ᠰᠢᠨᠠᠯᠠᠮ᠎ᠠ ᠶᠢᠨ ᠪᠠᠭᠤᠴᠠᠨ ᠳᠡᠭᠡᠷ᠎ᠡ
ᠨᠡᠶᠢᠲᠡᠯᠡᠭᠰᠡᠨ ᠴᠠᠭ᠄
2018/6/4
ᠵᠣᠬᠢᠶᠠᠭᠴᠢ᠄ ᠴᠢᠬᠢᠷᠠᠭ ᠤᠳᠤ ᠴᠢᠮᠡᠭᠡᠯᠡᠭᠴᠢ ᠵᠤᠷᠢᠭᠳᠤ        ᠰᠢᠨᠡᠯᠠᠮ᠎ᠠ — ᠦᠯᠵᠡᠶᠢᠵᠢᠷᠭᠠᠯ ︵1866 — 1929 ᠤᠨ︶ ᠤᠨ ᠲᠤᠪᠴᠢ ᠨᠠᠮᠳᠠᠷ᠄ 1866 ᠤᠨ ᠤ 11 ᠰᠠᠷ᠎ᠠ ᠶᠢᠨ 6 ᠤ ᠡᠳᠦᠷ ᠦᠦᠰᠢᠨ ᠬᠤᠰᠢᠭᠤᠨ ᠤ ᠵᠢᠯᠠᠭ᠎ᠠ ᠶᠢᠨ ᠴᠠᠶᠢᠳᠠᠮ ᠬᠡᠬᠦ ᠭᠠᠵᠠᠷ ᠨᠢᠭᠡ ᠮᠠᠯᠴᠢᠨ ᠤ ᠭᠡᠷ ᠲᠤ ᠲᠦᠷᠦᠵᠡᠢ᠃ ᠬᠠᠷᠠᠬᠠᠨ ᠪᠠᠭ᠎ᠠ ᠠᠷᠪᠠᠨ ᠬᠡᠳᠦᠨ ᠨᠠᠰᠤᠨ ᠠᠴᠠ ᠪᠠᠨ ᠸᠠᠩ ᠤᠨ ᠤᠷᠳᠤᠨ ᠳᠤ ᠠᠯᠪᠠᠳᠠᠭᠳᠠᠨ ᠬᠦᠨᠳᠦ ᠬᠠᠷ᠎ᠠ ᠠᠵᠢᠯ ᠬᠢᠵᠤ᠂ ᠬᠠᠯᠠ ᠵᠤᠪᠠᠯᠠᠩ ᠠᠮᠰᠠᠨ᠂ ᠬᠤᠵᠢᠮ ᠨᠢ ᠸᠠᠩ ᠤᠨ ᠤᠷᠳᠤᠨ ᠤ ︽ᠪᠢᠴᠢᠭᠡᠴᠢ︾ ᠪᠠᠷ ᠵᠠᠷᠤᠭᠳᠠᠵᠤ ᠪᠠᠶᠢᠵᠠᠢ᠃ ᠲᠤᠬᠠᠢ ᠶᠢᠨ ᠦᠶ᠎ᠡ ᠳᠤ ᠶᠡᠭᠡ ᠵᠤᠤ ᠠᠶᠢᠮᠠᠭ ᠤᠨ ᠭᠠᠵᠠᠷ ᠪᠤᠯᠭᠠᠨ ᠳᠤ ᠹᠸᠤᠳᠠᠯ ᠤᠨ ᠲᠠᠷᠤᠯᠠᠯ ᠮᠦᠯᠵᠢᠯ ᠢ ᠡᠰᠡᠷᠬᠦᠴᠡᠬᠦ ᠪᠠᠷ ︽ᠲᠤᠭᠤᠶᠢᠢᠯᠠᠩ ᠤᠨ ᠬᠦᠳᠡᠯᠭᠡᠭᠡᠨ︾ ᠦᠷᠨᠢᠭᠰᠡᠨ ᠢᠶᠠᠷ ᠦᠯᠵᠡᠶᠢᠵᠢᠷᠭᠠᠯ ᠪᠢᠴᠢᠭᠡᠴᠢ ᠶᠢᠨ ᠠᠵᠢᠯ ᠢᠶᠠᠨ ᠤᠷᠬᠢᠵᠤ᠂ ᠦᠰᠦ ᠪᠠᠨ ᠬᠤᠰᠤᠭᠰᠠᠨ ᠢᠶᠠᠷ ᠬᠤᠵᠢᠮ ᠨᠢ ︽ᠰᠢᠨᠡᠯᠠᠮ᠎ᠠ︾ ᠬᠡᠮᠡᠨ ᠠᠯᠳᠠᠷᠰᠢᠵᠤ᠂ ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ︽ᠲᠤᠭᠤᠶᠢᠢᠯᠠᠩ ᠤᠨ ᠬᠦᠳᠡᠯᠭᠡᠭᠡᠨ︾ ᠤ ᠰᠢᠯᠭᠠᠷᠠᠭᠰᠠᠨ ᠤᠳᠤᠷᠢᠳᠤᠭᠴᠢ ᠪᠤᠯᠵᠤ ᠶᠠᠪᠤᠵᠠᠢ᠃        ᠡᠪᠡᠰᠤ ᠨᠤᠭᠤᠭᠠᠨ ᠤ ᠦᠨᠦᠷ ᠰᠡᠩᠬᠢᠨᠡᠭᠰᠡᠨ ᠦᠥᠰᠢᠨ ᠨᠤᠳᠤᠭ ᠲᠤ᠂ ᠰᠡᠷ ᠰᠡᠷ ᠰᠠᠯᠬᠢᠨ ᠲᠠᠢ᠂ ᠰᠢᠪᠡᠷ ᠰᠢᠪᠡᠷ ᠪᠤᠷᠤᠭᠠᠨ ᠲᠠᠢ᠂ ᠤᠨᠢᠶᠠᠷ ᠪᠤᠳᠠᠩ ᠬᠦᠰᠢᠭᠯᠡᠭᠰᠡᠨ ᠵᠤᠨ ᠤ ᠰᠠᠶᠢᠬᠠᠨ ᠤᠯᠠᠷᠢᠯ ᠰᠠᠭᠠᠳᠠᠵᠠᠢ᠃ ᠲᠠᠮᠠᠭᠠᠯᠠᠢ ᠶᠢᠨ ᠴᠠᠶᠢᠳᠠᠮ ᠢᠶᠠᠷ ᠴᠠᠬᠢᠯᠳᠠᠭ ᠤᠳ ᠴᠡᠴᠡᠭ ᠢᠶᠠᠨ ᠲᠡᠯᠭᠡᠨ ᠲᠠᠯ᠎ᠠ ᠶᠢ ᠪᠦᠷᠬᠦᠳᠡᠯ᠎ᠡ ᠤᠷᠭᠤᠵᠤ᠂ ᠲᠡᠭᠦᠨ ᠤ ᠭᠤᠨᠭ᠍ᠳᠠᠰᠢ ᠦᠬᠡᠢ ᠭᠠᠯᠪᠢᠷᠯᠢᠭ ᠲᠦᠷᠭᠦ ᠨᠢ ᠶᠠᠭ ᠯᠡ ᠲᠤᠬᠠᠢ ᠶᠢᠨ ᠵᠢᠯ ᠳᠤ ᠪᠠᠶᠢᠯᠳᠤᠵᠤ ᠶᠠᠪᠤᠭᠰᠠᠨ ᠬᠤᠪᠢᠰᠬᠠᠯᠴᠢᠳ ᠤᠨ ᠪᠠᠭᠠᠳᠤᠷᠯᠢᠭ ᠲᠤᠤᠯᠢ ᠶᠢ ᠬᠠᠶᠢᠯᠠᠨ᠂ ᠠᠮᠢᠵᠢᠷᠠᠯ ᠲᠡᠮᠡᠴᠡᠯ ᠤᠨ ᠰᠢᠨ᠎ᠡ ᠲᠤᠤᠯᠢᠰ ᠢ ᠠᠨᠢᠷ ᠴᠢᠮᠡᠭᠡ ᠦᠬᠡᠢ ᠪᠢᠴᠢᠭᠯᠡᠬᠦ ᠮᠡᠳᠦ᠃        ᠦᠦᠰᠢᠨ ᠬᠤᠰᠢᠭᠤᠨ ᠤ ᠲᠦᠪ ᠭᠠᠯᠠᠭᠤᠳᠤ ᠪᠠᠯᠭᠠᠰᠤᠨ ᠠᠴᠠ ᠬᠤᠶᠢᠨ᠎ᠠ ᠪᠠᠶᠢᠷᠢᠯᠠᠭ᠎ᠠ ᠰᠢᠨᠡᠯᠠᠮ᠎ᠠ — ᠦᠯᠵᠡᠶᠢᠵᠢᠷᠭᠠᠯ ᠤᠨ ᠬᠤᠪᠢᠰᠬᠠᠯ ᠤᠨ ᠲᠡᠥᠬᠡ ᠰᠤᠶᠤᠯ ᠤᠨ ᠲᠤᠷᠠᠰᠬᠠᠯ ᠤᠨ ᠬᠦᠷᠢᠶᠡᠯᠡᠩ ᠳᠤ ᠡᠳᠦᠭᠡ ︽ᠲᠤᠭᠤᠶᠢᠢᠯᠠᠩ ᠤᠨ ᠬᠦᠳᠡᠯᠭᠡᠭᠡᠨ︾ ᠤ ᠰᠢᠯᠭᠠᠷᠠᠭᠰᠠᠨ ᠤᠳᠤᠷᠢᠳᠤᠭᠴᠢ ᠪᠤᠯᠵᠤ ᠶᠠᠪᠤᠭᠰᠠᠨ ᠰᠢᠨᠡᠯᠠᠮ᠎ᠠ — ᠦᠯᠵᠡᠶᠢᠵᠢᠷᠭᠠᠯ ᠤᠨ ᠬᠠᠭᠤᠴᠢᠨ ᠤᠷᠤᠨ ᠰᠠᠭᠤᠴᠠ ᠶᠢ ᠰᠢᠨᠡᠳᠭᠡᠵᠤ ᠵᠠᠰᠠᠭᠰᠠᠨ ᠭᠤᠷᠪᠡᠨ ᠪᠠᠶᠢᠰᠢᠩ ᠦᠬᠡᠳᠡ ᠦᠬᠡᠳᠡ ᠪᠠᠨ ᠬᠠᠷᠠᠭᠰᠠᠨ ᠪᠠᠶᠢᠷᠢᠰᠢᠯ ᠲᠠᠢ᠃ ᠬᠦᠷᠢᠶᠡᠨ ᠤ ᠡᠬᠦᠳᠡ ᠶᠢ ᠠᠰᠯᠠᠵᠤ ᠪᠠᠶᠢᠷᠢᠰᠢᠭᠰᠠᠨ ᠭᠤᠤᠯ ᠪᠠᠶᠢᠰᠢᠩ ᠳᠤ ᠤᠷᠤᠬᠤ ᠳᠤ ᠦᠯᠵᠡᠶᠢᠵᠢᠷᠭᠠᠯ ᠤᠨ ᠭᠠᠥᠯᠢᠨ ᠬᠦᠷᠦᠭ ᠰᠠᠭᠠᠳᠠᠵᠤ᠂ ᠬᠦᠷᠦᠭ ᠤᠨ ᠠᠷᠤ ᠳᠤ ᠲᠤᠬᠠᠢ ᠶᠢᠨ ᠵᠢᠯ ᠳᠤ ᠲᠤᠭᠤᠶᠢᠢᠯᠠᠩ ᠤᠨ ᠬᠦᠳᠡᠯᠭᠡᠭᠡᠨ ᠳᠤ ᠤᠷᠤᠯᠴᠠᠭᠰᠠᠨ ᠬᠤᠪᠢᠰᠬᠠᠯᠴᠢᠳ ᠤᠨ ᠨᠡᠷ᠎ᠡ ᠶᠢ ᠲᠡᠮᠳᠡᠭᠯᠡᠭᠰᠡᠨ ᠪᠢᠴᠢᠭᠡᠰᠦ ᠶᠢ ᠲᠦᠷᠪᠡᠯᠵᠢᠨ ᠰᠢᠯ ᠢᠶᠠᠷ ᠭᠠᠳᠠᠷᠯᠠᠵᠤ ᠬᠠᠶᠠᠭ᠎ᠠ ᠲᠦᠰᠢᠬᠦᠯᠵᠤ ᠲᠠᠯᠪᠢᠭᠰᠠᠨ ᠬᠠᠷᠠᠭᠳᠠᠨ᠎ᠠ᠃ ᠵᠡᠬᠦᠨ ᠲᠠᠯ᠎ᠠ ᠶᠢᠨ ᠬᠠᠨᠵᠤᠨ ᠲᠡᠭᠡᠷ᠎ᠡ ᠲᠤᠬᠠᠢ ᠶᠢᠨ ᠵᠢᠯ ᠤᠳ ᠲᠤ ᠰᠢᠨᠡᠯᠠᠮ᠎ᠠ — ᠦᠯᠵᠡᠶᠢᠵᠢᠷᠭᠠᠯ ᠤᠨ ᠭᠡᠷᠡᠭᠯᠡᠵᠤ ᠵᠠᠷᠤᠵᠤ ᠪᠠᠶᠢᠭᠰᠠᠨ ᠪᠢᠴᠢᠭ ᠤᠨ ᠰᠢᠷᠡᠭᠡ᠂ ᠲᠤᠰᠤᠨ ᠳ᠋ᠧᠩ᠂ ᠵᠡᠰ ᠲᠠᠪᠤᠷ᠎ᠠ ᠵᠡᠷᠭᠡ ᠨᠢ ᠲᠤᠭᠤᠶᠢᠢᠬᠠᠨ ᠬᠡᠪᠳᠡᠵᠤ᠂ ᠲᠤᠳᠤᠷ ᠦᠷᠦᠭᠡᠨ ᠤ ᠬᠠᠨᠵᠤᠨ ᠲᠡᠭᠡᠷ᠎ᠡ ᠲᠡᠪᠢᠰᠴᠦ ᠪᠠᠶᠢᠭᠰᠠᠨ ᠢᠰᠡᠭᠡᠢ ᠨᠢ ᠦᠵᠦᠭᠦᠷ ᠲᠤᠯᠤᠭᠠᠢ ᠨᠢ ᠰᠡᠮᠡᠷᠡᠭᠰᠡᠨ ᠬᠠᠷᠠᠭᠳᠠᠵᠤ᠂ ᠬᠡᠳᠦ᠋ᠢᠪᠡᠷ ᠵᠠᠭᠤ ᠭᠠᠷᠤᠢ ᠵᠢᠯ ᠤᠨ ᠲᠡᠥᠬᠡ ᠶᠢ ᠡᠯᠡᠭᠡᠭᠰᠡᠨ ᠪᠤᠯᠪᠠᠴᠦ ᠬᠡᠷ ᠲᠤᠳᠤᠷᠠᠬᠢ ᠶᠠᠭᠤᠮ᠎ᠠ ᠪᠦᠬᠦᠨ ᠤ ᠦᠡᠭᠭᠡ ᠲᠦᠷᠬᠦ᠂ ᠦᠨᠦᠷ ᠲᠠᠨᠢᠷ ᠲᠡᠷᠡ ᠯᠡ ᠬᠡᠪ ᠢᠶᠠᠷ ᠢᠶᠠᠨ ᠬᠠᠳᠠᠭᠠᠯᠠᠭᠳᠠᠨ ᠦᠯᠡᠳᠡᠵᠤ᠂ ᠦᠵᠡᠭᠰᠡᠨ ᠬᠦᠮᠦᠨ ᠪᠤᠯᠭᠠᠨ ᠳᠤ ᠦᠨᠢ ᠡᠷᠳᠡᠨ ᠤ ᠦᠶ᠎ᠡ ᠳᠤ ᠦᠷᠳᠡᠭᠡᠯᠡᠭᠡᠳ ᠬᠦᠷᠦᠭᠰᠡᠨ ᠮᠡᠳᠦ ᠲᠦᠷᠦᠭᠳᠡᠯ ᠤᠯᠭᠤᠬᠤ ᠨᠢ ᠭᠠᠶᠢᠬᠠᠮᠰᠢᠭ᠃       ᠪᠤᠰᠤᠳ ᠬᠤᠶᠠᠷ ᠲᠠᠰᠤᠯᠭ᠎ᠠ ᠪᠠᠶᠢᠰᠢᠩ ᠳᠤ ᠰᠢᠨᠡᠯᠠᠮ᠎ᠠ — ᠦᠯᠵᠡᠶᠢᠵᠢᠷᠭᠠᠯ ᠤᠨ ᠨᠠᠮᠳᠠᠷ ᠲᠡᠥᠭᠡ᠂ ᠲᠤᠭᠤᠶᠢᠢᠯᠠᠩ ᠤᠨ ᠬᠦᠳᠡᠯᠭᠡᠭᠡᠨ ᠤ ᠲᠠᠨᠢᠯᠴᠠᠭᠤᠯᠭ᠎ᠠ᠂ ᠲᠤᠬᠠᠢ ᠶᠢᠨ ᠴᠠᠭ ᠤᠨ ᠪᠠᠶᠢᠯᠳᠤᠭᠠᠨ ᠠᠵᠢᠯᠯᠠᠭᠠᠨ ᠢ ᠦᠰᠦᠭ ᠵᠢᠷᠤᠭ᠂ ᠦᠯᠡᠳᠡᠭᠳᠡᠯ ᠡᠳ᠋ ᠤᠨ ᠬᠡᠯᠪᠡᠷᠢ ᠪᠠᠷ ᠲᠤᠪᠴᠢ ᠲᠤᠳᠤᠷᠠᠭᠤᠨ ᠲᠠᠶᠢᠯᠪᠤᠷᠢᠯᠠᠵᠠᠢ᠃ ᠲᠤᠷᠠᠰᠬᠠᠯ ᠤᠨ ᠬᠦᠷᠢᠶᠡᠯᠡᠩ ᠤᠨ ᠪᠠᠷᠠᠭᠤᠨ ᠡᠮᠦᠨ᠎ᠡ 200 ᠮᠧᠳ᠋ᠷ ᠤᠨ ᠵᠠᠢ ᠳᠤ ᠲᠤᠬᠠᠢ ᠶᠢᠨ ᠵᠢᠯ ᠳᠤ ᠹᠸᠤᠳᠠᠯ ᠤᠨ ᠸᠠᠩ ᠬᠦᠩ ᠨᠠᠷ᠂ ᠦᠯᠵᠡᠶᠢᠵᠢᠷᠭᠠᠯ ᠤᠨ ᠦᠴᠢᠭ ᠢ ᠨᠢ ᠲᠤᠰᠢᠶᠠᠯᠭᠠᠵᠤ ᠦᠨᠡᠨ ᠢ ᠨᠢ ᠬᠡᠯᠡᠬᠦᠯᠬᠦ ᠬᠡᠮᠡᠨ ᠤᠶᠠᠵᠤ ᠲᠡᠬᠦᠵᠢᠯᠡᠨ ᠲᠠᠮᠤᠯᠠᠵᠤ ᠪᠠᠶᠢᠭᠰᠠᠨ ᠬᠦᠭᠰᠢᠨ ᠬᠠᠶᠢᠯᠠᠰᠤ ᠡᠳᠦᠬᠡ ᠦᠡᠭᠭᠡ ᠶᠢᠨ ᠬᠠᠳᠠᠭ ᠢᠶᠠᠷ ᠲᠦᠭᠦᠷᠴᠤ᠂ ᠲᠡᠥᠬᠡ ᠶᠢᠨ ᠦᠨᠡᠨ ᠢ ᠦᠬᠡ ᠲᠠᠭᠤᠨ ᠦᠬᠡᠢ ᠰᠢᠪᠡᠨᠡᠬᠦ ᠮᠡᠳᠦ ᠰᠡᠬᠦ᠋ᠢᠨ ᠰᠦᠨᠳᠡᠷᠯᠡᠭᠰᠡᠭᠡᠷ ᠁ ᠮᠦᠨ ᠴᠦ ᠬᠤᠪᠢᠰᠬᠠᠯᠴᠢ ᠪᠠᠭᠠᠳᠤᠷ ᠤᠨ ᠢᠶᠠᠨ ᠦᠯᠡᠮᠵᠢ ᠭᠠᠪᠢᠶ᠎ᠠ ᠵᠢᠳᠬᠦᠯ ᠢ ᠦᠶ᠎ᠡ ᠶᠢᠨ ᠦᠶ᠎ᠡ ᠳᠤ ᠲᠤᠷᠠᠰᠬᠠᠨ ᠲᠡᠮᠳᠡᠭᠯᠡᠬᠦ ᠶᠢᠨ ᠲᠤᠯᠠᠳᠠ ᠦᠤᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠠᠴᠠ 1984 ᠤᠨ ᠳᠤ ᠬᠤᠰᠢᠭᠤᠨ ᠲᠦᠪ ᠭᠠᠯᠠᠭᠤᠳᠤ ᠪᠠᠯᠭᠠᠰᠤᠨ ᠳᠤ ︽ᠰᠢᠨᠡᠯᠡᠮ᠎ᠠ ᠶᠢᠨ ᠲᠤᠷᠠᠰᠬᠠᠯ ᠤᠨ ᠰᠤᠪᠤᠷᠭ᠎ᠠ︾ ᠶᠢ ᠪᠠᠶᠢᠭᠤᠯᠤᠭᠰᠠᠨ ᠪᠠᠶᠢᠳᠠᠭ᠃      ︽ᠬᠠᠰ ᠡᠷᠳᠡᠨᠢ ᠨᠢ ᠬᠠᠶᠠᠭᠠᠨ ᠴᠢᠨᠡᠬᠡᠨ ᠵᠤᠵᠠᠭᠠᠨ ᠤᠷᠭᠤᠪᠠᠴᠦ᠂ ᠬᠠᠭᠠᠯᠤᠭᠠᠳ ᠠᠪᠴᠦ ᠬᠡᠷᠡᠭᠯᠡᠬᠦ ᠦᠬᠡᠢ ᠪᠤᠯ ᠬᠠᠰ ᠪᠢᠰᠢ ᠴᠢᠯᠠᠭᠤ ᠬᠡᠳᠡᠭ᠃ ᠬᠠᠭᠤᠴᠢᠨ ᠴᠠᠭ ᠤᠨ ᠦᠯᠢᠭᠡᠷ ᠤᠴᠢᠷ ᠢ ᠬᠡᠵᠢᠶᠡᠳᠡ ᠪᠠᠨ ᠬᠡᠯᠡᠬᠦ ᠦᠬᠡᠢ ᠪᠤᠯ ᠬᠠᠷᠬᠢᠰ ᠵᠢᠷᠤᠮ ᠢᠶᠠᠷ ᠶᠠᠪᠤᠭᠰᠠᠨ ᠨᠢ ᠬᠡᠵᠢᠶᠡᠳᠡ ᠪᠠᠯᠠᠷᠬᠠᠢ︾ ᠭᠡᠳᠡᠭ ᠢᠶᠠᠷ ᠠᠭᠤᠤ ᠶᠡᠭᠡ ᠬᠤᠪᠢᠰᠬᠠᠯᠴᠢ ᠪᠠᠭᠠᠳᠤᠷ — ᠦᠯᠵᠡᠶᠢᠵᠢᠷᠭᠠᠯ ᠢ ᠦᠨᠢᠳᠡ ᠲᠤᠷᠠᠰᠴᠦ ᠰᠠᠨᠠᠭᠠᠯᠵᠠᠬᠤ ᠨᠢ ᠶᠠᠭᠤᠳᠠᠢ   ᠡᠷᠬᠢᠮ︕                              
 
ᠦᠯᠵᠠᠶᠢᠵᠢᠷᠭᠠᠯ ᠤᠨ ᠬᠦᠷᠦᠭ ᠪᠠ  ᠬᠤᠪᠢᠰᠬᠠᠯᠴᠢᠳ ᠤᠨ ᠨᠠᠷ᠎ᠡ ᠶᠢᠨ ᠪᠢᠴᠢᠬᠡᠰᠦ      
ᠦᠵᠡᠬᠦᠯᠭᠡ ᠶᠢᠨ ᠨᠢᠭᠡ ᠦᠨᠴᠦᠭ
ᠰᠢᠨᠡᠯᠠᠮ᠎ᠠ ᠶᠢ ᠳᠡᠬᠦᠵᠢᠯᠡᠨ ᠳᠠᠮᠣᠯᠠᠵᠦ ᠪᠠᠶᠢᠭᠰᠠᠨ ᠬᠦᠭᠰᠢᠨ ᠬᠠᠶᠢᠯᠠᠰᠦ
︽ ᠳᠣᠭᠤᠶᠢᠯᠠᠩ ᠤᠨ ᠬᠦᠳᠡᠯᠭᠡᠭᠡᠨ︾ ᠳᠤ ᠣᠷᠣᠯᠴᠠᠭᠰᠠᠨ ᠬᠦᠮᠦᠰ
︽ ᠰᠢᠨᠠᠯᠠᠮ᠎ᠠ ᠶᠢᠨ ᠳᠣᠷᠠᠰᠬᠠᠯ ᠤᠨ ᠰᠣᠪᠣᠷᠭ᠎ᠠ︾
ᠦᠯᠵᠠᠶᠢᠵᠢᠷᠭᠠᠯ ᠤᠨ ᠵᠠᠷᠣᠵᠦ ᠬᠡᠷᠡᠭᠯᠡᠵᠦ ᠪᠠᠶᠢᠭᠰᠠᠨ ᠵᠣᠤᠬ᠎ᠠ ᠪᠠ ᠳᠣᠭᠤᠭ᠎ᠠ
ᠦᠯᠵᠠᠶᠢᠵᠢᠷᠭᠠᠯ ᠤᠨ ᠬᠡᠷᠡᠭᠯᠡᠵᠦ ᠪᠠᠶᠢᠭᠰᠠᠨ ᠡᠳ᠋ ᠬᠡᠷᠡᠭᠰᠡᠯ ᠤᠳ
ᠰᠡᠮᠡᠷᠡᠭᠰᠡᠨ ᠢᠰᠡᠬᠡᠢ ᠲᠠᠢ ᠬᠠᠨᠵᠦ
ᠳᠠᠮᠠᠭᠠᠯᠠᠢ ᠶᠢᠨ ᠴᠠᠶᠢᠳᠠᠮ
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号