥ ᠰᠤᠷᠭᠠᠭᠤᠯᠢ ᠤᠳ  ᠲᠠᠢ ᠰᠣᠯᠢᠯᠴᠠᠭ᠎ᠠ ᠬᠠᠮᠳᠣ ᠶᠢᠨ ᠠᠵᠢᠯᠯᠠᠭ᠎ᠠ ᠪᠠᠨ ᠴᠢᠩᠭᠠᠳᠬᠠᠵᠤ᠂ ᠡᠬᠢ ᠪᠠᠶᠠᠯᠢᠭ ᠤᠨ ᠬᠤᠪᠢᠶᠠᠯᠴᠠᠯᠳᠠ ᠶᠢ ᠠᠬᠢᠭᠤᠯᠵᠤ᠂ ᠰᠤᠷᠭᠠᠨ ᠬᠥᠮᠥᠵᠢᠯ ᠤᠨ ᠳᠥᠪᠰᠢᠨ ᠢ ᠳᠡᠭᠡᠭᠰᠢᠯᠡᠭᠦᠯᠥᠨ᠎ᠡ᠃ 2020 ᠣᠨ ᠪᠣᠯᠬᠤ ᠳᠤ᠂ ᠰᠤᠷᠬᠤ ᠨᠠᠰᠣᠨ ᠠᠴᠠ ᠡᠮᠥᠨᠡᠬᠢ ᠭᠤᠷᠪᠠᠨ ᠵᠢᠯ ᠤᠨ ᠰᠤᠷᠭᠠᠭᠤᠯᠢ ᠳᠤ ᠡᠯᠰᠡᠭᠳᠡᠭᠰᠡᠨ ᠴᠡᠪᠡᠷ ᠨᠣᠷᠮ᠎ᠠ 92% ᠲᠤ ᠬᠦᠷᠴᠥ᠂ ᠥᠨᠳᠥᠷ ᠳᠣᠮᠳᠠ ᠶᠢᠨ ᠱᠠᠳᠤᠨ ᠳᠠᠬᠢ ᠰᠤᠷᠭᠠᠭᠤᠯᠢ ᠳᠤ ᠡᠯᠰᠡᠭᠳᠡᠭᠰᠡᠨ ᠴᠡᠪᠡᠷ ᠨᠣᠷᠮ᠎ᠠ 91% ᠳᠤ ᠬᠦᠷᠥᠨ᠎ᠡ᠃      ᠣᠯᠠᠨ ᠤᠯᠤᠰ ᠤᠨ ᠰᠤᠷᠭᠠᠨ ᠬᠦᠮᠥᠵᠢᠯ ᠤᠨ ᠰᠣᠯᠢᠯᠴᠠᠭ᠎ᠠ ᠬᠠᠮᠲᠤ ᠶᠢᠨ ᠠᠵᠢᠯᠯᠠᠭ᠎ᠠ ᠶᠢ ᠴᠢᠩᠭᠠᠳᠬᠠᠨ᠎ᠠ᠃ ᠣᠯᠠᠨ ᠤᠯᠤᠰᠴᠢᠯᠠᠭᠰᠠᠨ ᠰᠤᠷᠭᠠᠭᠤᠯᠢ ᠡᠷᠬᠢᠯᠡᠬᠦ ᠥᠪᠡᠷᠮᠢᠴᠡ ᠣᠨᠴᠠᠯᠢᠭ ᠢ ᠳᠣᠪᠣᠶᠢᠯᠭᠠᠵᠤ᠂ ᠥᠪᠥᠷ ᠮᠣᠩᠭᠤᠯ ᠤᠨ ᠥᠪᠡᠷᠳᠡᠭᠡᠨ ᠵᠠᠰᠠᠬᠤ ᠤᠷᠤᠨ ᠤ ᠪᠠᠭᠰᠢ ᠶᠢᠨ ᠶᠡᠭᠡ ᠰᠣᠷᠭᠠᠭᠤᠯᠢ ᠶᠢᠨ ᠡᠷᠢᠶᠡᠨ ᠬᠤᠳᠠ ᠣᠯᠠᠨ ᠤᠯᠤᠰ ᠤᠨ ᠳᠡᠭᠡᠳᠤ ᠰᠤᠷᠭᠠᠭᠤᠯᠢ ︵ᠡᠷᠢᠶᠡᠨ ᠬᠤᠲᠠ ᠶᠢᠨ ᠣᠯᠠᠨ ᠤᠯᠤᠰ ᠤᠨ ᠬᠡᠷᠡᠭᠯᠡᠭᠡᠨ ᠤ ᠠᠵᠢᠯ ᠮᠡᠷᠭᠡᠵᠢᠯ ᠤᠨ ᠳᠡᠭᠡᠳᠥ ᠰᠤᠷᠭᠠᠭᠤᠯᠢ︶ ᠳᠤ ᠳᠥᠰᠢᠭᠯᠡᠨ᠂ ᠮᠣᠩᠭᠤᠯ ᠣᠷᠣᠰ ᠲᠠᠢ ᠬᠠᠮᠳᠣᠷᠠᠨ ᠰᠤᠷᠭᠠᠭᠤᠯᠢ ᠪᠠᠶᠢᠭᠤᠯᠵᠤ᠂ ᠭᠠᠳᠠᠭᠠᠳᠤ ᠲᠠᠢ ᠰᠣᠶᠣᠯ ᠰᠤᠷᠭᠠᠨ ᠬᠦᠮᠥᠵᠢᠯ ᠤᠨ ᠰᠣᠯᠢᠯᠴᠠᠭ᠎ᠠ ᠦᠷᠨᠢᠭᠦᠯᠬᠦ ᠶᠢ ᠠᠯᠬᠤᠮ ᠠᠯᠬᠤᠮ ᠢᠶᠠᠷ ᠦᠷᠭᠡᠳᠭᠡᠵᠥ᠂ ᠮᠣᠩᠭᠤᠯ ᠤᠯᠤᠰ ᠤᠨ ᠭᠠᠳᠠᠭᠠᠳᠤ ᠤᠶᠤᠳᠠᠨ ᠢ ᠡᠯᠰᠡᠨ ᠠᠪᠬᠤ ᠬᠡᠪᠴᠢᠶ᠎ᠡ ᠪᠠᠨ ᠥᠷᠭᠡᠳᠭᠡᠨ᠂ ᠤᠯᠤᠰ ᠤᠨ ᠳᠣᠳᠣᠭᠠᠳᠤ  ᠶᠢᠨ ᠡᠯ᠎ᠡ ᠳᠥᠷᠥᠯ ᠤᠨ ᠰᠠᠭᠤᠷᠢ ᠮᠥᠩᠭᠦᠨ ᠤ ᠨᠡᠶᠢᠭᠡᠮᠯᠢᠭ ᠠᠴᠠ ᠡᠷᠢᠶᠡᠨ ᠬᠤᠳᠠ ᠳᠤ ᠰᠣᠷᠭᠠᠯᠳᠠ ᠶᠢᠨ ᠳᠡᠳᠭᠦᠯᠬᠡ ᠬᠠᠩᠭᠠᠬᠤ ᠶᠢ ᠢᠳᠡᠪᠬᠢᠲᠡᠢ ᠬᠥᠭᠡᠭᠡᠴᠡᠯᠳᠥᠨ᠂ ᠮᠣᠩᠭᠤᠯ ᠤᠯᠤᠰ ᠤᠨ ᠭᠠᠳᠠᠭᠠᠳᠤ ᠤᠶᠤᠳᠠᠳ ᠲᠤ ᠰᠤᠷᠣᠯᠭ᠎ᠠ ᠶᠢᠨ ᠳᠡᠳᠭᠦᠯᠭᠡ ᠣᠯᠭᠤᠬᠤ ᠳᠦᠷᠢᠮ ᠢ ᠤᠯᠠᠮ ᠨᠢᠭᠡ ᠠᠯᠬᠤᠮ ᠳᠡᠭᠦᠯᠳᠡᠷᠵᠢᠭᠦᠯᠥᠨ᠎ᠡ᠃ ᠬᠢᠯᠢ ᠠᠯᠤᠰᠯᠠᠭᠰᠠᠨ ᠠᠵᠤ ᠠᠬᠤᠢ ᠶᠢᠨ ᠬᠠᠮᠲᠤ ᠶᠢᠨ ᠠᠵᠢᠯᠯᠠᠭᠠᠨ ᠤ ᠳᠣᠭᠤᠷᠢᠭ ᠲᠤ ᠳᠤᠮᠳᠠᠳᠤ ᠮᠤᠩᠭᠤᠯ ᠤᠨ ᠬᠠᠮᠳᠤᠷᠠᠭᠰᠠᠨ ᠶᠡᠷᠥᠩᠭᠡᠶᠢᠯᠡᠭᠰᠡᠨ ᠰᠤᠷᠭᠠᠭᠤᠯᠢ ᠪᠠᠶᠢᠭᠤᠯᠵᠤ᠂ ᠳᠤᠮᠳᠠᠳᠤ ᠮᠤᠩᠭᠤᠯ ᠬᠤᠶᠠᠷ ᠲᠠᠯ᠎ᠠ ᠶᠢᠨ ᠳᠤᠮᠳᠠ ᠪᠠᠭ᠎ᠠ ᠰᠤᠷᠭᠠᠭᠤᠯᠢ ᠶᠢᠨ ᠰᠤᠷᠤᠯᠭ᠎ᠠ ᠶᠢᠨ ᠦᠨᠡᠮᠯᠡᠬᠦ ᠶᠢ ᠬᠠᠷᠢᠯᠴᠠᠨ ᠮᠡᠳᠡᠷᠡᠬᠦ ᠠᠵᠢᠯ ᠢ ᠢᠳᠡᠪᠬᠢᠳᠡᠢ ᠥᠷᠨᠢᠭᠦᠯᠥᠨ᠂ ᠵᠦᠢ ᠵᠣᠬᠢᠰᠲᠠᠢ ᠦᠷ᠎ᠡ ᠪᠦᠳᠥᠮᠵᠢ ᠶᠡᠬᠡᠲᠡᠢ ᠰᠣᠷᠭᠠᠭᠤᠯᠢ ᠶᠢᠨ ᠬᠠᠷᠢᠶᠠᠯᠠᠯ ᠤᠨ ᠬᠠᠮᠢᠶᠠᠷᠤᠯᠳᠠ ᠵᠢᠴᠢ ᠪᠠᠳᠤᠯᠭᠠᠵᠢᠭᠤᠯᠬᠤ ᠰᠢᠰᠲ᠋ᠧᠮ ᠢ ᠪᠦᠳᠥᠭᠡᠨ ᠪᠠᠶᠢᠭᠤᠯᠤᠨ᠎ᠠ᠃ᠭᠤᠷᠪᠠᠳᠤᠭᠠᠷ ᠬᠡᠰᠡᠭ   ᠠᠵᠢᠯ ᠣᠯᠭᠤᠯᠲᠠ ᠶᠢᠨ ᠦᠢᠯᠡᠴᠢᠯᠡᠭᠡ ᠶᠢ ᠰᠠᠶᠢᠳᠤᠷ ᠠᠳᠬᠤᠨ᠎ᠠ        ᠭᠤᠣᠯᠯᠠᠬᠤ ᠡᠳᠡᠭᠡᠳ ᠤᠳ ᠤᠨ ᠠᠵᠢᠯ ᠣᠯᠭᠤᠯᠳᠠ ᠶᠢ ᠳᠥᠯᠬᠢᠨ ᠠᠬᠢᠭᠤᠯᠤᠨ᠎ᠠ᠃ ᠬᠦᠳᠡᠯᠮᠦᠷᠢᠴᠢᠳ ᠤᠨ ᠠᠵᠢᠯ ᠰᠣᠩᠭᠤᠬᠤ ᠦᠵᠡᠯ ᠢᠶᠠᠨ ᠬᠤᠪᠢᠷᠠᠭᠤᠯᠬᠤ ᠶᠢ ᠵᠢᠯᠤᠭᠤᠳᠤᠨ ᠳᠠᠭᠠᠭᠤᠯᠵᠤ᠂ ᠤᠯᠠᠨ ᠠᠷᠭ᠎ᠠ ᠵᠠᠮ ᠢᠶᠠᠷ ᠠᠵᠢᠯ ᠤᠨ ᠪᠠᠶᠢᠷᠢ ᠶᠢ ᠨᠡᠭᠡᠭᠡᠨ ᠡᠷᠭᠢᠯᠡᠵᠥ᠂ ᠬᠥᠳᠡᠭᠡ ᠳᠣᠰᠬᠤᠨ ᠠᠴᠠ ᠭᠠᠷᠣᠯᠲᠠ ᠲᠠᠢ ᠬᠥᠳᠡᠯᠮᠦᠷᠢ ᠬᠦᠴᠦᠨ᠂ ᠶᠡᠭᠡ ᠳᠡᠭᠡᠳᠣ ᠰᠤᠷᠭᠠᠭᠤᠯᠢ ᠳᠡᠭᠦᠰᠥᠭᠰᠡᠨ ᠤᠶᠤᠳᠠᠳ᠂ ᠬᠤᠳᠠ ᠶᠢᠨ ᠬᠦᠴᠢᠷᠳᠡᠯᠳᠡᠢ ᠬᠦᠮᠥᠨ ᠠᠮᠠ᠂ ᠬᠠᠯᠠᠭᠳᠠᠭᠰᠠᠨ ᠴᠡᠷᠢᠭ᠂ ᠵᠡᠮᠳᠡᠭ ᠪᠠᠭᠤᠷᠠᠶᠢᠴᠤᠤᠯ ᠵᠡᠷᠭᠡ ᠭᠤᠣᠯᠯᠠᠬᠤ ᠡᠳᠡᠭᠡᠳ ᠤᠨ ᠮᠡᠷᠭᠡᠵᠢᠯ ᠤᠨ ᠰᠣᠷᠭᠠᠯᠲᠠ ᠶᠢ ᠴᠢᠩᠭᠠᠳᠬᠠᠵᠤ᠂ ᠤᠯᠤᠰ ᠪᠣᠯᠣᠨ ᠥᠪᠡᠷᠳᠡᠭᠡᠨ ᠵᠠᠰᠠᠬᠤ ᠣᠷᠣᠨ ᠠᠴᠠ ᠬᠡᠷᠡᠭᠵᠢᠭᠦᠯᠵᠥ ᠪᠤᠢ ᠭᠤᠣᠯᠠᠬᠤ ᠡᠳᠡᠭᠡᠳ  ᠤᠨ ᠠᠵᠢᠯ ᠣᠯᠭᠤᠯᠳᠠ ᠶᠢ ᠠᠬᠢᠭᠤᠯᠬᠤ ᠡᠯ᠎ᠡ ᠲᠥᠷᠥᠯ ᠤᠨ ᠪᠣᠳᠣᠯᠭ᠎ᠠ ᠠᠷᠭ᠎ᠠ ᠬᠡᠮᠵᠢᠶ᠎ᠡ ᠶᠢ ᠬᠢᠨᠠᠮᠠᠭᠠᠢ ᠳᠣᠣᠱᠯᠠᠭᠤᠯᠤᠨ᠂ ᠪᠦᠳᠥᠴᠡ ᠶᠢᠨ ᠴᠢᠨᠠᠷᠲᠠᠢ ᠠᠵᠢᠯ ᠣᠯᠭᠤᠯᠳᠠ ᠶᠢᠨ ᠵᠦᠷᠢᠴᠡᠯ ᠤᠨ ᠳᠣᠪᠣᠶᠢᠮ᠎ᠠ ᠠᠰᠠᠭᠤᠳᠠᠯ ᠢ ᠰᠠᠶᠢᠳᠤᠷ ᠰᠢᠢᠳᠪᠦᠷᠢᠯᠡᠨ᠎ᠡ᠃ ᠬᠠᠯᠠᠮᠵᠢ ᠶᠢᠨ ᠴᠢᠨᠠᠷᠲᠠᠢ ᠠᠵᠢᠯ ᠤᠨ ᠪᠠᠶᠢᠷᠢ ᠶᠢᠨ ᠪᠠᠶᠢᠭᠤᠯᠤᠯᠲᠠ ᠶᠢ ᠠᠬᠢᠭᠤᠯᠵᠤ᠂ ᠭᠤᠣᠯᠯᠠᠬᠤ ᠡᠳᠡᠭᠡᠳ ᠢ ᠢᠳᠡᠪᠬᠢᠲᠡᠢ ᠡᠯᠰᠡᠨ ᠬᠡᠷᠡᠭᠯᠡᠨ᠎ᠡ᠃ ︽ᠠᠵᠢᠯ ᠣᠯᠬᠤ ᠳᠤ ᠬᠦᠴᠢᠷᠳᠡᠯᠳᠡᠢ ᠬᠦᠮᠥᠰ︾ ᠢ ᠳᠡᠮᠵᠢᠬᠦ ᠳᠣᠰᠬᠠᠢ ᠠᠵᠢᠯᠯᠠᠭ᠎ᠠ ᠶᠢ ᠥᠷᠨᠢᠭᠦᠯᠥᠨ᠂ ᠠᠵᠢᠯ ᠣᠯᠬᠤ ᠳᠤ ᠬᠦᠴᠢᠷᠳᠡᠵᠥ ᠪᠠᠶᠢᠭ᠎ᠠ ᠬᠥᠮᠥᠰ ᠤᠨ ᠠᠵᠢᠯ ᠣᠯᠭᠤᠯᠳᠠ ᠶᠢ ᠪᠠᠶᠡᠯᠡᠭᠦᠯᠥᠨ᠎ᠡ᠃     ᠠᠵᠢᠯ ᠣᠯᠭᠤᠯᠳᠠ ᠶᠢᠨ ᠦᠢᠯᠡᠴᠢᠯᠡᠯᠭᠡᠨ ᠤ ᠰᠢᠰᠲ᠋ᠧᠮ ᠢ ᠳᠡᠭᠦᠯᠳᠡᠷᠵᠢᠭᠦᠯᠥᠨ᠎ᠡ᠃ ᠡᠯ᠎ᠡ ᠲᠥᠷᠥᠯ ᠤᠨ ᠠᠵᠢᠯ ᠦᠢᠯᠡᠰ ᠡᠷᠬᠢᠯᠡᠬᠦ ᠦᠢᠯᠡᠴᠢᠯᠡᠯᠭᠡᠨ ᠤ ᠡᠭᠦᠷᠭᠡ ᠴᠢᠳᠠᠪᠦᠷᠢ ᠶᠢ ᠨᠢᠭᠡᠳᠭᠡᠨ᠂ ᠦᠨᠳᠥᠰᠥᠨ ᠱᠠᠳᠣᠨ ᠤ ᠠᠵᠢᠯ ᠣᠯᠭᠤᠯᠳᠠ ᠪᠣᠯᠣᠨ ᠨᠡᠶᠢᠭᠡᠮ ᠤᠨ ᠪᠠᠳᠤᠯᠠᠭᠠᠨ ᠤ ᠤᠯᠠᠨ ᠨᠡᠶᠢᠳᠡ ᠶᠢᠨ ᠦᠢᠯᠡᠴᠢᠯᠡᠯᠭᠡᠨ ᠤ ᠳᠠᠪᠴᠠᠩ ᠤᠨ ᠪᠠᠶᠢᠭᠤᠯᠤᠯᠲᠠ ᠶᠢ ᠲᠥᠷᠭᠡᠳᠭᠡᠵᠥ᠂ ︽ᠨᠢᠭᠡ ᠱᠤᠭᠤᠮᠳᠤ︾ ᠦᠢᠯᠡᠴᠢᠯᠡᠬᠦ ᠴᠣᠩᠬᠤ ᠪᠣᠯᠣᠨ ︽ᠨᠢᠭᠡ ᠴᠣᠭᠴᠠᠴᠢᠯᠠᠭᠰᠠᠨ︾ ᠠᠵᠢᠯ ᠦᠢᠯᠡᠰ ᠡᠷᠭᠢᠯᠡᠬᠦ ᠮᠡᠳᠡᠭᠡ ᠵᠠᠩᠭᠢᠴᠢᠯᠠᠭᠰᠠᠨ ᠦᠢᠯᠡᠴᠢᠯᠡᠭᠡ ᠶᠢ ᠪᠦᠬᠦ ᠲᠠᠯ᠎ᠠ ᠪᠠᠷ ᠬᠡᠷᠡᠭᠵᠢᠭᠦᠯᠵᠥ᠂ ︽12333︾ ᠠᠵᠢᠯ ᠡᠷᠬᠢᠯᠡᠯᠲᠡ ᠶᠢᠨ ᠯᠠᠪᠯᠠᠬᠤ ᠤᠳᠠᠰᠤ ᠶᠢᠨ ᠦᠢᠯᠡᠴᠢᠯᠡᠭᠡ ᠶᠢᠨ ᠴᠢᠳᠠᠪᠬᠢ  ᠶᠢ ᠳᠡᠭᠡᠭᠰᠢᠯᠡᠭᠦᠯᠥᠨ᠎ᠡ᠃ ᠡᠯ᠎ᠡ ᠲᠥᠷᠥᠯ ᠤᠨ ᠨᠡᠶᠢᠭᠡᠮ ᠤᠨ ᠪᠠᠶᠢᠭᠤᠯᠤᠮᠵᠢ ᠤᠳ ᠢ ᠠᠵᠢᠯ ᠣᠯᠭᠤᠯᠳᠠ ᠶᠢᠨ ᠮᠡᠳᠡᠭᠡ ᠵᠠᠩᠭᠢ ᠬᠠᠩᠭᠠᠨ ᠵᠢᠯᠤᠭᠤᠳᠬᠤ᠂ ᠠᠵᠢᠯ ᠤᠯᠭᠤᠯᠳᠠ ᠶᠢᠨ ᠰᠣᠷᠭᠠᠯᠳᠠ ᠦᠷᠨᠢᠭᠦᠯᠬᠦ᠂ ᠠᠵᠢᠯ ᠣᠯᠭᠤᠯᠳᠠ ᠶᠢᠨ ᠡᠷᠭᠡ ᠠᠰᠢᠭ ᠤᠨ ᠬᠠᠮᠠᠭᠠᠯᠠᠯᠲᠠ᠂ ᠠᠵᠢᠯ ᠣᠯᠭᠤᠯᠳᠠ ᠶᠢᠨ ᠦᠢᠯᠡᠴᠢᠯᠡᠭᠡ ᠶᠢ ᠬᠢᠨᠠᠨ ᠬᠠᠮᠢᠶᠠᠷᠣᠬᠤ ᠵᠡᠷᠭᠡ ᠲᠠᠯ᠎ᠠ  ᠪᠠᠷ ᠢᠳᠡᠪᠬᠢᠲᠡᠢ ᠦᠢᠯᠡ ᠠᠵᠢᠯᠯᠠᠭ᠎ᠠ ᠦᠷᠨᠢᠭᠦᠯᠬᠦ ᠪᠤᠶᠤ ᠰᠠᠶᠢᠨ ᠳᠣᠷ᠎ᠠ ᠠᠴᠠ ᠢᠶᠠᠨ ᠣᠷᠣᠯᠴᠠᠬᠤ ᠶᠢ ᠵᠣᠷᠢᠭᠵᠢᠭᠤᠯᠤᠨ᠂ ᠠᠵᠢᠯ ᠣᠯᠭᠤᠯᠳᠠ ᠶᠢᠨ ᠦᠢᠯᠡᠴᠢᠯᠡᠯᠭᠡᠨ ᠤ ᠰᠢᠰᠲ᠋ᠧᠮ ᠢ ᠤᠯᠠᠮ ᠨᠢᠭᠡ ᠠᠯᠬᠤᠮ ᠳᠡᠭᠦᠯᠳᠡᠷᠵᠢᠭᠦᠯᠥᠨ᠎ᠡ᠃ ᠠᠵᠢᠯ ᠦᠢᠯᠡᠰ ᠡᠷᠭᠢᠯᠡᠬᠦ ᠪᠠᠷ ᠠᠵᠢᠯ ᠣᠯᠭᠤᠯᠳᠠ ᠶᠢ ᠳᠠᠶᠢᠯᠠᠨ ᠳᠠᠭᠠᠭᠤᠯᠵᠤ᠂ ᠪᠠᠭ᠎ᠠ ᠬᠡᠮᠵᠢᠶᠡᠨ ᠤ ᠵᠢᠭᠡᠯᠡᠯᠭᠡ ᠶᠢᠨ ᠳᠣᠭᠳᠠᠯᠴᠠᠭ᠎ᠠ ᠶᠢ ᠰᠢᠨᠡᠴᠢᠯᠡᠨ᠂ ᠪᠠᠳᠤᠯᠠᠨ ᠳᠠᠭᠠᠭᠠᠯᠳᠠ ᠶᠢᠨ ᠬᠠᠮᠢᠶᠠᠷᠥᠯᠲᠠ ᠶᠢ ᠴᠢᠩᠭᠠᠳᠬᠠᠨ᠂ ᠵᠢᠭᠡᠯᠡᠯᠭᠡ ᠣᠯᠭᠤᠬᠤ ᠡᠳᠡᠭᠡᠳ ᠤᠨ ᠬᠦᠷᠢᠶ᠎ᠡ ᠬᠡᠪᠴᠢᠶ᠎ᠡ ᠶᠢ ᠥᠷᠭᠡᠳᠭᠡᠵᠥ᠂ ᠵᠢᠭᠡᠯᠡᠯᠭᠡ ᠶᠢᠨ ᠣᠯᠭᠤᠬᠤ ᠬᠡᠮᠵᠢᠶ᠎ᠡ ᠶᠢ ᠨᠡᠮᠡᠭᠳᠡᠭᠦᠯᠵᠥ᠂ ᠠᠵᠢᠯ ᠦᠢᠯᠡᠰ ᠡᠷᠬᠢᠯᠡᠵᠥ ᠬᠥᠷᠥᠩᠭᠡ ᠨᠡᠶᠢᠯᠡᠭᠦᠯᠬᠦ ᠣᠷᠴᠢᠨ ᠢ ᠰᠠᠶᠢᠵᠢᠷᠠᠭᠤᠯᠤᠨ᠎ᠠ᠃ ᠠᠵᠢᠯ ᠠᠯᠳᠠᠯᠳᠠ ᠶᠢᠨ ᠳᠠᠭᠠᠳᠬᠠᠯ ᠤᠨ ᠬᠠᠮᠤᠷᠤᠬᠤ ᠴᠠᠷ᠎ᠠ ᠬᠦᠷᠢᠶ᠎ᠡ ᠶᠢ ᠥᠷᠭᠡᠳᠭᠡᠨ᠂ ᠤᠯᠤᠰ ᠤᠨ ᠥᠮᠴᠢᠯᠡᠯᠲᠥ ᠪᠤᠰᠤ ᠠᠵᠤ ᠠᠬᠤᠶᠢᠯᠠᠯ ᠢ ᠳᠠᠭᠠᠳᠬᠠᠯ ᠳᠤ ᠬᠠᠮᠤᠷᠤᠭᠤᠯᠬᠤ ᠶᠢ ᠠᠬᠢᠭᠤᠯᠵᠤ᠂ ᠮᠠᠯᠴᠢᠨ ᠳᠠᠷᠢᠶᠠᠴᠢᠨ ᠭᠠᠷᠣᠯᠲᠠᠢ ᠭᠡᠷᠡᠳᠤ ᠠᠵᠢᠯᠴᠢᠳ ᠪᠣᠯᠣᠨ ᠬᠤᠲᠠ ᠶᠢᠨ ᠠᠵᠢᠯᠳᠠᠳ ᠤᠨ ᠠᠳᠠᠯᠢ ᠬᠡᠮᠵᠢᠶᠡᠨ ᠤ ᠮᠥᠩᠭᠦ ᠳᠥᠯᠥᠬᠦ ᠡᠭᠦᠷᠭᠡ ᠡᠭᠦᠷᠭᠡᠯᠡᠬᠦ ᠪᠠ ᠠᠳᠠᠯᠢ ᠳᠡᠭᠰᠢ ᠬᠠᠷᠭᠠᠯᠵᠠᠯ ᠬᠦᠷᠳᠡᠭᠦ ᠠᠷᠭ᠎ᠠ ᠬᠡᠮᠵᠢᠶ᠎ᠡ ᠶᠢ ᠬᠠᠶᠢᠨ ᠰᠥᠪᠡᠭᠴᠢᠯᠡᠨ᠎ᠡ᠃     ᠳᠦᠷᠪᠡᠳᠦᠭᠡᠷ ᠬᠡᠰᠡᠭ    ᠠᠷᠠᠳ ᠤᠨ ᠣᠷᠣᠯᠭ᠎ᠠ ᠶᠢ ᠦᠨᠡᠨ ᠪᠣᠳᠠᠳᠠᠢ ᠨᠡᠮᠡᠭᠳᠡᠭᠦᠯᠥᠨ᠎ᠡ       ᠬᠤᠳᠠ ᠪᠠᠯᠭᠠᠰᠤ ᠶᠢᠨ ᠰᠠᠭᠤᠭᠠᠯᠢ ᠠᠷᠠᠳ ᠤᠨ ᠣᠷᠣᠯᠭ᠎ᠠ ᠶᠢᠨ ᠳᠥᠪᠰᠢᠨ ᠢ ᠨᠡᠮᠡᠭᠳᠡᠭᠦᠯᠥᠨ᠎ᠡ᠃ ᠪᠦᠬᠦ ᠨᠡᠶᠢᠳᠡ ᠪᠠᠷ ᠢᠶᠠᠨ ᠠᠵᠢᠯ ᠦᠢᠯᠡᠰ ᠡᠷᠭᠢᠯᠡᠬᠦ ᠪᠠᠷ ᠠᠵᠢᠯ ᠣᠯᠭᠤᠯᠳᠠ ᠶᠢ ᠳᠠᠶᠢᠯᠠᠨ ᠳᠠᠭᠠᠭᠤᠯᠵᠤ᠂ ᠰᠠᠭᠤᠭᠠᠯᠢ ᠠᠷᠠᠳ ᠤᠨ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠣᠯᠠᠰᠢᠷᠠᠭᠤᠯᠤᠨ᠎ᠠ᠃ ᠠᠵᠤ ᠠᠬᠤᠶᠢᠯᠠᠯ ᠤᠨ ᠭᠠᠶᠢᠯᠢ ᠳᠠᠳᠠᠪᠦᠷᠢ ᠶᠢᠨ ᠳᠠᠷᠠᠭᠠᠰᠤ ᠶᠢ ᠬᠥᠩᠭᠡᠯᠡᠵᠥ᠂ ᠠᠷᠠᠳ ᠤᠨ ᠡᠷᠭᠢᠯᠡᠭᠰᠡᠨ ᠠᠵᠤ ᠠᠬᠤᠶᠢᠯᠠᠯ ᠤᠨ ᠴᠠᠯᠢᠩ ᠬᠥᠯᠥᠰᠥ  ᠪᠠᠨ ᠨᠡᠮᠡᠭᠳᠡᠭᠦᠯᠬᠦ ᠶᠢ ᠵᠣᠷᠢᠭᠵᠢᠭᠤᠯᠤᠨ᠂ ᠠᠵᠢᠯᠳᠠᠳ ᠤᠨ ᠴᠠᠯᠢᠩ ᠤᠨ ᠣᠷᠣᠯᠭ᠎ᠠ ᠶᠢ ᠳᠣᠭᠳᠠᠪᠦᠷᠢᠵᠢᠭᠤᠯᠤᠨ ᠨᠡᠮᠡᠭᠳᠡᠭᠦᠯᠥᠨ᠎ᠡ᠃ ᠠᠵᠤ ᠠᠬᠤᠶᠢᠯᠠᠯ ᠤᠨ ᠴᠠᠯᠢᠩ ᠬᠥᠯᠥᠰᠥ ᠶᠢ ᠬᠠᠮᠲᠤ ᠪᠠᠷ ᠶᠠᠷᠢᠯᠴᠠᠵᠤ ᠳᠣᠭᠳᠠᠭᠠᠨ᠂ ᠠᠵᠢᠯᠳᠠᠳ ᠤᠨ ᠬᠠᠯᠠᠮᠵᠢ ᠶᠢᠨ ᠣᠯᠭᠤᠮᠵᠢ ᠪᠣᠯᠣᠨ ᠨᠡᠶᠢᠭᠡᠮ ᠤᠨ ᠳᠣᠮᠳᠠᠴᠢ ᠴᠠᠯᠢᠩ ᠢ ᠬᠥᠳᠡᠯᠭᠡᠭᠡᠨᠳᠡᠢ ᠵᠣᠬᠢᠴᠠᠭᠤᠯᠬᠤ ᠳᠦᠷᠢᠮ ᠢ ᠳᠡᠭᠦᠯᠳᠡᠷᠵᠢᠭᠦᠯᠵᠥ᠂ ᠠᠵᠣ ᠠᠬᠤᠶᠢᠯᠠᠯ ᠤᠨ ᠴᠠᠯᠢᠩ ᠬᠥᠯᠥᠰᠥ ᠶᠢᠨ ᠨᠡᠮᠡᠭᠳᠡᠯᠳᠡ ᠪᠣᠯᠣᠨ ᠬᠡᠪ ᠶᠢᠨ ᠨᠡᠮᠡᠭᠳᠡᠯᠳᠡ ᠶᠢᠨ ᠳᠣᠭᠳᠠᠯᠴᠠᠭ᠎ᠠ ᠶᠢ ᠪᠠᠶᠢᠭᠤᠯᠤᠨ᠎ᠠ᠃ ᠠᠯᠪᠠᠨ ᠪᠠᠶᠢᠭᠤᠯᠤᠯᠭ᠎ᠠ᠂ ᠠᠵᠢᠯ ᠦᠢᠯᠡᠰ  ᠤᠨ ᠨᠢᠭᠡᠴᠢ ᠶᠢᠨ ᠴᠠᠯᠢᠩᠵᠢᠭᠤᠯᠬᠤ ᠳᠦᠷᠢᠮ ᠢ ᠳᠡᠭᠦᠯᠳᠡᠷᠵᠢᠭᠦᠯᠵᠥ᠂ ᠠᠯᠪᠠᠳᠠᠳ ᠤᠨ ᠴᠠᠯᠢᠩ ᠢ ᠳᠣᠬᠢᠷᠠᠭᠤᠯᠬᠤ ᠠᠵᠢᠯ ᠢ ᠰᠠᠶᠢᠳᠣᠷ ᠬᠢᠵᠤ᠂ ᠲᠧᠭᠨᠢᠭ ᠮᠡᠷᠭᠡᠵᠢᠯ᠂ ᠰᠤᠷᠭᠠᠨ ᠬᠥᠮᠥᠵᠢᠯ᠂ ᠡᠮ ᠡᠮᠨᠡᠯᠭᠡ ᠡᠷᠡᠭᠦᠯ ᠮᠡᠨᠳᠣ ᠵᠡᠷᠭᠡ ᠠᠵᠢᠯ ᠦᠢᠯᠡᠰ ᠤᠨ ᠨᠢᠭᠡᠴᠢ ᠶᠢᠨ ᠠᠵᠢᠯᠳᠠᠳ ᠤᠨ ᠴᠠᠯᠢᠩ ᠢ ᠬᠠᠮᠳᠣ ᠳᠤᠨᠢ ᠳᠣᠬᠢᠷᠠᠭᠤᠯᠤᠨ᠎ᠠ᠃ ᠳᠤᠬᠠᠢ ᠶᠢᠨ ᠭᠠᠵᠠᠷ ᠠᠵᠢᠯᠯᠠᠭᠰᠠᠨ ᠬᠤᠭᠤᠴᠠᠭ᠎ᠠ ᠪᠠᠷ ᠰᠠᠭᠤᠷᠢ ᠪᠤᠯᠭᠠᠭᠰᠠᠨ᠂ ᠳᠣᠬᠠᠢ ᠶᠢᠨ ᠭᠠᠵᠠᠷ ᠣᠷᠣᠨ ᠤ ᠠᠵᠤ ᠠᠬᠤᠢ ᠶᠢᠨ ᠬᠥᠭᠵᠢᠯᠳᠡ ᠲᠠᠢ ᠳᠣᠬᠢᠷᠠᠯᠴᠠᠭᠰᠠᠨ᠂ ᠡᠯ᠎ᠡ ᠳᠥᠷᠥᠯ ᠤᠨ ᠴᠢᠳᠠᠪᠦᠷᠢᠳᠠᠨ ᠢ ᠬᠢᠯᠢ ᠬᠢᠵᠠᠭᠠᠷ ᠣᠷᠣᠨ ᠳᠤ ᠰᠠᠭᠤᠷᠢᠰᠢᠨ ᠰᠠᠭᠤᠬᠤ ᠶᠢ ᠳᠠᠳᠠᠬᠤ ᠵᠣᠷᠢᠯᠭ᠎ᠠ ᠲᠠᠢ ᠵᠣᠷᠢᠭᠵᠢᠭᠤᠯᠤᠯ ᠳᠡᠳᠬᠦᠪᠦᠷᠢ ᠤᠨ  ᠪᠣᠳᠣᠯᠭ᠎ᠠ ᠶᠢ ᠬᠡᠷᠡᠭᠵᠢᠭᠦᠯᠵᠥ᠂ ᠠᠵᠢᠯᠳᠠᠳ ᠤᠨ ᠤᠯᠭᠤᠮᠵᠢ ᠪᠣᠯᠣᠨ ᠠᠮᠢᠳᠤᠷᠠᠯ ᠤᠨ ᠳᠥᠪᠰᠢᠨ ᠢ ᠦᠨᠡᠨᠬᠦ ᠳᠡᠭᠡᠭᠰᠢᠯᠡᠭᠦᠯᠥᠨ᠎ᠡ᠃     ᠳᠠᠷᠢᠶᠠᠴᠢᠨ ᠮᠠᠯᠴᠢᠳ ᠤᠨ ᠣᠷᠣᠯᠭ᠎ᠠ ᠶᠢᠨ ᠳᠥᠪᠰᠢᠨ ᠢ ᠳᠡᠭᠡᠭᠰᠢᠯᠡᠭᠦᠯᠥᠨ᠎ᠡ᠃ ᠳᠠᠷᠢᠶᠠᠴᠢᠨ ᠮᠠᠯᠴᠢᠳ ᠢ ᠳᠠᠷᠢᠵᠥ ᠦᠷᠡᠵᠢᠭᠦᠯᠬᠦ ᠪᠦᠳᠥᠴᠡ ᠪᠠᠨ ᠰᠢᠯᠢᠳᠡᠭᠵᠢᠭᠦᠯᠬᠦ ᠶᠢ ᠵᠣᠷᠢᠭᠵᠢᠭᠤᠯᠵᠤ᠂ ᠥᠪᠡᠷᠮᠢᠴᠡ ᠳᠠᠷᠢᠶᠠᠯᠠᠩ ᠬᠥᠳᠡᠭᠡ ᠠᠵᠤ ᠠᠬᠤᠢ ᠪᠣᠯᠣᠨ ᠰᠠᠭᠤᠷᠢ ᠳᠥᠭᠦᠭᠡᠷᠥᠮᠵᠢᠳᠤ ᠳᠠᠷᠢᠶᠠᠯᠠᠩ ᠬᠥᠳᠡᠭᠡ ᠠᠵᠤ ᠠᠬᠤᠢ ᠶᠢ ᠶᠡᠭᠡ ᠪᠠᠷ ᠬᠥᠭᠵᠢᠭᠦᠯᠥᠨ ᠂ ᠳᠠᠷᠢᠶᠠᠯᠠᠩ ᠮᠠᠯ ᠤᠨ ᠪᠦᠳᠦᠭᠡᠭᠳᠡᠭᠦᠨ ᠤ ᠨᠡᠮᠡᠯᠲᠡ ᠥᠷᠳᠡᠭ ᠢ ᠨᠡᠮᠡᠭᠳᠡᠭᠦᠯᠵᠥ᠂ ᠳᠠᠷᠢᠶᠠᠴᠢᠨ ᠮᠠᠯᠴᠢᠳ ᠤᠨ ᠡᠵᠡᠩᠨᠡᠯᠳᠡ ᠶᠢᠨ ᠴᠢᠨᠠᠷᠲᠠᠢ ᠣᠷᠣᠯᠭ᠎ᠠ ᠶᠢ ᠨᠡᠮᠡᠭᠳᠡᠭᠦᠯᠥᠨ᠎ᠡ᠃ ᠬᠥᠳᠡᠭᠡ ᠠᠴᠠ ᠬᠤᠳᠠ ᠳᠤ ᠣᠷᠣᠭᠰᠠᠨ ᠲᠠᠷᠢᠶᠠᠴᠢᠨ ᠮᠠᠯᠴᠢᠳ ᠤᠨ ᠰᠤᠷᠭᠠᠯᠲᠠ ᠶᠢᠨ ᠠᠵᠢᠯ ᠢ ᠴᠢᠩᠭᠠᠳᠬᠠᠵᠤ᠂ ᠲᠠᠷᠢᠶᠠᠴᠢᠨ ᠮᠠᠯᠴᠢᠳ ᠤᠨ ᠬᠤᠶᠠᠳᠣᠭᠠᠷ ᠤᠳᠠᠭ᠎ᠠ ᠠᠵᠢᠯ ᠦᠢᠯᠡᠰ ᠪᠣᠰᠬᠠᠬᠤ ᠮᠡᠷᠭᠡᠵᠢᠯ ᠴᠢᠳᠠᠪᠦᠷᠢ ᠶᠢ ᠳᠡᠭᠡᠭᠰᠢᠯᠡᠬᠦᠯᠵᠥ᠂ ᠳᠠᠷᠢᠶᠠᠴᠢᠨ ᠮᠠᠯᠴᠢᠳ ᠤᠨ ᠣᠷᠣᠯᠭ᠎ᠠ ᠶᠢ ᠨᠡᠮᠡᠭᠳᠡᠭᠦᠯᠬᠦ ᠵᠠᠮ ᠮᠥᠷ ᠢ ᠤᠯᠠᠮ ᠨᠢᠭᠡ ᠠᠯᠬᠤᠮ ᠦᠷᠭᠡᠳᠭᠡᠨ᠎ᠡ᠃ ᠲᠠᠯ᠎ᠠ ᠨᠤᠳᠤᠭ ᠤᠨ ᠠᠮᠢ ᠠᠬᠤᠢ ᠶᠢᠨ ᠱᠠᠩᠨᠠᠨ ᠳᠡᠳᠭᠦᠬᠦ ᠵᠡᠷᠭᠡ ᠡᠯ᠎ᠡ ᠲᠥᠷᠥᠯ ᠤᠨ ᠲᠠᠷᠢᠶᠠᠯᠠᠩ ᠮᠠᠯ ᠠᠵᠤ ᠠᠬᠤᠢ ᠳᠤ ᠡᠭᠡᠯᠢᠳᠡᠢ ᠪᠣᠳᠣᠯᠭ᠎ᠠ ᠶᠢ ᠬᠡᠷᠡᠭᠵᠢᠭᠦᠯᠵᠥ᠂ ᠮᠠᠯᠴᠢᠳ ᠲᠤ ᠣᠯᠭᠤᠬᠤ ᠲᠥᠷᠥ ᠶᠢᠨ ᠪᠣᠳᠣᠯᠭ᠎ᠠ ᠶᠢᠨ ᠴᠢᠨᠠᠷ ᠲᠠᠢ ᠨᠥᠬᠦᠪᠦᠷᠢ ᠶᠢᠨ ᠣᠷᠣᠯᠭ᠎ᠠ ᠶᠢ ᠨᠡᠮᠡᠭᠳᠡᠭᠦᠯᠥᠨ᠎ᠡ ᠃ ᠭᠠᠵᠠᠷ ᠰᠢᠷᠣᠢ ᠶᠢᠨ ᠡᠷᠭᠢᠯᠳᠡ ᠶᠢᠨ ᠠᠷᠭ᠎ᠠ ᠬᠡᠯᠪᠡᠷᠢ ᠶᠢ ᠰᠢᠨᠡᠴᠢᠯᠡᠵᠥ᠂ ᠲᠠᠷᠢᠶᠠᠴᠢᠨ ᠮᠠᠯᠴᠢᠳ ᠤᠨ ᠭᠠᠵᠠᠷ ᠰᠢᠷᠣᠢ ᠶᠢᠨ ᠦᠷ᠎ᠡ ᠠᠰᠢᠭ ᠢ ᠨᠡᠮᠡᠭᠳᠡᠭᠦᠯᠵᠥ᠂ ᠳᠠᠷᠢᠶᠠᠴᠢᠨ ᠮᠠᠯᠴᠢᠳ ᠤᠨ ᠣᠷᠣᠨ ᠰᠠᠭᠤᠴᠠ ᠪᠣᠯᠣᠨ ᠭᠡᠷ ᠬᠥᠷᠥᠩᠭᠡ ᠶᠢᠨ ᠣᠷᠣᠯᠭ᠎ᠠ ᠶᠢ ᠪᠠᠳᠣᠯᠠᠵᠤ᠂ ᠮᠠᠯᠴᠢᠨ ᠳᠠᠷᠢᠶᠠᠴᠢᠨ ᠤ ᠥᠪᠡᠷ ᠤᠨ ᠡᠳ᠋ ᠬᠥᠷᠥᠩᠭᠡ ᠪᠠᠨ ᠵᠠᠬᠢᠷᠥᠨ ᠵᠠᠷᠣᠴᠠᠭᠤᠯᠬᠤ ᠵᠠᠮ ᠮᠥᠷ ᠢ ᠥᠷᠭᠡᠳᠭᠡᠨ᠂ ᠣᠯᠠᠨ ᠠᠷᠭ᠎ᠠ ᠵᠠᠮ ᠢᠶᠠᠷ ᠮᠠᠯᠴᠢᠨ ᠳᠠᠷᠢᠶᠠᠴᠢᠨ ᠤ ᠡᠳ᠋ ᠬᠥᠷᠥᠩᠭᠡ  ᠶᠢᠨ ᠴᠢᠨᠠᠷᠲᠠᠢ ᠣᠷᠣᠯᠭ᠎ᠠ ᠶᠢ ᠨᠡᠮᠡᠭᠳᠡᠭᠦᠯᠥᠨ᠎ᠡ᠃ᠳᠠᠪᠦᠳᠥᠭᠠᠷ ᠬᠡᠰᠡᠭ    ᠨᠡᠶᠢᠭᠡᠮ ᠤᠨ ᠪᠠᠳᠤᠯᠠᠭᠠᠨ ᠤ ᠰᠢᠰᠲ᠋ᠧᠮ ᠢ ᠳᠡᠭᠦᠯᠳᠡᠷᠵᠢᠭᠦᠯᠥᠨ᠎ᠡ    ᠨᠡᠶᠢᠭᠡᠮ ᠤᠨ ᠳᠠᠭᠠᠳᠬᠠᠯ ᠤᠨ ᠰᠢᠰᠲ᠋ᠧᠮ ᠤᠨ ᠪᠦᠳᠥᠭᠡᠨ ᠪᠠᠶᠢᠭᠤᠯᠤᠯᠲᠠ ᠶᠢ ᠴᠢᠩᠭᠠᠳᠬᠠᠨ᠎ᠠ᠃ ᠪᠦᠬᠦ ᠠᠷᠠᠳ  ᠢ ᠳᠠᠭᠠᠳᠬᠠᠯ ᠳᠤ ᠬᠠᠮᠣᠷᠣᠭᠤᠯᠬᠤ ᠳᠥᠯᠥᠪᠯᠡᠭᠡ ᠶᠢ ᠪᠦᠬᠦ ᠲᠠᠯ᠎ᠠ ᠪᠠᠷ ᠬᠡᠷᠡᠭᠵᠢᠭᠦᠯᠵᠥ᠂ ᠬᠤᠳᠠ ᠬᠥᠳᠡᠭᠡ ᠶᠢᠨ ᠰᠠᠭᠤᠭᠠᠯᠢ ᠠᠷᠠᠳ ᠠᠴᠠ ᠨᠡᠶᠢᠭᠡᠮ ᠤᠨ ᠨᠠᠰᠥᠵᠢᠯ ᠤᠨ ᠳᠠᠭᠠᠳᠬᠠᠯ ᠪᠣᠯᠣᠨ ᠡᠮᠨᠡᠯᠭᠡ ᠶᠢᠨ ᠳᠠᠭᠠᠳᠬᠠᠯ   ᠳᠤ ᠬᠠᠮᠣᠷᠣᠭᠳᠠᠭᠰᠠᠨ ᠬᠡᠪᠴᠢᠶ᠎ᠡ ᠶᠢ ᠤᠯᠠᠮ ᠨᠢᠭᠡ ᠠᠯᠬᠤᠮ ᠦᠷᠭᠡᠳᠭᠡᠨ᠎ᠡ᠃ ᠠᠯᠪᠠᠨ ᠪᠠᠶᠢᠭᠤᠯᠤᠯᠭ᠎ᠠ ᠠᠵᠢᠯ ᠦᠢᠯᠡᠰ  ᠤᠨ ᠨᠢᠭᠡᠴᠢ ᠶᠢᠨ ᠨᠠᠰᠥᠵᠢᠯ ᠤᠨ ᠳᠠᠭᠠᠳᠬᠠᠯ ᠤᠨ ᠳᠦᠷᠢᠮ ᠳᠤ ᠥᠭᠡᠷᠡᠴᠢᠯᠡᠯᠲᠡ ᠣᠷᠣᠭᠤᠯᠣᠨ᠂ ᠬᠤᠳᠠ ᠬᠥᠳᠡᠭᠡ  ᠶᠢᠨ ᠰᠠᠭᠤᠭᠠᠯᠢ ᠠᠷᠠᠳ ᠤᠨ ᠨᠠᠰᠥᠵᠢᠯ ᠤᠨ ᠳᠠᠭᠠᠳᠬᠠᠯ ᠤᠨ ᠳᠦᠷᠢᠮ ᠪᠣᠯᠣᠨ ᠬᠤᠳᠠ ᠪᠠᠯᠭᠠᠰᠣ ᠶᠢᠨ ᠠᠵᠢᠯᠳᠠᠳ  ᠤᠨ ᠦᠨᠳᠥᠰᠥᠨ ᠨᠠᠰᠥᠵᠢᠯ ᠤᠨ ᠳᠠᠭᠠᠳᠬᠠᠯ ᠤᠨ ᠳᠦᠷᠢᠮ ᠤᠨ ᠬᠤᠭᠤᠷᠣᠨᠳᠣᠬᠢ ᠬᠤᠯᠪᠣᠭ᠎ᠠ ᠤᠶᠠᠯᠳᠤᠭ᠎ᠠ ᠶᠢ ᠴᠢᠩᠭᠠᠳᠬᠠᠨ᠎ᠠ᠃ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠬᠥᠨᠳᠥ ᠡᠪᠡᠳᠴᠢᠨ ᠤ ᠳᠠᠭᠠᠳᠬᠠᠯ ᠢ ᠪᠦᠬᠦ ᠲᠠᠯ᠎ᠠ ᠪᠠᠷ ᠬᠡᠷᠡᠭᠵᠢᠭᠦᠯᠵᠥ᠂ ᠡᠮᠨᠡᠯᠭᠡ ᠶᠢᠨ ᠳᠠᠭᠠᠳᠬᠠᠯ ᠤᠨ ᠣᠯᠭᠤᠮᠵᠢ ᠶᠢᠨ ᠳᠥᠪᠰᠢᠨ ᠢ ᠠᠯᠬᠤᠮ ᠠᠯᠬᠤᠮ ᠢᠶᠠᠷ ᠳᠡᠭᠡᠭᠰᠢᠯᠡᠭᠦᠯᠥᠨ᠎ᠡ᠃ ᠠᠵᠢᠯ ᠤᠨ ᠰᠢᠷᠬ᠎ᠠ ᠶᠢᠨ ᠳᠠᠭᠠᠳᠬᠠᠯ ᠪᠣᠯᠣᠨ ᠲᠥᠷᠥᠯᠳᠡ ᠶᠢᠨ ᠳᠠᠭᠠᠳᠬᠠᠯ ᠤᠨ ᠬᠠᠮᠢᠶᠠᠷᠣᠯᠳᠠ ᠶᠢᠨ ᠠᠵᠢᠯ ᠢ ᠤᠯᠠᠮ ᠨᠢᠭᠡ ᠠᠯᠬᠤᠮ ᠴᠢᠩᠭᠠᠳᠬᠠᠵᠤ᠂ ᠠᠵᠢᠯ ᠤᠨ ᠰᠢᠷᠬ᠎ᠠ ᠶᠢᠨ ᠳᠠᠭᠠᠳᠬᠠᠯ ᠤᠨ ᠳᠦᠷᠢᠮ ᠤᠨ ᠳᠣᠭᠳᠠᠯᠴᠠᠭ᠎ᠠ ᠶᠢ ᠳᠡᠭᠦᠯᠳᠡᠷᠵᠢᠭᠦᠯᠵᠥ᠂ ᠡᠮᠡᠭᠳᠡᠶᠢᠴᠦᠦᠳ ᠤᠨ ᠬᠠᠤᠯᠢ ᠶᠣᠰᠤᠨ ᠤ ᠡᠷᠬᠡ ᠠᠰᠢᠭ ᠢ ᠦᠨᠡᠨᠬᠦ ᠬᠠᠮᠠᠭᠠᠯᠠᠨ᠎ᠠ᠃2020 ᠤᠨ ᠪᠣᠯᠬᠤ ᠳᠤ᠂ ᠬᠤᠳᠠ ᠬᠥᠳᠡᠭᠡ ᠶᠢᠨ ᠦᠨᠳᠥᠰᠥᠨ ᠨᠠᠰᠥᠵᠢᠯ ᠤᠨ ᠳᠠᠭᠠᠳᠬᠠᠯ ᠳᠤ ᠬᠠᠮᠣᠷᠣᠭᠳᠠᠭᠰᠠᠨ ᠬᠡᠮᠵᠢᠶ᠎ᠡ 100% ᠳᠤ ᠬᠦᠷᠴᠥ᠂ ᠬᠥᠳᠡᠭᠡ ᠳᠣᠰᠬᠤᠨ ᠠᠴᠠ ᠬᠤᠲᠠ ᠬᠥᠳᠡᠭᠡ  ᠶᠢᠨ ᠨᠠᠰᠥᠵᠢᠯ ᠤᠨ ᠳᠠᠭᠠᠳᠬᠠᠯ ᠳᠤ ᠬᠠᠮᠣᠷᠣᠭᠳᠠᠭᠰᠠᠨ ᠬᠡᠮᠵᠢᠶ᠎ᠡ100% ᠬᠥᠷᠴᠥ᠂ ᠦᠨᠳᠥᠰᠥᠨ ᠡᠮᠨᠡᠯᠭᠡ ᠶᠢᠨ ᠳᠠᠭᠠᠳᠬᠠᠯ ᠳᠤ ᠬᠠᠮᠣᠷᠣᠭᠳᠠᠭᠰᠠᠨ ᠬᠦᠮᠥᠨ ᠤ ᠲᠤᠭ᠎ᠠ ᠨᠢ ᠪᠦᠬᠦ ᠡᠷᠥᠬᠡ ᠠᠮᠠ ᠲᠠᠢ ᠬᠦᠮᠥᠨ ᠤ ᠳᠤᠮᠳᠠ ᠡᠵᠡᠯᠡᠬᠦ ᠬᠤᠪᠢ ᠨᠢ 100%  ᠪᠠᠶᠢᠵᠤ᠂ ᠬᠤᠲᠠ ᠬᠥᠳᠡᠭᠡ ᠶᠢᠨ ᠠᠵᠢᠯᠳᠠᠨ᠂ ᠰᠠᠭᠤᠭᠠᠯᠢ ᠠᠷᠠᠳ ᠤᠨ ᠪᠣᠳᠣᠯᠭ᠎ᠠ ᠶᠢᠨ ᠬᠡᠪᠴᠢᠶᠡᠨ ᠳᠤ ᠡᠮᠨᠡᠯᠭᠡ ᠳᠤ ᠬᠡᠪᠳᠡᠵᠥ ᠡᠮᠴᠢᠯᠡᠭᠦᠯᠥᠭᠰᠡᠨ ᠵᠠᠷᠣᠳᠠᠯ ᠤᠨ ᠳᠤᠮᠳᠠᠴᠢ ᠵᠠᠷᠣᠳᠠᠯ ᠭᠠᠷᠭᠠᠭᠤᠯᠬᠤ ᠨᠣᠷᠮ᠎ᠠ  ᠶᠢ ᠳᠣᠰ ᠳᠣᠰ 90% ᠪᠠ 80% ᠳᠤ ᠭᠦᠷᠭᠡᠵᠥ᠂ ᠠᠵᠢᠯ ᠤᠨ ᠰᠢᠷᠬ᠎ᠠ ᠪᠣᠯᠣᠨ ᠳᠥᠷᠥᠯᠲᠡ ᠶᠢᠨ ᠳᠠᠭᠠᠳᠬᠠᠯ  ᠳᠤ ᠬᠠᠮᠣᠷᠤᠭᠳᠠᠭᠰᠠᠨ ᠬᠦᠮᠥᠨ ᠤ ᠲᠤᠭ᠎ᠠ ᠶᠢ ᠳᠤᠰ ᠳᠤᠰ 7700 ᠪᠠ 8400 ᠬᠥᠮᠥᠨ ᠪᠣᠯᠭᠠᠨ᠎ᠠ᠃     ᠨᠡᠶᠢᠭᠡᠮ ᠤᠨ ᠳᠤᠰᠠᠯᠠᠮᠵᠢ ᠶᠢᠨ ᠳᠦᠷᠢᠮ ᠢ ᠳᠡᠭᠦᠯᠳᠡᠷᠵᠢᠭᠦᠯᠥᠨ᠎ᠡ᠃ ᠬᠤᠳᠠ ᠬᠥᠳᠡᠭᠡ ᠶᠢᠨ ᠬᠠᠮᠤᠭ ᠤᠨ ᠳᠣᠣᠷ᠎ᠠ ᠠᠮᠢᠳᠣᠷᠠᠯ ᠤᠨ ᠪᠠᠳᠣᠯᠠᠭ᠎ᠠ ᠪᠠᠷ ᠭᠤᠣᠯ ᠪᠣᠯᠭᠠᠭᠰᠠᠨ ᠨᠡᠶᠢᠭᠡᠮ ᠤᠨ ᠳᠤᠰᠠᠯᠠᠮᠵᠢ ᠶᠢᠨ ᠳᠦᠷᠢᠮ ᠢ ᠪᠠᠷᠢᠮᠳᠠᠯᠠᠵᠤ᠂ ᠬᠤᠳᠠ ᠬᠥᠳᠡᠭᠡ ᠶᠢᠨ ᠬᠦᠴᠢᠷᠳᠡᠯᠳᠡᠢ ᠠᠷᠠᠳ ᠢᠷᠭᠡᠳ ᠤᠨ ᠦᠨᠳᠥᠰᠥᠨ ᠠᠮᠢᠳᠣᠷᠠᠯ ᠤᠨ ᠬᠡᠷᠡᠭᠴᠡᠭᠡ ᠶᠢ ᠪᠠᠳᠤᠯᠠᠨ᠎ᠠ᠃ ᠳᠦᠷ ᠴᠠᠭ ᠤᠨ ᠳᠤᠰᠯᠠᠮᠵᠢ ᠶᠢᠨ ᠳᠦᠷᠢᠮ ᠢ ᠪᠦᠬᠦ ᠲᠠᠯ᠎ᠠ ᠪᠠᠷ ᠪᠠᠶᠢᠭᠤᠯᠵᠤ᠂ ᠬᠦᠴᠢᠷᠳᠡᠯᠳᠡᠢ ᠠᠷᠠᠳ ᠲᠦᠮᠡᠨ ᠤ ᠪᠠᠴᠢᠮ ᠬᠦᠴᠢᠷ ᠪᠠᠶᠢᠳᠠᠯ ᠢ ᠳᠠᠷᠤᠢ ᠳᠦᠷᠭᠡᠨ ᠦᠷ᠎ᠡ ᠪᠦᠳᠥᠮᠵᠢ ᠲᠠᠢ ᠰᠢᠢᠳᠪᠦᠷᠢᠯᠡᠨ᠎ᠡ᠃ ᠡᠮ ᠡᠮᠨᠡᠯᠭᠡ ᠶᠢᠨ ᠳᠤᠰᠠᠯᠠᠮᠵᠢ ᠶᠢᠨ ᠳᠦᠷᠢᠮ ᠢ ᠳᠡᠭᠦᠯᠳᠡᠷᠵᠢᠭᠦᠯᠵᠥ᠂ ᠳᠤᠰᠠᠯᠠᠮᠵᠢ ᠦᠵᠡᠭᠦᠯᠬᠦ ᠬᠦᠷᠢᠶ᠎ᠡ ᠬᠡᠪᠴᠢᠶ᠎ᠡ ᠪᠠᠨ ᠢᠳᠡᠪᠬᠢᠲᠡᠢ ᠥᠷᠭᠡᠳᠭᠡᠨ᠂ ᠳᠤᠰᠯᠠᠮᠵᠢ ᠶᠢᠨ ᠳᠥᠪᠰᠢᠨ ᠢ ᠳᠡᠭᠡᠭᠰᠢᠯᠡᠭᠦᠯᠥᠨ᠂ ᠨᠡᠶᠢᠭᠡᠮ  ᠤᠨ ᠳᠤᠰᠠᠯᠠᠮᠵᠢ ᠶᠢᠨ ᠵᠠᠮ ᠮᠥᠷ ᠢ ᠥᠷᠭᠡᠳᠭᠡᠨ᠎ᠡ᠃ ᠨᠡᠶᠢᠭᠡᠮ ᠤᠨ ᠡᠯ᠎ᠡ ᠳᠠᠯ᠎ᠠ ᠶᠢᠨ ᠬᠦᠴᠦᠨ ᠴᠢᠳᠠᠯ ᠤᠨ ᠣᠷᠣᠯᠴᠠᠯᠭ᠎ᠠ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠥᠨ᠂ ᠤᠯᠠᠭᠠᠨ ᠵᠠᠭᠠᠯᠮᠠᠶᠢᠳᠠᠳ ᠤᠨ ᠬᠤᠯᠪᠤᠭ᠎ᠠ᠂ ᠨᠢᠭᠦᠯᠡᠰᠥᠩᠭᠦᠢ ᠦᠢᠯᠡᠰ ᠤᠨ ᠨᠡᠶᠢᠭᠡᠮᠯᠢᠭ ᠤᠨ ᠨᠡᠶᠢᠭᠡᠮ ᠢ ᠠᠪᠦᠷᠠᠨ ᠳᠤᠰᠠᠯᠠᠬᠤ ᠦᠢᠯᠡᠳᠥᠯ ᠢ ᠬᠦᠢᠴᠡᠳ ᠪᠠᠳᠠᠷᠠᠭᠤᠯᠤᠨ᠂ ᠨᠡᠶᠢᠭᠡᠮ ᠤᠨ ᠵᠣᠬᠢᠶᠠᠨ ᠪᠠᠶᠢᠭᠤᠯᠤᠯᠲᠠ᠂ ᠨᠡᠶᠢᠭᠡᠮ ᠤᠨ ᠠᠵᠢᠯ ᠡᠷᠬᠢᠯᠡᠭᠰᠡᠳ ᠵᠢᠴᠢ ᠰᠠᠶᠢᠨ ᠳᠣᠷᠠᠴᠢᠳ ᠤᠨ ᠬᠤᠯᠪᠣᠭ᠎ᠠ ᠵᠡᠷᠭᠡ ᠨᠡᠶᠢᠭᠡᠮ ᠤᠨ ᠬᠦᠴᠦᠨ ᠤ ᠤᠷᠤᠯᠴᠠᠵᠤ ᠳᠤᠰᠠᠯᠠᠮᠵᠢ ᠦᠵᠡᠭᠦᠯᠬᠦ ᠶᠢ ᠢᠳᠡᠪᠬᠢᠲᠡᠢ ᠵᠣᠷᠢᠭᠵᠢᠭᠤᠯᠤᠨ᠎ᠠ᠃ ᠡᠳ᠋ ᠶᠢᠨ ᠵᠠᠰᠠᠭ ᠭᠠᠶᠢᠯᠢ ᠳᠠᠳᠠᠪᠦᠷᠢ ᠶᠢᠨ ᠬᠥᠩᠭᠡᠭᠡᠯᠳᠡ ᠪᠣᠯᠣᠨ ᠬᠤᠯᠪᠣᠭᠳᠠᠬᠤ ᠵᠠᠷᠣᠳᠠᠯ ᠢ ᠬᠠᠰᠤᠵᠤ ᠬᠡᠯᠳᠦᠷᠢᠭᠦᠯᠬᠦ ᠪᠣᠳᠣᠯᠭ᠎ᠠ ᠶᠢ ᠰᠤᠳᠤᠯᠤᠨ ᠳᠤᠭᠳᠠᠭᠠᠵᠤ᠂ ᠨᠥᠯᠥᠭᠡᠯᠡᠬᠦ ᠬᠦᠴᠦᠨ ᠪᠦᠬᠦᠢ ᠨᠢᠭᠦᠯᠡᠰᠥᠩᠭᠦᠢ ᠦᠢᠯᠡᠰ ᠤᠨ ᠵᠣᠬᠢᠶᠠᠨ ᠪᠠᠶᠢᠭᠤᠯᠤᠯᠲᠠ ᠪᠣᠯᠣᠨ ᠳᠣᠮᠣ ᠳᠣᠮᠳᠠ ᠬᠡᠯᠪᠡᠷᠢ ᠶᠢᠨ ᠠᠵᠤ ᠠᠬᠤᠶᠢᠯᠠᠯ ᠢ ᠤᠳᠤᠷᠢᠳᠤᠨ ᠶᠠᠭᠠᠷᠠᠯᠳᠠᠢ ᠬᠦᠴᠢᠷ ᠪᠠᠶᠢᠳᠠᠯ ᠢ ᠠᠷᠭᠠᠴᠠᠬᠤ ᠨᠡᠶᠢᠲᠡ ᠶᠢᠨ ᠬᠠᠯᠠᠮᠵᠢ ᠶᠢᠨ ᠰᠠᠭᠤᠷᠢ ᠮᠥᠩᠭᠦ ᠶᠢ ᠪᠠᠶᠢᠭᠤᠯᠤᠨ᠂ ᠤᠯᠠᠨ ᠠᠷᠭ᠎ᠠ ᠵᠠᠮ᠂ ᠬᠡᠯᠪᠡᠷᠢ ᠮᠠᠶ᠋ᠢᠭ ᠢᠶᠠᠷ ︽ᠪᠠᠴᠢᠮ ᠬᠦᠴᠢᠷ ᠪᠠᠶᠢᠳᠠᠯ ᠢ ᠠᠷᠭᠠᠴᠠᠬᠤ︾ ᠠᠵᠢᠯ ᠢ ᠳᠡᠮᠵᠢᠨ᠎ᠡ᠃     ᠨᠡᠶᠢᠭᠡᠮ ᠤᠨ ᠬᠠᠯᠠᠮᠵᠢ ᠶᠢᠨ ᠳᠦᠷᠢᠮ ᠢ ᠳᠡᠭᠦᠯᠳᠡᠷᠵᠢᠭᠦᠯᠥᠨ᠎ᠡ᠃ ᠠᠯᠪᠠᠨ ᠠᠴᠠ ᠪᠠᠶᠢᠭᠤᠯᠵᠤ ᠠᠷᠠᠳ ᠠᠴᠠ ᠡᠵᠡᠩᠨᠡᠬᠦ᠂ ᠠᠷᠠᠳ ᠠᠴᠠ ᠡᠷᠭᠢᠯᠡᠵᠥ ᠠᠯᠪᠠᠨ ᠠᠴᠠ ᠳᠡᠳᠬᠦᠬᠦ᠂  ᠨᠠᠶᠢᠳᠠᠨ ᠬᠠᠮᠢᠶᠠᠷᠣᠬᠤ᠂ ᠬᠥᠷᠥᠩᠭᠡ ᠨᠡᠶᠢᠯᠡᠭᠦᠯᠥᠨ ᠬᠠᠮᠲᠤᠷᠠᠨ ᠠᠵᠢᠯᠯᠠᠬᠤ᠂ ᠵᠠᠰᠠᠭ ᠤᠨ ᠭᠠᠵᠠᠷ ᠠᠴᠠ ᠬᠤᠳᠠᠯᠳᠤᠨ ᠠᠪᠬᠤ ᠦᠢᠯᠡᠴᠢᠯᠡᠭᠡ ᠵᠡᠷᠭᠡ ᠵᠠᠭᠪᠣᠷ ᠢ ᠠᠰᠢᠭᠯᠠᠵᠤ᠂ ᠨᠡᠶᠢᠭᠡᠮ ᠤᠨ ᠡᠯ᠎ᠡ ᠲᠠᠯ᠎ᠠ ᠶᠢᠨ ᠬᠦᠴᠦᠨ ᠤ ᠬᠠᠯᠠᠮᠵᠢ ᠶᠢᠨ ᠪᠠᠶᠢᠭᠤᠯᠤᠮᠵᠢ ᠪᠠᠶᠢᠭᠤᠯᠬᠤ ᠶᠢ ᠵᠣᠷᠢᠭᠵᠢᠭᠤᠯᠵᠤ᠂ ᠨᠡᠶᠢᠭᠡᠮ ᠤᠨ ᠬᠠᠯᠠᠮᠵᠢ ᠶᠢᠨ ᠳᠦᠷᠢᠮ ᠢ ᠳᠣᠳᠠᠭᠤ ᠶᠢ ᠨᠥᠬᠦᠬᠦ ᠮᠠᠶ᠋ᠢᠭ ᠠᠴᠠ ᠵᠦᠢ ᠵᠣᠬᠢᠰᠲᠠᠢ ᠬᠠᠯᠠᠮᠵᠢ ᠬᠦᠷᠳᠡᠭᠡᠬᠦ ᠮᠠᠶ᠋ᠢᠭ ᠳᠡᠶᠢᠰᠢ ᠬᠤᠪᠢᠷᠠᠭᠤᠯᠬᠤ ᠠᠬᠢᠴᠠ ᠶᠢ ᠳᠦᠷᠭᠡᠳᠭᠡᠨ᠎ᠡ᠃ ᠨᠡᠶᠢᠭᠡᠮ ᠤᠨ ᠳᠤᠰᠠᠯᠠᠮᠵᠢ᠂ ᠨᠡᠶᠢᠭᠡᠮ ᠤᠨ ᠬᠠᠯᠠᠮᠵᠢ᠂ ᠨᠢᠭᠦᠯᠡᠰᠥᠩᠭᠦᠢ ᠦᠢᠯᠡᠰ ᠪᠣᠯᠣᠨ ᠨᠡᠶᠢᠭᠡᠮ ᠤᠨ ᠳᠠᠭᠠᠳᠬᠠᠯ ᠤᠨ ᠬᠤᠭᠤᠷᠣᠨᠳᠣᠬᠢ ᠱᠠᠳᠤᠴᠢᠯᠠᠭᠰᠠᠨ ᠬᠡᠯᠪᠡᠷᠢ ᠶᠢᠨ ᠪᠠᠳᠤᠯᠠᠭᠠᠨ ᠤ ᠳᠦᠷᠢᠮ ᠢ ᠳᠡᠭᠦᠯᠳᠡᠷᠵᠢᠭᠦᠯᠥᠨ᠂ ᠥᠨᠥᠴᠢᠨ ᠨᠠᠰᠥᠲᠠᠨ᠂ ᠥᠨᠥᠴᠢᠨ ᠬᠡᠤᠬᠡᠳ᠂ ᠵᠡᠮᠳᠡᠭ ᠳᠣᠷᠣᠶᠢᠴᠤᠤᠯ ᠤᠨ ᠦᠨᠳᠥᠰᠥᠨ ᠡᠷᠬᠡ ᠠᠰᠢᠭ ᠢ ᠪᠠᠳᠤᠯᠭᠠᠵᠢᠭᠤᠯᠤᠨ᠎ᠠ᠃ ᠠᠯᠪᠠᠨ ᠠᠴᠠ ᠡᠷᠭᠢᠯᠡᠭᠰᠡᠨ ᠨᠡᠶᠢᠭᠡᠮ ᠤᠨ ᠬᠠᠯᠠᠮᠵᠢ ᠶᠢᠨ ᠪᠠᠶᠢᠭᠤᠯᠤᠮᠵᠢ ᠶᠢᠨ ᠬᠥᠭᠵᠢᠯᠲᠡ ᠶᠢ ᠠᠬᠢᠭᠤᠯᠵᠤ᠂ ᠨᠡᠶᠢᠭᠡᠮ ᠤᠨ ᠬᠠᠯᠠᠮᠵᠢ  ᠶᠢᠨ ᠴᠢᠳᠠᠪᠦᠷᠢᠳᠠᠨ ᠢ ᠳᠠᠳᠠᠨ ᠣᠷᠣᠭᠤᠯᠵᠣ᠂ ᠬᠠᠯᠠᠮᠵᠢ ᠶᠢᠨ ᠦᠢᠯᠡᠰ ᠤᠨ ᠡᠷᠡᠭᠦᠯ ᠬᠥᠭᠵᠢᠯᠳᠡ ᠶᠢ ᠳᠥᠯᠬᠢᠨ ᠠᠬᠢᠭᠤᠯᠤᠨ᠎ᠠ᠃ᠵᠢᠷᠭᠤᠳᠤᠭᠠᠷ ᠬᠡᠰᠡᠭ     ᠡᠷᠡᠭᠦᠯ ᠴᠢᠬᠢᠷᠠᠭ ᠡᠷᠢᠶᠡᠨ ᠬᠤᠳᠠ ᠶᠢ ᠪᠠᠶᠢᠭᠤᠯᠬᠤ ᠶᠢ ᠳᠥᠯᠬᠢᠨ ᠠᠬᠢᠭᠤᠯᠤᠨ᠎ᠠ     ᠡᠮ ᠡᠮᠨᠡᠯᠭᠡ ᠡᠷᠡᠭᠦᠯ ᠬᠠᠮᠠᠭᠠᠯᠠᠯ ᠤᠨ ᠰᠢᠰᠲ᠋ᠧᠮ ᠤᠨ ᠥᠭᠡᠷᠡᠴᠢᠯᠡᠯᠲᠡ ᠶᠢ ᠬᠥᠨᠵᠡᠭᠡᠶᠢᠷᠡᠭᠦᠯᠥᠨ᠎ᠡ᠃ ᠠᠯᠪᠠᠨ  ᠠᠴᠠ ᠪᠠᠶᠢᠭᠤᠯᠤᠭᠰᠠᠨ ᠡᠮᠨᠡᠯᠭᠡ ᠶᠢᠨ ᠥᠭᠡᠷᠡᠴᠢᠯᠡᠯᠲᠡ ᠶᠢ ᠳᠦᠷᠭᠡᠳᠭᠡᠵᠥ᠂ ᠰᠢᠨᠵᠢᠯᠡᠬᠦ ᠤᠬᠠᠭᠠᠨᠴᠢ ᠡᠮ ᠡᠮᠨᠡᠯᠭᠡ  ᠶᠢᠨ ᠰᠠᠯᠪᠦᠷᠢ ᠶᠢᠨ ᠬᠢᠨᠠᠨ ᠰᠢᠯᠭᠠᠬᠤ ᠦᠨᠡᠯᠡᠯᠭᠡᠨ ᠤ ᠰᠢᠰᠲ᠋ᠧᠮ ᠪᠣᠯᠣᠨ ᠠᠵᠢᠯ ᠮᠡᠷᠭᠡᠵᠢᠯ ᠤᠨ ᠣᠨᠴᠠᠯᠢᠭ ᠲᠤ ᠳᠣᠬᠢᠷᠠᠭᠰᠠᠨ ᠴᠢᠳᠠᠪᠦᠷᠢᠳᠠᠨ ᠢ ᠡᠯᠰᠡᠬᠦ᠂ ᠰᠤᠷᠭᠠᠨ ᠬᠥᠮᠥᠵᠢᠭᠦᠯᠬᠦ᠂ ᠴᠠᠯᠢᠩᠵᠢᠭᠤᠯᠬᠤ ᠳᠦᠷᠢᠮ ᠢ ᠪᠠᠶᠢᠭᠤᠯᠤᠨ᠎ᠠ᠃ ᠡᠮᠨᠡᠯᠭᠡ ᠶᠢᠨ ᠳᠠᠭᠠᠳᠬᠠᠯ ᠤᠨ ᠳᠥᠯᠥᠪᠦᠷᠢ ᠶᠢᠨ ᠶᠡᠷᠥᠩᠭᠡᠢ ᠬᠡᠮᠵᠢᠶᠡᠨ ᠤ ᠬᠢᠵᠠᠭᠠᠷᠯᠠᠯ ᠳᠣᠣᠷ᠎ᠠ᠂ ᠬᠦᠮᠥᠨ ᠤ ᠲᠤᠭ᠎ᠠ ᠪᠣᠯᠣᠨ ᠡᠪᠡᠳᠴᠢᠨ ᠤ ᠳᠥᠷᠥᠯ ᠢᠶᠠᠷ ᠳᠥᠯᠥᠪᠦᠷᠢ ᠲᠥᠯᠥᠬᠦ ᠵᠡᠷᠭᠡ ᠣᠯᠠᠨ ᠶᠠᠩᠵᠤ ᠶᠢᠨ ᠳᠥᠯᠥᠬᠦ ᠬᠡᠯᠪᠡᠷᠢ  ᠶᠢ ᠡᠭᠦᠳᠴᠥ᠂ ᠡᠮᠨᠡᠯᠭᠡ ᠳᠤ ᠬᠡᠪᠳᠡᠵᠥ ᠡᠮᠴᠢᠯᠡᠬᠦᠯᠬᠦ ᠬᠠᠷᠢᠴᠠᠯ ᠪᠣᠯᠣᠨ ᠤᠳᠠᠭ᠎ᠠ ᠪᠦᠷᠢ ᠶᠢᠨ ᠳᠣᠮᠳᠠᠴᠢ ᠵᠠᠷᠣᠳᠠᠯ  ᠤᠨ ᠬᠡᠳᠥ ᠬᠤᠷᠳᠤᠨ ᠥᠰᠥᠯᠲᠡ ᠶᠢ ᠬᠢᠵᠠᠭᠠᠷᠯᠠᠵᠤ᠂ ᠦᠨᠳᠥᠰᠥᠨ ᠱᠠᠲᠤᠨ ᠤ ᠡᠮ ᠡᠮᠨᠡᠯᠭᠡ ᠶᠢᠨ ᠪᠠᠶᠢᠭᠤᠯᠤᠮᠵᠢ  ᠶᠢᠨ ᠥᠭᠡᠷᠡᠴᠢᠯᠡᠯᠲᠡ ᠶᠢ ᠴᠢᠩᠭᠠᠳᠬᠠᠵᠤ᠂ ᠠᠵᠢᠯ ᠤᠨ ᠪᠠᠶᠢᠷᠢ ᠪᠠᠷ ᠠᠵᠢᠯᠯᠠᠬᠤ ᠣᠷᠣᠨ ᠳᠤᠭ᠎ᠠ ᠶᠢ ᠳᠣᠭᠳᠠᠭᠠᠬᠤ ᠪᠦᠷᠢᠨ ᠡᠷᠭᠡᠳᠥ ᠠᠵᠢᠯ ᠳᠤ ᠡᠯᠰᠡᠬᠦ ᠳᠦᠷᠢᠮ ᠪᠣᠯᠣᠨ ᠡᠷᠡᠭᠦᠯ ᠬᠠᠮᠠᠭᠠᠯᠠᠯ   ᠤᠨ ᠬᠤᠷᠢᠶ᠎ᠠ᠂ ᠳᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠯᠭᠡᠨ ᠤ ᠲᠥᠪ ᠤᠨ ᠬᠠᠷᠢᠭᠤᠴᠠᠯᠭᠠᠳᠠᠨ ᠢ ᠡᠯᠰᠡᠨ ᠳᠣᠮᠢᠯᠠᠬᠤ ᠳᠦᠷᠢᠮ ᠢ ᠬᠡᠷᠡᠭᠵᠢᠭᠦᠯᠵᠥ ᠂ ᠠᠵᠢᠯᠯᠠᠭᠰᠠᠨ ᠤ ᠬᠢᠷᠢ ᠪᠠᠷ ᠴᠠᠯᠢᠩᠵᠢᠭᠤᠯᠬᠤ ᠶᠢ ᠠᠯᠭᠤᠷ ᠪᠡᠶᠡᠯᠡᠭᠦᠯᠥᠨ᠎ᠡ᠃      ᠤᠯᠠᠨ ᠨᠡᠶᠢᠳᠡ ᠶᠢᠨ ᠡᠷᠡᠭᠦᠯ ᠮᠡᠨᠳᠥ ᠶᠢᠨ ᠦᠢᠯᠡᠴᠢᠯᠡᠯᠭᠡᠨ ᠤ ᠰᠢᠰᠲ᠋ᠧᠮ ᠢ ᠳᠡᠭᠦᠯᠳᠡᠷᠵᠢᠭᠦᠯᠥᠨ᠎ᠡ᠃ ᠬᠥᠨᠳᠥ ᠬᠡᠴᠡᠭᠦᠥ ᠡᠪᠡᠳᠴᠢᠨ ᠠᠴᠠ ᠰᠡᠷᠭᠡᠶᠢᠯᠡᠬᠦ ᠵᠡᠷᠭᠡ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠳᠤᠰᠬᠠᠢ ᠦᠢᠯᠡᠴᠢᠯᠡᠯᠭᠡᠨ ᠤ ᠳᠣᠣᠷ ᠰᠦᠯᠵᠢᠶ᠎ᠡ ᠶᠢ ᠪᠠᠶᠢᠭᠤᠯᠤᠨ᠂ ᠡᠪᠡᠳᠴᠢᠨ ᠠᠴᠠ ᠤᠷᠢᠳᠴᠢᠯᠠᠨ ᠰᠡᠷᠭᠡᠶᠢᠯᠡᠬᠦ᠂ ᠰᠡᠳᠬᠢᠴᠡ ᠶᠢᠨ ᠡᠷᠡᠭᠦᠯ ᠬᠠᠮᠠᠭᠠᠯᠠᠯ᠂ ᠡᠬᠡ ᠨᠢᠯᠬᠠᠰ ᠤᠨ ᠡᠷᠡᠭᠦᠯ ᠮᠡᠨᠳᠥ ᠪᠣᠯᠣᠨ ᠳᠥᠯᠥᠪᠯᠡᠭᠡᠳᠥ ᠲᠥᠷᠥᠯᠳᠡ᠂ ᠴᠢᠰᠥ ᠬᠠᠩᠭᠠᠯᠳᠠ᠂ ᠡᠷᠡᠭᠦᠯ ᠮᠡᠨᠳᠥ ᠶᠢᠨ ᠰᠤᠷᠭᠠᠨ ᠬᠥᠮᠥᠵᠢᠯ ᠵᠡᠷᠭᠡ ᠪᠠᠶᠢᠭᠤᠯᠤᠮᠵᠢ ᠶᠢᠨ ᠪᠠᠶᠢᠭᠤᠯᠤᠯᠲᠠ ᠶᠢ ᠭᠤᠣᠯᠳᠠᠯᠭ᠎ᠠ ᠲᠠᠢ ᠴᠢᠩᠭᠠᠳᠬᠠᠨ᠂ ᠬᠦᠮᠥᠨ ᠳᠤᠮᠳᠠᠴᠢ ᠶᠢᠨ ᠦᠨᠳᠥᠰᠥᠨ ᠣᠯᠠᠨ ᠨᠡᠶᠢᠲᠡ ᠶᠢᠨ ᠡᠷᠡᠭᠦᠯ ᠬᠠᠮᠠᠭᠠᠯᠠᠯ  ᠤᠨ ᠦᠢᠯᠡᠴᠢᠯᠡᠭᠡᠨ ᠤ ᠵᠠᠷᠣᠳᠠᠯ ᠶᠢᠨ ᠪᠠᠷᠢᠮᠵᠢᠶ᠎ᠠ ᠶᠢ ᠠᠭᠠᠵᠢᠮ ᠢᠶᠠᠷ ᠳᠡᠭᠡᠭᠰᠢᠯᠡᠬᠦᠯᠵᠥ᠂ ᠪᠠᠶᠢᠩᠭᠤ ᠤᠷᠤᠰᠢᠨ ᠰᠠᠭᠤᠭᠴᠢ ᠬᠦᠮᠥᠨ ᠠᠮᠠ ᠳᠤ ᠵᠣᠷᠢᠭᠤᠯᠤᠭᠰᠠᠨ ᠦᠨᠳᠥᠰᠥᠨ ᠣᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠦᠢᠯᠡᠴᠢᠯᠡᠯᠭᠡᠨ ᠤ ᠲᠥᠷᠥᠯ ᠵᠦᠢᠯ ᠢ ᠨᠡᠮᠡᠭᠳᠡᠭᠦᠯᠵᠥ᠂ ᠦᠨᠳᠥᠰᠥᠨ ᠣᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠦᠢᠯᠡᠴᠢᠯᠡᠯᠭᠡᠨ ᠤ ᠬᠦᠢᠴᠡᠳ ᠪᠦᠷᠭᠦᠵᠢᠯᠳᠡ ᠶᠢ ᠪᠡᠶᠡᠯᠡᠭᠦᠯᠥᠨ᠎ᠡ᠃ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠭᠡᠨᠡᠳᠳᠡ ᠶᠢᠨ ᠴᠢᠨᠠᠷᠳᠠᠢ ᠬᠡᠷᠡᠭ ᠢ ᠰᠢᠢᠳᠪᠦᠷᠢᠯᠡᠬᠦ ᠵᠢᠴᠢ ᠬᠥᠨᠳᠥ ᠬᠡᠴᠡᠭᠦᠥ ᠡᠪᠡᠳᠴᠢᠨ ᠤ ᠰᠡᠷᠭᠡᠶᠢᠯᠡᠯᠲᠡ ᠶᠢᠨ ᠳᠣᠭᠳᠠᠯᠴᠠᠭ᠎ᠠ ᠶᠢ ᠳᠡᠭᠦᠯᠳᠡᠷᠵᠢᠭᠦᠯᠵᠥ᠂ ᠬᠥᠨᠳᠥ ᠬᠡᠴᠡᠭᠦᠥ᠂ ᠰᠢᠨ᠎ᠡ ᠪᠠᠷ ᠪᠤᠢ ᠪᠤᠯᠤᠭᠰᠠᠨ᠂ ᠬᠠᠯᠳᠠᠪᠦᠷᠢᠯᠠᠬᠤ ᠴᠢᠨᠠᠷᠳᠠᠢ ᠵᠢᠴᠢ ᠰᠢᠯᠳᠠᠭᠠᠨ ᠤᠴᠢᠷ ᠨᠢ ᠳᠣᠳᠣᠷᠬᠠᠢ ᠦᠭᠡᠢ ᠬᠠᠯᠳᠠᠪᠦᠷᠢᠳᠤ ᠡᠪᠡᠳᠴᠢᠨ ᠤ ᠬᠢᠵᠠᠭᠠᠷᠯᠠᠯᠲᠠ ᠶᠢ ᠴᠢᠩᠭᠠᠳᠬᠠᠨ᠂ ᠪᠠᠴᠢᠮ ᠪᠠᠶᠢᠳᠠᠯ ᠢ ᠠᠷᠭᠠᠴᠠᠬᠤ ᠰᠤᠷᠭᠠᠯᠳᠠ ᠪᠣᠯᠪᠠᠰᠤᠷᠠᠭᠤᠯᠤᠯᠳᠠ ᠶᠢ ᠴᠢᠩᠭᠠᠳᠬᠠᠨ᠂ ᠪᠠᠴᠢᠮ ᠪᠠᠶᠢᠳᠠᠯ ᠠᠷᠭᠠᠴᠠᠬᠤ ᠰᠣᠷᠢᠯᠳᠠ ᠵᠣᠬᠢᠶᠠᠨ ᠪᠠᠶᠢᠭᠤᠯᠵᠤ᠂ ᠣᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠤᠷᠢᠳᠴᠢᠯᠠᠨ ᠰᠡᠷᠡᠮᠵᠢᠭᠦᠯᠬᠦ ᠪᠣᠯᠣᠨ ᠭᠡᠨᠡᠳᠳᠡ ᠶᠢᠨ ᠬᠡᠷᠡᠭ ᠢ ᠰᠢᠢᠳᠪᠦᠷᠢᠯᠡᠬᠦ ᠴᠢᠳᠠᠪᠦᠷᠢ ᠶᠢ ᠳᠡᠭᠡᠭᠰᠢᠯᠡᠭᠦᠯᠥᠨ᠎ᠡ᠃ ᠡᠷᠡᠭᠦᠯ ᠴᠢᠬᠢᠷᠠᠭ ᠤᠨ ᠰᠤᠷᠭᠠᠨ ᠬᠥᠮᠥᠵᠢᠯ ᠢ ᠶᠡᠭᠡ ᠪᠠᠷ ᠥᠷᠨᠢᠭᠦᠯᠵᠥ᠂ ᠡᠷᠡᠭᠦᠯ ᠴᠢᠬᠢᠷᠠᠭ ᠪᠣᠯᠪᠠᠰᠣᠨ ᠠᠮᠢᠳᠣᠷᠠᠯ  ᠤᠨ ᠳᠠᠳᠬᠠᠯ ᠢ ᠤᠬᠠᠭᠤᠯᠤᠨ᠂ ᠠᠷᠠᠳ ᠢᠷᠭᠡᠳ ᠤᠨ ᠡᠷᠡᠭᠦᠯ ᠴᠢᠬᠢᠷᠠᠭ ᠤᠨ ᠦᠵᠡᠯ ᠤᠬᠠᠮᠰᠠᠷ ᠪᠣᠯᠣᠨ ᠦᠪᠡᠷ ᠢ  ᠪᠠᠨ ᠴᠢᠬᠢᠷᠠᠭᠵᠢᠭᠤᠯᠬᠤ ᠴᠢᠳᠠᠪᠦᠷᠢ ᠶᠢ ᠳᠡᠭᠡᠭᠰᠢᠯᠡᠭᠦᠯᠥᠨ᠂ ᠤᠯᠤᠰ ᠢᠶᠠᠨ ᠬᠠᠶᠢᠷᠠᠯᠠᠬᠤ ᠡᠷᠡᠭᠦᠯ  ᠬᠠᠮᠠᠭᠠᠯᠠᠯ ᠤᠨ ᠬᠥᠳᠡᠯᠭᠡᠭᠡᠨ ᠢ ᠥᠷᠨᠢᠭᠦᠯᠥᠨ᠎ᠡ᠃2020 ᠣᠨ ᠪᠤᠯᠬᠤ ᠳᠤ᠂ ᠬᠥᠮᠥᠨ ᠳᠤᠮᠳᠠᠴᠢ ᠵᠢᠨ‌‍ᠲ᠋ᠥ᠋ᠰᠥᠪᠯᠡᠭᠰᠡᠨ ᠨᠠᠰᠣᠨ ᠤ ᠬᠢᠵᠠᠭᠠᠷ 76 ᠣᠷᠴᠢᠮ ᠳᠤ ᠬᠦᠷᠴᠥ᠂ 5 ᠨᠠᠰᠣ ᠠᠴᠠ ᠳᠣᠷᠣᠭᠰᠢ ᠨᠢᠯᠬ᠎ᠠ ᠬᠡᠣᠬᠡᠳ ᠤᠨ ᠥᠬᠦᠯᠳᠡ ᠶᠢᠨ ᠨᠣᠷᠮ᠎ᠠ  ᠶᠢ 7‰ ᠳᠣᠳᠣᠷ᠎ᠠ ᠬᠢᠵᠠᠭᠠᠷᠯᠠᠵᠤ᠂ ᠳᠥᠷᠥᠬᠦ ᠶᠢᠨ ᠣᠯᠠᠮ ᠠᠴᠠ ᠥᠬᠦᠬᠦ ᠨᠣᠷᠮ᠎ᠠ ᠶᠢ15/10 ᠲᠦᠮᠡ ᠠᠴᠠ ᠳᠣᠷᠣᠭᠰᠢ ᠬᠡᠮᠵᠢᠶᠡᠨ ᠳᠤ ᠬᠢᠵᠠᠭᠠᠷᠯᠠᠵᠤ᠂ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠡᠷᠡᠭᠦᠯ ᠴᠢᠬᠢᠷᠠᠭ ᠤᠨ ᠡᠯᠧᠺᠲᠷᠥᠨ ᠳᠠᠩᠰᠠ ᠶᠢ ᠳᠦᠷᠢᠮᠵᠢᠭᠦᠯᠥᠨ ᠪᠠᠶᠢᠭᠤᠯᠤᠭᠰᠠᠨ ᠨᠣᠷᠮ᠎ᠠ ᠶᠢ 80% ᠬᠤᠪᠢ ᠳᠤ ᠬᠦᠷᠭᠡᠨ᠎ᠡ᠃        ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠰᠢᠰᠲ᠋ᠧᠮ ᠢ ᠳᠡᠭᠦᠯᠳᠡᠷᠵᠢᠭᠦᠯᠥᠨ᠎ᠡ᠃ ᠬᠤᠳᠠ ᠶᠢᠨ ᠡᠮᠨᠡᠯᠭᠡ᠂ ᠮᠣᠩᠭᠤᠯ ᠬᠢᠳᠠᠳ ᠡᠮᠨᠡᠯᠭᠡ᠂ ᠡᠬᠡ ᠨᠢᠯᠬᠠᠰ ᠤᠨ ᠡᠷᠡᠭᠦᠯ ᠬᠠᠮᠠᠭᠠᠯᠠᠯ ᠤᠨ ᠡᠮᠨᠡᠯᠭᠡ ᠶᠢᠨ ᠪᠦᠳᠥᠭᠡᠨ ᠪᠠᠶᠢᠭᠤᠯᠤᠯᠳᠠ ᠶᠢ ᠳᠦᠷᠭᠡᠳᠭᠡᠨ᠂ ᠨᠡᠶᠢᠭᠡᠮ ᠤᠨ ᠡᠬᠢ ᠪᠠᠶᠠᠯᠢᠭ ᠢ ᠳᠠᠳᠠᠨ ᠣᠷᠣᠭᠤᠯᠵᠤ ᠳᠤᠰᠬᠠᠢ ᠮᠡᠷᠭᠡᠵᠢᠯ ᠤᠨ ᠡᠮᠨᠡᠯᠭᠡ ᠶᠢᠨ ᠪᠠᠶᠢᠭᠤᠯᠤᠯᠳᠠ ᠶᠢ ᠠᠬᠢᠭᠤᠯᠤᠨ᠂ ᠬᠤᠳᠠ ᠶᠢᠨ ᠰᠢᠨ᠎ᠡ ᠮᠠᠶ᠋ᠢᠭ ᠤᠨ ᠡᠮ ᠡᠮᠨᠡᠯᠭᠡ ᠡᠷᠡᠭᠦᠯ ᠬᠠᠮᠠᠭᠠᠯᠠᠯ  ᠤᠨ ᠦᠢᠯᠡᠴᠢᠯᠡᠭᠡᠨ ᠤ ᠰᠢᠰᠲ᠋ᠧᠮ ᠢ ᠳᠡᠭᠦᠯᠳᠡᠷᠵᠢᠭᠦᠯᠥᠨ᠎ᠡ᠃ ᠮᠣᠩᠭᠤᠯ ᠬᠢᠳᠠᠳ ᠡᠮᠨᠡᠯᠭᠡ ᠶᠢᠨ ᠳᠤᠰᠬᠠᠢ ᠮᠡᠷᠭᠡᠵᠢᠯᠳᠡᠨ ᠢ ᠬᠦᠮᠥᠵᠢᠭᠦᠯᠬᠦ ᠬᠦᠴᠦᠯᠡᠴᠡ ᠪᠠᠨ ᠨᠡᠮᠡᠭᠳᠡᠭᠦᠯᠵᠥ᠂ ᠬᠢᠳᠠᠳ ᠮᠣᠩᠭᠤᠯ ᠡᠮ ᠡᠮᠨᠡᠯᠭᠡ ᠶᠢᠨ ᠦᠢᠯᠡᠴᠢᠯᠡᠯᠭᠡᠨ ᠤ ᠠᠭᠤᠯᠭ᠎ᠠ ᠶᠢ ᠪᠠᠶᠠᠯᠢᠭᠵᠢᠭᠤᠯᠵᠤ᠂  ᠪᠦᠬᠦᠯᠢ ᠴᠤᠭᠴᠠ ᠶᠢᠨ ᠦᠢᠯᠡᠴᠢᠯᠡᠯᠭᠡᠨ ᠤ ᠳᠥᠪᠰᠢᠨ ᠢ ᠳᠡᠭᠡᠭᠰᠢᠯᠡᠭᠦᠯᠥᠨ᠎ᠡ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠰᠠᠯᠪᠦᠷᠢ ᠶᠢᠨ ᠦᠢᠯᠡᠴᠢᠯᠡᠯᠭᠡᠨ ᠤ ᠠᠵᠢᠯ ᠤᠨ ᠵᠣᠬᠢᠶᠠᠨ ᠪᠠᠶᠢᠭᠤᠯᠤᠯᠲᠠ ᠶᠢ ᠴᠢᠩᠭᠠᠳᠬᠠᠨ᠂ ᠡᠮᠨᠡᠯᠭᠡ ᠳᠤ ᠬᠡᠪᠳᠡᠵᠥ ᠡᠮᠴᠢᠯᠡᠬᠦᠯᠬᠦ ᠶᠢ ᠬᠠᠷᠢᠭᠤᠴᠠᠭᠰᠠᠨ ᠡᠮᠴᠢ᠂ ᠳᠤᠰᠬᠠᠢ ᠮᠡᠷᠭᠡᠵᠢᠯ ᠤᠨ ᠡᠮᠴᠢ ᠪᠣᠯᠣᠨ ᠪᠦᠬᠦ ᠰᠠᠯᠪᠦᠷᠢ ᠳᠤ ᠨᠡᠪᠳᠡᠷᠬᠡᠢ ᠡᠮᠴᠢ ᠶᠢ ᠭᠤᠣᠯᠳᠠᠯᠭ᠎ᠠ ᠲᠠᠢ ᠬᠥᠮᠥᠵᠢᠭᠦᠯᠵᠥ᠂ ᠵᠠᠰᠠᠯ  ᠤᠨ ᠡᠮᠴᠢ ᠶᠢᠨ ᠶᠡᠷᠥᠩᠭᠡᠢ ᠪᠣᠯᠪᠠᠰᠤᠷᠠᠯ ᠢ ᠳᠡᠭᠡᠭᠰᠢᠯᠡᠭᠦᠯᠵᠥ᠂ ᠡᠷᠡᠭᠦᠯ ᠬᠠᠮᠠᠭᠠᠯᠠᠯ ᠤᠨ ᠰᠠᠯᠪᠦᠷᠢ ᠶᠢᠨ ᠮᠡᠷᠭᠡᠵᠢᠯᠳᠡᠨ  ᠤ ᠵᠦᠢ ᠵᠤᠬᠢᠰᠲᠠᠢ ᠰᠢᠯᠵᠢᠯᠳᠡ ᠵᠢᠴᠢ ᠣᠯᠠᠨ ᠭᠠᠵᠠᠷ ᠡᠮᠴᠢᠯᠡᠬᠦ ᠶᠢ ᠤᠳᠤᠷᠢᠳᠤᠨ ᠳᠠᠭᠠᠭᠤᠯᠵᠤ᠂ ᠡᠯ᠎ᠡ ᠲᠥᠷᠥᠯ  ᠤᠨ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠠᠵᠢᠯ ᠬᠤᠪᠢᠶᠠᠷᠢᠯᠠᠯᠲᠠ ᠵᠣᠬᠢᠰᠲᠠᠢ ᠬᠠᠷᠢᠯᠴᠠᠨ ᠬᠠᠮᠳᠤᠷᠠᠯᠴᠠᠭᠰᠠᠨ ᠳᠤᠭᠳᠠᠯᠴᠠᠭ᠎ᠠ ᠶᠢ ᠪᠤᠢ ᠪᠤᠯᠭᠠᠵᠤ᠂ ᠡᠮ ᠡᠮᠨᠡᠯᠭᠡ ᠡᠷᠡᠭᠦᠯ ᠬᠠᠮᠠᠭᠠᠯᠠᠯ ᠤᠨ ᠰᠠᠯᠪᠦᠷᠢ ᠶᠢᠨ ᠦᠢᠯᠡᠴᠢᠯᠡᠯᠭᠡᠨ ᠤ ᠰᠢᠰᠲ᠋ᠧᠮ ᠤᠨ ᠴᠢᠳᠠᠪᠬᠢ ᠪᠣᠯᠣᠨ ᠳᠥᠪᠰᠢᠨ ᠢ ᠳᠠᠰᠠᠤᠷᠠᠯᠳᠠ ᠦᠭᠡᠢ ᠳᠡᠭᠡᠭᠰᠢᠯᠡᠭᠦᠯᠥᠨ᠎ᠡ᠃ ᠨᠡᠶᠢᠭᠡᠮ ᠤᠨ ᠳᠤᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠯᠭᠡᠨ ᠤ ᠵᠠᠭᠪᠦᠷ ᠢ ᠰᠢᠨᠡᠴᠢᠯᠡᠨ ᠳᠡᠭᠦᠯᠳᠡᠷᠵᠢᠭᠦᠯᠵᠥ᠂ ᠡᠷᠥᠬᠡ ᠶᠢᠨ ᠡᠮᠴᠢ᠂ ᠡᠷᠥᠬᠡ ᠶᠢᠨ ᠡᠮᠴᠢᠯᠡᠬᠦ ᠣᠷᠣ ᠶᠢᠨ ᠳᠦᠷᠢᠮ ᠤᠨ ᠳᠤᠷᠰᠢᠬᠤ ᠴᠡᠭ ᠢ ᠪᠠᠶᠢᠭᠤᠯᠵᠤ᠂ ᠠᠩᠬᠠᠯᠠᠨ ᠡᠷᠥᠬᠡ ᠶᠢᠨ ᠡᠮᠴᠢ ᠪᠠᠷ ᠣᠨᠣᠰᠢᠯᠠᠭᠤᠯᠬᠤ ᠳᠦᠷᠢᠮ ᠪᠣᠯᠣᠨ ᠡᠮᠨᠡᠯᠭᠡ ᠶᠢᠨ ᠳᠠᠭᠠᠳᠬᠠᠯ ᠨᠢ ᠳᠠᠭᠠᠳᠬᠠᠯ ᠳᠤ ᠬᠠᠮᠤᠷᠠᠭᠤᠯᠤᠭᠰᠠᠨ ᠬᠥᠮᠥᠨ ᠤ ᠳᠤᠭ᠎ᠠ ᠪᠠᠷ ᠳᠥᠯᠥᠪᠦᠷᠢ ᠳᠥᠯᠥᠬᠦ ᠵᠡᠷᠭᠡ ᠠᠰᠢᠭᠳᠠᠢ ᠬᠡᠯᠪᠡᠷᠢ ᠶᠢ ᠰᠥᠪᠡᠭᠴᠢᠯᠡᠨ᠎ᠡ᠃ ᠬᠤᠣᠰ ᠴᠢᠭᠯᠡᠯ ᠤᠨ ᠰᠢᠯᠵᠢᠭᠦᠯᠥᠨ ᠣᠨᠣᠰᠢᠯᠠᠬᠤ ᠳᠥᠷᠢᠮ ᠢ ᠬᠡᠷᠡᠭᠵᠢᠭᠦᠯᠵᠥ᠂ ᠦᠨᠳᠥᠰᠥᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠳᠤ ᠬᠠᠷᠭᠠᠯᠵᠠᠭᠰᠠᠨ ᠡᠷᠡᠭᠦᠯᠵᠢᠬᠦ ᠤᠷᠤ ᠶᠢ ᠪᠠᠶᠢᠷᠢᠯᠠᠭᠤᠯᠵᠤ᠂ ᠡᠮᠨᠡᠯᠭᠡ ᠶᠢᠨ ᠳᠠᠭᠠᠳᠬᠠᠯ ᠤᠨ ᠬᠠᠮᠢᠶᠠᠷᠣᠯᠲᠠ ᠶᠢᠨ ᠬᠡᠪᠴᠢᠶᠡᠨ ᠳᠤ ᠬᠠᠮᠤᠷᠤᠨ ᠤᠷᠤᠭᠤᠯᠣᠨ᠎ᠠ᠃ ᠠᠯᠤᠰ ᠠᠴᠠ ᠡᠮᠴᠢᠯᠡᠬᠦ ᠦᠢᠯᠡᠴᠢᠯᠡᠭᠡ ᠶᠢ ᠶᠡᠭᠡ ᠪᠠᠷ ᠬᠥᠭᠵᠢᠭᠦᠯᠵᠥ᠂ ᠰᠢᠯᠢᠳᠡᠭ ᠡᠮ ᠡᠮᠨᠡᠯᠭᠡ ᠶᠢᠨ ᠡᠬᠢ ᠰᠣᠷᠪᠣᠯᠵᠢ ᠶᠢ ᠬᠠᠮᠳᠤ ᠪᠠᠷ ᠡᠳ᠋ᠯᠡᠨ᠎ᠡ᠃           2020 ᠣᠨ ᠪᠣᠯᠬᠤ ᠳᠤ᠂ ᠮᠢᠩᠭᠠᠨ ᠬᠥᠮᠥᠨ ᠪᠦᠷᠢ ᠳᠤ ᠨᠣᠭᠳᠠᠬᠤ ᠡᠷᠡᠭᠦᠯ ᠬᠠᠮᠠᠭᠠᠯᠠᠯ ᠤᠨ ᠪᠠᠶᠢᠭᠤᠯᠤᠮᠵᠢ  ᠶᠢᠨ ᠤᠷᠤᠨ ᠤ ᠳᠤᠭ᠎ᠠ ᠨᠢ 5.5 ᠪᠣᠯᠵᠣ᠂ ᠮᠢᠩᠭᠠᠨ ᠬᠥᠮᠥᠨ ᠪᠦᠷᠢ ᠳᠤ ᠨᠣᠭᠳᠠᠬᠤ ᠠᠵᠢᠯ ᠮᠡᠷᠭᠡᠵᠢᠯ ᠤᠨ ᠡᠮᠴᠢ  ᠶᠢᠨ ᠳᠤᠭ᠎ᠠ 6 ᠬᠥᠮᠥᠨ ᠳᠤ ᠬᠦᠷᠥᠨ᠎ᠡ᠃     ᠬᠦᠨᠡᠰᠥ ᠡᠮ ᠤᠨ ᠪᠦᠳᠥᠭᠡᠭᠳᠡᠭᠦᠨ ᠤ ᠠᠮᠣᠷ ᠳᠥᠪᠰᠢᠨ ᠢ ᠬᠢᠨᠠᠨ ᠬᠠᠮᠢᠶᠠᠷᠤᠬᠤ ᠬᠦᠴᠦᠯᠡᠴ᠊ ‍ᠡ ᠪᠠᠨ ᠴᠢᠩᠭᠠᠳᠬᠠᠨ᠎ᠠ᠃ ᠬᠦᠨᠡᠰᠥ ᠢᠳᠡᠭᠡᠨ ᠤ ᠠᠮᠥᠷ ᠳᠥᠪᠰᠢᠨ ᠢ ᠬᠢᠨᠠᠨ ᠬᠠᠮᠢᠶᠠᠷᠤᠬᠤ ᠠᠷᠭ᠎ᠠ ᠬᠡᠮᠵᠢᠶ᠎ᠡ ᠶᠢ ᠠᠯᠢ ᠪᠣᠯᠬᠤᠷ ᠬᠤᠷᠳᠤᠨ ᠳᠣᠭᠳᠠᠭᠠᠨ᠂ ᠦᠨᠳᠥᠰᠥᠳᠡᠨ ᠤ ᠣᠨᠴᠠᠯᠢᠭ ᠪᠦᠬᠦᠢ ᠢᠳᠡᠭᠡᠨ ᠤᠮᠳᠠᠭᠠᠨ ᠤ ᠠᠮᠤᠷ ᠳᠥᠪᠰᠢᠨ  ᠤ ᠭᠠᠵᠠᠷ ᠣᠷᠣᠨ ᠤ ᠪᠠᠷᠢᠮᠵᠢᠶ᠎ᠠ᠂ ᠵᠢᠵᠢᠭ ᠭᠠᠷ ᠦᠢᠯᠡᠳᠪᠦᠷᠢ ᠶᠢᠨ ᠦᠢᠯᠡᠳᠪᠦᠷᠢᠯᠡᠵᠥ ᠪᠣᠯᠪᠠᠰᠤᠷᠠᠭᠤᠯᠬᠤ ᠳᠦᠷᠢᠮᠵᠢᠯ ᠢ ᠰᠤᠳᠤᠯᠤᠨ ᠳᠤᠭᠳᠠᠭᠠᠵᠤ᠂ ᠮᠠᠯ ᠠᠮᠢᠳᠠᠨ ᠵᠢᠭᠦᠷᠳᠡᠨ ᠢ ᠳᠣᠭᠳᠠᠭᠰᠠᠨ ᠭᠠᠵᠠᠷ ᠠᠯᠠᠵᠤ ᠡᠳ᠋ᠰᠢᠭᠦᠯᠥᠨ ᠵᠠᠬ᠎ᠠ ᠳᠡᠯᠭᠡᠭᠦᠷ ᠲᠤ ᠤᠷᠤᠭᠤᠯᠬᠤ ᠪᠠᠷᠢᠮᠵᠢᠶ᠎ᠠ ᠶᠢ ᠳᠣᠭᠳᠠᠭᠠᠬᠤ ᠪᠣᠯᠣᠨ ᠬᠤᠣᠷ ᠦᠭᠡᠢ ᠰᠢᠢᠳᠪᠦᠷᠢᠯᠡᠯᠲᠡ ᠶᠢ ᠴᠢᠩᠭ᠎ᠠ ᠬᠡᠷᠡᠭᠵᠢᠭᠦᠯᠥᠨ᠂ ᠬᠦᠨᠡᠰᠥ ᠢᠳᠡᠭᠡᠨ ᠤ ᠤᠭ ᠭᠠᠷᠤᠯᠳᠠ ᠶᠢᠨ ᠣᠷᠣᠨ ᠢ ᠬᠠᠶᠢᠵᠤ ᠪᠤᠯᠬᠤᠶᠢᠴᠠ ᠳᠥᠷᠢᠮ ᠪᠣᠯᠣᠨ ᠴᠢᠨᠠᠷ ᠴᠢᠨᠰᠠᠭ᠎ᠠ ᠶᠢ ᠢᠯᠭᠠᠨ ᠳᠠᠨᠢᠬᠤ ᠳᠦᠷᠢᠮ ᠤᠨ ᠪᠠᠶᠢᠭᠤᠯᠤᠯᠳᠠ ᠢ ᠠᠬᠢᠭᠤᠯᠤᠨ᠂ ᠬᠦᠨᠡᠰᠥ ᠡᠮ ᠤᠨ ᠴᠢᠨᠠᠷ ᠤᠨ ᠠᠮᠣᠷ ᠳᠥᠪᠰᠢᠨ ᠢ ᠰᠣᠭᠤᠯᠣᠨ ᠪᠠᠶᠢᠴᠠᠭᠠᠬᠤ ᠠᠵᠢᠯ ᠢ ᠴᠢᠩᠭᠠᠳᠬᠠᠨ᠂ ᠬᠦᠨᠡᠰᠥ ᠡᠮ ᠤᠨ ᠪᠦᠳᠥᠭᠡᠭᠳᠡᠭᠦᠨ ᠢ ᠬᠢᠨᠠᠨ ᠬᠠᠮᠢᠶᠠᠷᠣᠬᠤ ᠳᠥᠷᠢᠮ ᠢ ᠤᠯᠠᠮ ᠨᠢᠭᠡ ᠠᠯᠬᠤᠮ ᠳᠡᠭᠦᠯᠳᠡᠷᠵᠢᠭᠦᠯᠥᠨ᠎ᠡ᠃ ᠬᠦᠨᠡᠰᠥ ᠢᠳᠡᠭᠡᠨ ᠡᠮ ᠤᠨ ᠪᠦᠳᠥᠭᠡᠭᠳᠡᠭᠦᠨ ᠤ ᠠᠮᠣᠷ ᠳᠥᠪᠰᠢᠨ ᠢ ᠬᠠᠮᠠᠭᠠᠯᠠᠬᠤ ᠪᠠᠴᠢᠮ ᠪᠠᠶᠢᠳᠠᠯ ᠢ ᠠᠷᠭᠠᠴᠠᠬᠤ ᠪᠣᠯᠣᠨ ᠪᠠᠶᠢᠴᠠᠭᠠᠵᠤ ᠰᠢᠢᠳᠪᠦᠷᠢᠯᠡᠬᠦ ᠳᠣᠭᠳᠠᠯᠴᠠᠭ᠎ᠠ ᠶᠢ ᠪᠠᠶᠢᠭᠤᠯᠵᠤ᠂ ᠪᠠᠴᠢᠮ ᠪᠠᠶᠢᠳᠠᠯ ᠢ ᠠᠷᠭᠠᠴᠠᠬᠤ ᠤᠳᠤᠷᠢᠳᠤᠯᠭ᠎ᠠ ᠪᠣᠯᠣᠨ ᠠᠪᠦᠷᠠᠯᠳᠠ ᠶᠢᠨ ᠰᠢᠰᠲ᠋ᠧᠮ ᠢ ᠳᠡᠭᠦᠯᠳᠡᠷᠵᠢᠭᠦᠯᠥᠨ᠎ᠡ᠃ ᠵᠠᠭᠠᠯᠳᠤᠬᠤ ᠭᠤᠮᠤᠳᠠᠯ ᠭᠠᠷᠭᠠᠬᠤ ᠳᠥᠪ ᠢ ᠪᠠᠶᠢᠭᠤᠯᠵᠤ᠂ ᠱᠠᠩᠨᠠᠯᠳᠤ ᠵᠠᠭᠠᠯᠳᠤᠯᠭ᠎ᠠ ᠶᠢᠨ ᠳᠦᠷᠢᠮ ᠢ ᠬᠡᠷᠡᠭᠵᠢᠭᠦᠯᠵᠥ᠂ ᠬᠦᠨᠡᠰᠥ ᠢᠳᠡᠭᠡᠨ ᠡᠮ ᠤᠨ ᠪᠦᠳᠥᠭᠡᠭᠳᠡᠭᠦᠨ ᠤ ᠠᠮᠣᠷ ᠳᠥᠪᠰᠢᠨ ᠢ ᠰᠠᠮᠤᠷᠠᠭᠤᠯᠤᠭᠰᠠᠨ ᠬᠡᠷᠡᠭ ᠢ ᠵᠠᠭᠠᠯᠳᠤᠨ ᠮᠡᠳᠡᠭᠦᠯᠬᠦ ᠠᠵᠢᠯ ᠢ ᠳᠦᠷᠢᠮᠵᠢᠭᠦᠯᠥᠨ᠎ᠡ᠃2020 ᠣᠨ ᠪᠤᠯᠬᠤ ᠳᠤ  ᠬᠦᠨᠡᠰᠥ ᠡᠮ ᠤᠨ ᠠᠮᠣᠷ ᠳᠥᠪᠰᠢᠨ ᠤ ᠬᠢᠨᠠᠨ ᠬᠠᠮᠢᠶᠠᠷᠣᠯᠳᠠ᠂ ᠰᠡᠷᠭᠡᠶᠢᠯᠡᠯᠳᠡ᠂ ᠰᠢᠢᠳᠪᠦᠷᠢᠯᠡᠯᠲᠡ ᠶᠢᠨ ᠪᠦᠷᠢᠨ ᠳᠡᠭᠦᠯᠳᠡᠷ ᠳᠣᠭᠳᠠᠯᠴᠠᠭ᠎ᠠ ᠶᠢ ᠦᠨᠳᠥᠰᠥᠨ ᠳᠡᠭᠡᠨ ᠪᠠᠶᠢᠭᠤᠯᠵᠤ᠂ ᠢᠳᠡᠭᠡᠨ ᠤᠮᠳᠠᠭᠠᠨ ᠤ ᠵᠢᠯ ᠳᠤ ᠰᠤᠭᠤᠯᠤᠨ ᠪᠠᠶᠢᠴᠠᠭᠠᠭᠰᠠᠨ ᠶᠠᠩᠵᠤ ᠶᠢᠨ ᠬᠡᠮᠵᠢᠶ᠎ᠡ ᠶᠢ4/1 ᠮᠢᠩᠭᠠᠨ ᠬᠥᠮᠥᠨ ᠤ ᠬᠡᠮᠵᠢᠶᠡᠨ ᠳᠤ ᠬᠦᠷᠭᠡᠵᠥ᠂ ᠳᠣᠬᠠᠢ ᠶᠢᠨ ᠭᠠᠵᠠᠷ ᠤᠨ ᠦᠢᠯᠡᠳᠪᠦᠷᠢᠯᠡᠭᠰᠡᠨ ᠬᠦᠨᠡᠰᠥ ᠢᠳᠡᠭᠡᠨ  ᠪᠣᠯᠣᠨ ᠦᠨᠳᠥᠰᠥᠨ ᠡᠮ ᠤᠨ ᠪᠦᠳᠥᠭᠡᠭᠳᠡᠭᠦᠨ ᠤ ᠰᠤᠭᠤᠯᠤᠨ ᠪᠠᠶᠢᠴᠠᠭᠠᠯᠳᠠ ᠶᠢ ᠬᠦᠢᠴᠡᠳ ᠪᠦᠷᠭᠦᠵᠢᠭᠦᠯᠵᠥ᠂ ᠮᠢᠬ᠎ᠠ᠂ ᠢᠳᠡᠰᠢᠨ ᠨᠣᠭᠤᠭᠠᠨ ᠤ ᠡᠯᠧᠺᠲᠷᠥᠨ ᠨᠡᠬᠡᠮᠵᠢᠯᠡᠬᠦ ᠰᠢᠰᠲ᠋ᠧᠮ ᠢ ᠬᠦᠢᠴᠡᠳ ᠪᠦᠷᠭᠦᠵᠢᠭᠦᠯᠥᠨ᠂ ᠣᠨᠴᠠ ᠶᠡᠭᠡ ᠬᠥᠨᠳᠥ ᠨᠣᠴᠢᠲᠠᠢ ᠬᠦᠨᠡᠰᠥ ᠢᠳᠡᠭᠡᠨ ᠡᠮ ᠤᠨ ᠠᠶᠣᠯᠳᠤ ᠬᠡᠷᠡᠭ ᠭᠠᠷᠬᠤ ᠦᠭᠡᠢ ᠪᠠᠶᠢᠬᠤ ᠶᠢ ᠪᠠᠳᠣᠯᠠᠨ᠎ᠠ᠃     ᠠᠷᠠᠳ ᠢᠷᠭᠡᠳ ᠤᠨ ᠪᠡᠶ᠎ᠡ ᠮᠠᠬᠠᠪᠣᠳ ᠢ ᠴᠢᠬᠢᠷᠠᠭᠵᠢᠭᠤᠯᠤᠨ᠎ᠠ᠃ ᠬᠥᠯ ᠪᠥᠮᠪᠦᠭᠡ ᠶᠢᠨ ᠥᠭᠡᠷᠡᠴᠢᠯᠡᠯᠲᠡ ᠶᠢᠨ ᠳᠣᠷᠰᠢᠬᠤ ᠴᠡᠭ ᠤᠨ ᠠᠵᠢᠯ ᠢ ᠭᠦᠨᠵᠡᠭᠡᠶᠢᠷᠡᠭᠦᠯᠥᠨ ᠥᠷᠨᠢᠭᠦᠯᠵᠥ᠂ ᠰᠤᠷᠭᠠᠭᠤᠯᠢ ᠶᠢᠨ ᠬᠦᠷᠢᠶᠡᠯᠡᠩ ᠤᠨ ᠬᠥᠯ ᠪᠦᠮᠪᠦᠭᠡ᠂ ᠨᠡᠶᠢᠭᠡᠮ ᠳᠣᠭᠤᠷᠢᠭ ᠤᠨ ᠬᠥᠯ ᠪᠥᠮᠪᠦᠭᠡ᠂ ᠠᠵᠢᠯᠳᠠᠳ ᠤᠨ ᠬᠥᠯ ᠪᠦᠮᠪᠦᠭᠡ᠂ ᠮᠡᠷᠭᠡᠵᠢᠯ ᠤᠨ ᠬᠥᠯ ᠪᠥᠮᠪᠦᠭᠡ ᠵᠡᠷᠭᠡ ᠶᠢ ᠶᠡᠭᠡ ᠪᠠᠷ ᠬᠥᠭᠵᠢᠭᠦᠯᠥᠨ᠎ᠡ᠃ ᠬᠥᠯ ᠪᠥᠮᠪᠦᠭᠡ᠂ ᠰᠠᠭᠰᠥᠨ ᠪᠥᠮᠪᠦᠭᠡ᠂ ᠥᠳᠥᠨ ᠪᠥᠮᠪᠦᠭᠡ᠂ ᠫᠢᠩ ᠫᠤᠩ ᠪᠥᠮᠪᠦᠭᠡ ᠵᠡᠷᠭᠡ ᠪᠠᠷ ᠭᠤᠣᠯ ᠪᠣᠯᠭᠠᠨ᠂ ᠣᠯᠠᠨ ᠨᠡᠶᠢᠳᠡ ᠶᠢᠨ ᠪᠡᠶ᠎ᠡ ᠳᠠᠮᠢᠷ ᠤᠨ ᠰᠠᠭᠤᠷᠢ ᠳᠥᠭᠦᠭᠡᠷᠥᠮᠵᠢ ᠶᠢᠨ ᠪᠦᠳᠥᠭᠡᠨ ᠪᠠᠶᠢᠭᠤᠯᠤᠯᠳᠠ ᠶᠢ ᠴᠢᠩᠭᠠᠳᠬᠠᠨ᠎ᠠ᠃ ᠬᠤᠳᠠ ᠶᠢᠨ ᠴᠡᠴᠡᠷᠯᠢᠭ᠂ ᠨᠣᠭᠤᠭᠠᠷᠠᠭᠤᠯᠣᠭᠰᠠᠨ ᠭᠠᠵᠠᠷ ᠵᠢᠴᠢ ᠬᠤᠭᠤᠰᠣᠨ ᠳᠠᠯᠠᠪᠦᠷ ᠢ ᠬᠦᠢᠴᠡᠳ ᠠᠰᠢᠭᠯᠠᠨ᠂ ᠠᠷᠠᠳ ᠢᠷᠭᠡᠳ ᠲᠤ ᠵᠣᠷᠢᠭᠤᠯᠤᠭᠰᠠᠨ ᠣᠯᠠᠨ ᠨᠡᠶᠢᠳᠡ ᠶᠢᠨ ᠪᠡᠶ᠎ᠡ ᠪᠣᠯᠪᠠᠰᠣᠷᠠᠭᠤᠯᠬᠤ ᠬᠥᠳᠡᠯᠭᠡᠭᠡᠨ ᠤ ᠲᠥᠪ᠂ ᠠᠯᠬᠤᠯᠳᠠ ᠶᠢᠨ ᠵᠠᠮ ᠵᠡᠷᠭᠡ ᠪᠡᠶ᠎ᠡ ᠪᠣᠯᠪᠠᠰᠣᠷᠠᠭᠤᠯᠬᠤ ᠰᠠᠭᠤᠷᠢ ᠳᠥᠭᠦᠭᠡᠷᠥᠮᠵᠢ ᠶᠢ ᠰᠢᠨ᠎ᠡ ᠪᠠᠷ ᠣᠷᠣᠭᠤᠯᠵᠤ᠂  ᠡᠯ᠎ᠡ ᠲᠥᠷᠥᠯ ᠤᠨ ᠣᠯᠠᠨ ᠨᠡᠶᠢᠳᠡ ᠶᠢᠨ ᠪᠡᠶ᠎ᠡ ᠳᠠᠮᠢᠷ ᠤᠨ ᠣᠷᠳᠣᠨ ᠢ ᠨᠡᠶᠢᠭᠡᠮ ᠨᠡᠶᠢᠳᠡ ᠳᠤ ᠪᠦᠬᠦ ᠲᠠᠯ᠎ᠠ ᠪᠠᠷ ᠨᠡᠭᠡᠭᠡᠯᠳᠡᠳᠡᠢ ᠪᠣᠯᠭᠠᠵᠤ ᠂ ᠠᠯᠪᠠᠨ ᠪᠠᠶᠢᠭᠤᠯᠤᠯᠭ᠎ᠠ᠂ ᠠᠵᠢᠯ ᠦᠢᠯᠡᠰ ᠤᠨ ᠨᠢᠭᠡᠴᠢ᠂ ᠠᠵᠤ ᠠᠬᠤᠶᠢᠯᠠᠯ ᠪᠣᠯᠣᠨ ᠰᠤᠷᠭᠠᠭᠤᠯᠢ ᠶᠢᠨ ᠪᠡᠶ᠎ᠡ ᠳᠠᠮᠢᠷ ᠤᠨ ᠡᠬᠢ ᠰᠣᠷᠪᠤᠯᠵᠢ ᠶᠢ ᠪᠦᠬᠦ ᠨᠡᠶᠢᠭᠡᠮ ᠢᠶᠠᠷ ᠡᠳ᠋ᠯᠡᠬᠦ ᠶᠢ ᠳᠥᠯᠬᠢᠨ ᠠᠬᠢᠭᠤᠯᠤᠨ᠎ᠠ᠃ ᠬᠤᠳᠠ ᠲᠣᠭᠤᠷᠢᠬᠤ ᠳᠤᠭᠤᠢ ᠳᠡᠷᠭᠡᠨ ᠤ ᠣᠷᠤᠯᠳᠤᠭᠠᠨ᠂ ᠶᠠᠪᠠᠭᠠᠨ ᠠᠶᠠᠯᠠᠯ᠂ ᠳᠠᠯᠠᠪᠠᠢ ᠶᠢᠨ ᠪᠦᠵᠢᠭ᠂ ᠲᠠᠶᠢᠵᠢᠢ ᠵᠡᠷᠭᠡ ᠥᠪᠡᠷᠮᠢᠴᠡ ᠤᠨᠴᠠᠯᠢᠭᠲᠤ ᠲᠠᠮᠢᠷ ᠤᠨ ᠬᠥᠳᠡᠯᠭᠡᠭᠡᠨ ᠢ ᠢᠳᠡᠪᠬᠢᠳᠡᠢ ᠵᠣᠬᠢᠶᠠᠨ ᠪᠠᠶᠢᠭᠤᠯᠵᠤ᠂ ᠪᠦᠬᠦ ᠠᠷᠠᠳ ᠢᠶᠠᠷ ᠢᠶᠠᠨ ᠪᠡᠶ᠎ᠡ ᠪᠣᠯᠪᠠᠰᠤᠷᠠᠭᠤᠯᠬᠤ ᠠᠭᠤᠷ ᠠᠮᠢᠰᠬᠤᠯ ᠢ ᠪᠣᠢ ᠪᠣᠯᠭᠠᠨ᠎ᠠ᠃ ᠠᠵᠢᠯᠳᠠᠳ ᠤᠨ ᠴᠠᠯᠢᠩ ᠲᠠᠢ ᠠᠮᠠᠷᠠᠬᠤ ᠳᠦᠷᠢᠮ ᠢ ᠴᠢᠩᠭ᠎ᠠ ᠳᠤᠤᠱᠯᠠᠭᠤᠯᠵᠤ᠂ ᠠᠵᠢᠯᠳᠠᠳ ᠤᠨ ᠡᠷᠡᠭᠦᠯ ᠴᠢᠬᠢᠷᠠᠭ ᠤᠨ ᠳᠥᠪᠰᠢᠨ ᠢ ᠳᠡᠭᠡᠭᠰᠢᠯᠡᠭᠦᠯᠥᠨ᠎ᠡ᠃ 2020 ᠣᠨ ᠪᠣᠯᠬᠤ ᠳᠤ᠂ ᠬᠥᠯ ᠪᠥᠮᠪᠦᠭᠡ ᠶᠢᠨ ᠬᠥᠳᠡᠯᠭᠡᠭᠡᠨ ᠳᠤ ᠣᠷᠣᠯᠴᠠᠬᠤ ᠬᠥᠮᠥᠨ ᠤ ᠳᠤᠭ᠎ᠠ ᠶᠢ 18000 ᠬᠥᠮᠥᠨ ᠪᠣᠯᠭᠠᠵᠤ᠂ ᠬᠥᠮᠥᠨ ᠪᠦᠷᠢ ᠳᠤ ᠳᠡᠭᠰᠢᠳᠭᠡᠭᠰᠡᠨ ᠲᠠᠮᠢᠷ ᠤᠨ ᠳᠠᠯᠠᠪᠦᠷ ᠤᠨ ᠲᠠᠯᠠᠪᠠᠢ 2.2 ᠬᠠᠪᠳᠠᠭᠠᠢ ᠲᠦᠷᠪᠡᠯᠵᠢᠨ ᠮᠧᠲᠷ ᠬᠦᠷᠴᠥ᠂ ᠡᠯ᠎ᠡ ᠲᠥᠷᠥᠯ ᠤᠨ ᠪᠡᠶ᠎ᠡ ᠲᠠᠮᠢᠷ ᠪᠢᠯᠳᠠᠷᠵᠢᠭᠤᠯᠤᠯᠳᠠ ᠶᠢᠨ ᠳᠥᠪ 40 ᠣᠷᠴᠢᠮ  ᠳᠤ ᠬᠦᠷᠴᠥ᠂ ᠪᠦᠬᠦ ᠠᠷᠠᠳ ᠤᠨ ᠪᠡᠶ᠎ᠡ ᠮᠠᠬᠠᠪᠦᠳ ᠤᠨ ᠬᠡᠪ ᠴᠢᠨᠠᠷ ᠤᠨ ᠪᠠᠷᠢᠮᠵᠢᠶᠠᠨ ᠳᠤ ᠬᠦᠷᠥᠭᠰᠡᠨ ᠨᠣᠷᠮ᠎ᠠ ᠶᠢ 85% ᠠᠴᠠ ᠳᠡᠭᠡᠭᠰᠢ ᠬᠡᠮᠵᠢᠶᠡᠨ ᠳᠤ ᠪᠠᠳᠤᠯᠠᠨ᠎ᠠ᠃  ᠳᠣᠯᠣᠳᠤᠭᠠᠷ ᠬᠡᠰᠡᠭ    ᠬᠥᠮᠥᠨ ᠠᠮᠠ ᠶᠢᠨ ᠳᠡᠩᠴᠡᠪᠦᠷᠢᠲᠡᠢ ᠬᠥᠭᠵᠢᠯᠳᠡ ᠶᠢ ᠠᠬᠢᠭᠤᠯᠤᠨ᠎ᠠ     ᠰᠢᠨ᠎ᠡ ᠪᠠᠷ ᠲᠥᠷᠥᠬᠦ ᠬᠥᠮᠥᠨ ᠠᠮᠠ ᠶᠢᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠥᠨ᠎ᠡ᠃ ᠳᠥᠯᠥᠪᠯᠡᠭᠡᠳᠥ ᠳᠥᠷᠥᠯᠲᠡ ᠶᠢᠨ ᠦᠨᠳᠥᠰᠥᠨ ᠳᠦᠷᠥ ᠶᠢᠨ ᠪᠣᠳᠣᠯᠭ᠎ᠠ ᠶᠢ ᠪᠠᠷᠢᠮᠳᠠᠯᠠᠵᠥ᠂ ᠬᠥᠮᠥᠨ ᠠᠮᠠ ᠶᠢᠨ ᠬᠥᠭᠵᠢᠯᠳᠡ ᠶᠢᠨ ᠪᠠᠶᠢᠯᠳᠤᠬᠤ ᠪᠤᠳᠤᠯᠭ᠎ᠠ ᠶᠢ ᠳᠤᠤᠱᠯᠠᠭᠤᠯᠵᠤ᠂ ᠨᠢᠭᠡ ᠠᠪᠠᠭᠠᠢ ᠨᠥᠭᠦᠷ ᠠᠴᠠ ᠬᠤᠶᠠᠷ ᠬᠡᠤᠬᠡᠳ ᠳᠥᠷᠥᠵᠥ ᠥᠰᠭᠡᠵᠥ ᠪᠣᠯᠬᠤ ᠳᠥᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ ᠬᠡᠷᠡᠭᠵᠢᠭᠦᠯᠥᠨ᠂ ᠬᠥᠮᠥᠨ ᠠᠮᠠ ᠶᠢᠨ ᠥᠰᠥᠯᠲᠡ  ᠶᠢᠨ ᠳᠥᠪᠰᠢᠨ ᠢ ᠳᠣᠭᠳᠠᠪᠦᠷᠢᠵᠢᠭᠤᠯᠤᠨ᠎ᠠ᠃ ᠲᠥᠯᠥᠪᠯᠡᠭᠡᠳᠥ ᠳᠥᠷᠥᠯᠳᠡ ᠶᠢᠨ ᠦᠢᠯᠡᠴᠢᠯᠡᠯᠭᠡᠨ ᠤ ᠲᠤᠭᠳᠠᠯᠴᠠᠭ᠎ᠠ  ᠶᠢ ᠳᠡᠭᠦᠯᠳᠡᠷᠵᠢᠭᠦᠯᠵᠥ᠂ ᠵᠡᠮᠳᠡᠭ ᠳᠥᠷᠥᠯᠲᠡ ᠶᠢ ᠰᠡᠷᠭᠡᠶᠢᠯᠡᠬᠦ ᠳᠣᠭᠳᠠᠯᠴᠠᠭ᠎ᠠ ᠶᠢ ᠪᠠᠶᠢᠭᠤᠯᠵᠤ᠂ ᠵᠡᠮᠳᠡᠭ ᠳᠥᠷᠥᠯᠳᠡ ᠶᠢᠨ ᠡᠭᠦᠰᠬᠦ ᠳᠣᠬᠢᠶᠠᠯᠳᠤᠮᠵᠢ ᠶᠢ ᠪᠠᠭᠠᠰᠬᠠᠨ᠂ ᠬᠥᠮᠥᠨ ᠠᠮᠠ ᠶᠢᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠥᠨ᠎ᠡ᠃     ᠬᠡᠤᠬᠡᠳ ᠪᠠᠭᠠᠴᠤᠤᠯ ᠡᠮᠡᠭᠳᠡᠶᠢᠴᠥᠳ ᠵᠢᠴᠢ ᠵᠡᠮᠳᠡᠭᠴᠥᠳ ᠤᠨ ᠬᠠᠤᠯᠢ ᠶᠤᠰᠤᠨ ᠤ ᠡᠷᠬᠡ ᠠᠰᠢᠭ ᠢ ᠬᠠᠮᠠᠭᠠᠯᠠᠨ᠎ᠠ᠃ ︽ᠬᠡᠣᠬᠡᠳ ᠪᠠᠭᠠᠴᠤᠳ ᠡᠮᠡᠭᠳᠡᠶᠢᠴᠥᠳ ᠢ ᠬᠥᠭᠵᠢᠭᠦᠯᠬᠦ ᠳᠥᠯᠥᠪᠯᠡᠯᠭᠡ ᠶᠢᠨ ᠬᠥᠳᠡᠯᠪᠦᠷᠢ︾ ᠶᠢ ᠬᠢᠨᠠᠮᠠᠭᠠᠢ ᠳᠤᠤᠱᠯᠠᠭᠤᠯᠤᠨ᠂ ᠡᠮᠡᠭᠳᠡᠶᠢᠴᠥᠳ ᠤᠨ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ ᠡᠮᠡᠭᠳᠡᠢ ᠬᠥᠮᠥᠨ ᠤ ᠬᠥᠭᠵᠢᠬᠦ ᠣᠷᠴᠢᠨ ᠳᠣᠭᠤᠷᠢᠨ ᠢ ᠰᠢᠯᠢᠳᠡᠭᠵᠢᠭᠦᠯᠵᠥ᠂ ᠡᠮᠡᠭᠳᠡᠶᠢᠴᠥᠳ ᠤᠨ ᠰᠤᠷᠭᠠᠨ ᠬᠥᠮᠥᠵᠢᠯ ᠬᠦᠷᠳᠡᠭᠰᠡᠨ ᠬᠡᠮᠵᠢᠶ᠎ᠡ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠥ᠂ ᠡᠮᠡᠭᠳᠡᠶᠢᠴᠥᠳ ᠤᠨ ᠠᠵᠢᠯ ᠣᠯᠭᠤᠯᠳᠠ ᠦᠢᠯᠡᠰ ᠡᠷᠭᠢᠯᠡᠯᠳᠡ ᠶᠢ ᠠᠬᠢᠭᠤᠯᠵᠤ᠂ ᠡᠮᠡᠭᠳᠡᠶᠢᠴᠥᠳ ᠤᠨ ᠠᠵᠤ ᠠᠬᠤᠢ ᠶᠢᠨ ᠬᠥᠭᠵᠢᠯᠳᠡ ᠪᠣᠯᠣᠨ ᠨᠡᠶᠢᠭᠡᠮ ᠤᠨ ᠬᠠᠮᠢᠶᠠᠷᠣᠯᠳᠠ ᠳᠤ ᠣᠷᠣᠯᠴᠠᠬᠤ ᠴᠢᠳᠠᠪᠦᠷᠢ ᠶᠢ ᠳᠡᠭᠡᠭᠰᠢᠯᠡᠭᠦᠯᠥᠨ᠎ᠡ᠃ ᠡᠮᠡᠭᠳᠡᠶᠢᠴᠣᠳ ᠲᠤ ᠬᠠᠮᠠᠭᠠᠯᠠᠯᠲᠠ᠂ ᠨᠡᠶᠢᠭᠡᠮ  ᠤᠨ ᠳᠠᠭᠠᠳᠬᠠᠯ᠂ ᠡᠷᠡᠭᠦᠯ ᠬᠠᠮᠠᠭᠠᠯᠠᠯ᠂ ᠶᠠᠳᠠᠭᠤ ᠶᠢ ᠳᠡᠳᠬᠦᠬᠦ ᠵᠢᠴᠢ ᠬᠠᠤᠯᠢ ᠶᠢᠨ ᠳᠡᠮᠵᠢᠯᠭᠡ ᠣᠯᠭᠤᠬᠤ ᠠᠵᠢᠯ ᠢ ᠴᠢᠩᠭᠠᠳᠬᠠᠵᠤ᠂ ᠬᠦᠢᠰᠥ ᠢᠯᠭᠠᠯ ᠢᠶᠠᠷ ᠪᠦᠷᠢᠳᠭᠡᠬᠦ ᠳᠦᠷᠢᠮ ᠢ ᠳᠡᠭᠦᠯᠳᠡᠷᠵᠢᠭᠦᠯᠵᠥ᠂ ᠡᠮᠡᠭᠳᠡᠶᠢᠴᠣᠳ ᠢ ᠬᠦᠴᠦᠷᠭᠡᠭᠯᠡᠬᠦ᠂ ᠬᠤᠳᠠᠯᠳᠤᠬᠤ ᠵᠡᠷᠭᠡ ᠬᠠᠤᠯᠢ ᠪᠤᠰᠤ ᠶᠠᠯᠠᠳᠤ ᠠᠵᠢᠯᠯᠠᠭ᠎ᠠ ᠳᠤ ᠬᠥᠨᠳᠥ ᠴᠣᠬᠢᠯᠳᠠ ᠥᠭᠭᠦᠨ᠎ᠡ᠃ ᠬᠡᠣᠬᠡᠳ ᠪᠠᠭᠠᠴᠣᠳ ᠤᠨ ᠥᠰᠥᠨ ᠪᠤᠶᠢᠵᠢᠬᠤ ᠤᠷᠴᠢᠨ ᠳᠣᠭᠤᠷᠢᠨ ᠢ ᠰᠠᠶᠢᠵᠢᠷᠠᠭᠤᠯᠵᠤ᠂ ᠬᠡᠣᠬᠡᠳ ᠲᠤ ᠣᠯᠭᠤᠬᠤ ᠬᠠᠯᠠᠮᠵᠢ ᠶᠢᠨ ᠳᠥᠪᠰᠢᠨ ᠢ ᠳᠡᠭᠡᠭᠰᠢᠯᠡᠭᠦᠯᠵᠥ᠂ ᠬᠡᠣᠬᠡᠳ ᠪᠠᠭᠠᠴᠣᠳ ᠤᠨ ᠪᠡᠶ᠎ᠡ ᠰᠡᠳᠬᠢᠴᠡ ᠶᠢᠨ ᠡᠷᠡᠭᠦᠯ ᠬᠥᠭᠵᠢᠯᠳᠡ ᠶᠢ ᠳᠥᠯᠬᠢᠨ ᠠᠬᠢᠭᠤᠯᠤᠨ᠎ᠠ᠃ ᠵᠡᠮᠳᠡᠭᠴᠦᠳ ᠤᠨ ᠠᠵᠢᠯ ᠦᠢᠯᠡᠰ ᠤᠨ ᠬᠥᠭᠵᠢᠯᠳᠡ ᠶᠢ ᠳᠡᠮᠵᠢᠵᠥ᠂ ᠵᠡᠮᠳᠡᠭᠴᠣᠳ ᠢ ᠳᠡᠮᠵᠢᠵᠥ ᠳᠡᠳᠭᠦᠬᠦ ᠦᠢᠯᠡᠴᠢᠯᠡᠭᠡᠨ ᠤ ᠰᠢᠰᠲ᠋ᠧᠮ ᠢ ᠳᠡᠭᠦᠯᠳᠡᠷᠵᠢᠭᠦᠯᠥᠨ᠎ᠡ᠃     ᠨᠠᠰᠥᠳᠠᠨ ᠤ ᠠᠰᠠᠷᠠᠮᠵᠢ ᠶᠢᠨ ᠦᠢᠯᠡᠴᠢᠯᠡᠭᠡ ᠶᠢ ᠴᠢᠩᠭᠠᠳᠬᠠᠨ᠎ᠠ᠃12349 ᠤᠨ ᠨᠠᠰᠥᠳᠠᠶᠢᠴᠣᠣᠯ ᠳᠤ ᠦᠢᠯᠡᠴᠢᠯᠡᠬᠦ ᠳᠠᠪᠴᠠᠩ ᠤᠨ ᠪᠠᠶᠢᠭᠤᠯᠤᠯᠲᠠ ᠶᠢ ᠴᠠᠭᠠᠰᠢᠳᠠ ᠠᠬᠢᠭᠤᠯᠤᠨ᠂ ᠭᠡᠷ ᠪᠦᠯᠢ ᠪᠠᠷ ᠰᠠᠭᠤᠷᠢ ᠪᠣᠯᠭᠠᠭᠰᠠᠨ᠂ ᠨᠡᠶᠢᠭᠡᠮ ᠳᠣᠭᠤᠷᠢᠭ ᠢᠶᠠᠷ ᠳᠥᠰᠢᠭ ᠪᠣᠯᠭᠠᠭᠰᠠᠨ᠂ ᠪᠠᠶᠢᠭᠤᠯᠤᠮᠵᠢ ᠪᠠᠷ ᠳᠤᠯᠭᠠᠭᠤᠷᠢ ᠪᠣᠯᠭᠠᠭᠰᠠᠨ ᠨᠠᠰᠣᠳᠠᠨ ᠢ ᠠᠰᠠᠷᠠᠬᠤ ᠦᠢᠯᠡᠴᠢᠯᠡᠯᠭᠡᠨ ᠤ ᠳᠣᠭᠳᠠᠯᠴᠠᠭ᠎ᠠ ᠶᠢ ᠪᠠᠶᠢᠭᠤᠯᠵᠤ᠂ ᠨᠡᠶᠢᠭᠡᠮ ᠤᠨ ᠬᠠᠯᠠᠮᠵᠢ ᠶᠢᠨ ᠴᠢᠨᠠᠷᠲᠠᠢ ᠨᠠᠰᠤᠳᠠᠨ ᠢ ᠠᠰᠠᠷᠠᠬᠤ ᠦᠢᠯᠡᠴᠢᠯᠡᠯᠭᠡᠨ ᠤ ᠰᠠᠭᠤᠷᠢ ᠳᠦᠭᠦᠭᠡᠷᠥᠮᠵᠢ ᠶᠢᠨ ᠪᠠᠶᠢᠭᠤᠯᠤᠯᠲᠠ ᠶᠢ ᠴᠢᠩᠭᠠᠳᠬᠠᠵᠤ᠂ ᠨᠠᠰᠥᠲᠠᠨ ᠢ ᠠᠰᠠᠷᠠᠬᠤ ᠦᠢᠯᠡᠴᠢᠯᠡᠯᠭᠡᠨ ᠤ ᠬᠠᠩᠭᠠᠯᠳᠠ ᠶᠢᠨ ᠴᠢᠳᠠᠯ ᠢ ᠨᠡᠮᠡᠭᠳᠡᠭᠦᠯᠥᠨ᠎ᠡ᠃ ᠨᠡᠶᠢᠭᠡᠮᠴᠢᠯᠡᠭᠰᠡᠨ ᠨᠠᠰᠤᠳᠠᠨ ᠤ ᠠᠰᠠᠷᠠᠮᠵᠢ ᠶᠢᠨ ᠤᠶᠢᠯᠡᠴᠢᠯᠡᠭᠡᠨ ᠤ ᠪᠦᠷᠬᠦᠴᠡ ᠪᠠ ᠤᠶᠢᠯᠡᠴᠢᠯᠡᠬᠦ ᠠᠭᠤᠯᠭ᠎ᠠ ᠶᠢ ᠦᠷᠭᠡᠳᠭᠡᠵᠦ᠂ ᠦᠨᠳᠦᠷ ᠨᠠᠰᠤᠳᠠᠨ᠂ ᠠᠮᠢᠳᠤᠷᠠᠯ ᠤᠨ ᠴᠢᠳᠠᠪᠦᠷᠢ ᠪᠠᠨ ᠠᠯᠳᠠᠭᠰᠠᠨ ᠨᠠᠰᠤᠳᠠᠨ᠂ ᠮᠡᠳᠡᠷᠡᠯ ᠤᠨ ᠬᠠᠷᠰᠢᠯ ᠲᠠᠢ ᠨᠠᠰᠤᠳᠠᠨ ᠤ ᠱᠠᠭᠠᠷᠳᠠᠯᠭ᠎ᠠ ᠶᠢ ᠤᠷᠢᠳᠠᠪᠠᠷ ᠬᠠᠩᠭᠠᠭᠠᠵᠦ᠂ ᠨᠠᠰᠤᠳᠠᠨ ᠤ ᠠᠰᠠᠷᠠᠮᠵᠢ ᠶᠢᠨ ᠤᠶᠢᠯᠡᠴᠢᠯᠡᠭᠡᠨ ᠤ ᠬᠦᠷᠢᠶ᠎ᠡ ᠬᠡᠪᠴᠢᠶ᠎ᠡ  ᠶᠢ ᠦᠷᠭᠡᠳᠭᠡᠨ᠎ᠡ᠃ ᠨᠠᠰᠤᠳᠠᠨ ᠤ ᠠᠰᠠᠷᠠᠮᠵᠢ ᠶᠢᠨ ᠲᠦᠷᠢᠮ ᠢ ᠲᠤᠭᠳᠠᠭᠠᠵᠦ᠂ ᠤᠶᠢᠯᠡᠴᠢᠯᠡᠭᠡ ᠶᠢ ᠵᠠᠰᠠᠭ ᠤᠨ ᠤᠷᠳᠤᠨ ᠠᠴᠠ ᠬᠤᠳᠠᠯᠳᠤᠨ ᠠᠪᠬᠤ ᠬᠦᠴᠦᠯᠡᠴᠡ ᠶᠢ ᠨᠡᠮᠡᠭᠳᠡᠬᠦᠯᠵᠦ᠂ ᠠᠷᠣ ᠭᠡᠷ ᠲᠤ ᠪᠠᠨ ᠬᠤᠴᠤᠷᠠᠭᠰᠠᠨ ᠨᠠᠰᠤᠳᠠᠨ ᠪᠤᠯᠤᠨ ᠤᠨᠴᠠ ᠬᠦᠴᠢᠷᠳᠡᠯ ᠲᠠᠢ ᠨᠠᠰᠤᠳᠠᠨ ᠳᠤ ᠤᠶᠢᠯᠡᠴᠢᠯᠡᠬᠦ ᠬᠢᠷᠢ ᠲᠦᠪᠰᠢᠨ ᠢ ᠳᠡᠭᠡᠭᠰᠢᠯᠡᠬᠦᠯᠦᠨ᠎ᠠ᠃ ᠠᠵᠢᠯ ᠤᠨ ᠠᠮᠠᠷᠠᠯᠳᠠ ᠪᠠᠨ ᠠᠪᠤᠭᠰᠠᠨ ᠺᠠᠳᠠᠷᠴᠤᠳ ᠤᠨ ᠠᠮᠢᠳᠤᠷᠠᠯ ᠤᠨ ᠬᠠᠷᠠᠭᠠᠯᠵᠠᠯ ᠤᠨ ᠪᠠᠳᠤᠯᠠᠭ᠎ᠠ ᠶᠢᠨ ᠲᠤᠭᠳᠠᠯᠴᠠᠭ᠎ᠠ ᠶᠢ ᠳᠠᠰᠤᠷᠠᠯᠳᠠ ᠦᠭᠡᠢ ᠪᠦᠷᠢᠨᠰᠢᠬᠦᠯᠵᠦ᠂ ᠠᠵᠢᠯ ᠤᠨ ᠠᠮᠠᠷᠠᠯᠳᠠ ᠪᠠᠨ ᠠᠪᠤᠭᠰᠠᠨ ᠺᠠᠳᠠᠷᠴᠤᠳ ᠤᠨ ᠠᠵᠢᠯ ᠢ ᠤᠯᠠᠮ ᠨᠢᠭᠡ ᠠᠯᠬᠤᠮ ᠰᠠᠶᠢᠵᠢᠷᠠᠭᠤᠯᠤᠨ᠎ᠠ᠃ ᠠᠷᠠᠳ ᠢᠷᠭᠡᠳ ᠤᠨ ᠳᠤᠮᠳᠠᠬᠢ ᠬᠤᠪᠢ ᠶᠢᠨ ᠬᠦᠷᠦᠩᠭᠡᠳᠡᠨ ᠨᠠᠰᠤᠳᠠᠨ ᠤ ᠠᠰᠠᠷᠠᠮᠵᠢ ᠶᠢᠨ ᠦᠢᠯᠡᠰ ᠢ ᠬᠦᠭᠵᠢᠬᠦᠯᠬᠦ ᠳᠤ ᠤᠷᠤᠯᠴᠠᠬᠤ ᠶᠢ ᠵᠤᠷᠢᠭᠵᠢᠭᠤᠯᠬᠤ ᠪᠠ ᠲᠡᠮᠵᠢᠵᠦ᠂ ᠨᠢᠭᠡᠨ ᠪᠦᠯᠦᠭ ᠨᠠᠰᠤᠳᠠᠨ ᠤ ᠠᠰᠠᠷᠠᠮᠵᠢ ᠶᠢᠨ ᠲᠤᠨᠤᠭ ᠲᠦᠬᠦᠭᠡᠷᠦᠮᠵᠢ ᠶᠢᠨ ᠪᠠᠶᠢᠭᠤᠯᠤᠮᠵᠢ ᠶᠢᠨ ᠡᠵᠡᠩᠨᠡᠯᠳᠡ ᠪᠠ ᠬᠠᠮᠢᠶᠠᠷᠤᠯᠳᠠ ᠶᠢᠨ ᠮᠡᠷᠭᠡᠵᠢᠯᠳᠡᠨ ᠢ ᠬᠦᠮᠦᠵᠢᠬᠦᠯᠦᠨ᠎ᠡ᠃ᠶᠢᠰᠦᠳᠦᠭᠡᠷ ᠪᠦᠯᠦᠭ   ᠡᠶ᠎ᠡ ᠵᠤᠬᠢᠴᠠᠩᠭᠤᠢ ᠡᠷᠢᠶᠡᠨ ᠬᠤᠳᠠ ᠶᠢᠨ ᠪᠦᠳᠦᠭᠡᠨ ᠪᠠᠶᠢᠭᠤᠯᠤᠯᠳᠠ ᠶᠢ ᠲᠦᠯᠬᠢᠨ ᠠᠬᠢᠭᠤᠯᠵᠦ᠂ ᠡᠭᠡ ᠤᠯᠤᠰ ᠤᠨ ᠤᠮᠠᠷᠠᠳᠦ ᠬᠢᠯᠢ ᠶᠢ ᠠᠮᠤᠷ ᠲᠦᠪᠰᠢᠨ ᠲᠤᠭᠳᠠᠭᠤᠨ ᠪᠠᠶᠢᠯᠭᠠᠬᠤ ᠬᠠᠯᠬᠠᠪᠴᠢ ᠶᠢ ᠪᠠᠬᠢᠵᠢᠬᠦᠯᠦᠨ᠎ᠡ      ᠦᠭᠡᠷᠡᠴᠢᠯᠡᠯᠳᠡ᠂ ᠬᠦᠭᠵᠢᠯᠳᠡ᠂ ᠲᠤᠭᠳᠠᠭᠤᠨ ᠪᠠᠶᠢᠯᠭᠠᠬᠤ ᠬᠠᠷᠢᠴᠠᠭ᠎ᠠ ᠶᠢ ᠵᠦᠪ ᠢᠶᠠᠷ ᠰᠢᠢᠳᠪᠦᠷᠢᠯᠡᠵᠦ᠂ ᠬᠠᠷᠢᠯᠴᠠᠨ ᠬᠠᠪᠰᠣᠷᠣᠯᠴᠠᠬᠤ ᠰᠠᠬᠢᠵᠦ ᠪᠠᠷᠠᠯᠠᠬᠤ ᠴᠠᠭ ᠡᠷᠢᠨ ᠤ ᠵᠤᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠦ᠂ ᠬᠠᠤᠯᠢ ᠪᠠᠷ ᠵᠠᠰᠠᠭ ᠪᠠᠷᠢᠬᠤ ᠶᠢ ᠬᠦᠨᠵᠡᠭᠡᠢ ᠲᠦᠯᠬᠢᠨ ᠠᠬᠢᠭᠤᠯᠵᠦ᠂ ᠬᠠᠤᠯᠢ ᠴᠠᠭᠠᠵᠠ ᠶᠢᠨ ᠡᠷᠭᠡ ᠲᠡᠭᠰᠢ ᠶᠢ ᠪᠠᠳᠤᠵᠢᠭᠤᠯᠵᠦ᠂ ᠪᠦᠬᠦ ᠠᠷᠠᠳ ᠤᠨ ᠬᠠᠤᠯᠢ ᠶᠢ ᠰᠠᠬᠢᠬᠤ ᠶᠢ ᠴᠢᠷᠮᠠᠶᠢᠨ ᠪᠡᠶᠡᠯᠡᠬᠦᠯᠵᠦ᠂ ︽ᠠᠮᠤᠷ ᠲᠦᠪᠰᠢᠨ ᠡᠷᠢᠶᠡᠨ ᠬᠤᠳᠠ︾ ᠶᠢᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠦ᠂ ᠦᠨᠳᠦᠰᠦᠳᠡᠨ ᠤ ᠪᠦᠯᠬᠦᠮᠳᠡᠯ᠂ ᠨᠡᠶᠢᠭᠡᠮ  ᠤᠨ ᠲᠤᠭᠳᠠᠭᠤᠨ᠂ ᠬᠢᠯᠢ ᠬᠢᠵᠠᠭᠠᠷ ᠤᠨ ᠠᠮᠤᠷ ᠲᠠᠶᠢᠪᠤᠩ ᠤᠯᠤᠰ ᠲᠦᠷᠦ ᠶᠢᠨ ᠪᠠᠶᠢᠳᠠᠯ ᠢ ᠳᠠᠰᠤᠷᠠᠯᠳᠠ ᠦᠭᠡᠢ ᠪᠠᠳᠤᠵᠢᠭᠤᠯᠵᠦ᠂ ᠡᠭᠡ ᠤᠯᠤᠰ ᠤᠨ ᠤᠮᠠᠷᠠᠳᠦ ᠬᠢᠯᠢ ᠶᠢᠨ ᠠᠮᠤᠷ ᠲᠦᠪᠰᠢᠨ ᠲᠤᠭᠳᠠᠭᠤᠨ ᠬᠠᠯᠬᠠᠪᠴᠢ ᠶᠢ ᠪᠠᠬᠢᠵᠢᠬᠦᠯᠦᠨ᠎ᠡ᠃ᠨᠢᠭᠡᠳᠦᠭᠡᠷ ᠭᠡᠰᠡᠭ  ᠬᠠᠤᠯᠢ ᠪᠠᠷ ᠵᠠᠰᠠᠭ ᠪᠠᠷᠢᠬᠤ ᠶᠢ ᠬᠦᠨᠵᠡᠭᠡᠢ ᠲᠦᠯᠬᠢᠨ ᠠᠬᠢᠭᠤᠯᠤᠨ᠎ᠠ     ᠬᠠᠤᠯᠢ ᠶᠤᠰᠤᠭᠠᠷ ᠵᠠᠰᠠᠭ ᠤᠨ ᠤᠷᠳᠤᠨ ᠤ ᠡᠭᠦᠷᠭᠡ  ᠴᠢᠳᠠᠪᠬᠢ ᠶᠢ ᠪᠦᠬᠦ ᠲᠠᠯ᠎ᠠ ᠪᠠᠷ ᠬᠦᠢᠴᠡᠳᠭᠡᠨ᠎ᠡ᠃ ᠵᠠᠰᠠᠭ ᠵᠠᠬᠢᠷᠭᠠᠨ ᠤ ᠵᠤᠬᠢᠶᠠᠨ ᠪᠠᠶᠢᠭᠤᠯᠤᠯᠳᠠ ᠬᠢᠭᠡᠳ ᠵᠠᠰᠠᠭ ᠵᠠᠬᠢᠷᠭᠠᠨ ᠤ ᠶᠠᠪᠤᠴᠠ ᠶᠢᠨ ᠬᠠᠤᠯᠢ ᠲᠦᠷᠢᠮ᠂ ᠲᠦᠷᠢᠮ ᠲᠤᠭᠳᠠᠭᠠᠯ ᠢ ᠪᠦᠷᠢᠨᠰᠢᠬᠦᠯᠵᠦ᠂ ᠪᠠᠶᠢᠭᠤᠯᠤᠮᠵᠢ ᠶᠢᠨ ᠪᠠᠶᠢᠷᠢᠯᠠᠭᠤᠯᠤᠯᠳᠠ᠂ ᠬᠠᠷᠢᠭᠤᠴᠠᠯᠭ᠎ᠠ ᠶᠢ ᠲᠤᠭᠳᠠᠭᠠᠬᠤ ᠪᠠ ᠤᠷᠤᠨ ᠲᠤᠭ᠎ᠠ ᠶᠢ ᠬᠢᠨᠠᠨ ᠲᠤᠭᠳᠠᠭᠠᠬᠤ ᠵᠡᠷᠭᠡ ᠶᠢ ᠬᠠᠤᠯᠢ ᠶᠤᠰᠤᠭᠠᠷ ᠶᠠᠪᠤᠭᠳᠠᠭᠤᠯᠵᠦ᠂ ᠵᠠᠰᠠᠭ ᠵᠠᠬᠢᠷᠭᠠᠨ ᠤ ᠡᠷᠭᠡ ᠭᠡᠷᠡᠭᠵᠢᠬᠦᠯᠬᠦ ᠵᠠᠷᠴᠢᠮ᠂ ᠦᠢᠯᠡ ᠶᠠᠪᠦᠴᠠ᠂ ᠠᠷᠭ᠎ᠠ᠂ ᠴᠠᠭ ᠤᠨ ᠬᠢᠵᠠᠭᠠᠷ ᠭᠢᠭᠡᠳ ᠬᠠᠷᠢᠭᠤᠴᠠᠯᠭ᠎ᠠ ᠶᠢ ᠳᠤᠳᠤᠷᠬᠠᠶᠢᠯᠠᠨ᠎ᠠ᠃ ᠵᠠᠰᠠᠭ ᠤᠨ ᠤᠷᠳᠤᠨ ᠤ ᠡᠷᠭᠡ ᠲᠤᠰᠢᠶᠠᠯ ᠢ ᠲᠦᠷᠢᠮᠵᠢᠬᠦᠯᠬᠦ᠂ ᠬᠠᠤᠯᠢᠵᠢᠭᠤᠯᠬᠤ ᠶᠢ ᠲᠦᠯᠬᠢᠨ ᠠᠬᠢᠭᠤᠯᠵᠦ᠂ ᠦᠯᠦ ᠠᠵᠢᠯᠯᠠᠬᠤ᠂ ᠲᠤᠷ᠎ᠠ ᠲᠠᠪᠠ ᠪᠠᠷ ᠤᠶᠢᠯᠡᠳᠬᠦ ᠶᠢ ᠡᠷᠡᠰ ᠵᠠᠯᠠᠷᠠᠭᠤᠯᠵᠦ᠂ ᠵᠠᠯᠬᠠᠭᠤᠷᠠᠬᠤ ᠬᠤᠶᠢᠷᠭᠤᠰᠢᠬᠤ ᠦᠵᠡᠭᠳᠡᠯ ᠢ ᠡᠷᠡᠰ ᠲᠡᠪᠴᠢᠨ᠂ ᠠᠵᠢᠯ ᠤᠨ ᠪᠠᠶᠢᠷᠢ ᠳᠤ ᠪᠠᠨ ᠬᠠᠷᠢᠭᠤᠴᠠᠯᠭ᠎ᠠ ᠠᠯᠳᠠᠬᠤ᠂ ᠤᠰᠤᠯᠳᠠᠨ ᠴᠠᠯᠠᠭᠠᠶᠢᠳᠠᠬᠤ ᠶᠢ ᠴᠢᠩᠭ᠎ᠠ ᠪᠠᠷ ᠵᠠᠯᠬᠠᠭᠠᠨ᠎ᠠ᠃      ᠬᠠᠤᠯᠢ ᠪᠠᠷ ᠠᠷᠭ᠎ᠠ ᠪᠤᠳᠤᠯᠭ᠎ᠠ ᠲᠤᠭᠳᠠᠭᠠᠬᠤ ᠲᠤᠭᠳᠠᠯᠴᠠᠭ᠎ᠠ ᠶᠢ ᠲᠡᠬᠦᠯᠳᠡᠷᠵᠢᠬᠦᠯᠵᠦ ᠪᠦᠷᠢᠨᠰᠢᠬᠦᠯᠦᠨ᠎ᠡ᠃ ᠴᠢᠬᠤᠯᠠ ᠶᠡᠭᠡ ᠵᠠᠰᠠᠭ ᠶᠠᠪᠤᠭᠤᠯᠬᠤ ᠠᠷᠭ᠎ᠠ ᠪᠤᠳᠤᠯᠭ᠎ᠠ ᠳᠤᠭᠳᠠᠭᠠᠬᠤ ᠳᠤ ᠠᠷᠠᠳ ᠤᠯᠠᠨ ᠤᠷᠤᠯᠴᠠᠬᠤ᠂ ᠲᠤᠰᠬᠠᠢ ᠮᠡᠷᠭᠡᠵᠢᠯᠳᠡᠨ ᠢᠶᠠᠷ ᠨᠤᠳᠠᠯᠠᠭᠤᠯᠬᠤ᠂ ᠲᠦᠭᠰᠢᠬᠦᠷᠢ ᠶᠢ ᠬᠢᠨᠠᠨ ᠰᠢᠯᠭᠠᠬᠤ᠂ ᠬᠠᠤᠯᠢᠴᠢ ᠴᠢᠨᠠᠷ ᠢ ᠬᠢᠨᠠᠨ ᠪᠠᠶᠢᠴᠠᠭᠠᠬᠤ᠂ ᠬᠠᠮᠳᠦ ᠪᠠᠷ ᠶᠠᠷᠢᠯᠴᠠᠨ ᠲᠤᠭᠳᠠᠭᠠᠬᠤ ᠵᠡᠷᠭᠡ ᠬᠠᠤᠯᠢ ᠪᠠᠷ ᠲᠤᠭᠳᠠᠭᠠᠭᠰᠠᠨ ᠳᠠᠷᠠᠭᠠᠯᠠᠯ ᠢ ᠪᠦᠬᠦ ᠲᠠᠯ᠎ᠠ ᠪᠠᠷ ᠶᠠᠪᠤᠭᠳᠠᠭᠤᠯᠵᠦ᠂ ᠴᠢᠬᠤᠯᠠ ᠶᠡᠭᠡ ᠵᠠᠰᠠᠭ ᠵᠠᠬᠢᠷᠭᠠᠨ ᠤ ᠠᠷᠭ᠎ᠠ ᠪᠤᠳᠤᠯᠭ᠎ᠠ ᠳᠤ ᠨᠤᠳᠠᠯᠠᠯᠳᠠ ᠰᠤᠨᠤᠰᠬᠤ᠂ ᠲᠦᠭᠰᠢᠬᠦᠷᠢ ᠶᠢ ᠬᠢᠨᠠᠨ ᠲᠤᠭᠳᠠᠭᠠᠬᠤ ᠲᠦᠷᠢᠮ ᠶᠢ ᠪᠠᠶᠢᠭᠤᠯᠵᠦ᠂ ᠴᠢᠬᠤᠯᠠ ᠶᠡᠭᠡ ᠵᠠᠰᠠᠭ ᠵᠠᠬᠢᠷᠭᠠᠨ ᠤ ᠠᠷᠭ᠎ᠠ ᠪᠤᠳᠤᠯᠭ᠎ᠠ ᠶᠢ ᠶᠠᠪᠤᠭᠳᠠᠭᠤᠯᠤᠭᠰᠠᠨ ᠤ ᠳᠠᠷᠠᠭ᠎ᠠ ᠬᠢᠨᠠᠨ ᠦᠨᠡᠯᠡᠬᠦ᠂ ᠠᠯᠳᠠᠭ᠎ᠠ ᠶᠢ ᠵᠠᠯᠠᠷᠠᠭᠤᠯᠬᠤ ᠲᠦᠷᠢᠮ ᠢ ᠭᠡᠷᠡᠭᠵᠢᠬᠦᠯᠵᠦ᠂ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠳᠤᠳᠤᠭᠠᠳᠦ ᠳᠤ ᠴᠢᠬᠤᠯᠠ ᠶᠡᠭᠡ ᠠᠷᠭ᠎ᠠ ᠪᠤᠳᠤᠯᠭ᠎ᠠ ᠶᠢᠨ ᠬᠠᠤᠯᠢᠴᠢ ᠴᠢᠨᠠᠷ ᠢ ᠬᠢᠨᠠᠨ ᠪᠠᠶᠢᠴᠠᠭᠠᠬᠤ ᠲᠤᠭᠳᠠᠯᠴᠠᠭ᠎ᠠ᠂ ᠬᠠᠤᠯᠢ ᠶᠢᠨ ᠵᠦᠪᠯᠡᠭᠴᠢ ᠶᠢᠨ ᠲᠦᠷᠢᠮ᠂ ᠴᠢᠬᠤᠯᠠ ᠶᠡᠭᠡ ᠠᠷᠭ᠎ᠠ ᠪᠤᠳᠤᠯᠭ᠎ᠠ ᠶᠢᠨ ᠬᠠᠷᠢᠭᠤᠴᠠᠯᠭ᠎ᠠ ᠶᠢ ᠨᠠᠰᠤᠨ ᠲᠤᠷᠰᠢᠳᠠ ᠨᠡᠭᠡᠮᠵᠢᠯᠡᠬᠦ ᠲᠦᠷᠢᠮ ᠵᠢᠴᠢ ᠬᠠᠷᠢᠭᠤᠴᠠᠯᠭ᠎ᠠ  ᠶᠢ ᠨᠡᠭᠡᠨ ᠪᠠᠶᠢᠴᠠᠭᠠᠬᠤ ᠲᠤᠭᠳᠠᠯᠴᠠᠭ᠎ᠠ ᠶᠢ ᠪᠠᠶᠢᠭᠤᠯᠵᠦ᠂ ᠵᠠᠰᠠᠭ ᠵᠠᠬᠢᠷᠭᠠᠨ ᠤ ᠠᠷᠭ᠎ᠠ ᠪᠤᠳᠤᠯᠭ᠎ᠠ ᠶᠢᠨ ᠵᠠᠷᠴᠢᠮ ᠪᠠ ᠳᠡᠰ ᠳᠠᠷᠠᠭᠠᠯᠠᠯ ᠶᠢ ᠪᠦᠷᠢᠨᠰᠢᠬᠦᠯᠦᠨ᠎ᠡ᠃     ᠵᠠᠰᠠᠭ ᠵᠠᠬᠢᠷᠭᠠᠨ ᠤ ᠬᠠᠤᠯᠢ ᠭᠡᠷᠡᠭᠵᠢᠬᠦᠯᠬᠦ ᠲᠤᠭᠳᠠᠯᠴᠠᠭ᠎ᠠ ᠶᠢ ᠦᠭᠡᠷᠡᠴᠢᠯᠡᠨ᠎ᠡ᠃ ᠡᠭᠦᠷᠭᠡ ᠴᠢᠳᠠᠪᠬᠢ ᠣᠶᠢᠷᠠᠯᠴᠠᠭ᠎ᠠ᠂ ᠬᠠᠤᠯᠢ ᠬᠡᠷᠡᠭᠵᠢᠭᠦᠯᠬᠦ ᠠᠭᠤᠯᠭ᠎ᠠ ᠨᠢ ᠠᠳᠠᠯᠢᠪᠳᠥᠷ᠂ ᠬᠠᠣᠯᠢ ᠬᠡᠷᠡᠭᠵᠢᠭᠦᠯᠬᠦ ᠠᠷᠭ᠎ᠠ ᠬᠡᠯᠪᠡᠷᠢ ᠢᠵᠢᠯᠬᠡᠨ ᠪᠠᠶᠢᠭᠤᠯᠤᠯᠭ᠎ᠠ ᠰᠠᠯᠠᠭ᠎ᠠ ᠮᠥᠴᠢᠷ ᠲᠤ ᠪᠠᠶᠢᠭᠤᠯᠤᠮᠵᠢ ᠪᠠ ᠡᠭᠦᠷᠭᠡ ᠴᠢᠳᠠᠪᠬᠢ ᠶᠢᠨ ᠳᠣᠬᠢᠷᠠᠭᠤᠯᠤᠯᠳᠠ ᠬᠢᠵᠣ᠂ ᠢᠳᠡᠭᠡᠨ ᠪᠠ ᠡᠮ ᠤᠨ ᠠᠮᠤᠷ ᠲᠦᠪᠰᠢᠨ᠂ ᠤᠶᠢᠯᠡᠳᠪᠦᠷᠢ ᠬᠤᠳᠠᠯᠳᠤᠭᠠᠨ ᠤ ᠴᠢᠨᠠᠷ ᠤᠨ ᠪᠠᠶᠢᠴᠠᠭᠠᠯᠳᠠ᠂ ᠤᠯᠠᠨ ᠨᠡᠶᠢᠳᠡ ᠶᠢᠨ ᠡᠷᠡᠬᠦᠯ ᠬᠠᠮᠠᠭᠠᠯᠠᠯ᠂ ᠠᠮᠤᠷ ᠲᠦᠪᠰᠢᠨ ᠤᠶᠢᠯᠡᠳᠪᠦᠷᠢᠯᠡᠬᠦ᠂ ᠰᠤᠶᠤᠯ ᠵᠢᠭᠤᠯᠠᠴᠢᠯᠠᠯ᠂ ᠡᠬᠢ ᠪᠠᠶᠠᠯᠢᠭ᠂ ᠤᠷᠴᠢᠨ ᠳᠣᠭᠤᠷᠢᠨ᠂ ᠮᠠᠯ ᠲᠠᠷᠢᠶᠠᠯᠠᠩ ᠤᠰᠤᠨ ᠠᠰᠢᠭᠯᠠᠯᠳᠠ᠂ ᠵᠠᠮ ᠬᠠᠷᠢᠯᠴᠠᠭ᠎ᠠ ᠲᠡᠭᠡᠭᠡᠪᠦᠷᠢ᠂ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠵᠡᠷᠭᠡ ᠰᠠᠯᠠᠭ᠎ᠠ ᠮᠦᠴᠢᠷ ᠤᠨ ᠴᠢᠳᠠᠪᠬᠢ ᠶᠢ ᠨᠢᠭᠡᠳᠦᠯᠵᠢᠬᠦᠯᠵᠦ᠂ ᠲᠤᠮᠤ ᠵᠠᠬ᠎ᠠ ᠲᠡᠯᠭᠡᠬᠦᠷ ᠤᠨ ᠬᠠᠮᠢᠶᠠᠷᠤᠯᠳᠠ ᠶᠢᠨ ᠲᠤᠪᠴᠢᠶ᠎ᠠ ᠶᠢ ᠰᠦᠪᠡᠭᠴᠢᠯᠡᠨ ᠪᠠᠶᠢᠭᠤᠯᠵᠦ᠂ ᠶᠡᠷᠦᠩᠭᠡᠶᠢᠯᠡᠭᠰᠡᠨ ᠬᠠᠤᠯᠢ ᠭᠡᠷᠡᠭᠵᠢᠬᠦᠯᠦᠯᠳᠡ ᠶᠢ ᠶᠠᠪᠤᠭᠳᠠᠭᠤᠯᠤᠨ᠎ᠠ᠃ ᠬᠤᠳᠠ ᠶᠢᠨ ᠬᠠᠮᠢᠶᠠᠷᠣᠯᠳᠠ ᠶᠢᠨ ᠠᠵᠢᠯ ᠤᠨ ᠡᠭᠦᠷᠭᠡ ᠴᠢᠳᠠᠪᠬᠢ ᠶᠢ ᠳᠣᠭᠳᠠᠭᠠᠵᠤ᠂ ᠵᠠᠰᠠᠭ ᠤᠨ ᠣᠷᠳᠣᠨ ᠤ ᠬᠠᠮᠢᠶᠠᠷᠣᠯᠳᠠ ᠶᠢᠨ ᠡᠭᠦᠷᠭᠡ ᠴᠢᠳᠠᠪᠬᠢ ᠪᠣᠯᠣᠨ ᠵᠠᠰᠠᠭ ᠵᠠᠬᠢᠷᠭᠠᠨ ᠤ ᠬᠠᠣᠯᠢ ᠬᠡᠷᠡᠭᠵᠢᠭᠦᠯᠬᠦ ᠪᠠᠶᠢᠭᠤᠯᠤᠮᠵᠢ ᠶᠢᠨ ᠬᠠᠷᠢᠴᠠᠭ᠎ᠠ ᠬᠤᠯᠪᠣᠭ᠎ᠠ ᠶᠢ ᠳᠣᠳᠣᠷᠠᠭᠤᠯᠵᠤ᠂ ᠵᠠᠰᠠᠭ ᠵᠠᠬᠢᠷᠭᠠᠨ ᠤ ᠬᠠᠣᠯᠢ ᠬᠡᠷᠡᠭᠵᠢᠭᠦᠯᠬᠦ ᠲᠣᠨᠣᠭᠯᠠᠯ ᠪᠠ ᠬᠥᠮᠥᠨ   ᠬᠦᠴᠥᠨ ᠤ ᠬᠠᠩᠭᠠᠮᠵᠢ ᠶᠢ ᠪᠠᠳᠣᠯᠠᠵᠤ᠂ ᠵᠠᠰᠠᠭ ᠵᠠᠬᠢᠷᠭᠠᠨ ᠤ ᠬᠠᠣᠯᠢ ᠬᠡᠷᠡᠭᠵᠢᠬᠦ ᠪᠦᠬᠦ ᠶᠠᠪᠦᠴᠠ ᠶᠢ ᠳᠡᠮᠳᠡᠭᠯᠡᠬᠦ ᠳᠦᠷᠢᠮ ᠪᠠ ᠵᠠᠰᠠᠭ ᠵᠠᠬᠢᠷᠭᠠᠨ ᠤ ᠡᠷᠭᠡ ᠶᠢᠨ ᠬᠡᠮᠵᠢᠶ᠎ᠡ ᠶᠢ ᠳᠣᠭᠳᠠᠭᠠᠬᠤ  ᠦᠨᠳᠥᠰᠥᠨ ᠪᠠᠷᠢᠮᠵᠢᠶᠠᠨ ᠤ ᠳᠦᠷᠢᠮ ᠢ ᠪᠠᠶᠢᠭᠤᠯᠵᠤ ᠳᠡᠭᠦᠯᠳᠡᠷᠵᠢᠭᠦᠯᠥᠨ᠎ᠡ᠃ᠬᠠᠤᠯᠢ ᠭᠡᠷᠡᠭᠵᠢᠬᠦᠯᠦᠭᠴᠢ ᠶᠢᠨ ᠭᠡᠷᠡᠴᠢ ᠦᠨᠡᠮᠯᠡᠯ ᠲᠠᠢ ᠪᠠᠷ ᠠᠵᠢᠯᠯᠠᠬᠤ ᠳᠦᠷᠢᠮ ᠬᠢᠭᠡᠳ ᠬᠢᠷᠢ ᠭᠡᠮ ᠤᠨ ᠬᠠᠮᠢᠶᠠᠷᠤᠯᠳᠠ  ᠶᠢᠨ ᠳᠦᠷᠢᠮ ᠶᠢ ᠨᠢᠭᠳᠠ ᠴᠢᠩᠭ᠎ᠠ ᠭᠡᠷᠡᠭᠵᠢᠬᠦᠯᠵᠦ᠂ ᠬᠠᠤᠯᠢ ᠬᠡᠷᠡᠭᠵᠢᠭᠦᠯᠥᠭᠴᠢ ᠶᠢᠨ ᠬᠡᠪ ᠴᠢᠨᠠᠷ ᠢ ᠳᠡᠭᠡᠭᠰᠢᠯᠡᠬᠦᠯᠵᠥ᠂ ᠵᠠᠰᠠᠭ ᠵᠠᠬᠢᠷᠭᠠᠨ ᠤ ᠬᠠᠤᠯᠢ ᠭᠡᠷᠡᠭᠵᠢᠬᠦᠯᠬᠦ ᠭᠤᠤᠯ ᠴᠤᠭᠴᠠ ᠶᠢᠨ ᠬᠢᠷᠢ ᠭᠡᠮ ᠤᠨ ᠬᠠᠤᠯᠢᠴᠢ ᠴᠢᠨᠠᠷ ᠢ ᠬᠢᠨᠠᠨ ᠪᠠᠶᠢᠴᠠᠭᠠᠬᠤ ᠲᠦᠷᠢᠮ ᠢ ᠴᠢᠩᠭ᠎ᠠ ᠲᠤᠤᠱᠯᠠᠭᠤᠯᠤᠨ ᠭᠡᠷᠡᠭᠵᠢᠬᠦᠯᠵᠦ᠂ ᠵᠠᠰᠠᠭ ᠵᠠᠬᠢᠷᠭᠠᠨ ᠤ ᠬᠠᠤᠯᠢ ᠭᠡᠷᠡᠭᠵᠢᠬᠦᠯᠬᠦ ᠪᠠ ᠡᠷᠡᠬᠦᠦ ᠶᠢᠨ ᠭᠡᠷᠡᠭ ᠤᠨ ᠬᠠᠤᠯᠢ ᠴᠠᠭᠠᠵᠠ ᠶᠢᠨ ᠤᠶᠠᠯᠳᠠᠯ ᠤᠨ ᠲᠤᠭᠳᠠᠯᠴᠠᠭ᠎ᠠ ᠶᠢ ᠲᠡᠬᠦᠯᠳᠡᠷᠵᠢᠬᠦᠯᠵᠦ᠂ ᠡᠷᠬᠡ ᠡᠭᠦᠷᠭᠡ ᠨᠢᠭᠡᠳᠥᠯᠳᠡᠢ᠂ ᠳᠦᠷᠢᠮᠵᠢᠭᠰᠡᠨ᠂ ᠦᠨᠳᠦᠷ ᠪᠦᠳᠦᠮᠵᠢ ᠲᠠᠢ ᠬᠤᠳᠠ ᠶᠢᠨ ᠬᠠᠮᠢᠶᠠᠷᠣᠯᠳᠠ ᠵᠠᠰᠠᠭ ᠵᠠᠬᠢᠷᠭᠠᠨ ᠤ ᠬᠠᠣᠯᠢ ᠬᠡᠷᠡᠭᠵᠢᠭᠦᠯᠬᠦ ᠠᠷᠭ᠎ᠠ ᠬᠡᠯᠪᠡᠷᠢ ᠶᠢ ᠪᠠᠶᠢᠭᠤᠯᠤᠨ᠎ᠠ᠃     ᠵᠠᠰᠠᠭ ᠵᠠᠬᠢᠷᠭᠠᠨ ᠤ ᠡᠷᠭᠡ ᠶᠢᠨ ᠬᠢᠵᠠᠭᠠᠷᠯᠠᠯᠳᠠ ᠪᠣᠯᠣᠨ ᠬᠢᠨᠠᠯᠳᠠ ᠶᠢ ᠴᠢᠩᠭᠠᠳᠬᠠᠨ᠎ᠠ᠃ ᠨᠠᠮ ᠤᠨ ᠳᠤᠳᠤᠭᠠᠳᠦ ᠶᠢᠨ ᠬᠢᠨᠠᠯᠳᠠ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠢᠨᠠᠯᠳᠠ᠂ ᠠᠷᠠᠳᠴᠢᠯᠠᠯᠳᠦ ᠬᠢᠨᠠᠯᠳᠠ᠂ ᠵᠠᠰᠠᠭ ᠤᠨ ᠬᠢᠨᠠᠯᠳᠠ᠂ ᠬᠠᠤᠯᠢ ᠴᠠᠭᠠᠵᠠ ᠶᠢᠨ ᠬᠢᠨᠠᠯᠳᠠ᠂ ᠬᠢᠨᠠᠨ ᠪᠤᠳᠤᠬᠤ ᠬᠢᠨᠠᠯᠳᠠ᠂ ᠨᠡᠶᠢᠭᠡᠮ ᠤᠨ ᠬᠢᠨᠠᠯᠳᠠ᠂ ᠶᠠᠷᠢᠶ᠎ᠠ ᠬᠡᠯᠡᠯᠴᠡᠭᠡᠨ ᠤ ᠬᠢᠨᠠᠯᠳᠠ ᠶᠢᠨ ᠲᠦᠷᠢᠮ ᠤᠨ ᠪᠦᠳᠦᠭᠡᠨ ᠪᠠᠶᠢᠭᠤᠯᠤᠯᠳᠠ ᠶᠢ ᠴᠢᠩᠭᠠᠳᠬᠠᠵᠦ᠂ ᠡᠷᠭᠡ ᠭᠡᠷᠡᠭᠵᠢᠬᠦᠯᠬᠦ ᠶᠢ ᠬᠢᠵᠠᠭᠠᠷᠯᠠᠬᠤ ᠪᠠ ᠰᠢᠨᠵᠢᠯᠡᠬᠦ ᠤᠬᠠᠭᠠᠨᠴᠢ ᠪᠦᠳᠦᠮᠵᠢᠳᠦ ᠬᠢᠨᠠᠬᠤ ᠰᠢᠰᠲ᠋ᠧᠮ ᠶᠢ ᠴᠢᠷᠮᠠᠶᠢᠨ ᠪᠤᠢ ᠪᠤᠯᠭᠠᠨ᠎ᠠ᠃ ᠡᠳ᠋ ᠤᠨ ᠵᠠᠰᠠᠭ ᠤᠨ ᠪᠡᠯᠡ ᠮᠦᠩᠬᠦ ᠶᠢ ᠲᠤᠬᠢᠷᠠᠭᠤᠯᠤᠨ ᠭᠡᠷᠡᠭᠯᠡᠬᠦ᠂ ᠤᠯᠤᠰ ᠤᠨ ᠡᠳ᠋ ᠬᠦᠷᠦᠩᠭᠡ  ᠶᠢᠨ ᠬᠢᠨᠠᠨ ᠬᠠᠮᠢᠶᠠᠷᠣᠯᠳᠠ᠂ ᠵᠠᠰᠠᠭ ᠤᠨ ᠤᠷᠳᠤᠨ ᠤ ᠪᠡᠯᠡ ᠤᠷᠤᠭᠤᠯᠤᠯᠳᠠ᠂ ᠵᠠᠰᠠᠭ ᠤᠨ ᠤᠷᠳᠤᠨ ᠤ ᠬᠤᠳᠠᠯᠳᠤᠨ ᠠᠪᠬᠤ᠂ ᠤᠯᠠᠨ ᠨᠡᠶᠢᠳᠡ ᠶᠢᠨ ᠡᠬᠢ ᠪᠠᠶᠠᠯᠢᠭ ᠢ ᠰᠢᠯᠵᠢᠬᠦᠯᠦᠨ ᠦᠭᠬᠦ᠂ ᠤᠯᠠᠨ ᠨᠡᠶᠢᠳᠡ ᠶᠢᠨ ᠢᠨᠵᠧᠨᠧᠷᠢᠩ ᠤᠨ ᠪᠦᠳᠦᠭᠡᠨ ᠪᠠᠶᠢᠭᠤᠯᠤᠯᠳᠠ ᠵᠡᠷᠭᠡ ᠡᠷᠭᠡ ᠲᠦᠪᠯᠡᠷᠡᠬᠦᠯᠦᠭᠰᠡᠨ ᠰᠠᠯᠠᠭ᠎ᠠ ᠮᠦᠴᠢᠷ ᠬᠢᠭᠡᠳ ᠠᠵᠢᠯ  ᠤᠨ ᠪᠠᠶᠢᠷᠢ ᠳᠤ ᠠᠵᠢᠯ ᠤᠨ ᠬᠤᠪᠢᠶᠠᠷᠢᠯᠠᠯ ᠢᠶᠠᠷ ᠡᠷᠭᠡ ᠬᠡᠷᠡᠭᠵᠢᠭᠦᠯᠬᠦ᠂ ᠠᠵᠢᠯ ᠤᠨ ᠪᠠᠶᠢᠷᠢ ᠪᠠᠷ ᠡᠷᠭᠡ ᠳᠣᠭᠳᠠᠭᠠᠬᠤ᠂ ᠲᠡᠰ ᠬᠤᠪᠢᠶᠠᠨ ᠡᠷᠭᠡ ᠤᠯᠭᠤᠵᠤ᠂  ᠲᠤᠭᠳᠠᠭᠰᠠᠨ ᠬᠤᠭᠤᠴᠠᠭ᠎ᠠ ᠲᠠᠢ ᠪᠠᠷ ᠪᠠᠶᠢᠷᠢ ᠰᠤᠯᠢᠬᠤ ᠳᠦᠷᠢᠮ ᠢ ᠬᠡᠷᠡᠭᠵᠢᠭᠦᠯᠵᠥ᠂ ᠡᠭᠦᠨ ᠢᠶᠠᠷ ᠵᠠᠰᠠᠭ ᠤᠨ ᠤᠷᠳᠤᠨ ᠤ ᠳᠤᠳᠤᠭᠠᠳᠦ ᠶᠢᠨ ᠡᠷᠭᠡ ᠶᠢᠨ ᠬᠢᠵᠠᠭᠠᠷᠯᠠᠯᠳᠠ ᠶᠢ ᠴᠢᠩᠭᠠᠳᠬᠠᠨ᠎ᠠ᠃ᠬᠤᠶᠠᠳᠤᠭᠠᠷ ᠭᠡᠰᠡᠭ   ᠬᠠᠤᠯᠢ  ᠴᠠᠭᠠᠵᠠ ᠶᠢᠨ ᠲᠦᠪ ᠭᠤᠤᠯᠴᠢ ᠪᠠᠶᠢᠬᠤ ᠶᠢ ᠪᠠᠳᠤᠯᠠᠨ᠎ᠠ       ᠬᠠᠤᠯᠢ ᠴᠠᠭᠠᠵᠠ ᠶᠢᠨ ᠡᠷᠭᠡ ᠶᠢᠨ ᠶᠠᠪᠤᠭᠳᠠᠬᠤ ᠲᠤᠭᠳᠠᠯᠴᠠᠭ᠎ᠠ ᠶᠢ ᠲᠡᠭᠦᠯᠳᠡᠷᠵᠢᠭᠦᠯᠤᠨ᠎ᠠ᠃ ᠰᠢᠬᠦᠬᠦ ᠬᠤᠷᠢᠶ᠎ᠠ᠂ ᠪᠠᠶᠢᠴᠠᠭᠠᠬᠤ ᠬᠤᠷᠢᠶᠠᠨ ᠤ ᠬᠠᠤᠯᠢ ᠶᠤᠰᠤᠭᠠᠨᠷ᠂  ᠪᠡᠶ᠎ᠡ ᠳᠠᠭᠠᠭᠠᠨ᠂ ᠲᠦᠪ ᠭᠤᠤᠯᠴᠢ ᠪᠠᠷ ᠡᠷᠭᠡ ᠪᠠᠨ ᠬᠡᠷᠡᠭᠵᠢᠭᠦᠯᠬᠦ ᠶᠢ ᠳᠡᠮᠵᠢᠵᠥ᠂ ᠤᠳᠤᠷᠢᠳᠬᠤ ᠺᠠᠳᠠᠷ ᠤᠨ ᠬᠠᠤᠯᠢ ᠴᠠᠭᠠᠵᠠ ᠶᠢᠨ ᠭᠦᠳᠡᠯᠭᠡᠭᠡᠨ ᠢ ᠬᠠᠷᠰᠢᠯᠠᠬᠤ᠂ ᠪᠤᠳᠠᠳᠠᠢ ᠭᠡᠷᠡᠭ ᠢ ᠰᠢᠳᠪᠤᠷᠢᠯᠡᠭᠦ ᠳᠤ ᠭᠠᠷ ᠳᠦᠷᠥᠬᠦ ᠶᠢ ᠳᠡᠮᠳᠡᠭᠯᠡᠬᠦ᠂ ᠨᠡᠶᠢᠳᠡᠯᠡᠭᠦ ᠪᠠ ᠬᠠᠷᠢᠭᠤᠴᠠᠯᠭ᠎ᠠ ᠨᠡᠭᠡᠮᠵᠢᠯᠡᠬᠦ ᠲᠦᠷᠢᠮ ᠢ ᠪᠠᠶᠢᠭᠤᠯᠵᠦ ᠲᠡᠬᠦᠯᠳᠡᠷᠵᠢᠭᠦᠯᠤᠨ᠎ᠠ᠃ ᠠᠷᠠᠳ ᠤᠨ  ᠲᠦᠯᠦᠭᠡᠯᠡᠭᠴᠢ ᠪᠠ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ ᠤ ᠬᠠᠤᠯᠢ ᠴᠠᠭᠠᠵᠠ ᠶᠢᠨ ᠲᠤᠰᠬᠠᠢ ᠭᠡᠷᠡᠭ ᠤᠨ  ᠬᠢᠨᠠᠯᠳᠠ ᠢ  ᠲᠦᠷᠢᠮᠵᠢᠭᠦᠯᠤᠨ᠎ᠠ᠃      ᠬᠠᠤᠯᠢ ᠴᠠᠭᠠᠵᠠ ᠶᠢᠨ ᠠᠵᠢᠯᠯᠠᠭ᠎ᠠ ᠢ ᠲᠦᠷᠢᠮᠵᠢᠭᠦᠯᠤᠨ᠎ᠠ᠃ ᠰᠢᠬᠦᠨ ᠲᠠᠰᠤᠯᠬᠤ ᠡᠷᠭᠡ ᠪᠠ ᠬᠦᠢᠴᠡᠳᠭᠡᠬᠦ ᠡᠷᠭᠡ ᠶᠢ ᠰᠠᠯᠤᠩᠬᠢᠷᠠᠬᠤ ᠪᠠᠶᠢᠭᠤᠯᠤᠮᠵᠢ ᠶᠢᠨ ᠦᠭᠡᠷᠡᠴᠢᠯᠡᠯᠳᠡ ᠢ ᠢᠳᠡᠪᠭᠢᠳᠠᠢ ᠰᠦᠪᠡᠭᠴᠢᠯᠡᠵᠤ᠂ ᠬᠦᠢᠴᠡᠳᠭᠡᠬᠦ ᠠᠵᠢᠯᠯᠠᠭ᠎ᠠ ᠶᠢ ᠳᠦᠷᠢᠮᠵᠢᠭᠦᠯᠥᠨ᠎ᠡ᠃ ᠰᠢᠬᠦᠬᠦ ᠬᠤᠷᠢᠶ᠎ᠠ᠂ ᠪᠠᠶᠢᠴᠠᠭᠠᠬᠤ ᠬᠤᠷᠢᠶᠠᠨ ᠤ ᠭᠦᠮᠤᠨ ᠤ ᠡᠷᠭᠡ ᠪᠠ ᠪᠤᠳᠠᠰ  ᠤᠨ ᠡᠷᠭᠡ ᠶᠢᠨ ᠬᠠᠮᠢᠶᠠᠷᠤᠯᠳᠠ ᠶᠢᠨ ᠪᠠᠶᠢᠭᠤᠯᠤᠮᠵᠢ ᠢ ᠦᠭᠡᠷᠡᠴᠢᠯᠡᠨ᠂ ᠰᠢᠬᠦᠬᠦ ᠬᠤᠷᠢᠶ᠎ᠠ᠂ ᠪᠠᠶᠢᠴᠠᠭᠠᠬᠤ ᠬᠤᠷᠢᠶᠠᠨ  ᠤ ᠬᠠᠤᠯᠢ ᠴᠠᠭᠠᠵᠠ ᠶᠢᠨ ᠵᠠᠰᠠᠭ ᠵᠠᠭᠢᠷᠭᠠᠨ ᠤ ᠬᠡᠷᠡᠭ ᠶᠠᠪᠦᠳᠠᠯ ᠤᠨ ᠬᠠᠮᠢᠶᠠᠷᠣᠬᠤ ᠡᠷᠬᠡ ᠪᠠ ᠰᠢᠭᠦᠨ ᠲᠠᠰᠤᠯᠬᠤ ᠡᠷᠭᠡ᠂ ᠪᠠᠶᠢᠴᠠᠭᠠᠬᠤ ᠡᠷᠭᠡ ᠶᠢᠨ ᠬᠠᠷᠢᠯᠴᠠᠨ ᠰᠠᠯᠤᠩᠭᠢᠷᠠᠬᠤ ᠢ ᠳᠣᠣᠱᠯᠠᠭᠤᠯᠤᠨ᠎ᠠ᠃      ᠬᠠᠤᠯᠢ ᠴᠠᠭᠠᠵᠠ ᠶᠢᠨ ᠨᠠᠷᠢᠨ ᠬᠢᠨᠠᠮᠠᠭᠠᠢ ᠭᠡᠷᠡᠭᠵᠢᠬᠦᠯᠦᠯᠳᠡ ᠶᠢ ᠲᠦᠯᠭᠢᠨ ᠠᠭᠢᠭᠤᠯᠤᠨ᠎ᠠ᠃ ᠰᠢᠬᠦᠨ ᠲᠠᠰᠤᠯᠬᠤ ᠪᠠᠷ ᠭᠤᠤᠯ ᠪᠤᠯᠭᠠᠭᠰᠠᠨ ᠵᠠᠷᠭᠤ ᠶᠢᠨ ᠲᠦᠷᠢᠮ ᠤᠨ ᠦᠭᠡᠷᠡᠴᠢᠯᠡᠯᠳᠡ ᠢ ᠲᠦᠯᠬᠢᠨ ᠠᠭᠢᠭᠤᠯᠵᠤ᠂ ᠰᠢᠳᠭᠡᠨ ᠲᠠᠰᠤᠯᠠᠭᠰᠠᠨ ᠭᠡᠷᠡᠭ ᠤᠨ ᠴᠢᠨᠠᠷ ᠴᠢᠠᠰᠠᠭ᠎ᠠ ᠢ ᠨᠠᠰᠤᠨ ᠲᠤᠷᠰᠢᠳᠠ ᠬᠠᠷᠢᠭᠤᠴᠠᠬᠤ ᠲᠦᠷᠢᠮ ᠪᠠ ᠪᠤᠷᠤᠭᠤ ᠲᠠᠰᠤᠯᠠᠭᠰᠠᠨ ᠭᠡᠷᠡᠭ ᠤᠨ ᠬᠠᠷᠢᠭᠤᠴᠠᠯᠭ᠎ᠠ ᠶᠢᠨ ᠤᠷᠪᠠᠭᠤᠯᠤᠨ ᠪᠠᠶᠢᠴᠠᠭᠠᠵᠦ ᠬᠠᠷᠢᠭᠤᠴᠠᠯᠭ᠎ᠠ ᠠᠰᠠᠭᠤᠬᠤ ᠲᠦᠷᠢᠮ ᠢ ᠭᠡᠷᠡᠭᠵᠢᠬᠦᠯᠵᠦ᠂ ᠰᠢᠳᠪᠤᠷᠢᠯᠡᠭᠰᠡᠨ ᠭᠡᠷᠡᠭ ᠨᠢ ᠬᠠᠤᠯᠢ ᠴᠠᠭᠠᠵᠠ ᠪᠠ ᠲᠡᠤᠭᠡ ᠶᠢᠨ ᠬᠢᠨᠡᠨ ᠰᠢᠯᠭᠠᠯᠳᠠ ᠢ ᠲᠠᠭᠠᠭᠠᠵᠦ ᠴᠢᠳᠠᠬᠤ ᠶᠢ ᠪᠠᠳᠤᠯᠠᠨ᠎ᠠ᠃ ᠢᠯᠡ ᠳᠤᠳᠤ ᠬᠠᠤᠯᠢ ᠴᠠᠭᠠᠵᠠ ᠶᠢᠨ ᠲᠤᠭᠳᠠᠯᠴᠠᠭ᠎ᠠ ᠶᠢ ᠪᠠᠶᠢᠭᠤᠯᠬᠤ ᠢ ᠰᠦᠪᠡᠭᠴᠢᠯᠡᠵᠤ ᠂ ᠰᠢᠭᠦᠨ ᠲᠠᠰᠤᠯᠬᠤ᠂ ᠪᠠᠶᠢᠴᠠᠭᠠᠬᠤ᠂ ᠴᠠᠭᠳᠠᠭᠠᠨ ᠤ ᠭᠡᠷᠡᠭ᠂ ᠬᠢᠨᠳᠠᠨ ᠤ ᠠᠵᠢᠯ ᠢ ᠢᠯᠡ ᠪᠤᠯᠭᠠᠬᠤ ᠢ ᠲᠦᠯᠬᠢᠨ ᠠᠬᠢᠭᠤᠯᠵᠤ᠂ ᠪᠠᠶᠢᠴᠠᠭᠠᠬᠤ ᠪᠠᠶᠢᠭᠤᠯᠭ᠎ᠠ ᠶᠢᠨ ᠡᠷᠡᠭᠦᠤ ᠶᠢᠨ ᠵᠠᠷᠭᠤ᠂ ᠢᠷᠭᠡᠨ ᠤ ᠵᠠᠷᠭᠤ᠂ ᠵᠠᠰᠠᠭ ᠵᠠᠭᠢᠷᠭᠠᠨ ᠤ ᠵᠠᠷᠭᠤ ᠶᠢᠨ ᠬᠠᠤᠯᠢ ᠴᠠᠭᠠᠵᠠ ᠶᠢᠨ  ᠬᠢᠨᠠᠯᠳᠠ ᠢ ᠴᠢᠩᠭᠠᠳᠬᠠᠨ᠎ᠠ᠃ ᠭᠤᠷᠪᠠᠳᠤᠭᠠᠷ ᠭᠡᠰᠡᠭ   ᠪᠦᠬᠦ ᠠᠷᠠᠳ ᠤᠨ ᠬᠠᠤᠯᠢ ᠶᠢ ᠰᠠᠬᠢᠬᠤ ᠦᠵᠡᠯ ᠤᠬᠠᠮᠰᠠᠷ ᠢ ᠳᠡᠭᠡᠭᠰᠢᠯᠡᠭᠦᠯᠥᠨ᠎ᠡ      ᠤᠯᠤᠰ ᠤᠨ ᠬᠠᠤᠯᠢ ᠴᠠᠭᠠᠵᠠ ᠶᠢᠨ ᠠᠪᠤᠷᠠᠨ ᠳᠡᠳᠬᠦᠬᠦ ᠪᠠᠶᠢᠭᠤᠯᠤᠮᠵᠢ ᠢ  ᠪᠠᠶᠢᠭᠤᠯᠬᠤ ᠪᠠ ᠲᠡᠬᠦᠯᠳᠡᠷᠵᠢᠭᠦᠯᠤᠨ᠎ᠠ᠃ ᠬᠠᠤᠯᠢ ᠴᠠᠭᠠᠵᠠ ᠶᠢᠨ ᠠᠪᠤᠷᠠᠨ ᠲᠡᠳᠭᠦᠭᠦ ᠶᠠᠪᠤᠴᠠ ᠢ ᠲᠦᠷᠢᠮᠵᠢᠭᠦᠯᠵᠤ᠂ ᠬᠤᠭᠢᠷᠠᠯ ᠠᠮᠰᠠᠭᠰᠠᠨ ᠪᠤᠯᠪᠠᠴᠦ᠂ ᠵᠠᠷᠭᠤ ᠪᠠᠷ ᠲᠠᠮᠵᠢᠨ ᠲᠦᠯᠤᠪᠤᠷᠢ ᠤᠯᠬᠤ ᠶᠢᠨ ᠠᠷᠭ᠎ᠠ ᠦᠭᠡᠢ ᠲᠤᠬᠠᠢ ᠶᠢᠨ ᠭᠦᠮᠤᠨ ᠤ ᠪᠤᠳᠠᠳᠠᠢ ᠬᠦᠴᠢᠷᠳᠡᠯ ᠢ ᠦᠨᠡᠠᠬᠦ ᠰᠢᠳᠪᠤᠷᠢᠯᠡᠵᠤ᠂ ᠨᠡᠶᠢᠭᠡᠮ ᠤᠨ ᠲᠦᠪ ᠭᠤᠤᠯᠴᠢ ᠦᠨᠡᠨ ᠶᠤᠰᠤᠴᠢ ᠴᠢᠨᠠᠷ ᠲᠠᠢ ᠪᠠᠶᠢᠬᠤ ᠶᠢ ᠪᠡᠶᠡᠯᠡᠭᠦᠯᠵᠤ᠂ ᠨᠡᠶᠢᠭᠡᠮ ᠤᠨ ᠡᠶ᠎ᠡ ᠵᠤᠭᠢᠴᠠᠯᠳᠠᠢ ᠲᠤᠭᠳᠠᠭᠤᠨ ᠪᠠᠶᠢᠳᠠᠯ ᠢ ᠠᠭᠢᠭᠤᠯᠵᠤ᠂ ᠬᠠᠤᠯᠢ ᠴᠠᠭᠠᠵᠠ ᠶᠢᠨ ᠰᠦᠷ ᠭᠦᠴᠤ ᠪᠠ ᠢᠳᠡᠭᠡᠮᠵᠢᠳᠦ ᠴᠢᠨᠠᠷ ᠢ ᠬᠠᠮᠠᠭᠠᠯᠠᠨ᠎ᠠ᠃      ᠪᠦᠬᠦ ᠨᠡᠶᠢᠭᠡᠮ ᠶᠢᠨ ᠬᠠᠤᠯᠢ ᠪᠠᠷ ᠵᠠᠰᠠᠬᠤ ᠤᠬᠠᠮᠰᠠᠷ ᠢ ᠲᠡᠭᠡᠭᠰᠢᠯᠡᠭᠦᠯᠤᠨ ᠴᠢᠩᠭᠠᠳᠬᠠᠨ᠎ᠠ᠃ ︽ᠲᠤᠯᠤᠭ᠎ᠠ ᠲᠠᠪᠤ︾ ᠶᠢᠨ ᠬᠠᠤᠯᠢ ᠲᠦᠭᠡᠮᠡᠯᠵᠢᠭᠦᠯᠬᠦ ᠠᠵᠢᠯ ᠢ ᠢᠳᠡᠪᠭᠢᠳᠠᠢ ᠦᠷᠨᠢᠭᠦᠯᠵᠤ᠂ ᠦᠷᠭᠡᠨ ᠤᠯᠠᠨ ᠲᠦᠮᠡᠨ ᠤ ᠤᠬᠠᠮᠰᠠᠷ ᠠᠴᠠ ᠪᠠᠨ ᠬᠠᠤᠯᠢ ᠰᠠᠭᠢᠬᠤ᠂ ᠠᠰᠠᠭᠤᠳᠠᠯ ᠰᠢᠳᠪᠤᠷᠢᠯᠡᠬᠦ ᠳᠤ ᠬᠠᠤᠯᠢ ᠳᠤ ᠲᠦᠰᠢᠭᠯᠡᠬᠦ ᠶᠢ ᠣᠳᠣᠷᠢᠳᠴᠣ ᠂ ᠭᠤᠣᠯᠯᠠᠬᠤ ᠡᠳᠡᠭᠡᠳ ᠲᠤ ᠬᠠᠣᠯᠢ ᠶᠢᠨ ᠰᠣᠷᠳᠠᠯᠴᠢᠯ ᠬᠥᠮᠥᠵᠢᠯ ᠬᠢᠬᠦ ᠶᠢ ᠴᠢᠩᠭᠠᠳᠬᠠᠨ᠎ᠠ᠃ ᠤᠳᠤᠷᠢᠳᠬᠤ ᠺᠠᠳᠠᠷ ᠲᠤᠰᠢᠶᠠᠯ ᠳᠤ ᠭᠠᠷᠬᠤ ᠠᠴᠠ ᠡᠮᠤᠨ᠎ᠠ ᠬᠠᠤᠯᠢ ᠴᠠᠭᠠᠵᠠ ᠶᠢᠨ ᠮᠡᠳᠡᠯᠭᠡ ᠶᠢᠨ ᠰᠢᠯᠭᠠᠯᠳᠠ ᠳᠤ ᠤᠷᠤᠯᠴᠠᠬᠤ ᠲᠦᠷᠢᠮ ᠢ ᠪᠦᠭᠦ ᠲᠠᠯ᠎ᠠ ᠪᠠᠷ ᠲᠦᠯᠭᠢᠨ ᠠᠭᠢᠭᠤᠯᠵᠤ᠂ ᠤᠳᠤᠷᠢᠳᠬᠤ ᠺᠠᠳᠠᠷ ᠤᠨ ᠬᠠᠤᠯᠢ ᠰᠤᠷᠤᠯᠴᠠᠵᠤ᠂ ᠬᠠᠤᠯᠢ ᠢ ᠵᠢᠷᠤᠮᠯᠡᠨ᠂ ᠬᠠᠤᠯᠢ ᠰᠠᠭᠢᠬᠤ᠂ ᠬᠠᠤᠯᠢ ᠭᠡᠷᠡᠭᠵᠢᠬᠦᠯᠬᠦ ᠴᠢᠳᠠᠪᠤᠷᠢ ᠢ ᠳᠡᠭᠡᠭᠰᠢᠯᠡᠭᠦᠯᠵᠥ᠂ ᠬᠠᠣᠯᠢ ᠶᠢ ᠳᠥᠭᠡᠮᠡᠯᠵᠢᠭᠦᠯᠬᠦ ᠠᠵᠢᠯ ᠤᠨ ᠡᠭᠦᠷᠭᠡ ᠶᠢ ᠤᠯᠠᠮ ᠨᠢᠭᠡ ᠠᠯᠬᠤᠮ ᠴᠢᠩᠭᠠᠳᠬᠠᠨ᠂ ᠲᠥᠷᠥ ᠶᠢᠨ ᠪᠠᠶᠢᠭᠤᠯᠤᠯᠭ᠎ᠠ ᠶᠢᠨ ︽ᠬᠡᠨ ᠬᠠᠤᠯᠢ  ᠬᠡᠷᠡᠭᠵᠢᠭᠦᠯᠬᠦ᠂ ᠬᠡᠨ ᠬᠠᠣᠯᠢ ᠲᠥᠭᠡᠮᠡᠯᠵᠢᠭᠦᠯᠬᠦ︾ ᠬᠠᠣᠯᠢ ᠳᠥᠭᠡᠮᠡᠯᠵᠢᠭᠦᠯᠬᠦ ᠬᠠᠷᠢᠭᠤᠴᠠᠯᠭ᠎ᠠ ᠶᠢᠨ ᠳᠦᠷᠢᠮ ᠢ ᠭᠦᠨᠵᠡᠭᠡᠢ ᠳᠣᠣᠱᠯᠠᠭᠤᠯᠵᠤ ᠬᠡᠷᠡᠭᠵᠢᠭᠦᠯᠥᠨ᠎ᠡ᠃ ᠤᠬᠠᠭᠤᠯᠬᠤ᠂ ᠷᠠᠳᠢᠣ᠋ ᠲᠧᠯᠸᠢᠰ᠂ ᠰᠤᠷᠭᠠᠨ ᠭᠦᠮᠤᠵᠢᠯ ᠵᠡᠷᠭᠡ ᠰᠠᠯᠠᠭ᠎ᠠ ᠮᠦᠴᠢᠷ ᠤᠨ ᠰᠤᠷᠭᠠᠨ ᠬᠦᠮᠤᠵᠢᠯ ᠳᠠᠬᠢ ᠬᠠᠤᠯᠢ ᠶᠢ ᠲᠦᠭᠡᠮᠡᠯᠵᠢᠭᠦᠯᠭᠦ ᠦᠢᠯᠡᠳᠤᠯ ᠴᠢᠳᠠᠪᠤᠷᠢ ᠢ ᠬᠦᠢᠴᠡᠳ ᠪᠠᠳᠠᠷᠠᠭᠤᠯᠵᠤ᠂ ᠭᠡᠷᠡᠭ ᠤᠨ ᠵᠢᠱᠢᠶ᠎ᠡ ᠪᠠᠷ ᠬᠠᠤᠯᠢ ᠲᠦᠭᠡᠮᠡᠯᠵᠢᠭᠦᠯᠬᠦ ᠪᠠ ᠤᠯᠠᠨ ᠲᠦᠮᠡᠡᠴᠢ ᠴᠢᠨᠠᠷᠳᠠᠢ ᠬᠠᠤᠯᠢ ᠪᠠᠷ ᠵᠠᠰᠠᠬᠤ ᠰᠤᠶᠤᠯ ᠤᠨ ᠠᠵᠢᠯᠯᠠᠭ᠎ᠠ ᠢ ᠦᠷᠭᠡᠨ ᠢᠶᠠᠷ ᠦᠷᠨᠢᠭᠦᠯᠤᠨ᠎ᠡ᠃ ᠬᠠᠤᠯᠢ ᠲᠦᠭᠡᠮᠡᠯᠵᠢᠭᠦᠯᠭᠦ ᠲᠤᠮᠳᠠᠭᠢ ᠰᠢᠨ᠎ᠡ ᠮᠡᠳᠡᠭᠡ ᠵᠠᠩᠬᠢ ᠶᠢᠨ ᠵᠠᠭᠤᠴᠢᠯᠠᠭᠤᠷ᠂ ᠰᠢᠨ᠎ᠠ ᠮᠡᠷᠭᠡᠵᠢᠯ ᠤᠨ ᠭᠡᠷᠡᠭᠯᠡᠭᠡ ᠢ ᠴᠢᠩᠭᠠᠳᠬᠠᠵᠤ᠂ ᠮᠡᠳᠡᠭᠡ ᠵᠠᠩᠭᠢ ᠶᠢᠨ ᠵᠠᠭᠤᠴᠢᠯᠠᠭᠤᠷᠳᠤ ᠤᠯᠠᠨ ᠨᠡᠶᠢᠳᠡ ᠳᠤ ᠠᠰᠢᠭᠳᠠᠢ ᠬᠠᠣᠯᠢ ᠳᠥᠭᠡᠮᠡᠯᠵᠢᠭᠦᠯᠬᠦ ᠳᠦᠷᠢᠮ ᠢ ᠪᠠᠶᠢᠭᠤᠯᠵᠤ ᠳᠡᠭᠦᠯᠳᠡᠷᠵᠢᠭᠦᠯᠥᠨ᠎ᠡ᠃ ᠬᠠᠤᠯᠢ ᠲᠦᠷᠢᠮ ᠤᠨ ᠤᠬᠠᠭᠤᠯᠭ᠎ᠠ᠂ ᠬᠠᠤᠯᠢ ᠴᠠᠭᠠᠵᠠ ᠶᠢᠨ ᠯᠠᠪᠯᠠᠯ᠂ ᠠᠷᠠᠳ  ᠤᠨ ᠡᠶᠡᠳᠡᠭᠦᠯᠭᠡ᠂ ᠬᠠᠤᠯᠢ ᠴᠠᠭᠠᠵᠠ ᠶᠢᠨ ᠲᠤᠰᠠᠯᠠᠮᠵᠢ ᠵᠡᠷᠭᠡ ᠡᠭᠦᠷᠭᠡ ᠲᠤᠰᠢᠶᠠᠯ ᠢ ᠴᠤᠭᠴᠠᠵᠢᠭᠤᠯᠤᠭᠰᠠᠨ ᠰᠤᠮᠤ᠂ ᠨᠡᠶᠢᠭᠡᠮ ᠳᠣᠭᠤᠷᠢᠭ ᠤᠨ ᠣᠯᠠᠨ ᠨᠡᠶᠢᠳᠡ ᠶᠢᠨ ᠬᠠᠣᠯᠢ ᠶᠢᠨ ᠦᠢᠯᠡᠴᠢᠯᠡᠯᠭᠡᠨ ᠤ ᠳᠥᠪ᠂ ᠴᠡᠭ ᠤᠨ ᠪᠠᠶᠢᠭᠤᠯᠤᠯᠳᠠ  ᠶᠢ ᠢᠳᠡᠪᠬᠢᠳᠡᠢ ᠳᠥᠯᠬᠢᠨ ᠠᠬᠢᠭᠤᠯᠵᠤ᠂ ᠬᠠᠤᠯᠢ ᠳᠥᠭᠡᠮᠡᠯᠵᠢᠭᠦᠯᠬᠦ ᠪᠣᠳᠠᠳᠤ ᠦᠷ᠎ᠡ ᠠᠰᠢᠭᠳᠤ ᠴᠢᠨᠠᠷ ᠢ ᠳᠡᠭᠡᠭᠰᠢᠯᠡᠭᠦᠯᠥᠨ᠎ᠡ᠃     ᠨᠡᠶᠢᠭᠡᠮ ᠤᠨ ᠢᠳᠡᠭᠡᠮᠵᠢᠳᠦ  ᠲᠤᠭᠳᠠᠯᠴᠠᠭ᠎ᠠ ᠶᠢ ᠪᠠᠶᠢᠭᠤᠯᠤᠨ᠎ᠠ᠃ ᠵᠠᠰᠠᠭ ᠤᠨ ᠶᠠᠪᠤᠳᠠᠯ ᠤᠨ ᠢᠳᠡᠭᠡᠮᠵᠢ᠂ ᠠᠷᠠᠯᠵᠢᠶᠠᠨ ᠤ ᠶᠠᠪᠤᠳᠠᠯ ᠤᠨ ᠢᠳᠡᠭᠡᠮᠵᠢ᠂ ᠨᠡᠶᠢᠭᠡᠮ ᠤᠨ ᠢᠳᠡᠭᠡᠮᠵᠢ ᠪᠠ ᠬᠠᠤᠯᠢ ᠴᠠᠭᠠᠵᠠ ᠶᠢᠨ ᠢᠳᠡᠭᠡᠮᠵᠢ ᠵᠡᠷᠭᠡ ᠨᠡᠶᠢᠭᠡᠮ ᠤᠨ ᠢᠳᠡᠭᠡᠮᠵᠢ ᠶᠢᠨ ᠪᠠᠶᠢᠭᠤᠯᠤᠯᠳᠠ ᠪᠠ ᠠᠵᠢᠯ ᠤᠨ ᠪᠠᠶᠢᠭᠤᠯᠤᠮᠵᠢ ᠢ ᠪᠠᠶᠢᠭᠤᠯᠤᠨ ᠲᠡᠭᠦᠯᠳᠡᠷᠵᠢᠭᠦᠯᠵᠤ᠂ ᠡᠷᠭᠡᠳᠤ ᠠᠷᠠᠳ ᠪᠠ ᠵᠤᠬᠢᠶᠠᠨ ᠪᠠᠶᠢᠭᠤᠯᠤᠯᠳᠠ ᠶᠢᠨ ᠬᠠᠤᠯᠢ ᠢ ᠵᠢᠷᠤᠮᠯᠡᠭᠰᠠᠨ ᠢᠳᠡᠭᠡᠮᠵᠢ ᠶᠢᠨ ᠲᠡᠮᠳᠡᠭᠯᠡᠯ ᠢ ᠲᠡᠭᠦᠯᠳᠡᠷᠵᠢᠭᠦᠯᠵᠤ᠂ ᠬᠠᠤᠯᠢ ᠰᠠᠬᠢᠬᠤ ᠢᠳᠡᠭᠡᠮᠵᠢ ᠶᠢᠨ ᠭᠦᠭᠢᠭᠦᠯᠤᠯ ᠤᠨ ᠪᠠᠶᠢᠭᠤᠯᠤᠮᠵᠢ ᠪᠠ ᠬᠠᠤᠯᠢ ᠵᠦᠷᠢᠴᠡᠭᠰᠡᠨ ᠢᠳᠡᠭᠡᠯ ᠠᠯᠳᠠᠭᠰᠠᠨ ᠠᠵᠢᠯᠯᠭ᠎ᠠ ᠳᠤ ᠲᠤᠷᠭᠠᠬᠤ ᠪᠠᠶᠢᠭᠤᠯᠤᠮᠵᠢ ᠢ ᠲᠡᠭᠦᠯᠳᠡᠷᠵᠢᠭᠦᠯᠤᠨ ᠴᠢᠩᠭᠠᠳᠬᠠᠵᠤ᠂ ᠬᠠᠤᠯᠢ ᠰᠠᠭᠢᠬᠤ᠂ ᠬᠠᠤᠯᠢ ᠵᠢᠷᠤᠮᠯᠠᠬᠤ ᠶᠢ ᠦᠷᠭᠡᠨ ᠤᠯᠠᠨ ᠲᠦᠮᠡᠨ ᠤ ᠬᠠᠮᠳᠤ ᠶᠢᠨ ᠭᠥᠭᠡᠭᠡᠴᠡᠯᠳᠥᠯ ᠪᠠ ᠤᠬᠠᠮᠰᠠᠷᠳᠤ  ᠠᠵᠢᠯᠯᠠᠭ᠎ᠠ ᠪᠤᠯᠭᠠᠨ᠎ᠠ᠃     ᠬᠠᠤᠯᠢ ᠴᠠᠭᠠᠵᠠ ᠶᠢᠨ ᠲᠤᠰᠠᠯᠠᠮᠵᠢ ᠶᠢᠨ ᠪᠠᠶᠢᠭᠤᠯᠤᠯᠳᠠ ᠢ ᠴᠢᠩᠭᠠᠳᠬᠠᠨ᠎ᠠ᠃ ᠬᠠᠤᠯᠢ ᠴᠠᠭᠠᠵᠠ ᠶᠢᠨ ᠲᠤᠰᠠᠯᠠᠮᠵᠢ ᠶᠢᠨ ᠴᠢᠨᠠᠷ ᠴᠢᠠᠰᠠᠭ᠎ᠠ ᠢ ᠲᠡᠭᠦᠯᠳᠡᠷᠵᠢᠭᠦᠯᠤᠨ ᠴᠢᠩᠭᠠᠳᠬᠠᠵᠤ᠂ ᠠᠮᠢᠳᠤᠷᠠᠯ ᠭᠦᠴᠢᠷᠳᠠᠢ ᠤᠯᠠᠨ ᠲᠦᠮᠡᠨ  ᠤ  ᠬᠠᠤᠯᠢ ᠶᠤᠰᠤᠨ ᠤ ᠡᠷᠭᠡ ᠠᠰᠢᠭ ᠤᠨ ᠬᠠᠤᠯᠢ ᠴᠠᠭᠠᠵᠠ ᠶᠢᠨ ᠲᠤᠰᠠᠯᠠᠮᠵᠢ ᠢ ᠨᠡᠮᠡᠭᠳᠡᠭᠦᠯᠤᠨ᠎ᠠ᠂ ᠲᠦᠷᠢᠮᠵᠢᠭᠰᠡᠨ ᠬᠠᠤᠯᠢ ᠴᠠᠭᠠᠵᠠ ᠶᠢᠨ ᠲᠤᠰᠠᠯᠠᠮᠵᠢ ᠶᠢᠨ ᠲᠦᠷᠢᠮᠵᠢᠯ ᠤᠨ ᠰᠢᠰᠲ᠋ᠧᠮ᠂ ᠦᠠᠳᠤᠷ ᠦᠷ᠎ᠡ ᠠᠰᠢᠭᠳᠤ ᠬᠠᠤᠯᠢ ᠴᠠᠭᠠᠵᠠ  ᠶᠢᠨ ᠲᠤᠰᠠᠯᠠᠮᠵᠢ ᠶᠢᠨ ᠭᠡᠷᠡᠭᠵᠢᠬᠦᠯᠬᠦ ᠰᠢᠰᠲ᠋ᠧᠮ᠂ ᠴᠢᠩᠭ᠎ᠠ ᠨᠢᠮᠪᠠᠢ ᠬᠠᠤᠯᠢ ᠴᠠᠭᠠᠵᠠ ᠶᠢᠨ ᠲᠤᠰᠠᠯᠠᠮᠵᠢ ᠶᠢᠨ ᠬᠢᠨᠠᠯᠳᠠ ᠶᠢᠨ ᠰᠢᠰᠲ᠋ᠧᠮ᠂ ᠭᠦᠴᠤᠨ ᠪᠦᠭᠦᠢ ᠬᠠᠤᠯᠢ ᠴᠠᠭᠠᠵᠠ ᠶᠢᠨ ᠲᠤᠰᠠᠯᠠᠮᠵᠢ ᠶᠢᠨ ᠪᠠᠳᠤᠯᠠᠭ᠎ᠠ ᠶᠢᠨ ᠰᠢᠰᠲ᠋ᠧᠮ  ᠢ ᠴᠢᠷᠮᠠᠶᠢᠨ ᠪᠦᠷᠢᠯᠳᠤᠭᠦᠯᠵᠤ᠂ ᠪᠦᠷᠢᠨ ᠲᠡᠭᠦᠯᠳᠡᠷ ᠬᠠᠤᠯᠢ ᠴᠠᠭᠠᠵᠠ ᠶᠢᠨ ᠠᠵᠢᠯ ᠤᠨ ᠰᠢᠰᠲ᠋ᠧᠮ ᠢ ᠪᠠᠶᠢᠭᠤᠯᠤᠨ᠎ᠠ᠃ ᠬᠠᠤᠯᠢ ᠴᠠᠭᠠᠵᠠ ᠶᠢᠨ ᠠᠪᠣᠷᠠᠨ ᠳᠤᠰᠠᠯᠠᠬᠤ ᠦᠢᠯᠡ ᠶᠠᠪᠦᠴᠠ ᠶᠢ ᠳᠥᠷᠢᠮᠵᠢᠭᠦᠯᠵᠥ᠂ ᠤᠯᠤᠰ ᠤᠨ ᠬᠠᠤᠯᠢ ᠴᠠᠭᠠᠵᠠ ᠶᠢᠨ ᠠᠪᠣᠷᠠᠨ ᠳᠣᠰᠠᠯᠠᠬᠤ ᠳᠣᠭᠳᠠᠯᠴᠠᠭ᠎ᠠ ᠶᠢ ᠪᠠᠶᠢᠭᠤᠯᠤᠨ ᠳᠡᠭᠦᠯᠳᠡᠷᠵᠢᠭᠦᠯᠵᠤ᠂ ᠬᠠᠤᠯᠢ ᠴᠠᠭᠠᠵᠠ ᠶᠢᠨ ᠡᠷᠭᠡ ᠰᠥᠷ ᠪᠣᠯᠣᠨ ᠢᠳᠡᠭᠡᠮᠵᠢ ᠶᠢ ᠬᠠᠮᠠᠭᠠᠯᠠᠨ᠎ᠠ᠃ᠲᠦᠷᠪᠡᠳᠦᠭᠡᠷ ᠭᠡᠰᠡᠭ  ᠨᠡᠶᠢᠭᠡᠮ ᠤᠨ ᠵᠠᠰᠠᠨ ᠴᠡᠭᠴᠡᠯᠡᠯᠳᠡ ᠰᠢᠨ᠎ᠡ ᠶᠢ ᠡᠭᠦᠳᠬᠦ ᠠᠯᠬᠤᠮ ᠢ ᠲᠦᠷᠭᠡᠳᠭᠡᠨ᠎ᠡ    ᠨᠡᠶᠢᠭᠡᠮ ᠤᠨ ᠠᠮᠤᠷ ᠲᠦᠪᠰᠢᠨ ᠢ ᠶᠡᠷᠥᠩᠭᠡᠶᠢᠯᠡᠨ ᠵᠠᠰᠠᠬᠤ ᠶᠢ ᠬᠦᠨᠵᠡᠭᠡᠢ ᠲᠦᠯᠬᠢᠨ ᠠᠬᠢᠭᠤᠯᠤᠨ᠎ᠠ᠃ ᠨᠡᠶᠢᠭᠡᠮ  ᠤᠨ ᠠᠮᠤᠷ ᠲᠦᠪᠰᠢᠨ ᠤ ᠬᠠᠮᠢᠶᠠᠷᠤᠯᠳᠠ ᠶᠢᠨ ᠠᠵᠢᠯ ᠢ ᠪᠦᠬᠦ ᠲᠠᠯ᠎ᠠ ᠪᠠᠷ ᠴᠢᠩᠭᠠᠳᠬᠠᠵᠦ᠂ ᠰᠤᠷᠠᠭ ᠵᠠᠩᠬᠢᠴᠢᠯᠠᠯᠳᠠ  ᠳᠤ ᠲᠤᠯᠭᠠᠭᠤᠷᠢᠯᠠᠵᠦ᠂ ᠨᠡᠶᠢᠭᠡᠮ ᠤᠨ ᠠᠮᠤᠷ ᠲᠦᠪᠰᠢᠨ ᠤ ᠪᠡᠶᠡᠳᠦ ᠰᠡᠷᠭᠡᠶᠢᠯᠡᠯᠳᠡ ᠶᠢᠨ ᠰᠢᠰᠲ᠋ᠧᠮ ᠢ ᠰᠢᠨᠡᠳᠭᠡᠵᠦ᠂ ᠦᠨᠳᠦᠰᠦᠨ ᠱᠠᠳᠤᠨ ᠤ ᠶᠡᠷᠦᠩᠭᠡᠶᠢᠯᠡᠭᠰᠡᠨ ᠤᠶᠢᠯᠡᠴᠢᠯᠡᠭᠡᠨ ᠤ ᠲᠠᠪᠴᠠᠩ ᠢ ᠪᠦᠷᠢᠨᠰᠢᠬᠦᠯᠵᠦ᠂ ᠬᠥᠮᠥᠨ ᠠᠮᠠ ᠶᠢᠨ ᠬᠠᠮᠢᠶᠠᠷᠤᠯᠳᠠ ᠶᠢᠨ ᠤᠶᠢᠯᠡᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ᠴᠡᠷᠢᠭ᠂ ᠴᠠᠭᠳᠠᠭ᠎ᠠ᠂ ᠢᠷᠭᠡᠳ ᠬᠠᠮᠳᠤᠷᠠᠭᠰᠠᠨ ᠰᠡᠷᠭᠡᠶᠢᠯᠡᠯᠳᠡ ᠬᠢᠵᠠᠭᠠᠷᠯᠠᠯᠳᠠ᠂ ᠬᠠᠮᠳᠤᠷᠠᠭᠰᠠᠨ ᠰᠡᠷᠭᠡᠶᠢᠯᠡᠯᠳᠡ ᠶᠢᠨ ᠲᠤᠭᠳᠠᠯᠴᠠᠭ᠎ᠠ ᠶᠢ ᠪᠦᠷᠢᠨᠰᠢᠬᠦᠯᠵᠦ᠂ ᠴᠢᠳᠠᠮᠵᠢᠳᠦ ᠰᠠᠯᠠᠭ᠎ᠠ ᠮᠦᠴᠢᠷ ᠤᠨ ᠰᠤᠷᠠᠭ ᠵᠠᠩᠬᠢ ᠪᠠᠷ ᠬᠠᠷᠢᠯᠴᠠᠬᠤ ᠬᠢᠭᠡᠳ ᠬᠠᠮᠳᠦ ᠪᠠᠷ ᠠᠰᠢᠭᠯᠠᠬᠤ ᠶᠢ ᠴᠢᠩᠭᠠᠳᠬᠠᠵᠦ᠂ ᠲᠤᠰᠬᠠᠶᠢᠵᠢᠭᠰᠠᠨ ᠠᠶᠤᠮᠰᠢᠭᠳᠤ ᠬᠡᠷᠡᠭ ᠢ ᠡᠰᠡᠷᠭᠦᠴᠡᠬᠦ ᠡᠩᠨᠡᠭᠡ ᠶᠢ ᠪᠠᠶᠢᠭᠤᠯᠵᠦ᠂ ᠬᠦᠴᠦᠷᠭᠡᠭᠯᠡᠯᠳᠦ ᠰᠦᠷᠳᠡᠬᠦᠯᠭᠡ ᠵᠡᠷᠭᠡ ᠬᠠᠤᠯᠢ ᠵᠦᠷᠢᠴᠡᠭᠰᠡᠨ ᠶᠠᠯᠠᠳᠦ ᠠᠵᠢᠯᠯᠠᠭ᠎ᠠ ᠶᠢ ᠬᠠᠤᠯᠢ ᠶᠤᠰᠤᠭᠠᠷ ᠴᠢᠩᠭ᠎ᠠ ᠰᠡᠷᠭᠡᠶᠢᠯᠡᠨ ᠳᠦᠷᠢᠮᠵᠢᠭᠦᠯᠥᠨ᠎ᠡ᠃ ᠨᠡᠶᠢᠭᠡᠮ ᠲᠤᠭᠤᠷᠢᠭ ᠤᠨ ᠲᠤᠤᠷᠴᠢᠯᠠᠭᠰᠠᠨ ᠤᠶᠢᠯᠡᠴᠢᠯᠡᠭᠡᠨ ᠤ ᠬᠠᠮᠢᠶᠠᠷᠤᠯᠳᠠ  ᠶᠢᠨ ᠠᠵᠢᠯ ᠤᠨ ᠲᠤᠭᠳᠠᠯᠴᠠᠭ᠎ᠠ ᠶᠢ ᠳᠡᠭᠦᠯᠳᠡᠷᠵᠢᠭᠦᠯᠥᠨ ᠪᠠᠶᠢᠭᠤᠯᠵᠦ᠂ ᠨᠡᠶᠢᠭᠡᠮ ᠲᠤᠭᠤᠷᠢᠭ ᠤᠨ ᠵᠠᠰᠠᠨ ᠵᠠᠯᠠᠷᠠᠭᠤᠯᠬᠤ ᠠᠵᠢᠯ ᠢ ᠴᠢᠩᠭᠠᠳᠬᠠᠨ᠎ᠠ᠃ ᠠᠷᠠᠳ ᠤᠨ ᠡᠶᠡᠳᠡᠭᠦᠯᠭᠡ᠂ ᠵᠠᠰᠠᠭ ᠵᠠᠭᠢᠷᠭᠠᠨ ᠤ ᠡᠶᠡᠳᠡᠭᠦᠯᠭᠡ᠂ ᠬᠠᠤᠯᠢ ᠴᠠᠭᠠᠵᠠ ᠶᠢᠨ ᠡᠶᠡᠳᠡᠭᠦᠯᠭᠡ ᠶᠢᠨ ᠬᠠᠮᠳᠤᠷᠠᠭᠰᠠᠨ ᠠᠵᠢᠯᠯᠠᠭᠠᠨ ᠤ ᠰᠢᠰᠲ᠋ᠧᠮ ᠪᠠ ᠬᠦᠨᠳᠡᠯᠡᠨ ᠠᠴᠠ ᠲᠠᠰᠤᠯᠠᠬᠤ ᠲᠦᠷᠢᠮ᠂ ᠵᠠᠰᠠᠭ ᠵᠠᠬᠢᠷᠭᠠᠨ ᠠᠴᠠ ᠲᠠᠰᠤᠯᠠᠨ ᠰᠢᠳᠭᠡᠬᠦ ᠲᠦᠷᠢᠮ ᠢ ᠪᠦᠷᠢᠨᠰᠢᠬᠦᠯᠵᠦ᠂ ᠲᠤᠰᠬᠠᠶᠢᠵᠢᠭᠰᠠᠨ ᠴᠢᠨᠠᠷᠳᠠᠢ ᠂ ᠠᠵᠢᠯ ᠲᠦᠷᠦᠯᠵᠢᠭᠰᠡᠨ ᠴᠢᠨᠠᠷᠳᠠᠢ ᠡᠶᠡᠳᠡᠬᠦᠯᠬᠦ ᠵᠤᠬᠢᠶᠠᠨ ᠪᠠᠶᠢᠭᠤᠯᠤᠯᠳᠠ ᠶᠢ ᠪᠠᠶᠢᠭᠤᠯᠵᠦ᠂ ᠴᠢᠬᠤᠯᠠ ᠶᠡᠭᠡ ᠠᠷᠭ᠎ᠠ ᠪᠤᠳᠤᠯᠭ᠎ᠠ ᠨᠡᠶᠢᠭᠡᠮ ᠤᠨ ᠲᠤᠭᠳᠠᠭᠤᠨ ᠪᠠᠶᠢᠳᠠᠯ ᠤᠨ ᠲᠦᠭᠰᠢᠬᠦᠷᠢ ᠶᠢ ᠦᠨᠡᠯᠡᠨ ᠲᠤᠭᠳᠠᠭᠠᠬᠤ ᠲᠦᠷᠢᠮ ᠢ ᠲᠤᠤᠱᠯᠠᠭᠤᠯᠤᠨ ᠭᠡᠷᠡᠭᠵᠢᠬᠦᠯᠵᠦ᠂ ᠨᠡᠶᠢᠭᠡᠮ ᠤᠨ ᠵᠦᠷᠢᠴᠡᠯ ᠮᠦᠷᠬᠦᠯᠳᠦᠭᠡᠨ ᠢ ᠰᠡᠷᠭᠡᠶᠢᠯᠡᠨ ᠡᠶᠡᠳᠡᠬᠦᠯᠬᠦ ᠲᠤᠭᠳᠠᠯᠴᠠᠭ᠎ᠠ ᠶᠢ ᠲᠦᠬᠦᠷᠵᠢᠬᠦᠯᠦᠨ᠎ᠡ᠃ ︽ᠢᠯᠡ ᠪᠠᠷ ᠵᠠᠬᠢᠳᠠᠯ ᠰᠣᠷᠪᠣᠯᠵᠢᠯᠠᠯᠭ᠎ᠠ ᠬᠢᠬᠦ᠂ ᠬᠠᠣᠯᠢ ᠶᠣᠰᠣ ᠪᠠᠷ ᠵᠠᠬᠢᠳᠠᠯ ᠰᠣᠷᠪᠣᠯᠵᠢᠯᠠᠯᠭ᠎ᠠ ᠬᠢᠬᠦ︾ ᠶᠢ ᠳᠣᠣᠱᠯᠠᠭᠤᠯᠤᠨ ᠬᠡᠷᠡᠭᠵᠢᠭᠦᠯᠥᠨ᠎ᠡ᠃ ᠣᠯᠠᠨ ᠨᠡᠶᠢᠳᠡ ᠶᠢᠨ ᠠᠮᠣᠷ ᠳᠥᠪᠰᠢᠨ ᠦᠢᠯᠡᠳᠪᠦᠷᠢᠯᠡᠬᠦ ᠭᠤᠤᠯ ᠴᠤᠭᠴᠠ ᠶᠢᠨ ᠬᠠᠷᠢᠭᠤᠴᠠᠯᠭ᠎ᠠ ᠬᠢᠭᠡᠳ ᠠᠵᠢᠯ ᠲᠦᠷᠦᠯ ᠤᠨ ᠭᠤᠤᠯ ᠬᠠᠮᠢᠶᠠᠷᠤᠯᠳᠠ ᠶᠢᠨ ᠰᠠᠯᠠᠭ᠎ᠠ ᠮᠦᠴᠢᠷ ᠤᠨ ᠠᠮᠤᠷ ᠲᠦᠪᠰᠢᠨ ᠢ ᠬᠢᠨᠠᠨ ᠬᠠᠮᠢᠶᠠᠷᠬᠤ ᠭᠤᠤᠯ ᠴᠤᠭᠴᠠ ᠶᠢᠨ ᠬᠠᠷᠢᠭᠤᠴᠠᠯᠭ᠎ᠠ ᠶᠢ ᠬᠦᠢᠴᠡᠳᠭᠡᠵᠦ᠂ ᠨᠠᠮ ᠵᠠᠰᠠᠭ ᠵᠡᠷᠭᠡ ᠪᠠᠷ ᠬᠠᠷᠢᠭᠤᠴᠠᠵᠦ᠂ ᠨᠢᠭᠡ ᠪᠠᠶᠢᠷᠢ ᠬᠤᠤᠰ ᠬᠠᠷᠢᠭᠤᠴᠠᠯᠭ᠎ᠠ ᠡᠬᠦᠷᠭᠡᠯᠡᠬᠦ᠂ ᠡᠷᠭᠡ ᠡᠬᠦᠷᠭᠡ ᠤᠰᠤᠯᠳᠠᠭᠰᠠᠳ ᠢ ᠬᠠᠷᠢᠭᠤᠴᠠᠯᠭ᠎ᠠ ᠨᠡᠭᠡᠮᠵᠢᠯᠡᠬᠦ ᠶᠢ ᠶᠠᠪᠤᠭᠳᠠᠭᠤᠯᠤᠨ᠎ᠠ ᠃ ᠦᠨᠳᠦᠰᠦ ᠠᠴᠠ ᠨᠢ ᠵᠠᠰᠠᠵᠦ ᠤᠷᠢᠳᠴᠢᠯᠠᠨ ᠰᠡᠷᠭᠡᠶᠢᠯᠡᠯᠳᠡ ᠬᠢᠬᠦ ᠶᠢ ᠴᠢᠩᠭᠠᠳᠬᠠᠵᠦ᠂ ᠤᠷᠢᠳᠴᠢᠯᠠᠨ ᠰᠡᠷᠡᠮᠵᠢᠯᠡᠬᠦᠯᠬᠦ ᠪᠠᠴᠢᠮ ᠪᠠᠶᠢᠳᠠᠯ ᠢ ᠠᠷᠭᠠᠴᠠᠬᠤ ᠲᠤᠭᠳᠠᠯᠴᠠᠭ᠎ᠠ ᠶᠢ ᠪᠦᠷᠢᠨᠰᠢᠬᠦᠯᠵᠦ᠂ ᠬᠠᠤᠯᠢ ᠭᠡᠷᠡᠭᠵᠢᠬᠦᠯᠬᠦ ᠶᠢ ᠬᠢᠨᠠᠨ ᠬᠠᠮᠢᠶᠠᠷᠬᠤ ᠬᠦᠴᠦᠯᠡᠴᠡ ᠪᠠᠨ ᠨᠡᠮᠡᠭᠳᠡᠬᠦᠯᠵᠦ᠂ ᠠᠮᠤᠷ ᠲᠦᠪᠰᠢᠨ ᠤ ᠨᠢᠭᠤᠭᠳᠠᠮᠠᠯ ᠬᠦᠴᠦᠨ ᠵᠤᠶᠢᠯ ᠢ ᠴᠠᠭ ᠲᠤᠬᠠᠢ ᠳᠤᠨᠢ ᠵᠢᠭᠰᠠᠭᠠᠨ ᠪᠠᠶᠢᠴᠠᠭᠠᠵᠦ ᠰᠢᠢᠳᠪᠦᠷᠢᠯᠡᠨ᠂ ᠬᠦᠨᠳᠦ ᠶᠡᠭᠡ ᠭᠡᠷᠡᠭ ᠤᠴᠢᠷ ᠡᠬᠦᠰᠬᠦ ᠶᠢ ᠡᠷᠡᠰ ᠬᠤᠷᠢᠭᠯᠠᠨ᠎ᠠ᠃ ᠤᠯᠠᠨ ᠨᠡᠶᠢᠳᠡ ᠶᠢᠨ ᠠᠮᠣᠷ ᠳᠥᠪᠰᠢᠨ ᠤ ᠭᠡᠨᠡᠳᠳᠡ ᠶᠢᠨ ᠭᠡᠷᠡᠭ ᠡᠬᠦᠰᠬᠦ ᠪᠠᠴᠢᠮ ᠪᠠᠶᠢᠳᠠᠯ ᠢ ᠠᠷᠭᠠᠴᠠᠭᠠᠬᠤ ᠲᠤᠭᠳᠠᠯᠴᠠᠭ᠎ᠠ ᠶᠢ ᠲᠡᠬᠦᠯᠳᠡᠷᠵᠢᠬᠦᠯᠵᠦ᠂ ᠭᠡᠨᠡᠳᠳᠡ ᠶᠢᠨ ᠬᠡᠷᠡᠭ ᠡᠭᠦᠰᠬᠦ ᠪᠠᠴᠢᠮ ᠪᠠᠶᠢᠳᠠᠯ ᠢ ᠠᠷᠭᠠᠴᠠᠭᠠᠬᠤ ᠡᠩᠨᠡᠭᠡ ᠶᠢ ᠬᠦᠴᠦᠷᠭᠡᠭᠵᠢᠭᠦᠯᠥᠨ᠂ ᠬᠢᠯᠢ ᠶᠢᠨ ᠬᠤᠳᠠ ᠶᠢᠨ ᠠᠮᠤᠷ ᠲᠦᠪᠰᠢᠨ ᠬᠢᠭᠡᠳ ᠬᠢᠯᠢ ᠬᠢᠵᠠᠭᠠᠷ ᠤᠨ ᠠᠮᠤᠷ ᠲᠤᠭᠳᠠᠭᠤᠨ ᠪᠠᠶᠢᠳᠠᠯ ᠢ ᠪᠦᠬᠦ ᠬᠦᠴᠦᠨ ᠢᠶᠠᠷ ᠢᠶᠠᠨ ᠬᠠᠮᠠᠭᠠᠯᠠᠨ᠎ᠠ᠃      ᠤᠯᠠᠨ ᠲᠠᠪᠬᠤᠷᠭᠠᠳᠦ ᠦᠷᠭᠡᠨ ᠬᠦᠷᠢᠶ᠎ᠡ ᠬᠡᠪᠴᠢᠶᠡᠨ ᠳᠤ ᠬᠠᠤᠯᠢ ᠪᠠᠷ ᠵᠠᠰᠠᠬᠤ ᠶᠢ ᠲᠦᠯᠬᠢᠨ ᠠᠬᠢᠭᠤᠯᠤᠨ᠎ᠠ᠃ ᠬᠠᠣᠯᠢ ᠪᠠᠷ ᠨᠡᠶᠢᠭᠡᠮ ᠢ ᠵᠠᠰᠠᠬᠤ᠂ ᠬᠠᠣᠯᠢ ᠪᠠᠷ ᠵᠠᠰᠠᠭ ᠤᠨ ᠣᠷᠳᠣᠨ ᠢ ᠵᠠᠰᠠᠬᠤ ᠶᠢ ᠨᠢᠭᠡ ᠴᠣᠭᠴᠠᠵᠢᠭᠤᠯᠤᠭᠰᠠᠨ ᠪᠦᠳᠥᠭᠡᠨ ᠪᠠᠶᠢᠭᠤᠯᠤᠯᠳᠠ ᠶᠢ ᠪᠠᠷᠢᠮᠳᠠᠯᠠᠵᠤ᠂ ᠬᠠᠣᠯᠢ ᠳᠦᠭᠡᠮᠡᠯᠵᠢᠭᠦᠯᠬᠦ ᠪᠣᠯᠣᠨ ᠬᠠᠣᠯᠢ ᠪᠠᠷ ᠵᠠᠰᠠᠬᠤ ᠶᠢ ᠬᠠᠮᠳᠣ ᠳᠥᠯᠥᠪᠵᠢᠭᠦᠯᠬᠦ ᠶᠢ ᠪᠠᠷᠢᠮᠳᠠᠯᠠᠨ᠎ᠠ᠃ ᠣᠯᠠᠨ ᠳᠠᠪᠬᠤᠷᠭᠠᠳᠤ ᠥᠷᠭᠡᠳᠭᠡᠭᠰᠡᠨ ᠣᠷᠣᠨ ᠬᠡᠪᠴᠢᠶᠡᠨ ᠤ ᠬᠠᠣᠯᠢ ᠪᠠᠷ ᠵᠠᠰᠠᠬᠤ ᠰᠠᠭᠤᠷᠢᠨ ᠳᠡᠭᠡᠷ᠎ᠡ᠂ ᠠᠷᠠᠳᠴᠢᠯᠠᠭᠰᠠᠨ ᠨᠠᠮ ᠪᠦᠯᠦᠭ᠂ ᠨᠠᠮ ᠤᠨ ᠪᠤᠰᠤ ᠡᠳᠡᠭᠡᠳ᠂ ᠤᠶᠢᠯᠡᠳᠪᠦᠷᠢ ᠬᠤᠳᠠᠯᠳᠤᠭᠠᠨ ᠤ ᠬᠤᠯᠪᠤᠭ᠎ᠠ ᠪᠤᠯᠤᠨ ᠠᠵᠢᠯᠳᠠᠨ ᠤ ᠡᠪᠯᠡᠯ᠂ ᠵᠠᠯᠠᠭᠤᠴᠤᠳ ᠤᠨ ᠡᠪᠯᠡᠯ᠂ ᠡᠮᠡᠭᠳᠠᠶᠢᠴᠤᠳ ᠤᠨ ᠬᠤᠯᠪᠤᠭ᠎ᠠ᠂ ᠠᠷᠠᠳ ᠠᠴᠠ ᠡᠷᠭᠢᠯᠡᠭᠰᠡᠨ ᠪᠣᠰᠣ ᠠᠵᠣ ᠠᠬᠤᠶᠢᠯᠠᠯ᠂ ᠰᠠᠭᠤᠷᠢ ᠮᠥᠩᠭᠦᠨ ᠤ ᠨᠡᠶᠢᠭᠡᠮᠯᠢᠭ᠂ ᠠᠷᠠᠳ  ᠤᠨ ᠵᠥᠪᠯᠡᠯ᠂ ᠦᠢᠯᠡ ᠠᠵᠢᠯᠯᠠᠭᠠᠨ ᠤ ᠵᠥᠪᠯᠡᠯ ᠵᠡᠷᠭᠡ ᠵᠤᠬᠢᠶᠠᠨ ᠪᠠᠶᠢᠭᠤᠯᠤᠯᠳᠠ ᠠᠴᠠ ᠤᠯᠠᠨ ᠲᠦᠮᠡᠨ ᠢ ᠵᠤᠬᠢᠶᠠᠨ ᠪᠠᠶᠢᠭᠤᠯᠬᠤ᠂ ᠤᠳᠤᠷᠢᠳᠤᠨ ᠲᠠᠭᠠᠭᠤᠯᠬᠤ᠂ ᠤᠶᠢᠯᠡᠴᠢᠯᠡᠬᠦ᠂ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠬᠤ ᠤᠶᠢᠯᠡᠳᠦᠯ ᠢ ᠬᠦᠢᠴᠡᠳ ᠪᠠᠳᠠᠷᠠᠭᠤᠯᠵᠦ᠂ ᠨᠡᠶᠢᠭᠡᠮ ᠤᠨ ᠲᠤᠭᠳᠠᠭᠤᠨ ᠪᠠᠶᠢᠳᠠᠯ ᠢ ᠬᠠᠮᠠᠭᠠᠯᠠᠬᠤ ᠲᠠᠯ᠎ᠠ ᠳᠤ ᠰᠢᠨ᠎ᠡ ᠡᠬᠦᠳᠦᠯᠳᠡ ᠲᠠᠢ ᠪᠠᠶᠢᠬᠤ ᠶᠢ ᠢᠳᠡᠪᠬᠢᠳᠠᠢ ᠪᠠᠷ ᠲᠦᠯᠬᠢᠨ ᠠᠬᠢᠭᠤᠯᠤᠨ᠎ᠠ᠃ ᠨᠡᠶᠢᠭᠡᠮ ᠲᠤᠭᠤᠷᠢᠭ ᠤᠨ ᠤᠶᠢᠯᠡᠴᠢᠯᠡᠭᠡᠨ ᠤ ᠬᠠᠮᠢᠶᠠᠷᠤᠯᠳᠠ ᠶᠢᠨ ᠲᠦᠪ ᠤᠨ ᠴᠢᠳᠠᠮᠵᠢ ᠶᠢ ᠤᠯᠠᠮ ᠨᠢᠭᠡ ᠠᠯᠬᠤᠮ ᠦᠷᠭᠡᠳᠭᠡᠵᠦ᠂ ᠡᠯ᠎ᠡ ᠲᠦᠷᠦᠯ ᠤᠨ ᠤᠯᠠᠨ ᠲᠦᠮᠡᠨ ᠤ ᠲᠤᠰᠬᠠᠶᠢᠵᠢᠭᠰᠠᠨ ᠨᠡᠶᠢᠭᠡᠮ ᠲᠤᠭᠤᠷᠢᠭ ᠤᠨ ᠤᠶᠢᠯᠡᠴᠢᠯᠡᠭᠡᠨ ᠤ ᠡᠩᠨᠡᠭᠡ ᠶᠢ ᠦᠷᠭᠡᠳᠭᠡᠨ ᠪᠤᠵᠠᠭᠠᠶᠢᠷᠠᠭᠤᠯᠵᠦ᠂ ᠨᠡᠶᠢᠭᠡᠮ ᠲᠤᠭᠤᠷᠢᠭ᠂ ᠨᠡᠶᠢᠭᠡᠮ ᠲᠤᠭᠤᠷᠢᠭ ᠤᠨ ᠵᠤᠬᠢᠶᠠᠨ ᠪᠠᠶᠢᠭᠤᠯᠤᠯᠳᠠ᠂ ᠨᠡᠶᠢᠭᠡᠮ ᠲᠤᠭᠤᠷᠢᠭ ᠤᠨ ᠠᠵᠢᠯᠳᠠᠨ ︽ᠭᠤᠷᠪᠠ ᠬᠤᠯᠪᠤᠭᠠᠯᠠᠭᠰᠠᠨ︾ ᠲᠦᠷᠢ ᠪᠠᠶᠢᠳᠠᠯ ᠢ ᠠᠭᠠᠵᠢᠮ ᠢᠶᠠᠷ ᠪᠦᠷᠢᠯᠳᠦᠬᠦᠯᠦᠨ᠎ᠡ᠃ ᠨᠡᠶᠢᠭᠡᠮ ᠤᠨ ᠵᠤᠬᠢᠶᠠᠨ ᠪᠠᠶᠢᠭᠤᠯᠤᠯᠳᠠ ᠠᠴᠠ ᠨᠠᠶᠢᠭᠡᠮ ᠤᠨ ᠭᠡᠷᠡᠭ ᠶᠠᠪᠤᠳᠠᠯ ᠳᠤ ᠤᠷᠤᠯᠴᠠᠬᠤ ᠂ ᠤᠯᠠᠨ ᠨᠡᠶᠢᠳᠡ ᠶᠢᠨ ᠠᠰᠢᠭ ᠲᠤᠰᠠ ᠶᠢ ᠬᠠᠮᠠᠭᠠᠯᠠᠬᠤ᠂ ᠬᠦᠴᠢᠷᠳᠡᠯ ᠲᠠᠢ ᠤᠯᠠᠨ ᠲᠦᠮᠡᠨ ᠢ ᠲᠤᠰᠠᠯᠠᠨ ᠳᠡᠳᠬᠦᠬᠦ ᠂ ᠤᠨᠴᠠᠭᠠᠢ ᠬᠦᠮᠦᠰ ᠢ ᠬᠠᠪᠰᠤᠷᠠᠨ ᠰᠤᠷᠭᠠᠵᠦ ᠬᠦᠮᠦᠵᠢᠬᠦᠯᠬᠦ᠂ ᠬᠠᠤᠯᠢ ᠠᠴᠠ ᠵᠦᠷᠢᠴᠡᠭᠰᠡᠨ ᠶᠠᠯᠠᠳᠦ ᠠᠵᠢᠯᠯᠠᠭ᠎ᠠ  ᠶᠢ ᠰᠡᠷᠭᠡᠶᠢᠯᠡᠬᠦ ᠲᠤᠭᠳᠠᠯᠴᠠᠭ᠎ᠠ ᠬᠢᠭᠡᠳ ᠲᠦᠷᠢᠮᠵᠢᠬᠦᠯᠦᠯᠳᠡ ᠶᠢᠨ ᠠᠷᠭ᠎ᠠ ᠪᠠᠷᠢᠯ ᠢ ᠪᠠᠶᠢᠭᠤᠯᠤᠨ ᠲᠦᠬᠦᠷᠵᠢᠬᠦᠯᠵᠦ᠂ ᠠᠵᠢᠯ ᠤᠶᠢᠯᠡᠰ ᠤᠨ ᠨᠡᠶᠢᠭᠡᠮᠯᠢᠭ᠂ ᠠᠷᠠᠯᠵᠢᠶ᠎ᠠ ᠬᠤᠳᠠᠯᠳᠤᠭᠠᠨ ᠤ ᠨᠡᠶᠢᠭᠡᠮᠯᠢᠭ ᠵᠡᠷᠭᠡ ᠨᠡᠶᠢᠭᠡᠮ ᠤᠨ ᠵᠤᠬᠢᠶᠠᠨ ᠪᠠᠶᠢᠭᠤᠯᠤᠯᠳᠠ ᠶᠢᠨ ᠤᠶᠢᠯᠡᠳᠦᠯ ᠪᠠ ᠲᠤᠰᠬᠠᠶᠢᠵᠢᠭᠰᠠᠨ ᠤᠶᠢᠯᠡᠴᠢᠯᠡᠭᠡᠨ ᠤ ᠴᠢᠳᠠᠪᠦᠷᠢ ᠶᠢ ᠳᠡᠮᠵᠢᠵᠥ᠂ ᠪᠦᠬᠦ ᠨᠡᠶᠢᠭᠡᠮ ᠤᠨ ᠬᠠᠣᠯᠢᠴᠢᠯᠠᠭᠰᠠᠨ ᠬᠠᠮᠢᠶᠠᠷᠣᠯᠳᠠ ᠶᠢᠨ ᠳᠥᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠥᠨ᠎ᠡ᠃      ᠦᠨᠳᠦᠰᠦᠳᠡᠨ ᠱᠠᠰᠢᠨ ᠰᠤᠷᠳᠠᠬᠤᠨ ᠤ ᠬᠡᠷᠡᠭ ᠶᠠᠪᠤᠳᠠᠯ ᠤᠨ ᠬᠠᠤᠯᠢ ᠶᠤᠰᠤᠨ ᠤ ᠬᠠᠮᠢᠶᠠᠷᠤᠯᠳᠠ ᠶᠢ ᠴᠢᠩᠭᠠᠳᠬᠠᠨ᠎ᠠ᠃ ᠦᠨᠳᠦᠰᠦᠳᠡᠨ ᠱᠠᠰᠢᠨ ᠰᠤᠷᠳᠠᠬᠤᠨ ᠠᠴᠠ ᠰᠢᠯᠳᠠᠭᠠᠯᠠᠭᠳᠠᠭᠰᠠᠨ ᠠᠰᠠᠭᠤᠳᠠᠯ ᠢ ᠵᠢᠭᠰᠠᠭᠠᠨ ᠪᠠᠶᠢᠴᠠᠭᠠᠬᠤ ᠪᠤᠶᠤ ᠲᠠᠰᠤᠯᠠᠨ ᠰᠢᠳᠭᠡᠵᠦ᠂ ᠦᠨᠳᠦᠰᠦᠳᠡᠨ ᠤ ᠰᠢᠯᠳᠠᠭᠠᠨ ᠠᠴᠠ ᠪᠤᠯᠤᠭᠰᠠᠨ ᠠᠷᠠᠳ ᠤᠨ ᠳᠤᠳᠤᠭᠠᠳᠦ ᠶᠢᠨ ᠵᠦᠷᠢᠴᠡᠯ ᠢ ᠴᠠᠭ ᠲᠤᠬᠠᠢ ᠳᠤᠨᠢ ᠨᠠᠮᠬᠠᠳᠬᠠᠨ᠎ᠠ᠃ ᠱᠠᠰᠢᠨ ᠰᠤᠷᠳᠠᠬᠤᠨ ᠤ ᠬᠦᠳᠡᠯᠭᠡᠭᠡᠨ ᠤ ᠲᠠᠯᠠᠪᠤᠷ ᠤᠨ ᠬᠠᠤᠯᠢ ᠶᠢᠨ ᠬᠠᠮᠢᠶᠠᠷᠤᠯᠳᠠ᠂ ᠠᠷᠠᠳᠴᠢᠯᠠᠯᠳᠦ ᠬᠠᠮᠢᠶᠠᠷᠤᠯᠳᠠ᠂ ᠨᠡᠶᠢᠭᠡᠮ ᠤᠨ ᠬᠠᠮᠢᠶᠠᠷᠤᠯᠳᠠ ᠵᠡᠷᠭᠡ ᠪᠠᠶᠢᠩᠭᠤ ᠶᠢᠨ ᠴᠢᠨᠠᠷᠳᠠᠢ ᠪᠦᠳᠦᠮᠵᠢᠳᠦ ᠲᠤᠭᠳᠠᠯᠴᠠᠭ᠎ᠠ ᠶᠢᠨ ᠪᠦᠳᠦᠭᠡᠨ ᠪᠠᠶᠢᠭᠤᠯᠤᠯᠳᠠ ᠶᠢ ᠳᠦᠷᠭᠡᠳᠭᠡᠨ᠂ ᠤᠯᠠᠨ ᠲᠦᠮᠡᠨ ᠤ ᠱᠠᠰᠢᠨ ᠰᠤᠷᠳᠠᠬᠤᠨ ᠤ ᠡᠷᠭᠡ ᠴᠢᠯᠥᠭᠡ ᠪᠠ ᠬᠡᠪ ᠤᠨ ᠱᠠᠰᠢᠨ ᠰᠤᠷᠳᠠᠬᠤᠨ ᠤ ᠬᠥᠳᠡᠯᠭᠡᠭᠡᠨ ᠢ ᠬᠠᠤᠯᠢ ᠶᠤᠰᠤᠭᠠᠷ ᠬᠠᠮᠠᠭᠠᠯᠠᠨ᠎ᠠ᠃ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠤᠬᠠᠭᠤᠯᠭ᠎ᠠ ᠶᠢᠨ ᠠᠵᠢᠯ ᠢ ᠬᠦᠨᠵᠡᠭᠡᠢ ᠦᠷᠨᠢᠬᠦᠯᠵᠦ᠂ ᠪᠦᠬᠦ ᠬᠤᠳᠠ ᠶᠢᠨ ᠡᠯ᠎ᠡ ᠦᠨᠳᠦᠰᠦᠳᠡᠨ ᠤ ᠶᠡᠭᠡ ᠪᠦᠯᠬᠦᠮᠳᠡᠯ ᠢ ᠪᠠᠳᠤᠳᠬᠠᠨ᠎ᠠ᠃ᠲᠠᠪᠤᠳᠤᠭᠠᠷ ᠭᠡᠰᠡᠭ  ᠬᠢᠯᠢ ᠬᠢᠵᠠᠭᠠᠷ ᠤᠨ ᠠᠮᠤᠷ ᠲᠦᠪᠰᠢᠨ ᠢ ᠦᠨᠡᠨᠬᠦ ᠬᠠᠮᠠᠭᠠᠯᠠᠨ᠎ᠠ       ᠬᠢᠯᠢ ᠬᠢᠵᠠᠭᠠᠷ ᠤᠨ ᠬᠠᠮᠢᠶᠠᠷᠤᠯᠳᠠ ᠪᠠ ᠰᠡᠷᠭᠡᠶᠢᠯᠡᠯᠳᠡ ᠶᠢᠨ ᠴᠢᠳᠠᠪᠦᠷᠢ ᠪᠠᠨ ᠲᠡᠭᠡᠭᠰᠢᠯᠡᠬᠦᠯᠦᠨ᠎ᠡ᠃ ᠬᠢᠯᠢ ᠬᠢᠵᠠᠭᠠᠷ ᠤᠨ ᠬᠠᠮᠢᠶᠠᠷᠤᠯᠳᠠ ᠪᠠ ᠰᠡᠷᠭᠡᠶᠢᠯᠡᠯᠳᠡ ᠶᠢᠨ ᠰᠠᠭᠤᠷᠢ ᠪᠦᠳᠦᠭᠡᠨ ᠪᠠᠶᠢᠭᠤᠯᠤᠯᠳᠠ ᠶᠢᠨ ᠬᠦᠴᠦᠯᠡᠴᠡ ᠪᠠᠨ ᠨᠡᠮᠡᠭᠳᠡᠬᠦᠯᠵᠦ᠂ ᠬᠢᠯᠢ ᠬᠢᠵᠠᠭᠠᠷ᠂ ᠬᠢᠯᠢ ᠶᠢᠨ ᠪᠤᠭᠤᠮᠳᠠ ᠶᠢᠨ ᠬᠠᠮᠢᠶᠠᠷᠤᠯᠳᠠ ᠰᠡᠷᠭᠡᠶᠢᠯᠡᠯᠳᠡ ᠶᠢ ᠨᠢᠭᠡᠳᠦᠯᠵᠢᠬᠦᠯᠵᠦ᠂ ᠰᠢᠨᠵᠢᠯᠡᠭᠡ ᠮᠡᠷᠭᠡᠵᠢᠯ ᠤᠨ ᠠᠭᠤᠯᠤᠭᠳᠠᠬᠤᠨ ᠢ ᠲᠡᠭᠡᠭᠰᠢᠯᠡᠬᠦᠯᠦᠨ᠂ ᠴᠡᠭ ᠱᠤᠭᠤᠮ ᠭᠠᠳᠠᠷᠭᠤ ᠶᠢ ᠨᠢᠭᠡᠳᠭᠡᠵᠦ᠂ ᠬᠦᠮᠦᠨ ᠪᠤᠳᠠᠰ ᠮᠡᠷᠭᠡᠵᠢᠯ ᠤᠨ ᠰᠡᠷᠭᠡᠶᠢᠯᠡᠯᠳᠡ ᠶᠢ ᠠᠭᠤᠰᠤᠯᠴᠠᠭᠤᠯᠵᠦ᠂ ᠲᠤᠰᠬᠠᠢ ᠬᠦᠴᠦᠨ ᠬᠢᠭᠡᠳ ᠤᠯᠠᠨ ᠨᠡᠶᠢᠳᠡ ᠶᠢᠨ ᠬᠦᠴᠦᠨ ᠢ ᠬᠠᠮᠳᠤᠷᠠᠭᠤᠯᠵᠦ᠂ ᠴᠤᠬᠢᠯᠳᠠ ᠦᠭᠬᠦ ᠰᠡᠷᠭᠡᠶᠢᠯᠡᠬᠦ ᠶᠢ ᠴᠤᠭᠴᠠᠵᠢᠭᠤᠯᠬᠤ ᠬᠢᠯᠢ ᠬᠢᠵᠠᠭᠠᠷ  ᠤᠨ ᠬᠠᠮᠠᠭᠠᠯᠠᠯᠳᠠ ᠶᠢᠨ ᠲᠤᠤᠷ ᠶᠢ ᠪᠦᠳᠦᠭᠡᠨ ᠪᠠᠶᠢᠭᠤᠯᠤᠨ᠎ᠠ᠃ ᠶᠡᠷᠦᠩᠭᠡᠢ ᠴᠤᠭᠴᠠᠳᠦ ᠤᠯᠤᠰ ᠤᠨ ᠠᠮᠤᠷ ᠲᠦᠪᠰᠢᠨ ᠤ ᠦᠵᠡᠯᠳᠡ ᠶᠢ ᠲᠤᠤᠱᠯᠠᠭᠤᠯᠤᠨ ᠨᠠᠶᠢᠳᠠᠪᠦᠷᠢᠵᠢᠭᠤᠯᠵᠤ᠂ ᠤᠯᠤᠰ ᠤᠨ ᠪᠠᠳᠤᠯᠠᠨ ᠬᠠᠮᠠᠭᠠᠯᠠᠬᠤ ᠬᠦᠴᠦᠨ ᠪᠡ ᠠᠷᠭ᠎ᠠ ᠠᠪᠴᠠᠯ ᠢ ᠴᠢᠩᠭᠠᠳᠬᠠᠵᠦ᠂ ᠬᠠᠤᠯᠢ ᠶᠤᠰᠤᠭᠠᠷ ᠴᠢᠩᠭ᠎ᠠ ᠨᠢᠭᠳᠠ ᠪᠠᠳᠤᠯᠠᠨ ᠰᠡᠷᠭᠡᠶᠢᠯᠡᠬᠦ᠂ ᠬᠢᠯᠢ ᠶᠢᠨ ᠳᠤᠳᠤᠷ᠎ᠠ ᠭᠠᠳᠠᠨᠠᠬᠢ ᠲᠠᠶᠢᠰᠤᠨ ᠡᠳᠡᠭᠡᠳ ᠤᠨ ᠨᠡᠪᠳᠡᠷᠡᠨ ᠤᠷᠤᠵᠦ ᠡᠪᠳᠡᠯᠭᠡ ᠬᠢᠬᠦ ᠬᠦᠳᠡᠯᠭᠡᠭᠡᠨ ᠳᠤ ᠴᠢᠩᠭ᠎ᠠ ᠴᠤᠬᠢᠯᠳᠠ ᠦᠭᠴᠦ᠂ ᠤᠯᠤᠰ ᠭᠡᠷ ᠤᠨ ᠠᠮᠤᠷ ᠲᠦᠪᠰᠢᠨ ᠢ ᠰᠦᠷᠳᠡᠬᠦᠯᠬᠦ᠂ ᠤᠯᠤᠰ ᠲᠦᠷᠦ ᠶᠢᠨ ᠲᠤᠭᠳᠠᠭᠤᠨ ᠪᠠᠶᠢᠳᠠᠯ ᠢ ᠠᠯᠳᠠᠭᠳᠠᠭᠤᠯᠬᠤ ᠰᠡᠷᠭᠡᠭ ᠭᠡᠷᠡᠭ ᠶᠠᠪᠤᠳᠠᠯ᠂ ᠣᠯᠠᠨ ᠨᠡᠶᠢᠳᠡ ᠶᠢᠨ ᠴᠢᠨᠠᠷᠳᠠᠢ ᠵᠢᠴᠢ ᠬᠦᠴᠦᠷᠭᠡᠭᠯᠡᠯ ᠠᠶᠤᠮᠰᠢᠭᠳᠤ ᠭᠡᠷᠡᠭ ᠡᠬᠦᠰᠬᠦ ᠶᠢ ᠡᠷᠡᠰ ᠬᠤᠷᠢᠭᠯᠠᠨ᠎ᠠ᠃     ᠴᠡᠷᠢᠭ ᠠᠷᠠᠳ ᠠᠭᠤᠰᠤᠯᠴᠠᠭᠰᠠᠨ ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠶᠢ  ᠭᠡᠷᠡᠭᠵᠢᠬᠦᠯᠦᠨ᠎ᠡ᠃ ᠰᠠᠭᠤᠭᠠᠯᠢ ᠴᠡᠷᠢᠭ ᠠᠩᠬᠢ ᠶᠢᠨ ᠤᠯᠤᠰ ᠤᠨ ᠪᠠᠳᠤᠯᠠᠨ ᠬᠠᠮᠠᠭᠠᠯᠠᠯᠳᠠ ᠬᠢᠭᠡᠳ ᠴᠡᠷᠢᠭ ᠠᠩᠬᠢ ᠶᠢᠨ ᠦᠭᠡᠷᠡᠴᠢᠯᠡᠯᠳᠡ  ᠶᠢᠨ ᠡᠬᠦᠷᠭᠡ ᠪᠠᠨ ᠪᠡᠶᠡᠯᠡᠬᠦᠯᠬᠦ ᠶᠢ ᠬᠦᠴᠦᠳᠠᠢ ᠲᠡᠮᠵᠢᠵᠦ᠂ ᠪᠦᠬᠦ ᠠᠷᠠᠳ ᠤᠨ ᠤᠯᠤᠰ ᠤᠨ ᠪᠠᠳᠤᠯᠠᠨ ᠬᠠᠮᠠᠭᠠᠯᠠᠯᠳᠠ  ᠶᠢᠨ ᠬᠦᠮᠦᠵᠢᠯ᠂ ᠤᠯᠤᠰ ᠤᠨ ᠪᠠᠳᠤᠯᠠᠨ ᠬᠠᠮᠠᠭᠠᠯᠠᠯᠲᠠ ᠶᠢᠨ ᠰᠤᠷᠭᠠᠨ ᠬᠥᠮᠥᠵᠢᠯ ᠤᠨ ᠰᠠᠭᠤᠷᠢᠨ ᠭᠠᠵᠠᠷ ᠬᠢᠭᠡᠳ ᠠᠷᠤ ᠲᠠᠯ᠎ᠠ ᠶᠢᠨ ᠪᠡᠯᠡᠳᠭᠡᠯ ᠬᠦᠴᠦᠨ ᠤ ᠪᠦᠳᠦᠭᠡᠨ ᠪᠠᠶᠢᠭᠤᠯᠤᠯᠳᠠ ᠶᠢ ᠴᠢᠩᠭᠠᠳᠬᠠᠵᠦ᠂ ᠴᠡᠷᠢᠭ ᠢᠶᠠᠨ ᠬᠦᠷᠢᠶᠡᠯᠡᠵᠦ᠂ ᠴᠡᠷᠢᠭ ᠤᠨ ᠭᠡᠷ ᠪᠦᠯᠢ ᠶᠢ ᠬᠠᠷᠠᠭᠠᠯᠵᠠᠬᠤ᠂ ᠵᠠᠰᠠᠭ ᠢᠶᠠᠨ ᠬᠦᠷᠢᠶᠡᠯᠡᠵᠦ ᠠᠷᠠᠳ ᠢᠶᠠᠨ ᠬᠠᠶᠢᠷᠠᠯᠠᠬᠤ ᠠᠵᠢᠯ ᠢ ᠰᠠᠶᠢᠳᠤᠷ ᠬᠢᠵᠦ᠂ ᠬᠤᠶᠠᠷ ᠢ ᠬᠦᠷᠢᠶᠡᠯᠡᠬᠦ ᠲᠠᠭᠤᠷᠢᠶᠠᠯ ᠬᠤᠳᠠ ᠶᠢᠨ ᠪᠦᠳᠦᠭᠡᠨ ᠪᠠᠶᠢᠭᠤᠯᠤᠯᠳᠠ ᠶᠢᠨ ᠦᠷ᠎ᠡ ᠪᠦᠳᠦᠮᠵᠢ ᠶᠢ ᠪᠠᠳᠤᠯᠠᠬᠤ ᠪᠠ ᠦᠷᠭᠡᠳᠭᠡᠨ᠎ᠡ᠃ ᠬᠢᠯᠢ ᠶᠢᠨ ᠨᠢᠭᠡᠳᠥᠭᠰᠡᠨ ᠪᠠᠶᠢᠴᠠᠭᠠᠯᠳᠠ ᠶᠢᠨ ᠰᠠᠯᠠᠭ᠎ᠠ ᠮᠦᠴᠢᠷ ᠨᠢ ᠬᠠᠤᠯᠢ ᠶᠤᠰᠤᠭᠠᠷ ᠡᠷᠬᠡ ᠪᠠᠨ ᠬᠡᠷᠡᠭᠵᠢᠭᠦᠯᠬᠦ ᠪᠠ ᠤᠶᠢᠯᠡᠴᠢᠯᠡᠭᠡᠨ ᠤ ᠬᠠᠷᠢᠭᠤᠴᠠᠯᠭ᠎ᠠ ᠪᠠᠨ ᠬᠦᠢᠴᠡᠳᠭᠡᠬᠦ ᠶᠢ ᠲᠡᠮᠵᠢᠨ᠂ ᠰᠠᠭᠤᠭ᠎ᠠ ᠴᠡᠷᠢᠭ᠂ ᠣᠷᠣᠨ ᠨᠣᠳᠤᠭ᠂ ᠳᠣᠭᠤᠷᠢᠭ ᠬᠤᠪᠢᠶᠠᠨ ᠰᠡᠷᠭᠡᠶᠢᠯᠡᠨ ᠬᠠᠮᠠᠭᠠᠯᠠᠬᠤ ᠶᠢ ᠤᠶᠠᠯᠳᠠᠭᠤᠯᠤᠬᠤ ᠳᠤᠭᠳᠠᠯᠴᠠᠭ᠎ᠠ ᠶᠢ ᠪᠦᠷᠢᠨᠰᠢᠭᠦᠯᠵᠥ᠂ ᠨᠠᠮ ᠵᠠᠰᠠᠭ ᠴᠡᠷᠢᠭ ᠴᠠᠭᠳᠠᠭ᠎ᠠ ᠠᠷᠠᠳ ᠬᠠᠮᠳᠤᠷᠠᠭᠰᠠᠨ ᠬᠢᠯᠢ ᠬᠢᠵᠠᠭᠠᠷ ᠢ ᠪᠠᠳᠤᠯᠠᠨ ᠬᠠᠮᠠᠭᠠᠯᠠᠬᠤ ᠰᠢᠨ᠎ᠡ ᠳᠦᠷᠢ ᠳᠦᠷᠬᠦ ᠶᠢ ᠪᠤᠢ ᠪᠤᠯᠭᠠᠨ᠎ᠠ᠃      ᠮᠤᠩᠭᠤᠯ ᠤᠯᠤᠰ ᠲᠠᠢ ᠴᠠᠭᠳᠠᠭᠠᠨ ᠤ ᠶᠠᠪᠤᠳᠠᠯ ᠤᠨ ᠲᠠᠯ᠎ᠠ ᠪᠠᠷ ᠬᠢ ᠬᠠᠮᠳᠣᠷᠠᠨ ᠠᠵᠢᠯᠯᠠᠬᠤ ᠶᠢ ᠴᠢᠩᠭᠠᠳᠬᠠᠨ᠎ᠠ᠃ ᠮᠤᠩᠭᠤᠯ ᠤᠯᠤᠰ᠂ ᠤᠷᠤᠰ ᠤᠯᠤᠰ ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ ᠲᠠᠢ ᠤᠯᠠᠨ ᠲᠠᠪᠬᠤᠷᠭ᠎ᠠ᠂ ᠦᠷᠭᠡᠨ ᠭᠡᠪᠴᠢᠶᠡᠨ ᠳᠤ ᠴᠠᠭᠳᠠᠭᠠᠨ ᠤᠨ ᠶᠠᠪᠤᠳᠠᠯ ᠤᠨ ᠲᠠᠯ᠎ᠠ ᠪᠠᠷ ᠬᠠᠮᠳᠤᠷᠠᠯᠴᠠᠬᠤ ᠲᠦᠷᠢᠮ ᠢ ᠪᠦᠷᠢᠨᠰᠢᠬᠦᠯᠵᠦ᠂ᠨᠡᠩ ᠰᠠᠶᠢᠨ ᠦᠷ᠎ᠡ ᠠᠰᠢᠭ ᠲᠠᠢ ᠰᠤᠷᠠᠭ ᠵᠠᠩᠬᠢ ᠶᠢᠨ ᠬᠠᠷᠢᠯᠴᠠᠭ᠎ᠠ᠂ ᠮᠦᠷ ᠰᠤᠷᠠᠭ ᠲᠠᠮᠵᠢᠭᠤᠯᠬᠤ᠂ ᠭᠡᠷᠡᠴᠢ ᠪᠠᠷᠢᠮᠳᠠ ᠰᠤᠯᠢᠯᠴᠠᠬᠤ ᠲᠠᠪᠴᠠᠩ ᠪᠦᠷᠢᠯᠳᠦᠭᠦᠯᠦᠨ᠎ᠡ᠃ ᠤᠯᠤᠰ ᠠᠯᠤᠰᠯᠠᠭᠰᠠᠨ ᠶᠠᠯᠠᠳᠠᠨ᠂ ᠪᠤᠷᠤᠭᠤᠯᠠᠨ ᠳᠤᠳᠠᠭᠠᠭᠰᠠᠨ ᠶᠠᠯᠠᠳᠠᠨ ᠪᠠ ᠪᠤᠵᠠᠷ ᠡᠳ᠋ ᠪᠤᠳᠠᠰ ᠢ ᠨᠡᠭᠡᠮᠵᠢᠯᠡᠬᠦ᠂ ᠬᠢᠯᠢ ᠲᠠᠪᠠᠵᠦ ᠲᠦᠷᠭᠡᠨ ᠲᠤᠰᠠᠯᠠᠬᠤ  ᠳᠤ ᠮᠤᠩᠭᠤᠯ᠂ ᠤᠷᠤᠰ ᠤᠨ ᠬᠤᠯᠪᠤᠭᠳᠠᠯ ᠪᠦᠬᠦᠢ ᠲᠠᠯ᠎ᠠ ᠲᠠᠢ ᠬᠠᠮᠳᠤᠷᠠᠨ ᠠᠵᠢᠯᠯᠠᠨ᠎ᠠ᠃ᠠᠷᠪᠠᠳᠤᠭᠠᠷ ᠪᠦᠯᠦᠭ  ᠨᠠᠮ ᠤᠨ ᠤᠳᠤᠷᠢᠳᠤᠯᠭ᠎ᠠ ᠶᠢ ᠪᠠᠷᠢᠮᠳᠠᠯᠠᠵᠦ᠂ ᠲᠦᠯᠦᠪᠵᠢᠬᠦᠯᠭᠡ ᠶᠢᠨ ᠤᠷᠤᠭᠰᠢᠳᠠᠢ ᠶᠠᠪᠤᠭᠳᠠᠬᠤ ᠶᠢ ᠪᠠᠳᠤᠯᠠᠨ᠎ᠠ     ᠨᠠᠮ ᠤᠨ ᠬᠤᠷᠢᠶ᠎ᠠ ᠪᠦᠬᠦ ᠲᠠᠯ᠎ᠠ ᠶᠢ ᠡᠵᠡᠮᠳᠡᠵᠦ᠂ ᠡᠯ᠎ᠡ ᠲᠠᠯ᠎ᠠ ᠶᠢᠨ ᠬᠢᠨ ᠤ ᠭᠤᠤᠯ ᠴᠤᠭᠴᠠ ᠶᠢᠨ ᠤᠶᠢᠯᠡᠳᠦᠯ ᠢ ᠵᠤᠬᠢᠴᠠᠭᠤᠯᠵᠦ᠂ ᠵᠠᠰᠠᠭ ᠤᠨ ᠣᠷᠳᠣᠨ ᠤ ᠬᠤᠷᠸ᠎ᠠ ᠳᠣᠬᠢᠷᠠᠭᠤᠯᠤᠯᠳᠠ ᠶᠢᠨ ᠦᠢᠯᠡᠳᠥᠯ ᠢ ᠪᠠᠳᠠᠷᠠᠭᠤᠯᠵᠤ᠂ ᠳᠥᠰᠥᠪ ᠤᠨ ᠬᠡᠷᠡᠭᠵᠢᠬᠦ ᠳᠣᠭᠳᠠᠯᠴᠠᠭ᠎ᠠ ᠶᠢ ᠳᠡᠭᠦᠯᠳᠡᠷᠵᠢᠭᠦᠯᠥᠨ᠂ ᠪᠦᠬᠦ ᠨᠡᠶᠢᠭᠡᠮ ᠤᠨ ᠬᠦᠴᠦᠨ ᠢ ᠤᠳᠤᠷᠢᠳᠤᠨ ᠳᠠᠭᠠᠭᠤᠯᠵᠤ ᠳᠥᠰᠥᠪ ᠤᠨ ᠬᠡᠷᠡᠭᠵᠢᠭᠦ ᠬᠦᠴᠦᠷᠬᠡᠭ ᠶᠡᠭᠡ ᠬᠠᠮᠳᠤ ᠶᠢᠨ ᠬᠦᠴᠦᠨ ᠪᠠ ᠳᠦᠷᠢᠮ ᠤᠨ ᠪᠠᠳᠤᠯᠠᠭ᠎ᠠ ᠶᠢ ᠬᠠᠮᠳᠤ ᠪᠠᠷ ᠪᠣᠢ ᠪᠣᠯᠭᠠᠨ᠂ ︽ᠠᠷᠪᠠᠨ ᠭᠤᠷᠪᠠᠳᠤᠭᠠᠷ ᠳᠠᠪᠣᠨ ᠵᠢᠯ︾   ᠤᠨ ᠳᠥᠯᠥᠪᠯᠡᠭᠡ ᠶᠢᠨ ᠳᠤᠭᠳᠠᠭᠠᠭᠰᠠᠨ ᠡᠯ᠎ᠡ ᠲᠥᠷᠥᠯ ᠤᠨ ᠬᠠᠷᠠᠯᠳᠠ ᠡᠭᠦᠷᠭᠡ ᠶᠢᠨ ᠪᠦᠳᠣᠮᠵᠢᠳᠡᠢ ᠪᠡᠶᠡᠯᠡᠭᠳᠡᠬᠦ ᠶᠢ ᠪᠠᠳᠤᠯᠠᠨ᠎ᠠ᠃     ᠨᠢᠭᠡᠳᠦᠭᠡᠷ ᠭᠡᠰᠡᠭ   ᠨᠠᠮ ᠤᠨ ᠰᠢᠢᠳᠪᠦᠷᠢᠳᠤ ᠪᠤᠳᠤᠯᠭ᠎ᠠ ᠶᠢ ᠳᠣᠣᠱᠯᠠᠭᠤᠯᠤᠨ᠎ᠠ     ᠨᠠᠮ ᠤᠨ ᠵᠠᠮ ᠱᠤᠭᠤᠮ᠂ ᠴᠢᠭᠯᠡᠯᠳᠡ᠂ ᠳᠥᠷᠥ ᠶᠢᠨ ᠪᠣᠳᠣᠯᠭ᠎ᠠ ᠶᠢ ᠬᠠᠳᠠᠭᠤ ᠴᠢᠩᠭ᠎ᠠ ᠬᠡᠷᠡᠭᠵᠢᠭᠦᠯᠵᠥ᠂ ᠳᠥᠪ ᠬᠤᠷᠢᠶ᠎ᠠ᠂ ᠥᠪᠡᠷᠳᠡᠭᠡᠨ ᠵᠠᠰᠠᠬᠤ ᠣᠷᠣᠨ ᠪᠠ ᠠᠶᠢᠮᠠᠭ ᠤᠨ ᠨᠠᠮ ᠤᠨ ᠬᠤᠷᠢᠶᠠᠨ ᠤ ᠡᠯ᠎ᠡ ᠲᠥᠷᠥᠯ ᠤᠨ ᠪᠠᠶᠢᠯᠳᠤᠬᠤ ᠪᠤᠳᠤᠯᠭ᠎ᠠ ᠶᠢᠨ ᠰᠢᠢᠳᠪᠦᠷᠢᠳᠤ ᠪᠣᠳᠣᠯᠭ᠎ᠠ ᠪᠠ ᠪᠠᠶᠢᠷᠢᠯᠠᠭᠤᠯᠤᠯᠳᠠ ᠤᠳ ᠶᠢ ᠳᠥᠯᠥᠪᠵᠢᠭᠦᠯᠭᠡ ᠶᠢᠨ ᠬᠡᠷᠡᠭᠵᠢᠭᠳᠡᠬᠦ ᠡᠯ᠎ᠡ ᠳᠠᠯ᠎ᠠ ᠤᠳ᠂ ᠪᠦᠬᠦ ᠶᠠᠪᠦᠴᠠ ᠳᠤ ᠳᠣᠣᠱᠯᠠᠭᠤᠯᠵᠤ᠂ ᠦᠵᠡᠯ ᠰᠠᠨᠠᠭ᠎ᠠ᠂ ᠤᠯᠤᠰ ᠲᠥᠷᠥ᠂ ᠦᠢᠯᠡ ᠠᠵᠢᠯᠯᠠᠭ᠎ᠠ ᠳᠡᠭᠡᠷ᠎ᠡ ᠪᠠᠨ ᠬᠡᠵᠢᠶᠡᠳᠡ ᠳᠡᠭᠡᠷ᠎ᠡ ᠱᠠᠳᠤᠨ ᠤ ᠨᠠᠮ ᠤᠨ ᠬᠤᠷᠢᠶ᠎ᠠ ᠲᠠᠢ ᠳᠡᠭᠡᠳᠤ ᠬᠡᠮᠵᠢᠶ᠎ᠡ ᠪᠠᠷ ᠨᠢᠭᠡᠳᠥᠨ᠂ ᠳᠥᠯᠥᠪᠵᠢᠭᠦᠯᠭᠡ ᠳᠤ ᠳᠤᠷᠠᠳᠤᠭᠰᠠᠨ ᠬᠠᠷᠠᠯᠳᠠ ᠡᠭᠦᠷᠭᠡ ᠪᠠᠨ ᠪᠣᠳᠠᠳᠠᠢ ᠬᠡᠷᠡᠭᠵᠢᠭᠦᠯᠬᠦ ᠶᠢ ᠪᠠᠳᠤᠯᠠᠨ᠎ᠠ᠃ ᠮᠠᠨ ᠤ ᠣᠯᠣᠰ ᠤᠨ ᠠᠵᠤ ᠠᠬᠤᠢ ᠶᠢᠨ ᠬᠥᠭᠵᠢᠯᠳᠡ ᠶᠢᠨ ᠰᠢᠨ᠎ᠡ ᠬᠡᠪ ᠪᠠᠶᠢᠳᠠᠯ ᠤᠨ ᠠᠪᠴᠢᠷᠭᠰᠠᠨ ᠬᠤᠪᠢᠷᠠᠯᠳᠠ  ᠳᠤ ᠵᠣᠬᠢᠴᠠᠵᠤ᠂ ᠬᠤᠳᠠ ᠶᠢᠨ ᠨᠠᠮ ᠤᠨ ᠬᠤᠷᠢᠶᠠᠨ ᠤ ᠡᠯ᠎ᠡ ᠲᠥᠷᠥᠯ ᠤᠨ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠠ ᠶᠢ ᠰᠠᠶᠢᠳᠤᠷ ᠳᠤᠤᠱᠯᠠᠭᠤᠯᠤᠨ᠂ ᠬᠠᠮᠢᠶ᠎ᠠ ᠪᠦᠬᠦᠢ ᠳᠥᠷᠥ ᠶᠢᠨ ᠪᠣᠳᠣᠯᠭ᠎ᠠ ᠠᠷᠭ᠎ᠠ ᠠᠪᠴᠠᠯ ᠢ ᠴᠠᠭ ᠳᠤᠬᠠᠢ ᠳᠤ ᠨᠢ ᠰᠤᠳᠤᠯᠤᠨ ᠳᠤᠭᠳᠠᠭᠠᠵᠤ᠂ ᠠᠵᠤ ᠠᠬᠤᠢ ᠶᠢᠨ ᠰᠢᠨ᠎ᠡ ᠬᠡᠪ ᠪᠠᠶᠢᠳᠠᠯ ᠳᠤ ᠵᠤᠬᠢᠴᠠᠭᠰᠠᠨ ᠪᠠᠶᠢᠭᠤᠯᠤᠮᠵᠢ ᠳᠣᠭᠳᠠᠯᠴᠠᠭ᠎ᠠ ᠪᠣᠯᠣᠨ ᠬᠥᠭᠵᠢᠯᠳᠡ ᠶᠢᠨ ᠠᠷᠭ᠎ᠠ ᠮᠠᠶ᠋ᠢᠭ ᠢ ᠥᠳᠭᠡᠷ ᠳᠦᠷᠭᠡᠨ ᠳᠥᠯᠥᠪᠰᠢᠭᠦᠯᠵᠥ᠂ ᠤᠯᠠᠮ ᠥᠨᠳᠥᠷ ᠴᠢᠨᠠᠷᠳᠠᠢ᠂ ᠦᠷ᠎ᠡ ᠠᠰᠢᠭᠲᠠᠢ᠂ ᠦᠷᠭᠦᠯᠵᠢᠯᠬᠦᠶᠢᠴᠡ ᠬᠥᠭᠵᠢᠯᠳᠡ ᠶᠢᠨ ᠪᠤᠢ ᠪᠤᠯᠬᠤ ᠶᠢ ᠳᠥᠯᠬᠢᠨ ᠠᠬᠢᠭᠤᠯᠤᠨ᠎ᠠ᠃ᠬᠤᠶᠠᠳᠤᠭᠠᠷ ᠬᠡᠰᠡᠭ  ᠪᠦᠬᠦ ᠨᠡᠶᠢᠭᠡᠮ ᠤᠨ ᠬᠥᠴᠥᠨ ᠢ ᠳᠠᠶᠢᠴᠢᠯᠠᠨ ᠳᠥᠯᠥᠪᠵᠢᠭᠦᠯᠬᠡ ᠶᠢᠨ ᠬᠡᠷᠡᠭᠵᠢᠯᠳᠡ ᠳᠤ ᠣᠷᠣᠯᠴᠠᠭᠤᠯᠣᠨ᠎ᠠ      ᠳᠥᠯᠥᠪᠵᠢᠭᠦᠯᠭᠡ ᠶᠢ ᠬᠡᠷᠡᠭᠵᠢᠭᠦᠯᠬᠦ ᠶᠠᠪᠦᠴᠠ ᠳᠤ᠂ ᠬᠤᠳᠠ ᠶᠢᠨ ᠤᠯᠤᠰ ᠲᠥᠷᠥ ᠶᠢᠨ ᠵᠥᠪᠯᠡᠯᠭᠡᠨ ᠢ ᠤᠷᠢᠵᠤ ᠬᠥᠨᠳᠥ ᠴᠢᠬᠤᠯᠠ ᠠᠰᠠᠭᠤᠳᠠᠯ ᠤᠨ ᠳᠣᠭᠤᠷᠢᠨ ᠳᠤ ᠳᠤᠰᠬᠠᠢ  ᠰᠡᠳᠥᠪᠳᠤ ᠪᠠᠶᠢᠴᠠᠭᠠᠨ ᠰᠤᠳᠤᠯᠭ᠎ᠠ ᠵᠣᠬᠢᠶᠠᠨ ᠪᠠᠶᠢᠭᠤᠯᠵᠤ᠂ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠤᠨ ᠰᠠᠨᠠᠯ ᠢ ᠥᠷᠭᠡᠨ ᠢᠶᠠᠷ ᠬᠤᠷᠢᠶᠠᠨ᠎ᠠ᠃ ᠠᠷᠠᠳᠴᠢᠯᠠᠭᠰᠠᠨ ᠨᠠᠮ ᠪᠦᠯᠥᠭ᠂ ᠦᠢᠯᠡᠳᠪᠦᠷᠢ ᠬᠤᠳᠠᠯᠳᠤᠭᠠᠨ ᠤ ᠬᠤᠯᠪᠣᠭ᠎ᠠ ᠪᠠ ᠨᠠᠮ ᠪᠣᠰᠤ ᠬᠥᠮᠥᠰ ᠵᠢᠴᠢ ᠠᠵᠢᠯᠴᠢᠳ ᠤᠨ ᠬᠤᠯᠪᠤᠭ᠎ᠠ᠂ ᠡᠪ ᠬᠠᠮᠳᠤ ᠵᠠᠯᠠᠭᠤᠴᠤᠳ ᠤᠨ ᠡᠪᠯᠡᠯ᠂ ᠡᠮᠡᠭᠳᠡᠶᠢᠴᠦᠳ ᠤᠨ ᠬᠤᠯᠪᠣᠭ᠎ᠠ ᠵᠡᠷᠭᠡ  ᠤᠯᠠᠨ ᠨᠡᠶᠢᠳᠡ ᠶᠢᠨ ᠵᠣᠬᠢᠶᠠᠨ ᠪᠠᠶᠢᠭᠤᠯᠤᠯᠳᠠ ᠶᠢᠨ ︽ᠠᠷᠪᠠᠨ ᠭᠤᠷᠪᠠᠳᠤᠭᠠᠷ ᠳᠠᠪᠣᠨ ᠵᠢᠯ ᠤᠨ ᠳᠥᠯᠥᠪᠯᠡᠭᠡ︾  ᠶᠢᠨ ᠬᠡᠷᠡᠭᠵᠢᠯᠳᠡ ᠳᠤ ᠣᠷᠣᠯᠴᠠᠬᠤ ᠤᠬᠠᠮᠰᠠᠷᠲᠤ ᠴᠢᠨᠠᠷ ᠢ ᠬᠦᠢᠴᠡᠳ ᠪᠠᠳᠠᠷᠠᠭᠤᠯᠵᠤ᠂ ᠠᠵᠤ ᠠᠬᠤᠢ ᠨᠡᠶᠢᠭᠡᠮ ᠤᠨ ᠬᠥᠭᠵᠢᠯᠳᠡ ᠶᠢᠨ ᠬᠥᠨᠳᠥ ᠴᠢᠬᠤᠯᠠ ᠠᠰᠠᠭᠤᠳᠠᠯ ᠪᠠ ᠤᠯᠠᠨ ᠲᠦᠮᠡᠨ ᠤ ᠦᠨᠡᠨ ᠪᠣᠳᠠᠳᠠᠢ ᠡᠷᠬᠡ ᠠᠰᠢᠭ ᠲᠠᠢ ᠬᠤᠯᠪᠤᠭᠳᠠᠬᠤ ᠠᠰᠠᠭᠤᠳᠠᠯ ᠤᠨ ᠳᠤᠬᠠᠢ ᠵᠥᠪᠳᠡᠯᠴᠡᠯᠭᠡ ᠪᠠᠨ ᠴᠢᠩᠭᠠᠳᠬᠠᠨ᠎ᠠ᠃ ᠳᠥᠯᠥᠪᠵᠢᠭᠦᠯᠭᠡ ᠶᠢᠨ ᠬᠥᠳᠥᠯᠪᠦᠷᠢ ᠶᠢᠨ ᠤᠬᠠᠭᠤᠯᠭ᠎ᠠ ᠶᠢᠨ ᠬᠦᠴᠦᠯᠡᠴᠡ ᠶᠢ ᠨᠡᠮᠡᠭᠳᠡᠭᠦᠯᠵᠥ᠂ ᠪᠦᠬᠦ ᠨᠡᠶᠢᠭᠡᠮ ᠢᠶᠠᠷ ᠢᠶᠠᠨ ᠳᠥᠯᠥᠪᠵᠢᠭᠦᠯᠭᠡ ᠳᠤ ᠰᠠᠨᠠᠭᠠᠰᠢᠷᠠᠬᠤ᠂ ᠳᠥᠯᠥᠪᠵᠢᠭᠦᠯᠭᠡ ᠶᠢᠨ ᠬᠡᠷᠡᠭᠵᠢᠯᠳᠡ ᠳᠤ ᠤᠬᠠᠮᠰᠠᠷ ᠠᠴᠠ ᠪᠠᠨ ᠤᠷᠤᠯᠴᠠᠨ ᠬᠢᠨᠠᠯᠳᠠ ᠶᠠᠪᠣᠭᠤᠯᠬᠤ ᠰᠢᠯᠢᠳᠡᠭ ᠠᠭᠤᠷ ᠠᠮᠢᠰᠬᠤᠯ ᠢ ᠪᠣᠢ ᠪᠣᠯᠭᠠᠨ᠎ᠠ᠃ᠭᠤᠷᠪᠠᠳᠤᠭᠠᠷ ᠭᠡᠰᠡᠭ    ᠲᠦᠯᠦᠪᠵᠢᠬᠦᠯᠭᠡ ᠶᠢ ᠵᠣᠬᠢᠴᠠᠭᠤᠯᠤᠨ ᠬᠠᠮᠢᠶᠠᠷᠣᠬᠤ ᠴᠢᠳᠠᠪᠦᠷᠢ ᠪᠠᠨ ᠲᠡᠭᠡᠭᠰᠢᠯᠡᠬᠦᠯᠦᠨ᠎ᠡ       ᠡᠯ᠎ᠡ ᠲᠦᠷᠦᠯ ᠤᠨ ᠲᠦᠯᠦᠪᠵᠢᠬᠦᠯᠭᠡ ᠳᠠᠬᠢ ︽ᠡᠷᠢᠶᠡᠨ ᠬᠤᠳᠠ ᠶᠢᠨ ᠤᠯᠤᠰ ᠠᠷᠠᠳ ᠤᠨ ᠠᠵᠦ ᠠᠬᠤᠢ ᠪᠠ ᠨᠡᠶᠢᠭᠡᠮ ᠤᠨ ᠬᠦᠭᠵᠢᠯᠳᠡ ᠶᠢᠨ ᠠᠷᠪᠠᠨ ᠭᠤᠷᠪᠠᠳᠤᠭᠠᠷ ᠲᠠᠪᠤᠨ ᠵᠢᠯ ᠤᠨ ᠲᠦᠯᠦᠪᠵᠢᠬᠦᠯᠭᠡ ᠶᠢᠨ ᠬᠦᠳᠦᠯᠪᠦᠷᠢ︾ ᠶᠢᠨ ᠲᠡᠷᠢᠬᠦᠨ ᠴᠢᠬᠤᠯᠠ ᠪᠠᠶᠢᠷᠢ ᠰᠠᠭᠤᠷᠢ ᠶᠢ ᠳᠤᠳᠤᠷᠬᠠᠶᠢᠯᠠᠵᠦ᠂ ᠶᠡᠷᠦᠩᠭᠡᠢ ᠱᠠᠭᠠᠷᠳᠠᠯᠭ᠎ᠠ ᠶᠢᠨ ᠲᠠᠯ᠎ᠠ ᠪᠠᠷ ᠨᠢᠭᠡᠳᠦᠯᠳᠠᠢ ᠪᠠᠶᠢᠬᠤ᠂ ᠤᠷᠤᠨ ᠵᠠᠢ ᠶᠢᠨ ᠲᠤᠬᠢᠷᠠᠭᠤᠯᠳᠠ ᠶᠢᠨ ᠲᠠᠯ᠎ᠠ ᠪᠠᠷ ᠬᠠᠷᠢᠯᠴᠠᠨ ᠵᠤᠬᠢᠴᠠᠯᠳᠤᠬᠤ᠂ ᠴᠠᠭ ᠤᠨ ᠳᠠᠷᠠᠭᠠᠯᠠᠯ ᠢᠶᠠᠷ ᠰᠢᠨᠵᠢᠯᠡᠬᠦ ᠤᠬᠠᠭᠠᠨᠴᠢ ᠪᠠᠶᠢᠬᠤ ᠶᠢ ᠪᠠᠳᠤᠯᠠᠵᠦ᠂ ᠲᠦᠯᠦᠪᠵᠢᠬᠦᠯᠭᠡ ᠶᠢᠨ ᠬᠠᠮᠢᠶᠠᠷᠤᠯᠳᠠ ᠶᠢᠨ ᠬᠢᠷᠢ ᠲᠦᠪᠰᠢᠨ ᠪᠠ ᠪᠤᠳᠠᠳᠦ ᠦᠷ᠎ᠡ ᠠᠰᠢᠭ ᠢ ᠲᠡᠭᠡᠭᠰᠢᠯᠡᠬᠦᠯᠦᠨ᠎ᠡ᠃ ᠲᠦᠯᠦᠪᠵᠢᠬᠦᠯᠭᠡ ᠶᠢᠨ ᠤᠶᠠᠯᠳᠤᠭ᠎ᠠ ᠶᠢ ᠵᠤᠬᠢᠴᠠᠭᠤᠯᠬᠤ ᠲᠤᠭᠳᠠᠯᠴᠠᠭ᠎ᠠ ᠶᠢ ᠲᠡᠬᠦᠯᠳᠡᠷᠵᠢᠬᠦᠯᠵᠦ᠂ ᠳᠤᠤᠷ᠎ᠠ ᠱᠠᠳᠤᠨ ᠤ ᠲᠦᠯᠦᠪᠵᠢᠬᠦᠯᠭᠡ ᠪᠤᠯᠤᠨ ᠳᠡᠭᠡᠷ᠎ᠡ ᠱᠠᠳᠤᠨ ᠤ ᠲᠦᠯᠦᠪᠵᠢᠬᠦᠯᠭᠡ᠂ ᠲᠤᠰᠬᠠᠢ ᠲᠦᠯᠦᠪᠵᠢᠬᠦᠯᠭᠡ ᠬᠢᠭᠡᠳ ᠶᠡᠷᠦᠩᠭᠡᠢ ᠲᠦᠯᠦᠪᠵᠢᠬᠦᠯᠭᠡ ᠶᠢᠨ ᠤᠶᠠᠯᠳᠤᠯ᠂ ᠲᠤᠰᠬᠠᠢ ᠲᠦᠯᠦᠪᠵᠢᠬᠦᠯᠭᠡ ᠭᠢᠭᠡᠳ ᠲᠤᠰᠬᠠᠢ ᠲᠦᠯᠦᠪᠵᠢᠬᠦᠯᠭᠡ ᠶᠢᠨ ᠬᠤᠭᠤᠷᠤᠨᠳᠤᠬᠢ ᠤᠶᠠᠯᠳᠤᠯ   ᠢ ᠰᠠᠶᠢᠳᠤᠷ ᠬᠢᠵᠦ᠂ ᠲᠦᠯᠦᠪᠵᠢᠬᠦᠯᠭᠡ ᠶᠢᠨ ᠰᠢᠨᠵᠢᠯᠡᠬᠦ ᠤᠬᠠᠭᠠᠨᠴᠢ ᠴᠢᠨᠠᠷ᠂ ᠶᠡᠷᠦᠩᠭᠡᠢ ᠴᠤᠭᠴᠠᠳᠦ ᠴᠢᠨᠠᠷ ᠪᠠ ᠵᠤᠬᠢᠴᠠᠯᠳᠤ ᠴᠢᠨᠠᠷ ᠢ ᠪᠠᠳᠤᠯᠠᠨ᠎ᠠ᠃ ᠵᠠᠰᠠᠭ ᠤᠨ ᠤᠷᠳᠤᠨ ᠤ ᠡᠬᠦᠷᠭᠡ ᠴᠢᠳᠠᠪᠬᠢ ᠪᠠ ᠬᠠᠷᠢᠭᠤᠴᠠᠯᠭ᠎ᠠ ᠪᠠᠨ ᠵᠦᠪ ᠤᠨᠤᠪᠴᠢᠳᠠᠢ  ᠪᠠᠷ ᠬᠦᠢᠴᠡᠳᠭᠡᠵᠦ᠂ ᠵᠢᠯ ᠤᠨ ᠲᠦᠯᠦᠪᠯᠡᠭᠡ ᠪᠠᠨ ᠬᠤᠪᠢᠶᠠᠨ ᠬᠡᠷᠡᠭᠵᠢᠭᠦᠯᠬᠦ᠂ ᠭᠤᠤᠯ ᠬᠠᠷᠠᠯᠳᠠ ᠪᠠ ᠭᠤᠤᠯᠳᠠᠯᠭᠠᠳᠤ ᠪᠦᠳᠥᠭᠡᠨ  ᠪᠠᠶᠢᠭᠤᠯᠤᠯᠳᠠ ᠶᠢᠨ ᠡᠭᠦᠷᠭᠡ ᠪᠠᠨ ᠨᠠᠶᠢᠳᠠᠪᠦᠷᠢᠵᠢᠭᠤᠯᠬᠤ ᠠᠷᠭ᠎ᠠ ᠵᠠᠮ ᠪᠠᠷ᠂ ᠲᠦᠷᠦᠯ ᠬᠤᠪᠢᠶᠠᠵᠦ᠂ ᠬᠤᠭᠤᠴᠠᠭ᠎ᠠ ᠬᠤᠪᠢᠶᠠᠵᠦ ᠶᠠᠪᠤᠭᠳᠠᠭᠤᠯᠬᠤ ᠪᠦᠳᠦᠮᠵᠢᠳᠦ ᠳᠣᠭᠳᠠᠯᠴᠠᠭ᠎ᠠ ᠶᠢ ᠪᠤᠢ ᠪᠤᠯᠭᠠᠵᠦ᠂ ᠬᠠᠷᠠᠯᠳᠠ ᠡᠬᠦᠷᠭᠡ ᠪᠠᠨ ᠪᠤᠳᠠᠳᠠᠢ ᠪᠠᠷ ᠨᠠᠶᠢᠳᠠᠪᠦᠷᠵᠢᠭᠤᠯᠤᠨ᠎ᠠ᠃ᠳᠦᠷᠪᠡᠳᠦᠭᠡᠷ ᠭᠡᠰᠡᠭ   ᠬᠢᠨᠠᠨ ᠦᠨᠡᠯᠡᠵᠦ ᠰᠢᠯᠭᠠᠬᠤ ᠶᠢ ᠴᠢᠩᠭᠠᠳᠬᠠᠨ᠎ᠠ     ᠳᠥᠯᠥᠪᠵᠢᠭᠦᠯᠭᠡ ᠶᠢᠨ ᠬᠥᠳᠥᠯᠪᠦᠷᠢ ᠶᠢ ᠬᠤᠳᠠ ᠶᠢᠨ ᠠᠷᠠᠳ ᠤᠨ ᠳᠥᠯᠥᠭᠡᠯᠡᠭᠴᠢᠳ ᠤᠨ ᠶᠡᠭᠡ ᠬᠤᠷᠠᠯ  ᠢᠶᠠᠷ ᠬᠢᠨᠠᠨ ᠬᠡᠯᠡᠯᠴᠡᠵᠥ ᠵᠥᠪᠰᠢᠶᠡᠷᠡᠭᠦᠯᠥᠭᠰᠡᠨ ᠤ ᠳᠠᠷᠠᠭ᠎ᠠ ᠬᠡᠷᠡᠭᠵᠢᠭᠦᠯᠵᠥ᠂ ᠬᠡᠷᠡᠭᠵᠢᠭᠦᠯᠬᠦ ᠶᠠᠪᠣᠴᠠ ᠳᠤ ᠰᠠᠶᠢᠨ ᠳᠣᠷ᠎ᠠ ᠠᠴᠠ ᠪᠠᠨ ᠬᠤᠳᠠ ᠶᠢᠨ ᠠᠷᠠᠳ ᠤᠨ ᠳᠥᠯᠥᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠬᠤᠷᠢᠶᠠᠨ ᠤ ᠬᠢᠨᠠᠯᠳᠠ ᠰᠢᠯᠭᠠᠯᠲᠠ ᠶᠢ ᠬᠦᠯᠢᠶᠡᠨ᠎ᠡ᠃ ᠳᠤᠮᠳᠠ ᠬᠤᠭᠤᠴᠠᠭᠠᠨ ᠤ ᠰᠢᠨᠵᠢᠯᠡᠬᠦ ᠤᠬᠠᠭᠠᠨᠴᠢ ᠬᠢᠨᠠᠨ ᠦᠨᠡᠯᠡᠬᠦ ᠲᠦᠷᠢᠮ ᠢ ᠪᠠᠶᠢᠭᠤᠯᠵᠦ᠂ ᠬᠦᠭᠵᠢᠯᠳᠡ ᠶᠢᠨ ᠪᠤᠳᠠᠳᠦ ᠪᠠᠶᠢᠳᠠᠯ ᠢ ᠦᠨᠳᠦᠰᠦᠯᠡᠵᠦ᠂ ᠠᠵᠢᠯ ᠤᠨ ᠲᠡᠰ ᠳᠠᠷᠠᠭᠠᠯᠠᠯ ᠤᠨ ᠶᠤᠰᠤᠭᠠᠷ ᠲᠦᠯᠦᠪᠵᠢᠬᠦᠯᠭᠡ ᠳᠤ ᠬᠢᠪᠡᠰᠦ ᠵᠣᠬᠢᠬᠤ ᠲᠤᠬᠢᠷᠠᠭᠤᠯᠤᠯᠳᠠ ᠢ ᠬᠢᠨ᠎ᠡ᠃ ᠬᠢᠨᠠᠨ ᠰᠢᠯᠭᠠᠬᠤ ᠦᠨᠡᠯᠡᠯᠳᠡ ᠶᠢᠨ ᠲᠤᠭᠳᠠᠯᠴᠠᠭ᠎ᠠ ᠳᠤ ᠦᠭᠡᠷᠡᠴᠢᠯᠡᠯᠳᠡ ᠣᠷᠣᠭᠤᠯᠵᠣ᠂ ᠳᠥᠯᠥᠪᠵᠢᠭᠦᠯᠭᠡ ᠶᠢ ᠬᠡᠷᠡᠭᠵᠢᠭᠦᠯᠬᠦ ᠳᠤ ᠣᠯᠠᠨ ᠨᠡᠶᠢᠳᠡ ᠪᠠ ᠨᠡᠶᠢᠭᠡᠮ ᠤᠨ ᠬᠢᠨᠠᠯᠳᠠ ᠳᠠᠯᠪᠢᠬᠤ ᠳᠤᠭᠳᠠᠯᠴᠠᠭ᠎ᠠ ᠶᠢ ᠳᠡᠭᠦᠯᠳᠡᠷᠵᠢᠭᠦᠯᠥᠨ᠎ᠡ᠃ ᠵᠠᠰᠠᠭ ᠤᠨ ᠤᠷᠳᠤᠨ ᠤ ᠡᠭᠦᠷᠭᠡ ᠬᠠᠷᠢᠭᠤᠴᠠᠯᠭ᠎ᠠ ᠶᠢᠨ ᠲᠦᠷᠦᠯ ᠵᠤᠶᠢᠯ ᠪᠠ ᠬᠢᠵᠠᠭᠠᠷᠯᠠᠬᠤ ᠴᠢᠨᠠᠷᠳᠠᠢ ᠭᠦᠢᠴᠡᠳᠭᠡᠯ ᠲᠤᠭ᠎ᠠ ᠶᠢ ᠪᠡᠶᠡᠯᠡᠬᠦᠯᠬᠦ ᠬᠠᠷᠠᠯᠳᠠᠳᠦ ᠬᠠᠷᠢᠭᠤᠴᠠᠯᠭ᠎ᠠ ᠶᠢᠨ ᠲᠦᠷᠢᠮ ᠢ ᠪᠠᠶᠢᠭᠤᠯᠵᠦ᠂ ᠴᠢᠬᠤᠯᠠ ᠶᠡᠭᠡ ᠲᠦᠷᠦᠯ ᠵᠤᠶᠢᠯ ᠶᠢ ᠲᠦᠯᠬᠢᠨ ᠠᠬᠢᠭᠤᠯᠬᠤ ᠲᠤᠭᠳᠠᠯᠴᠠᠭ᠎ᠠ ᠶᠢ ᠪᠦᠷᠢᠨᠰᠢᠬᠦᠯᠵᠦ᠂ ᠡᠯ᠎ᠡ ᠲᠦᠷᠦᠯ ᠤᠨ ᠬᠦᠢᠴᠡᠳᠭᠡᠬᠦ ᠳᠣᠭᠠᠨ  ᠤ ᠪᠠᠶᠡᠯᠡᠭᠳᠡᠬᠦ ᠶᠢ ᠪᠠᠳᠤᠯᠠᠵᠤ᠂ ᠣᠨᠴᠠ ᠶᠡᠭᠡ ᠳᠥᠷᠥᠯ ᠵᠦᠢᠯ ᠪᠠ ᠴᠢᠬᠤᠯᠠ ᠳᠣᠮᠣ ᠢᠨᠵᠧᠨᠧᠷᠢᠩ ᠢ ᠣᠷᠣᠭᠰᠢᠲᠠᠢ ᠶᠠᠪᠣᠭᠳᠠᠭᠤᠯᠤᠨ᠎ᠠ᠃       ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠠᠶᠢᠭᠤᠯᠣᠨ ᠪᠡᠶᠡᠯᠡᠬᠦᠯᠬᠦ ᠢᠷᠡᠭᠡᠳᠥᠢ ᠶᠢᠨ ᠵᠠᠮ ᠰᠠᠷᠠᠭᠤᠯ ᠭᠡᠭᠡᠨ ᠮᠥᠨᠴᠥ ᠡᠭᠦᠷᠭᠡ ᠬᠥᠨᠳᠥ ᠬᠡᠴᠡᠬᠦᠤ ᠪᠠᠶᠢᠨ᠎ᠠ᠃ ᠪᠦᠬᠦ ᠬᠤᠳᠠ ᠶᠢᠨ ᠨᠠᠮ ᠤᠨ ᠭᠡᠰᠢᠭᠦᠳ ᠪᠣᠯᠣᠨ ᠺᠠᠳ᠋ᠷ ᠳᠥᠮᠡᠨ ᠳᠡᠭᠡᠷ᠎ᠡ ᠱᠠᠳᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠪᠣᠳᠣᠯᠭ᠎ᠠ ᠪᠠᠶᠢᠷᠢᠰᠢᠭᠤᠯᠤᠯᠳᠠ ᠶᠢ ᠭᠦᠨᠵᠡᠭᠡᠢ ᠳᠤᠤᠱᠯᠠᠭᠤᠯᠤᠨ ᠬᠡᠷᠡᠭᠵᠢᠭᠦᠯᠵᠥ᠂ ᠳᠡᠰᠪᠦᠷᠢ ᠬᠠᠳᠠᠭᠤᠵᠢᠯᠳᠠᠢ᠂ ᠨᠢᠭᠡ ᠰᠡᠳᠭᠢᠯ ᠨᠢᠭᠡ ᠵᠣᠷᠢᠭ ᠢᠶᠠᠷ ᠬᠤᠯᠠ ᠶᠢ ᠵᠣᠷᠢᠭᠰᠠᠨ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠵᠤ᠂ ᠳᠤᠤᠭᠠᠷᠪᠠᠯ ᠳᠠᠭᠤ ᠨᠢᠭᠡᠳᠡᠢ᠂ ᠳᠤᠭᠳᠠᠷᠪᠠᠯ ᠬᠦᠴᠥ ᠨᠢᠭᠡᠳᠡᠢ᠂ ᠰᠢᠷᠭᠠᠭᠤ ᠳᠡᠮᠡᠴᠡᠵᠥ᠂ ᠭᠠᠷᠮᠠᠭᠠᠶᠢᠯᠠᠨ ᠳᠡᠮᠡᠣᠯᠡᠵᠥ᠂ ᠯᠠᠪᠳᠠᠭᠤᠨ ᠠᠵᠢᠯᠯᠠᠵᠤ᠂ ᠡᠷᠢᠶᠡᠨ ᠬᠤᠳᠠ ᠶᠢᠨ ᠰᠢᠨᠵᠢᠯᠡᠬᠦ ᠣᠬᠠᠭᠠᠨᠴᠢ ᠬᠥᠭᠵᠢᠯᠳᠡ ᠶᠢᠨ ᠰᠢᠨ᠎ᠡ ᠳᠦᠷᠢ ᠳᠦᠷᠬᠦ ᠶᠢ ᠳᠠᠰᠤᠷᠠᠯᠳᠠ ᠦᠭᠡᠢ ᠨᠡᠭᠡᠭᠡᠨ ᠬᠥᠭᠵᠢᠭᠦᠯᠵᠥ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠣᠨ ᠪᠠᠶᠡᠯᠡᠭᠦᠯᠬᠦ ᠡᠭᠦᠷᠭᠡ ᠶᠢ ᠲᠦᠷᠦᠭᠦᠯᠡᠨ ᠪᠡᠶᠡᠯᠡᠬᠦᠯᠬᠦ ᠪᠠᠷ ᠬᠦᠴᠥ ᠮᠡᠳᠡᠨ ᠴᠢᠷᠮᠠᠶᠢᠵᠠᠭᠠᠶ᠎ᠠ︕
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号