ᠪᠦᠬᠦ ᠬᠤᠲᠠ ᠶᠢᠨ ᠮᠠᠯᠴᠢᠨ ᠨᠠᠶᠢᠵᠠ ᠨᠠᠷ ᠲᠤ ᠪᠠᠨ ᠦᠭᠬᠦ ᠬᠠᠭᠤᠳᠠᠰᠤ ᠵᠠᠬᠢᠳᠠᠯ
ᠨᠡᠶᠢᠲᠡᠯᠡᠭᠰᠡᠨ ᠴᠠᠭ᠄
2018/6/27
ᠦᠷᠭᠡᠨ ᠤᠯᠠᠨ ᠮᠠᠯᠴᠢᠨ ᠨᠠᠶᠢᠵᠠ ᠨᠠᠷ ᠡ᠄              ᠰᠠᠶᠢᠨ ᠪᠠᠶᠢᠵᠠᠭᠠᠨ᠎ᠠ ᠤᠤ︖     ᠨᠢᠭᠡᠳᠦᠯᠳᠡᠢ ᠲᠦᠯᠦᠪᠵᠢᠭᠦᠯᠵᠣ ᠨᠡᠶᠢᠳᠡᠮ ᠳᠤ ᠨᠢ ᠬᠠᠷᠠᠭᠠᠯᠵᠠᠬᠤ᠂ ᠬᠤᠳᠠ ᠬᠦᠳᠡᠭᠡ ᠶᠢ ᠪᠦᠷᠬᠦᠭᠰᠡᠨ ᠨᠡᠶᠢᠭᠡᠮ ᠤᠨ ᠳᠠᠭᠠᠳᠬᠠᠯ ᠤᠨ ᠰᠢᠰᠲ᠋ᠧᠮ ᠢ ᠪᠠᠶᠢᠭᠤᠯᠬᠤ ᠨᠢ ᠰᠢᠨ᠎ᠡ ᠪᠠᠶᠢᠳᠠᠯ ᠳᠣᠣᠷᠠᠬᠢ ᠨᠠᠮ ᠪᠠ ᠵᠠᠰᠠᠭ ᠤᠨ ᠣᠷᠳᠣᠨ ᠠᠴᠠ ᠬᠤᠳᠠ ᠬᠦᠳᠡᠭᠡ ᠶᠢᠨ ᠠᠵᠣ ᠠᠬᠤᠢ ᠨᠡᠶᠢᠭᠡᠮ ᠤᠨ ᠵᠣᠬᠢᠴᠠᠩᠭᠤᠢ ᠬᠦᠭᠵᠢᠯᠳᠡ ᠶᠢ ᠨᠢᠭᠡᠳᠦᠯᠳᠡᠢ ᠲᠦᠯᠦᠪᠵᠢᠭᠦᠯᠵᠣ᠂ ᠡᠶ᠎ᠡ ᠵᠣᠬᠢᠴᠠᠯᠳᠣ ᠨᠡᠶᠢᠭᠡᠮ ᠢ ᠪᠠᠶᠢᠭᠤᠯᠬᠤ ᠬᠦᠨᠳᠦ ᠴᠢᠬᠤᠯᠠ ᠠᠷᠭ᠎ᠠ ᠠᠪᠴᠠᠯ ᠪᠣᠯᠬᠤ ᠪᠦᠭᠡᠳ ᠨᠡᠶᠢᠭᠡᠮ ᠤᠨ ᠪᠠᠳᠣᠯᠠᠭ᠎ᠠ ᠶᠢᠨ ᠰᠢᠰᠲ᠋ᠧᠮ ᠢ ᠳᠡᠭᠦᠯᠳᠡᠷᠵᠢᠭᠦᠯᠬᠦ ᠶᠢᠨ ᠴᠢᠬᠤᠯᠠ ᠠᠭᠤᠯᠭ᠎ᠠ  ᠪᠣᠯᠣᠨ᠎ᠠ᠃ ᠮᠦᠨᠴᠦ ᠦᠷᠭᠡᠨ ᠣᠯᠠᠨ ᠮᠠᠯᠴᠢᠳ ᠤᠨ ︽ᠦᠳᠡᠯᠦᠬᠡ ᠨᠠᠰᠣᠨ ᠳᠤ ᠠᠰᠠᠷᠠᠮᠵᠢ ᠲᠠᠢ︾ ᠪᠠ ︽ᠦᠳᠡᠯᠦᠬᠡ ᠨᠠᠰᠣᠨ ᠳᠤ ᠪᠠᠶᠠᠷ ᠪᠠᠶᠠᠰᠣᠯ ᠲᠠᠢ︾ ᠪᠠᠶᠢᠬᠤ ᠶᠢ ᠰᠢᠢᠳᠪᠦᠷᠢᠯᠡᠬᠦ ᠶᠢᠨ ᠦᠨᠳᠦᠰᠦᠨ ᠠᠮᠢᠳᠣᠷᠠᠯ ᠤᠨ ᠪᠠᠳᠣᠯᠠᠭ᠎ᠠ ᠪᠣᠯᠣᠨ᠎ᠠ᠃ ᠲᠠ ᠤᠯᠠᠨ ᠳᠤ ᠪᠠᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ ᠤᠨ ᠳᠠᠭᠠᠳᠬᠠᠯ  ᠤᠨ ᠳᠤᠬᠠᠢ ᠬᠠᠮᠢᠶ᠎ᠠ ᠪᠦᠬᠦᠢ ᠲᠦᠷᠦ  ᠶᠢᠨ ᠪᠤᠳᠤᠯᠭ᠎ᠠ ᠶᠢ ᠴᠠᠭ ᠳᠤᠬᠠᠢ  ᠳᠤ ᠨᠢ ᠤᠶᠢᠯᠠᠭᠠᠭᠤᠯᠵᠤ᠂ ᠳᠠᠭᠠᠳᠬᠠᠯ  ᠳᠤ ᠡᠷᠳᠡᠬᠡᠨ ᠤᠷᠤᠯᠴᠠᠨ ᠠᠰᠠᠷᠠᠮᠵᠢ ᠬᠦᠷᠳᠡᠬᠦ ᠦᠢᠯᠡ ᠶᠢᠨ ᠴᠢᠨᠢ ᠳᠤᠰᠠᠳᠠ ᠪᠢᠳᠡ ᠬᠠᠮᠢᠶ᠎ᠠ ᠪᠦᠬᠦᠢ ᠲᠦᠷᠦ  ᠶᠢᠨ ᠪᠤᠳᠤᠯᠭ᠎ᠠ  ᠶᠢ ᠲᠠ ᠪᠦᠬᠦᠨ  ᠳᠤ ᠪᠠᠨ ᠲᠠᠨᠢᠯᠴᠠᠭᠤᠯᠤᠶ᠎ᠠ︕     ᠨᠢᠭᠡ᠂ ᠳᠠᠭᠠᠳᠬᠠᠯ  ᠳᠤ ᠤᠷᠤᠯᠴᠠᠬᠤ ᠬᠦᠷᠢᠶ᠎ᠡ ᠬᠡᠪᠴᠢᠶ᠎ᠡᠪᠦᠬᠦᠯᠢ 16 ᠨᠠᠰᠤ ︵ᠰᠤᠷᠭᠠᠭᠤᠯᠢ  ᠳᠤ ᠰᠠᠭᠤᠭ᠎ᠠ ᠰᠤᠷᠤᠭᠴᠢ  ᠶᠢ ᠪᠠᠭᠳᠠᠭᠠᠬᠤ ᠦᠬᠡᠢ︶ ᠬᠦᠷᠦᠭᠰᠡᠨ ᠮᠠᠨ ᠤ ᠬᠤᠳᠠ ᠶᠢᠨ ᠡᠷᠦᠬᠡ ᠠᠮᠠ ᠶᠢᠨ ᠳᠠᠩᠰᠠ ᠲᠠᠢ᠂ ᠤᠯᠤᠰ  ᠤᠨ ᠠᠯᠪᠠᠨ ᠪᠠᠶᠢᠭᠤᠯᠭ᠎ᠠ᠂ ᠠᠵᠢᠯ ᠦᠢᠯᠡᠰ  ᠤᠨ ᠨᠢᠭᠡᠴᠢ  ᠶᠢᠨ ᠠᠵᠢᠯᠳᠠᠨ ᠪᠤᠰᠤ ᠵᠢᠴᠢ ᠠᠵᠢᠯᠳᠠᠨ ᠠᠵᠢᠯᠴᠢᠨ  ᠤ ᠦᠨᠳᠦᠰᠦᠨ ᠨᠠᠰᠤᠵᠢᠯ  ᠤᠨ ᠳᠠᠭᠠᠳᠬᠠᠯ ᠤᠨ ᠲᠦᠷᠢᠮ  ᠤᠨ ᠪᠦᠷᠬᠦᠴᠡ  ᠶᠢᠨ ᠬᠡᠪᠴᠢᠶᠡᠨ  ᠳᠤ   ᠪᠠᠭᠳᠠᠬᠤ ᠦᠬᠡᠢ ᠬᠤᠳᠠ ᠬᠦᠳᠡᠭᠡ  ᠶᠢᠨ ᠰᠠᠭᠤᠭᠠᠯᠢ ᠠᠷᠠᠳ ᠠᠮᠠ ᠡᠷᠦᠬᠡ ᠪᠠᠶᠢᠭ᠎ᠠ ᠭᠠᠵᠠᠷ ᠲᠤ ᠪᠠᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠣᠵᠢᠯ  ᠤᠨ ᠳᠠᠭᠠᠳᠬᠠᠯ  ᠳᠤ ᠤᠷᠤᠯᠴᠠᠵᠤ ᠪᠤᠯᠤᠨ᠎ᠠ᠃     ᠬᠤᠶᠠᠷ᠂ ᠬᠡᠷᠬᠢᠨ ᠳᠠᠭᠠᠳᠬᠠᠯ  ᠳᠤ ᠤᠷᠤᠯᠴᠠᠨ ᠰᠦᠢᠳᠭᠡᠯ ᠳᠤᠰᠢᠶᠠᠬᠤᠨᠦᠬᠦᠴᠡᠯ  ᠳᠤ ᠨᠡᠶᠢᠴᠡᠭᠰᠡᠨ ᠮᠠᠯᠴᠢᠳ ᠠᠮᠠ ᠡᠷᠦᠬᠡ  ᠶᠢᠨ ᠳᠡᠪᠳᠡᠷ᠂ ᠰᠠᠭᠤᠭᠠᠯᠢ ᠠᠷᠠᠳ  ᠤᠨ ᠬᠤᠶᠠᠳᠠᠬᠢ ᠪᠡᠶ᠎ᠡ  ᠶᠢᠨ ᠦᠨᠡᠮᠯᠡᠯ  ᠤᠨ ᠤᠭ ᠵᠠᠭᠪᠤᠷ ᠪᠤᠯᠤᠨ ᠬᠠᠭᠤᠯᠪᠤᠷᠢ ᠬᠡᠪᠯᠡᠯ ᠵᠢᠴᠢ ᠨᠢᠭᠡ ᠢᠮᠠᠬᠤ  ᠶᠢᠨ ᠮᠠᠯᠠᠭᠠᠢ ᠦᠬᠡᠢ ᠰᠡᠬᠦᠳᠡᠷ 3 ᠬᠤᠪᠢ ᠠᠪᠴᠤ ᠪᠠᠷᠠᠭᠤᠨ ᠬᠤᠳᠠ ᠳᠤᠭᠤᠷᠢᠭ  ᠤᠨ ᠵᠠᠰᠠᠭ  ᠤᠨ ᠶᠠᠪᠤᠳᠠᠯ  ᠤᠨ ᠦᠢᠯᠡᠴᠢᠯᠡᠭᠡᠨ  ᠤ ᠲᠦᠪ  ᠤᠨ ᠨᠠᠰᠤᠵᠢᠯ  ᠤᠨ ᠳᠠᠭᠠᠳᠬᠠᠯ  ᠤᠨ ᠴᠤᠩᠬᠤᠨ ︵ᠡᠰᠡᠬᠦᠯ᠎ᠡ ᠭᠠᠴᠠᠭᠠᠨ  ᠤ ᠪᠠᠨ ᠠᠷᠠᠳ  ᠤᠨ ᠠᠮᠢᠳᠤᠷᠠᠯ  ᠤᠨ ᠳᠤᠰᠠᠯᠠᠭᠴᠢ ᠭᠡᠰᠢᠬᠦᠨ  ᠳᠤ ᠪᠠᠨ ᠳᠤᠰᠢᠶᠠᠨ᠎ᠠ︶ ᠳᠤ ᠬᠦᠷᠴᠦ ᠬᠤᠲᠠ ᠬᠦᠳᠡᠭᠡ  ᠶᠢᠨ ᠨᠠᠰᠤᠵᠢᠯ  ᠤᠨ ᠳᠠᠭᠠᠳᠬᠠᠯ  ᠳᠤ ᠤᠷᠤᠯᠴᠠᠬᠤ ᠡᠷᠬᠦᠳᠡᠯ  ᠢᠶᠠᠨ ᠳᠡᠪᠰᠢᠬᠦᠯᠵᠦ᠂ ᠰᠠᠶᠢᠨ ᠳᠤᠷ᠎ᠠ  ᠠᠴᠠ ᠪᠠᠨ100 ᠲᠦᠬᠦᠷᠢᠭ — 3000 ᠲᠦᠬᠦᠷᠢᠭ  ᠤᠨ ᠬᠤᠭᠤᠷᠤᠨᠳᠤᠬᠢ ᠰᠦᠢᠳᠭᠡᠯ ᠳᠤᠰᠢᠶᠠᠬᠤ ᠳᠡᠰ  ᠢᠶᠠᠨ ᠰᠤᠩᠭᠤᠵᠤ᠂ ︽ᠬᠤᠲᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠳᠤ ᠤᠷᠤᠯᠴᠠᠬᠤ ᠪᠦᠷᠢᠳᠭᠡᠯ  ᠤᠨ ᠬᠦᠰᠦᠨᠦᠭ︾  ᠢ ᠳᠠᠭᠯᠠᠨ ᠳᠠᠭᠠᠳᠬᠠᠯ  ᠳᠤ ᠤᠷᠤᠯᠴᠠᠬᠤ ᠭᠠᠷ ᠬᠦᠢᠴᠡᠳᠭᠡᠯ  ᠢᠶᠠᠨ ᠬᠢᠨ᠎ᠡ᠃ ᠳᠤᠤᠷ᠎ᠠ ᠪᠠᠳᠤᠯᠭᠠᠳᠤ ᠡᠷᠦᠬᠡ᠂ ᠬᠦᠨᠳᠦ ᠵᠡᠮᠳᠡᠭ ᠬᠦᠮᠦᠰ ᠬᠠᠮᠢᠶ᠎ᠠ ᠪᠦᠬᠦᠢ ᠭᠡᠷᠡᠴᠢ ᠮᠠᠲ᠋ᠧᠷᠢᠶᠠᠯ  ᠢᠶᠠᠨ ᠬᠠᠩᠭᠠᠬᠤ ᠱᠠᠭᠠᠷᠳᠠᠯᠭ᠎ᠠ ᠲᠠᠢ᠃     ᠭᠤᠷᠪᠠ᠂ ᠰᠦᠢᠳᠭᠡᠯ ᠳᠤᠰᠢᠶᠠᠬᠤ ᠵᠢᠯ ᠬᠤᠭᠤᠴᠠᠭ᠎ᠠᠰᠢᠨ᠎ᠡ ᠬᠡᠯᠪᠡᠷᠢ  ᠶᠢᠨ ᠬᠦᠳᠡᠭᠡ ᠳᠤᠰᠬᠤᠨ  ᠤ ᠨᠡᠶᠢᠭᠡᠮ  ᠤᠨ ᠨᠠᠰᠤᠵᠢᠯ  ᠤᠨ ᠳᠠᠭᠠᠳᠬᠠᠯ᠂ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠢ ᠪᠤᠳᠠᠳᠠᠢ ᠬᠡᠷᠡᠭᠵᠢᠬᠦᠯᠬᠦ ᠡᠳᠦᠷ  ᠠᠴᠠ ᠡᠬᠢᠯᠡᠨ᠂ ᠳᠤᠭᠳᠠᠭᠠᠯ  ᠳᠤ ᠨᠡᠶᠢᠴᠡᠭᠰᠡᠨ ᠳᠠᠭᠠᠳᠬᠠᠯ ᠬᠦᠷᠳᠡᠬᠦ ᠨᠠᠰᠤᠨ  ᠤ ᠵᠠᠢ ᠴᠢᠨᠢ ᠳᠠᠭᠠᠳᠬᠠᠯ ᠳᠤᠰᠢᠶᠠᠭᠰᠠᠨ 15 ᠵᠢᠯ  ᠤᠨ ᠬᠤᠭᠤᠴᠠᠭᠠᠨ  ᠳᠤ ᠪᠠᠨ ᠬᠦᠷᠬᠦ ᠦᠬᠡᠢ ᠪᠤᠯ ᠰᠦᠢᠳᠭᠡᠯ ᠢᠶᠠᠨ ᠵᠢᠯ ᠳᠠᠷᠠᠭᠠᠯᠠᠨ ᠳᠤᠰᠢᠶᠠᠬᠤ ᠬᠡᠷᠡᠭᠳᠡᠢ᠂ ᠨᠦᠬᠦᠪᠦᠷᠢᠯᠡᠨ ᠳᠤᠰᠢᠶᠠᠬᠤ  ᠶᠢ ᠵᠦᠪᠰᠢᠶᠡᠷᠡᠨ᠎ᠡ᠃ ᠨᠡᠶᠢᠳᠡ ᠳᠤᠰᠢᠶᠠᠭᠰᠠᠨ ᠬᠤᠷᠠᠮᠳᠤᠯ ᠬᠤᠭᠤᠴᠠᠭ᠎ᠠ ᠨᠢ 15 ᠵᠢᠯ  ᠠᠴᠠ ᠭᠡᠳᠦᠷᠡᠬᠦ ᠦᠬᠡᠢ᠃ ᠳᠤᠭᠳᠠᠭᠠᠯ  ᠳᠤ ᠨᠡᠶᠢᠴᠡᠭᠰᠡᠨ ᠳᠠᠭᠠᠳᠬᠠᠯ ᠬᠦᠷᠳᠡᠬᠦ ᠨᠠᠰᠤ ᠨᠢ 15 ᠵᠢᠯ  ᠤᠨ ᠰᠦᠢᠳᠭᠡᠯ ᠳᠤᠰᠢᠶᠠᠬᠤ ᠬᠤᠭᠤᠴᠠᠭ᠎ᠠ  ᠠᠴᠠ ᠪᠠᠨ ᠤᠷᠳᠤ ᠪᠠᠶᠢᠪᠠᠯ ᠵᠢᠯ ᠵᠢᠯ  ᠢᠶᠠᠷ ᠳᠤᠰᠢᠶᠠᠵᠤ᠂ ᠨᠡᠶᠢᠳᠡ ᠳᠤᠰᠢᠶᠠᠬᠤ ᠬᠤᠭᠤᠴᠠᠭ᠎ᠠ 15 ᠵᠢᠯ  ᠠᠴᠠ ᠳᠤᠤᠷ᠎ᠠ ᠪᠠᠶᠢᠵᠤ ᠪᠤᠯᠬᠤ ᠦᠬᠡᠢ᠃     ᠲᠦᠷᠪᠡ᠂ ᠬᠤᠪᠢ ᠬᠦᠮᠦᠨ  ᠤ ᠰᠦᠢᠳᠭᠡᠯ ᠳᠤᠰᠢᠶᠠᠬᠤ ᠪᠠᠷᠢᠮᠵᠢᠶ᠎ᠠᠳᠠᠭᠠᠳᠬᠠᠯ  ᠤᠨ ᠰᠦᠢᠳᠭᠡᠯ ᠳᠤᠰᠢᠶᠠᠬᠤ ᠪᠠᠷᠢᠮᠵᠢᠶ᠎ᠠ ᠨᠢ ᠵᠢᠯ ᠪᠦᠷᠢ 100 ᠲᠦᠬᠦᠷᠢᠭ᠂ 200 ᠲᠦᠬᠦᠷᠢᠭ᠂ 300 ᠲᠦᠬᠦᠷᠢᠭ᠂ 400 ᠲᠦᠬᠦᠷᠢᠭ᠂ 500 ᠲᠦᠬᠦᠷᠢᠭ᠂ 600 ᠲᠦᠬᠦᠷᠢᠭ᠂ 700 ᠲᠦᠬᠦᠷᠢᠭ᠂ 800 ᠲᠦᠬᠦᠷᠢᠭ᠂ 900 ᠲᠦᠬᠦᠷᠢᠭ᠂ 1000 ᠲᠦᠬᠦᠷᠢᠭ᠂ 1500 ᠲᠦᠬᠦᠷᠢᠭ᠂ 2000 ᠲᠦᠬᠦᠷᠢᠭ᠂ 3000 ᠲᠦᠬᠦᠷᠢᠭ ᠭᠡᠵᠦ 13 ᠳᠡᠰ ᠬᠤᠪᠢᠶᠠᠨ᠎ᠠ᠃ ᠳᠠᠭᠠᠳᠬᠠᠯ  ᠳᠤ ᠤᠷᠤᠯᠴᠠᠭᠴᠢ ᠳᠡᠰ ᠢᠶᠠᠨ ᠦᠪᠡᠷᠳᠡᠭᠡᠨ ᠰᠤᠩᠭᠤᠨ ᠰᠦᠢᠳᠭᠡᠯ  ᠢᠶᠠᠨ ᠳᠤᠰᠢᠶᠠᠵᠤ᠂ ᠢᠯᠡᠬᠦᠦ ᠳᠤᠰᠢᠶᠠᠪᠠᠯ ᠢᠯᠡᠬᠦᠦ ᠬᠦᠷᠳᠡᠨ᠎ᠡ᠃    ᠳᠠᠪᠤ᠂ ᠵᠠᠰᠠᠭ  ᠤᠨ ᠤᠷᠳᠤᠨ  ᠤ ᠨᠦᠬᠦᠪᠦᠷᠢᠵᠠᠰᠠᠭ  ᠤᠨ ᠤᠷᠳᠤᠨ  ᠠᠴᠠ 100 ᠲᠦᠬᠦᠷᠢᠭ  ᠠᠴᠠ 3000 ᠲᠦᠬᠦᠷᠢᠭ  ᠤᠨ ᠬᠤᠭᠤᠷᠤᠨᠳᠤᠬᠢ 13 ᠳᠡᠰ ᠬᠤᠪᠢᠶᠠᠨ ᠰᠦᠢᠳᠭᠡᠯ ᠳᠤᠰᠢᠶᠠᠭᠰᠠᠨ ᠪᠠᠶᠢᠳᠠᠯ  ᠢ ᠦᠨᠳᠦᠰᠦᠯᠡᠨ ᠨᠦᠬᠦᠪᠦᠷᠢ ᠤᠯᠭᠤᠨ᠎ᠠ᠃100 ᠲᠦᠬᠦᠷᠢᠭ  ᠠᠴᠠ 400 ᠲᠦᠬᠦᠷᠢᠭ  ᠤᠨ ᠳᠡᠰ ᠲᠤ ᠰᠦᠢᠳᠭᠡᠯ ᠳᠤᠰᠢᠶᠠᠭᠰᠠᠳ  ᠲᠤ ᠳᠤᠰ ᠪᠦᠷᠢ 30 ᠲᠦᠬᠦᠷᠢᠭ᠂ 35 ᠲᠦᠬᠦᠷᠢᠭ᠂ 40 ᠲᠦᠬᠦᠷᠢᠭ᠂ 45 ᠲᠦᠬᠦᠷᠢᠭ  ᠤᠨ ᠨᠦᠬᠦᠪᠦᠷᠢ ᠤᠯᠭᠤᠵᠤ᠂ 500 ᠲᠦᠬᠦᠷᠢᠭ  ᠠᠴᠠ 1000 ᠲᠦᠬᠦᠷᠢᠭ  ᠤᠨ ᠬᠤᠭᠤᠷᠤᠨᠳᠤᠬᠢ ᠳᠡᠰ  ᠲᠤ ᠰᠦᠢᠳᠭᠡᠯ ᠳᠤᠰᠢᠶᠠᠭᠰᠠᠳ  ᠲᠤ 60 ᠲᠦᠬᠦᠷᠢᠭ᠂ 65 ᠲᠦᠬᠦᠷᠢᠭ᠂ 70 ᠲᠦᠬᠦᠷᠢᠭ᠂ 75 ᠲᠦᠬᠦᠷᠢᠭ᠂ 80 ᠲᠦᠬᠦᠷᠢᠭ᠂ 85 ᠲᠦᠬᠦᠷᠢᠭ  ᠤᠨ ᠨᠦᠬᠦᠪᠦᠷᠢ ᠤᠯᠭᠤᠵᠤ᠂ 1500 ᠲᠦᠬᠦᠷᠢᠭ᠂ 2000 ᠲᠦᠬᠦᠷᠢᠭ᠂ 3000 ᠲᠦᠬᠦᠷᠢᠭ  ᠤᠨ ᠬᠤᠭᠤᠷᠤᠨᠳᠤᠬᠢ ᠳᠡᠰ  ᠢ ᠰᠤᠩᠭᠤᠭᠰᠠᠳ  ᠲᠤ 85 ᠲᠦᠬᠦᠷᠢᠭ  ᠤᠨ ᠨᠦᠬᠦᠪᠦᠷᠢ ᠤᠯᠭᠤᠨ᠎ᠠ᠃ ᠳᠤᠤᠷ᠎ᠠ ᠪᠠᠳᠤᠯᠭᠠᠳᠤ ᠡᠷᠦᠬᠡ᠂ ᠬᠦᠨᠳᠦ ᠵᠡᠮᠳᠡᠭ ᠬᠦᠮᠦᠨ᠂ ᠳᠠᠪᠤᠨ ᠪᠠᠳᠤᠯᠭᠠᠳᠤ ᠡᠷᠦᠬᠡ ᠵᠡᠷᠭᠡ ᠰᠦᠢᠳᠭᠡᠯ ᠳᠤᠰᠢᠶᠠᠬᠤ  ᠳᠤ ᠪᠠᠨ ᠬᠦᠴᠢᠷᠳᠡᠬᠦ ᠡᠳᠡᠭᠡᠷ ᠭᠡᠰᠡᠭ ᠪᠦᠯᠦᠭ ᠬᠦᠮᠦᠰ  ᠲᠤ ᠵᠠᠰᠠᠭ  ᠤᠨ ᠤᠷᠳᠤᠨ  ᠠᠴᠠ ᠬᠦᠮᠦᠨ ᠪᠦᠷᠢ  ᠳᠤ ᠵᠢᠯ ᠪᠤᠯᠭᠠᠨ  100 ᠲᠦᠬᠦᠷᠢᠭ  ᠤᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠰᠦᠢᠳᠭᠡᠯ  ᠢ ᠤᠷᠤᠯᠠᠨ ᠳᠤᠰᠢᠶᠠᠨ᠎ᠠ᠃    ᠵᠢᠷᠭᠤᠭ᠎ᠠ᠂ ᠨᠠᠰᠤᠵᠢᠯ  ᠤᠨ ᠳᠠᠭᠠᠳᠬᠠᠯ  ᠤᠨ ᠠᠰᠠᠷᠠᠮᠵᠢ  ᠶᠢ ᠬᠦᠷᠳᠡᠬᠦ ᠨᠦᠬᠦᠴᠡᠯ    ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠳᠤ ᠤᠷᠤᠯᠴᠠᠭᠴᠢ ᠬᠤᠪᠢ ᠬᠦᠮᠦᠨ 60 ᠪᠦᠬᠦᠯᠢ ᠨᠠᠰᠤ ᠬᠦᠷᠴᠤ᠂ ᠳᠠᠭᠠᠳᠬᠠᠯ ᠳᠤᠰᠢᠶᠠᠭᠰᠠᠨ ᠬᠤᠷᠠᠮᠳᠤᠯ ᠬᠤᠭᠤᠴᠠᠭ᠎ᠠ ᠨᠡᠶᠢᠳᠡ 15 ᠵᠢᠯ ᠲᠦᠬᠦᠷᠡᠭᠰᠡᠨ ᠪᠦᠭᠡᠳ ᠤᠯᠤᠰ  ᠠᠴᠠ ᠳᠤᠭᠳᠠᠭᠠᠭᠰᠠᠨ ᠪᠤᠰᠤᠳ ᠦᠨᠳᠦᠰᠦᠨ ᠨᠠᠰᠤᠵᠢᠯ  ᠤᠨ ᠠᠰᠠᠷᠠᠮᠵᠢ  ᠶᠢᠨ ᠪᠠᠳᠤᠯᠠᠭ᠎ᠠ ᠬᠦᠷᠳᠡᠭᠡ ᠦᠬᠡᠢ ᠪᠤᠯ ᠰᠠᠷ᠎ᠠ ᠪᠦᠷᠢ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠤᠨ ᠠᠰᠠᠷᠠᠮᠵᠢ ᠤᠯᠭᠤᠮᠵᠢ ᠪᠠᠨ ᠬᠦᠷᠳᠡᠨ᠎ᠡ᠃ᠳᠡᠭᠡᠷᠡᠬᠢ ᠪᠤᠯ ᠪᠢᠳᠡ ᠲᠠ ᠤᠯᠠᠨ  ᠳᠤ ᠪᠠᠨ ᠳᠠᠨᠢᠯᠴᠠᠭᠤᠯᠤᠭᠰᠠᠨ ᠡᠷᠢᠶᠡᠨ ᠬᠤᠲᠠ  ᠶᠢᠨ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠨᠡᠶᠢᠭᠡᠮ  ᠤᠨ ᠨᠠᠰᠤᠵᠢᠯ  ᠤᠨ ᠳᠠᠭᠠᠳᠬᠠᠯ  ᠤᠨ ᠲᠦᠷᠢᠮ ᠳᠤᠭᠳᠠᠭᠠᠯ  ᠤᠨ ᠳᠤᠶᠢᠮᠤ ᠪᠠᠶᠢᠳᠠᠯ ᠪᠤᠯᠤᠨ᠎ᠠ᠃ ᠲᠠᠨ  ᠤ ᠬᠤᠳᠠ ᠬᠦᠳᠡᠭᠡ ᠶᠢᠨ ᠰᠠᠭᠤᠭᠠᠯᠢ ᠠᠷᠠᠳ  ᠤᠨ ᠨᠠᠰᠤᠵᠢᠯ  ᠤᠨ ᠳᠠᠭᠠᠳᠬᠠᠯ  ᠳᠤ ᠡᠷᠳᠡᠬᠡᠨ ᠤᠷᠤᠯᠴᠠᠵᠤ᠂  ᠡᠷᠳᠡ ᠳᠤᠰᠢᠶᠠᠵᠤ᠂ ᠢᠯᠡᠬᠦᠦ ᠳᠤᠰᠢᠶᠠᠵᠤ᠂ ᠦᠷᠬᠦᠯᠵᠢ ᠳᠤᠰᠢᠶᠠᠨ ᠵᠠᠰᠠᠭ  ᠤᠨ ᠤᠷᠳᠤᠨ  ᠤ ᠨᠦᠬᠦᠪᠦᠷᠢ ᠪᠠ ᠠᠰᠢᠭ ᠳᠤᠰᠠᠯᠠᠮᠵᠢ  ᠶᠢ ᠢᠯᠡᠬᠦᠭᠡᠨ ᠬᠦᠷᠳᠡᠵᠦ᠂ ᠦᠳᠡᠯᠦᠭᠡ ᠨᠠᠰᠤᠨ  ᠤ ᠠᠮᠢᠳᠤᠷᠠᠯ  ᠢᠶᠠᠨ ᠤᠯᠠᠮ ᠢᠯᠡᠬᠦᠦ ᠵᠤᠯ ᠵᠢᠷᠭᠠᠯ ᠲᠠᠢ ᠡᠷᠡᠬᠦᠯ ᠳᠡᠩᠬᠡᠯᠡᠬᠦᠨ ᠳᠤᠭᠤᠯᠬᠤ  ᠶᠢ ᠴᠢᠨᠢ ᠴᠢᠩ ᠦᠨᠡᠨᠴᠢ ᠪᠠᠷ ᠬᠦᠰᠡᠶ᠎ᠡ︕ ᠪᠢᠳᠡ ᠬᠠᠯᠠᠭᠤᠮᠰᠤᠭ ᠳᠤᠳᠤᠨᠤᠬᠠᠨ᠂ ᠦᠨᠳᠦᠷ ᠦᠷ᠎ᠡ ᠪᠦᠳᠦᠮᠵᠢᠳᠦ ᠦᠢᠯᠡᠴᠢᠯᠡᠭᠡ ᠪᠠᠷ  ᠢᠶᠠᠨ ᠲᠠ ᠤᠯᠠᠨ  ᠤ ᠳᠠᠭᠠᠳᠬᠠᠯ ᠳᠤ ᠤᠷᠤᠯᠴᠠᠨ ᠰᠦᠢᠳᠭᠡᠯ ᠳᠤᠰᠢᠶᠠᠬᠤ ᠠᠵᠢᠯ  ᠳᠤ ᠴᠢᠨᠢ ᠳᠤᠰᠠᠯᠠᠨ᠎ᠠ᠃      ᠠᠰᠠᠭᠤᠵᠤ ᠯᠠᠪᠯᠠᠬᠤ ᠤᠳᠠᠰᠤ᠄ 0479-7521927                                       ᠡᠷᠢᠶᠡᠨ ᠬᠤᠳᠠ  ᠶᠢᠨ ᠨᠡᠶᠢᠭᠡᠮ  ᠤᠨ ᠳᠠᠭᠠᠳᠬᠠᠯ  ᠤᠨ ᠠᠵᠢᠯ ᠦᠢᠯᠡᠰ  ᠤᠨ ᠬᠠᠮᠢᠶᠠᠷᠤᠯᠳᠠ  ᠶᠢᠨ ᠳᠤᠪᠴᠢᠶ᠎ᠠ                                                  2016 ᠤᠨ  ᠤ 6 ᠰᠠᠷ᠎ᠠ  ᠶᠢᠨ 15  ᠤ ᠡᠳᠦᠷ
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号