ᠭᠠᠵᠠᠷ ᠰᠢᠷᠤᠢ ᠶᠢᠨ ᠲᠠᠭᠠᠭᠠᠴᠢᠯᠠᠯᠳᠠ ᠶᠢᠨ ᠬᠤᠭᠤᠴᠠᠭ᠎ᠠ ᠶᠢ ᠲᠠᠬᠢᠨ 30 ᠵᠢᠯ ᠤᠷᠳᠤᠳᠬᠠᠵᠤ ᠬᠡᠷ ᠪᠠᠶᠢᠰᠢᠩ ᠤᠨ ᠰᠠᠭᠤᠷᠢ ᠶᠢᠨ ︽ᠭᠤᠷᠪᠠᠨ ᠡᠷᠭᠡ ᠶᠢ ᠰᠠᠯᠭᠠᠨ᠎ᠠ︾
ᠨᠡᠶᠢᠲᠡᠯᠡᠭᠰᠡᠨ ᠴᠠᠭ᠄
2018/6/4
     
     ᠨᠠᠮ ᠤᠨ ᠠᠷᠪᠠ ᠶᠢᠰᠤᠳᠤᠭᠡᠷ ᠶᠡᠭᠡ ᠬᠤᠷᠠᠯ ᠤᠨ ᠢᠯᠡᠳᠭᠡᠯ ᠳᠤ ︽ᠭᠠᠵᠠᠷ ᠰᠢᠷᠤᠢ ᠶᠢᠨ ᠲᠠᠭᠠᠭᠠᠴᠢᠯᠠᠯᠳᠠ ᠶᠢᠨ ᠬᠠᠷᠢᠴᠠᠭ᠎ᠠ ᠶᠢ ᠲᠤᠬᠳᠠᠪᠤᠷᠢᠳᠠᠢ ᠪᠠᠶᠢᠯᠭᠠᠵᠤ᠂ ᠣᠷᠳᠣ ᠬᠤᠭᠤᠴᠠᠭ᠎ᠠ ᠪᠠᠷ ᠦᠯᠤ ᠬᠤᠪᠢᠷᠠᠭᠤᠯᠬᠤ ᠶᠢ ᠪᠠᠳᠤᠯᠠᠠ᠂ ᠬᠤᠶᠠᠳᠤᠭᠠᠷ ᠡᠭᠡᠯᠵᠢ ᠶᠢᠨ ᠭᠠᠵᠠᠷ ᠰᠢᠷᠤᠢ ᠶᠢᠨ ᠲᠠᠭᠠᠭᠠᠴᠢᠯᠠᠯᠳᠠ ᠶᠢᠨ ᠬᠤᠭᠤᠴᠠᠭ᠎ᠠ ᠨᠢ ᠲᠤᠯᠤᠭᠰᠠᠨ ᠤ ᠲᠠᠷᠠᠭ᠎ᠠ ᠲᠠᠬᠢᠠ ᠭᠤᠴᠢᠨ ᠵᠢᠯ ᠤᠷᠳᠤᠳᠬᠠᠨ᠎ᠠ︾ ᠭᠡᠵᠤ ᠲᠤᠷᠠᠳᠤᠨ ᠭᠠᠷᠭᠠᠵᠠᠢ᠃ ᠡᠨᠡ ᠵᠢᠯ ᠤᠨ ᠪᠦᠬᠦ ᠣᠯᠣᠰ ᠤᠨ ᠬᠤᠶᠠᠷ ᠬᠤᠷᠠᠯ ᠤᠨ ︽ᠵᠠᠰᠠᠭ ᠤᠨ ᠤᠷᠳᠤᠨ ᠤ ᠠᠵᠢᠯ ᠤᠨ ᠢᠯᠡᠳᠭᠡᠯ︾  ᠳᠤ ᠡᠨᠡᠬᠦ ᠲᠦᠷᠤ ᠶᠢᠨ ᠪᠤᠳᠤᠯᠭ᠎ᠠ ᠶᠢ ᠪᠤᠳᠠᠳᠠᠢ ᠨᠠᠶᠢᠳᠠᠪᠤᠷᠢᠵᠢᠭᠤᠯᠬᠤ ᠬᠡᠷᠡᠭᠳᠠᠢ︾ ᠭᠡᠵᠤ ᠲᠤᠳᠤᠷᠬᠠᠢ ᠲᠤᠬᠳᠠᠭᠠᠵᠠᠢ᠃      ᠲᠦᠷᠤ ᠶᠢᠨ ᠶᠠᠪᠤᠳᠠᠯ ᠤᠨ ᠬᠤᠷᠢᠶᠠᠨ ᠤ ᠬᠥᠭᠵᠢᠬᠦᠯᠤᠯᠳᠡ ᠶᠢᠨ ᠰᠤᠳᠤᠯᠭᠠᠨ ᠤ ᠲᠦᠪ ᠤᠨ ᠬᠥᠳᠡᠭᠡ ᠲᠤᠰᠬᠤᠨ ᠤ ᠠᠵᠤ ᠠᠬᠤᠢ ᠶᠢᠨ ᠰᠤᠳᠤᠯᠭᠠᠨ ᠤ ᠬᠡᠯᠳᠡᠰ ᠤᠨ ᠲᠠᠷᠤᠭ᠎ᠠ ᠶᠧ ᠰᠢᠩ ᠴᠢᠩ᠄ ︽ᠡᠨᠡᠬᠦ ᠲᠦᠷᠤ ᠶᠢᠨ ᠪᠤᠳᠤᠯᠭ᠎ᠠ ᠶᠢᠨ ᠲᠤᠬᠢᠷᠠᠭᠤᠯᠤᠯᠳᠡ ᠨᠢ ᠲᠤᠬᠳᠠᠪᠤᠷᠢᠳᠠᠢ ᠪᠠᠶᠢᠯᠭᠠᠬᠤ ᠶᠢ ᠢᠯᠡᠷᠡᠬᠦᠯᠦᠭᠰᠡᠨ ᠪᠦᠬᠡᠳ ᠠᠮᠢᠳᠤᠯᠢᠭ ᠪᠠᠶᠢᠯᠭᠠᠬᠤ ᠶᠢ ᠴᠦ ᠢᠯᠡᠷᠡᠬᠦᠯᠵᠠᠢ︾ ᠭᠡᠰᠡᠨ ᠪᠠᠶᠢᠨ᠎ᠠ᠃        ᠦᠭᠡᠷᠡᠴᠢᠯᠠᠯᠳᠠ ᠨᠡᠭᠡᠭᠡᠯᠳᠡ ᠬᠢᠭᠰᠡᠨ ᠠᠴᠠ ᠨᠠᠰᠢ᠂ ᠮᠠᠨ ᠤ ᠤᠯᠤᠰ ᠤᠨ ᠭᠠᠵᠠᠷ ᠰᠢᠷᠤᠢ ᠶᠢᠨ ᠲᠠᠭᠠᠭᠠᠴᠢᠯᠠᠯᠳᠠ ᠬᠤᠶᠠᠷ ᠡᠭᠡᠯᠵᠢ ᠶᠢ ᠦᠩᠭᠡᠷᠡᠬᠦᠯᠵᠠᠢ᠃ ᠬᠤᠶᠠᠳᠤᠭᠠᠷ ᠡᠭᠡᠯᠵᠢ ᠶᠢᠨ ᠲᠠᠭᠠᠭᠠᠴᠢᠯᠠᠯᠳᠠ ᠶᠢᠨ ᠬᠤᠭᠤᠴᠠᠭ᠎ᠠ ᠨᠢ ᠲᠤᠯᠤᠭᠰᠠᠨ ᠤ ᠲᠠᠷᠠᠭ᠎ᠠ ᠲᠠᠬᠢᠠ 30 ᠵᠢᠯ ᠤᠷᠳᠤᠳᠬᠠᠬᠤ ᠨᠢ ᠬᠥᠳᠡᠭᠡ ᠲᠤᠰᠬᠤᠨ ᠤ ᠭᠠᠵᠠᠷ ᠰᠢᠷᠤᠢ ᠶᠢᠨ ᠲᠠᠭᠠᠭᠠᠴᠢᠯᠠᠯᠳᠠ ᠶᠢᠨ ᠬᠠᠷᠢᠴᠠᠭ᠎ᠠ ᠶᠢ 75 ᠵᠢᠯ ᠲᠤᠬᠳᠠᠪᠤᠷᠢᠳᠠᠢ ᠪᠠᠶᠢᠯᠭᠠᠬᠤ ᠪᠤᠯᠤᠨ᠎ᠠ᠃ ᠶᠧ ᠰᠢᠩ ᠴᠢᠩ ᠬᠡᠯᠡᠬᠦ ᠳᠡᠭᠡᠨ᠄ ︽ᠡᠨᠡ ᠨᠢ ᠭᠠᠵᠠᠷ ᠰᠢᠷᠤᠢ ᠶᠢᠨ ᠲᠠᠭᠠᠭᠠᠴᠢᠯᠠᠯᠳᠠ ᠶᠢᠨ ᠬᠠᠷᠢᠴᠠᠭ᠎ᠠ ᠶᠢ ᠲᠤᠬᠳᠠᠪᠤᠷᠢᠳᠠᠢ ᠪᠠᠶᠢᠯᠭᠠᠵᠤ᠂ ᠤᠷᠳᠤ ᠬᠤᠭᠤᠴᠠᠭ᠎ᠠ ᠪᠠᠷ ᠦᠯᠤ ᠬᠤᠪᠢᠷᠠᠭᠤᠯᠬᠤ ᠶᠢ ᠪᠠᠳᠤᠯᠠᠬᠤ ᠶᠢ ᠬᠥᠢᠴᠡᠳ ᠬᠠᠷᠠᠭᠤᠯᠵᠤ ᠪᠠᠶᠢᠭ᠎ᠠ ᠪᠦᠭᠡᠳ ᠭᠠᠵᠠᠷ ᠰᠢᠷᠤᠢ ᠲᠠᠭᠠᠭᠠᠴᠢᠯᠠᠭᠰᠠᠨ ᠡᠩ ᠤᠨ ᠲᠠᠷᠢᠶᠠᠴᠢᠨ ᠡᠷᠤᠭᠡ ᠪᠤᠯᠤᠨ ᠲᠠᠭᠠᠭᠠᠴᠢᠯᠠᠭᠰᠠᠨ ᠭᠠᠵᠠᠷ ᠰᠢᠷᠤᠢ ᠶᠢᠨ ᠡᠷᠬᠡ ᠪᠠᠨ ᠰᠢᠯᠵᠢᠬᠦᠯᠬᠦ ᠰᠢᠨ᠎ᠠ ᠮᠠᠶ᠋ᠢᠭ ᠤᠨ ᠲᠠᠷᠢᠶᠠᠯᠡᠩ ᠤᠨ ᠡᠵᠡᠩᠨᠡᠯᠳᠡ ᠶᠢᠨ ᠭᠤᠤᠯ ᠴᠤᠭᠴᠠ ᠳᠤ ᠠᠪᠴᠤ ᠬᠡᠯᠡᠪᠡᠯ ᠲᠤᠬᠳᠠᠪᠤᠷᠢᠵᠢᠭᠤᠯᠬᠤ ᠦᠢᠯᠡᠳᠤᠯ ᠲᠠᠢ︾ ᠭᠡᠯ᠎ᠡ᠃      ᠰᠢᠨ᠎ᠠ ᠪᠠᠷ ᠨᠡᠮᠡᠭᠳᠡᠭᠰᠡᠨ ᠬᠥᠮᠤᠨ ᠠᠮᠠ ᠲᠠᠬᠢᠵᠤ ᠭᠠᠵᠠᠷ ᠰᠢᠷᠤᠢ ᠬᠤᠪᠢᠶᠠᠨ ᠤᠯᠵᠤ ᠴᠢᠳᠠᠬᠤ ᠡᠰᠡᠬᠦ ᠠᠰᠠᠭᠤᠳᠠᠯ ᠤᠨ ᠲᠤᠬᠠᠢ᠂ ᠬᠦᠳᠡᠭᠡ ᠠᠵᠤ ᠠᠬᠤᠢ ᠬᠥᠳᠡᠭᠡ ᠲᠤᠰᠬᠤᠨ ᠤ ᠶᠠᠮᠤᠨ ᠤ ᠰᠠᠶᠢᠳ ᠬᠠᠨ ᠴᠠᠩ ᠹᠦ᠋ ᠲᠦᠷᠤᠬᠦᠭᠡᠨ ᠲᠤᠳᠤᠷᠬᠠᠢ ᠢᠯᠡᠷᠭᠡᠶᠢᠯᠡᠬᠦ ᠳᠡᠭᠡᠨ ︽ᠲᠠᠭᠠᠭᠠᠴᠢᠯᠠᠭᠰᠠᠨ ᠭᠠᠵᠠᠷ ᠰᠢᠷᠤᠢ ᠶᠢ ᠦᠨᠳᠤᠰᠤᠨ ᠳᠡᠭᠡᠨ ᠲᠤᠬᠳᠠᠪᠤᠷᠢᠳᠠᠢ ᠪᠠᠶᠢᠯᠭᠠᠵᠤ᠂ ᠪᠠᠭ᠎ᠠ ᠲᠤᠬᠢᠷᠠᠭᠤᠯᠤᠯᠳᠡ ᠬᠢᠬᠦ ᠪᠤᠯ ᠶᠡᠷᠤᠩᠭᠡᠢ ᠵᠠᠷᠴᠢᠮ ᠪᠤᠯᠤᠨ᠎ᠠ᠂ ᠡᠬᠦᠨ ᠳᠤ ᠲᠠᠷᠢᠶᠠᠴᠢᠳ ᠤᠨ ᠬᠥᠰᠡᠯ ᠰᠠᠨᠠᠭ᠎ᠠ ᠶᠢ ᠬᠥᠨᠳᠤᠳᠭᠡᠵᠤ᠂ ᠵᠠᠰᠠᠭ ᠤᠨ ᠤᠷᠳᠤᠨ ᠤ ᠵᠢᠯᠤᠭᠤᠳᠤᠯᠭ᠎ᠠ ᠲᠤᠤᠷ᠎ᠠ ᠲᠤᠰᠬᠤᠨ ᠤ ᠠᠷᠠᠳ ᠬᠠᠮᠳᠤᠪᠠᠷ ᠵᠦᠪᠳᠡᠯᠴᠡᠵᠤ ᠪᠠᠶᠢᠭᠠᠳ ᠰᠢᠢᠳᠪᠤᠷᠢᠯᠠᠨ᠎ᠠ᠃ ᠬᠤᠶᠠᠳᠤᠭᠠᠷ ᠡᠭᠡᠯᠵᠢ ᠶᠢᠨ ᠲᠠᠭᠠᠭᠠᠴᠢᠯᠠᠯᠳᠠ ᠶᠢᠨ ᠬᠤᠭᠤᠴᠠᠭ᠎ᠠ ᠨᠢ ᠲᠤᠯᠬᠤ ᠦᠶ᠎ᠠ ᠳᠤ᠂ ᠬᠠᠤᠯᠢ ᠶᠤᠰᠤᠭᠠᠷ ᠲᠠᠷᠢᠶᠠᠴᠢᠨ ᠤᠯᠠᠨ ᠲᠦᠮᠡᠨ ᠤ ᠬᠠᠮᠳᠤ ᠶᠢᠨ ᠰᠠᠨᠠᠯ ᠢ ᠦᠨᠳᠤᠰᠤᠯᠡᠵᠤ ᠪᠠᠶᠢᠭᠠᠳ ᠡᠶᠢᠮᠤ ᠮᠡᠳᠤ ᠶᠢᠨ ᠠᠰᠠᠭᠤᠳᠠᠯ ᠢ ᠰᠢᠢᠳᠪᠤᠷᠢᠯᠠᠨ᠎ᠠ︾ ᠭᠡᠵᠠᠢ᠃         ᠪᠦᠬᠦ ᠭᠡᠷ ᠢᠶᠠᠷ ᠢᠶᠠᠨ ᠬᠤᠳᠠ ᠳᠤ ᠡᠷᠤᠭᠡ ᠠᠮᠠ ᠤᠷᠤᠭᠰᠠᠨ ᠲᠠᠷᠢᠶᠠᠴᠢᠨ ᠡᠷᠤᠭᠡ ᠶᠢᠨ ᠲᠠᠭᠠᠭᠠᠴᠢᠯᠠᠭᠰᠠᠨ ᠭᠠᠵᠠᠷ ᠰᠢᠷᠤᠢ ᠶᠢᠨ ᠲᠤᠬᠠᠢ ᠤᠳᠤ ᠶᠢᠨ ᠲᠦᠷᠤ ᠶᠢᠨ ᠪᠤᠳᠤᠯᠭ᠎ᠠ ᠪᠠᠷ ᠪᠤᠯ᠂ ᠪᠤᠴᠠᠭᠠᠬᠤ ᠡᠰᠡᠬᠦ ᠶᠢ ᠲᠠᠷᠢᠶᠠᠴᠢᠨ ᠡᠷᠤᠭᠡ ᠰᠠᠶᠢᠨ ᠲᠤᠷ᠎ᠠ ᠠᠴᠠ ᠪᠠᠨ ᠲᠤᠬᠳᠠᠭᠠᠨ᠎ᠠ᠂ ᠭᠡᠬᠦ ᠳᠡᠭᠡᠨ ᠬᠠᠤᠯᠢ ᠶᠤᠰᠤᠭᠠᠷ ᠦᠨ᠎ᠠ ᠲᠦᠯᠤᠪᠤᠷᠢ ᠲᠠᠢ ᠪᠠᠷ ᠲᠤᠰᠬᠤᠨ ᠤ ᠬᠠᠮᠳᠤ ᠨᠠᠶᠢᠳᠠ ᠳᠤ ᠪᠤᠴᠠᠭᠠᠨ ᠦᠭᠬᠦ ᠶᠢ ᠵᠤᠷᠢᠬᠵᠢᠭᠤᠯᠤᠨ᠎ᠠ᠃ ᠶᠧ ᠰᠢᠩ ᠴᠢᠩ ᠬᠡᠯᠡᠬᠦ ᠳᠡᠭᠡᠨ ︽ᠤᠳᠤᠬᠠᠨ ᠳᠤ ᠡᠷᠭᠡ ᠪᠠᠨ ᠳᠡᠪᠴᠢᠬᠦ ᠵᠠᠬ᠎ᠠ ᠲᠡᠯᠭᠡᠬᠦᠷᠴᠢᠯᠡᠭᠰᠡᠨ ᠠᠷᠭ᠎ᠠ ᠵᠠᠮ ᠲᠤᠳᠠᠭᠳᠠᠵᠤ ᠪᠠᠶᠢᠨ᠎ᠠ︾ ᠭᠡᠵᠠᠢ᠃ ᠲᠡᠷᠡ ᠰᠠᠨᠠᠭᠤᠯᠬᠤ ᠳᠠᠭᠠᠨ ︽ᠲᠤᠰᠬᠤᠨ ᠰᠢᠶᠠᠩ ᠠᠯᠤᠰᠯᠠᠭᠰᠠᠨ ᠨᠠᠶᠢᠳᠠ ᠶᠢᠨ ᠠᠰᠠᠷᠠᠮᠵᠢ ᠶᠢᠨ ᠴᠢᠨᠠᠷᠳᠠᠢ ᠬᠥᠳᠡᠭᠡ ᠲᠤᠰᠬᠤᠨ ᠤ ᠭᠠᠵᠠᠷ ᠰᠢᠷᠤᠢ ᠶᠢ ᠬᠤᠷᠢᠶᠠᠨ ᠨᠦᠭᠡᠴᠡᠯᠡᠵᠤ ᠴᠡᠭᠴᠡᠯᠡᠨ ᠵᠠᠰᠠᠬᠤ ᠪᠠᠶᠢᠭᠤᠯᠤᠮᠵᠢ ᠶᠢ ᠪᠠᠶᠢᠭᠤᠯᠵᠤ᠂ ᠬᠥᠳᠡᠭᠡ ᠲᠤᠰᠬᠤᠨ ᠠᠴᠠ ᠬᠤᠳᠠ ᠳᠤ ᠤᠷᠤᠭᠰᠠᠨ᠂ ᠰᠠᠶᠢᠨ ᠲᠤᠷ᠎ᠠ ᠠᠴᠠ ᠪᠠᠨ ᠳᠡᠪᠴᠢᠭᠰᠡᠨ ᠲᠠᠷᠢᠶᠠᠴᠢᠨ ᠡᠷᠤᠭᠡ ᠶᠢᠨ ᠭᠠᠵᠠᠷ ᠰᠢᠷᠤᠢ ᠶᠢ ᠬᠤᠳᠠᠯᠳᠤᠨ ᠠᠪᠬᠤ ᠪᠠ ᠴᠡᠭᠴᠡᠯᠡᠨ ᠵᠠᠰᠠᠵᠤ᠂ ᠲᠠᠷᠠᠭ᠎ᠠ ᠨᠢ ᠵᠤᠬᠢᠰᠳᠠᠢ ᠬᠡᠪᠴᠢᠶ᠎ᠡ ᠪᠠᠷ ᠭᠠᠳᠠᠭᠰᠢ ᠪᠠᠨ ᠲᠠᠭᠠᠭᠠᠴᠢᠯᠠᠭᠤᠯᠵᠤ ᠪᠤᠯᠤᠨ᠎ᠠ︾ ᠭᠡᠵᠠᠢ᠃        ᠡᠨᠡ ᠵᠢᠯ ᠤᠨ ᠲᠦᠪ ᠤᠨ ᠨᠢᠭᠡᠳᠤᠭᠡᠷ ᠲᠤᠭᠠᠳᠤ ᠪᠢᠴᠢᠭ ᠮᠠᠲ᠋ᠧᠷᠢᠶᠠᠯ ᠳᠤ ︽ᠬᠡᠷ ᠪᠠᠶᠢᠰᠢᠩ ᠤᠨ ᠰᠠᠭᠤᠷᠢ ᠶᠢᠨ ᠦᠮᠴᠢᠯᠡᠯ ᠤᠨ ᠡᠷᠭᠡ᠂ ᠬᠢᠷᠢ ᠭᠡᠮ ᠤᠨ ᠡᠷᠭᠡ᠂ ᠬᠡᠷᠡᠭᠯᠡᠬᠦ ᠡᠷᠭᠡ ᠶᠢ ᠰᠠᠯᠭᠠᠵᠤ᠂ ᠬᠡᠷ ᠪᠠᠶᠢᠰᠢᠩ ᠤᠨ ᠰᠠᠭᠤᠷᠢ ᠶᠢᠨ ᠬᠠᠮᠳᠤ ᠶᠢᠨ ᠦᠮᠴᠢᠯᠡᠯ ᠤᠨ ᠡᠷᠭᠡ ᠶᠢ ᠨᠠᠶᠢᠳᠠᠪᠤᠷᠢᠵᠢᠭᠤᠯᠤᠨ᠂ ᠬᠡᠷ ᠪᠠᠶᠢᠰᠢᠩ ᠤᠨ ᠰᠠᠭᠤᠷᠢ ᠶᠢᠨ ᠲᠠᠷᠢᠶᠠᠴᠢᠨ ᠡᠷᠤᠭᠡ ᠶᠢᠨ ᠬᠢᠷᠢ ᠭᠡᠮ ᠤᠨ ᠡᠷᠭᠡ ᠪᠤᠯᠤᠨ ᠲᠠᠷᠢᠶᠠᠴᠢᠨ ᠤ ᠭᠡᠷ ᠪᠠᠶᠢᠰᠢᠩ ᠤᠨ ᠡᠳ᠋ ᠬᠥᠷᠤᠩᠭᠡ ᠶᠢᠨ ᠡᠷᠭᠡ ᠶᠢ ᠪᠠᠳᠤᠯᠠᠵᠤ᠂ ᠬᠡᠷ ᠪᠠᠶᠢᠰᠢᠩ ᠤᠨ ᠰᠠᠭᠤᠷᠢ ᠪᠤᠯᠤᠨ ᠲᠠᠷᠢᠶᠠᠴᠢᠨ ᠤ ᠭᠡᠷ ᠪᠠᠶᠢᠰᠢᠩ ᠬᠡᠷᠡᠭᠯᠡᠬᠦ ᠡᠷᠭᠡ ᠶᠢ ᠵᠤᠬᠢᠰᠳᠠᠢ ᠴᠢᠯᠤᠭᠡᠳᠡᠢ ᠲᠠᠯᠪᠢᠨ᠎ᠠ︾ ᠭᠡᠵᠤ ᠲᠤᠷᠠᠳᠤᠨ ᠭᠠᠷᠭᠠᠵᠠᠢ᠃ ︽︿ᠭᠤᠷᠪᠠᠨ ᠡᠷᠭᠡ ᠶᠢ ᠰᠠᠯᠭᠠᠬᠤ﹀ ᠶᠢ ᠰᠦᠪᠡᠭᠴᠢᠯᠡᠬᠦ ᠦᠭᠡᠷᠡᠴᠢᠯᠠᠯᠳᠠ ᠨᠢ ᠰᠤᠯᠠ ᠪᠠᠶᠢᠭ᠎ᠠ ᠲᠠᠷᠢᠶᠠᠴᠢᠨ ᠤ ᠭᠡᠷ ᠪᠠᠶᠢᠰᠢᠩ ᠪᠤᠯᠤᠨ ᠬᠡᠷ ᠪᠠᠶᠢᠰᠢᠩ ᠤᠨ ᠰᠠᠭᠤᠷᠢ ᠶᠢ ᠠᠰᠢᠬᠯᠠᠬᠤ ᠳᠤ ᠤᠷᠤᠨ ᠵᠠᠢ ᠬᠠᠩᠭᠠᠭᠰᠠᠨ ᠪᠠᠶᠢᠨ᠎ᠠ᠃ ᠡᠬᠦᠨ ᠳᠤ ᠰᠤᠯᠠ ᠪᠠᠶᠢᠭ᠎ᠠ ᠲᠠᠷᠢᠶᠠᠴᠢᠨ ᠤ ᠭᠡᠷ ᠪᠠᠶᠢᠰᠢᠩ᠂ ᠬᠡᠷ ᠪᠠᠶᠢᠰᠢᠩ ᠤᠨ ᠰᠠᠭᠤᠷᠢ ᠶᠢ ᠠᠰᠢᠬᠯᠠᠬᠤ ᠶᠢᠨ ᠵᠡᠷᠭᠡ ᠳᠤ ᠪᠠᠰᠠ ᠰᠠᠷᠢᠭᠠᠯᠠᠬᠤ ᠠᠴᠠ ᠰᠡᠷᠭᠡᠶᠢᠯᠡᠬᠦ ᠬᠡᠷᠡᠭᠳᠠᠢ︾ ᠬᠡᠪᠡ᠃        ᠶᠧ ᠰᠢᠩ ᠴᠢᠩ ᠬᠡᠯᠡᠬᠦ ᠳᠡᠭᠡᠨ ︽ᠠᠰᠢᠬᠯᠠᠬᠤ︾ ᠪᠤᠶᠤ ︽ᠰᠠᠷᠢᠭᠠᠯᠠᠬᠤ︾ ᠬᠡᠳᠡᠭ ᠢ ᠮᠠᠭᠠᠳᠯᠠᠬᠤ ᠳᠤ ᠬᠡᠨ ᠠᠴᠠ ᠭᠤᠤᠯᠯᠠᠨ ᠤᠳᠤᠷᠢᠳᠬᠤ ᠪᠤᠢ ᠬᠡᠳᠡᠭ ᠪᠤᠯ ᠨᠢᠭᠡᠨ ᠮᠠᠰᠢ ᠴᠢᠬᠤᠯᠠ ᠲᠠᠯ᠎ᠠ ᠪᠤᠯᠤᠨ᠎ᠠ᠃ ᠤᠳᠤ ᠶᠢᠨ ᠬᠡᠷᠡᠭᠵᠢᠬᠦᠯᠵᠤ ᠪᠠᠶᠢᠭ᠎ᠠ ᠬᠡᠷ ᠪᠠᠶᠢᠰᠢᠩ ᠤᠨ ᠰᠠᠭᠤᠷᠢ ᠶᠢᠨ ᠲᠦᠷᠢᠮ ᠤᠨ ᠲᠤᠬᠢᠷᠠᠭᠤᠯᠤᠯᠳᠡ ᠪᠠᠷ ᠪᠤᠯ᠂ ᠭᠠᠭᠴᠠᠬᠦ ᠬᠥᠳᠡᠭᠡ ᠲᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠶᠢᠭᠤᠯᠤᠯᠳᠡ ᠶᠢᠨ ᠲᠤᠳᠤᠭᠠᠳᠤ ᠶᠢᠨ ᠪᠦᠷᠢᠯᠳᠤᠬᠦᠨ ᠰᠠᠶᠢ ᠬᠡᠷ ᠪᠠᠶᠢᠰᠢᠩ ᠤᠨ ᠰᠠᠭᠤᠷᠢ ᠶᠢᠨ ᠬᠡᠷᠡᠭᠯᠡᠬᠦ ᠬᠠᠣᠯᠢ ᠶᠢᠨ ᠡᠷᠭᠡ ᠶᠢ ᠤᠯᠵᠤ ᠪᠤᠯᠤᠨ᠎ᠠ᠂ ᠰᠤᠯᠠ ᠪᠠᠶᠢᠭ᠎ᠠ ᠲᠠᠷᠢᠶᠠᠴᠢᠨ ᠤ ᠭᠡᠷ ᠪᠠᠶᠢᠰᠢᠩ᠂ ᠬᠡᠷ ᠪᠠᠶᠢᠰᠢᠩ ᠤᠨ ᠰᠠᠭᠤᠷᠢ ᠶᠢ ᠠᠰᠢᠬᠯᠠᠬᠤ ᠳᠤ ᠪᠠᠰᠠ ᠬᠥᠳᠡᠭᠡ ᠲᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠶᠢᠭᠤᠯᠤᠯᠳᠡ ᠶᠢᠨ ᠭᠤᠤᠯ ᠵᠢᠯᠤᠭᠤᠳᠬᠤ ᠦᠢᠯᠡᠳᠤᠯ ᠢ ᠴᠢᠬᠤᠯᠠᠴᠢᠯᠠᠵᠤ᠂ ᠦᠢᠯᠡᠳᠪᠤᠷᠢ ᠬᠤᠳᠠᠯᠳᠤᠭᠠᠨ ᠤ ᠬᠥᠷᠤᠩᠭᠡ ᠲᠠᠢ ᠬᠤᠯᠪᠤᠭᠠᠯᠨᠨ ᠡᠵᠡᠩᠨᠡᠬᠦ ᠪᠠ ᠬᠠᠮᠳᠤᠷᠠᠯᠴᠠᠬᠤ ᠪᠠᠷ ᠳᠠᠮᠵᠢᠨ᠂ ᠰᠤᠯᠠ ᠪᠠᠶᠢᠭ᠎ᠠ ᠡᠬᠢ ᠪᠠᠶᠠᠯᠢᠭ ᠢ ᠪᠦᠳᠤᠮᠵᠢᠳᠠᠢ ᠠᠮᠢᠯᠠᠭᠤᠯᠬᠤ ᠬᠡᠷᠡᠭᠳᠠᠢ᠃ ᠵᠠᠪᠰᠢᠬᠴᠢ ᠬᠥᠷᠤᠩᠭᠡ ᠪᠠᠷ ᠰᠤᠯᠠ ᠪᠠᠶᠢᠭ᠎ᠠ ᠲᠠᠷᠢᠶᠠᠴᠢᠨ ᠤ ᠭᠡᠷ ᠪᠠᠶᠢᠰᠢᠩ᠂ ᠬᠡᠷ ᠪᠠᠶᠢᠰᠢᠩ ᠤᠨ ᠰᠠᠭᠤᠷᠢ ᠶᠢ ᠰᠠᠷᠢᠭᠠᠯᠠᠬᠤ ᠶᠢ ᠴᠢᠩᠭ᠎ᠠ ᠰᠡᠷᠭᠡᠶᠢᠯᠡᠵᠤ ᠬᠠᠣᠯᠢ ᠪᠠᠷ ᠪᠠᠳᠣᠯᠠᠨ᠂ ᠨᠡᠩ ᠴᠦ ᠬᠤᠳᠠ ᠶᠢᠨ ᠵᠠᠪᠰᠢᠬᠴᠢ ᠬᠥᠷᠤᠩᠭᠡ ᠪᠠᠷ ᠬᠥᠳᠡᠭᠡ ᠲᠤᠰᠬᠤᠨ ᠤ ᠬᠡᠷ ᠪᠠᠶᠢᠰᠢᠩ ᠤᠨ ᠰᠠᠭᠤᠷᠢ ᠶᠢ ᠠᠰᠢᠬᠯᠠᠨ ᠵᠤᠰᠠᠯᠠᠩ ᠪᠠ ᠬᠤᠪᠢ ᠬᠥᠮᠤᠨ ᠤ ᠰᠡᠯᠡᠬᠦᠴᠡᠯ ᠤᠨ ᠭᠠᠵᠠᠷ ᠪᠠᠶᠢᠭᠤᠯᠬᠤ ᠶᠢ ᠬᠤᠷᠢᠬᠯᠠᠬᠤ ᠬᠡᠷᠡᠭᠳᠠᠢ ᠭᠡᠵᠠᠢ᠃      ᠡᠨᠡ ᠵᠢᠯ ᠤᠨ ᠲᠦᠪ ᠤᠨ ᠨᠢᠭᠡᠳᠤᠭᠡᠷ ᠲᠤᠭᠠᠳᠤ ᠪᠢᠴᠢᠭ ᠮᠠᠲ᠋ᠧᠷᠢᠶᠠᠯ ᠳᠤ᠂ ᠲᠠᠷᠢᠶᠠᠨ ᠭᠠᠵᠠᠷ ᠢ ᠡᠵᠡᠯᠡᠬᠦ ᠨᠦᠬᠦᠪᠤᠷᠢ ᠶᠢ ᠲᠡᠩᠴᠡᠬᠦᠷᠢᠰᠢᠬᠦᠯᠬᠦ ᠬᠠᠮᠢᠶᠠᠷᠤᠯᠳᠠ ᠶᠢᠨ ᠠᠷᠭ᠎ᠠ ᠶᠢ ᠬᠠᠯᠠᠨ ᠰᠠᠶᠢᠵᠢᠷᠠᠭᠤᠯᠵᠤ᠂ ᠦᠨᠳᠤᠷ ᠪᠠᠷᠢᠮᠵᠢᠶᠠᠳᠤ ᠲᠠᠷᠢᠶᠠᠨ ᠭᠠᠵᠠᠷ ᠤᠨ ᠪᠦᠳᠤᠭᠡᠨ ᠪᠠᠶᠢᠭᠤᠯᠤᠯᠳᠡ ᠵᠡᠷᠭᠡ ᠰᠢᠨ᠎ᠠ ᠪᠠᠷ ᠨᠡᠮᠡᠭᠳᠡᠬᠦ ᠲᠠᠷᠢᠶᠠᠨ ᠭᠠᠵᠠᠷ ᠤᠨ ᠵᠢᠭᠠᠯᠳᠠ ᠲᠤᠭ᠎ᠠ ᠪᠤᠯᠤᠨ ᠬᠤᠳᠠ ᠬᠥᠳᠡᠭᠡ ᠶᠢᠨ ᠪᠦᠳᠤᠭᠡᠨ ᠪᠠᠶᠢᠭᠤᠯᠤᠯᠳᠡ ᠳᠤ ᠬᠡᠷᠡᠭᠯᠡᠬᠦ ᠭᠠᠵᠠᠷ ᠤᠨ ᠨᠡᠮᠡᠭᠳᠡᠯ ᠬᠠᠰᠤᠬᠳᠠᠯ ᠲᠠᠢ ᠬᠤᠯᠪᠤᠬᠳᠠᠭᠤᠯᠵᠤ ᠠᠷᠪᠢᠯᠠᠭᠰᠠᠨ ᠵᠢᠭᠠᠯᠳᠠ ᠲᠤᠭ᠎ᠠ ᠶᠢ ᠮᠤᠵᠢ ᠤᠷᠤᠨ ᠠᠯᠤᠰᠯᠠᠨ ᠲᠤᠬᠢᠷᠠᠭᠤᠯᠬᠤ ᠲᠤᠬᠳᠠᠴᠠ ᠶᠢ ᠪᠠᠶᠢᠭᠤᠯᠵᠤ᠂ ᠤᠯᠤᠭᠰᠠᠨ ᠠᠰᠢᠭ ᠤᠷᠤᠯᠭ᠎ᠠ ᠶᠢ ᠵᠠᠷᠤᠯᠭ᠎ᠠ ᠶᠢᠨ ᠲᠦᠰᠤᠪ ᠢᠶᠠᠷ ᠲᠠᠮᠵᠢᠭᠤᠯᠤᠨ ᠪᠦᠬᠦᠳᠡ ᠶᠢ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠦᠷ᠎ᠡ ᠪᠦᠳᠤᠭᠡᠯ ᠢ ᠪᠠᠬᠢᠵᠢᠬᠦᠯᠬᠦ ᠪᠠ ᠬᠥᠳᠡᠭᠡ ᠲᠤᠰᠬᠤᠨ ᠢ ᠬᠥᠭᠵᠢᠬᠦᠯᠤᠠ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠡᠷᠡᠭᠵᠢᠬᠦᠯᠬᠦ ᠶᠢ ᠲᠡᠮᠵᠢᠬᠦ ᠳᠤ ᠬᠡᠷᠡᠭᠯᠡᠨ᠎ᠠ ᠭᠡᠵᠤ ᠲᠤᠷᠠᠳᠤᠨ ᠭᠠᠷᠭᠠᠵᠠᠢ᠃       ᠡᠨᠡ ᠵᠢᠯ ᠤᠨ ᠪᠦᠬᠦ ᠤᠯᠤᠰ ᠤᠨ ᠬᠤᠶᠠᠷ ᠬᠤᠷᠠᠯ ᠤᠨ ᠲᠠᠷᠠᠭ᠎ᠠ᠂ ᠲᠦᠷᠤ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠠᠴᠠ ︽ᠮᠤᠵᠢ ᠤᠷᠤᠨ ᠠᠯᠤᠰᠯᠠᠨ ᠲᠠᠷᠢᠶᠠᠨ ᠭᠠᠵᠠᠷ ᠨᠦᠬᠦᠪᠤᠷᠢᠯᠡᠬᠦ ᠶᠢ ᠤᠯᠤᠰ ᠠᠴᠠ ᠨᠢᠭᠡᠳᠤᠯᠳᠠᠢ ᠲᠦᠯᠤᠪᠵᠢᠬᠦᠯᠬᠦ ᠬᠠᠮᠢᠶᠠᠷᠤᠯᠳᠠ ᠶᠢᠨ ᠠᠷᠭ᠎ᠠ︾ ᠪᠤᠯᠤᠨ ︽ᠬᠤᠳᠠ ᠬᠥᠳᠡᠭᠡ ᠶᠢᠨ ᠪᠦᠳᠤᠭᠡᠨ ᠪᠠᠶᠢᠭᠤᠯᠤᠯᠳᠡ ᠳᠤ ᠬᠡᠷᠡᠭᠯᠡᠬᠦ ᠭᠠᠵᠠᠷ ᠤᠨ ᠨᠡᠮᠡᠭᠳᠡᠯ ᠬᠠᠰᠤᠬᠳᠠᠯ ᠲᠠᠢ ᠬᠤᠯᠪᠤᠬᠳᠠᠭᠤᠯᠵᠤ ᠠᠷᠪᠢᠯᠠᠭᠰᠠᠨ ᠵᠢᠭᠠᠯᠳᠠ ᠲᠤᠭ᠎ᠠ ᠶᠢ ᠮᠤᠵᠢ ᠤᠷᠤᠨ ᠠᠯᠤᠰᠯᠠᠨ ᠲᠤᠬᠢᠷᠠᠭᠤᠯᠬᠤ ᠬᠠᠮᠢᠶᠠᠷᠤᠯᠳᠠ ᠶᠢᠨ ᠠᠷᠭ᠎ᠠ︾ ᠶᠢ ᠲᠠᠷᠤᠮᠠᠯᠯᠠᠨ ᠲᠠᠷᠬᠠᠭᠠᠵᠤ᠂ ᠬᠤᠶᠠᠷ ᠵᠦᠢᠯ ᠤᠨ ᠰᠢᠨ᠎ᠠ ᠲᠦᠷᠤ ᠶᠢᠨ ᠪᠤᠳᠤᠯᠭ᠎ᠠ ᠶᠢᠨ ᠬᠡᠷᠡᠭᠵᠢᠬᠦᠯᠬᠦ ᠨᠠᠷᠢᠨ ᠲᠦᠷᠢᠮ ᠢ ᠲᠤᠳᠤᠷᠬᠠᠢ ᠲᠤᠬᠳᠠᠭᠠᠵᠤ ᠂ ᠵᠢᠭᠠᠯᠳᠠ ᠲᠤᠭ᠎ᠠ ᠶᠢᠨ ᠬᠡᠮᠵᠢᠶ᠎ᠠ᠂ ᠦᠨ᠎ᠠ ᠬᠠᠩᠰᠢ ᠶᠢ ᠭᠡᠷᠬᠢᠨ ᠲᠤᠬᠳᠠᠭᠠᠬᠤ ᠵᠡᠷᠭᠡ ᠨᠡᠶᠢᠭᠡᠮ ᠨᠡᠶᠢᠳᠡ ᠶᠢᠨ ᠠᠩᠬᠠᠷᠤᠯ ᠳᠤ ᠬᠠᠷᠢᠭᠤ ᠦᠭᠬᠦᠭᠰᠡᠨ ᠪᠠᠶᠢᠨ᠎ᠠ᠃       ᠨᠡᠮᠡᠭᠳᠡᠯ ᠬᠠᠰᠤᠬᠳᠠᠯ ᠲᠠᠢ ᠬᠤᠯᠪᠤᠬᠳᠠᠭᠤᠯᠵᠤ ᠠᠷᠪᠢᠯᠠᠭᠰᠠᠨ ᠵᠢᠭᠠᠯᠳᠠ ᠲᠤᠭ᠎ᠠ ᠳᠤ ᠮᠤᠵᠢ ᠤᠷᠤᠨ ᠠᠯᠤᠰᠯᠠᠨ ᠲᠤᠬᠢᠷᠠᠭᠤᠯᠬᠤ ᠪᠠᠷ ᠠᠪᠴᠤ ᠬᠡᠯᠡᠪᠡᠯ ︽︽ᠠᠷᠭ᠎ᠠ︾ ᠳᠤ ᠤᠯᠤᠰ ᠠᠴᠠ ᠨᠢᠭᠡᠳᠤᠯᠳᠠᠢ ᠲᠦᠯᠤᠪᠵᠢᠬᠦᠯᠬᠦ ᠮᠤᠵᠢ ᠤᠷᠤᠨ ᠠᠯᠤᠰᠯᠠᠵᠤ ᠲᠤᠬᠢᠷᠠᠭᠤᠯᠤᠨ ᠬᠡᠷᠡᠭᠯᠡᠬᠦ ᠪᠦᠳᠤᠭᠡᠨ ᠪᠠᠶᠢᠭᠤᠯᠤᠯᠳᠡ ᠳᠤ ᠬᠡᠷᠡᠭᠯᠡᠬᠦ ᠭᠠᠵᠠᠷ ᠤᠨ ᠨᠡᠮᠡᠭᠳᠡᠯ ᠬᠠᠰᠤᠬᠳᠠᠯ ᠲᠠᠢ ᠬᠤᠯᠪᠤᠬᠳᠠᠭᠤᠯᠵᠤ ᠠᠷᠪᠢᠯᠠᠭᠰᠠᠨ ᠵᠢᠭᠠᠯᠳᠠ ᠲᠤᠭ᠎ᠠ ᠶᠢ ᠤᠨᠴᠠ ᠶᠠᠳᠠᠭᠤ ᠬᠥᠴᠢᠷᠳᠠᠯᠳᠠᠢ ︽ᠭᠤᠷᠪᠠᠨ ᠤᠷᠤᠨ ᠭᠤᠷᠪᠠᠨ ᠵᠸᠤ︾ ︵ᠲᠤᠬᠠᠶᠢᠯᠠᠪᠠᠯ ᠲᠦᠪᠡᠳ᠂ ᠲᠦᠷᠪᠡᠨ ᠮᠤᠵᠢ ᠤᠷᠤᠨ ᠤ ᠬᠡᠪᠴᠢᠶᠡᠨ ᠳᠠᠬᠢ ᠲᠦᠪᠡᠳ ᠤᠷᠤᠨ᠂ ᠰᠢᠨᠵᠢᠶᠠᠩ ᠤᠨ ᠡᠮᠦᠨᠡᠳᠤ ᠤᠷᠤᠨ ᠤ ᠲᠦᠷᠪᠡᠨ ᠲᠤᠰᠬᠠᠢ ᠤᠷᠤᠨ ᠵᠸᠤ ᠪᠤᠯᠤᠨ ᠰᠧᠴᠤᠸᠠᠨ ᠤ ᠯᠢᠶᠠᠩᠱᠠᠨ ᠵᠸᠤ᠂ ᠶᠦᠨᠨᠠᠨ ᠤ ᠨᠦᠵᠢᠶᠠᠩ ᠵᠸᠤ᠂ ᠭᠠᠨᠰᠤ ᠶᠢᠨ ᠯᠢᠨᠰᠢᠶᠠ ᠵᠸᠤ︶ ᠪᠤᠯᠤᠨ ᠪᠤᠰᠤᠳ ᠤᠨᠴᠠ ᠶᠠᠳᠠᠭᠤ ᠬᠥᠴᠢᠷᠳᠠᠯᠳᠠᠢ ᠰᠢᠶᠠᠨ ᠢᠶᠠᠷ ᠬᠢᠵᠠᠭᠠᠷᠯᠠᠨ᠎ᠠ᠃ ᠡᠨᠡᠬᠦ ᠵᠢᠭᠠᠯᠳᠠ ᠲᠤᠭ᠎ᠠ ᠶᠢᠨ ᠬᠡᠮᠵᠢᠶ᠎ᠠ᠂ ᠦᠨ᠎ᠠ ᠬᠠᠩᠰᠢ ᠶᠢ ᠲᠦᠪ ᠤᠨ ᠶᠠᠮᠤᠨ ᠵᠦᠪᠯᠡᠯ ᠠᠴᠠ ᠲᠤᠬᠳᠠᠭᠠᠬᠤ ᠠᠴᠠ ᠪᠢᠰᠢ᠂ ᠬᠠᠩᠭᠠᠯᠭ᠎ᠠ ᠬᠡᠷᠡᠭᠴᠡᠭᠡᠨ ᠤ ᠬᠤᠶᠠᠷ ᠲᠠᠯ᠎ᠠ ᠪᠠᠷ ᠢᠶᠠᠨ ᠴᠢᠯᠤᠭᠡᠳᠡᠢ ᠪᠠᠷ ᠦᠨ᠎ᠠ ᠬᠠᠶᠠᠯᠴᠠᠨ ᠦᠷᠢᠰᠤᠯᠳᠤᠵᠤ ᠳᠤᠭᠳᠠᠭᠠᠵᠣ ᠪᠣᠯᠬᠤ ᠦᠭᠡᠢ᠃ ᠲᠤᠰᠬᠠᠢ ᠮᠡᠷᠭᠡᠵᠢᠯᠳᠡᠨ ᠤ ᠢᠯᠡᠷᠭᠡᠶᠢᠯᠡᠭᠰᠡᠨ ᠢᠶᠠᠷ᠂ ᠲᠤᠰ ᠲᠤᠬᠳᠠᠭᠠᠯ ᠨᠢ ᠵᠢᠭᠠᠯᠳᠠ ᠲᠤᠭ᠎ᠠ ᠶᠢᠨ ᠬᠠᠩᠭᠠᠯᠭ᠎ᠠ ᠶᠢᠨ ᠲᠠᠯ᠎ᠠ ᠶᠢᠨ ᠰᠤᠬᠤᠷ ᠪᠠᠯᠠᠢ ᠴᠢᠨᠠᠷ ᠢ ᠪᠠᠭᠠᠰᠬᠠᠬᠤ ᠳᠤ ᠠᠰᠢᠬᠳᠠᠢ ᠪᠠᠶᠢᠵᠤ᠂ ᠵᠢᠭᠠᠯᠳᠠ ᠲᠤᠭ᠎ᠠ ᠶᠢᠨ ᠦᠨ᠎ᠠ ᠬᠠᠩᠰᠢ ᠶᠢᠨ ᠶᠡᠭᠡ ᠪᠠᠷ ᠦᠰᠴᠤ ᠶᠡᠭᠡ ᠪᠠᠷ ᠪᠠᠭᠤᠷᠠᠬᠤ ᠠᠴᠠ ᠵᠠᠶᠢᠯᠠᠰᠬᠢᠵᠤ ᠴᠢᠳᠠᠨ᠎ᠠ᠃ ᠭᠡᠬᠦ ᠳᠡᠭᠡᠨ ᠠᠩᠬᠠᠷᠬᠤ ᠴᠢᠬᠤᠯᠠᠳᠠᠢ ᠵᠦᠢᠯ ᠭᠡᠪᠡᠯ᠂ ᠲᠦᠯᠤᠪᠯᠡᠭᠡ ᠪᠠᠷ ᠬᠤᠪᠢᠶᠠᠷᠢᠯᠠᠬᠤ ᠵᠢᠭᠠᠯᠳᠠ ᠲᠤᠭ᠎ᠠ ᠶᠢᠨ ᠬᠡᠮᠵᠢᠶ᠎ᠠ ᠨᠢ ᠡᠯ᠎ᠠ ᠭᠠᠵᠠᠷ ᠤᠨ ᠬᠠᠩᠭᠠᠬᠤ ᠠᠷᠪᠢᠯᠠᠭᠰᠠᠨ ᠵᠢᠭᠠᠯᠳᠠ ᠲᠤᠭ᠎ᠠ ᠶᠢᠨ ᠲᠠᠯᠳᠠ ᠬᠥᠴᠤᠨ᠂ ᠬᠥᠰᠡᠯ ᠰᠠᠨᠠᠭ᠎ᠠ ᠠᠴᠠ ᠵᠦᠷᠢᠵᠤ᠂ ᠵᠠᠷᠢᠮ ᠭᠠᠵᠠᠷ ᠤᠷᠤᠨ ᠤ ᠲᠡᠭᠡᠷ᠎ᠡ ᠠᠴᠠ ᠲᠤᠷᠤᠭᠰᠢ ᠪᠠᠨ ᠬᠤᠪᠢᠶᠠᠷᠢᠯᠠᠬᠤ ᠠᠷᠪᠢᠯᠠᠭᠰᠠᠨ ᠵᠢᠭᠠᠯᠳᠠ ᠲᠤᠭ᠎ᠠ ᠶᠢᠨ ︽ᠦᠢᠯᠡᠳᠪᠤᠷᠢᠯᠠᠯ ᠤᠨ ᠬᠡᠮᠵᠢᠶ᠎ᠠ︾ ᠶᠢ ᠪᠤᠢ ᠪᠤᠯᠭᠠᠵᠤ᠂ ᠵᠠᠰᠠᠭ ᠵᠠᠬᠢᠷᠭᠠᠨ ᠢᠶᠠᠷ ᠠᠬᠢᠭᠤᠯᠬᠤ᠂ ᠠᠯᠪᠠᠳᠠᠨ ᠵᠠᠷᠯᠢᠬᠳᠠᠬᠤ᠂ ᠲᠠᠷᠢᠶᠠᠴᠢᠨ ᠤ ᠬᠥᠰᠡᠯ ᠰᠠᠨᠠᠭ᠎ᠠ ᠠᠴᠠ ᠲᠡᠷᠰᠯᠡᠬᠦ ᠪᠠᠶᠢᠳᠠᠯ ᠡᠬᠦᠰᠴᠤ ᠮᠡᠳᠡᠬᠦ ᠪᠤᠯᠬᠤᠷ ᠪᠤᠳᠠᠳᠠᠢ ᠠᠵᠢᠯ ᠤᠨ ᠲᠤᠮᠳᠠ ᠪᠠᠨ ᠠᠩᠬᠠᠷᠤᠨ ᠰᠡᠷᠭᠡᠶᠢᠯᠡᠵᠣ᠂ ᠬᠠᠣᠯᠢ ᠪᠠᠷ ᠪᠠᠳᠣᠯᠠᠬᠤ ᠬᠡᠷᠡᠭᠳᠠᠢ ᠭᠡᠵᠠᠢ᠃
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号