ᠬᠡᠣᠬᠡᠳ ᠤᠨ  ᠳᠣᠬᠠᠢ ᠵᠦᠪ ᠳᠠᠨᠢᠯᠲᠠ ᠶᠢ ᠪᠣᠢ ᠪᠣᠯᠭᠠᠶ᠎ᠠ
ᠨᠡᠶᠢᠲᠡᠯᠡᠭᠰᠡᠨ ᠴᠠᠭ᠄
2018/6/4
 ᠵᠣᠬᠢᠶᠠᠭᠴᠢ᠄ ᠡᠷᠳᠡᠨᠢᠳᠣᠩᠭᠠᠯᠠᠭ   ᠤᠳᠤᠬᠠᠨ ᠤ ᠬᠡᠥᠬᠡᠳ ᠤᠨ ᠬᠥᠮᠥᠵᠢᠯ ᠳᠤ ᠤᠯᠠᠨ ᠲᠠᠯ᠎ᠠ ᠶᠢᠨ ᠠᠰᠠᠭᠤᠳᠠᠯ ᠤᠷᠤᠰᠢᠬᠤ ᠪᠤᠯᠤᠭᠰᠠᠨ ᠪᠠᠶᠢᠨ᠎ᠠ᠃ ᠡᠨᠡ ᠨᠢ ᠬᠡᠥᠬᠡᠳ ᠤᠨ ᠲᠤᠰ ᠪᠡᠶ᠎ᠡ ᠠᠴᠠ ᠤᠯᠠᠨ ᠵᠦᠢᠯ ᠰᠢᠯᠳᠠᠭᠠᠯᠠᠭᠳᠠᠵᠤ ᠪᠠᠶᠢᠭ᠎ᠠ ᠪᠤᠯᠪᠠᠴᠤ ᠪᠠᠭᠰᠢ ᠨᠠᠷ ᠤᠨ ᠰᠤᠷᠭᠠᠨ ᠬᠥᠮᠥᠵᠢᠯ ᠤᠨ ᠥᠵᠡᠯᠳᠡ ᠲᠠᠨᠢᠯᠳᠠ ᠴᠦ ᠬᠡᠪᠰᠢᠮᠡᠯ ᠪᠠᠶᠢᠬᠤ ᠲᠠᠢ ᠬᠤᠯᠪᠤᠭ᠎ᠠ ᠲᠠᠢ ᠶᠤᠮ᠃    ᠬᠡᠥᠬᠡᠳ ᠤᠨ ᠬᠥᠮᠥᠵᠢᠯ ᠢ ᠰᠤᠳᠤᠯᠬᠤ ᠳᠤ ᠬᠥᠮᠥᠨ ᠢᠷᠭᠡᠨᠰᠢᠯ ᠤᠨ ᠬᠥᠮᠥᠵᠢᠯ ᠤᠨ ᠲᠠᠯ᠎ᠠ ᠠᠴᠠ ᠰᠡᠳᠬᠢᠨ ᠪᠤᠳᠤᠯᠬᠢᠯᠠᠬᠤ ᠴᠢᠬᠤᠯᠠ ᠲᠠᠢ᠃ ᠠᠳᠡ ᠪᠢ ᠬᠡᠳᠥᠨ ᠲᠠᠯ᠎ᠠ ᠠᠴᠠ ᠴᠤᠬᠤᠰ ᠲᠤᠷᠠᠳᠤᠶ᠎ᠠ᠃  ᠨᠢᠭᠡ᠂ ᠬᠡᠥᠬᠡᠳ ᠲᠤ ᠬᠥᠳᠡᠯᠮᠤᠷᠢ ᠶᠢ ᠬᠥᠨᠳᠥᠳᠬᠡᠬᠦ᠂ ᠬᠥᠳᠡᠯᠮᠤᠷᠢ ᠶᠢᠨ ᠠᠷᠢᠭᠤᠨ ᠴᠠᠭᠠᠨ ᠢ ᠤᠶᠢᠯᠠᠭᠠᠬᠤ ᠬᠥᠮᠥᠵᠢᠯ ᠢ ᠤᠯᠭᠤᠬᠤ ᠲᠠᠯ᠎ᠠ ᠪᠠᠷ ᠬᠥᠷᠥᠯᠴᠡᠬᠦ ᠥᠭᠡᠢ ᠪᠠᠶᠢᠨ᠎ᠠ᠃ ᠬᠥᠳᠡᠯᠮᠤᠷᠢ ᠶᠢᠨ ᠬᠥᠮᠥᠵᠢᠯ ᠪᠤᠯ ᠬᠥᠮᠥᠨ ᠪᠤᠯᠬᠤ ᠶᠢᠨ ᠥᠨᠳᠥᠰᠥ ᠮᠥᠨ᠃ ᠬᠥᠳᠡᠯᠮᠤᠷᠢ ᠬᠢᠬᠦ ᠶᠠᠪᠤᠴᠠ ᠳᠤ ᠬᠥᠮᠥᠨ ᠮᠠᠰᠢ ᠤᠯᠠᠨ ᠶᠤᠰᠤ ᠤᠴᠢᠷ ᠢ ᠤᠬᠠᠵᠦ ᠂ ᠬᠥᠳᠡᠯᠮᠤᠷᠢ ᠬᠢᠬᠦ ᠶᠠᠪᠤᠴᠠ ᠳᠤ ᠬᠥᠮᠥᠨ ᠤ ᠪᠡᠶ᠎ᠡ ᠮᠠᠬᠠᠪᠤᠳ ᠴᠦ ᠵᠥᠪ ᠥᠰᠥᠯᠳᠡ ᠪᠠᠨ ᠤᠯᠵᠤ ᠴᠢᠳᠠᠳᠠᠭ᠃ ᠭᠡᠳᠡᠯ᠎ᠡ ᠤᠳᠤᠬᠠᠨ ᠳᠤ ᠬᠡᠥᠬᠡᠳ ᠲᠤ ︽ᠬᠥᠳᠡᠯᠮᠤᠷᠢ︾ ᠮᠠᠰᠢ ᠲᠤᠳᠠᠭᠳᠠᠬᠤ ᠪᠤᠯᠤᠭᠰᠠᠨ ᠪᠠᠶᠢᠨ᠎ᠠ᠃ ᠡᠨᠡ ᠨᠢ ᠭᠤᠣᠯᠳᠠᠭᠤ ᠬᠡᠷ ᠤᠨ ᠠᠬᠠᠮᠠᠳ ᠬᠡᠥᠬᠡᠳ ᠢ ᠬᠡᠳᠥᠷᠬᠡᠢ ᠪᠥᠪᠠᠶᠢᠯᠡᠬᠦ ᠠᠴᠠ ᠪᠤᠯᠵᠤ᠂ ᠲᠡᠳᠡᠨᠠᠷ ᠢ ᠬᠥᠳᠡᠯᠮᠤᠷᠢ ᠳᠤ ᠪᠡᠶᠡᠳᠡᠨ ᠤᠷᠤᠯᠴᠠᠭᠤᠯᠬᠤ ᠥᠭᠡᠢ ᠪᠤᠯᠤᠭᠰᠠᠨ ᠪᠤᠶᠤ ᠵᠤᠷᠢᠯᠭ᠎ᠠ ᠲᠠᠢ ᠵᠤᠷᠢᠯᠭ᠎ᠠ ᠥᠭᠡᠢ ᠪᠠᠷ ᠬᠡᠥᠬᠡᠳ ᠤᠨ ᠬᠥᠳᠡᠯᠮᠤᠷᠢ ᠶᠢᠨ ᠡᠷᠬᠡ ᠶᠢ ᠪᠤᠯᠢᠶᠠᠵᠤ ᠪᠠᠶᠢᠬᠤ ᠲᠠᠢ ᠬᠤᠯᠪᠤᠭᠳᠠᠯ ᠲᠠᠢ᠃ ᠠᠳᠠᠭ ᠨᠠᠭᠠᠳᠤ ᠵᠠᠬ᠎ᠠ ᠳᠠᠭᠠᠨ ᠬᠡᠥᠬᠡᠳ ᠢ ᠬᠠᠷᠠᠬᠠᠨ ᠪᠠᠭ᠎ᠠ ᠠᠴᠠ ᠨᠢ ᠬᠤᠪᠴᠠᠰᠤ ᠬᠤᠨᠠᠷ ᠢᠶᠠᠨ ᠥᠪᠡᠷ ᠢᠶᠠᠨ ᠡᠮᠬᠢᠯᠡᠬᠦ᠂ ᠠᠶᠠᠭ᠎ᠠ ᠰᠠᠪᠠ ᠪᠠᠨ ᠤᠭᠢᠶᠠᠬᠤ ᠠᠴᠠ ᠡᠬᠢᠯᠡᠭᠡᠳ ᠮᠠᠰᠢ ᠤᠯᠠᠨ ᠥᠪᠡᠷ ᠢᠶᠠᠨ ᠬᠢᠪᠡᠰᠤ ᠵᠤᠬᠢᠬᠤ ᠠᠵᠢᠯ ᠤᠳ ᠢ ᠨᠢ ᠴᠥᠮ ᠭᠡᠷ ᠤᠨ ᠠᠬᠠᠮᠠᠳ ᠨᠢ ᠤᠷᠤᠯᠠᠨ ᠬᠢᠵᠤ᠂ ᠲᠡᠳᠡᠨᠡᠷ ᠲᠤ ᠬᠥᠳᠡᠯᠮᠤᠷᠢ ᠶᠢᠨ ᠡᠷᠬᠡ ᠴᠢᠯᠥᠭᠡ ᠶᠢ ᠨᠢ ᠤᠯᠭᠤᠬᠤ ᠪᠠᠨ ᠪᠤᠯᠢᠭᠰᠠᠨ ᠪᠠᠶᠢᠨ᠎ᠠ᠃ ᠲᠡᠳᠡ ᠬᠡᠥᠬᠡᠳ ᠤᠨ ᠰᠤᠷᠬᠤ ᠶᠢ ᠯᠠ ᠴᠢᠬᠤᠯᠠᠴᠢᠯᠠᠵᠤ᠂ ︽ᠬᠥᠳᠡᠯᠮᠤᠷᠢ ᠶᠢᠨ ᠲᠤᠮᠳᠠ ᠰᠤᠷᠬᠤ︾ ᠮᠠᠰᠢ ᠶᠡᠭᠡ ᠴᠢᠬᠤᠯᠠ ᠲᠠᠯ᠎ᠠ ᠶᠢ ᠤᠮᠳᠤᠭᠠᠶᠢᠯᠠᠪᠠ᠃ ᠭᠡᠷ ᠤᠨ ᠠᠬᠠᠮᠠᠳ ᠤᠨ ᠱᠠᠭᠠᠷᠳᠠᠯᠭ᠎ᠠ ᠠᠴᠠ ᠨᠥᠯᠥᠭᠡᠯᠡᠭᠳᠡᠵᠤ᠂ ᠰᠤᠷᠭᠠᠭᠤᠯᠢ ᠶᠢᠨ ᠰᠤᠷᠭᠠᠨ ᠬᠥᠮᠥᠵᠢᠯ ᠴᠦ ᠥᠷᠥᠭᠡᠰᠥᠬᠡᠯ ᠢᠶᠠᠷ ᠲᠦᠢᠯᠰᠢᠷᠠᠵᠤ᠂ ᠰᠤᠷᠤᠭᠴᠢ ᠶᠢ ︽ᠪᠢᠴᠢᠭ ᠰᠤᠷᠬᠤ︾ ᠳᠤ ᠭᠤᠣᠯᠳᠠᠯᠭ᠎ᠠ ᠲᠠᠢ ᠬᠥᠮᠥᠵᠢᠭᠦᠯᠵᠤ᠂ ᠲᠡᠳᠡᠨ ᠳᠤ ᠬᠥᠳᠡᠯᠮᠤᠷᠢ ᠶᠢᠨ ᠬᠥᠮᠥᠵᠢᠯ ᠬᠢᠬᠦ ᠶᠢ ᠲᠤᠩ ᠤᠮᠳᠤᠭᠠᠶᠢᠢᠯᠠᠵᠦ ᠪᠤᠢ᠃ ᠨᠡᠩ ᠴᠢᠨᠠᠭᠰᠢᠯᠠᠪᠠᠯ ᠰᠤᠷᠤᠭᠴᠢ ᠠᠮᠢᠳᠤᠷᠠᠯ ᠤᠨ ᠤᠷᠴᠢᠨ ᠳᠠᠭᠠᠨ ᠬᠥᠳᠡᠯᠮᠤᠷᠢ ᠬᠢᠬᠦ ᠵᠢᠭᠠᠬᠠᠨ ᠨᠥᠬᠦᠴᠡᠯ ᠪᠤᠯᠤᠮᠵᠢ ᠶᠢ ᠴᠦ ᠪᠠᠭᠰᠢ ᠨᠠᠷ ᠤᠶᠤᠨᠯᠢᠭ ᠠᠰᠢᠭᠯᠠᠬᠤ ᠶᠢ ᠪᠤᠳᠤᠯᠬᠢᠯᠠᠬᠤ ᠥᠭᠡᠢ ᠪᠠᠶᠢᠵᠤ᠂ ᠰᠤᠷᠭᠠᠭᠤᠯᠢ ᠶᠢᠨ ᠬᠥᠷᠢᠶᠡᠨ ᠤ ᠡᠯ᠎ᠡ ᠲᠠᠯ᠎ᠠ ᠶᠢᠨ ᠴᠡᠪᠡᠷᠯᠡᠭᠡ ᠶᠢᠨ ᠠᠵᠢᠯ ᠳᠤ ᠰᠤᠷᠤᠭᠴᠢ ᠪᠠᠨ ᠲᠠᠭᠠᠭᠤᠯᠵᠦ ᠢᠳᠡᠪᠬᠢᠳᠡᠢ ᠤᠷᠤᠯᠴᠠᠬᠤ ᠤᠬᠠᠮᠰᠠᠷ ᠲᠤᠷᠤᠢ ᠪᠠᠶᠢᠵᠤ᠂ ᠡᠳᠡᠭᠡᠷ ᠬᠥᠳᠡᠯᠮᠤᠷᠢ ᠶᠢ ︽ᠰᠤᠷᠤᠯᠭ᠎ᠠ ᠶᠢᠨ ᠰᠠᠭᠠᠳ︾ ᠢᠶᠠᠷ ᠥᠵᠡᠵᠤ᠂ ᠤᠯᠠᠩᠬᠢ ᠠᠩᠬᠢ ᠶᠢᠨ ᠪᠠᠭᠰᠢ ᠨᠠᠷ ᠰᠤᠷᠭᠠᠭᠤᠯᠢ ᠶᠢᠨ ᠲᠠᠯ᠎ᠠ ᠶᠢᠨ ᠵᠢᠯᠤᠭᠤᠳᠤᠯᠭ᠎ᠠ ᠱᠠᠭᠠᠷᠳᠠᠯᠭ᠎ᠠ ᠯᠤᠭ᠎ᠠ ︽ᠠᠵᠢᠯ ᠪᠠᠭ᠎ᠠ ᠬᠢᠬᠦ ︾ ᠬᠥᠰᠡᠯ ᠡᠪᠥᠷᠯᠡᠵᠤ ᠵᠥᠷᠢᠴᠡᠯ ᠡᠭᠦᠰᠬᠡᠵᠤ᠂ ᠡᠭᠦᠨ ᠢᠶᠠᠨ ︽ᠰᠤᠷᠤᠭᠴᠢ ᠶᠢᠨ ᠲᠥᠯᠥᠭᠡ︾ ᠭᠡᠵᠤ ᠲᠠᠨᠢᠵᠤ ᠪᠠᠶᠢᠳᠠᠭ᠃ ᠡᠨᠡ ᠪᠤᠯ ᠪᠠᠭᠰᠢ ᠨᠠᠷ ᠬᠥᠳᠡᠯᠮᠤᠷᠢ ᠶᠢᠨ ᠬᠥᠮᠥᠵᠢᠯ ᠤᠨ ᠠᠴᠢ ᠬᠤᠯᠪᠤᠭᠳᠠᠯ ᠢ ᠭᠥᠢᠴᠡᠳ ᠲᠠᠨᠢᠭᠰᠠᠨ ᠥᠭᠡᠢ ᠶᠢᠨ ᠢᠯᠡᠷᠡᠯ ᠶᠤᠮ᠃  ᠬᠤᠶᠠᠷ᠂ ᠬᠡᠥᠬᠡᠳ ᠤᠨ ᠬᠥᠰᠡᠯᠡᠩ ᠤᠨ ᠬᠥᠮᠥᠵᠢᠯ ᠨᠢ ᠪᠤᠳᠠᠳᠤ ᠠᠬᠤᠢ ᠯᠤᠭ᠎ᠠ ᠵᠥᠷᠢᠴᠡᠯᠳᠤᠵᠤ᠂ ᠬᠡᠥᠬᠡᠳ ᠤᠨ ᠤᠶᠤᠨ ᠰᠡᠳᠬᠢᠴᠡ ᠳᠤ ᠠᠷᠬᠠᠭ ᠥᠯᠡᠳᠡᠭᠡᠵᠤ ᠪᠤᠢ᠃ ᠤᠳᠤᠬᠠᠨ ᠳᠤ ᠤᠯᠠᠩᠬᠢ ᠬᠡᠥᠬᠡᠳ ᠢᠶᠠᠨ ︽ᠲᠠᠷᠤᠭ᠎ᠠ︾᠂ ︽ᠤᠯᠤᠰ ᠤᠨ ᠠᠯᠪᠠᠳᠠᠨ︾ ᠪᠤᠯᠬᠤ ᠶᠢ ᠯᠠ ᠬᠥᠰᠡᠬᠦ ᠨᠢ ᠲᠡᠶᠢᠯᠦᠩᠬᠡᠢ ᠪᠠᠶᠢᠵᠤ᠂ ᠡᠨᠡᠬᠦ ᠬᠥᠰᠡᠯ ᠤᠨ ᠬᠠᠷᠢᠭᠤ ᠳᠤ ᠮᠠᠰᠢ ᠤᠯᠠᠨ ᠬᠡᠥᠬᠡᠳ᠂ ᠬᠤᠵᠢᠮ ᠤᠨ ᠠᠵᠢᠯ ᠤᠨ ᠪᠠᠶᠢᠷᠢ ᠶᠢᠨ ᠰᠤᠩᠭᠤᠯᠳᠠ ᠳᠠᠭᠠᠨ ᠬᠠᠷᠠᠯᠳᠠ ᠮᠤᠬᠤᠷᠳᠠᠵᠤ ᠪᠠᠶᠢᠭ᠎ᠠ ᠶᠢ ᠰᠡᠷᠡᠵᠤ ᠮᠡᠳᠡᠭᠰᠡᠨ ᠴᠦ ᠵᠥᠪᠰᠢᠶᠡᠷᠡᠬᠦ ᠲᠤᠷ᠎ᠠ ᠥᠭᠡᠢ ᠪᠠᠶᠢᠵᠤ᠂ ᠮᠠᠰᠢ ᠴᠥᠬᠡᠨ ᠤᠷᠤᠨ ᠲᠤᠭᠠᠨ ᠤ ᠠᠵᠢᠯ ᠤᠨ ᠪᠠᠶᠢᠷᠢ ᠳᠤ ᠥᠪᠡᠷ ᠤᠨ ᠬᠡᠥᠬᠡᠳ ᠨᠢ ᠪᠠᠭᠳᠠᠬᠤ ᠶᠢ ᠭᠤᠷᠢᠯᠠᠵᠤ ᠪᠠᠶᠢᠳᠠᠭ᠃ ᠡᠨᠡ ᠪᠤᠯ ᠮᠠᠰᠢ ᠢᠪᠴᠤᠣ ᠬᠠᠷᠠᠯᠳᠠ ᠪᠠᠶᠢᠭ᠎ᠠ ᠶᠤᠮ᠃ ᠬᠡᠥᠬᠡᠳ ᠢ ᠲᠤᠮᠤ ᠪᠤᠯᠬᠤ ᠲᠤᠳᠤᠮ ᠨᠢ ᠮᠠᠰᠢ ᠢᠪᠴᠤᠣ ᠵᠠᠮ ᠤᠷᠤᠭᠤ ᠲᠥᠯᠬᠢᠬᠦ ᠨᠢ ᠪᠤᠷᠤᠭᠤ ᠶᠤᠮ᠃ ᠪᠢᠳᠡ ᠬᠠᠷᠢᠨ ᠬᠡᠥᠬᠡᠳ ᠢ ᠬᠠᠷᠠᠬᠠᠨ ᠪᠠᠭ᠎ᠠ ᠠᠴᠠ ᠨᠢ ︽ᠬᠥᠮᠥᠨ ᠪᠤᠯᠬᠤ︾ ᠶᠢᠨ ᠰᠠᠭᠤᠷᠢ ᠶᠢ ᠲᠠᠯᠪᠢᠵᠤ᠂ ᠰᠠᠶᠢᠨ ᠬᠥᠮᠥᠨ ᠪᠤᠯᠬᠤ ᠪᠠᠷ ᠤᠷᠢᠳᠠᠯ ᠪᠤᠯᠭᠠᠵᠤ᠂ ︽ᠠᠮᠢᠳᠤᠷᠠᠵᠤ ᠰᠤᠷᠬᠤ︾ ᠪᠠᠷ ᠰᠠᠭᠤᠷᠢ ᠪᠤᠯᠭᠠᠵᠤ᠂ ︽ᠲᠡᠰᠪᠤᠷᠢ ᠬᠠᠳᠠᠭᠤᠵᠢᠯ︾ ᠢᠶᠠᠷ ᠴᠢᠮᠥᠭᠡ ᠪᠤᠯᠭᠠᠵᠤ᠂ ︽ᠴᠢᠷᠮᠠᠶᠢᠯᠳᠠ︾ ᠪᠠᠷ ᠤᠶᠤᠨ ᠰᠠᠨᠠᠭᠠᠨ ᠤ ᠰᠥᠭ ᠰᠥᠨᠡᠰᠤ ᠪᠤᠯᠭᠠᠵᠤ ᠬᠥᠮᠥᠵᠢᠭᠦᠯᠬᠦ ᠬᠡᠷᠡᠭᠳᠡᠢ᠃ ᠡᠳᠡᠭᠡᠷ ᠬᠡᠪ ᠴᠢᠨᠠᠷ ᠢ ᠪᠥᠷᠢᠯᠲᠤᠬᠦᠯᠵᠦ ᠬᠥᠮᠥᠵᠢᠭᠰᠡᠨ ᠬᠡᠥᠬᠡᠳ ᠤᠨ ᠬᠤᠵᠢᠮ ᠤᠨ ᠲᠥᠯᠥᠭᠡ ᠲᠤᠮᠤᠴᠤᠣᠯ ᠰᠠᠨᠠᠭᠠᠰᠢᠷᠠᠬᠤ ᠴᠢᠬᠤᠯᠠ ᠥᠭᠡᠢ ᠪᠠᠶᠢᠳᠠᠭ᠃   ᠭᠤᠷᠪᠠ᠂ ᠬᠡᠥᠬᠡᠳ ᠲᠤ ᠬᠠᠶᠢᠷ᠎ᠠ ᠶᠢᠨ ᠬᠥᠮᠥᠵᠢᠯ ᠲᠤᠩ ᠱᠠᠭᠠᠷᠳᠠᠭᠳᠠᠵᠤ ᠪᠤᠢ᠃ ᠤᠳᠤᠬᠠᠨ ᠳᠤ ᠮᠠᠰᠢ ᠤᠯᠠᠨ ᠭᠡᠷ ᠤᠨ ᠠᠬᠠᠮᠠᠳ ᠬᠡᠥᠬᠡᠳ ᠢᠶᠠᠨ ᠬᠠᠶᠢᠷᠠᠯᠠᠵᠤ ᠴᠢᠳᠠᠬᠤ ᠪᠠᠨ ᠪᠤᠯᠢᠭᠰᠠᠨ ᠶᠤᠮ᠃ ᠲᠡᠳᠡ ᠬᠡᠥᠬᠡᠳ ᠢ ᠡᠳ᠋ ᠪᠤᠳᠠᠰ ᠢᠶᠠᠷ ᠬᠡᠳᠥ ᠬᠠᠷᠠᠭᠠᠯᠵᠠᠬᠤ ᠪᠤᠯᠵᠤ᠂ ᠬᠡᠥᠬᠡᠳ ᠤᠨ ᠪᠤᠳᠠᠰ ᠤᠨ ᠠᠮᠢᠳᠤᠷᠠᠯ ᠤᠨ ᠨᠥᠬᠦᠴᠡᠯ ᠬᠡᠳᠥᠢ ᠥᠷᠭᠡᠵᠢᠬᠦ ᠲᠤᠳᠤᠮ ᠤᠶᠤᠨ ᠤ ᠠᠮᠢᠳᠤᠷᠠᠯ ᠲᠡᠳᠥᠢ ᠬᠤᠭᠤᠰᠤᠷᠠᠵᠤ ᠪᠠᠶᠢᠭ᠎ᠠ ᠶᠢ ᠰᠡᠷᠡᠵᠤ ᠮᠡᠳᠡᠬᠦ ᠥᠭᠡᠢ ᠪᠠᠶᠢᠨ᠎ᠠ᠃ ᠢᠯᠠᠩᠭᠤᠶ᠎ᠠ ᠤᠳᠤᠬᠠᠨ ᠤ ᠠᠵᠢᠯ ᠠᠮᠢᠳᠤᠷᠠᠯ ᠤᠨ ᠠᠶᠢᠵᠡᠮ ᠬᠤᠷᠳᠤᠰᠬᠤ ᠶᠢ ᠲᠠᠭᠠᠯᠳᠤᠨ᠂ ᠬᠡᠥᠬᠡᠳ ᠤᠨ ᠥᠰᠥᠨ ᠪᠤᠶᠢᠵᠢᠯᠳᠠ ᠶᠢᠨ ᠤᠷᠴᠢᠨ ᠤᠯᠠᠮ ᠢᠪᠴᠤᠷᠡᠵᠦ᠂ ᠬᠡᠥᠬᠡᠳ ᠤᠨ ᠰᠡᠳᠬᠢᠴᠡ ᠶᠢ ᠲᠤᠩ ᠨᠥᠯᠥᠭᠡᠯᠡᠵᠤ ᠪᠤᠢ᠃ ᠬᠡᠥᠬᠡᠳ ᠲᠥᠷᠥᠭᠰᠡᠨ ᠠᠴᠠ ᠪᠠᠨ ᠠᠪᠤᠭᠠᠳ ᠪᠠᠷᠤᠭ ᠠᠪᠤ ᠡᠵᠢ ᠲᠠᠢ ᠪᠠᠨ ᠡᠨᠡᠭᠰᠢᠭᠦ ᠴᠠᠭ ᠬᠤᠭᠤᠴᠠᠭ᠎ᠠ ᠶᠠᠪᠤᠬᠤ ᠲᠤᠳᠤᠮ ᠪᠠᠭᠠᠰᠴᠤ᠂ ᠬᠡᠥᠬᠡᠳ ᠤᠶᠤᠨ ᠰᠠᠨᠠᠭᠠᠨ ᠤ ᠬᠤᠭᠤᠰᠤᠷᠠᠯ ᠳᠤ ᠤᠴᠠᠷᠠᠵᠤ᠂ ᠬᠠᠶᠢᠷ᠎ᠠ ᠶᠢᠨ ᠤᠷᠴᠢᠨ ᠨᠢ ᠬᠤᠭᠤᠰᠤᠷᠠᠵᠤ ᠪᠤᠢ᠃ ᠲᠠᠷᠤᠢ᠂ ᠬᠡᠥᠬᠡᠳ ︽ᠬᠠᠶᠢᠷ᠎ᠠ ᠰᠡᠳᠬᠢᠯᠭᠡ ᠥᠭᠡᠢ ᠮᠠᠰᠢᠨ ᠲᠠᠢ ᠬᠠᠮᠳᠤ ᠪᠠᠶᠢᠬᠤ︾ ᠴᠠᠭ ᠶᠠᠪᠤᠬᠤ ᠲᠤᠳᠤᠮ ᠠᠷᠪᠢᠳᠴᠤ᠂ ᠡᠨᠡ ᠨᠢ ᠤᠳᠤᠬᠠᠨ ᠤ ᠬᠡᠥᠬᠡᠳ ᠤᠨ ᠤᠶᠤᠨ ᠰᠡᠳᠬᠢᠴᠡ ᠶᠢ ᠮᠢᠨᠴᠥᠭᠦᠷᠡᠮᠡᠯ ᠪᠤᠯᠭᠠᠵᠤ᠂ ᠬᠡᠥᠬᠡᠳ ᠢ ᠬᠥᠢᠳᠡᠮᠰᠥᠭ᠂ ᠴᠤᠪᠤᠭᠤᠯᠢᠭ ᠥᠭᠡᠢ ᠪᠤᠯᠭᠠᠵᠤ ᠪᠤᠢ᠃ ᠡᠶᠢᠮᠥᠷᠬᠡᠦ ᠪᠠᠶᠢᠳᠠᠯ ᠳᠤ ᠪᠠᠭᠰᠢ ᠨᠠᠷ ᠬᠡᠥᠬᠡᠳ ᠲᠤ ︽ᠬᠠᠯᠠᠮᠵᠢ︾ ᠢᠯᠡᠭᠦᠤ ᠥᠭᠬᠦ ᠠᠴᠠ ᠪᠢᠰᠢ᠂ ︽ᠵᠠᠷᠯᠢᠭ ᠵᠢᠭᠠᠪᠤᠷᠢ︾ ᠪᠠ ︽ᠵᠢᠮᠡᠯᠡᠯ︾ ᠲᠤᠳᠠᠭᠤ ᠥᠭᠴᠤ᠂ ᠬᠠᠶᠢᠷ᠎ᠠ ︽ᠨᠥᠬᠦᠬᠦ︾ ᠬᠡᠷᠡᠭᠳᠡᠢ ᠪᠤᠯᠵᠤ ᠪᠤᠢ᠃   ᠬᠡᠥᠬᠡᠳ ᠤᠨ ᠬᠥᠮᠥᠵᠢᠯ ᠳᠤ ᠮᠠᠰᠢ ᠤᠯᠠᠨ ᠲᠠᠯ᠎ᠠ ᠶᠢᠨ ᠱᠠᠭᠠᠷᠳᠠᠯᠭ᠎ᠠ ᠪᠠᠶᠢᠳᠠᠭ ᠪᠥᠭᠡᠳ ᠬᠠᠮᠤᠭ ᠥᠨᠳᠥᠰᠥᠨ ᠵᠦᠢᠯ ᠠᠴᠠ ᠲᠤᠪᠴᠢᠯᠠᠵᠤ ᠬᠤᠷᠢᠶᠠᠩᠭᠤᠶᠢᠯᠠᠪᠠᠯ ᠬᠥᠳᠡᠯᠮᠤᠷᠢ᠂ ᠬᠥᠰᠡᠯᠡᠩ᠂ ᠬᠠᠶᠢᠷ᠎ᠠ ᠭᠤᠷᠪᠠ ᠨᠢ ᠲᠤᠯᠭᠠᠮ᠎ᠠ ᠱᠠᠭᠠᠷᠳᠠᠭᠳᠠᠬᠤ ᠭᠤᠷᠪᠠᠨ ᠵᠦᠢᠯ ᠪᠤᠯᠤᠨ᠎ᠠ᠃ ᠬᠥᠳᠡᠯᠮᠤᠷᠢ ᠶᠢᠨ ᠬᠥᠮᠥᠵᠢᠯ ᠨᠢ ᠲᠡᠳᠡᠨ ᠳᠤ ᠬᠥᠳᠡᠯᠮᠤᠷᠢ ᠶᠢ ᠬᠠᠶᠢᠷᠠᠯᠠᠬᠤ᠂ ᠪᠠᠭ᠋ᠠᠷᠬᠠᠬᠤ ᠪᠤᠯᠭᠠᠵᠤ᠂ ᠬᠥᠳᠡᠯᠮᠤᠷᠢ ᠶᠢᠨ ᠲᠤᠮᠳᠠ ᠥᠰᠥᠨ ᠪᠤᠶᠢᠵᠢᠬᠤ ᠶᠢᠨ ᠪᠠᠶᠠᠷ ᠪᠠᠭ᠋ᠠᠳᠤᠯ ᠢ ᠤᠯᠵᠤ᠂ ᠪᠤᠰᠤᠳ ᠤᠨ ᠬᠥᠳᠡᠯᠮᠤᠷᠢ ᠶᠢ ᠬᠥᠨᠳᠥᠳᠬᠡᠬᠦ᠂ ᠬᠥᠳᠡᠯᠮᠤᠷᠢᠴᠢᠨ ᠠᠷᠠᠳ ᠢ ᠬᠥᠨᠳᠥᠤᠡᠬᠡᠬᠦ ᠮᠠᠰᠢ ᠠᠷᠢᠭᠤᠨ ᠴᠠᠶᠢᠯᠭᠠᠨ ᠰᠠᠨᠠᠭ᠎ᠠ ᠶᠢ ᠪᠥᠷᠢᠯᠳᠥᠭᠦᠯᠵᠤ᠂ ᠡᠭᠦᠨ ᠠᠴᠠ ᠠᠪᠤ ᠡᠵᠢ᠂ ᠠᠬᠠᠰ ᠵᠠᠬᠠᠰ ᠢᠶᠠᠨ ᠤᠶᠢᠯᠠᠭᠠᠨ ᠬᠥᠨᠳᠥᠯᠡᠬᠦᠵᠢ ᠮᠡᠳᠡᠷᠡᠵᠤ᠂ ︽ᠡᠷᠬᠢᠮ ᠲᠡᠭᠡᠳᠤ᠂ ᠡᠭᠡᠯ ᠲᠤᠣᠷᠠᠳᠤ︾ ᠶᠢᠨ ᠢᠯᠭᠠᠭ᠎ᠠ ᠶᠢ ᠵᠥᠪ ᠲᠠᠨᠢᠬᠤ ᠪᠤᠯᠤᠨ᠎ᠠ᠃ ᠵᠥᠪ ᠬᠥᠰᠡᠯᠡᠩ ᠤᠨ ᠬᠥᠮᠥᠵᠢᠯ ᠨᠢ ᠲᠡᠳᠡᠨ ᠳᠤ ᠲᠠᠷᠤᠯᠳᠠ ᠥᠭᠡᠢ ᠰᠤᠷᠤᠯᠴᠠᠬᠤ ᠤᠷᠮ᠎ᠠ ᠪᠠᠬ᠎ᠠ ᠶᠢ ᠪᠤᠢ ᠪᠤᠯᠭᠠᠵᠤ ᠂ ᠢᠷᠡᠭᠡᠳᠥᠢ ᠳᠡᠭᠡᠨ ᠵᠥᠪ ᠬᠠᠷᠠᠯᠳᠠ ᠲᠠᠢ ᠴᠢᠷᠮᠠᠶᠢᠬᠤ ᠪᠤᠯᠭᠠᠨ᠎ᠠ᠃ ᠵᠥᠪ ᠤᠨᠤᠪᠴᠢᠳᠠᠢ ᠬᠠᠶᠢᠷ᠎ᠠ ᠶᠢᠨ ᠬᠥᠮᠥᠵᠢᠯ ᠨᠢ ᠲᠡᠳᠡᠨ ᠤ ᠤᠶᠤᠨ ᠰᠡᠳᠬᠢᠴᠡ ᠳᠤ ᠵᠥᠪ ᠵᠢᠯᠤᠭᠤᠳᠤᠯᠭ᠎ᠠ ᠪᠤᠯᠵᠤ᠂ ᠰᠡᠳᠬᠢᠴᠡ ᠶᠢᠨ ᠭᠠᠵᠢᠭ ᠡᠭᠦᠰᠬᠦ ᠠᠴᠠ ᠰᠡᠷᠭᠡᠶᠢᠯᠡᠵᠤ᠂ ᠥᠰᠪᠤᠷᠢ ᠶᠢᠨ ᠨᠠᠰᠤᠨ ᠤ ᠪᠠᠶᠠᠷ ᠪᠠᠭ᠋ᠠᠳᠤᠯ ᠢ ᠨᠢ ᠤᠯᠭᠤᠬᠤ ᠪᠤᠯᠤᠨ᠎ᠠ᠃      ᠡᠶᠢᠮᠤ ᠠᠴᠠ ᠬᠡᠥᠬᠡᠳ ᠤᠨ ᠬᠥᠮᠥᠵᠢᠯ ᠤᠨ ᠲᠤᠬᠠᠢ ᠪᠠᠭᠰᠢ ᠨᠠᠷ ᠥᠪᠡᠷᠰᠡᠳ ᠢᠶᠠᠨ ᠶᠡᠬᠡᠬᠡᠨ ᠤᠶᠤᠨᠯᠢᠭ ᠲᠠᠨᠢᠯᠳᠠ ᠲᠠᠢ ᠪᠠᠶᠢᠪᠠᠯ ᠵᠤᠬᠢᠨ᠎ᠠ᠃  
 
ᠢᠷᠡᠯᠲᠡ᠄ ᠳᠣᠮᠳᠠᠳᠦ ᠣᠯᠣᠰ ᠤᠨ ᠮᠣᠩᠭᠤᠯ ᠬᠡᠯᠡᠨ ᠤ ᠰᠣᠨᠢᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号