ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠨᠠᠰᠤᠵᠢᠯ ᠤᠨᠳᠠᠭᠠᠳᠬᠠᠯ ᠤᠨ ᠲᠦᠷᠦ ᠶᠢᠨ ᠪᠤᠳᠤᠯᠭ᠎ᠠ ᠶᠢᠨ ᠠᠰᠠᠭᠤᠯᠳᠠ ᠬᠠᠷᠢᠭᠤᠯᠳᠠ
ᠨᠡᠶᠢᠲᠡᠯᠡᠭᠰᠡᠨ ᠴᠠᠭ᠄
2018/6/27
     ⒈ ᠬᠤᠲᠠ ᠬᠦᠳᠡᠭᠡ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠦᠨᠳᠦᠰᠦᠨ ᠵᠠᠷᠴᠢᠮ ᠨᠢ ᠶᠠᠭᠤ ᠪᠤᠢ︖      ᠬᠠᠷᠢᠭᠤᠯᠳᠠ᠄ ︽ᠪᠦᠬᠦᠳᠡ  ᠶᠢ ᠪᠦᠷᠬᠦᠬᠦᠯᠬᠦ᠂ ᠦᠨᠳᠦᠰᠦᠨ  ᠢ ᠪᠠᠳᠤᠯᠠᠬᠤ᠂ ᠬᠠᠷᠢᠮᠠᠬᠠᠢ ᠴᠢᠨᠠᠷ ᠲᠠᠢ ᠪᠠᠶᠢᠬᠤ᠂ ᠦᠷᠬᠦᠯᠵᠢᠯᠡᠯ ᠲᠠᠢ ᠪᠠᠶᠢᠬᠤ︾ ᠦᠨᠳᠦᠰᠦᠨ ᠵᠠᠷᠴᠢᠮ  ᠢ ᠪᠠᠷᠢᠮᠳᠠᠯᠠᠨ᠎ᠠ᠃      ⒉ᠬᠤᠲᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠲᠦᠷᠢᠮ  ᠤᠨ ᠡᠬᠦᠷᠭᠡ ᠬᠠᠷᠠᠯᠳᠠ ᠨᠢ ᠶᠠᠭᠤ ᠪᠤᠢ︖      ᠬᠠᠷᠢᠭᠤᠯᠳᠠ᠄ ᠨᠡᠶᠢᠭᠡᠮ  ᠤᠨ ᠨᠢᠭᠡᠳᠦᠯᠲᠡᠢ ᠲᠦᠯᠦᠪᠵᠢᠬᠦᠯᠭᠡ ᠪᠠ ᠬᠤᠪᠢ ᠬᠦᠮᠦᠨ  ᠤ ᠳᠠᠩᠰᠠ  ᠶᠢ ᠬᠠᠷᠢᠯᠴᠠᠨ ᠤᠶᠠᠯᠳᠤᠭᠤᠯᠬᠤ ᠲᠦᠷᠢᠮ ᠳᠤᠭᠳᠠᠭᠠᠯ  ᠤᠨ ᠵᠠᠭᠪᠤᠷ  ᠢ ᠳᠡᠬᠦᠯᠳᠡᠷᠵᠢᠬᠦᠯᠵᠦ ᠪᠠᠷᠢᠮᠳᠠᠯᠠᠨ᠂ ᠬᠤᠪᠢ ᠬᠦᠮᠦᠨ ᠰᠦᠢᠳᠭᠡᠯ ᠳᠤᠰᠢᠶᠠᠬᠤ᠂ ᠬᠠᠮᠳᠤ ᠨᠡᠶᠢᠳᠡ  ᠠᠴᠠ ᠳᠤᠰᠠᠯᠠᠨ ᠨᠦᠬᠦᠪᠦᠷᠢᠯᠡᠬᠦ᠂ ᠵᠠᠰᠠᠭ  ᠤᠨ ᠤᠷᠳᠤᠨ  ᠠᠴᠠ ᠨᠦᠬᠦᠪᠦᠷᠢᠯᠡᠬᠦ  ᠶᠢ ᠬᠠᠷᠢᠯᠴᠠᠨ ᠤᠶᠠᠯᠳᠤᠭᠤᠯᠤᠭᠰᠠᠨ ᠪᠡᠯᠡ ᠮᠦᠩᠬᠦᠨ  ᠤ ᠬᠤᠷᠠᠮᠳᠤᠭᠤᠯᠭ᠎ᠠ ᠶᠢᠨ ᠵᠠᠮ ᠢ ᠦᠷᠭᠡᠳᠭᠡᠨ ᠪᠠᠳᠤᠳᠬᠠᠵᠤ᠂ ᠰᠠᠭᠤᠷᠢ ᠠᠰᠠᠷᠠᠮᠵᠢ  ᠶᠢᠨ ᠮᠦᠩᠬᠦ ᠬᠢᠭᠡᠳ ᠬᠤᠪᠢ ᠬᠦᠮᠦᠨ  ᠤ ᠳᠠᠩᠰᠠᠨ ᠳᠠᠬᠢ ᠠᠰᠠᠷᠠᠮᠵᠢ  ᠶᠢᠨ ᠮᠦᠩᠬᠦ ᠬᠠᠷᠢᠯᠴᠠᠨ ᠤᠶᠠᠯᠳᠤᠭᠰᠠᠨ ᠬᠦᠷᠳᠡᠭᠡᠮᠵᠢ ᠤᠯᠭᠤᠬᠤ ᠲᠦᠷᠦ  ᠶᠢᠨ ᠪᠤᠳᠤᠯᠭ᠎ᠠ  ᠶᠢ ᠪᠦᠷᠢᠨᠰᠢᠬᠦᠯᠵᠦ᠂ ᠦᠷᠬᠦᠯᠵᠢ ᠳᠤᠰᠢᠶᠠᠪᠠᠯ ᠢᠯᠡᠬᠦᠦ ᠤᠯᠬᠤ᠂ ᠢᠯᠡᠬᠦᠦ ᠳᠤᠰᠢᠶᠠᠪᠠᠯ ᠢᠯᠡᠬᠦᠦ ᠤᠯᠬᠤ ᠤᠷᠮᠠᠰᠢᠭᠤᠯᠬᠤ ᠳᠤᠭᠳᠠᠯᠴᠠᠭ᠎ᠠ  ᠶᠢ ᠴᠢᠩᠭᠠᠳᠬᠠᠨ᠂ ᠬᠤᠳᠠ ᠬᠦᠳᠡᠭᠡ ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ ᠪᠤᠯᠤᠨ ᠬᠤᠳᠠ ᠪᠠᠯᠭᠠᠰᠤᠨ  ᠤ ᠠᠵᠢᠯᠳᠠᠨ ᠠᠵᠢᠯᠴᠢᠨ  ᠤ ᠦᠨᠳᠦᠰᠦᠨ ᠨᠠᠰᠤᠵᠢᠯ  ᠤᠨ ᠳᠠᠭᠠᠳᠬᠠᠯ  ᠤᠨ ᠲᠦᠷᠢᠮ ᠳᠤᠭᠳᠠᠭᠠᠯ  ᠢ ᠪᠦᠳᠦᠮᠵᠢᠲᠡᠢ ᠪᠠᠷ ᠵᠠᠯᠭᠠᠯᠳᠤᠭᠤᠯᠬᠤ  ᠶᠢ ᠪᠡᠶᠡᠯᠡᠬᠦᠯᠦᠨ᠂ ᠳᠤᠤᠷ ᠰᠦᠯᠵᠢᠶᠡᠨ  ᠤ ᠦᠢᠯᠡᠴᠢᠯᠡᠭᠡ  ᠶᠢ ᠡᠷᠡᠬᠦᠯᠵᠢᠬᠦᠯᠵᠦ ᠳᠡᠬᠦᠯᠳᠡᠷᠵᠢᠬᠦᠯᠦᠨ ᠬᠠᠮᠢᠶᠠᠷᠤᠯᠳᠠ  ᠶᠢᠨ ᠲᠦᠪᠰᠢᠨ  ᠢᠶᠠᠨ ᠳᠡᠭᠡᠭᠰᠢᠯᠡᠬᠦᠯᠦᠨ ᠳᠠᠭᠠᠳᠬᠠᠯ  ᠳᠤ ᠤᠷᠤᠯᠴᠠᠬᠤ ᠰᠠᠭᠤᠭᠠᠯᠢ ᠠᠷᠠᠳ  ᠲᠤ ᠲᠦᠬᠦᠮ ᠲᠦᠷᠭᠡᠨ ᠦᠢᠯᠡᠴᠢᠯᠡᠭᠡ ᠬᠠᠩᠭᠠᠨ᠎ᠠ᠃      ⒊ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠡᠶᠢᠭᠡᠮ  ᠤᠨ ᠨᠠᠰᠤᠵᠢᠯ  ᠤᠨ ᠳᠠᠭᠠᠳᠬᠠᠯ  ᠳᠤ ᠤᠷᠤᠯᠴᠠᠬᠤ ᠬᠦᠷᠢᠶ᠎ᠡ ᠬᠡᠪᠴᠢᠶ᠎ᠡ︖      ᠬᠠᠷᠢᠭᠤᠯᠳᠠ᠄ ᠪᠦᠬᠦᠯᠢ 16 ᠨᠠᠰᠤ ︵ᠰᠤᠷᠭᠠᠭᠤᠯᠢ  ᠳᠤ ᠰᠠᠭᠤᠭ᠎ᠠ ᠰᠤᠷᠤᠭᠴᠢ  ᠶᠢ ᠪᠠᠭᠳᠠᠭᠠᠬᠤ ᠦᠬᠡᠢ︶ ᠬᠦᠷᠦᠭᠰᠡᠨ᠂ ᠤᠯᠤᠰ  ᠤᠨ ᠠᠯᠪᠠᠨ ᠪᠠᠶᠢᠭᠤᠯᠭ᠎ᠠ᠂ ᠠᠵᠢᠯ ᠦᠢᠯᠡᠰ  ᠤᠨ ᠨᠢᠭᠡᠴᠡ ᠶᠢᠨ ᠠᠵᠢᠯᠳᠠᠨ ᠪᠤᠰᠤ ᠵᠢᠴᠢ ᠠᠵᠢᠯᠳᠠᠨ ᠠᠵᠢᠯᠴᠢᠨ  ᠤ ᠦᠨᠳᠦᠰᠦᠨ ᠨᠠᠰᠤᠵᠢᠯ  ᠤᠨ ᠳᠠᠭᠠᠳᠬᠠᠯ ᠤᠨ ᠲᠦᠷᠢᠮ  ᠤᠨ ᠪᠦᠷᠬᠦᠴᠡ  ᠶᠢᠨ ᠬᠡᠪᠴᠢᠶᠡᠨ  ᠳᠤ   ᠪᠠᠭᠳᠠᠬᠤ ᠦᠬᠡᠢ ᠬᠤᠳᠠ ᠬᠦᠳᠡᠭᠡ  ᠶᠢᠨ ᠰᠠᠭᠤᠭᠠᠯᠢ ᠠᠷᠠᠳ ᠡᠷᠦᠬᠡ ᠠᠮᠠ ᠪᠠᠶᠢᠭ᠎ᠠ ᠭᠠᠵᠠᠷ  ᠲᠤ ᠪᠠᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠣᠵᠢᠯ  ᠤᠨ ᠳᠠᠭᠠᠳᠬᠠᠯ  ᠳᠤ ᠤᠷᠤᠯᠴᠠᠵᠤ ᠪᠤᠯᠤᠨ᠎ᠠ     ⒋ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠡᠶᠢᠭᠡᠮ  ᠤᠨ ᠨᠠᠰᠤᠵᠢᠯ  ᠤᠨ ᠳᠠᠭᠠᠳᠬᠠᠯ  ᠳᠤ ᠬᠡᠷᠬᠢᠨ ᠤᠷᠤᠯᠴᠠᠬᠤ ᠪᠤᠢ︖      ᠬᠠᠷᠢᠭᠤᠯᠳᠠ᠄ ᠨᠦᠬᠦᠴᠡᠯ  ᠳᠤ ᠨᠡᠶᠢᠴᠡᠭᠰᠡᠨ ᠬᠤᠲᠠ ᠬᠦᠳᠡᠭᠡ  ᠶᠢᠨ ᠰᠠᠭᠤᠭᠠᠯᠢ ᠠᠷᠠᠳ ᠡᠷᠦᠬᠡ ᠠᠮᠠ  ᠶᠢᠨ ᠳᠡᠪᠳᠡᠷ ᠪᠤᠯᠤᠨ ᠰᠠᠭᠤᠭᠠᠯᠢ ᠠᠷᠠᠳ  ᠤᠨ ᠪᠡᠶ᠎ᠡ  ᠶᠢᠨ ᠦᠨᠡᠮᠯᠡᠯ  ᠤᠨ ᠤᠭ ᠵᠠᠭᠪᠤᠷ ᠪᠤᠯᠤᠨ ᠬᠠᠭᠤᠯᠪᠤᠷᠢ ᠬᠡᠪᠯᠡᠯ ᠵᠢᠴᠢ ᠨᠢᠭᠡ ᠢᠮᠠᠬᠤ  ᠶᠢᠨ ᠮᠠᠯᠠᠭᠠᠢ ᠦᠬᠡᠢ ᠦᠩᠭᠡᠳᠦ ᠰᠡᠬᠦᠳᠡᠷ 3 ᠬᠤᠪᠢ ᠠᠪᠴᠤ ᠡᠷᠢᠶᠡᠨ ᠬᠤᠳᠠ  ᠶᠢᠨ ᠵᠠᠰᠠᠭ  ᠤᠨ ᠶᠠᠪᠤᠳᠠᠯ  ᠤᠨ ᠦᠢᠯᠡᠴᠢᠯᠡᠭᠡᠨ  ᠤ ᠲᠦᠪ  ᠤᠨ ᠨᠠᠰᠤᠵᠢᠯ  ᠤᠨ ᠳᠠᠭᠠᠳᠬᠠᠯ  ᠤᠨ ᠴᠤᠩᠬᠤᠨ ᠳᠤ ᠬᠦᠷᠴᠦ  ᠳᠠᠭᠠᠳᠬᠠᠯ  ᠳᠤ ᠤᠷᠤᠯᠴᠠᠬᠤ ᠡᠷᠬᠦᠳᠡᠯ  ᠢᠶᠠᠨ ᠳᠡᠪᠰᠢᠬᠦᠯᠵᠦ᠂ ᠰᠦᠢᠳᠭᠡᠯ ᠬᠤᠷᠢᠶᠠᠬᠤ ᠳᠡᠰ  ᠢᠶᠠᠨ ᠰᠤᠩᠭᠤᠨ ︽ᠳᠠᠭᠠᠳᠬᠠᠯ  ᠳᠤ ᠤᠷᠤᠯᠴᠠᠬᠤ ᠪᠦᠷᠢᠳᠭᠡᠯ  ᠤᠨ ᠬᠦᠰᠦᠨᠦᠭ︾  ᠢ ᠳᠠᠭᠯᠠᠨ ᠳᠠᠭᠠᠳᠬᠠᠯ  ᠳᠤ ᠤᠷᠤᠯᠴᠠᠬᠤ ᠭᠠᠷ ᠬᠦᠢᠴᠡᠳᠭᠡᠯ ᠬᠢᠨ᠎ᠡ᠃ ᠳᠤᠤᠷ᠎ᠠ ᠪᠠᠳᠤᠯᠭᠠᠳᠤ ᠡᠷᠦᠬᠡ᠂ ᠬᠦᠨᠳᠦ ᠵᠡᠮᠳᠡᠭ ᠬᠦᠮᠦᠰ ᠬᠠᠮᠢᠶ᠎ᠠ ᠪᠦᠬᠦᠢ ᠭᠡᠷᠡᠴᠢ ᠳᠡᠮᠳᠡᠭ  ᠤᠨ ᠮᠠᠲ᠋ᠧᠷᠢᠶᠠᠯ ᠪᠤᠯᠤᠨ ᠬᠠᠭᠤᠯᠪᠤᠷᠢ ᠬᠡᠪᠯᠡᠯ  ᠢᠶᠠᠨ ᠬᠠᠮᠳᠤ  ᠳᠤ ᠨᠢ ᠬᠠᠩᠭᠠᠪᠠᠯ ᠵᠤᠬᠢᠨ᠎ᠠ᠃     ⒌ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠡᠶᠢᠭᠡᠮ  ᠤᠨ ᠨᠠᠰᠤᠵᠢᠯ  ᠤᠨ ᠳᠠᠭᠠᠳᠬᠠᠯ  ᠤᠨ ᠰᠦᠢᠳᠭᠡᠯ ᠳᠤᠰᠢᠶᠠᠬᠤ ᠵᠢᠯ ᠬᠤᠭᠤᠴᠠᠭ᠎ᠠ ᠨᠢ ᠬᠡᠳᠦᠢ ᠪᠤᠢ︖     ᠬᠠᠷᠢᠭᠤᠯᠳᠠ᠄ ᠰᠢᠨ᠎ᠡ ᠬᠡᠯᠪᠡᠷᠢ  ᠶᠢᠨ ᠬᠦᠳᠡᠭᠡ ᠳᠤᠰᠬᠤᠨ  ᠤ ᠨᠡᠶᠢᠭᠡᠮ  ᠤᠨ ᠨᠠᠰᠤᠵᠢᠯ  ᠤᠨ ᠳᠠᠭᠠᠳᠬᠠᠯ᠂ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠢ ᠪᠤᠳᠠᠳᠠᠢ ᠬᠡᠷᠡᠭᠵᠢᠬᠦᠯᠬᠦ ᠡᠳᠦᠷ  ᠠᠴᠠ ᠡᠬᠢᠯᠡᠨ᠂ ᠳᠤᠭᠳᠠᠭᠠᠯ  ᠳᠤ ᠨᠡᠶᠢᠴᠡᠭᠰᠡᠨ ᠳᠠᠭᠠᠳᠬᠠᠯ ᠬᠦᠷᠳᠡᠬᠦ ᠨᠠᠰᠤᠨ  ᠤ ᠵᠠᠢ ᠴᠢᠨᠢ ᠳᠠᠭᠠᠳᠬᠠᠯ ᠳᠤᠰᠢᠶᠠᠭᠰᠠᠨ 15 ᠵᠢᠯ  ᠤᠨ ᠬᠤᠭᠤᠴᠠᠭᠠᠨ  ᠳᠤ ᠪᠠᠨ ᠬᠦᠷᠬᠦ ᠦᠬᠡᠢ ᠪᠤᠯ ᠰᠦᠢᠳᠭᠡᠯ ᠢᠶᠠᠨ ᠵᠢᠯ ᠳᠠᠷᠠᠭᠠᠯᠠᠨ ᠳᠤᠰᠢᠶᠠᠬᠤ ᠬᠡᠷᠡᠭᠳᠡᠢ᠂ ᠨᠦᠬᠦᠪᠦᠷᠢᠯᠡᠨ ᠳᠤᠰᠢᠶᠠᠬᠤ  ᠶᠢ ᠵᠦᠪᠰᠢᠶᠡᠷᠡᠨ᠎ᠡ᠃ ᠨᠡᠶᠢᠳᠡ ᠳᠤᠰᠢᠶᠠᠭᠰᠠᠨ ᠬᠤᠷᠠᠮᠳᠤᠯ ᠬᠤᠭᠤᠴᠠᠭ᠎ᠠ ᠨᠢ 15 ᠵᠢᠯ  ᠠᠴᠠ ᠭᠡᠳᠦᠷᠡᠬᠦ ᠦᠬᠡᠢ᠃ ᠳᠤᠭᠳᠠᠭᠠᠯ  ᠳᠤ ᠨᠡᠶᠢᠴᠡᠭᠰᠡᠨ ᠳᠠᠭᠠᠳᠬᠠᠯ ᠬᠦᠷᠳᠡᠬᠦ ᠨᠠᠰᠤ  ᠨᠢ 15 ᠵᠢᠯ  ᠤᠨ ᠰᠦᠢᠳᠭᠡᠯ ᠳᠤᠰᠢᠶᠠᠬᠤ ᠬᠤᠭᠤᠴᠠᠭ᠎ᠠ  ᠠᠴᠠ ᠪᠠᠨ ᠤᠷᠳᠤ ᠪᠠᠶᠢᠪᠠᠯ ᠵᠢᠯ ᠵᠢᠯ  ᠢᠶᠠᠷ ᠳᠤᠰᠢᠶᠠᠵᠤ ᠂ ᠨᠡᠶᠢᠳᠡ ᠳᠤᠰᠢᠶᠠᠬᠤ ᠬᠤᠭᠤᠴᠠᠭ᠎ᠠ 15 ᠵᠢᠯ  ᠠᠴᠠ ᠳᠤᠤᠷ᠎ᠠ ᠪᠠᠶᠢᠵᠤ ᠪᠤᠯᠬᠤ ᠦᠬᠡᠢ᠃     ⒍ᠰᠦᠢᠳᠭᠡᠯ ᠳᠤᠰᠢᠶᠠᠬᠤ ᠳᠡᠰ  ᠢ ᠬᠡᠷᠬᠢᠨ ᠬᠤᠪᠢᠶᠠᠷᠯᠠᠬᠤ ᠪᠤᠢ︖     ᠬᠠᠷᠢᠭᠤᠯᠳᠠ᠄ ᠬᠤᠪᠢ ᠬᠦᠮᠦᠨ  ᠤ ᠳᠠᠭᠠᠳᠬᠠᠯ  ᠤᠨ ᠰᠦᠢᠳᠭᠡᠯ ᠳᠤᠰᠢᠶᠠᠬᠤ ᠪᠠᠷᠢᠮᠵᠢᠶ᠎ᠠ  ᠶᠢ ᠤᠳᠤᠬᠠᠨ  ᠳᠤ ᠳᠤᠬᠢᠷᠠᠭᠤᠯᠤᠭᠰᠠᠨ ᠢᠶᠠᠷ ᠵᠢᠯ ᠪᠦᠷᠢ 100 ᠲᠦᠬᠦᠷᠢᠭ᠂ 200 ᠲᠦᠬᠦᠷᠢᠭ᠂ 300 ᠲᠦᠬᠦᠷᠢᠭ᠂ 400 ᠲᠦᠬᠦᠷᠢᠭ᠂ 500 ᠲᠦᠬᠦᠷᠢᠭ᠂ 600 ᠲᠦᠬᠦᠷᠢᠭ᠂ 700 ᠲᠦᠬᠦᠷᠢᠭ᠂ 800 ᠲᠦᠬᠦᠷᠢᠭ᠂ 900 ᠲᠦᠬᠦᠷᠢᠭ᠂ 1000 ᠲᠦᠬᠦᠷᠢᠭ᠂ 1500 ᠲᠦᠬᠦᠷᠢᠭ᠂ 2000 ᠲᠦᠬᠦᠷᠢᠭ᠂ 3000 ᠲᠦᠬᠦᠷᠢᠭ ᠳᠤᠰᠢᠶᠠᠬᠤ ᠭᠡᠵᠦ 13 ᠳᠡᠰ ᠬᠤᠪᠢᠶᠠᠵᠠᠢ᠃ ᠳᠠᠭᠠᠳᠬᠠᠯ  ᠳᠤ ᠤᠷᠤᠯᠴᠠᠭᠴᠢ ᠦᠪᠡᠷᠳᠡᠭᠡᠨ ᠰᠦᠢᠳᠭᠡᠯ ᠳᠤᠰᠢᠶᠠᠬᠤ ᠳᠡᠰ  ᠢᠶᠠᠨ ᠰᠤᠩᠭᠤᠵᠤ᠂ ᠵᠢᠯ ᠢᠶᠠᠷ ᠬᠤᠭᠤᠴᠠᠭᠠᠯᠠᠨ ᠰᠦᠢᠳᠭᠡᠯ  ᠢᠶᠠᠨ ᠳᠤᠰᠢᠶᠠᠵᠤ᠂ ᠢᠯᠡᠬᠦᠦ ᠳᠤᠰᠢᠶᠠᠪᠠᠯ ᠢᠯᠡᠬᠦᠦ ᠤᠯᠭᠤᠮᠵᠢ ᠬᠦᠷᠳᠡᠨ᠎ᠡ᠃     ⒎ ᠵᠠᠰᠠᠭ  ᠤᠨ ᠤᠷᠳᠤᠨ  ᠤ ᠨᠦᠬᠦᠪᠦᠷᠢ ᠨᠢ ᠬᠡᠳᠦᠢ ᠪᠤᠢ︖     ᠬᠠᠷᠢᠭᠤᠯᠳᠠ᠄ ᠵᠠᠰᠠᠭ  ᠤᠨ ᠤᠷᠳᠤᠨ  ᠠᠴᠠ  100 — 400 ᠲᠦᠬᠦᠷᠢᠭ  ᠤᠨ ᠳᠡᠰ ᠤᠨ ᠪᠠᠷᠢᠮᠵᠢᠶᠠᠨ  ᠤ ᠰᠦᠢᠳᠭᠡᠯ ᠳᠤᠰᠢᠶᠠᠭᠰᠠᠳ  ᠲᠤ ᠳᠤᠰ ᠪᠦᠷᠢ 30 ᠲᠦᠬᠦᠷᠢᠭ᠂ 35 ᠲᠦᠬᠦᠷᠢᠭ᠂ 40 ᠲᠦᠬᠦᠷᠢᠭ᠂ 45 ᠲᠦᠬᠦᠷᠢᠭ  ᠤᠨ ᠨᠦᠬᠦᠪᠦᠷᠢ ᠤᠯᠭᠤᠵᠤ᠂ 500 — 1000 ᠲᠦᠬᠦᠷᠢᠭ  ᠤᠨ ᠬᠤᠭᠤᠷᠤᠨᠳᠤᠬᠢ ᠳᠡᠰ  ᠤᠨ ᠰᠦᠢᠳᠭᠡᠯ ᠳᠤᠰᠢᠶᠠᠭᠰᠠᠳ  ᠲᠤ 60 ᠲᠦᠬᠦᠷᠢᠭ᠂ 65 ᠲᠦᠬᠦᠷᠢᠭ᠂ 70 ᠲᠦᠬᠦᠷᠢᠭ᠂ 75 ᠲᠦᠬᠦᠷᠢᠭ᠂ 80 ᠲᠦᠬᠦᠷᠢᠭ᠂ 85 ᠲᠦᠬᠦᠷᠢᠭ  ᠤᠨ ᠨᠦᠬᠦᠪᠦᠷᠢ ᠤᠯᠭᠤᠵᠤ᠂ 1500 ᠲᠦᠬᠦᠷᠢᠭ᠂ 2000 ᠲᠦᠬᠦᠷᠢᠭ᠂ 3000 ᠲᠦᠬᠦᠷᠢᠭ  ᠤᠨ ᠬᠤᠭᠤᠷᠤᠨᠳᠤᠬᠢ ᠰᠦᠢᠳᠭᠡᠯ ᠳᠤᠰᠢᠶᠠᠬᠤ ᠳᠡᠰ  ᠢ ᠰᠤᠩᠭᠤᠭᠰᠠᠳ  ᠲᠤ 85 ᠲᠦᠬᠦᠷᠢᠭ  ᠤᠨ ᠨᠦᠬᠦᠪᠦᠷᠢ ᠤᠯᠭᠤᠨ᠎ᠠ᠃ ᠬᠤᠳᠠ ᠬᠦᠳᠡᠭᠡ  ᠶᠢᠨ ᠳᠤᠤᠷ᠎ᠠ ᠪᠠᠳᠤᠯᠭᠠᠳᠤ ᠡᠷᠦᠬᠡ᠂ ᠬᠦᠨᠳᠦ ᠵᠡᠮᠳᠡᠭ ᠬᠦᠮᠦᠨ ᠵᠡᠷᠭᠡ ᠰᠦᠢᠳᠭᠡᠯ ᠳᠤᠰᠢᠶᠠᠬᠤ  ᠳᠤ ᠪᠠᠨ ᠬᠦᠴᠢᠷᠳᠡᠬᠦ ᠭᠡᠰᠡᠭ ᠪᠦᠯᠦᠭ ᠬᠦᠮᠦᠰ  ᠲᠤ ᠵᠠᠰᠠᠭ  ᠤᠨ ᠤᠷᠳᠤᠨ  ᠠᠴᠠ ᠬᠦᠮᠦᠨ ᠪᠦᠷᠢ  ᠳᠤ ᠵᠢᠯ ᠪᠤᠯᠭᠠᠨ 100 ᠲᠦᠬᠦᠷᠢᠭ  ᠤᠨ ᠨᠠᠰᠤᠵᠢᠯ  ᠤᠨ ᠳᠠᠭᠠᠳᠬᠠᠯ  ᠤᠨ ᠰᠦᠢᠳᠭᠡᠯ  ᠢ ᠤᠷᠤᠯᠠᠨ ᠳᠤᠰᠢᠶᠠᠨ᠎ᠠ᠃    ⒏ ᠶᠠᠭᠤ  ᠶᠢ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠬᠤᠪᠢ ᠬᠦᠮᠦᠨ  ᠤ ᠳᠠᠩᠰᠠ ᠭᠡᠬᠦ ᠪᠤᠢ︖    ᠬᠠᠷᠢᠭᠤᠯᠳᠠ᠄ ᠤᠯᠤᠰ  ᠠᠴᠠ ᠳᠠᠭᠠᠳᠬᠠᠯ  ᠳᠤ ᠤᠷᠤᠯᠴᠠᠭᠴᠢ  ᠳᠤ ᠨᠠᠰᠤᠨ ᠳᠤᠷᠰᠢᠳᠠ  ᠶᠢᠨ ᠨᠠᠰᠤᠵᠢᠯ  ᠤᠨ ᠳᠠᠭᠠᠳᠬᠠᠯ  ᠤᠨ ᠳᠡᠮᠳᠡᠭᠯᠡᠯ ᠪᠦᠬᠦᠢ ᠬᠤᠪᠢ ᠬᠦᠮᠦᠨ  ᠤ ᠳᠠᠩᠰᠠ ᠪᠠᠶᠢᠭᠤᠯᠤᠨ᠎ᠠ᠃ ᠬᠤᠪᠢ ᠬᠦᠮᠦᠨ  ᠤ ᠳᠤᠰᠢᠶᠠᠭᠰᠠᠨ᠂ ᠵᠠᠰᠠᠭ  ᠤᠨ ᠤᠷᠳᠤᠨ  ᠠᠴᠠ ᠳᠠᠭᠠᠳᠬᠠᠯ  ᠳᠤ ᠤᠷᠤᠯᠴᠠᠭᠴᠢ ᠶᠢᠨ ᠰᠦᠢᠳᠭᠡᠯ ᠳᠤᠰᠢᠶᠠᠬᠤ ᠳᠤ ᠤᠯᠭᠤᠭᠰᠠᠨ ᠨᠦᠬᠦᠪᠦᠷᠢ ᠪᠤᠯᠤᠨ ᠰᠦᠢᠳᠭᠡᠯ ᠳᠤᠰᠢᠶᠠᠬᠤ  ᠳᠤ ᠪᠠᠨ ᠬᠦᠴᠢᠷᠳᠡᠬᠦ ᠭᠡᠰᠡᠭ ᠪᠦᠯᠦᠭ ᠬᠦᠮᠦᠰ  ᠲᠤ ᠤᠷᠤᠯᠠᠨ ᠳᠤᠰᠢᠶᠠᠭᠰᠠᠨ ᠨᠦᠬᠦᠪᠦᠷᠢ ᠵᠢᠴᠢ ᠬᠠᠮᠳᠤ ᠨᠡᠶᠢᠳᠡ  ᠶᠢᠨ ᠳᠡᠳᠬᠦᠮᠵᠢ ᠪᠤᠯᠤᠨ ᠨᠡᠶᠢᠭᠡᠮ  ᠤᠨ ᠪᠤᠰᠤᠳ ᠠᠵᠤ ᠠᠬᠤᠢ  ᠶᠢᠨ ᠵᠤᠬᠢᠶᠠᠨ ᠪᠠᠶᠢᠭᠤᠯᠤᠯᠳᠠ᠂ ᠨᠡᠶᠢᠳᠡ  ᠶᠢᠨ ᠠᠰᠠᠷᠠᠮᠵᠢ  ᠶᠢᠨ ᠪᠤᠶᠠᠨ  ᠤ ᠵᠤᠬᠢᠶᠠᠨ ᠪᠠᠶᠢᠭᠤᠯᠤᠯᠳᠠ᠂ ᠬᠤᠪᠢ ᠬᠦᠮᠦᠨ ᠠᠴᠠ ᠳᠠᠭᠠᠳᠬᠠᠯ  ᠳᠤ ᠤᠷᠤᠯᠴᠠᠭᠴᠢ  ᠶᠢᠨ ᠰᠦᠢᠳᠭᠡᠯ ᠳᠤᠰᠢᠶᠠᠬᠤ  ᠳᠤ ᠳᠤᠰᠠᠯᠠᠭᠰᠠᠨ ᠮᠦᠩᠬᠦ ᠵᠤᠭᠤᠰ ᠵᠡᠷᠭᠡ  ᠶᠢ ᠪᠦᠬᠦᠨ  ᠢ ᠬᠤᠪᠢ ᠬᠦᠮᠦᠨ  ᠤ ᠳᠠᠩᠰᠠᠨ  ᠳᠤ ᠪᠦᠷᠢᠳᠭᠡᠨ ᠳᠡᠮᠳᠡᠭᠯᠡᠨ᠎ᠡ᠃    ⒐ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ  ᠤᠨ ᠤᠯᠭᠤᠮᠵᠢ ᠨᠢ ᠠᠯᠢ ᠬᠡᠳᠦᠨ ᠳᠠᠯ᠎ᠠ  ᠠᠴᠠ ᠪᠦᠷᠢᠯᠳᠦᠭᠰᠡᠨ ᠪᠤᠢ︖ᠬᠠᠷᠢᠭᠤᠯᠳᠠ᠄ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ  ᠤᠨ ᠠᠰᠠᠷᠠᠮᠵᠢ ᠨᠢ ᠰᠠᠭᠤᠷᠢ ᠨᠠᠰᠤᠵᠢᠯ  ᠤᠨ ᠮᠦᠩᠬᠦ ᠪᠤᠯᠤᠨ ᠬᠤᠪᠢ ᠬᠦᠮᠦᠨ  ᠤ ᠳᠠᠩᠰᠠᠨ ᠳᠠᠬᠢ ᠨᠠᠰᠤᠵᠢᠯ  ᠤᠨ ᠮᠦᠩᠬᠦ ᠭᠡᠬᠦ ᠬᠤᠶᠠᠷ ᠭᠡᠰᠡᠭ ᠢᠶᠠᠷ ᠪᠦᠷᠢᠯᠳᠦᠵᠦ᠂ ᠨᠠᠰᠤᠨ ᠳᠤᠷᠰᠢᠳᠠ ᠤᠯᠭᠤᠨ᠎ᠠ᠃     ⒑ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ ᠤᠨ ᠰᠠᠷ᠎ᠠ  ᠳᠤ ᠪᠠᠨ ᠤᠯᠬᠤ ᠵᠤᠭᠤᠰ  ᠤᠨ ᠳᠤᠭ᠎ᠠ  ᠶᠢ ᠬᠡᠷᠬᠢᠨ ᠪᠤᠳᠤᠬᠤ ᠪᠤᠢ︖     ᠬᠠᠷᠢᠭᠤᠯᠳᠠ᠄ ᠳᠠᠭᠠᠳᠬᠠᠯ  ᠳᠤ ᠤᠷᠤᠯᠴᠠᠭᠴᠢ  ᠶᠢᠨ ᠰᠠᠷ᠎ᠠ  ᠳᠤ ᠪᠠᠨ ᠤᠯᠬᠤ ᠨᠠᠰᠤᠵᠢᠯ  ᠤᠨ ᠮᠦᠩᠬᠦ = ᠰᠠᠭᠤᠷᠢ ᠨᠠᠰᠤᠵᠢᠯ  ᠤᠨ ᠮᠦᠩᠬᠦ + ᠬᠤᠪᠢ ᠬᠦᠮᠦᠨ  ᠤ ᠳᠠᠩᠰᠠᠨ ᠳᠠᠬᠢ ᠨᠠᠰᠤᠵᠢᠯ  ᠤᠨ ᠮᠦᠩᠬᠦ  ᠶᠢᠨ ᠰᠠᠷ᠎ᠠ  ᠶᠢᠨ ᠤᠯᠬᠤ ᠵᠤᠭᠤᠰ ᠤᠨ ᠳᠤᠭ᠎ᠠ᠃ 2016 ᠤᠨ  ᠤ ᠦᠨᠳᠦᠰᠦᠨ ᠨᠠᠰᠤᠵᠢᠯ  ᠤᠨ ᠮᠦᠩᠬᠦ  ᠶᠢ ᠪᠠᠭᠤᠯᠭᠠᠬᠤ ᠪᠠᠷᠢᠮᠵᠢᠶ᠎ᠠ ᠨᠢ 735 ᠲᠦᠬᠦᠷᠢᠭ ︵ᠡᠬᠦᠨ  ᠳᠤ ᠲᠦᠪ  ᠤᠨ ᠡᠳ᠋  ᠤᠨ ᠵᠠᠰᠠᠭ  ᠤᠨ ᠨᠦᠬᠦᠪᠦᠷᠢ 70 ᠲᠦᠬᠦᠷᠢᠭ ᠂ ᠦᠪᠡᠷᠳᠡᠭᠡᠨ ᠵᠠᠰᠠᠬᠤ ᠤᠷᠤᠨ  ᠤ ᠡᠳ᠋  ᠤᠨ ᠵᠠᠰᠠᠭ 10 ᠲᠦᠬᠦᠷᠢᠭ  ᠢ ᠬᠤᠪᠢᠶᠠᠵᠤ ᠡᠬᠦᠷᠭᠡᠯᠡᠨ᠂ ᠪᠤᠰᠤᠳ ᠢ  ᠨᠢ ᠬᠤᠳᠠ  ᠶᠢᠨ ᠡᠳ᠋  ᠤᠨ ᠵᠠᠰᠠᠭ  ᠠᠴᠠ ᠡᠬᠦᠷᠭᠡᠯᠡᠵᠦ ᠪᠤᠢ︶᠃ ᠡᠬᠦᠨ  ᠤ ᠰᠠᠭᠤᠷᠢᠨ ᠳᠡᠭᠡᠷ᠎ᠡ 70 —79 ᠪᠦᠬᠦᠯᠢ ᠨᠠᠰᠤ ᠬᠦᠷᠦᠭᠰᠡᠳ  ᠲᠤ ᠠᠰ  ᠲᠤ ᠨᠢ 10 ᠲᠦᠬᠦᠷᠢᠭ ᠨᠡᠮᠡᠵᠦ᠂ 80 ᠪᠦᠬᠦᠯᠢ ᠨᠠᠰᠣᠨ  ᠠᠴᠠ ᠳᠡᠭᠡᠭᠰᠢ ᠪᠤᠯ ᠠᠰ  ᠲᠤ ᠨᠢ 20 ᠲᠦᠬᠦᠷᠢᠭ ᠨᠡᠮᠡᠨ᠎ᠡ᠃ ᠳᠠᠭᠠᠳᠬᠠᠯ  ᠳᠤ ᠤᠷᠤᠯᠴᠠᠭᠴᠢ 200 ᠲᠦᠬᠦᠷᠢᠭ ᠪᠤᠯᠤᠨ ᠳᠡᠬᠦᠨ ᠠᠴᠠ ᠳᠡᠭᠡᠭᠰᠢᠬᠢ ᠳᠡᠰ  ᠢ ᠰᠤᠩᠭᠤᠭᠰᠠᠨ ᠮᠦᠷᠳᠡᠭᠡᠨ ᠰᠦᠢᠳᠭᠡᠯ ᠳᠤᠰᠢᠶᠠᠭᠰᠠᠨ ᠨᠡᠶᠢᠳᠡ ᠬᠤᠷᠠᠮᠳᠤᠯ ᠬᠤᠭᠤᠴᠠᠭ᠎ᠠ 15 ᠵᠢᠯ  ᠢ ᠭᠡᠳᠦᠷᠡᠪᠡᠯ᠂ ᠢᠯᠡᠬᠦᠦ ᠨᠢᠭᠡ ᠵᠢᠯ ᠳᠤᠰᠢᠶᠠᠬᠤ ᠪᠦᠷᠢ ᠦᠨᠳᠦᠰᠦᠨ ᠨᠠᠰᠤᠵᠢᠯ ᠤᠨ ᠮᠦᠩᠬᠦ 2 ᠲᠦᠬᠦᠷᠢᠭ ᠨᠡᠮᠡᠭᠳᠡᠨ᠎ᠡ᠃ ᠬᠤᠪᠢ ᠬᠦᠮᠦᠨ  ᠤ ᠳᠠᠩᠰᠠᠨ ᠳᠠᠬᠢ ᠨᠠᠰᠤᠵᠢᠯ  ᠤᠨ ᠮᠦᠩᠬᠦ ᠪᠠᠨ ᠠᠪᠬᠤ ᠵᠤᠭᠤᠰ  ᠤᠨ ᠳᠤᠭ᠎ᠠ ᠨᠢ᠄ ᠳᠠᠭᠠᠳᠬᠠᠯ  ᠳᠤ ᠤᠷᠤᠯᠴᠠᠭᠴᠢ 60 ᠪᠦᠬᠦᠯᠢ ᠨᠠᠰᠤ ᠬᠦᠷᠬᠦ ᠦᠶᠡᠰ ᠬᠤᠪᠢ ᠬᠦᠮᠦᠨ  ᠤ ᠳᠠᠩᠰᠠᠨ ᠳᠠᠬᠢ ᠰᠠᠭᠤᠷᠢ ᠮᠦᠩᠬᠦᠨ ᠤ ᠬᠤᠷᠠᠮᠳᠤᠯ  ᠤᠨ ᠶᠡᠷᠦᠩᠬᠡᠢ ᠳᠤᠭ᠎ᠠ /139᠃ᠦᠪᠡᠷᠳᠡᠭᠡᠨ ᠵᠠᠰᠠᠬᠤ ᠤᠷᠤᠨ  ᠤ ᠬᠦᠳᠡᠭᠡ ᠳᠤᠰᠬᠤᠨ ᠮᠠᠯᠵᠢᠬᠤ ᠤᠷᠤᠨ  ᠤ ᠨᠠᠰᠤᠵᠢᠯ  ᠤᠨ ᠳᠠᠭᠠᠳᠬᠠᠯ  ᠤᠨ ᠪᠦᠬᠦᠳᠡ  ᠶᠢ ᠪᠦᠷᠬᠦᠬᠦᠯᠬᠦ ᠢᠨᠵᠧᠨᠧᠷᠢᠩ ᠤᠨ ᠱᠠᠭᠠᠷᠳᠠᠯᠭ᠎ᠠ  ᠶᠢ ᠦᠨᠳᠦᠰᠦᠯᠡᠨ 2014 ᠤᠨ — 2016 ᠤᠨ  ᠳᠤ᠂ 2013 ᠤᠨ  ᠤ 705 ᠲᠦᠬᠦᠷᠢᠭ  ᠤᠨ ᠦᠨᠳᠦᠰᠦᠨ ᠨᠠᠰᠤᠵᠢᠯ  ᠤᠨ ᠮᠦᠩᠬᠦᠨ  ᠤ ᠪᠠᠷᠢᠮᠵᠢᠶ᠎ᠠ ᠳᠡᠭᠡᠷ᠎ᠡ ᠵᠢᠯ ᠪᠦᠷᠢ 5 ᠲᠦᠬᠦᠷᠢᠭ ᠨᠡᠮᠡᠵᠦ ᠳᠡᠭᠡᠭᠰᠢᠯᠡᠬᠦᠯᠦᠨ᠎ᠡ᠃ ᠬᠤᠵᠢᠮ ᠮᠠᠨ  ᠤ ᠬᠤᠳᠠ  ᠶᠢᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠦᠨᠳᠦᠰᠦᠨ ᠨᠠᠰᠤᠵᠢᠯ  ᠤᠨ ᠮᠦᠩᠬᠦ  ᠶᠢ ᠳᠤᠬᠢᠷᠠᠭᠤᠯᠬᠤ ᠦᠶᠡᠰ ᠳᠡᠭᠡᠳᠦ ᠱᠠᠳᠤᠨ  ᠤ ᠲᠦᠷᠦ  ᠶᠢᠨ ᠪᠤᠳᠤᠯᠭ᠎ᠠ  ᠂ ᠮᠠᠨ  ᠤ ᠬᠤᠳᠠ  ᠶᠢᠨ ᠠᠵᠤ ᠠᠬᠤᠢ  ᠶᠢᠨ ᠬᠦᠭᠵᠢᠯᠳᠡ   ᠶᠢᠨ ᠪᠤᠳᠠᠳᠤ ᠪᠠᠶᠢᠳᠠᠯ ᠵᠡᠷᠭᠡ ᠠᠭᠤᠯᠤᠭᠳᠠᠬᠤᠨ  ᠢ ᠨᠢᠭᠡᠳᠦᠯᠲᠠᠢ ᠪᠤᠳᠤᠯᠬᠢᠯᠠᠵᠤ᠂ ᠴᠢᠳᠠᠬᠤ  ᠶᠢᠨ ᠬᠢᠷᠢ ᠪᠠᠷ ᠴᠢᠷᠮᠠᠶᠢᠬᠤ ᠵᠠᠷᠴᠢᠮ  ᠢ ᠪᠠᠷᠢᠮᠳᠠᠯᠠᠵᠤ᠂ ᠪᠤᠰᠤᠳ ᠭᠠᠵᠠᠷ ᠤᠷᠤᠨ  ᠤ ᠪᠠᠷᠢᠮᠵᠢᠶ᠎ᠠ ᠪᠠᠷ ᠳᠤᠯᠢᠯᠠᠨ᠂ ᠶᠤᠰᠤ ᠵᠦᠢ ᠲᠠᠢ ᠪᠠᠷ ᠨᠡᠮᠡᠭᠳᠡᠬᠦᠯᠬᠦ ᠬᠡᠮᠵᠢᠶ᠎ᠡ  ᠶᠢ ᠳᠤᠭᠳᠠᠭᠠᠨ᠎ᠠ᠃     ⒒ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ  ᠤᠨ ᠤᠯᠭᠤᠮᠵᠢ  ᠶᠢ ᠬᠦᠷᠳᠡᠬᠦ ᠨᠦᠬᠦᠴᠡᠯ ᠨᠢ ᠶᠠᠭᠤ ᠪᠤᠢ︖     ᠬᠠᠷᠢᠭᠤᠯᠳᠠ᠄ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ  ᠳᠤ ᠤᠷᠤᠯᠴᠠᠭᠴᠢ ᠬᠤᠪᠢ ᠬᠦᠮᠦᠨ 60 ᠪᠦᠬᠦᠯᠢ ᠨᠠᠰᠤ ᠬᠦᠷᠴᠦ᠂ ᠨᠡᠶᠢᠳᠡ ᠰᠦᠢᠳᠭᠡᠯ ᠳᠤᠰᠢᠶᠠᠭᠰᠠᠨ ᠬᠤᠷᠠᠮᠳᠤᠯ ᠬᠤᠭᠤᠴᠠᠭ᠎ᠠ 15 ᠵᠢᠯ ᠲᠦᠬᠦᠷᠡᠭᠰᠡᠨ  ᠤ ᠬᠠᠮᠳᠤ ᠤᠯᠤᠰ ᠤᠨ ᠳᠤᠭᠳᠠᠭᠠᠭᠰᠠᠨ ᠪᠤᠰᠤᠳ ᠦᠨᠳᠦᠰᠦᠨ ᠨᠠᠰᠤᠵᠢᠯ  ᠤᠨ ᠪᠠᠳᠤᠯᠠᠭ᠎ᠠ ᠶᠢᠨ ᠤᠯᠭᠤᠮᠵᠢ  ᠶᠢ ᠬᠦᠷᠳᠡᠭᠡ ᠦᠬᠡᠢ ᠪᠤᠯ ᠰᠠᠷ᠎ᠠ ᠪᠠᠷ ᠬᠤᠭᠤᠴᠠᠭᠠᠯᠠᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ  ᠤᠨ ᠤᠯᠭᠤᠮᠵᠢ ᠬᠦᠷᠳᠡᠵᠤ ᠪᠤᠯᠤᠨ᠎ᠠ᠃ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ ᠮᠦᠩᠬᠦ  ᠶᠢ ᠬᠦᠷᠳᠡᠭᠴᠢ ᠬᠦᠮᠦᠨ ᠨᠠᠰᠤ ᠪᠠᠷᠠᠪᠠᠯ ᠳᠠᠷᠠᠭ᠎ᠠ ᠰᠠᠷ᠎ᠠ  ᠠᠴᠠ ᠨᠢ ᠡᠬᠢᠯᠡᠵᠦ ᠨᠠᠰᠤᠵᠢᠯ  ᠤᠨ ᠮᠦᠩᠬᠦ ᠤᠯᠭᠤᠬᠤ ᠶᠢ ᠵᠤᠭᠰᠤᠭᠠᠨ᠎ᠠ᠃     ⒓ ᠬᠤᠪᠢ ᠬᠦᠮᠦᠨ  ᠤ ᠳᠠᠩᠰᠠᠨ ᠳᠠᠬᠢ ᠪᠡᠯᠡ ᠮᠦᠩᠬᠦ  ᠶᠢ ᠪᠤᠴᠠᠭᠠᠬᠤ ᠪᠤᠶᠤ ᠦᠮᠴᠢᠯᠡᠨ ᠵᠠᠯᠭᠠᠮᠵᠢᠯᠠᠵᠤ ᠪᠤᠯᠤᠨ᠎ᠠ ᠤᠤ︖    ᠬᠠᠷᠢᠭᠤᠯᠳᠠ᠄ ᠳᠤᠤᠷᠠᠬᠢ ᠪᠠᠶᠢᠳᠠᠯ ᠢᠯᠡᠷᠡᠪᠡᠯ ᠳᠠᠭᠠᠳᠬᠠᠯ  ᠳᠤ ᠤᠷᠤᠯᠴᠠᠭᠴᠢ  ᠶᠢᠨ ᠬᠤᠪᠢ ᠬᠦᠮᠦᠨ  ᠤ ᠨᠠᠰᠤᠵᠢᠯ  ᠤᠨ ᠳᠠᠭᠠᠳᠬᠠᠯ ᠤᠨ ᠬᠤᠪᠢ ᠬᠦᠮᠦᠨ  ᠤ ᠳᠠᠩᠰᠠᠨ ᠳᠠᠬᠢ ᠪᠡᠯᠡ ᠮᠦᠩᠬᠦ  ᠶᠢ ᠪᠤᠴᠠᠭᠠᠵᠤ ᠪᠤᠯᠬᠤ ᠪᠤᠶᠤ ᠦᠮᠴᠢᠯᠡᠨ ᠵᠠᠯᠭᠠᠮᠵᠢᠯᠠᠵᠤ ᠪᠤᠯᠤᠨ᠎ᠠ᠄⑴ ᠬᠡᠷᠪᠡ ᠳᠠᠭᠠᠳᠬᠠᠯ  ᠳᠤ ᠤᠷᠤᠯᠴᠠᠭᠴᠢ ᠤᠯᠤᠰ  ᠠᠴᠠ ᠭᠠᠷᠴᠤ ︵ᠬᠢᠯᠢ ᠳᠠᠪᠠᠵᠤ︶ ᠨᠤᠳᠤᠭᠰᠢᠭᠰᠠᠨ ᠪᠤᠯ ᠳᠠᠭᠠᠳᠬᠠᠯ  ᠳᠤ ᠤᠷᠤᠯᠴᠠᠭᠴᠢ  ᠶᠢᠨ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ  ᠶᠢ ᠳᠡᠬᠦᠰᠭᠡᠵᠦ᠂ ᠳᠠᠭᠠᠳᠬᠠᠯ  ᠳᠤ ᠤᠷᠤᠯᠴᠠᠭᠴᠢ  ᠶᠢᠨ ᠬᠤᠪᠢ ᠬᠦᠮᠦᠨ  ᠤ ᠳᠠᠩᠰᠠᠨ ᠳᠠᠬᠢ ᠦᠯᠡᠳᠡᠪᠦᠷᠢ ᠮᠦᠩᠬᠦ  ᠶᠢ ᠪᠦᠬᠦᠨ  ᠢ ᠳᠤᠰ ᠬᠦᠮᠦᠨ  ᠳᠤ ᠨᠢ ᠪᠤᠴᠠᠭᠠᠵᠤ ᠦᠭᠬᠦᠨ᠎ᠡ᠃⑵ ᠬᠡᠷᠪᠡ ᠳᠠᠭᠠᠳᠬᠠᠯ  ᠳᠤ ᠤᠷᠤᠯᠴᠠᠭᠴᠢ ᠳᠠᠭᠠᠳᠬᠠᠯ  ᠤᠨ ᠰᠦᠢᠳᠭᠡᠯ  ᠢᠶᠠᠨ ᠳᠤᠰᠢᠶᠠᠵᠤ ᠪᠠᠶᠢᠬᠤ ᠬᠤᠭᠤᠴᠠᠭᠠᠨ  ᠳᠤ ᠪᠠᠨ ᠨᠠᠰᠤ ᠨᠦᠭᠴᠢᠪᠡᠯ ᠳᠡᠬᠦᠨ  ᠤ ᠬᠤᠪᠢ ᠬᠦᠮᠦᠨ  ᠤ ᠳᠠᠩᠰᠠᠨ ᠳᠠᠬᠢ ᠪᠦᠬᠦᠶᠢᠯᠡ ᠬᠠᠳᠠᠭᠠᠯᠠᠭᠳᠠᠴᠠ ᠮᠦᠩᠬᠦ  ᠶᠢ ᠬᠠᠤᠯᠢ ᠶᠤᠰᠤ ᠪᠠᠷ ᠦᠮᠴᠢᠯᠡᠨ ᠵᠠᠯᠭᠠᠮᠵᠢᠯᠠᠵᠤ ᠪᠤᠯᠤᠨ᠎ᠠ᠃ ᠳᠠᠭᠠᠳᠬᠠᠯ ᠳᠤ ᠤᠷᠤᠯᠴᠠᠭᠴᠢ ᠬᠤᠳᠠ ᠬᠦᠳᠡᠭᠡ ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ  ᠤᠨ ᠤᠯᠭᠤᠮᠵᠢ ᠪᠠᠨ ᠬᠦᠷᠳᠡᠵᠦ ᠪᠠᠶᠢᠭ᠎ᠠ ᠬᠤᠭᠤᠴᠠᠭᠠᠨ  ᠳᠤ ᠪᠠᠨ ᠨᠠᠰᠤ ᠨᠦᠭᠴᠢᠪᠡᠯ ᠳᠡᠬᠦᠨ ᠤ ᠬᠤᠪᠢ ᠬᠦᠮᠦᠨ  ᠤ ᠳᠠᠩᠰᠠᠨ ᠳᠠᠬᠢ ᠪᠡᠯᠡ ᠮᠦᠩᠬᠦ  ᠶᠢᠨ ᠦᠯᠡᠳᠡᠪᠦᠷᠢ  ᠶᠢ ᠬᠠᠤᠯᠢ ᠶᠤᠰᠤ ᠪᠠᠷ ᠵᠠᠯᠭᠠᠮᠵᠢᠯᠠᠵᠤ ᠪᠤᠯᠤᠨ᠎ᠠ᠃ ᠬᠠᠤᠯᠢ ᠳᠤ ᠳᠤᠭᠳᠠᠭᠠᠭᠰᠠᠨ ᠵᠠᠯᠭᠠᠮᠵᠢᠯᠠᠭᠴᠢ ᠦᠬᠡᠢ ᠪᠤᠶᠤ ᠳᠤᠰᠬᠠᠢ ᠵᠢᠭᠠᠵᠤ ᠳᠤᠭᠳᠠᠭᠠᠭᠰᠠᠨ ᠠᠰᠢᠭ ᠬᠦᠷᠳᠡᠭᠴᠢ ᠬᠦᠮᠦᠨ ᠦᠬᠡᠢ ᠪᠤᠯ ᠬᠤᠪᠢ ᠬᠦᠮᠦᠨ  ᠤ ᠳᠠᠩᠰᠠᠨ ᠳᠠᠬᠢ ᠪᠡᠯᠡ ᠮᠦᠩᠬᠦ  ᠶᠢ ᠳᠤᠬᠢᠷᠠᠭᠤᠯᠤᠭᠴᠢ ᠮᠦᠩᠬᠦᠨ  ᠤ ᠬᠦᠮᠦᠷᠭᠡ  ᠳᠤ ᠠᠭᠤᠰᠬᠠᠨ᠎ᠠ᠃     ⒔ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ ᠳᠤ ᠤᠷᠤᠯᠴᠠᠭᠴᠢ ᠨᠢ ᠳᠠᠭᠠᠳᠬᠠᠯ  ᠤᠨ ᠮᠦᠩᠬᠦ ᠪᠠᠨ ᠳᠤᠰᠢᠶᠠᠵᠤ ᠪᠠᠶᠢᠬᠤ ᠬᠤᠭᠤᠴᠠᠭᠠᠨ  ᠳᠤ ᠪᠠᠨ ᠡᠷᠦᠬᠡ ᠠᠮᠠ ᠰᠢᠯᠵᠢᠪᠡᠯ᠂ ᠳᠡᠬᠦᠨ  ᠤ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ ᠪᠠᠨ ᠬᠡᠷᠬᠢᠨ ᠰᠢᠯᠵᠢᠬᠦᠯᠵᠦ ᠦᠷᠬᠦᠯᠵᠢᠯᠡᠨ ᠵᠠᠯᠭᠠᠵᠤ ᠳᠤᠰᠢᠶᠠᠬᠤ ᠪᠤᠢ︖     ᠬᠠᠷᠢᠭᠤᠯᠳᠠ᠄ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠳᠤ ᠤᠷᠤᠯᠴᠠᠭᠴᠢ ᠳᠠᠭᠠᠳᠬᠠᠯ  ᠤᠨ ᠮᠦᠩᠬᠦ ᠪᠠᠨ ᠳᠤᠰᠢᠶᠠᠵᠤ ᠪᠠᠶᠢᠬᠤ ᠬᠤᠭᠤᠴᠠᠭᠠᠨ  ᠳᠤ ᠪᠠᠨ ᠡᠷᠦᠬᠡ ᠠᠮᠠ ᠪᠠᠨ ᠰᠢᠯᠵᠢᠬᠦᠯᠬᠦ᠂ ᠭᠠᠵᠠᠷ ᠤᠷᠤᠨ ᠠᠯᠤᠰᠯᠠᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ ᠪᠠᠨ ᠰᠢᠯᠵᠢᠬᠦᠯᠬᠦ ᠱᠠᠭᠠᠷᠳᠠᠯᠭ᠎ᠠ ᠲᠠᠢ ᠪᠤᠯ ᠰᠢᠯᠵᠢᠨ ᠤᠴᠢᠭᠰᠠᠨ ᠭᠠᠵᠠᠷ  ᠲᠤ ᠪᠠᠨ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ ᠪᠠᠨ ᠰᠢᠯᠵᠢᠬᠦᠯᠬᠦ ᠡᠷᠬᠦᠳᠡᠯ ᠭᠠᠷᠭᠠᠵᠤ᠂ ᠨᠢᠭᠡ ᠯᠡ ᠤᠳᠠᠭ᠎ᠠ ᠪᠠᠷ ᠬᠤᠪᠢ ᠬᠦᠮᠦᠨ  ᠤ ᠳᠠᠩᠰᠠᠨ ᠳᠠᠬᠢ ᠪᠦᠬᠦᠶᠢᠯᠡ ᠬᠠᠳᠠᠭᠠᠯᠠᠭᠳᠠᠴᠠ ᠮᠦᠩᠬᠦ ᠪᠠᠨ ᠪᠦᠬᠦᠨ  ᠢ ᠰᠢᠯᠵᠢᠬᠦᠯᠵᠤ᠂ ᠰᠢᠯᠵᠢᠨ ᠤᠴᠢᠭᠰᠠᠨ ᠭᠠᠵᠠᠷ  ᠤᠨ ᠢᠶᠠᠨ ᠳᠤᠭᠳᠠᠭᠠᠯ ᠶᠤᠰᠤ ᠪᠠᠷ ᠦᠷᠬᠦᠯᠵᠢᠯᠡᠨ ᠳᠠᠭᠠᠳᠬᠠᠯ ᠳᠤ ᠤᠷᠤᠯᠴᠠᠨ ᠰᠦᠢᠳᠭᠡᠯ ᠢᠶᠠᠨ ᠳᠤᠰᠢᠶᠠᠵᠤ᠂ ᠳᠠᠭᠠᠳᠬᠠᠯ ᠳᠤᠰᠢᠶᠠᠭᠰᠠᠨ ᠤᠨ ᠵᠢᠯ  ᠢᠶᠠᠨ ᠬᠤᠷᠠᠮᠳᠤᠭᠤᠯᠵᠤ ᠪᠤᠳᠤᠨ᠎ᠠ᠃    ⒕ ᠨᠢᠭᠡᠨᠳᠡ ᠳᠤᠭᠳᠠᠭᠠᠯ ᠶᠤᠰᠤ ᠪᠠᠷ  ᠢᠶᠠᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠮᠦᠩᠬᠦ ᠤᠯᠭᠤᠮᠵᠢ ᠪᠠᠨ ᠬᠦᠷᠳᠡᠭᠰᠡᠨ ᠳᠠᠭᠠᠳᠬᠠᠯ  ᠳᠤ ᠤᠷᠤᠯᠴᠠᠭᠴᠢ᠂ ᠡᠷᠦᠬᠡ ᠠᠮᠠ ᠪᠠᠨ ᠰᠢᠯᠵᠢᠬᠦᠯᠦᠭᠰᠡᠨ  ᠤ ᠳᠠᠷᠠᠭ᠎ᠠ᠂ ᠳᠡᠬᠦᠨ  ᠤ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ ᠨᠢ ᠳᠠᠭᠠᠯᠳᠤᠨ ᠰᠢᠯᠵᠢᠨ᠎ᠡ ᠤᠤ︖    ᠬᠠᠷᠢᠭᠤᠯᠳᠠ᠄ ᠨᠢᠭᠡᠨᠳᠡ ᠳᠤᠭᠳᠠᠭᠠᠯ ᠶᠤᠰᠤ ᠪᠠᠷ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠮᠦᠩᠬᠦ ᠤᠯᠭᠤᠮᠵᠢ ᠪᠠᠨ ᠬᠦᠷᠳᠡᠭᠰᠡᠨ ᠳᠠᠭᠠᠳᠬᠠᠯ  ᠳᠤ ᠤᠷᠤᠯᠴᠠᠭᠴᠢ᠂ ᠡᠷᠦᠬᠡ ᠠᠮᠠ ᠪᠠᠨ ᠰᠢᠯᠵᠢᠬᠦᠯᠦᠭᠰᠡᠨ ᠡᠰᠡᠬᠦ ᠴᠤ᠂ ᠳᠡᠬᠦᠨ  ᠤ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ ᠰᠢᠯᠵᠢᠬᠦ ᠦᠬᠡᠢ᠃    ⒖ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ ᠪᠤᠯᠤᠨ ᠬᠤᠳᠠ ᠪᠠᠯᠭᠠᠰᠤᠨ  ᠤ ᠠᠵᠢᠯᠳᠠᠨ ᠠᠴᠢᠯᠴᠢᠨ  ᠤ ᠦᠨᠳᠦᠰᠦᠨ ᠨᠠᠰᠤᠵᠢᠯ  ᠤᠨ ᠳᠠᠭᠠᠳᠬᠠᠯ  ᠢ ᠬᠡᠷᠬᠢᠨ ᠠᠮᠠ ᠰᠡᠭᠡᠷ ᠵᠤᠯᠭᠠᠭᠤᠯᠬᠤ ᠪᠤᠢ︖    ᠬᠠᠷᠢᠭᠤᠯᠳᠠ᠄ ᠬᠤᠳᠠ ᠪᠠᠯᠭᠠᠰᠤᠨ  ᠤ ᠠᠵᠢᠯᠳᠠᠨ ᠠᠴᠢᠯᠴᠢᠨ  ᠤ ᠦᠨᠳᠦᠰᠦᠨ ᠨᠠᠰᠤᠵᠢᠯ  ᠤᠨ ᠳᠠᠭᠠᠳᠬᠠᠯ ᠪᠠ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠦᠨᠳᠦᠰᠦᠨ ᠨᠠᠰᠤᠵᠢᠯ  ᠤᠨ ᠳᠠᠭᠠᠳᠬᠠᠯ ᠤᠨ ᠬᠤᠶᠠᠷ ᠠᠰᠳᠠᠭᠠᠨ ᠲᠦᠷᠢᠮ ᠢ ᠵᠠᠯᠭᠠᠭᠤᠯᠵᠤ ᠬᠦᠢᠴᠡᠳᠭᠡᠬᠦ ᠱᠠᠭᠠᠷᠳᠠᠯᠭ᠎ᠠ ᠡᠬᠦᠰᠪᠡᠯ ︽ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠲᠦᠷᠢᠮ  ᠤᠨ ᠵᠠᠯᠭᠠᠭᠤᠯᠬᠤ ᠲᠦᠷ ᠬᠡᠷᠡᠭᠵᠢᠬᠦᠯᠬᠦ ᠠᠷᠭ᠎ᠠ︾  ᠶᠢᠨ ᠶᠤᠰᠤ ᠪᠠᠷ ᠬᠡᠷᠡᠭᠵᠢᠬᠦᠯᠦᠨ᠎ᠡ᠃ ᠳᠤᠰ ᠠᠷᠭ᠎ᠠ ᠨᠢ 2014 ᠤᠨ  ᠤ 7 ᠰᠠᠷ᠎ᠠ  ᠶᠢᠨ 1  ᠠᠴᠠ ᠡᠬᠢᠯᠡᠵᠦ ᠶᠠᠪᠤᠭᠳᠠᠪᠠ᠃    ⒗ ᠨᠠᠰᠤᠵᠢᠯ  ᠤᠨ ᠳᠠᠭᠠᠳᠬᠠᠯ  ᠤᠨ ᠮᠦᠩᠬᠦ ᠪᠠᠨ ᠤᠯᠵᠤ ᠪᠠᠶᠢᠭᠰᠠᠨ ᠬᠦᠮᠦᠨ ᠡᠷᠡᠬᠦᠦ  ᠶᠢᠨ ᠬᠡᠷᠡᠭ  ᠲᠤ ᠬᠤᠯᠪᠤᠭᠳᠠᠪᠠᠯ ᠬᠡᠷᠬᠢᠨ ᠰᠢᠢᠳᠪᠦᠷᠢᠯᠡᠬᠦ ᠪᠤᠢ︖    ᠬᠠᠷᠢᠭᠤᠯᠳᠠ᠄ ᠨᠠᠰᠤᠵᠢᠯ  ᠤᠨ ᠳᠠᠭᠠᠳᠬᠠᠯ  ᠤᠨ ᠮᠦᠩᠬᠦ ᠪᠠᠨ ᠭᠠᠷᠳᠠᠵᠤ ᠪᠠᠶᠢᠭᠰᠠᠨ ᠬᠦᠮᠦᠨ ᠡᠷᠡᠬᠦᠦ  ᠶᠢᠨ ᠬᠡᠷᠡᠭ  ᠢᠶᠠᠷ ᠨᠡᠬᠡᠮᠵᠢᠯᠡᠭᠳᠡᠬᠦ᠂ ᠬᠤᠷᠢᠭᠳᠠᠬᠤ᠂ ᠡᠷᠡᠬᠦᠦ  ᠶᠢᠨ ᠬᠡᠷᠡᠭ ᠡᠬᠦᠷᠭᠡᠯᠡᠬᠦ᠂ ᠬᠦᠳᠡᠯᠮᠦᠷᠢ ᠪᠠᠷ ᠦᠭᠡᠷᠡᠴᠢᠯᠡᠭᠳᠡᠵᠦ ᠪᠠᠶᠢᠬᠤ ᠬᠤᠭᠤᠴᠠᠭᠠᠨ ᠳᠠᠬᠢ ᠨᠠᠰᠤᠵᠢᠯ ᠤᠨ ᠳᠠᠭᠠᠳᠬᠠᠯ ᠤᠨ ᠮᠦᠩᠬᠦ ᠤᠯᠭᠤᠮᠵᠢ  ᠶᠢ ᠵᠤᠭᠰᠤᠭᠠᠨ᠎ᠠ᠃ ᠵᠠᠷᠭᠤ  ᠶᠢ ᠦᠬᠡᠶᠢᠰᠭᠡᠬᠦ ᠪᠤᠶᠤ ᠵᠠᠭᠠᠯᠳᠤᠯᠭ᠎ᠠ  ᠳᠤ ᠬᠦᠷᠬᠦ ᠦᠬᠡᠢ᠂ ᠶᠠᠯ᠎ᠠ ᠦᠬᠡᠢ ᠰᠤᠯᠠᠯᠠᠭᠳᠠᠪᠠᠯ ᠡᠷᠡᠬᠦᠦ  ᠶᠢᠨ ᠬᠡᠷᠡᠭ  ᠢᠶᠠᠷ ᠨᠡᠬᠡᠮᠵᠢᠯᠡᠭᠳᠡᠬᠦ ᠪᠤᠶᠤ ᠬᠤᠷᠢᠭᠳᠠᠵᠤ ᠪᠠᠶᠢᠬᠤ ᠬᠤᠭᠤᠴᠠᠭᠠᠨ ᠳᠠᠬᠢ ᠵᠤᠭᠰᠤᠭᠠᠭᠰᠠᠨ ᠨᠠᠰᠤᠵᠢᠯ ᠤᠨ ᠮᠦᠩᠬᠦ  ᠶᠢ ᠨᠦᠬᠦᠵᠦ ᠪᠠᠭᠤᠯᠭᠠᠬᠤ  ᠶᠢᠨ ᠬᠠᠮᠳᠤ ᠦᠨᠳᠦᠰᠦᠨ ᠨᠠᠰᠤᠵᠢᠯ  ᠤᠨ ᠮᠦᠩᠬᠦ  ᠳᠤ ᠳᠤᠬᠢᠷᠠᠭᠤᠯᠤᠯᠳᠠ ᠬᠢᠨ᠎ᠡ᠃ ᠵᠠᠬᠢᠷᠤᠨ ᠬᠠᠮᠢᠶᠠᠷᠤᠭᠳᠠᠬᠤ ᠪᠠᠷ ᠰᠢᠢᠳᠭᠡᠭᠳᠡᠭᠰᠡᠨ᠂ ᠬᠤᠭᠤᠴᠠᠭ᠎ᠠ ᠲᠠᠢ ᠬᠤᠷᠢᠭᠳᠠᠬᠤ  ᠶᠢ ᠬᠤᠶᠢᠰᠢᠯᠠᠭᠤᠯᠵᠤ ᠰᠢᠢᠳᠭᠡᠬᠦ ᠪᠤᠶᠤ ᠲᠦᠷ ᠴᠠᠭ ᠬᠢᠨᠳᠠᠨ  ᠤ ᠭᠠᠳᠠᠨ᠎ᠠ ᠬᠦᠢᠴᠡᠳᠭᠡᠭᠳᠡᠬᠦ᠂ ᠳᠡᠩᠰᠡᠨ ᠰᠤᠯᠠᠯᠠᠬᠤ ᠬᠤᠭᠤᠴᠠᠭᠠᠨ ᠳᠠᠬᠢ ᠨᠠᠰᠤᠵᠢᠯ  ᠤᠨ ᠮᠦᠩᠬᠦ ᠶᠢ ᠦᠷᠬᠦᠯᠵᠢᠯᠡᠨ ᠳᠠᠯᠪᠢᠨ᠎ᠠ᠃    ⒘ ᠳᠠᠭᠠᠳᠬᠠᠯ  ᠳᠤ ᠤᠷᠤᠯᠴᠠᠭᠴᠢ ᠨᠠᠰᠤᠵᠢᠯ  ᠤᠨ ᠮᠦᠩᠬᠦ ᠪᠠᠨ ᠬᠦᠷᠳᠡᠬᠦ ᠭᠠᠷ ᠬᠦᠢᠴᠡᠳᠭᠡᠯ  ᠢᠶᠠᠨ ᠬᠡᠷᠬᠢᠨ ᠬᠦᠢᠴᠡᠳᠭᠡᠬᠦ ᠪᠤᠢ︖     ᠬᠠᠷᠢᠭᠤᠯᠳᠠ᠄ ᠨᠠᠰᠤᠵᠢᠯ  ᠤᠨ ᠳᠠᠭᠠᠳᠬᠠᠯ  ᠢᠶᠠᠨ ᠭᠠᠷᠳᠠᠬᠤ ᠨᠦᠬᠦᠴᠡᠯ  ᠳᠤ ᠬᠦᠷᠦᠭᠰᠡᠨ ᠳᠠᠭᠠᠳᠬᠠᠯ  ᠳᠤ ᠤᠷᠤᠯᠴᠠᠭᠴᠢ᠂ ᠳᠤᠰ ᠬᠦᠮᠦᠨ  ᠤ ᠪᠠᠨ ᠡᠷᠦᠬᠡ ᠠᠮᠠ  ᠶᠢᠨ ᠳᠡᠪᠳᠡᠷ᠂ ᠬᠤᠪᠢ ᠬᠦᠮᠦᠨ  ᠤ ᠪᠠᠨ ᠰᠠᠭᠤᠭᠠᠯᠢ ᠠᠷᠠᠳ ᠤᠨ ᠪᠡᠶ᠎ᠡ  ᠶᠢᠨ ᠦᠨᠡᠮᠯᠡᠯ ᠵᠡᠷᠭᠡ ᠮᠠᠲ᠋ᠧᠷᠢᠶᠠᠯ  ᠢᠶᠠᠨ ᠠᠪᠴᠤ ᠵᠠᠰᠠᠭ  ᠤᠨ ᠶᠠᠪᠤᠳᠠᠯ  ᠤᠨ ᠦᠢᠯᠡᠴᠢᠯᠡᠭᠡᠨ  ᠤ ᠲᠦᠪ  ᠤᠨ ᠨᠠᠰᠤᠵᠢᠯ ᠳᠡᠳᠬᠦᠪᠦᠷᠢ  ᠶᠢᠨ ᠠᠵᠢᠯ  ᠤᠨ ᠴᠤᠩᠬᠤᠨ  ᠳᠤ ᠬᠦᠷᠴᠤ ᠠᠰᠠᠷᠠᠮᠵᠢ ᠬᠦᠷᠳᠡᠬᠦ ᠭᠠᠷ ᠬᠦᠢᠴᠡᠳᠭᠡᠯ  ᠢᠶᠠᠨ ᠬᠢᠨ᠎ᠡ᠃ ᠳᠠᠭᠠᠳᠬᠠᠯ  ᠳᠤ ᠤᠷᠤᠯᠴᠠᠭᠴᠢ ᠠᠰᠠᠷᠠᠮᠵᠢ  ᠶᠢᠨ ᠮᠦᠩᠬᠦ ᠪᠠᠨ ᠠᠪᠬᠤ ᠨᠠᠰᠤ ᠳᠤᠯᠤᠭᠰᠠᠨ  ᠤ ᠳᠠᠷᠠᠭ᠎ᠠ ᠰᠠᠷ᠎ᠠ  ᠠᠴᠠ ᠡᠬᠢᠯᠡᠵᠦ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠤᠯᠭᠤᠮᠵᠢ ᠪᠠᠨ ᠬᠦᠷᠳᠡᠨ᠎ᠡ᠃      ⒙ ᠳᠠᠭᠠᠳᠬᠠᠯ  ᠳᠤ ᠤᠷᠤᠯᠴᠠᠭᠴᠢ ᠳᠠᠩᠰᠠᠯᠠᠭᠤᠯᠤᠭᠰᠠᠨ ᠪᠦᠷᠢᠳᠭᠡᠯ  ᠢᠶᠠᠨ ᠬᠤᠪᠢᠷᠠᠭᠤᠯᠬᠤ ᠭᠠᠷ ᠬᠦᠢᠴᠡᠳᠭᠡᠯ  ᠢᠶᠠᠨ ᠬᠡᠷᠬᠢᠨ ᠬᠢᠬᠦ ᠪᠤᠢ︖      ᠬᠠᠷᠢᠭᠤᠯᠳᠠ᠄ ᠳᠠᠭᠠᠳᠬᠠᠯ  ᠳᠤ ᠤᠷᠤᠯᠴᠠᠭᠴᠢ  ᠶᠢᠨ ᠨᠡᠷ᠎ᠡ᠂ ᠴᠢᠨᠠᠷ  ᠤᠨ ᠢᠯᠭᠠᠯ᠂ ᠪᠡᠶ᠎ᠡ  ᠶᠢᠨ ᠦᠨᠡᠮᠯᠡᠯ  ᠤᠨ ᠳ᠋ᠤᠭᠠᠷ᠂ ᠲᠦᠷᠦᠭᠰᠡᠨ ᠤᠨ ᠰᠠᠷ᠎ᠠ᠂ ᠰᠠᠭᠤᠭ᠎ᠠ ᠭᠠᠵᠠᠷ᠂ ᠬᠠᠷᠢᠯᠴᠠᠬᠤ ᠤᠳᠠᠰᠤ᠂ ᠡᠷᠦᠬᠡ ᠠᠮᠠ  ᠶᠢᠨ ᠬᠠᠷᠢᠶᠠᠯᠠᠭᠳᠠᠬᠤ ᠬᠠᠶ᠋ᠢᠭ ᠵᠢᠴᠢ ᠰᠦᠢᠳᠬᠡᠯ ᠳᠤᠰᠢᠶᠠᠬᠤ ᠳᠡᠰ ᠵᠡᠷᠭᠡ  ᠳᠤ ᠬᠤᠪᠢᠷᠠᠯᠳᠠ ᠭᠠᠷᠪᠠᠯ ᠬᠠᠮᠢᠶ᠎ᠠ ᠪᠦᠬᠦᠢ ᠭᠡᠷᠡᠴᠢ ᠳᠡᠮᠳᠡᠭ ᠪᠤᠯᠤᠨ ᠮᠠᠲ᠋ᠧᠷᠢᠶᠠᠯ  ᠢᠶᠠᠨ ᠠᠪᠴᠤ ᠵᠠᠰᠠᠭ ᠤᠨ ᠶᠠᠪᠤᠳᠠᠯ  ᠤᠨ ᠦᠢᠯᠡᠴᠢᠯᠡᠭᠡᠨ  ᠤ ᠲᠦᠪ  ᠤᠨ ᠨᠠᠰᠤᠵᠢᠯ ᠳᠡᠳᠬᠦᠪᠦᠷᠢ  ᠶᠢᠨ ᠠᠵᠢᠯ  ᠤᠨ ᠴᠤᠩᠬᠤᠨ  ᠳᠤ ᠬᠦᠷᠴᠤ ︽ᠬᠤᠪᠢᠷᠠᠯᠳᠠ ᠭᠠᠷᠤᠭᠰᠠᠨ ᠪᠦᠷᠢᠳᠭᠡᠯ  ᠤᠨ ᠬᠦᠰᠦᠨᠦᠭᠳᠦ︾  ᠢ ᠳᠠᠭᠯᠠᠨ᠂ ᠡᠷᠬᠦᠳᠡᠯ ᠭᠠᠷᠭᠠᠵᠤ ᠬᠤᠪᠢᠷᠠᠯᠳᠠ ᠭᠠᠷᠤᠭᠰᠠᠨ ᠪᠠᠶᠢᠳᠠᠯ ᠤᠨ ᠭᠠᠷ ᠬᠦᠢᠴᠡᠳᠭᠡᠯ ᠬᠢᠨ᠎ᠡ᠃     ⒚ ᠳᠠᠭᠠᠳᠬᠠᠯ  ᠳᠤ ᠤᠷᠤᠯᠴᠠᠭᠴᠢ ᠶᠠᠮᠠᠷ ᠪᠠᠶᠢᠳᠠᠯ ᠳᠤᠤᠷ᠎ᠠ ᠳᠠᠩᠰᠠᠯᠠᠭᠰᠠᠨ  ᠢᠶᠠᠨ ᠦᠭᠡᠶᠢᠰᠭᠡᠬᠦ ᠭᠠᠷ ᠬᠦᠢᠴᠡᠳᠭᠡᠯ ᠬᠢᠬᠦ ᠪᠤᠢ︖     ᠬᠠᠷᠢᠭᠤᠯᠳᠠ᠄ ᠳᠠᠭᠠᠳᠬᠠᠯ  ᠳᠤ ᠤᠷᠤᠯᠴᠠᠭᠴᠢ ᠨᠠᠰᠤ ᠪᠠᠷᠠᠬᠤ᠂ ᠤᠯᠤᠰ  ᠠᠴᠠ ᠭᠠᠷᠴᠤ ︵ᠬᠢᠯᠢ ᠳᠠᠪᠠᠭ᠋ᠤ︶ ᠨᠤᠳᠤᠭᠰᠢᠬᠤ᠂ ᠬᠠᠷᠢᠴᠠᠭ᠎ᠠ ᠪᠠᠨ ᠰᠢᠯᠵᠢᠬᠦᠯᠦᠭᠰᠡᠨ ᠪᠤᠶᠤ ᠨᠢᠭᠡᠨᠳᠡ ᠬᠤᠳᠠ ᠪᠠᠯᠭᠠᠰᠤᠨ  ᠤ ᠠᠵᠢᠯᠳᠠ ᠠᠵᠢᠯᠴᠢᠨ  ᠤ ᠨᠠᠰᠤᠵᠢᠯ  ᠤᠨ ᠦᠨᠳᠦᠰᠦᠨ ᠳᠠᠭᠠᠳᠬᠠᠯ  ᠢ ᠬᠦᠷᠳᠡᠭᠰᠡᠨ᠂ ᠠᠯᠪᠠᠨ ᠪᠠᠶᠢᠭᠤᠯᠭ᠎ᠠ ᠠᠵᠢᠯ ᠦᠢᠯᠡᠰ  ᠤᠨ ᠨᠢᠭᠡᠴᠡ  ᠶᠢᠨ ᠨᠠᠰᠤᠵᠢᠯ  ᠤᠨ ᠳᠠᠭᠠᠳᠬᠠᠯ ᠪᠤᠶᠤ ᠪᠤᠰᠤᠳ ᠨᠡᠶᠢᠭᠡᠮ  ᠤᠨ ᠨᠠᠰᠤᠵᠢᠯ  ᠤᠨ ᠪᠠᠳᠤᠯᠠᠪᠤᠷᠢᠳᠤ ᠠᠰᠠᠷᠠᠮᠵᠢ ᠬᠦᠷᠳᠡᠭᠰᠡᠨ ᠪᠤᠯ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ ᠤᠨ ᠳᠠᠭᠠᠳᠬᠠᠯ ᠤᠨ ᠬᠠᠷᠢᠴᠠᠭ᠎ᠠ ᠪᠠᠨ ᠳᠡᠬᠦᠰᠭᠡᠬᠦ  ᠶᠢᠨ ᠬᠠᠮᠳᠤ ᠬᠦᠴᠦᠨ ᠦᠬᠡᠢ ᠪᠤᠯᠭᠠᠬᠤ ᠪᠦᠷᠢᠳᠭᠡᠯ ᠬᠢᠯᠭᠡᠨ᠎ᠡ᠃     ⒛ ᠳᠠᠭᠠᠳᠬᠠᠯ  ᠳᠤ ᠤᠷᠤᠯᠴᠠᠭᠴᠢ ᠳᠠᠩᠰᠠᠯᠠᠭᠤᠯᠤᠭᠰᠠᠨ ᠪᠦᠷᠢᠳᠭᠡᠯ  ᠢᠶᠠᠨ ᠬᠦᠴᠦᠨ ᠦᠬᠡᠢ ᠪᠤᠯᠭᠠᠬᠤ  ᠳᠤ ᠶᠠᠮᠠᠷᠬᠠᠨ ᠮᠠᠲ᠋ᠧᠷᠢᠶᠠᠯ ᠬᠠᠩᠭᠠᠬᠤ ᠴᠢᠬᠤᠯᠠ ᠲᠠᠢ ᠪᠤᠢ︖     ᠬᠠᠷᠢᠭᠤᠯᠳᠠ᠄ ᠤᠯᠤᠰ  ᠠᠴᠠ ᠭᠠᠷᠴᠤ ︵ᠬᠢᠯᠢ ᠳᠠᠪᠠᠭ᠋ᠤ︶ ᠨᠤᠳᠤᠭᠰᠢᠭᠰᠠᠳ ᠤᠯᠤᠰ  ᠠᠴᠠ ᠭᠠᠷᠴᠤ ︵ᠬᠢᠯᠢ ᠳᠠᠪᠠᠵᠤ︶ ᠨᠤᠳᠤᠭᠰᠢᠭᠰᠠᠨ ᠭᠡᠷᠡᠴᠢ ᠳᠡᠮᠳᠡᠭ  ᠤᠨ ᠬᠠᠭᠤᠯᠪᠤᠷᠢ ᠬᠡᠪᠯᠡᠯ ᠬᠠᠩᠭᠠᠵᠤ᠂ ᠳᠠᠭᠠᠳᠬᠠᠯ  ᠳᠤ ᠤᠷᠤᠯᠴᠠᠨ ᠰᠦᠢᠳᠭᠡᠯ ᠳᠤᠰᠢᠶᠠᠵᠤ ᠪᠠᠶᠢᠭᠰᠠᠨ ᠪᠤᠶᠤ ᠠᠰᠠᠷᠠᠮᠵᠢ ᠬᠦᠷᠳᠡᠵᠦ ᠪᠠᠶᠢᠬᠤ ᠬᠤᠭᠤᠴᠠᠭᠠᠨ  ᠳᠤ ᠪᠠᠨ ᠨᠠᠰᠤ ᠨᠦᠭᠴᠢᠭᠰᠡᠳ ᠨᠠᠰᠤ ᠨᠦᠭᠴᠢᠭᠰᠡᠨ ᠭᠡᠷᠡᠴᠢ ᠡᠰᠡᠬᠦᠯ᠎ᠡ ᠡᠷᠦᠬᠡ ᠠᠮᠠ ᠪᠠᠨ ᠬᠦᠴᠦᠨ ᠦᠬᠡᠢ ᠪᠤᠯᠭᠠᠭᠰᠠᠨ ᠬᠠᠭᠤᠯᠪᠤᠷᠢ ᠬᠡᠪᠯᠡᠯ ᠵᠡᠷᠭᠡ  ᠶᠢ ᠬᠠᠩᠭᠠᠨ᠎ᠠ᠃     21 . ᠳᠠᠭᠠᠳᠬᠠᠯ  ᠳᠤ ᠤᠷᠤᠯᠴᠠᠭᠴᠢ ᠳᠠᠩᠰᠠᠯᠠᠭᠤᠯᠤᠭᠰᠠᠨ ᠪᠦᠷᠢᠳᠭᠡᠯ  ᠢᠶᠠᠨ ᠰᠢᠯᠵᠢᠬᠦᠯᠬᠦ ᠭᠠᠷ ᠬᠦᠢᠴᠡᠳᠭᠡᠯ  ᠢᠶᠠᠨ ᠬᠡᠷᠬᠢᠨ ᠪᠡᠶᠡᠯᠡᠬᠦᠯᠬᠦ ᠪᠤᠢ︖     ᠬᠠᠷᠢᠭᠤᠯᠳᠠ᠄ ᠳᠠᠭᠠᠳᠬᠠᠯ  ᠳᠤ ᠤᠷᠤᠯᠴᠠᠭᠴᠢ ᠰᠦᠢᠳᠭᠡᠯ ᠳᠤᠰᠢᠶᠠᠵᠤ ᠪᠠᠶᠢᠬᠤ ᠬᠤᠭᠤᠴᠠᠭᠠᠨ  ᠳᠤ ᠪᠠᠨ ᠮᠤᠵᠢ ᠠᠯᠤᠰᠯᠠᠬᠤ᠂ ᠳᠡᠳ᠋ ᠮᠤᠵᠢ ᠰᠢᠶᠠᠨ  ᠤ ᠳᠡᠰ  ᠤᠨ ᠬᠤᠳᠠ᠂ ᠬᠤᠰᠢᠭᠤ ︵ᠰᠢᠶᠠᠨ︶  ᠳᠤ ᠰᠢᠯᠵᠢᠪᠡᠯ᠂ ᠰᠢᠯᠵᠢᠵᠤ ᠤᠴᠢᠭᠰᠠᠨ ᠳᠤᠬᠠᠢ  ᠶᠢᠨ ᠭᠠᠵᠠᠷ  ᠤᠨ ᠨᠡᠶᠢᠭᠡᠮ  ᠤᠨ ᠳᠠᠭᠠᠳᠬᠠᠯ  ᠤᠨ  ᠪᠠᠶᠢᠭᠤᠯᠤᠮᠵᠢ ᠨᠢ ᠳᠡᠬᠦᠨ  ᠤ ᠬᠤᠳᠠ ᠬᠦᠳᠡᠭᠡ  ᠶᠢᠨ ᠨᠠᠰᠤᠵᠢᠯ  ᠤᠨ ᠳᠠᠭᠠᠳᠬᠠᠯ  ᠤᠨ ᠬᠠᠷᠢᠴᠠᠭ᠎ᠠ ᠪᠤᠯᠤᠨ ᠬᠤᠪᠢ ᠬᠦᠮᠦᠨ  ᠤ ᠳᠠᠩᠰᠠᠨ ᠳᠠᠬᠢ ᠬᠠᠳᠠᠭᠠᠯᠠᠭᠳᠠᠴᠠ ᠮᠦᠩᠬᠦ  ᠶᠢ ᠨᠢᠭᠡ ᠯᠡ ᠤᠳᠠᠭ᠎ᠠ ᠳᠡᠭᠡᠷ᠎ᠡ ᠰᠢᠨ᠎ᠡ ᠳᠠᠭᠠᠳᠬᠠᠯ  ᠳᠤ ᠤᠷᠤᠯᠴᠠᠬᠤ ᠭᠠᠵᠠᠷ  ᠲᠤ  ᠪᠠᠨ ᠰᠢᠯᠵᠢᠬᠦᠯᠵᠦ᠂ ᠰᠢᠨ᠎ᠡ ᠳᠠᠭᠠᠳᠬᠠᠯ  ᠳᠤ ᠤᠷᠤᠯᠴᠠᠬᠤ ᠭᠠᠵᠠᠷ ᠠᠴᠠ ᠳᠡᠬᠦᠨ ᠳᠤ ᠳᠠᠭᠠᠳᠬᠠᠯ  ᠳᠤ ᠤᠷᠤᠯᠴᠠᠵᠤ ᠰᠦᠢᠳᠭᠡᠯ ᠳᠤᠰᠢᠶᠠᠬᠤ ᠭᠠᠷ ᠬᠦᠢᠴᠡᠳᠭᠡᠯ ᠬᠢᠨ᠎ᠡ᠃ ᠳᠠᠭᠠᠳᠬᠠᠯ  ᠳᠤ ᠤᠷᠤᠯᠴᠠᠭᠴᠢ ᠡᠷᠦᠬᠡ ᠠᠮᠠ  ᠶᠢᠨ ᠬᠠᠷᠢᠴᠠᠭ᠎ᠠ ᠪᠠᠨ ᠰᠢᠯᠵᠢᠬᠦᠯᠦᠭᠰᠡᠨ ᠭᠡᠷᠡᠴᠢ ᠪᠠᠷᠢᠮᠳᠠ᠂ ᠪᠡᠶ᠎ᠡ  ᠶᠢᠨ ᠦᠨᠡᠮᠯᠡᠯ᠂ ᠡᠷᠦᠬᠡ ᠠᠮᠠ  ᠶᠢᠨ ᠳᠡᠪᠳᠡᠷ  ᠤᠨ ᠤᠭ ᠵᠠᠭᠪᠤᠷ ᠪᠠ ᠬᠠᠭᠤᠯᠪᠤᠷᠢ ᠬᠡᠪᠯᠡᠯ ᠵᠡᠷᠭᠡ ᠮᠠᠲ᠋ᠧᠷᠢᠶᠠᠯ  ᠢᠶᠠᠨ ᠪᠡᠯᠡᠳᠭᠡᠨ ᠰᠢᠯᠵᠢᠨ ᠤᠴᠢᠭᠰᠠᠨ ᠭᠠᠵᠠᠷ  ᠤᠨ  ᠢᠶᠠᠨ ᠨᠡᠶᠢᠭᠡᠮ  ᠤᠨ ᠳᠠᠭᠠᠳᠬᠠᠯ  ᠤᠨ ᠬᠦᠢᠴᠡᠳᠭᠡᠭᠴᠢ ᠪᠠᠶᠢᠭᠤᠯᠤᠮᠵᠢ  ᠳᠤ ᠪᠠᠨ ᠡᠷᠬᠦᠳᠡᠯ ᠭᠠᠷᠭᠠᠵᠤ᠂ ︽ᠳᠠᠭᠠᠳᠬᠠᠯ  ᠳᠤ ᠤᠷᠤᠯᠴᠠᠬᠤ ᠬᠦᠰᠦᠨᠦᠭᠳᠤ︾ ᠪᠤᠯᠤᠨ  ︽ᠬᠠᠷᠢᠴᠠᠭ᠎ᠠ ᠰᠢᠯᠵᠢᠭᠰᠡᠨ ᠡᠷᠬᠦᠳᠡᠯ︾  ᠢᠶᠠᠨ ᠳᠠᠭᠯᠠᠨ᠎ᠠ      22. ᠨᠠᠰᠤᠵᠢᠯ  ᠤᠨ ᠮᠦᠩᠬᠦ  ᠶᠢ ᠬᠠᠭᠤᠷᠮᠠᠭᠯᠠᠨ ᠤᠷᠤᠯᠠᠵᠤ ᠠᠪᠤᠭᠰᠠᠳ  ᠢ ᠬᠡᠷᠬᠢᠨ ᠰᠢᠢᠳᠪᠦᠷᠯᠡᠬᠦ ᠪᠤᠢ︖      ᠬᠠᠷᠢᠭᠤᠯᠳᠠ᠄ ᠨᠠᠰᠤᠵᠢᠯ  ᠤᠨ ᠮᠦᠩᠬᠦ  ᠶᠢ ᠬᠠᠭᠤᠷᠮᠠᠭᠯᠠᠨ ᠤᠷᠤᠯᠠᠵᠤ ᠠᠪᠬᠤ ᠠᠵᠢᠯᠯᠠᠭ᠎ᠠ  ᠶᠢ ᠢᠯᠡᠷᠡᠬᠦᠯᠪᠡᠯ ᠬᠤᠳᠠ  ᠶᠢᠨ ᠨᠡᠶᠢᠭᠡᠮ  ᠤᠨ ᠳᠠᠭᠠᠳᠬᠠᠯ ᠠᠵᠢᠯ ᠦᠢᠯᠡᠰ  ᠤᠨ ᠬᠠᠮᠢᠶᠠᠷᠤᠯᠳᠠ  ᠶᠢᠨ ᠳᠤᠪᠴᠢᠶᠠᠨ  ᠠᠴᠠ ᠤᠷᠤᠯᠠᠭᠳᠠᠭᠰᠠᠨ ᠬᠦᠮᠦᠨ  ᠤ ᠬᠤᠪᠢ ᠬᠦᠮᠦᠨ  ᠤ ᠳᠠᠩᠰᠠ ᠶᠢ ᠪᠢᠳᠡᠬᠦᠮᠵᠢᠯᠡᠬᠦ  ᠶᠢᠨ ᠬᠠᠮᠳᠤ ᠬᠠᠭᠤᠷᠮᠠᠭᠯᠠᠨ ᠤᠷᠤᠯᠠᠵᠤ ᠠᠪᠤᠭᠰᠠᠨ ᠨᠠᠰᠤᠵᠢᠯ  ᠤᠨ ᠮᠦᠩᠬᠦ  ᠶᠢ ᠨᠡᠬᠡᠮᠵᠢᠯᠡᠨ ᠠᠪᠴᠢᠷᠠᠬᠤ  ᠠᠴᠠ ᠭᠠᠳᠠᠨ᠎ᠠ ᠬᠠᠮᠢᠶ᠎ᠠ ᠪᠦᠬᠦᠢ ᠳᠤᠭᠳᠠᠭᠠᠯ ᠶᠤᠰᠤ ᠪᠠᠷ ᠬᠠᠭᠤᠷᠮᠠᠭᠯᠠᠨ ᠤᠷᠤᠯᠠᠭᠰᠠᠨ ᠳᠤᠬᠠᠢ  ᠶᠢᠨ ᠬᠦᠮᠦᠨ ᠪᠤᠯᠤᠨ ᠬᠤᠯᠪᠤᠭᠳᠠᠯ ᠪᠦᠬᠦᠢ ᠬᠠᠷᠢᠭᠤᠴᠠᠯᠭᠠᠳᠤ ᠭᠡᠰᠢᠬᠦᠨ ᠢ ᠰᠢᠢᠳᠪᠦᠷᠢᠯᠡᠨ᠎ᠡ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号