2018 ᠣᠨ ᠤ ᠣᠯᠣᠰ ᠤᠨ ᠰᠢᠯᠭᠠᠯᠳᠠ ᠳᠤ ᠡᠷᠢᠶᠡᠨ ᠬᠤᠲᠠ ᠶᠢᠨ ᠮᠣᠩᠭᠤᠯ‌ᠦᠨᠳᠣᠰᠣᠳᠡᠨ ᠤ ᠳᠣᠮᠳᠠᠳᠦ ᠰᠣᠷᠭᠠᠭᠤᠯᠢ ᠶᠢᠨ ᠰᠣᠷᠣᠭᠴᠢ ᠬᠤᠩᠭᠤᠷᠵᠣᠯᠠ ᠮᠣᠩᠭᠤᠯ ᠬᠡᠯᠡ ᠪᠠᠨ 139 ᠬᠤᠪᠢ ᠰᠢᠯᠭᠠᠵᠦ᠂ ᠪᠦᠬᠦ ᠣᠷᠣᠨ ᠳᠤ ᠳᠡᠷᠢᠬᠦᠯᠡᠪᠡ
ᠨᠡᠶᠢᠲᠡᠯᠡᠭᠰᠡᠨ ᠴᠠᠭ᠄
2018/6/26
       ᠬᠤᠩᠭᠤᠷᠵᠣᠯᠠ ᠪᠣᠯ ᠰᠦᠨᠢᠳ ᠵᠡᠬᠦᠨ ᠬᠤᠰᠢᠭᠤᠨ ᠤ ᠬᠤᠩᠭᠤᠷ ᠰᠣᠮᠣᠨ ᠳᠤ ᠨᠣᠳᠤᠭ ᠲᠠᠢ᠃ ᠬᠠᠷᠠᠬᠠᠨ ᠪᠠᠭ᠎ᠠ ᠠᠴᠠ ᠪᠠᠨ ᠬᠦᠳᠡᠭᠡ ᠶᠢᠨ ᠠᠮᠢᠳᠣᠷᠠᠯ ᠳᠤ ᠪᠣᠪᠠᠶᠢᠯᠠᠭᠳᠠᠨ᠂ ᠬᠤᠷᠠᠭ᠎ᠠ ᠳᠣᠭᠤᠯ ᠲᠠᠢ ᠬᠠᠮᠳᠦ ᠳᠣᠭᠯᠠᠵᠦ ᠦᠰᠦᠭᠰᠡᠨ ᠳᠡᠬᠦᠨ ᠳᠤ ᠮᠣᠩᠭᠤᠯ ᠠᠬᠤᠢ ᠠᠮᠢᠳᠣᠷᠠᠯ  ᠶᠠᠭᠠᠬᠢᠬᠤ ᠶᠢᠨ ᠠᠷᠭ᠎ᠠ ᠦᠭᠡᠢ  ᠳᠠᠨᠢᠯ ᠳᠠᠰᠣᠯ  ᠪᠠᠶᠢᠳᠠᠭ᠃  ᠡᠳᠡᠬᠡᠷ ᠨᠢ  ᠳᠡᠬᠦᠨ ᠳᠤ ᠮᠣᠩᠭᠤᠯ ᠰᠡᠳᠬᠢᠮᠵᠢ ᠶᠢ  ᠪᠦᠷᠢᠯᠳᠦᠬᠦᠯᠵᠦ᠂ ᠮᠣᠩᠭᠤᠯ ᠣᠬᠠᠭᠠᠨ ᠰᠠᠭᠤᠬᠤ ᠳᠤ ᠰᠠᠭᠤᠷᠢ ᠶᠢ ᠳᠠᠯᠪᠢᠭᠰᠠᠨ ᠶᠤᠮ᠃
      ᠰᠣᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠵᠦ ᠣᠷᠣᠭᠰᠠᠨ ᠳᠡᠷᠡ ᠡᠳᠦᠷ ᠠᠴᠠ ᠡᠬᠢᠯᠡᠨ᠂ ᠬᠤᠩᠭᠤᠷᠵᠣᠯᠠ ᠰᠣᠷᠣᠯᠭ᠎ᠠ ᠬᠢᠴᠢᠶᠡᠯ ᠳᠡᠭᠡᠨ ᠰᠢᠮᠳᠠᠵᠦ᠂  ᠪᠠᠭᠰᠢ ᠰᠣᠷᠣᠭᠴᠢ   ᠳᠤ ᠪᠠᠨ ᠬᠦᠷᠢᠶᠡᠯᠡᠯ ᠲᠠᠢ᠂ ᠠᠪᠤ ᠡᠵᠢ ᠶᠢᠨ ᠢᠶᠠᠨ ᠣᠮᠣᠭᠰᠢᠯ  ᠪᠣᠯᠣᠭᠰᠠᠨ ᠰᠠᠶᠢᠨ ᠰᠣᠷᠣᠭᠴᠢ ᠪᠣᠯᠣᠭᠰᠠᠭᠠᠷ ᠢᠷᠡᠪᠡ᠃ ᠳᠣᠮᠳᠠᠳᠦ ᠰᠣᠷᠭᠠᠭᠤᠯᠢ ᠳᠤ ᠣᠷᠣᠭᠰᠠᠨ ᠤ ᠳᠠᠷᠠᠭ᠎ᠠ ᠳᠡᠬᠦᠨ ᠤ ᠰᠣᠷᠣᠯᠭ᠎ᠠ ᠶᠢᠨ ᠬᠢᠷᠢ ᠪᠦᠳᠦᠮᠵᠢ ᠨᠢ ᠠᠩᠬᠢ ᠨᠠᠶᠢᠳᠠ ᠳᠡᠭᠡᠨ ᠣᠷᠦᠶᠢᠯᠠᠵᠦ ᠡᠬᠢᠯᠡᠭᠰᠡᠨ ᠪᠦᠭᠡᠳ ᠪᠣᠰᠣᠳ ᠳᠠᠯ᠎ᠠ ᠶᠢᠨ ᠣᠷ᠎ᠠ ᠠᠪᠢᠶᠡᠰ ᠢᠶᠠᠨ ᠬᠦᠭᠵᠢᠬᠦᠯᠬᠦ  ᠨᠦᠬᠦᠴᠡᠯ ᠪᠦᠷᠢᠯᠳᠦᠭᠰᠡᠨ ᠪᠠᠶᠢᠨ᠎ᠠ ᠃ ᠳᠠᠮᠢᠷ᠂ ᠪᠦᠵᠢᠭ᠂ ᠳᠠᠭᠤᠣ᠂ ᠰᠢᠯᠦᠭ᠂ ᠬᠦᠳᠦᠯᠣᠭ᠍ᠴᠢ ᠵᠡᠷᠭᠡ ᠣᠯᠠᠨ ᠲᠠᠯ᠎ᠠ ᠶᠢᠨ ᠣᠷ᠎ᠠ ᠠᠪᠢᠶᠠᠰ ᠲᠠᠢ ᠪᠦᠬᠡᠳ ᠰᠣᠷᠭᠠᠭᠤᠯᠢ ᠪᠠ ᠠᠩᠬᠢ ᠶᠢᠨ ᠡᠯ᠎ᠡ ᠵᠦᠢᠯ ᠤᠨ ᠬᠦᠳᠡᠯᠭᠡᠭᠡᠨ ᠳᠤ ᠢᠳᠡᠪᠬᠢᠯᠡᠨ ᠣᠷᠣᠯᠴᠠᠳᠠᠭ᠃ ᠡᠨᠡ ᠨᠢ ᠣᠳᠣ  ᠶᠢᠨ ᠵᠠᠷᠢᠮ ᠬᠡᠷ ᠤᠨ ᠠᠬᠠᠮᠠᠳ ᠤᠨ  ᠭᠠᠭᠴᠠ ᠰᠣᠷᠣᠯᠭ᠎ᠠ ᠶᠢ ᠬᠦᠬᠡᠬᠡᠴᠡᠯᠳᠦᠬᠡᠳ᠂ ᠪᠣᠰᠣᠳ ᠵᠦᠢᠯ ᠰᠣᠷᠣᠯᠭ᠎ᠠ  ᠶᠢᠨ ᠰᠠᠭᠠᠳ  ᠪᠣᠯᠣᠨ᠎ᠠ ᠬᠡᠬᠦ ᠦᠵᠡᠯᠲᠠ ᠶᠢ ᠬᠦᠴᠦᠲᠠᠢ ᠨᠢᠴᠣᠭᠠᠭᠰᠠᠨ ᠪᠠᠶᠢᠨ᠎ᠠ᠃       ᠬᠤᠩᠭᠤᠷᠵᠣᠯᠠ ᠰᠣᠷᠭᠠᠭᠤᠯᠢ ᠶᠢᠨ ᠢᠶᠠᠨ ︽ᠣᠨᠠᠭᠠᠨ ᠦᠣᠷᠰᠡᠭᠡ ᠣᠳᠬ᠎ᠠ ᠵᠣᠬᠢᠶᠠᠯ ᠤᠨ ᠨᠠᠶᠢᠬᠡᠮᠯᠢᠭ︾  ᠤᠨ ᠳᠡᠷᠢᠬᠦᠯᠡᠭᠴᠢ᠂ ᠰᠣᠷᠭᠠᠭᠤᠯᠢ᠂ ᠬᠤᠲᠠ᠂ ᠠᠶᠢᠮᠠᠭ᠂ ᠣᠷᠣᠨ ᠤ ᠳᠠᠭᠤᠣ ᠪᠦᠵᠢᠭ᠂ ᠶᠠᠷᠢᠶ᠎ᠠ ᠢᠯᠡᠳᠬᠡᠯ᠂ ᠬᠦᠳᠦᠯᠦᠭᠴᠢ ᠶᠢᠨ ᠣᠷᠣᠯᠳᠣᠭᠠᠨ ᠳᠤ ᠣᠷᠣᠯᠴᠠᠵᠦ ᠡᠩᠬᠡᠷ ᠳᠦᠬᠦᠷᠡᠩ ᠮᠧᠳᠠᠯ ᠢᠶᠠᠷ ᠱᠠᠩᠨᠠᠭᠤᠯᠵᠦ ᠪᠠᠶᠢᠭᠰᠠᠨ᠃ ᠣᠳᠣ ᠳᠡᠷᠡ ᠰᠣᠷᠭᠠᠭᠤᠯᠢ ᠪᠠᠨ ᠳᠦᠯᠦᠬᠡᠯᠡᠨ ᠰᠣᠷᠭᠠᠭᠤᠯᠢ ᠶᠢᠨ ᠢᠶᠠᠨ ᠪᠦᠵᠢᠭ ᠤᠨ ᠪᠦᠯᠬᠦᠮ ᠲᠠᠢ ᠪᠠᠨ ᠬᠠᠮᠳᠦ ᠰᠢᠯᠢ ᠶᠢᠨ ᠬᠤᠳᠠ ᠳᠤ ᠶᠠᠪᠣᠭᠳᠠᠬᠤ ᠣᠷᠠᠯᠢᠭ ᠤᠨ ᠨᠠᠶᠢᠷ ᠲᠤ ᠪᠡᠯᠡᠳᠬᠡᠨ ᠶᠠᠭᠠᠷᠠᠵᠦ ᠪᠠᠶᠢᠨ᠎ᠠ᠃
       ᠬᠠᠮᠤᠭ ᠰᠡᠬᠦᠯ ᠳᠤ ᠬᠤᠩᠭᠤᠷᠵᠣᠯᠠ ᠶᠢᠨ ᠢᠶᠠᠨ ᠶᠡᠭᠡ ᠰᠣᠷᠭᠠᠭᠤᠯᠢ ᠶᠢᠨ ᠠᠮᠢᠳᠣᠷᠠᠯ ᠢᠶᠠᠨ ᠨᠡᠩ ᠣᠳᠬ᠎ᠠ ᠠᠭᠤᠯᠭ᠎ᠠ ᠲᠠᠢ  ᠂ ᠪᠠᠶᠠᠷ ᠬᠦᠷ ᠲᠠᠢ ᠦᠩᠬᠡᠷᠡᠬᠡᠵᠦ᠂ ᠰᠣᠷᠣᠯᠭ᠎ᠠ ᠶᠢᠨ ᠨᠠᠩ ᠦᠨᠳᠣᠷ ᠠᠮᠵᠢᠯᠲᠠ ᠣᠯᠬᠤ ᠶᠢ ᠬᠦᠰᠡᠶ᠎ᠡ︕  
                       
         ᠬᠤᠩᠭᠤᠷᠵᠣᠯᠠ ᠶᠢᠨ ᠦᠨᠦᠳᠦᠷ ᠤᠨ ᠣᠯᠣᠭᠰᠠᠨ‌ᠠᠮᠵᠢᠯᠲᠠ ᠨᠢ ᠳᠡᠬᠦᠨ ᠤ ᠠᠴᠢᠳᠦ ᠪᠠᠭᠰᠢ ᠶᠢᠨ ᠴᠦᠬᠦᠷᠡᠰᠢ ᠦᠭᠡᠢ ᠴᠢᠷᠮᠠᠶᠢᠯᠭ᠎ᠠ ᠠᠴᠠ ᠰᠠᠯᠵᠦ ᠪᠣᠯᠣᠰᠢ ᠦᠭᠡᠢ ᠨᠢ ᠭᠠᠷᠴᠠᠭ᠎ᠠ ᠦᠭᠡᠢ᠃ ᠮᠣᠩᠭᠤᠯ ᠬᠡᠯᠡᠨ ᠤ ᠪᠠᠭᠰᠢ ᠬᠡᠬᠡᠨᠳᠠᠨ᠎ᠠ ᠪᠣᠯ ᠰᠢᠯᠣᠭᠤᠨ ᠬᠦᠭᠡ ᠨᠣᠳᠤᠭ ᠲᠠᠢ᠂ 2014 ᠣᠨ ᠳᠤ ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠠᠴᠠ ᠳᠡᠬᠦᠰᠴᠦ᠂ ᠳᠣᠰ ᠵᠢᠯ ᠳᠡᠭᠡᠨ ᠡᠷᠢᠶᠡᠨ ᠬᠤᠲᠠ ᠶᠢᠨ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ ᠳᠤ ᠠᠵᠢᠯ ᠤᠨ ᠭᠠᠷᠤᠭ᠎ᠠ ᠪᠠᠨ ᠠᠪᠴᠦ ᠶᠠᠪᠣᠭ᠎ᠠ ᠵᠠᠯᠠᠭᠤ ᠪᠠᠭᠰᠢ ᠪᠣᠯᠣᠨ᠎ᠠ᠃ ᠠᠵᠢᠯ ᠤᠨ ᠪᠠᠶᠢᠷᠢ ᠳᠡᠭᠡᠷ᠎ᠡ ᠭᠠᠷᠴᠦ ᠳᠦᠷᠪᠡᠬᠡᠨ ᠵᠢᠯ ᠪᠣᠯᠵᠦ ᠪᠠᠶᠢᠭ᠎ᠠ᠂ 90 ᠬᠤᠶᠢᠴᠢᠰ  ᠪᠣᠯᠣᠭᠰᠠᠨ ᠵᠠᠯᠠᠭᠤ ᠪᠠᠭᠰᠢ ᠳᠤ ᠡᠨᠡ ᠶᠡᠭᠡ ᠠᠮᠵᠢᠯᠲᠠ ᠠᠷᠠᠢ ︽ᠳᠡᠩᠴᠡᠮᠡᠷ ᠦᠭᠡᠢ  ︾ ᠰᠠᠨᠠᠭᠳᠠᠭᠰᠠᠨ ᠴᠦ᠂  ᠳᠣᠬᠠᠶᠢᠯᠠᠭᠰᠠᠨ ᠠᠵᠢᠯ   ᠳᠠᠭᠠᠨ ᠴᠠᠭᠠᠷᠠᠵᠦ᠂ ᠬᠠᠰᠢᠷ ᠰᠠᠭᠤᠭᠰᠠᠨ ᠪᠠᠶᠢᠳᠠᠯ ᠠᠴᠠ ᠨᠢ ᠬᠡᠴᠢᠨᠠᠬᠡᠨ ᠶᠡᠭᠡ ᠨᠦᠷᠢ ᠬᠦᠳᠡᠯᠮᠣᠷᠢ ᠵᠠᠷᠣᠴᠠᠭᠤᠯᠣᠭᠰᠠᠨ ᠬᠡᠳᠡᠭ ᠢ ᠨᠢ ᠣᠯᠵᠦ ᠮᠡᠳᠡᠨ᠎ᠡ᠃  ᠵᠠᠯᠠᠭᠤ ᠨᠠᠰᠦ ᠬᠡᠵᠦ ᠶᠠᠭᠤ ᠶᠢ ᠴᠦ ᠬᠢᠵᠦ ᠴᠢᠳᠠᠳᠠᠭ᠂ ᠶᠠᠭᠤ ᠶᠢ ᠴᠦ ᠪᠦᠳᠦᠬᠡᠵᠦ ᠴᠢᠳᠠᠳᠠᠭ ᠨᠠᠰᠦ ᠪᠣᠯᠣᠨ᠎ᠠ᠂ ᠬᠡᠬᠡᠨᠳᠠᠨ᠎ᠠ  ᠪᠠᠭᠰᠢ ᠰᠢᠭ᠋ ᠦᠢ ᠣᠯᠠᠨ ᠵᠠᠯᠠᠭᠤᠴᠣᠳ ᠮᠠᠷᠭᠠᠰᠢ ᠶᠢᠨ ᠨᠠᠷᠠ ᠶᠢ ᠡᠷᠬᠦᠵᠦ ᠶᠠᠪᠣᠭ᠎ᠠ ᠴᠠᠭ ᠲᠤ ᠮᠣᠩᠭᠤᠯ ᠰᠣᠶᠣᠯ ᠤᠨ ᠢᠷᠡᠬᠡᠳᠦᠢ ᠯᠠᠪᠲᠠᠢ ᠬᠡᠬᠡᠨ ᠰᠠᠷᠠᠭᠤᠯ ᠪᠣᠯᠬᠤ ᠨᠢ ᠡ︕
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号