ᠮᠣᠩᠭᠤᠯ ᠬᠡᠣᠬᠡᠳ ᠮᠣᠩᠭᠤᠯ ᠢᠶᠠᠷ ᠰᠣᠷᠣᠭᠠᠳ ᠬᠢᠲᠠᠳ  ᠬᠡᠯᠡᠨ  ᠳᠤ ᠪᠠᠨ ᠪᠦᠳᠦᠨ ᠬᠤᠪᠢ ᠣᠯᠣᠯ᠎ᠠ
ᠨᠡᠶᠢᠲᠡᠯᠡᠭᠰᠡᠨ ᠴᠠᠭ᠄
2018/6/27
   ᠡᠷᠢᠶᠡᠨ ᠬᠤᠲᠠ ᠶᠢᠨ ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ   ᠳᠤ ᠰᠣᠷᠣᠯᠴᠠᠵᠦ ᠪᠠᠶᠢᠭ᠎ᠠ ᠶᠠᠩ ᠬᠠᠢ ᠯᠢᠩ 2018 ᠣᠨ ᠤ ᠣᠯᠣᠰ ᠤᠨ ᠰᠢᠯᠭᠠᠯᠲᠠ   ᠳᠤ ᠬᠢᠲᠠᠳ ᠬᠡᠯᠡ   ᠪᠠᠨ 105 ᠬᠤᠪᠢ ᠠᠪᠴᠦ᠂  ᠪᠦᠬᠦ ᠣᠷᠣᠨ ᠳᠠᠭᠠᠨ ᠮᠠᠩᠯᠠᠶᠢᠯᠠᠪᠠ᠃ ᠶᠠᠩ ᠬᠠᠢ ᠯᠢᠩ ᠪᠣᠯ ᠳᠦᠩᠯᠢᠶᠣᠣ ᠬᠤᠲᠠ ᠶᠢᠨ ᠨᠠᠢᠮᠠᠨ ᠬᠤᠰᠢᠭᠤᠨ ᠤ ᠬᠦᠮᠦᠨ᠂ 2017 ᠣᠨ ᠳᠤ ᠬᠡᠷ ᠤᠨ ᠬᠦᠮᠦᠰ ᠢᠶᠠᠨ ᠲᠠᠭᠠᠨ ᠡᠷᠢᠶᠡᠨ ᠬᠤᠲᠠ ᠳᠤ   ᠢᠷᠡᠵᠦ ᠠᠵᠢᠯᠯᠠᠵᠦ ᠠᠮᠢᠳᠣᠷᠠᠨ᠂ ᠡᠷᠢᠶᠡᠨ ᠬᠤᠲᠠ ᠶᠢᠨ ᠮᠣᠩᠭᠤᠯ ᠦᠨᠳᠣᠰᠦᠳᠡᠨ ᠤ ᠳᠣᠮᠳᠠᠳᠦ ᠰᠣᠷᠭᠠᠭᠤᠯᠢ ᠳᠤ ᠰᠣᠷᠣᠯᠭ᠎ᠠ ᠪᠠᠨ  ᠦᠷᠬᠦᠯᠵᠢᠯᠡᠬᠦᠯᠦᠭᠰᠡᠨ ᠶᠤᠮ᠃
     ᠳᠡᠬᠦᠨ ᠤ  ᠬᠢᠲᠠᠳ ᠬᠡᠯᠡ   ᠳᠡᠭᠡᠨ ᠠᠮᠵᠢᠯᠲᠠ ᠣᠯᠣᠭᠰᠠᠨ  ᠠᠷᠭ᠎ᠠ ᠶᠢ ᠬᠤᠪᠢᠶᠠᠯᠴᠠᠪᠠᠯ᠄1 ᠬᠢᠲᠠᠳ ᠨᠣᠮ ᠪᠢᠴᠢᠭ᠂ ᠳᠠᠭᠤᠣ᠂ ᠲᠧᠯᠸᠢᠰ ᠵᠡᠷᠭᠡ ᠶᠢ ᠰᠣᠨᠢᠷᠬᠠᠬᠤ ᠳᠣᠷᠠᠲᠠᠢ᠃2 ᠨᠡᠷᠡᠳᠦ ᠪᠦᠳᠦᠬᠡᠯ ᠢ ᠨᠠᠷᠢᠯᠢᠭ ᠣᠩᠰᠢᠵᠦ᠂ ᠳᠣᠭᠤᠵᠦ ᠪᠠᠭ᠋ᠠᠷᠬᠠᠭᠰᠠᠨ ᠬᠡᠰᠡᠭ ᠪᠠᠳᠠᠭ  ᠪᠣᠶᠣ ᠦᠬᠦᠯᠡᠪᠣᠷᠢ   ᠪᠠᠨ ᠡᠮᠬᠢᠳᠬᠡᠯ ᠤᠨ ᠳᠡᠪᠳᠡᠷ ᠳᠡᠭᠡᠷ᠎ᠡ ᠪᠠᠨ ᠳᠡᠮᠳᠡᠭᠯᠡᠵᠦ᠂ ᠳᠠᠬᠢᠨ ᠳᠠᠬᠢᠨ ᠣᠩᠰᠢᠵᠦ ᠦᠪᠡᠷ ᠤᠨ ᠪᠣᠯᠭᠠᠨ  ᠰᠢᠩᠬᠡᠬᠡᠨ ᠠᠪᠳᠠᠭ᠃3 ᠰᠡᠷᠡᠭᠳᠡᠵᠦ ᠳᠦᠷᠦᠭᠰᠡᠨ ᠵᠦᠢᠯ ᠢᠶᠠᠨ ᠬᠡᠳᠦᠨ ᠦᠭᠡ ᠦᠬᠦᠯᠡᠪᠣᠷᠢ ᠴᠦ ᠬᠡᠰᠡᠨ ᠦᠭᠡᠢ  ᠬᠢᠲᠠᠳ ᠢᠶᠠᠷ ᠪᠢᠴᠢᠵᠦ ᠳᠠᠯᠪᠢᠵᠦ᠂ ᠵᠣᠬᠢᠶᠠᠨ ᠪᠢᠴᠢᠯᠭᠡ   ᠳᠡᠭᠡᠨ ᠳᠣᠰᠠ  ᠳᠡᠮᠵᠢᠯᠭᠡ ᠪᠣᠯᠳᠠᠭ᠃4  ᠦᠨᠳᠣᠷ ᠳᠠᠭᠤᠨ ᠢᠶᠠᠷ ᠨᠣᠮ ᠣᠩᠰᠢᠵᠦ ᠦᠪᠡᠷ ᠤᠨ ᠣᠩᠰᠢᠬᠤ ᠴᠢᠳᠠᠪᠣᠷᠢ  ᠂ ᠣᠶᠢᠯᠠᠭᠠᠬᠤ ᠴᠢᠳᠠᠪᠣᠷᠢ ᠪᠠᠨ  ᠳᠡᠭᠡᠭᠰᠢᠯᠡᠬᠦᠯᠳᠡᠭ᠃5 ᠢᠯᠡᠬᠦᠣ ᠪᠢᠴᠢᠵᠦ  ᠪᠣᠯᠪᠠᠰᠣᠷᠠᠨ ᠰᠠᠭᠤᠷᠢ ᠮᠡᠳᠡᠯᠭᠡ ᠪᠠᠨ ᠳᠡᠭᠡᠭᠰᠢᠯᠡᠬᠦᠯᠦᠨ᠎ᠡ᠃         ᠳᠡᠶᠢᠮᠦ  ᠡ᠂  ᠮᠣᠩᠭᠤᠯ ᠬᠡᠯᠡ ᠪᠣᠯ ᠬᠠᠮᠤᠭ ᠤᠨ ᠪᠠᠶᠠᠯᠢᠭ ᠬᠡᠯᠡ ᠪᠣᠯᠬᠤᠷ᠂ ᠮᠣᠩᠭᠤᠯ   ᠢᠶᠠᠷ ᠰᠣᠷᠣᠭᠰᠠᠨ ᠬᠡᠣᠬᠡᠳ ᠤᠨ ᠬᠡᠯᠡᠨ ᠤ ᠮᠡᠳᠡᠷᠡᠮᠵᠢ ᠰᠠᠶᠢᠨ ᠪᠠᠶᠢᠵᠦ᠂  ᠬᠠᠷᠢ ᠬᠡᠯᠡ ᠶᠢ ᠰᠣᠷᠬᠤ ᠳᠤ  ᠨᠠᠩ ᠳᠦᠬᠦᠮ ᠪᠠᠶᠢᠳᠠᠭ᠃ ᠡᠨᠡ ᠳᠣᠬᠠᠢ ᠣᠯᠠᠨ ᠮᠣᠩᠭᠤᠯᠴᠢ ᠡᠷᠳᠡᠮᠳᠡᠨ  ᠪᠦᠷ ᠰᠠᠨᠠᠯ ᠨᠢᠭᠡᠳᠠᠢ ᠵᠦᠪᠰᠢᠶᠡᠷᠡᠳᠡᠭ᠃
          ᠶᠠᠩ ᠬᠠᠢ ᠯᠢᠩ ᠤᠨ ᠬᠢᠲᠠᠳ ᠬᠡᠯᠡᠨ ᠤ ᠪᠠᠭᠰᠢ ᠡᠷᠢᠶᠡᠨ ᠬᠤᠲᠠ ᠶᠢᠨ  ᠮᠣᠩᠭᠤᠯ ᠦᠨᠳᠣᠰᠣᠳᠡᠨ ᠤ ᠳᠣᠮᠳᠠᠳᠦ ᠰᠣᠷᠭᠠᠭᠤᠯᠢ ᠶᠢᠨ ᠢᠣᠢ ᠴᠦᠨ ᠪᠠᠭᠰᠢ   ᠶᠢᠨ  ᠶᠠᠷᠢᠬᠤ ᠪᠠᠷ᠂  ᠡᠩ ᠤᠨ ᠴᠠᠭ ᠤᠨ ᠨᠣᠮ  ᠣᠩᠰᠢᠵᠦ ᠮᠡᠳᠡᠯᠭᠡ ᠬᠤᠷᠠᠮᠳᠣᠭᠤᠯᠬᠤ ᠶᠡᠭᠡ ᠴᠢᠬᠤᠯᠠ ᠪᠠᠶᠢᠳᠠᠭ ᠪᠦᠭᠡᠳ ᠨᠣᠮ ᠣᠩᠰᠢᠭᠰᠠᠨ ᠤ ᠪᠠᠨ ᠳᠠᠷᠠᠭ᠎ᠠ  ᠨᠣᠮ ᠣᠩᠰᠢᠭᠰᠠᠨ ᠳᠡᠮᠳᠡᠭᠯᠡᠯ  ᠪᠣᠯᠣᠨ ᠳᠦᠷᠦᠭᠳᠡᠯ ᠪᠢᠴᠢᠬᠦ ᠳᠠᠳᠬᠠᠯ   ᠢ ᠪᠣᠢ ᠪᠣᠯᠭᠠᠬᠤ ᠬᠡᠷᠡᠭᠲᠠᠢ  ᠂ ᠢᠩᠬᠢᠭᠡᠳ ᠦᠪᠡᠷ  ᠤᠨ ᠣᠩᠰᠢᠵᠦ ᠣᠶᠢᠯᠠᠭᠠᠬᠤ ᠴᠢᠳᠠᠪᠣᠷᠢ ᠪᠠ ᠪᠢᠴᠢᠵᠦ ᠢᠯᠡᠳᠬᠡᠬᠦ ᠴᠢᠳᠠᠪᠣᠷᠢ ᠪᠠᠨ ᠳᠡᠭᠡᠭᠰᠢᠯᠡᠬᠦᠯᠵᠦ᠂ ᠰᠢᠯᠭᠠᠯᠲᠠ  ᠳᠤ ᠦᠨᠳᠣᠷ ᠬᠢᠷᠢ ᠪᠦᠳᠦᠮᠵᠢ ᠣᠯᠬᠤ ᠳᠤ ᠠᠰᠢᠭᠲᠠᠢ ᠪᠠᠶᠢᠳᠠᠭ ᠬᠡᠵᠦ  ᠦᠪᠡᠷ ᠤᠨ ᠨᠠᠨᠳᠢᠨ ᠳᠣᠷᠰᠢᠯᠭ᠎ᠠ ᠪᠠᠨ ᠬᠤᠪᠢᠶᠠᠯᠴᠠᠪᠠ᠃    
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号