ᠪᠦᠬᠡᠷ᠎ᠡ ᠶᠢ ᠳᠡᠳᠬᠦᠨ ᠳᠠᠨᠢᠯᠴᠠᠭᠤᠯᠬᠤ10  ᠵᠦᠢᠯ ᠤᠨ ᠠᠨᠢᠰᠦ
ᠨᠡᠶᠢᠲᠡᠯᠡᠭᠰᠡᠨ ᠴᠠᠭ᠄
2018/6/4
⒈ ᠠᠷᠢᠭᠤᠨ ᠴᠡᠪᠡᠷ ᠢ ᠡᠷᠭᠢᠮᠯᠡᠬᠦ
    ᠤᠷᠤᠢ ᠪᠤᠯᠭᠠᠨ ᠤᠨᠳᠠᠬᠤ ᠠᠴᠠ ᠪᠠᠨ ᠡᠮᠦᠨ᠎ᠠ᠂ ᠪᠦᠯᠢᠶᠡᠨ ᠤᠰᠤ ᠪᠠᠷ ᠳᠤᠤᠷ᠎ᠠ ᠪᠡᠶ᠎ᠡ ᠪᠠᠨ ᠤᠬᠢᠶᠠᠨ᠎ᠠ᠃ ᠳᠦᠩᠫᠦᠩ ᠳᠤ ᠪᠢᠰᠢ᠂ ᠰᠦᠷᠴᠢᠵᠦ ᠤᠭᠢᠶᠠᠪᠠᠯ ᠰᠠᠶᠢᠨ᠃ ᠡᠨᠡ ᠨᠢ ᠫᠠᠺᠲ᠋ᠧᠷᠢ ᠪᠠᠷ ᠰᠢᠭᠡᠰᠦᠨ ᠵᠠᠮ ᠢᠶᠠᠷ ᠳᠤᠳᠤᠭᠰᠢ ᠤᠷᠤᠵᠤ ᠪᠦᠭᠡᠷ᠎ᠡ ᠳᠤ ᠬᠤᠤᠷ ᠨᠦᠯᠦᠭᠡ ᠪᠤᠯᠬᠤ ᠠᠴᠠ ᠰᠡᠷᠭᠡᠶᠢᠯᠡᠳᠡᠭ᠃ ⒉ ᠤᠰᠤ ᠤᠤᠭᠤᠵᠤ ᠪᠦᠭᠡᠷ᠎ᠡ ᠶᠢ ᠳᠡᠵᠢᠭᠡᠬᠦ
     ᠤᠰᠤ ᠪᠤᠯ ᠠᠮᠢᠨ ᠤ ᠡᠬᠢ᠃ ᠤᠰᠤ ᠰᠢᠩᠭᠡᠨ ᠳᠤᠳᠠᠪᠠᠯ᠂ ᠬᠤᠤᠷᠠᠳᠤ ᠪᠤᠳᠠᠰ ᠪᠡᠶ᠎ᠡ ᠳᠤ ᠬᠤᠷᠭᠤᠳᠠᠵᠤ᠂ ᠪᠦᠭᠡᠷ᠎ᠡ ᠶᠢᠨ ᠳᠠᠷᠤᠭᠠᠰᠤ ᠶᠢ ᠬᠦᠨᠳᠦᠷᠡᠭᠦᠯᠳᠡᠭ᠃ ᠳᠡᠶᠢᠮᠦ ᠠᠴᠠ᠂ ᠳᠤᠭᠳᠠᠭᠰᠠᠨ ᠴᠠᠭ ᠲᠠᠢ ᠤᠰᠤ ᠤᠤᠭᠤᠬᠤ ᠪᠤᠯ ᠮᠦᠨ ᠪᠦᠭᠡᠷ᠎ᠡ ᠶᠢ ᠳᠡᠵᠢᠭᠡᠵᠦ ᠬᠠᠮᠠᠭᠠᠯᠠᠬᠤ ᠠᠷᠭ᠎ᠠ ᠶᠢᠨ ᠨᠢᠭᠡ ᠪᠤᠯᠤᠨ᠎ᠠ᠃ ⒊ ᠰᠢᠭᠡᠰᠦ ᠪᠠᠨ ᠬᠤᠷᠢᠬᠤ ᠦᠭᠡᠢ
    ᠳᠠᠪᠤᠰᠠᠩ ᠳᠤ ᠵᠤᠬᠢᠬᠤ ᠬᠡᠮᠵᠢᠶᠡᠨ ᠤ ᠰᠢᠭᠡᠰᠦ ᠬᠤᠷᠠᠮᠳᠤᠪᠠᠯ ᠮᠡᠳᠡᠷᠡᠯ ᠳᠤ ᠰᠡᠳᠡᠯᠳᠡ ᠦᠭᠴᠦ᠂ ᠰᠢᠭᠡᠰᠦ ᠶᠢ ᠭᠠᠳᠠᠭᠰᠢᠯᠠᠭᠤᠯᠬᠤ ᠳᠤᠰᠬᠠᠯ ᠭᠠᠷᠳᠠᠭ᠃ ᠡᠨᠡ ᠦᠶ᠎ᠡ ᠳᠤ ᠴᠠᠭ ᠳᠤᠬᠠᠢ ᠳᠤᠨᠢ ᠵᠤᠷᠯᠤᠩ ᠳᠤ ᠶᠠᠪᠤᠵᠤ ᠰᠢᠭᠡᠰᠦ ᠪᠠᠨ ᠬᠦᠢᠴᠡᠳ ᠴᠡᠪᠡᠷᠯᠡᠵᠤ ᠭᠠᠷᠭᠠᠬᠤ ᠭᠡᠷᠡᠭᠳᠡᠢ᠃ ᠡᠰᠡᠪᠡᠰᠦ᠂ ᠰᠢᠭᠡᠰᠦ ᠤᠳᠠᠭᠠᠨ ᠬᠠᠳᠠᠭᠠᠯᠠᠬᠳᠠᠪᠠᠯ ᠪᠤᠬᠢᠷ ᠬᠡᠢ ᠪᠤᠯᠤᠨ ᠦᠭᠰᠦᠵᠦ ᠪᠦᠭᠡᠷ᠎ᠡ ᠶᠢ ᠬᠤᠬᠢᠷᠠᠭᠤᠯᠳᠠᠭ᠃ ᠳᠡᠶᠢᠮᠦ ᠠᠴᠠ᠂ ᠴᠠᠭ ᠲᠠᠭᠠᠨ ᠰᠢᠭᠡᠬᠦ ᠪᠤᠯ ᠳᠤᠩ ᠴᠢᠬᠤᠯᠠ᠃ ⒋ ᠨᠤᠯᠮᠤᠰᠤ ᠪᠠᠨ ᠵᠠᠯᠭᠢᠵᠦ ᠪᠦᠭᠡᠷ᠎ᠡ ᠶᠢ ᠳᠡᠳᠭᠦᠬᠦ
     ᠠᠮᠠᠨ ᠬᠦᠨᠳᠡᠢ ᠳᠤ ᠪᠤᠢ ᠪᠤᠯᠳᠠᠭ ᠰᠢᠩᠭᠡᠨ ᠪᠡᠶᠡᠳᠦ ᠶᠢ ᠬᠤᠶᠠᠷ ᠭᠡᠰᠡᠭ ᠲᠤ ᠬᠤᠪᠢᠶᠠᠳᠠᠭ᠄ ᠳᠤᠩᠭᠠᠯᠠᠬ ᠰᠢᠩᠭᠡᠨ ᠢ ᠨᠢ ᠰᠢᠯᠦᠰᠦ ᠭᠡᠳᠡᠭ᠂ ᠡᠨᠡ ᠨᠢ ᠳᠡᠯᠢᠭᠦᠦ ᠠᠴᠠ ᠡᠰᠢ ᠲᠠᠢ︔ ᠦᠳᠭᠡᠨ ᠰᠢᠭ ᠢ ᠨᠢ ᠨᠤᠯᠮᠤᠰᠤ ᠭᠡᠵᠦ᠂ ᠪᠦᠭᠡᠷ᠎ᠡ ᠠᠴᠠ ᠡᠰᠢ ᠲᠠᠢ᠃ ᠳᠠ ᠦᠪᠡᠷ ᠢᠶᠠᠨ ᠨᠢᠭᠡ ᠳᠤᠷᠰᠢᠯᠳᠠ ᠬᠢᠵᠦ ᠦᠵᠡᠵᠦ ᠪᠤᠯᠤᠨ᠎ᠠ᠂ ᠠᠮᠠᠨ ᠳᠤ ᠴᠢᠨᠢ ᠰᠢᠯᠦᠰᠦ ᠪᠤᠢ ᠪᠤᠯᠤᠭᠰᠠᠭᠠᠷ ᠯᠡ ᠨᠢᠯᠪᠤᠵᠤ ᠭᠠᠷᠭᠠᠭᠠᠳ ᠪᠠᠢ᠂ ᠨᠢᠭᠡ ᠡᠳᠦᠷ ᠪᠤᠯᠬᠤ ᠦᠭᠡᠢ ᠨᠢᠷᠤᠭᠤ ᠴᠢᠨᠢ ᠬᠦᠰᠢᠵᠦ᠂ ᠪᠡᠶ᠎ᠡ ᠴᠢᠨᠢ ᠳᠠᠮᠢᠷᠳᠠᠭᠠᠳ ᠡᠭᠢᠯᠡᠨ᠎ᠠ᠃ ᠡᠰᠡᠷᠭᠦ ᠪᠠᠷ ᠰᠢᠯᠦᠰᠦ ᠨᠤᠯᠮᠤᠰᠤ ᠪᠠᠨ ᠵᠠᠯᠭᠢᠪᠠᠯ ᠬᠠᠷᠢᠨ ᠪᠦᠭᠡᠷ᠎ᠡ ᠶᠢ ᠳᠦᠯᠵᠢᠭᠦᠯᠳᠡᠭ᠃ ⒌ ᠢᠳᠡᠭᠡᠨ ᠤᠮᠳᠠᠭᠠᠨ ᠢᠶᠠᠷ ᠪᠦᠭᠡᠷ᠎ᠡ ᠶᠢ ᠳᠡᠳᠭᠦᠬᠦ
    ᠪᠦᠭᠡᠷ᠎ᠡ ᠶᠢ ᠲ᠊‍ᠠᠮᠢᠷᠵᠢᠭᠤᠯᠳᠠᠭ ᠢᠳᠡᠭᠡᠨ ᠤ ᠵᠦᠢᠯ ᠤᠯᠠᠨ ᠪᠠᠶᠢᠳᠠᠭ᠃ ᠬᠠᠷ᠎ᠠ ᠮᠠᠭᠠᠵᠢ᠂ ᠬᠠᠷ᠎ᠠ ᠳᠡᠯᠳᠡᠦ᠂ ᠬᠠᠷ᠎ᠠ ᠳᠤᠳᠤᠷᠭ᠎ᠠ᠂ ᠬᠠᠷ᠎ᠠ ᠪᠤᠷᠴᠠᠭ ᠵᠡᠷᠭᠡ ᠬᠠᠷ᠎ᠠ ᠦᠩᠭᠡ ᠲᠠᠢ ᠢᠳᠡᠭᠡᠨ ᠠᠴᠠ ᠭᠠᠳᠠᠨ᠎ᠠ᠂ ᠬᠤᠰᠢᠭ᠎ᠠ᠂ ᠭᠤᠭᠤᠳ ᠂ ᠰᠠᠮ᠂ ᠬᠤᠨᠢᠨ ᠤ ᠪᠦᠭᠡᠷ᠎ᠡ ᠵᠡᠷᠭᠡ ᠨᠢ ᠪᠦᠷ ᠪᠦᠭᠡᠷ᠎ᠡ ᠶᠢ ᠳᠠᠮᠢᠷᠵᠢᠭᠤᠯᠬᠤ ᠦᠢᠯᠡᠳᠦᠯ ᠲᠠᠢ ᠪᠠᠶᠢᠳᠠᠭ᠃ ⒍ ᠬᠠᠨᠤᠳᠠᠯ᠎ᠠ ᠤᠨᠳᠠᠵᠤ ᠪᠦᠭᠡᠷ᠎ᠡ ᠶᠢ ᠳᠠᠮᠢᠷᠵᠢᠭᠤᠯᠬᠤ
    ᠬᠠᠨᠤᠳᠠᠯ᠎ᠠ ᠤᠨᠳᠠᠬᠤ ᠨᠢ ᠬᠡᠢ ᠴᠢᠰᠦ᠂ ᠪᠦᠭᠡᠷ᠎ᠡ ᠳᠠᠮᠢᠷ ᠢ ᠳᠦᠯᠵᠢᠭᠦᠯᠬᠦ ᠴᠢᠬᠤᠯᠠ ᠦᠢᠯᠡᠳᠦᠯ ᠲᠠᠢ ᠪᠠᠶᠢᠳᠠᠭ᠃ ᠡᠮᠴᠢᠯᠡᠭᠡᠨ ᠳᠤ ᠢᠯᠡᠷᠡᠭᠦᠯᠦᠭᠰᠡᠨ ᠢᠶᠠᠷ᠂ ᠠᠯᠢ ᠤᠯᠠᠨ ᠪᠦᠭᠡᠷ᠎ᠡ ᠶᠢᠨ ᠴᠢᠳᠠᠪᠬᠢ ᠳᠤᠷᠦ᠋ᠢᠳᠠᠭᠰᠠᠨ ᠡᠪᠡᠳᠴᠢᠳᠠᠨ ᠨᠢ ᠪᠦᠷ ᠰᠦᠨᠢᠵᠢᠨ ᠰᠠᠭᠤᠭᠰᠠᠨ᠂ ᠭᠡᠳᠦ ᠶᠠᠳᠠᠷᠠᠭᠰᠠᠨ᠂ ᠨᠦᠢᠷ ᠳᠤᠳᠠᠭᠤ ᠵᠡᠷᠭᠡ ᠦᠩᠭᠡᠷᠡᠯᠳᠡ ᠪᠠᠶᠢᠭ᠎ᠠ ᠶᠤᠮ ᠪᠠᠶᠢᠨ᠎ᠠ ᠃ ᠳᠡᠶᠢᠮᠦ ᠠᠴᠠ᠂ ᠰᠦᠨᠢᠵᠢᠨ ᠰᠠᠭᠤᠬᠤ ᠪᠠᠨ ᠪᠤᠯᠢᠵᠤ᠂ ᠰᠠᠶᠢᠨ ᠰᠠᠶᠢᠬᠠᠨ ᠠᠵᠢᠯᠯᠠᠵᠤ ᠠᠮᠠᠷᠠᠬᠤ ᠳᠠᠳᠬᠠᠯ ᠢ ᠪᠠᠷᠢᠮᠳᠠᠯᠠᠵᠤ᠂ ᠡᠷᠳᠡ ᠤᠨᠳᠠᠵᠤ ᠡᠷᠳᠡ ᠪᠤᠰᠬᠤ ᠨᠢ ᠪᠦᠭᠡᠷ᠎ᠡ ᠶᠢᠨ ᠳᠠᠮᠢᠷ ᠢ ᠪᠠᠳᠤᠯᠠᠬᠤ ᠳᠤ ᠳᠤᠰᠠᠳᠠᠢ᠃ ⒎ ᠭᠡᠳᠦ ᠶᠠᠳᠠᠷᠠᠬᠤ ᠠᠴᠠ ᠵᠠᠶᠢᠯᠠᠰᠬᠢᠵᠤ᠂ ᠬᠤᠷᠢᠴᠠᠯ ᠤᠨ ᠠᠮᠢᠳᠤᠷᠠᠯ ᠢᠶᠠᠨ ᠵᠤᠬᠢᠰᠳᠠᠢ ᠪᠠᠶᠢᠯᠭᠠᠬᠤ
      ᠬᠦᠨᠳᠦ ᠪᠡᠶ᠎ᠡ ᠶᠢᠨ ᠬᠦᠳᠡᠯᠮᠦᠷᠢ ᠬᠡᠢ ᠶᠢ ᠬᠤᠬᠢᠷᠠᠭᠤᠯᠵᠤ᠂ ᠤᠶᠤᠨ ᠤ ᠬᠦᠳᠡᠯᠮᠦᠷᠢ ᠭᠡᠳᠦᠷᠡᠪᠡᠯ ᠴᠢᠰᠦ ᠶᠢ ᠬᠤᠬᠢᠷᠠᠭᠤᠯᠵᠤ᠂ ᠬᠤᠷᠢᠴᠠᠯ ᠠᠷᠪᠢᠳᠪᠠᠯ ᠳᠤᠰᠤᠯ ᠢ ᠬᠤᠬᠢᠷᠠᠭᠤᠯᠳᠠᠭ᠃ ᠳᠡᠶᠢᠮᠦ ᠠᠴᠠ᠂ ᠪᠡᠶ᠎ᠡ ᠶᠢᠨ ᠪᠠᠶᠢᠳᠠᠯ ᠳᠠᠭᠠᠨ ᠳᠤᠬᠢᠷᠠᠭᠤᠯᠤᠨ ᠠᠵᠢᠯᠯᠠᠵᠤ ᠬᠦᠳᠡᠯᠮᠦᠷᠢᠯᠡᠨ᠂ ᠬᠤᠷᠢᠴᠠᠯ ᠤᠨ ᠠᠮᠢᠳᠤᠷᠠᠯ ᠢᠶᠠᠨ ᠵᠤᠬᠢᠰᠳᠠᠢ ᠪᠠᠶᠢᠯᠭᠠᠨ᠎ᠠ᠃ ⒏ ᠡᠮ ᠢ ᠵᠦᠪ ᠭᠡᠷᠡᠭᠯᠡᠬᠦ
    ᠮᠤᠩᠭᠤᠯ ᠬᠢᠳᠠᠳ ᠧᠦ᠋ᠷᠦᠫᠡ ᠶᠠᠮᠠᠷ ᠡᠮ ᠴᠤ ᠭᠡᠰᠡᠨ ᠪᠦᠷ ᠬᠠᠷᠰᠢ ᠦᠢᠯᠡᠳᠦᠯ ᠲᠠᠢ᠂ ᠵᠠᠷᠢᠮ ᠡᠮ ᠢ ᠦᠷᠭᠦᠯᠵᠢ ᠤᠤᠭᠤᠪᠠᠯ ᠪᠦᠭᠡᠷ᠎ᠡ ᠶᠢ ᠬᠤᠬᠢᠷᠠᠭᠤᠯᠳᠠᠭ᠃ ᠳᠡᠶᠢᠮᠦ ᠠᠴᠠ ᠡᠮ ᠢ ᠵᠦᠪ ᠭᠡᠷᠡᠭᠯᠡᠵᠦ ᠴᠢᠳᠠᠬᠤ ᠭᠡᠷᠡᠭᠳᠡᠢ᠂ ᠳᠠᠶᠢᠯᠪᠤᠷᠢ ᠶᠢ ᠨᠢ ᠨᠢᠮᠪᠠᠢ ᠤᠩᠰᠢᠬᠤ ᠠᠴᠠ ᠭᠠᠳᠠᠨ᠎ᠠ ᠡᠮᠴᠢ ᠶᠢᠨ ᠵᠠᠬᠢᠶᠠᠰᠤ ᠪᠠᠷ ᠡᠮ ᠤᠤᠭᠤᠬᠤ ᠨᠢ ᠳᠤᠩ ᠴᠢᠬᠤᠯᠠ᠃ ⒐ ᠬᠦᠳᠡᠯᠭᠡᠭᠡᠨ ᠢᠶᠠᠷ ᠪᠦᠭᠡᠷ᠎ᠡ ᠶᠢ ᠳᠠᠮᠢᠷᠵᠢᠭᠤᠯᠬᠤ
    ᠠᠮᠢ ᠨᠠᠰᠤ ᠬᠦᠳᠡᠯᠭᠡᠭᠡᠨ ᠤ ᠳᠤᠮᠳᠠ ᠤᠷᠤᠰᠢᠳᠠᠭ᠃ ᠳᠠᠮᠢᠷ ᠤᠨ ᠬᠦᠳᠡᠯᠭᠡᠭᠡᠨ ᠬᠢᠬᠦ ᠪᠠᠷ ᠳᠠᠮᠵᠢᠭᠤᠯᠵᠤ ᠬᠡᠢ ᠴᠢᠰᠦ ᠶᠢ ᠳᠦᠯᠵᠢᠭᠦᠯᠵᠦ ᠪᠦᠭᠡᠷ᠎ᠡ ᠶᠢ ᠳᠠᠮᠢᠷᠵᠢᠭᠤᠯᠬᠤ ᠪᠤᠯ ᠬᠦᠮᠦᠨ ᠪᠤᠯᠭᠠᠨ ᠰᠠᠨᠠᠭᠠᠨ ᠳᠠᠭᠠᠨ ᠠᠪᠤᠯᠳᠠᠢ ᠢᠳᠡᠪᠬᠢᠳᠠᠢ ᠠᠷᠭ᠎ᠠ ᠪᠤᠯᠤᠨ᠎ᠠ᠃ ᠠᠳᠡ ᠨᠢᠭᠡ ᠳᠦᠭᠦᠮᠭᠡᠨ ᠳᠠᠮᠢᠷ ᠢ ᠳᠠᠨᠢᠯᠴᠠᠭᠤᠯᠤᠶ᠎ᠠ᠄ ᠬᠤᠶᠠᠷ ᠠᠯᠠᠭ᠎ᠠ ᠪᠠᠨ ᠬᠠᠯᠠᠳᠠᠯ᠎ᠠ ᠦᠷᠦᠵᠦ᠂ ᠬᠠᠯᠠᠭᠤᠨ ᠠᠯᠠᠭ᠎ᠠ ᠪᠠᠷ ᠢᠶᠠᠨ ᠨᠢᠷᠤᠭᠤ ᠪᠠᠨ ᠬᠠᠯᠠᠭᠤ ᠤᠷᠭᠢᠳᠠᠯ᠎ᠠ ᠢᠯᠢᠨ᠎ᠠ᠃ ᠦᠷᠯᠦᠭᠡ ᠤᠷᠤᠢ ᠨᠢᠭᠡ ᠨᠢᠭᠡ ᠤᠳᠠᠭ᠎ᠠ᠂ 200 ᠤᠷᠴᠢᠮ ᠤᠳᠠᠭ᠎ᠠ ᠢᠯᠢᠪᠠᠯ ᠪᠤᠯᠴᠢᠬᠠᠨ᠎ᠠ᠃ ᠡᠨᠡ ᠬᠦᠳᠡᠯᠭᠡᠭᠡᠨ ᠨᠢᠷᠤᠭᠤ ᠪᠦᠭᠡᠷ᠎ᠡ ᠳᠤ ᠰᠠᠶᠢᠨ᠃ ⒑ ᠬᠤᠷᠭᠤᠰᠤ ᠪᠠᠨ ᠰᠠᠭᠠᠳ ᠦᠭᠡᠢ ᠭᠠᠳᠠᠭᠰᠢᠯᠠᠭᠤᠯᠬᠤ
    ᠬᠤᠷᠭᠤᠰᠤ ᠬᠠᠳᠠᠬᠤ ᠮᠡᠳᠦ ᠪᠠᠷ ᠭᠠᠳᠠᠭᠰᠢᠯᠠᠬᠤ ᠨᠢ ᠰᠠᠭᠠᠳ ᠲᠤ ᠤᠴᠠᠷᠪᠠᠯ᠂ ᠬᠤᠷᠭᠤᠰᠤ ᠭᠡᠳᠡᠰᠤᠨ ᠳᠤ ᠬᠤᠨᠤᠵᠤ᠂ ᠪᠤᠬᠢᠷ ᠬᠡᠢ ᠨᠢ ᠳᠡᠭᠡᠭᠰᠢ ᠬᠠᠷᠪᠤᠵᠤ᠂ ᠳᠤᠳᠤᠷ᠎ᠠ ᠦᠢᠮᠤᠷᠡᠨ᠂ ᠴᠡᠭᠡᠵᠢ ᠪᠢᠳᠠᠭᠦᠷᠡᠵᠦ ᠠᠮᠢᠰᠬᠤᠭ᠎ᠠ ᠪᠦᠭᠯᠡᠷᠡᠬᠦ ᠪᠦᠭᠡᠳ ᠪᠦᠭᠡᠷ᠎ᠡ ᠶᠢ ᠴᠤ ᠬᠤᠬᠢᠷᠠᠭᠤᠯᠵᠤ ᠨᠢᠷᠤᠭᠤ ᠬᠦᠰᠢᠨ ᠶᠠᠳᠠᠷᠠᠬᠤ ᠪᠠᠶᠢᠳᠠᠯ ᠭᠠᠷᠴᠤ᠂ ᠳᠤᠷ᠎ᠠ ᠪᠤᠯᠬᠢᠨ ᠪᠦᠭᠡᠯᠵᠢᠰᠦ ᠬᠦᠷᠦᠨ᠎ᠠ᠃ ᠳᠡᠶᠢᠮᠦ ᠠᠴᠠ᠂ ᠬᠤᠷᠭᠤᠰᠤ ᠶᠢ ᠰᠠᠭᠠᠳ ᠦᠭᠡᠢ ᠪᠠᠶᠢᠬᠤ ᠶᠢ ᠪᠠᠳᠤᠯᠠᠬᠤ ᠪᠤᠯ ᠪᠦᠭᠡᠷ᠎ᠡ ᠶᠢ ᠬᠠᠮᠠᠭᠠᠯᠠᠬᠤ ᠴᠢᠬᠤᠯᠠ ᠠᠷᠭ᠎ᠠ ᠪᠤᠯᠤᠨ᠎ᠠ᠃ ᠡᠭᠦᠨ ᠠᠴᠠ ᠭᠠᠳᠠᠨ᠎ᠠ᠂ ᠶᠡᠭᠡ ᠤᠨᠳᠠᠬᠤ ᠨᠢ ᠪᠦᠭᠡᠷ᠎ᠡ ᠶᠢᠨ ᠳᠤᠰᠤᠯ ᠬᠡᠢ ᠶᠢ ᠬᠤᠷᠤᠭᠳᠠᠭᠤᠯᠳᠠᠭ᠂ ᠳᠡᠶᠢᠮᠦ ᠠᠴᠠ ᠪᠦᠭᠡᠷ᠎ᠡ ᠶᠢ ᠳᠡᠵᠢᠭᠡᠨ ᠳᠡᠩᠭᠡᠷᠡᠭᠦᠯᠬᠦ ᠳᠤ ᠶᠡᠭᠡ ᠤᠨᠳᠠᠬᠤ ᠶᠢ ᠴᠡᠭᠡᠷᠯᠡᠨ᠎ᠠ︔ ᠭᠠᠭ᠋ᠠᠢ ᠴᠠᠭ ᠲᠤ ᠤᠨᠳᠠᠪᠠᠯ ᠪᠦᠭᠡᠷ᠎ᠡ ᠶᠢ ᠳᠦᠯᠵᠢᠭᠦᠯᠳᠡᠭ︔ ᠰᠢᠳᠦ ᠪᠤᠯ ᠶᠠᠰᠤᠨ ᠤ ᠴᠦᠪ᠂ ᠰᠢᠳᠦ ᠶᠢ ᠴᠢᠬᠢᠷᠠᠭᠵᠢᠭᠤᠯᠬᠤ ᠨᠢ ᠪᠦᠭᠡᠷ᠎ᠡ ᠶᠢ ᠳᠡᠳᠭᠦᠨ᠎ᠠ︔ ᠪᠦᠭᠡᠷ᠎ᠡ ᠶᠢᠨ ᠰᠢᠮ᠎ᠡ ᠦᠰᠦ ᠪᠠᠷ ᠢᠯᠡᠷᠡᠨ᠎ᠠ᠂ ᠦᠰᠦ ᠶᠢ ᠳᠡᠵᠢᠭᠡᠪᠡᠯ ᠪᠦᠭᠡᠷ᠎ᠡ ᠶᠢ ᠳᠡᠵᠢᠭᠡᠨ᠎ᠠ︔ ᠪᠦᠭᠡᠷ᠎ᠡ ᠶᠢᠨ ᠴᠡᠴᠡᠭ ᠨᠢ ᠴᠢᠬᠢ ᠵᠢᠴᠢ ᠪᠡᠯᠭᠡ ᠶᠢᠨ ᠡᠷᠭᠡᠳᠡᠨ᠂ ᠶᠡᠷᠦ ᠳᠡᠭᠡᠨ ᠴᠢᠬᠢ ᠪᠤᠶᠤ ᠪᠡᠯᠭᠡ ᠶᠢᠨ ᠡᠷᠭᠡᠳᠡᠨ ᠢᠶᠠᠨ ᠳᠤᠭᠤᠷᠢᠭᠤᠯᠤᠨ ᠢᠯᠢᠵᠦ ᠨᠤᠬᠤᠯᠠᠬᠤ ᠨᠢ ᠪᠦᠭᠡᠷ᠎ᠡ ᠶᠢ ᠳᠠᠮᠢᠷᠵᠢᠭᠤᠯᠬᠤ ᠦᠢᠯᠡᠳᠦᠯ ᠲᠠᠢ︔ ᠵᠢᠷᠦᠭᠡ ᠰᠡᠳᠭᠢᠯ ᠢ ᠳᠠᠶᠢᠪᠤᠩ ᠪᠠᠶᠢᠯᠭᠠᠵᠤ ᠵᠢᠷᠦᠭᠡᠨ ᠤ ᠭᠠᠯ ᠢ ᠳᠠᠷᠤᠵᠤ ᠪᠠᠶᠢᠪᠠᠯ ᠪᠦᠭᠡᠷ᠎ᠡ ᠳᠤᠰᠤᠯ ᠠᠶᠠᠨᠳᠠᠭᠠᠨ ᠠᠮᠤᠭᠤᠯᠠᠩ ᠪᠠᠶᠢᠨ᠎ᠠ︔ ᠴᠢᠰᠦ ᠳᠤᠰᠤᠯ ᠢᠵᠡᠭᠤᠷ ᠨᠢᠭᠡ᠂ ᠡᠯᠢᠭᠡ ᠪᠦᠭᠡᠷ᠎ᠡ ᠢᠵᠠᠭᠤᠷ ᠨᠢᠭᠡ᠂ ᠴᠢᠰᠦ ᠳᠤᠰᠤᠯ ᠬᠠᠷᠢᠯᠴᠠᠨ ᠨᠦᠬᠦᠨ᠎ᠠ᠂ ᠴᠢᠰᠦ ᠶᠢ ᠬᠤᠬᠢᠷᠠᠭᠤᠯᠪᠠᠯ ᠳᠤᠰᠤᠯ ᠢ ᠬᠤᠬᠢᠷᠠᠭᠤᠯᠤᠨ᠎ᠠ᠂ ᠡᠯᠢᠭᠡ ᠶᠢ ᠬᠤᠬᠢᠷᠠᠭᠤᠯᠪᠠᠯ ᠪᠦᠭᠡᠷ᠎ᠡ ᠶᠢ ᠬᠤᠬᠢᠷᠠᠭᠤᠯᠤᠨ᠎ᠠ︔ ᠪᠦᠭᠡᠷ᠎ᠡ ᠤᠰᠤᠨ ᠮᠠᠬᠠᠪᠤᠳ ᠲᠠᠢ᠂ ᠤᠰᠤ ᠨᠢ ᠬᠦᠢᠳᠡᠨ ᠴᠢᠨᠠᠷ ᠲᠠᠢ᠂ ᠬᠦᠢᠳᠡᠨ ᠨᠢ ᠪᠦᠭᠡᠷ᠎ᠡ ᠶᠢ ᠭᠡᠮᠳᠦᠭᠡᠨ᠎ᠠ᠂ ᠪᠦᠭᠡᠷ᠎ᠡ ᠶᠢ ᠬᠠᠮᠠᠭᠠᠯᠠᠬᠤ ᠳᠤ ᠳᠤᠯᠠᠭᠠᠯᠠᠭ᠎ᠠ ᠴᠢᠬᠤᠯᠠ ᠵᠡᠷᠭᠡ ᠬᠢᠳᠠᠳ ᠮᠤᠩᠭᠤᠯ ᠡᠮᠨᠡᠯᠭᠡ ᠶᠢᠨ ᠪᠦᠭᠡᠷ᠎ᠡ ᠶᠢ ᠳᠡᠳᠭᠦᠨ ᠳᠠᠮᠢᠷᠵᠢᠭᠤᠯᠬᠤ ᠳᠤᠬᠠᠢ ᠦᠵᠡᠯᠳᠡ ᠤᠶᠢᠢᠯᠠᠭᠠᠯᠳᠠ ᠶᠢ ᠴᠤ ᠠᠩᠬᠠᠷᠤᠯ ᠳᠠᠭᠠᠨ ᠠᠪᠴᠤ ᠪᠠᠶᠢᠬᠤ ᠳᠤ ᠢᠯᠡᠭᠦᠳᠡᠬᠦ ᠦᠭᠡᠢ ᠪᠤᠯᠪᠠᠤ᠃  
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号